1 . ᠡᠯᠡᠰᠤᠨ ᠰᠢᠭᠤᠷᠭ᠎ᠠ ᠴᠤᠬᠤᠮ ᠶᠠᠮᠠᠷ ᠰᠢᠯᠳᠠᠭᠠᠨ ᠠᠴᠠ ᠪᠤᠢ ᠪᠤᠯᠤᠠᠠᠰᠠᠨ ᠪᠤᠢ︖
ᠡᠨᠡ ᠠᠰᠠᠭᠤᠳᠠᠯ ᠢ ᠬᠠᠷᠢᠭᠤᠯᠬᠤ ᠳᠤ ᠡᠩ ᠲᠠᠷᠢᠭᠦᠨ ᠳᠤ ᠪᠢᠳᠡ ᠠᠮᠢ ᠠᠬᠤᠢ ᠶᠢᠨ ᠰᠢᠰᠲ᠋ᠧᠮ ᠳᠤ ᠲᠡᠮᠵᠢᠯᠭᠡ ᠪᠤᠯᠳᠠᠭ ᠵᠢᠷᠭᠤᠭᠠᠨ ᠲᠤᠮᠤ ᠤᠷᠴᠢᠨ ᠠᠬᠤᠢ ᠶᠢᠨ ᠡᠯᠧᠮᠧᠨ᠋ᠲ ᠤᠨ ᠬᠤᠪᠢᠷᠠᠯᠳᠠ ᠶᠢ ᠵᠠᠳᠠᠯᠬᠤ ᠴᠢᠬᠤᠯᠠ ᠲᠠᠢ ᠪᠠᠶᠢᠨ᠎ᠠ᠃
ᠨᠢᠭᠡᠳᠦᠭᠡᠷ ᠲᠤ᠂ ᠭᠡᠷᠡᠯ ᠤᠨ ᠲᠤᠰᠤᠯᠳᠠ ᠬᠤᠪᠢᠷᠠᠯᠳᠠ ᠦᠭᠡᠢ ᠪᠠᠶᠢᠬᠤ︔ ᠬᠤᠶᠠᠳᠤᠭᠠᠷ ᠲᠤ᠂ ᠲᠤᠯᠠᠭᠠᠨ ᠤ ᠭᠡᠮᠵᠢᠶ᠎ᠠ ᠭᠡᠪ ᠤᠨ ᠪᠠᠶᠢᠬᠤ︔ ᠭᠤᠷᠪᠠᠳᠤᠭᠠᠷ ᠲᠤ᠂ ᠭᠦᠴᠢᠯᠳᠦ᠋ᠷᠦᠭᠴᠢ ᠶᠢᠨ ᠠᠭᠤᠯᠤᠠᠠᠳᠠᠴᠠ ᠬᠤᠪᠢᠷᠠᠯᠳᠠ ᠦᠭᠡᠢ ᠪᠠᠶᠢᠬᠤ︔ ᠲᠦᠷᠪᠡᠳᠦᠭᠡᠷ ᠲᠤ᠂ ᠨᠡᠭᠦᠷᠡᠰᠦᠳᠦ᠋ᠷᠦᠭᠴᠢ ᠶᠢᠨ ᠲᠠᠪᠬᠤᠷ ᠢᠰᠦᠯ ᠤᠨ ᠨᠡᠮᠡᠭᠳᠡᠯ ᠭᠡᠰᠡᠭ ᠨᠢ ᠤᠷᠭᠤᠮᠠᠯ ᠤᠨ ᠤᠷᠭᠤᠯᠳᠠ ᠳᠤ ᠠᠰᠢᠠᠠᠳᠠᠢ ᠪᠠᠶᠢᠬᠤ︔ ᠲᠠᠪᠤᠳᠤᠭᠠᠷ ᠲᠤ᠂ ᠬᠤᠷ᠎ᠠ ᠲᠤᠨᠤᠳᠠᠰᠤ ᠶᠢᠨ ᠭᠡᠮᠵᠢᠶ᠎ᠠ ᠬᠤᠪᠢᠷᠠᠯᠳᠠ ᠲᠠᠢ ᠪᠤᠯᠪᠠᠴᠤ ᠶᠠᠷᠦᠩᠭᠡᠢ ᠬᠤᠷ᠎ᠠ ᠪᠤᠷᠤᠭᠠᠨ ᠤ ᠭᠡᠮᠵᠢᠶ᠎ᠠ ᠭᠡᠪ ᠤᠨ ᠪᠠᠶᠢᠵᠤ᠂ ᠵᠠᠷᠢᠮ ᠵᠢᠯ ᠳᠤ ᠪᠠᠰᠠ ᠵᠢᠭᠠᠬᠠᠨ ᠦᠨᠳᠤᠷ ᠪᠠᠶᠢᠬᠤ︔ ᠵᠢᠷᠭᠤᠳᠤᠭᠠᠷ ᠲᠤ᠂ ᠭᠦᠷᠦᠰᠤ ᠰᠢᠷᠤᠢ ᠪᠠ ᠮᠠᠲ᠋ᠧᠷᠢᠶᠠᠯ ᠪᠤᠳᠠᠰ ᠯᠤᠳᠤ ᠶᠡᠭᠡ ᠬᠤᠪᠢᠷᠠᠯᠳᠠ ᠲᠠᠢ ᠪᠠᠶᠢᠬᠤ ᠶᠢ ᠮᠡᠳᠡᠭᠦ ᠭᠡᠷᠡᠭᠳᠡᠢ᠃ ᠪᠠᠶᠢᠭᠠᠯᠢᠯᠢᠬ ᠠᠮᠢ ᠠᠬᠤᠢ ᠶᠢᠨ ᠰᠢᠰᠲ᠋ᠧᠮ ᠤᠨ ᠪᠤᠳᠠᠰ ᠤᠨ ᠤᠷᠴᠢᠯ ᠨᠢ ᠭᠦᠮᠦᠰ ᠤᠨ ᠠᠵᠢᠯᠯᠠᠭ᠎ᠠ ᠳᠤ ᠲᠠᠰᠤᠯᠤᠠᠠᠳᠠᠵᠤ᠂ ᠭᠦᠷᠤᠰᠤ ᠰᠢᠷᠤᠢ ᠭᠦᠨᠳᠤ ᠨᠤᠴᠢᠳᠡᠢ ᠡᠪᠳᠡᠭᠳᠡᠵᠡᠢ᠃ ᠲᠠᠯ᠎ᠠ ᠨᠤᠳᠤᠭ ᠲᠤ ᠤᠷᠭᠤᠮᠠᠯ ᠤᠨ ᠤᠷᠭᠤᠬᠤ ᠳᠤ ᠲᠦᠰᠢᠭᠯᠡᠳᠡᠭ ᠭᠦᠷᠦᠰᠤ ᠰᠢᠷᠤᠢ ᠪᠤᠯ ᠵᠦᠪᠭᠡᠨ ᠮᠧᠲᠷ ᠭᠠᠷᠦ᠋ᠢᠬᠠᠨ ᠵᠤᠵᠠᠭᠠᠨ ᠪᠠᠶᠢᠵᠤ᠂ ᠲᠤᠤᠷᠠᠭᠢ ᠨᠢ ᠴᠦᠮ ᠦᠪᠴᠢ ᠡᠯᠡᠰᠤ ᠪᠤᠯᠤᠨ᠎ᠠ᠃ ᠡᠶᠢᠮᠤ ᠠᠴᠠ ᠡᠨᠡ ᠬᠦ ᠮᠧᠲᠷ ᠭᠠᠷᠦ᠋ᠢᠬᠠᠨ ᠵᠤᠵᠠᠭᠠᠨ ᠭᠦᠷᠤᠰᠤ ᠪᠤᠯ ᠲᠤᠩ ᠴᠢᠬᠤᠯᠠ ᠶᠤᠮ᠃ ᠡᠳᠡᠭᠡᠷ ᠭᠦᠷᠦᠰᠤ ᠨᠢ ᠤᠷᠭᠤᠮᠠᠯ ᠢᠶᠠᠷ ᠦᠪᠴᠢ ᠬᠤᠴᠢᠠᠠᠳ᠋ᠬᠠᠰᠠᠨ ᠦᠶ᠎ᠠ ᠳᠤ ᠰᠠᠯᠭᠢᠨ ᠳᠤ ᠢᠳᠡᠭᠳᠡᠭᠦ ᠦᠭᠡᠢ ᠪᠠᠶᠢᠵᠤ᠂ ᠡᠪᠡᠰᠤ ᠤᠷᠭᠤᠮᠠᠯ ᠨᠢ ᠬᠠᠯᠴᠠᠭᠠᠶᠢᠷᠬᠠᠰᠠᠨ ᠦᠶ᠎ᠠ ᠳᠤ ᠭᠦᠷᠤᠰᠤ ᠰᠢᠷᠤᠢ ᠰᠤᠯᠠᠷᠠᠵᠤ᠂ ᠭᠡᠪᠡᠷᠡᠭᠵᠢᠵᠤ᠂ ᠡᠴᠤᠰ ᠲᠡᠭᠡᠨ ᠡᠯᠡᠰᠤᠨ ᠰᠢᠭᠤᠷᠭ᠎ᠠ ᠪᠤᠯᠵᠤ ᠲᠡᠭᠳᠡᠳᠡᠭ ᠪᠠᠶᠢᠨ᠎ᠠ᠃
2. ᠠᠭᠤᠷ ᠠᠮᠢᠰᠬᠤᠯ ᠤᠨ ᠮᠠᠭᠤᠵᠢᠷᠡᠯ ᠨᠢ ᠡᠯᠡᠰᠦᠷᠭᠡᠭᠵᠢᠯ᠂ ᠲᠠᠴᠢᠷᠳᠡᠯ ᠢ ᠤᠯᠠᠮ ᠭᠡᠴᠡᠭᠦᠳᠡᠭᠦᠯᠵᠤ ᠪᠠᠶᠢᠨ᠎ᠠ ᠤᠤ︖
ᠠᠭᠤᠷ ᠠᠮᠢᠰᠬᠤᠯ ᠤᠨ ᠮᠠᠭᠤᠵᠢᠷᠠᠯ ᠨᠢ ᠡᠯᠡᠰᠦᠷᠭᠡᠭᠵᠢᠭᠦᠯᠵᠤ ᠲᠠᠴᠢᠷᠳᠠᠭᠤᠯᠵᠤ ᠪᠠᠶᠢᠬᠤ ᠶᠢᠨ ᠨᠢᠭᠡᠨ ᠨᠦᠭᠦᠴᠡᠯ ᠪᠤᠯᠤᠨ᠎ᠠ᠃ ᠵᠠᠷᠢᠮ ᠡᠷᠳᠡᠮᠳᠡᠳ ᠠᠴᠠ ᠲᠡᠯᠡᠭᠡᠢ ᠶᠢᠨ ᠪᠦᠮᠪᠤᠷᠴᠡᠭ ᠤᠨ ᠬᠤᠪᠢᠷᠠᠯᠳᠠ ᠨᠢ ᠵᠤᠭᠢᠬᠤ ᠭᠡᠮᠵᠢᠶᠠᠨ ᠳᠤ ᠭᠠᠩ ᠬᠠᠭᠰᠠᠷᠠᠭᠠᠨ ᠢ ᠪᠤᠢ ᠪᠤᠯᠭᠠᠵᠤ ᠪᠠᠶᠢᠨ᠎ᠠ ᠭᠡᠵᠤ ᠦᠵᠡᠵᠤ ᠪᠠᠶᠢᠨ᠎ᠠ᠃ ᠡᠭᠦᠨ ᠢ ᠭᠡᠷᠡᠴᠢᠯᠡᠭᠦ ᠶᠢᠨ ᠲᠤᠰᠠᠳᠠ ᠬᠤᠶᠠᠷ ᠪᠤᠳᠠᠳᠤ ᠵᠢᠱᠢᠶ᠎ᠠ ᠲᠠᠳᠠᠶ᠎ᠠ᠃ ᠨᠢᠭᠡ ᠳᠤ᠂ ᠦᠪᠤᠷ ᠮᠤᠩᠭᠤᠯ ᠤᠨ ᠭᠦᠯᠦᠨ ᠪᠤᠶᠢᠷ ᠬᠤᠳᠠ᠂ ᠰᠢᠯᠢ ᠶᠢᠨ ᠭᠤᠤᠯ ᠠᠶᠢᠮᠠᠭ ᠤᠨ ᠵᠡᠭᠦᠨ ᠭᠡᠰᠡᠭ ᠤᠨ ᠭᠠᠵᠠᠷ ᠤᠷᠤᠨ ᠤ ᠨᠤᠳᠤᠭ ᠪᠡᠯᠴᠢᠭᠡᠷ ᠤᠨ ᠲᠡᠴᠢᠷᠳᠡᠯ ᠤᠨ ᠨᠢᠭᠤᠷᠳᠠᠯ ᠲᠠᠯ᠎ᠠ ᠪᠤᠯᠬᠤ ᠮᠤᠩᠭᠤᠯ ᠤᠯᠤᠰ ᠤᠨ ᠡᠪᠡᠰᠤ ᠪᠡᠯᠴᠢᠭᠡᠷ ᠨᠢ ᠮᠧᠲᠷ ᠤᠷᠴᠢᠮ ᠦᠨᠳᠤᠷ ᠤᠷᠭᠤᠵᠤ᠂ ᠲᠡᠨᠳᠡ ᠭᠡᠳᠦᠨ ᠲᠦᠮᠡᠨ ᠵᠡᠭᠡᠷ᠎ᠡ ᠠᠮᠢᠳᠤᠷᠠᠵᠤ ᠪᠠᠶᠢᠬᠤ ᠳᠤ ᠭᠢᠯᠢ ᠶᠢᠨ ᠨᠠᠭᠠᠳᠤᠭᠢ ᠮᠠᠨ ᠤ ᠠᠳᠡ ᠲᠤᠭ᠎ᠠ ᠲᠠᠢ ᠭᠡᠳᠤ ᠯᠡ ᠪᠠᠶᠢᠳᠠᠭ᠃ ᠲᠡᠭᠷᠢ ᠭᠠᠨᠭ᠍ᠳᠠᠪᠠᠯ ᠲᠠᠳᠡᠨ ᠤ ᠪᠠᠶᠢᠷᠢᠰᠢᠯ ᠨᠢ ᠮᠠᠨ ᠤ ᠬᠢ ᠠᠴᠠ ᠪᠠᠰᠠ ᠬᠤᠶᠢᠨ᠎ᠠ ᠪᠠᠶᠢᠬᠤ ᠲᠤᠯᠠ ᠲᠡᠨᠳᠡᠭᠢ ᠶᠢᠨ ᠡᠪᠡᠰᠤ ᠪᠡᠯᠴᠢᠭᠡᠷ ᠨᠢ ᠨᠡᠩ ᠮᠠᠭᠤ ᠪᠠᠶᠢᠬᠤ ᠯᠡ ᠶᠤᠰᠤᠳᠠᠢ᠃ ᠬᠤᠶᠠᠷ ᠲᠤ᠂ ᠲᠤᠮᠳᠠᠳᠤ ᠮᠤᠩᠭᠤᠯ᠂ ᠲᠤᠮᠳᠠᠳᠤ ᠤᠷᠤᠰ ᠤᠨ 10km ᠦᠷᠭᠡᠨ ᠭᠢᠯᠢ ᠶᠢᠨ ᠱᠤᠭᠤᠮ ᠲᠡᠭᠡᠷ᠎ᠡ ᠲᠠᠯ᠎ᠠ ᠨᠤᠳᠤᠭ ᠤᠨ ᠦᠨᠳᠦᠷᠯᠢᠭ ᠨᠢ ᠮᠦᠨ ᠭᠦ 20 ᠳ᠋ᠤᠭᠠᠷ ᠵᠠᠭᠤᠨ ᠤ ᠲᠠᠪᠢᠭᠠᠳ ᠤᠨ ᠤ ᠭᠡᠪ ᠢᠶᠠᠷ ᠢᠶᠠᠨ ᠪᠠᠶᠢᠠᠠᠰᠠᠭᠠᠷ᠃ ᠡᠭᠦᠨ ᠠᠴᠠ ᠪᠢᠳᠡ ᠬᠤᠶᠠᠷ ᠶᠠᠪᠤᠳᠠᠯ ᠢ ᠮᠡᠳᠡᠵᠤ ᠪᠤᠯᠤᠨ᠎ᠠ᠃ ᠨᠢᠭᠡ ᠳᠤ ᠡᠪᠡᠰᠤ ᠪᠡᠯᠴᠢᠭᠡᠷ ᠤᠷᠭᠤᠬᠤ ᠦᠭᠡᠢ ᠨᠢ ᠭᠠᠩ ᠬᠠᠭᠰᠠᠷᠠᠭᠠᠨ ᠠᠴᠠ ᠪᠤᠯᠵᠠᠢ᠃ ᠬᠤᠶᠠᠷ ᠲᠤ᠂ ᠮᠠᠯ ᠰᠦᠷᠦᠭ ᠡᠪᠡᠰᠤ ᠪᠡᠯᠴᠢᠭᠡᠷ ᠢ ᠢᠳᠡᠭᠦ ᠦᠭᠡᠢ ᠪᠤᠯ ᠡᠪᠡᠰᠤ ᠪᠡᠯᠴᠢᠭᠡᠷ ᠨᠢ ᠭᠡᠳᠡᠷᠭᠦ ᠪᠠᠨ ᠰᠠᠶᠢᠨ ᠤᠷᠭᠤᠳᠠᠭ ᠦᠭᠡᠢ᠂ ᠤᠴᠢᠷ ᠨᠢ ᠤᠯᠠᠨ ᠤ ᠮᠡᠳᠡᠭᠡᠵᠢ ᠪᠠᠷ ᠭᠢᠯᠢ ᠶᠢᠨ ᠱᠤᠭᠤᠮ ᠲᠡᠭᠡᠷ᠎ᠡ ᠮᠠᠯ ᠰᠦᠷᠦᠭ ᠤᠨ ᠲᠠᠷᠤᠯᠳᠡ ᠦᠭᠡᠢ ᠪᠠᠶᠢᠳᠠᠭ ᠰᠢᠤ᠃
3. ᠭᠦᠮᠦᠨ ᠠᠮᠠ ᠶᠢᠨ ᠲᠠᠰᠤᠷᠠᠯᠳᠠ ᠦᠭᠡᠢ ᠦᠰᠦᠯᠳᠡ ᠨᠢ ᠨᠤᠳᠤᠭ ᠪᠡᠯᠴᠢᠭᠡᠷ ᠤᠨ ᠠᠮᠢ ᠠᠬᠤᠢ ᠶᠢᠨ ᠰᠢᠰᠲ᠋ᠧᠮ ᠤᠨ ᠮᠠᠭᠤᠵᠢᠷᠠᠯ ᠤᠨ ᠴᠢᠬᠤᠯᠠ ᠰᠢᠯᠳᠠᠭᠠᠨ ᠨᠢ ᠮᠦᠨ ᠤᠤ︖
ᠭᠦᠮᠦᠨ ᠠᠮᠠ ᠶᠢᠨ ᠨᠡᠮᠡᠭᠳᠡᠯ ᠪᠤᠯ ᠨᠤᠳᠤᠭ ᠪᠡᠯᠴᠢᠭᠡᠷ ᠤᠨ ᠠᠮᠢ ᠠᠬᠤᠢ ᠶᠢᠨ ᠰᠢᠰᠲ᠋ᠧᠮ ᠢ ᠲᠠᠴᠢᠷᠳᠠᠭᠤᠯᠵᠤ ᠪᠠᠶᠢᠬᠤ ᠬᠠᠮᠤᠭ ᠤᠨ ᠭᠤᠤᠯ ᠰᠢᠯᠳᠠᠭᠠᠨ ᠮᠦᠨ᠃ ᠲᠤᠬᠠᠶᠢᠯᠠᠪᠠᠯ ᠡᠯᠡᠰᠤᠨ ᠰᠢᠭᠤᠷᠭ᠎ᠠ ᠨᠢ ᠭᠦᠮᠦᠨ ᠤ ᠤᠷᠰᠢᠭ ᠠᠴᠠ ᠪᠤᠯᠵᠤ ᠪᠠᠶᠢᠬᠤ ᠪᠦᠭᠡᠳ ᠪᠠᠶᠢᠭᠠᠯᠢ ᠶᠢᠷᠳᠢᠨᠴᠤ ᠠᠴᠠ ᠭᠦᠮᠦᠨ ᠲᠦᠷᠦᠯᠭᠢᠳᠡᠨ ᠳᠤ ᠦᠭᠴᠤ ᠪᠠᠶᠢᠭ᠎ᠠ ᠰᠠᠷᠡᠮᠵᠢ ᠪᠠ ᠬᠠᠷᠢᠭᠤ ᠠᠪᠤᠯᠳᠠ ᠪᠤᠯᠤᠨ᠎ᠠ᠃ ᠰᠢᠯᠢ ᠶᠢᠨ ᠭᠤᠤᠯ ᠠᠶᠢᠮᠠᠭ ᠰᠢᠨ᠎ᠠ ᠲᠤᠮᠳᠠᠳᠤ ᠤᠯᠤᠰ ᠪᠠᠶᠢᠭᠤᠯᠤᠠᠠᠳᠠᠬᠤ ᠶᠢᠨ ᠡᠭᠢᠨ ᠳᠤ 20.5 ᠲᠦᠮᠡᠨ ᠭᠦᠮᠦᠨ ᠲᠠᠢ ᠪᠠᠶᠢᠵᠤ᠂ ᠤᠳᠤ 92 ᠲᠦᠮᠡ ᠪᠤᠯᠵᠤ᠂ 348% ᠪᠠᠷ ᠨᠡᠮᠡᠭᠳᠡᠵᠡᠢ᠃ ᠭᠦᠮᠦᠨ ᠠᠮᠠ ᠶᠢᠨ ᠨᠡᠮᠡᠭᠳᠡᠯ ᠪᠤᠯᠤᠨ ᠭᠦᠮᠦᠨ ᠲᠦᠷᠦᠯᠭᠢᠳᠡᠨ ᠤ ᠪᠤᠳᠠᠰ ᠤᠨ ᠠᠮᠢᠳᠤᠷᠠᠯ ᠤᠨ ᠭᠦᠭᠡᠭᠡᠴᠡᠯᠳᠦᠯ ᠢ ᠲᠠᠭᠠᠯᠳᠤᠵᠤ᠂ ᠮᠠᠯ ᠰᠦᠷᠦᠭ ᠤᠨ ᠲᠤᠭ᠎ᠠ ᠴᠤ ᠲᠦᠷᠭᠡᠨ ᠨᠡᠮᠡᠭᠳᠡᠵᠤ᠂ 160 ᠲᠦᠮᠡ ᠪᠠᠶᠢᠠᠠᠰᠠᠨ ᠠᠴᠠ ᠪᠠᠨ 2300 ᠲᠦᠮᠡ ᠳᠤ ᠭᠦᠷᠴᠤ᠂ 1700% ᠪᠠᠷ ᠴᠡᠪᠡᠷ ᠦᠰᠴᠡᠢ᠃ ᠡᠶᠢᠮᠤ ᠠᠴᠠ ᠨᠤᠳᠤᠭ ᠪᠡᠯᠴᠢᠭᠡᠷ ᠤᠨ ᠲᠠᠷᠤᠯᠳᠠ ᠰᠦᠷᠡᠭᠡᠢ ᠨᠡᠮᠡᠭᠳᠡᠵᠤ᠂ ᠭᠢᠵᠠᠭᠠᠷᠯᠠᠯ ᠠᠴᠠ ᠪᠠᠨ ᠭᠡᠳᠦᠷᠭᠡᠢ ᠲᠠᠪᠠᠭᠰᠠᠨ ᠪᠠᠶᠢᠨ᠎ᠠ᠃ ᠲᠠᠭᠢᠪᠡᠯ ᠨᠡᠶᠢᠭᠡᠮ ᠲᠤᠭᠤᠷᠢᠭ ᠤᠨ ᠠᠮᠢᠳᠤᠷᠠᠯ ᠤᠨ ᠭᠡᠯᠪᠡᠷᠢ ᠶᠢᠨ ᠬᠤᠪᠢᠷᠠᠯᠳᠠ ᠵᠢᠴᠢ ᠡᠨᠡ ᠬᠦ ᠬᠤᠪᠢᠷᠠᠯᠳᠠ ᠠᠴᠠ ᠪᠤᠯᠵᠤ ᠭᠡᠷᠡᠭᠵᠢᠭᠦᠯᠦᠭᠰᠡᠨ ᠲᠦᠷᠤ ᠶᠢᠨ ᠪᠤᠳᠤᠯᠭ᠎ᠠ ᠶᠢᠨ ᠵᠢᠯᠤᠭᠤᠳᠤᠮᠵᠢ ᠨᠢ ᠮᠦᠨ ᠴᠦ ᠴᠢᠬᠤᠯᠠ ᠰᠢᠯᠳᠠᠭᠠᠨ ᠪᠤᠯᠤᠨ᠎ᠠ᠃ ᠲᠤᠬᠠᠶᠢᠯᠠᠪᠠᠯ ᠨᠡᠭᠦᠳᠡᠯᠯᠡᠨ ᠮᠠᠯᠵᠢᠵᠤ ᠪᠠᠶᠢᠠᠠᠰᠠᠨ ᠠᠴᠠ ᠪᠠᠨ ᠰᠠᠭᠤᠷᠢᠰᠢᠬᠤ ᠪᠤᠯᠵᠤ᠂ ᠤᠳᠤᠭᠢᠴᠢᠯᠬᠠᠰᠠᠨ ᠠᠮᠢᠳᠤᠷᠠᠯ ᠤᠨ ᠬᠠᠷᠠᠯᠳᠠ ᠶᠢ ᠭᠦᠭᠡᠭᠡᠴᠡᠯᠳᠦᠭᠦ ᠶᠠᠪᠤᠳᠠᠯ ᠨᠢ ᠨᠤᠳᠤᠭ ᠪᠡᠯᠴᠢᠭᠡᠷ ᠤᠨ ᠲᠠᠴᠢᠷᠳᠡᠯ ᠢ ᠨᠡᠩ ᠭᠦᠨᠳᠦᠷᠡᠭᠦᠯᠦᠭᠰᠡᠨ ᠪᠠᠶᠢᠨ᠎ᠠ᠃
4. ᠭᠦᠮᠦᠨ ᠠᠮᠠ ᠶᠢᠨ ᠨᠡᠮᠡᠭᠳᠡᠯ ᠭᠢᠭᠡᠳ ᠨᠤᠳᠤᠭ ᠪᠡᠯᠴᠢᠭᠡᠷ ᠤᠨ ᠲᠠᠴᠢᠷᠳᠡᠯ ᠤᠨ ᠵᠦᠷᠢᠴᠡᠯ ᠢ ᠭᠡᠷᠭᠢᠨ ᠰᠢᠢᠳᠪᠤᠷᠢᠯᠡᠭᠦ ᠪᠤᠢ︖
ᠭᠦᠮᠦᠨ ᠠᠮᠠ ᠶᠢᠨ ᠨᠡᠮᠡᠭᠳᠡᠯ ᠪᠤᠯ ᠨᠤᠳᠤᠭ ᠪᠡᠯᠴᠢᠭᠡᠷ ᠢ ᠲᠠᠴᠢᠷᠳᠠᠭᠤᠯᠵᠤ ᠪᠠᠶᠢᠬᠤ ᠶᠢᠨ ᠴᠢᠬᠤᠯᠠ ᠭᠦᠴᠤᠨ ᠵᠦᠢᠯ ᠪᠤᠯᠤᠨ᠎ᠠ᠃ ᠡᠶᠢᠮᠤ ᠠᠴᠠ ᠠᠮᠢ ᠠᠬᠤᠢ ᠶᠢᠨ ᠰᠢᠰᠲ᠋ᠧᠮ ᠤᠨ ᠲᠠᠴᠢᠷᠳᠡᠯ ᠢ ᠵᠠᠰᠠᠶ᠎ᠠ ᠭᠡᠪᠡᠯ ᠡᠷᠭᠡᠪᠰᠢ ᠭᠦᠮᠦᠨ ᠤ ᠭᠦᠴᠤᠨ ᠵᠦᠢᠯ ᠢ ᠰᠢᠢᠳᠪᠤᠷᠢᠯᠡᠭᠦ ᠠᠴᠠ ᠭᠠᠷᠳᠠᠬᠤ ᠭᠡᠷᠡᠭᠳᠡᠢ᠃ ᠭᠦᠮᠦᠰ ᠤᠨ ᠤᠷᠤᠰᠢᠨ ᠲᠤᠠᠠᠳᠠᠨᠢᠯ ᠢ ᠰᠢᠢᠳᠪᠤᠷᠢᠯᠡᠭᠦ ᠪᠤᠯ ᠦᠨᠳᠤᠰᠤ ᠠᠴᠠ ᠨᠢ ᠵᠠᠰᠠᠬᠤ ᠶᠠᠪᠤᠳᠠᠯ ᠪᠤᠯᠤᠨ᠎ᠠ᠃ ᠲᠡᠳᠡᠭᠡᠷ ᠵᠠᠰᠠᠬᠤ ᠳᠤ ᠮᠠᠰᠢ ᠪᠡᠷᠭᠡᠳᠡᠢ ᠪᠠᠶᠢᠭ᠎ᠠ ᠭᠠᠵᠠᠷ ᠤᠷᠤᠨ ᠳᠤ ᠪᠤᠯ ᠬᠠᠮᠤᠭ ᠤᠨ ᠰᠠᠶᠢᠨ ᠠᠷᠭ᠎ᠠ ᠨᠢ ᠭᠦᠮᠦᠰ ᠢ ᠨᠡᠭᠦᠯᠭᠡᠵᠤ᠂ ᠭᠦᠮᠦᠨ ᠤ ᠲᠠᠷᠤᠯᠳᠠ ᠶᠢ ᠭᠦᠡᠭᠭᠡᠯᠡᠵᠤ᠂ ᠪᠠᠶᠢᠭᠠᠯᠢ ᠠᠬᠤᠢ ᠶᠢ ᠠᠶᠠᠠᠳᠠᠭᠠᠨ ᠰᠡᠷᠭᠦᠭᠡᠭᠦ ᠭᠡᠷᠡᠭᠳᠡᠢ᠃ ᠡᠳᠡᠭᠡᠷ ᠭᠠᠵᠠᠷ ᠤᠷᠤᠨ ᠤ ᠭᠤᠪᠢ ᠭᠠᠵᠠᠷ ᠲᠡᠭᠡᠷ᠎ᠡ ᠨᠢᠭᠡᠨ ᠲᠠᠪᠬᠤᠷᠭ᠎ᠠ ᠪᠠᠶᠢᠭᠠᠯᠢ ᠶᠢᠨ ᠬᠠᠳᠠᠭᠤ ᠬᠠᠯᠢᠰᠤ ᠪᠠᠶᠢᠬᠤ ᠪᠦᠭᠡᠳ ᠤᠤᠯ ᠤᠨ ᠡᠯᠡᠰᠤ ᠮᠠᠩᠬᠠᠨ ᠲᠡᠭᠡᠷ᠎ᠡ ᠴᠤ ᠨᠢᠭᠡᠨ ᠲᠠᠪᠬᠤᠷᠭ᠎ᠠ ᠪᠠᠶᠢᠭᠠᠯᠢ ᠶᠢᠨ ᠪᠦᠷᠭᠦᠪᠴᠢ ᠪᠠᠶᠢᠳᠠᠭ ᠪᠤᠯᠬᠤᠷ ᠲᠡᠭᠦᠨ ᠢ ᠤᠴᠢᠵᠤ ᠭᠦᠨᠳᠡᠭᠦ ᠦᠭᠡᠢ ᠯᠡ ᠶᠤᠮ ᠪᠤᠯ ᠭᠦᠷᠤᠰᠤ ᠰᠢᠷᠤᠢ ᠶᠢ ᠰᠠᠯᠭᠢᠨ ᠳᠤ ᠦᠯᠢᠶᠡᠭᠳᠡᠨ ᠲᠠᠴᠢᠷᠳᠠᠬᠤ ᠠᠴᠠ ᠬᠠᠮᠠᠭᠠᠯᠠᠵᠤ᠂ ᠲᠠᠶᠢᠮᠤ ᠶᠡᠭᠡ ᠭᠦᠨᠦᠭᠡᠯ ᠤᠴᠠᠷᠠᠭᠤᠯᠬᠤ ᠦᠭᠡᠢ ᠶᠤᠮ᠃ ᠮᠠᠩᠬᠠᠨ ᠭᠠᠵᠠᠷ ᠡᠶᠢᠮᠤ ᠪᠠᠷ ᠪᠠᠷᠠᠬᠤ ᠦᠭᠡᠢ ᠪᠠᠶᠢᠭᠠᠯᠢ ᠶᠢᠨ ᠠᠮᠢ ᠠᠬᠤᠢ ᠶᠢᠨ ᠨᠦᠭᠦᠴᠡᠯ ᠢᠶᠠᠷ ᠨᠡᠯᠢᠶᠡᠳ ᠰᠠᠶᠢᠨ ᠪᠠᠶᠢᠭ᠎ᠠ ᠲᠠᠯ᠎ᠠ ᠨᠤᠳᠤᠭ ᠪᠤᠯᠤᠨ ᠡᠯᠡᠰᠦᠷᠭᠡᠭ ᠤᠷᠤᠨ ᠳᠤ ᠴᠤ ᠭᠦᠮᠦᠰ ᠢ ᠨᠡᠭᠦᠯᠭᠡᠪᠡᠯ ᠰᠡᠷᠭᠦᠯᠳᠡ ᠶᠢᠨ ᠦᠷ᠎ᠠ ᠳ᠋ᠦᠩ ᠨᠢ ᠮᠠᠰᠢ ᠰᠠᠶᠢᠨ ᠪᠠᠶᠢᠳᠠᠭ᠃ ᠲᠡᠭᠡᠪᠡᠯ ᠶᠠᠭᠠᠭᠢᠪᠠᠯ ᠰᠠᠶ᠋ᠢ ᠬᠠᠮᠤᠭ ᠤᠨ ᠰᠠᠶᠢᠨ ᠦᠷ᠎ᠠ ᠳ᠋ᠦᠩ ᠤᠯᠵᠤ ᠴᠢᠳᠠᠬᠤ ᠪᠤᠢ︖ ᠡᠭᠦᠨ ᠢ ᠨᠡᠩ ᠤᠯᠠᠨ ᠡᠷᠳᠡᠮᠳᠡᠨ ᠮᠡᠷᠭᠡᠳ ᠪᠡ ᠵᠠᠰᠠᠭ ᠤᠨ ᠤᠷᠳᠤᠨ ᠤ ᠰᠠᠯᠠᠭ᠎ᠠ ᠮᠦᠴᠢᠷ ᠤᠳ ᠭᠢᠨᠠᠮᠠᠭᠠᠢ ᠰᠤᠳᠤᠯᠬᠤ ᠴᠢᠬᠤᠯᠠ ᠲᠠᠢ ᠪᠠᠶᠢᠨ᠎ᠠ᠃ ᠭᠡᠷᠡᠭ ᠲᠡᠭᠡᠷ᠎ᠡ ᠪᠠᠨ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠤᠳᠤ ᠶᠠᠭ ᠭᠡᠷᠡᠭᠵᠢᠭᠦᠯᠵᠤ ᠪᠠᠶᠢᠭ᠎ᠠ ︽ᠪᠢᠳᠡᠭᠦᠮᠵᠢᠯᠡᠨ ᠨᠡᠭᠦᠯᠭᠡᠭᠦ ᠪᠡ ᠨᠡᠭᠦᠯᠭᠡᠨ ᠭᠦᠭᠵᠢᠭᠦᠯᠭᠦ︾ ᠪᠠᠶᠢᠯᠳᠤᠬᠤ ᠪᠤᠳᠤᠯᠭ᠎ᠠ ᠨᠢ ᠪᠠᠶᠢᠭᠠᠯᠢ ᠶᠢᠨ ᠨᠤᠳᠤᠭ ᠪᠡᠯᠴᠢᠭᠡᠷ ᠢ ᠰᠡᠷᠭᠦᠭᠡᠭᠦ ᠳᠤ ᠴᠦᠮ ᠮᠠᠰᠢ ᠠᠰᠢᠠᠠᠳᠠᠢ ᠶᠤᠮ᠃
5. ᠲᠠᠯ᠎ᠠ ᠨᠤᠳᠤᠭ ᠲᠤ ᠡᠪᠡᠰᠤ ᠮᠤᠳᠤ ᠶᠡᠭᠡ ᠪᠠᠷ ᠲᠠᠷᠢᠪᠡᠯ᠂ ᠨᠤᠳᠤᠭ ᠪᠡᠯᠴᠢᠭᠡᠷ ᠤᠨ ᠲᠠᠴᠢᠷᠳᠠᠯ ᠢ ᠵᠤᠠᠠᠰᠤᠭᠠᠵᠤ ᠲᠠᠶᠢᠯᠦᠨ᠎ᠠ ᠤᠤ︖
ᠤᠳᠤᠬᠠᠨ ᠳᠤ ᠤᠯᠤᠰ ᠠᠴᠠ ᠡᠯᠡᠰᠦᠷᠭᠡᠭ ᠤᠷᠤᠨ ᠤ ᠠᠮᠢ ᠠᠬᠤᠢ ᠶᠢ ᠵᠠᠰᠠᠬᠤ ᠳᠤ ᠶᠡᠭᠡ ᠭᠡᠮᠵᠢᠶᠠᠨ ᠤ ᠵᠠᠷᠤᠳᠠᠯ ᠵᠠᠷᠤᠴᠠᠭᠤᠯᠵᠤ ᠪᠠᠶᠢᠨ᠎ᠠ᠃ ᠪᠠᠶᠢᠴᠠᠭᠠᠯᠳᠠ ᠶᠢ ᠦᠨᠳᠦᠰᠦᠯᠡᠪᠡᠯ ᠭᠤᠤᠯ ᠨᠢ ᠭᠤᠷᠪᠡᠨ ᠵᠦᠢᠯ ᠳᠤ ᠭᠡᠷᠡᠭᠯᠡᠵᠤ ᠪᠠᠶᠢᠨ᠎ᠠ᠃ ᠲᠤᠬᠠᠶᠢᠯᠠᠪᠠᠯ ᠮᠤᠳᠤ ᠲᠠᠷᠢᠬᠤ᠂ ᠨᠢᠰᠭᠡᠯ ᠢᠶᠠᠷ ᠡᠪᠡᠰᠤ ᠲᠠᠷᠢᠬᠤ ᠪᠠ ᠬᠤᠳᠳᠤᠭ ᠮᠠᠯᠳᠠᠵᠤ ᠬᠠᠰᠢᠶᠠᠯᠠᠵᠤ ᠲᠡᠵᠢᠭᠡᠭᠦ ᠳᠤ ᠭᠡᠷᠡᠭᠯᠡᠵᠤ ᠪᠤᠢ᠃ ᠪᠢᠳᠡᠨ ᠤ ᠦᠵᠡᠭᠦ ᠪᠠᠷ ᠬᠤᠳᠳᠤᠭ ᠮᠠᠯᠳᠠᠵᠤ ᠬᠠᠰᠢᠶᠠᠯᠠᠵᠤ ᠮᠠᠯᠵᠢᠬᠤ ᠨᠢ ᠰᠠᠨᠠᠭᠠᠴᠢᠯᠠᠭᠠᠳᠤ ᠠᠷᠭ᠎ᠠ ᠭᠡᠮᠵᠢᠶ᠎ᠠ ᠪᠤᠯᠬᠤ ᠠᠴᠠ ᠭᠠᠳᠠᠨ᠎ᠠ ᠨᠦᠭᠦᠭᠡ ᠬᠤᠶᠠᠷ ᠵᠦᠢᠯ ᠨᠢ ᠦᠯᠡᠮᠵᠢ ᠠᠷᠪᠢᠨ ᠪᠡᠯᠡ ᠤᠷᠤᠭᠤᠯᠴᠢᠬᠠᠭᠠᠳ ᠦᠷ᠎ᠡ ᠠᠰᠢᠭ ᠨᠢ ᠲᠤᠩ ᠪᠠᠭ᠎ᠠ ᠪᠠᠶᠢᠨ᠎ᠠ᠃ ᠲᠡᠭᠡᠪᠡᠯ ᠭᠠᠩ ᠬᠠᠭᠤᠷᠠᠢ ᠪᠤᠶᠤ ᠬᠠᠭᠠᠰ ᠭᠠᠩ ᠬᠠᠭᠤᠷᠠᠢ ᠭᠠᠵᠠᠷ ᠤᠷᠤᠨ ᠳᠤ ᠶᠠᠭᠠᠭᠢᠬᠤ ᠳᠠᠭᠠᠨ ᠮᠤᠳᠤ ᠲᠠᠷᠢᠬᠤ ᠨᠢ ᠵᠤᠭᠢᠰ ᠦᠭᠡᠢ ᠪᠤᠢ︖ ᠡᠨᠡ ᠨᠢ ᠲᠤᠤᠷᠠᠭᠢ ᠮᠡᠳᠤ ᠭᠡᠳᠦᠨ ᠰᠢᠯᠳᠠᠭᠠᠨ ᠪᠤᠢ᠃
ᠨᠢᠭᠡᠳᠦᠭᠡᠷ ᠲᠤ᠂ ᠡᠨᠡ ᠪᠤᠯ ᠪᠠᠶᠢᠭᠠᠯᠢ ᠶᠢᠨ ᠵᠢᠮ᠎ᠠ ᠶᠤᠰᠤ ᠮᠦᠨ᠃ ᠵᠢᠯ ᠤᠨ ᠲᠤᠮᠳᠠᠴᠢ ᠬᠤᠷ᠎ᠠ ᠲᠤᠨᠤᠳᠠᠰᠤ ᠶᠢᠨ ᠭᠡᠮᠵᠢᠶ᠎ᠠ ᠨᠢ 300mm ᠭᠦᠷᠭᠦ ᠦᠭᠡᠢ ᠭᠠᠵᠠᠷ ᠤᠷᠤᠨ ᠤ ᠪᠠᠶᠢᠭᠠᠯᠢᠯᠢᠬ ᠲᠠᠷᠬᠠᠯᠳᠠ ᠨᠢ ᠪᠤᠯ ᠡᠪᠡᠰᠤ ᠪᠡᠯᠴᠢᠭᠡᠷ ᠪᠤᠶᠤ ᠪᠤᠳᠠ ᠰᠦᠭᠡᠭ ᠪᠤᠯᠤᠨ᠎ᠠ᠃ ᠮᠤᠳᠤᠨ ᠤ ᠤᠷᠭᠤᠯᠳᠠ ᠶᠢᠨ ᠴᠢᠭᠢᠭ ᠤᠨ ᠭᠡᠮᠵᠢᠶ᠎ᠠ ᠪᠤᠯᠤᠨ ᠲᠤᠭᠢᠷᠠᠮᠵᠢᠳᠡᠢ ᠲᠤᠯᠠᠭᠠᠨ ᠤ ᠭᠡᠮᠵᠢᠶ᠎ᠠ ᠶᠢ ᠨᠢ ᠬᠠᠨᠭ᠍ᠭᠠᠵᠤ ᠲᠠᠶᠢᠯᠭᠦ ᠦᠭᠡᠢ ᠪᠤᠯ ᠮᠤᠳᠤ ᠠᠮᠢᠳᠤᠷᠠᠵᠤ ᠴᠢᠳᠠᠬᠤ ᠦᠭᠡᠢ ᠪᠦᠭᠡᠳ ᠠᠮᠢᠳᠤᠷᠠᠴᠢᠬᠠᠯᠠ ᠭᠡᠳ ᠦᠨᠳᠤᠷ ᠤᠷᠭᠤᠵᠤ ᠴᠢᠳᠠᠬᠤ ᠦᠭᠡᠢ ᠶᠤᠮ᠃
ᠬᠤᠶᠠᠳᠤᠭᠠᠷ ᠲᠤ᠂ ᠭᠦᠷᠦᠰᠤ ᠰᠢᠷᠤᠢ ᠶᠢᠨ ᠭᠠᠨᠭ᠍ᠳᠠᠯ ᠢ ᠭᠦᠨᠳᠦᠷᠡᠭᠦᠯᠦᠨᠠ᠃ ᠭᠠᠩ ᠬᠠᠭᠤᠷᠠᠢ ᠪᠤᠶᠤ ᠬᠠᠭᠠᠰ ᠭᠠᠩ ᠬᠠᠭᠤᠷᠠᠢ ᠭᠠᠵᠠᠷ ᠤᠷᠤᠨ ᠤ ᠠᠭᠤᠷᠰᠢᠯᠳᠡ ᠨᠢ ᠮᠠᠰᠢ ᠶᠡᠭᠡ ︵ᠬᠤᠷ᠎ᠠ ᠲᠤᠨᠤᠳᠠᠰᠤ ᠶᠢᠨ 10 ᠲᠠᠭᠢᠨ ᠠᠴᠠ ᠲᠡᠭᠡᠭᠰᠢ︶ ᠪᠠᠶᠢᠳᠠᠭ᠃ ᠭᠡᠷᠪᠡ ᠡᠪᠡᠰᠤ ᠪᠡᠯᠴᠢᠭᠡᠷ ᠤᠨ ᠪᠦᠳᠦᠮᠵᠢᠳᠡᠢ ᠪᠦᠷᠭᠦᠴᠡ ᠦᠭᠡᠢ ᠪᠤᠯ ᠨᠡᠩ ᠭᠦᠨᠳᠤ ᠨᠤᠴᠢᠳᠡᠢ ᠭᠠᠨᠭ᠍ᠳᠠᠬᠤ ᠪᠤᠯᠤᠨ᠎ᠠ᠃ ᠮᠤᠳᠤᠨ ᠤ ᠠᠮᠢ ᠠᠬᠤᠢ ᠶᠢᠨ ᠤᠰᠤ ᠬᠤᠷᠤᠠᠠᠳᠠᠭᠤᠯᠬᠤ ᠨᠢ ᠪᠤᠳᠠ ᠰᠦᠭᠡᠭ ᠪᠤᠯᠤᠨ ᠡᠪᠡᠰᠤ ᠪᠡᠯᠴᠢᠭᠡᠷ ᠤᠨ ᠬᠢ ᠠᠴᠠ ᠬᠤᠯᠡ ᠢᠯᠡᠭᠦᠤ ᠪᠠᠶᠢᠳᠠᠭ᠃ ᠡᠶᠢᠮᠤ ᠠᠴᠠ ᠤᠢ ᠮᠤᠳᠤ ᠲᠠᠷᠢᠪᠡᠯ ᠭᠠᠩ ᠭᠠᠨᠭ᠍ᠳᠡᠯ ᠢ ᠤᠯᠠᠮ ᠭᠦᠨᠳᠦᠷᠡᠭᠦᠯᠭᠦ ᠪᠤᠯᠤᠨ᠎ᠠ᠃ ᠲᠠᠯᠠᠷᠬᠠᠭ ᠭᠠᠵᠠᠷ ᠤᠷᠤᠨ ᠤ ᠤᠢ ᠮᠤᠳᠤ ᠲᠠᠷᠢᠠᠠᠰᠠᠨ ᠭᠠᠵᠠᠷ ᠲᠤ ᠦᠴᠦᠭᠡᠨ ᠡᠪᠡᠰᠤᠨ ᠲᠠᠪᠬᠤᠷᠭ᠎ᠠ ᠪᠤᠶᠤ ᠡᠪᠡᠰᠤᠨ ᠲᠠᠪᠬᠤᠷᠭ᠎ᠠ ᠦᠭᠡᠢ ᠪᠠᠶᠢᠬᠤ ᠶᠢ ᠦᠷᠭᠦᠯᠵᠢ ᠤᠯᠵᠤ ᠬᠠᠷᠠᠳᠠᠭ᠃ ᠡᠨᠡ ᠪᠤᠯ ᠲᠠᠷᠤᠢ ᠡᠶᠢᠮᠤ ᠯᠡ ᠰᠢᠯᠳᠠᠭᠠᠨ ᠠᠴᠠ ᠪᠤᠯᠤᠠᠠᠰᠠᠨ ᠶᠤᠮ᠃
ᠭᠤᠷᠪᠠᠳᠤᠭᠠᠷ ᠲᠤ᠂ ᠭᠠᠩ ᠬᠠᠭᠤᠷᠠᠢ ᠪᠤᠶᠤ ᠬᠠᠭᠠᠰ ᠭᠠᠩ ᠬᠠᠭᠤᠷᠠᠢ ᠤᠷᠤᠨ ᠳᠤ ᠮᠤᠳᠤ ᠲᠠᠷᠢᠬᠤ ᠨᠢ ᠭᠡᠷᠡᠭ ᠲᠠᠭᠡᠷ᠎ᠡ ᠪᠠᠨ ᠢᠯᠬᠠᠳᠠᠯ ᠢᠶᠠᠷ ᠲᠡᠭᠦᠰᠳᠡᠭ᠃ ᠰᠢᠯᠢ ᠶᠢᠨ ᠭᠤᠤᠯ ᠠᠶᠢᠮᠠᠭ ᠢᠶᠠᠷ ᠵᠢᠱᠢᠶᠡᠯᠡᠭᠦ ᠳᠤ᠂ ᠰᠢᠨ᠎ᠠ ᠲᠤᠮᠳᠠᠳᠤ ᠤᠯᠤᠰ ᠪᠠᠶᠢᠭᠤᠯᠤᠠᠠᠳ᠋ᠬᠠᠰᠠᠨ ᠠᠴᠠ ᠨᠠᠰᠢ ᠪᠦᠭᠦ᠋ᠢᠯᠡ ᠭᠠᠵᠠᠷ ᠤᠷᠤᠨ ᠤ ᠪᠠᠷᠤᠭ ᠬᠠᠭᠠᠰ ᠰᠢᠬᠠᠮ ᠪᠠᠶᠢᠭᠠᠯᠢ ᠶᠢᠨ ᠤᠢ ᠶᠢ ᠪᠠᠭᠳᠠᠭᠠᠠᠠᠰᠠᠨ ᠤᠢ ᠰᠢᠭᠤᠢ ᠶᠢᠨ ᠪᠦᠷᠭᠦᠴᠡ ᠶᠢᠨ ᠨᠤᠷᠮ᠎ᠠ ᠨᠢ 1% ᠳᠤ ᠭᠦᠷᠭᠦ ᠦᠭᠡᠢ ᠪᠠᠶᠢᠳᠠᠭ᠃ ᠲᠡᠭᠡᠪᠡᠯ᠂ ᠶᠡᠭᠡᠪᠡᠷ ᠲᠠᠷᠢᠠᠠᠰᠠᠨ ᠤᠢ ᠮᠤᠳᠤ ᠨᠢ ᠬᠠᠮᠢᠭ᠎ᠠ ᠤᠷᠤᠴᠢᠬᠠᠪᠠ ᠭᠡᠵᠤ ᠭᠦᠮᠦᠰ ᠯᠠᠪ ᠠᠰᠠᠭᠤᠬᠤ ᠪᠠᠶᠢᠬ᠎ᠠ᠃ ᠪᠤᠳᠠᠳᠠᠢ ᠪᠠᠶᠢᠳᠠᠯ ᠨᠢ ᠭᠡᠪᠡᠯ᠂ ᠵᠢᠯ ᠵᠢᠯ ᠮᠤᠳᠤ ᠲᠠᠷᠢᠭᠠᠳ᠂ ᠵᠢᠯ ᠵᠢᠯ ᠦᠭᠦᠭᠡᠳ ᠲᠠᠭᠤᠰᠴᠠᠢ᠃ ᠪᠠᠶᠢᠭᠠᠯᠢ ᠶᠢᠨ ᠲᠠᠯ᠎ᠠ ᠠᠴᠠ ᠠᠪᠴᠤ ᠭᠡᠯᠡᠪᠡᠯ᠂ ᠡᠨᠡ ᠪᠤᠯ ᠪᠤᠰᠤᠳᠴᠢ ᠵᠢᠮ᠎ᠠ ᠶᠤᠰᠤᠨ ᠤ ᠲᠤᠰᠬᠠᠯ ᠮᠦᠨ᠂ ᠮᠦᠨ ᠴᠦ ᠢᠢᠮᠤ ᠯᠡ ᠪᠠᠶᠢᠬᠤ ᠶᠤᠰᠤᠳᠠᠢ᠃ ᠭᠡᠪᠡᠴᠤ ᠭᠦᠮᠦᠨ ᠤ ᠲᠠᠯ᠎ᠠ ᠠᠴᠠ ᠠᠪᠴᠤ ᠭᠡᠯᠡᠪᠡᠯ᠂ ᠬᠠᠷᠢᠨ ᠶᠡᠭᠡ ᠭᠡᠮᠵᠢᠶᠠᠨ ᠤ ᠭᠦᠮᠦᠨ ᠤ ᠭᠦᠴᠤ᠂ ᠡᠳ᠋ ᠤᠨ ᠭᠦᠴᠤ ᠶᠢ ᠰᠦᠢᠳᠭᠡᠭᠡᠳ᠂ ᠠᠶᠠᠠᠳᠠᠭᠠᠨ ᠰᠡᠷᠭᠦᠭᠦ ᠡᠷᠭᠢᠮ ᠨᠠᠠᠳᠢᠨ ᠴᠠᠭ ᠢ ᠤᠳᠠᠭᠠᠰᠢᠷᠠᠭᠤᠯᠤᠠᠠᠰᠠᠨ ᠪᠠᠶᠢᠨ᠎ᠠ᠃ ᠡᠨᠡ ᠪᠤᠯ ᠭᠡᠪ ᠤᠨ ᠪᠤᠰᠤ ᠶᠠᠪᠤᠳᠠᠯ ᠮᠦᠨ᠃
ᠲᠦᠷᠪᠡᠳᠦᠭᠡᠷ ᠲᠤ᠂ ᠤᠢ ᠮᠤᠳᠤ ᠨᠢ ᠡᠯᠡᠰᠤᠨ ᠰᠢᠭᠤᠷᠭ᠎ᠠ ᠶᠢ ᠬᠠᠰᠢᠵᠤ ᠬᠤᠷᠢᠠᠠᠯᠠᠵᠤ ᠴᠢᠳᠠᠬᠤ ᠦᠭᠡᠢ᠃ ᠡᠯᠡᠰᠤᠨ ᠰᠢᠭᠤᠷᠭ᠎ᠠ ᠰᠦᠷᠡᠭᠡᠢ ᠲᠡᠭᠳᠡᠳᠡᠭ ᠬᠠᠪᠤᠷ ᠤᠨ ᠤᠯᠠᠷᠢᠯ ᠳᠤ ᠲᠤᠬᠠᠢ ᠶᠢᠨ ᠭᠠᠵᠠᠷ ᠲᠤᠨᠢ ᠠᠵᠢᠠᠠᠯᠠᠵᠤ ᠰᠢᠨᠵᠢᠯᠡᠭᠰᠡᠨ ᠢᠶᠠᠷ ᠪᠤᠯ᠂ ᠤᠯᠢᠶᠠᠰᠤᠨ ᠤᠢ ᠶᠢᠨ ᠲᠤᠳᠤᠷ᠎ᠠ ᠡᠯᠡᠰᠤ ᠲᠤᠭᠤᠰᠤ ᠮᠦᠨ ᠯᠡ ᠲᠡᠭᠳᠡᠵᠤ ᠪᠠᠶᠢᠳᠠᠭ᠃ ᠤᠢ ᠶᠢᠨ ᠭᠠᠳᠠᠨᠠᠭᠢ ᠦᠵᠡᠭᠳᠡᠴᠡ ᠨᠢ 5m ᠠᠴᠠ ᠤᠶᠢᠷ᠎ᠠ ᠪᠠᠶᠢᠬᠤ ᠳᠤ ᠪᠤᠳᠠ ᠮᠤᠳᠤ ᠪᠤᠯᠤᠨ ᠡᠪᠡᠰᠤᠨ ᠲᠠᠪᠬᠤᠷᠭ᠎ᠠ ᠶᠢᠨ ᠪᠦᠷᠭᠦᠴᠡ ᠪᠠᠷ ᠨᠡᠯᠢᠶᠡᠳ ᠰᠠᠶᠢᠨ ᠭᠠᠵᠠᠷ ᠤᠨ ᠦᠵᠡᠭᠳᠡᠴᠡ ᠨᠢ 200m ᠠᠴᠠ ᠴᠠᠰᠢ ᠪᠠᠶᠢᠳᠠᠭ᠃ ᠡᠭᠦᠨ ᠠᠴᠠ ᠤᠢ ᠮᠤᠳᠤ ᠨᠢ ᠡᠯᠡᠰᠤᠨ ᠰᠢᠭᠤᠷᠭ᠎ᠠ ᠶᠢ ᠬᠠᠰᠢᠵᠤ ᠬᠤᠷᠢᠠᠠᠯᠠᠵᠤ ᠲᠡᠶᠢᠯᠭᠦ ᠦᠭᠡᠢ ᠭᠡᠳᠡᠭ ᠢ ᠮᠡᠳᠡᠵᠤ ᠪᠤᠯᠤᠨ᠎ᠠ᠃ ᠲᠠᠭᠢᠪᠡᠯ ᠲᠡᠭᠡᠷ᠎ᠡ ᠲᠤᠷᠠᠳᠤᠠᠠᠰᠠᠨ 1% ᠶᠢᠨ ᠤᠢ ᠮᠤᠳᠤ ᠨᠢ ᠬᠠᠳᠠᠭᠠᠰᠤ ᠰᠢᠬ ᠰᠠᠭᠤᠠᠠᠳᠠᠪᠠᠴᠤ᠂ 99% ᠶᠢᠨ ᠭᠦᠷᠦᠰᠤ ᠰᠢᠷᠤᠢ ᠨᠢ ᠰᠤᠯᠠᠷᠠᠴᠢᠬᠠᠬᠤ ᠶᠤᠮ ᠴᠢᠨᠢ ᠲᠠᠷᠠ ᠨᠢ ᠶᠠᠮᠠᠷ ᠯᠡ ᠦᠢᠯᠡᠳᠦᠯ ᠦᠵᠡᠭᠦᠯᠵᠤ ᠴᠢᠳᠠᠬᠤ ᠪᠤᠢ︖ ᠲᠠᠷᠠᠴᠢᠯᠡᠨ ᠭᠦᠷᠤᠰᠤ ᠰᠢᠷᠤᠢ ᠶᠢ ᠲᠤᠠᠠᠳᠠᠪᠤᠷᠢᠵᠢᠭᠤᠯᠬᠤ ᠦᠢᠯᠡᠳᠦᠯ ᠨᠢ ᠡᠪᠡᠰᠤ ᠪᠡᠯᠴᠢᠭᠡᠷ ᠪᠤᠯᠤᠨ ᠪᠤᠳᠠ ᠰᠦᠭᠡᠭ ᠤᠨ ᠬᠢ ᠶᠢ ᠬᠤᠯᠠ ᠭᠦᠷᠭᠦ ᠦᠭᠡᠢ ᠪᠠᠶᠢᠳᠠᠯ᠎ᠠ ᠬᠠᠷᠢᠨ ᠭᠦᠮᠦᠰ ᠤᠨ ᠮᠤᠳᠤ ᠲᠠᠷᠢᠬᠤ ᠳᠤ ᠵᠠᠷᠤᠴᠠᠭᠤᠯᠤᠠᠠᠰᠠᠨ ᠵᠤᠭᠤᠰ ᠮᠦᠡᠭᠭᠦ ᠨᠢ ᠨᠤᠳᠤᠭ ᠪᠡᠯᠴᠢᠭᠡᠷ ᠢ ᠰᠡᠷᠭᠦᠭᠡᠭᠦ ᠦᠨ᠎ᠠ ᠴᠠᠨ᠎ᠠ ᠠᠴᠠ ᠬᠤᠯᠠ ᠲᠠᠪᠠᠭᠰᠠᠨ ᠪᠠᠶᠢᠳᠠᠭ᠃
6. ᠨᠢᠰᠭᠡᠯ ᠢᠶᠠᠷ ᠡᠪᠡᠰᠤ ᠲᠠᠷᠢᠬᠤ ᠨᠢ ᠡᠯᠡᠰᠦᠷᠭᠡᠭᠵᠢᠯ ᠢ ᠵᠠᠰᠠᠬᠤ ᠵᠢᠱᠢᠭᠰᠡᠨ ᠦᠷ᠎ᠠ ᠳ᠋ᠦᠩ ᠳᠤ ᠭᠦᠷᠴᠤ ᠴᠢᠳᠠᠨ᠎ᠠ ᠤᠤ︖
ᠨᠢᠰᠭᠡᠯ ᠢᠶᠠᠷ ᠡᠪᠡᠰᠤ ᠲᠠᠷᠢᠬᠤ ᠨᠢ ᠮᠠᠰᠢ ᠶᠡᠭᠡ ᠭᠡᠮᠵᠢᠶᠠᠨ ᠤ ᠲᠠᠯ᠎ᠠ ᠪᠠᠷ ᠲᠠᠯ᠎ᠠ ᠨᠤᠳᠤᠭ ᠤᠨ ᠭᠠᠵᠠᠷ ᠤᠷᠤᠨ ᠤ ᠪᠠᠶᠢᠳᠠᠯ ᠳᠤ ᠲᠤᠭᠢᠷᠠᠬᠤ ᠦᠭᠡᠢ ᠶᠤᠮ᠃ ᠶᠠᠭᠠᠭᠢᠭᠠᠳ ᠭᠡᠪᠡᠯ᠄
ᠨᠢᠭᠡᠳᠦᠭᠡᠷ ᠲᠤ᠂ ᠲᠠᠯᠠᠷᠬᠠᠭ ᠤᠷᠤᠨ ᠤ ᠭᠦᠷᠤᠰᠤ ᠰᠢᠷᠤᠢ ᠳᠤ ᠶᠡᠭᠡ ᠭᠡᠮᠵᠢᠶᠠᠨ ᠤ ᠦᠷ᠎ᠠ ᠵᠢᠴᠢ ᠡᠯ᠎ᠠ ᠲᠦᠷᠦᠯ ᠤᠨ ᠦᠷᠡᠵᠢᠯᠳᠤ ᠪᠡᠶ᠎ᠠ ᠠᠭᠤᠯᠤᠠᠠᠳᠠᠵᠤ᠂ ᠵᠦᠪᠭᠡᠨ ᠨᠠᠭᠢᠶᠠᠯᠠᠵᠤ ᠲᠠᠶᠢᠯᠭᠦ ᠦᠭᠡᠢ ᠪᠤᠶᠤ ᠨᠠᠭᠢᠶᠠᠯᠬᠠᠰᠠᠨ ᠴᠤ ᠤᠷᠭᠤᠬᠤ ᠲᠤᠭᠢᠶᠠᠯ ᠦᠭᠡᠢ ᠪᠠᠶᠢᠳᠠᠭ᠃ ᠡᠶᠢᠮᠤ ᠠᠴᠠ ᠨᠢᠰᠭᠡᠯ ᠢᠶᠠᠷ ᠡᠪᠡᠰᠤ ᠲᠠᠷᠢᠬᠤ ᠨᠢ ᠵᠦᠪᠭᠡᠨ ᠡᠪᠡᠰᠤ ᠪᠡᠯᠴᠢᠭᠡᠷ ᠤᠨ ᠰᠡᠷᠭᠦᠯᠳᠡ ᠶᠢᠨ ᠲᠤᠮᠳᠡᠭᠢ ᠮᠠᠰᠢ ᠵᠢᠵᠢᠭ ᠲᠡᠳ᠋ ᠵᠦᠷᠢᠴᠡᠯ ᠢ ᠰᠢᠢᠳᠪᠤᠷᠢᠯᠡᠭᠰᠡᠨ ᠲᠡᠳᠦᠢ ᠶᠤᠮ᠃ ᠭᠤᠤᠯ ᠵᠦᠷᠢᠴᠡᠯ ᠨᠢ ᠪᠤᠯ ᠮᠠᠯ ᠰᠦᠷᠦᠭ ᠤᠨ ᠲᠠᠷᠤᠯᠳᠠ᠂ ᠲᠠᠷᠠᠭ᠎ᠠ ᠨᠢ ᠪᠤᠯ ᠭᠠᠩ ᠬᠠᠭᠰᠠᠷᠠᠭᠠᠨ ᠪᠤᠯᠤᠨ᠎ᠠ᠃
ᠬᠤᠶᠠᠳᠤᠭᠠᠷ ᠲᠤ᠂ ᠨᠢᠰᠭᠡᠯ ᠢᠶᠠᠷ ᠡᠪᠡᠰᠤ ᠲᠠᠷᠢᠬᠤ ᠨᠢ ᠶᠡᠭᠡ ᠭᠡᠮᠵᠢᠶᠠᠨ ᠤ ᠭᠠᠳᠠᠨᠠᠭᠢ ᠶᠢᠨ ᠦᠷ᠎ᠠ ᠶᠢ ᠠᠪᠴᠢᠷᠠᠵᠤ᠂ ᠵᠠᠷᠢᠮ ᠬᠤᠤᠷ ᠲᠠᠢ ᠦᠷ᠎ᠠ᠂ ᠵᠢᠱᠢᠶᠡᠯᠡᠪᠡᠯ ᠰᠤᠠᠠᠳᠤᠭᠤ ᠡᠪᠡᠰᠤᠨ ᠤ ᠦᠷ᠎ᠠ ᠨᠢ ᠲᠤᠷᠯᠤᠭ ᠲᠠᠪᠡᠯᠵᠢ ᠶᠢᠨ ᠦᠷ᠎ᠠ ᠲᠠᠢ ᠬᠤᠯᠢᠯᠳᠤᠭᠠᠳ ᠲᠠᠯ᠎ᠠ ᠨᠤᠳᠤᠭ ᠲᠤ ᠪᠠᠭᠤᠬᠤ ᠪᠤᠯᠤᠨ᠎ᠠ᠃ ᠲᠠᠷᠠ ᠮᠦᠷᠳᠡᠭᠡᠨ ᠶᠡᠭᠡᠨᠭᠭᠢ ᠦᠷ᠎ᠠ ᠨᠢ ᠲᠤᠰ ᠭᠠᠵᠠᠷ ᠤᠷᠤᠨ ᠳᠤ ᠤᠷᠭᠤᠬᠤ ᠦᠭᠡᠢ ᠪᠠᠶᠢᠳᠠᠯ᠎ᠠ ᠬᠠᠷᠢᠨ ᠶᠡᠭᠡ ᠭᠡᠮᠵᠢᠶ᠎ᠠ ᠪᠠᠷ ᠲᠠᠷᠢᠵᠤ ᠪᠠᠶᠢᠳᠠᠭ᠃ ᠡᠨᠡ ᠨᠢ ᠤᠬᠤᠷᠬᠠᠨ ᠬᠤᠭᠤᠴᠠᠭᠠᠨ ᠲᠤᠳᠤᠷ᠎ᠠ ᠪᠢᠳᠡ ᠲᠡᠭᠦᠨ ᠤ ᠭᠦᠨᠦᠭᠡᠯ ᠢ ᠤᠯᠵᠤ ᠬᠠᠷᠠᠬᠤ ᠦᠭᠡᠢ ᠪᠤᠯᠪᠠᠴᠤ ᠠᠮᠢ ᠠᠬᠤᠢ ᠶᠢᠨ ᠲᠡᠩᠴᠡᠭᠦᠷᠢ ᠪᠤᠯᠤᠨ ᠠᠮᠢᠳᠤ ᠪᠤᠳᠠᠰ ᠤᠨ ᠤᠯᠠᠨ ᠶᠠᠩᠵᠤᠳᠤ ᠴᠢᠨᠠᠷ ᠢ ᠬᠠᠮᠠᠭᠠᠯᠠᠬᠤ ᠲᠠᠯ᠎ᠠ ᠠᠴᠠ ᠠᠪᠴᠤ ᠦᠵᠡᠪᠡᠯ ᠠᠰᠢᠭ ᠦᠭᠡᠢ ᠶᠠᠪᠤᠳᠠᠯ ᠪᠤᠯᠬᠤ ᠶᠤᠮ᠃
ᠭᠤᠷᠪᠠᠳᠤᠭᠠᠷ ᠲᠤ᠂ ᠠᠵᠤ ᠠᠬᠤᠢ ᠶᠢᠨ ᠲᠠᠯ᠎ᠠ ᠪᠠᠷ ᠠᠰᠢᠭ ᠦᠭᠡᠢ᠂ ᠬᠠᠮᠢᠶ᠎ᠠ ᠪᠦᠭᠦᠢ ᠪᠠᠶᠢᠴᠠᠭᠠᠯᠳᠠ ᠶᠢ ᠦᠨᠳᠦᠰᠦᠯᠡᠪᠡᠯ᠂ ᠶᠠᠮᠠᠷ ᠨᠢᠭᠡᠨ ᠬᠤᠰᠢᠭᠤ ᠰᠢᠶᠠᠨ 5000 ᠮᠤ᠋ ᠡᠯᠡᠰᠤᠨ ᠳᠤ ᠨᠢᠰᠭᠡᠯ ᠢᠶᠠᠷ ᠡᠪᠡᠰᠤ ᠲᠠᠷᠢᠵᠤ᠂ ᠪᠦᠷᠭᠦᠴᠡ ᠶᠢᠨ ᠨᠤᠷᠮ᠎ᠠ ᠶᠢ 30% ᠰᠢᠬᠠᠮ ᠲᠡᠭᠡᠭᠰᠢᠯᠡᠭᠦᠯᠵᠤ᠂ ᠪᠦᠷᠭᠦᠴᠡ ᠶᠢᠨ ᠨᠤᠷᠮ᠎ᠠ ᠶᠢ 10% ᠪᠠᠷ ᠲᠡᠭᠡᠭᠰᠢᠯᠡᠭᠦᠯᠭᠦ ᠪᠦᠷᠢ ᠮᠤ᠋ ᠪᠦᠷᠢ 54 ᠲᠦᠭᠦᠷᠢᠭ ᠵᠠᠷᠤᠴᠠᠭᠤᠯᠵᠤ᠂ ᠨᠠᠶᠢᠳᠡ 81 ᠲᠦᠮᠡᠨ ᠲᠦᠭᠦᠷᠢᠭ ᠭᠡᠷᠡᠭᠯᠡᠵᠤ᠂ ᠡᠭᠦᠨ ᠳᠤ ᠪᠠᠰᠠ ᠨᠢᠰᠭᠡᠯ ᠢᠶᠠᠷ ᠲᠠᠷᠢᠭᠠᠳ ᠪᠦᠳᠦᠭᠰᠡᠨ ᠦᠭᠡᠢ ᠡᠯ᠎ᠡ ᠵᠦᠢᠯ ᠤᠨ ᠰᠦᠢᠳᠭᠡᠯ ᠪᠠᠭᠳᠠᠬᠤ ᠦᠭᠡᠢ ᠪᠠᠶᠢᠳᠠᠭ᠃ ᠭᠡᠳᠡᠯ᠎ᠠ ᠭᠦᠷᠢᠶᠡᠯᠡᠭᠰᠡᠨ ᠲᠤᠷᠰᠢᠯᠭ᠎ᠠ ᠠᠴᠠ ᠠᠪᠴᠤ ᠦᠵᠡᠪᠡᠯ᠂ 4 ᠲᠦᠮᠡᠨ ᠮᠤ᠋ ᠡᠯᠡᠰᠦᠷᠭᠡᠭ ᠭᠠᠵᠠᠷ ᠢ ᠭᠦᠷᠢᠶᠠᠯᠡᠬᠦ ᠳᠤ 16 ᠲᠦᠮᠡᠨ ᠲᠦᠭᠦᠷᠢᠭ ᠯᠡ ᠵᠠᠷᠤᠴᠠᠭᠤᠯᠵᠤ᠂ ᠡᠪᠡᠰᠤᠨ ᠤ ᠪᠦᠷᠭᠦᠴᠡ ᠶᠢᠨ ᠨᠤᠷᠮ᠎ᠠ ᠨᠢ 100% ᠳᠤ ᠭᠦᠷᠴᠤ᠂ ᠨᠡᠭᠦᠳᠡᠯ ᠡᠯᠡᠰᠤᠨ ᠤ ᠠᠶᠠᠠᠳᠠᠭᠠᠨ ᠰᠡᠷᠭᠦᠭᠦ ᠨᠤᠷᠮ᠎ᠠ ᠨᠢ 30% ᠳᠤ ᠭᠦᠷᠴᠤ᠂ ᠲᠤᠮᠳᠠᠴᠢᠯᠠᠵᠤ ᠪᠤᠳᠤᠪᠠᠯ ᠪᠦᠷᠭᠦᠴᠡ ᠶᠢᠨ ᠨᠤᠷᠮ᠎ᠠ ᠨᠢ 100% ᠲᠡᠭᠡᠭᠰᠢᠯᠡᠭᠦᠯᠭᠦ ᠪᠦᠷᠢ ᠮᠤ᠋ ᠪᠦᠷᠢ ᠳᠤ 1.73 ᠲᠦᠭᠦᠷᠢᠭ ᠵᠠᠷᠤᠴᠠᠭᠤᠯᠤᠠᠠᠰᠠᠨ ᠪᠠᠶᠢᠨ᠎ᠠ᠃ ᠠᠶᠠᠠᠳᠠᠭᠠᠨ ᠰᠡᠷᠭᠦᠭᠰᠡᠨ ᠤᠷᠭᠤᠮᠠᠯ ᠨᠢ ᠶᠠᠮᠠᠷ ᠴᠤ ᠬᠤᠯᠢᠯᠴᠠᠭ᠎ᠠ ᠦᠭᠡᠢ ᠴᠦᠮ ᠦᠶᠡᠳᠤ ᠤᠷᠭᠤᠮᠠᠯ ᠤᠨ ᠴᠢᠨᠠᠷ ᠰᠠᠶᠢᠳᠡᠢ ᠡᠪᠡᠰᠤ ᠪᠡᠯᠴᠢᠭᠡᠷ ᠪᠤᠯᠤᠨ᠎ᠠ᠃ ᠡᠶᠢᠮᠤ ᠠᠴᠠ ᠠᠵᠤ ᠠᠬᠤᠢ ᠶᠢᠨ ᠲᠠᠯ᠎ᠠ ᠪᠠᠷ ᠴᠤ ᠲᠠᠷᠠ᠂ ᠠᠮᠢ ᠠᠬᠤᠢ ᠶᠢᠨ ᠲᠠᠯ᠎ᠠ ᠪᠠᠷ ᠴᠤ ᠲᠠᠷᠠ᠂ ᠨᠢᠰᠭᠡᠯ ᠢᠶᠠᠷ ᠡᠪᠡᠰᠤ ᠲᠠᠷᠢᠬᠤ ᠨᠢ ᠠᠰᠢᠭ ᠦᠭᠡᠢ ᠪᠦᠭᠡᠳ ᠴᠢᠨ᠋ᠬᠠᠰᠢᠯᠠᠪᠠᠯ ᠭᠦᠨᠦᠭᠡᠯ ᠲᠠᠢ ᠶᠤᠮ᠃
7. ᠠᠮᠢ ᠠᠬᠤᠢ ᠶᠢ ᠰᠡᠷᠭᠦᠭᠡᠭᠦ ᠳᠤ ᠪᠠᠶᠢᠭᠠᠯᠢᠯᠢᠬ ᠭᠦᠴᠤᠨ ᠢ ᠴᠢᠬᠤᠯᠠᠴᠢᠯᠠᠨ᠎ᠠ ᠤᠤ︖ ᠡᠰᠡᠪᠡᠯ ᠭᠦᠮᠦᠨ ᠤ ᠭᠦᠴᠤᠨ ᠢ ᠴᠢᠬᠤᠯᠠᠴᠢᠯᠡᠨ᠎ᠠ ᠤᠤ︖
ᠪᠠᠶᠢᠭᠠᠯᠢᠯᠢᠬ ᠭᠦᠴᠤᠨ ᠳᠤ ᠲᠦᠰᠢᠭᠯᠡᠨ ᠠᠮᠢ ᠠᠬᠤᠢ ᠶᠢ ᠰᠡᠷᠭᠦᠭᠡᠭᠦ ᠪᠤᠯ ᠨᠢᠭᠡᠨ ᠪᠦᠳᠦᠮᠵᠢᠳᠡᠢ ᠴᠢᠬᠤᠯᠠ ᠠᠷᠭ᠎ᠠ ᠭᠡᠮᠵᠢᠶ᠎ᠠ ᠪᠤᠯᠤᠨ᠎ᠠ᠃ ᠪᠠᠶᠢᠭᠠᠯᠢᠯᠢᠬ ᠭᠦᠴᠤᠨ ᠢ ᠠᠰᠢᠠᠠᠯᠠᠨ ᠠᠮᠢ ᠠᠬᠤᠢ ᠶᠢ ᠰᠡᠷᠭᠦᠭᠡᠭᠦ ᠶᠠᠪᠤᠴᠡ ᠶᠢ ᠪᠢᠳᠡᠭᠦᠮᠵᠢᠯᠡᠭᠦ ᠶᠠᠪᠤᠳᠠᠯ ᠭᠡᠮᠡᠨ ᠲᠦᠭᠦᠮ ᠢᠶᠠᠷ ᠤᠶᠢᠯᠠᠭᠠᠵᠤ ᠪᠤᠯᠤᠨ᠎ᠠ᠃ ᠦᠭᠡᠷ᠎ᠡ ᠪᠠᠷ ᠭᠡᠯᠡᠪᠡᠯ ᠭᠦᠷᠤᠰᠤ ᠰᠢᠷᠤᠢ ᠶᠢ ᠬᠤᠭᠢᠷᠠᠭᠤᠯᠬᠤ ᠦᠭᠡᠢ ᠬᠠᠮᠠᠭᠠᠯᠠᠬᠤ ᠤᠷᠢᠳᠠᠯ ᠲᠤᠤᠷ᠎ᠡ᠂ ᠡᠯ᠎ᠡ ᠲᠦᠷᠦᠯ ᠤᠨ ᠦᠷᠡᠵᠢᠯᠳᠤ ᠪᠡᠶ᠎ᠠ ︵ᠵᠢᠱᠢᠶᠡᠯᠡᠪᠡᠯ ᠦᠷ᠎ᠡ᠂ ᠪᠤᠷᠴᠠᠭ᠂ ᠦᠷ᠎ᠠ ᠵᠢᠮᠢᠰ᠂ ᠰᠤᠶᠤᠭᠠᠯᠠᠬᠤ ᠦᠨᠳᠤᠰᠤ ᠪᠠ ᠨᠠᠭᠢᠶᠠᠯᠠᠬᠤ ᠴᠢᠭᠢ︶ ᠵᠡᠷᠭᠡ ᠶᠢ ᠴᠢᠯᠦᠭᠡᠳᠡᠢ ᠦᠷᠡᠵᠢᠭᠦᠯᠭᠦ ᠶᠠᠪᠤᠳᠠᠯ ᠪᠤᠯᠤᠨ᠎ᠠ᠃ ᠪᠠᠶᠢᠭᠠᠯᠢᠯᠢᠬ ᠨᠤᠳᠤᠭ ᠪᠡᠯᠴᠢᠭᠡᠷ ᠲᠤ ᠤᠯᠢᠶᠠᠰᠤ ᠵᠡᠷᠭᠡ ᠲᠠᠩ ᠭᠠᠭᠴᠠ ᠲᠦᠷᠦᠯ ᠤᠨ ᠮᠤᠳᠤ ᠲᠠᠷᠢᠬᠤ ᠶᠢ ᠡᠷᠡᠰ ᠡᠰᠡᠷᠭᠦᠴᠡᠭᠦ ᠭᠡᠷᠡᠭᠳᠡᠢ᠃ ᠡᠨᠡ ᠬᠦ ᠠᠵᠢᠯᠯᠠᠭ᠎ᠠ ᠪᠤᠯ ᠪᠠᠶᠢᠭᠠᠯᠢᠯᠢᠬ ᠪᠡᠯᠴᠢᠭᠡᠷ ᠲᠠᠬᠢ ᠭᠦᠮᠦᠰ ᠤᠨ ᠲᠠᠯᠭᠢᠨ᠋ᠠᠳᠠᠯ ᠮᠦᠨ ᠪᠦᠭᠡᠳ ᠡᠪᠡᠰᠤ ᠪᠡᠯᠴᠢᠭᠡᠷ ᠢ ᠰᠡᠷᠭᠦᠭᠡᠭᠦ ᠳᠤ ᠠᠰᠢᠭ ᠦᠭᠡᠢ ᠮᠦᠷᠳᠡᠭᠡᠨ ᠬᠤᠤᠷ ᠲᠠᠢ ᠶᠤᠮ᠃ ᠪᠠᠶᠢᠭᠠᠯᠢᠯᠢᠬ ᠭᠦᠴᠤᠨ ᠢ ᠠᠰᠢᠠᠠᠯᠠᠨ ᠡᠪᠡᠰᠤ ᠪᠡᠯᠴᠢᠭᠡᠷ ᠢ ᠰᠡᠷᠭᠦᠭᠡᠭᠰᠡᠨ ᠪᠦᠳᠦᠮᠵᠢᠳᠡᠢ ᠦᠯᠢᠭᠡᠷ ᠵᠢᠱᠢᠶ᠎ᠠ ᠮᠠᠰᠢ ᠤᠯᠠᠨ ᠪᠤᠢ᠃ ᠵᠢᠱᠢᠶᠡᠯᠡᠪᠡᠯ ᠬᠤᠯᠠᠨ ᠰᠢᠷᠭ᠎ᠠ ᠲᠠᠭ᠎ᠠ ᠶᠢᠨ ᠡᠯᠡᠰᠤᠨ ᠳᠠᠬᠢ ᠰᠢᠯᠤᠭᠤᠨ ᠭᠦᠭᠡ ᠬᠤᠰᠢᠭᠤᠨ ᠤ ᠪᠠᠶᠠᠠᠬᠤᠰᠢᠭᠤ ᠭᠠᠴᠠᠭ᠎ᠠ 4 ᠲᠦᠮᠡᠨ ᠮᠤ᠋ ᠪᠠᠯᠴᠢᠭᠡᠷ ᠢ ᠪᠢᠳᠡᠭᠦᠮᠵᠢᠯᠡᠭᠰᠡᠨ ᠳᠤ ᠴᠠᠶᠢᠳᠠᠮ ᠲᠡᠭᠡᠷᠡᠭᠢ ᠡᠪᠡᠰᠤ ᠤᠷᠭᠤᠮᠠᠯ ᠨᠢ ᠨᠢᠭᠡᠳᠦᠭᠡᠷ ᠵᠢᠯ ᠳᠡᠭᠡᠨ ᠪᠦᠭᠦᠨ ᠢᠶᠠᠷ ᠢᠶᠠᠨ ᠰᠡᠷᠭᠦᠵᠤ᠂ ᠡᠪᠡᠰᠤ ᠨᠢ ᠲᠤᠬᠠᠢ ᠶᠢᠨ ᠵᠢᠯ ᠳᠡᠭᠡᠨ 80cm ᠦᠨᠳᠤᠷ ᠤᠷᠭᠤᠵᠤ᠂ ᠮᠤ᠋ ᠪᠦᠷᠢ ᠠᠴᠠ 820 ᠵᠢᠩ ᠡᠪᠡᠰᠤ ᠬᠠᠳᠤᠵᠠᠢ᠃ ᠬᠤᠶᠠᠳᠤᠭᠠᠷ ᠵᠢᠯ ᠳᠤᠨᠢ ᠨᠡᠩ ᠭᠠᠶᠢᠬᠠᠮ᠎ᠠ ᠪᠠᠶᠢᠳᠠᠯ ᠢᠯᠡᠷᠡᠵᠤ᠂ ᠡᠪᠡᠰᠤ ᠨᠢ 1.43m ᠦᠨᠳᠤᠷ ᠤᠷᠭᠤᠵᠤ᠂ ᠮᠤ᠋ ᠪᠦᠷᠢ ᠠᠴᠠ 5300 ᠵᠢᠩ ᠡᠪᠡᠰᠤ ᠬᠤᠷᠢᠶᠠᠵᠤ᠂ ᠠᠶᠠᠠᠳᠠᠭᠠᠨ ᠴᠢᠭᠢᠯᠡᠭᠰᠡᠨ ᠵᠤᠯᠵᠠᠭᠠᠨ ᠬᠠᠶᠢᠯᠠᠰᠤ ᠨᠢ ᠲᠡᠭᠰᠢ ᠲᠦᠷᠪᠠᠯᠵᠢᠨ ᠮᠧᠲᠷ ᠪᠦᠷᠢ 321 ᠰᠠᠭᠤᠷᠢ ᠴᠤᠬᠤᠶᠢᠵᠠᠢ᠃ ᠭᠦᠢ ᠪᠦᠯᠦᠭᠯᠡᠯ ᠤᠨ ᠤᠷᠤᠯᠬᠠᠳᠠᠯ ᠤᠨ ᠲᠠᠯ᠎ᠠ ᠪᠠᠷ ᠤᠷᠭᠤᠮᠠᠯ ᠤᠨ ᠲᠦᠷᠦᠯ ᠨᠢ ᠲᠤᠬᠠᠢ ᠶᠢᠨ ᠵᠢᠯ ᠤᠨ ᠬᠤᠯᠢᠮᠠᠭ ᠲᠦᠷᠦᠯ ᠤᠨ ᠡᠪᠡᠰᠤ ᠪᠠᠶᠢᠠᠠᠰᠠᠨ ᠠᠴᠠ ᠴᠢᠨᠠᠷ ᠰᠠᠶᠢᠳᠠᠢ ᠦᠶᠡᠳᠤ ᠤᠷᠭᠤᠮᠠᠯ ᠪᠤᠯᠵᠤ ᠰᠤᠯᠢᠠᠠᠳᠠᠵᠠᠢ᠃ ᠡᠨᠡ ᠪᠤᠯ ᠭᠦᠮᠦᠨ ᠤ ᠶᠠᠮᠠᠷᠪᠡ ᠭᠦᠴᠦᠨ ᠢᠶᠠᠷ ᠪᠡᠶᠡᠯᠡᠭᠦᠯᠵᠤ ᠴᠢᠳᠠᠰᠢ ᠦᠭᠡᠢ ᠶᠠᠪᠤᠳᠠᠯ ᠶᠤᠮ᠃ ᠲᠠᠭᠢᠪᠡᠯ ᠤᠯᠠᠭᠠᠠᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠰᠠᠶᠢᠬᠠᠬᠠᠭᠤᠯᠠ ᠠᠮᠢᠳᠤ ᠪᠤᠳᠠᠰ ᠤᠨ ᠬᠠᠮᠠᠭᠠᠯᠠᠯᠳᠡ ᠶᠢᠨ ᠲᠤᠭᠤᠷᠢᠭ ᠤᠨ 1000 ᠭᠠᠷᠤᠢ ᠮᠤ᠋᠂ ᠭᠤᠤᠯ ᠲᠤᠭᠤᠷᠢᠭ ᠨᠢ ᠰᠠᠭᠤᠷᠢᠰᠢᠯ ᠮᠠᠯᠵᠢᠯ ᠤᠨ 100 ᠴᠡᠭ ᠢ ᠨᠡᠭᠦᠯᠭᠡᠨ ᠰᠢᠯᠵᠢᠭᠦᠯᠦᠭᠰᠡᠨ ᠠᠴᠠ ᠬᠤᠵᠢᠭᠢᠷ ᠪᠠᠶᠢᠠᠠᠰᠠᠨ ᠡᠯᠡᠰᠤ ᠶᠢᠨ ᠤᠷᠭᠤᠮᠠᠯ ᠨᠢ ᠵᠢᠯ ᠤᠨ ᠲᠤᠳᠤᠷ᠎ᠡ ᠪᠦᠭᠦᠨ ᠢᠶᠠᠷ ᠢᠶᠠᠨ ᠰᠡᠷᠭᠦᠭᠰᠡᠨ ᠪᠠᠶᠢᠨ᠎ᠠ᠃ ᠡᠳᠡᠭᠡᠷ ᠵᠢᠱᠢᠶ᠎ᠠ ᠨᠦᠭᠦᠳ ᠨᠢ ᠪᠠᠶᠢᠭᠠᠯᠢᠯᠢᠬ ᠭᠦᠴᠤᠨ ᠢ ᠠᠰᠢᠠᠠᠯᠠᠨ ᠠᠮᠢ ᠠᠬᠤᠢ ᠶᠢᠨ ᠰᠢᠰᠲ᠋ᠧᠮ ᠢ ᠰᠡᠷᠭᠦᠭᠡᠭᠦ ᠨᠢ ᠬᠠᠮᠤᠭ ᠤᠨ ᠰᠢᠭᠤᠳ᠂ ᠬᠠᠮᠤᠭ ᠤᠨ ᠠᠷᠪᠢᠴᠢ᠂ ᠬᠠᠮᠤᠭ ᠤᠨ ᠪᠦᠳᠦᠮᠵᠢᠳᠡᠢ᠂ ᠲᠦᠭᠰᠢᠭᠦᠷᠢ ᠪᠠᠷ ᠴᠤ ᠬᠠᠮᠤᠭ ᠤᠨ ᠪᠠᠭ᠎ᠠ ᠪᠠᠶᠢᠬᠤ ᠠᠷᠭ᠎ᠠ ᠵᠠᠮ ᠮᠦᠨ ᠭᠡᠰᠡᠨ ᠢ ᠲᠤᠳᠤ ᠬᠠᠷᠠᠭᠤᠯᠵᠤ ᠪᠠᠶᠢᠨ᠎ᠠ᠃ ᠭᠡᠳᠡᠯ᠎ᠠ ᠤᠷᠳᠤ ᠬᠤᠭᠤᠴᠠᠭᠠᠨ ᠤ ᠲᠤᠷᠰᠢ ᠭᠦᠮᠦᠰ ᠡᠨᠡ ᠬᠦ ᠶᠠᠪᠤᠳᠠᠯ ᠢ ᠤᠮᠳᠤᠭᠠᠶᠢᠯᠬᠠᠰᠠᠨ ᠨᠢ ᠮᠠᠰᠢ ᠬᠠᠷᠠᠮᠰᠠᠯᠳᠠᠢ ᠪᠢᠯᠡ᠃
8. ᠭᠦᠮᠦᠰ ᠡᠯᠡᠰᠤᠨ ᠰᠢᠭᠤᠷᠭ᠎ᠠ ᠪᠤᠰᠪᠠᠯ ᠠᠭᠠᠷ ᠲᠡᠭᠷᠢ ᠳᠤ ᠭᠤᠮᠤᠳᠠᠵᠤ᠂ ᠬᠠᠷᠢᠨ ᠭᠦᠮᠦᠨ ᠤ ᠭᠦᠨᠦᠭᠡᠯ ᠢ ᠵᠢᠮᠡᠯᠡᠭᠦ ᠦᠭᠡᠢ ᠪᠠᠶᠢᠳᠠᠭ᠂ ᠡᠨᠡ ᠨᠢ ᠲᠠᠭᠠᠷᠠᠨ᠎ᠠ ᠤᠤ︖
ᠡᠨᠡ ᠪᠤᠯ ᠰᠤᠯᠤᠭᠠᠢ ᠦᠵᠡᠯᠳᠡ ᠪᠤᠯᠤᠨ᠎ᠠ᠃ ᠣᠳᠤ ᠶᠢᠨ ᠲᠠᠴᠢᠷᠳ᠋ᠬᠠᠰᠠᠨ ᠨᠤᠳᠤᠭ ᠪᠡᠯᠴᠢᠭᠡᠷ ᠢ ᠶᠡᠭᠡᠳᠡ ᠵᠤᠭᠤᠰ ᠮᠦᠡᠭᠭᠦ ᠵᠠᠷᠤᠴᠠᠭᠤᠯᠤᠨ ᠵᠠᠰᠠᠬᠤ ᠶᠠᠪᠤᠴᠠ ᠳᠤ᠂ ᠭᠡᠷᠪᠡ ᠡᠪᠯᠡᠭᠦᠯᠵᠤ ᠰᠠᠯᠪᠢᠭᠦ ᠠᠷᠭ᠎ᠠ ᠶᠢ ᠠᠪᠤᠭᠠᠳ᠂ ᠠᠮᠢ ᠠᠬᠤᠢ ᠶᠢᠨ ᠰᠢᠰᠲ᠋ᠧᠮ ᠳᠤ ᠭᠦᠮᠦᠰ ᠤᠨ ᠤᠴᠠᠷᠠᠭᠤᠯᠵᠤ ᠪᠠᠶᠢᠬᠤ ᠡᠪᠳᠡᠯᠡᠭᠡ ᠶᠢ ᠪᠤᠳᠤᠯᠭᠢᠯᠠᠬᠤ ᠦᠭᠡᠢ ᠪᠦᠭᠡᠳ ᠲᠤᠬᠠᠢ ᠶᠢᠨ ᠭᠠᠵᠠᠷ ᠤᠨ ᠠᠷᠠᠳ ᠢᠷᠭᠡᠳ ᠢ ᠤᠷᠤᠯᠴᠠᠭᠤᠯᠬᠤ ᠦᠭᠡᠢ ᠪᠤᠶᠤ ᠲᠡᠳᠡᠨ ᠳᠤ ᠠᠰᠢᠭ ᠭᠦᠷᠳᠡᠭᠡᠭᠦ ᠦᠭᠡᠢ ᠶᠤᠮ ᠪᠤᠯ ᠵᠠᠰᠠᠯᠳᠠ ᠨᠢ ᠶᠠᠮᠠᠷᠴᠤ ᠠᠮᠵᠢᠯᠳᠡ ᠤᠯᠵᠤ ᠴᠢᠳᠠᠬᠤ ᠦᠭᠡᠢ᠂ ᠭᠡᠳᠡᠷᠭᠦ ᠪᠠᠨ ᠠᠶᠠᠠᠳᠠᠭᠠᠨ ᠰᠡᠷᠭᠦᠭᠦ ᠴᠠᠭ ᠮᠦᠴᠡ ᠶᠢ ᠲᠠᠯᠠᠭᠠᠷ ᠰᠦᠢᠳᠭᠡᠭᠦ ᠪᠤᠯᠤᠨ᠎ᠠ᠃ ᠡᠶᠢᠮᠤ ᠠᠴᠠ ᠠᠮᠢ ᠠᠬᠤᠢ ᠶᠢᠨ ᠵᠠᠰᠠᠯᠳᠠ ᠶᠢᠨ ᠲᠤᠭ ᠢ ᠡᠷᠭᠦᠭᠰᠡᠨ ᠠᠮᠢ ᠠᠬᠤᠢ ᠶᠢᠨ ᠪᠦᠳᠦᠭᠡᠨ ᠪᠠᠶᠢᠭᠤᠯᠤᠯᠳᠠ ᠶᠢᠨ ᠢᠨᠵᠧᠨᠧᠷᠢᠩ ᠪᠠ ᠠᠮᠢ ᠠᠬᠤᠢ ᠶᠢᠨ ᠡᠪᠳᠡᠯᠡᠭᠦ ᠠᠷᠭ᠎ᠠ ᠭᠢᠳᠡᠯ ᠢ ᠶᠡᠭᠡ ᠪᠠᠷ ᠰᠡᠷᠡᠮᠵᠢᠯᠡᠭᠦ ᠭᠡᠷᠡᠭᠳᠡᠢ᠃
9. ᠨᠤᠳᠤᠭ ᠤᠰᠤ ᠪᠠᠷ ᠨᠢ ᠨᠤᠳᠤᠭ ᠪᠡᠯᠴᠢᠭᠡᠷ ᠢ ᠵᠠᠰᠠᠬᠤ ᠪᠤᠯ ᠵᠠᠩᠭᠢᠯᠠᠭ᠎ᠠ᠂ ᠠᠮᠢ ᠠᠬᠤᠢ ᠶᠢᠨ ᠬᠤᠳᠠ
ᠪᠠᠯᠭᠠᠰᠤᠴᠢᠯᠠᠯ ᠪᠤᠯ ᠭᠠᠷᠬᠤ ᠵᠠᠮ ᠮᠦᠨ ᠭᠡᠰᠡᠨ ᠦᠯᠢᠭᠡᠷ ᠭᠡᠪ ᠢ ᠶᠠᠭᠠᠭᠢᠵᠤ ᠤᠶᠢᠯᠠᠭᠠᠬᠤ ᠪᠤᠢ︖
ᠡᠨᠡ ᠬᠦ ᠪᠤᠳᠤᠯᠭᠢᠯᠠᠯ ᠪᠤᠯ ᠭᠤᠤᠯ ᠨᠢ ᠪᠠᠭ᠎ᠠ ᠭᠡᠮᠵᠢᠶᠠᠨ ᠤ ᠭᠠᠵᠠᠷ ᠨᠤᠳᠤᠭ ᠢ ᠠᠰᠢᠠᠠᠯᠠᠨ ᠤᠳᠤᠭᠢᠴᠢᠯᠬᠠᠰᠠᠨ ᠮᠠᠷᠭᠡᠵᠢᠯ ᠤᠨ ᠠᠷᠭ᠎ᠠ ᠪᠠᠷᠢᠯ ᠢ ᠭᠡᠷᠡᠭᠯᠡᠵᠤ ᠭᠠᠵᠠᠷ ᠨᠤᠳᠤᠭ ᠤᠨ ᠠᠰᠢᠠᠠᠯᠠᠯᠳᠠ ᠶᠢᠨ ᠨᠤᠷᠮ᠎ᠠ ᠶᠢ ᠲᠡᠭᠡᠭᠰᠢᠯᠡᠭᠦᠯᠵᠤ᠂ ᠨᠡᠶᠢᠭᠡᠮ ᠲᠤᠭᠤᠷᠢᠭ ᠤᠨ ᠤᠯᠠᠨ ᠲᠦᠮᠡᠨ ᠤ ᠪᠤᠳᠠᠰ ᠤᠨ ᠠᠮᠢᠳᠤᠷᠠᠯ ᠪᠤᠯᠤᠨ ᠠᠮᠢᠳᠤᠷᠠᠯ ᠤᠨ ᠭᠢᠷᠢ ᠲᠦᠪᠰᠢᠨ ᠢ ᠲᠡᠭᠡᠭᠰᠢᠯᠡᠭᠦᠯᠦᠨ᠂ ᠶᠡᠭᠡᠨᠭᠭᠢ ᠭᠠᠵᠠᠷ ᠨᠤᠳᠤᠭ ᠢ ᠰᠡᠯᠭᠦᠴᠡᠭᠦᠯᠦᠨ ᠠᠮᠠᠷᠠᠭᠤᠯᠵᠤ᠂ ᠪᠠᠶᠢᠭᠠᠯᠢᠯᠢᠬ ᠭᠦᠴᠤᠨ ᠢ ᠠᠰᠢᠠᠠᠯᠠᠨ ᠲᠠᠴᠢᠷᠳ᠋ᠬᠠᠰᠠᠨ ᠨᠤᠳᠤᠭ ᠪᠡᠯᠴᠢᠭᠡᠷ ᠢ ᠰᠡᠷᠭᠦᠭᠡᠭᠦ ᠶᠠᠪᠤᠳᠠᠯ ᠢᠶᠠᠷ ᠰᠠᠭᠤᠷᠢᠯᠬᠠᠳ᠋ᠬᠠᠰᠠᠨ ᠪᠠᠶᠢᠬᠤ ᠭᠡᠷᠡᠭᠳᠡᠢ᠃ ᠡᠭᠦᠨ ᠢ ᠪᠡᠶᠡᠯᠡᠭᠦᠯᠭᠦ ᠳᠤ ᠴᠤ ᠲᠤᠩ ᠭᠢᠯᠪᠠᠷ ᠶᠤᠮ᠂ ᠲᠤᠬᠠᠶᠢᠯᠠᠪᠠᠯ ᠤᠰᠤ᠂ ᠴᠠᠭᠢᠯᠭᠠᠨ᠂ ᠪᠤᠷᠳᠤᠭᠤᠷ᠂ ᠵᠠᠮ ᠬᠠᠷᠢᠯᠴᠠᠭ᠎ᠠ᠂ ᠮᠡᠷᠭᠡᠵᠢᠯ ᠵᠡᠷᠭᠡ ᠨᠢ ᠪᠠᠳᠤᠯᠠᠭ᠎ᠠ ᠲᠠᠢ ᠭᠠᠵᠠᠷ ᠤᠷᠤᠨ ᠳᠤ ᠪᠠᠭ᠎ᠠ ᠭᠡᠮᠵᠢᠶᠠᠨ ᠤ ᠦᠨᠳᠤᠷ ᠪᠦᠳᠦᠮᠵᠢᠳᠡᠢ ᠤᠷᠤᠨ ᠭᠠᠵᠠᠷ ᠪᠠᠶᠢᠭᠤᠯᠤᠨ᠂ ᠦᠢᠯᠡᠳᠪᠤᠷᠢᠯᠡᠯ ᠭᠢᠭᠡᠳ ᠠᠮᠢᠳᠤᠷᠠᠯ ᠤᠨ ᠭᠡᠯᠪᠡᠷᠢ ᠶᠢᠨ ᠲᠤᠭᠢᠷᠠᠭᠤᠯᠤᠯᠳᠠ ᠭᠢᠵᠤ᠂ ᠶᠡᠭᠡ ᠭᠡᠮᠵᠢᠶᠠᠨ ᠤ ᠲᠠᠴᠢᠷᠳ᠋ᠬᠠᠰᠠᠨ ᠭᠠᠵᠠᠷ ᠢ ᠪᠢᠳᠡᠭᠦᠮᠵᠢᠯᠡᠭᠡᠳ ᠴᠢᠨ᠋ᠬᠠᠰᠢᠳᠡ ᠭᠦᠭᠵᠢᠭᠦᠯᠦᠨ ᠬᠠᠮᠠᠭᠠᠯᠠᠯᠳᠠ ᠶᠢᠨ ᠤᠷᠤᠨ ᠪᠤᠯᠭᠠᠬᠤ ᠭᠡᠷᠡᠭᠳᠡᠢ᠃ ᠠᠰᠢᠠᠠᠯᠠᠬᠤ ᠭᠠᠵᠠᠷ ᠨᠤᠳᠤᠭ ᠪᠡ ᠠᠶᠠᠠᠳᠠᠭᠠᠨ ᠰᠡᠷᠭᠦᠭᠡᠭᠦ ᠭᠠᠵᠠᠷ ᠨᠤᠳᠤᠭ ᠤᠨ ᠬᠠᠷᠢᠴᠠᠯ ᠢ 1᠄ 100 ᠪᠠᠶᠢᠯᠭᠠᠬᠤ ᠭᠡᠷᠡᠭᠳᠡᠢ᠃ ᠡᠨᠡ ᠨᠢ ᠤᠳᠤᠬᠠᠨ ᠤ ᠲᠠᠴᠢᠷᠳ᠋ᠬᠠᠰᠠᠨ ᠠᠮᠢ ᠠᠬᠤᠢ ᠶᠢᠨ ᠰᠢᠰᠲ᠋ᠧᠮ ᠤᠨ ᠦᠢᠯᠡᠳᠪᠤᠷᠢᠯᠡᠯ ᠤᠨ ᠭᠦᠴᠤᠨ ᠮᠠᠰᠢ ᠲᠤᠤᠷ᠎ᠠ ᠪᠠᠶᠢᠬᠤ ᠶᠠᠪᠤᠳᠠᠯ ᠢ ᠵᠤᠭᠢᠬᠤ ᠮᠠᠷᠭᠡᠵᠢᠯ ᠤᠨ ᠠᠷᠭ᠎ᠠ ᠭᠡᠮᠵᠢᠶ᠎ᠠ ᠪᠠᠷ ᠲᠠᠮᠵᠢᠭᠤᠯᠤᠨ᠂ ᠠᠰᠢᠠᠠᠯᠠᠯᠳᠠ ᠶᠢᠨ ᠨᠤᠷᠮ᠎ᠠ ᠶᠢ ᠨᠢ ᠲᠡᠭᠡᠭᠰᠢᠯᠡᠭᠦᠯᠭᠦ ᠶᠠᠪᠤᠳᠠᠯ ᠪᠤᠯᠤᠨ᠎ᠠ᠃ ᠢᠡᠭᠭᠢᠵᠤ ᠭᠢᠭᠦ ᠶᠢᠨ ᠰᠢᠨᠵᠢᠯᠡᠭᠦ ᠤᠬᠠᠭᠠᠠᠴᠢ ᠡᠰᠢ ᠪᠠᠷᠢᠮᠳᠠ ᠨᠢ ᠭᠡᠪᠡᠯ ᠤᠰᠤ ᠪᠤᠷᠳᠤᠭᠤᠷ ᠤᠨ ᠪᠠᠳᠤᠯᠠᠭ᠎ᠠ ᠲᠠᠢ ᠡᠷᠴᠢᠮᠵᠢᠭ᠍ᠰᠡᠨ ᠭᠠᠵᠠᠷ ᠨᠤᠳᠤᠭ ᠪᠤᠯ ᠲᠠᠴᠢᠷᠳᠡᠳᠠᠭ ᠦᠭᠡᠢ ᠪᠠᠶᠢᠳᠠᠭ᠃
ᠲᠤᠳᠤᠷ᠎ᠠ ᠭᠠᠵᠠᠷ ᠤᠨ 5000 ᠵᠢᠯ ᠤᠨ ᠲᠠᠷᠢᠶᠠᠯᠠᠩ ᠤᠨ ᠰᠤᠶᠤᠯ ᠶᠠᠷᠤ ᠠᠴᠠ ᠪᠠᠭᠤᠷᠠᠭᠠᠳᠤᠢ ᠶᠤᠮ᠃ ᠡᠭᠦᠨ ᠤ ᠭᠤᠤᠯ ᠰᠢᠯᠳᠠᠭᠠᠨ ᠨᠢ ᠪᠤᠯ ᠲᠡᠡᠳᠡᠭᠢ ᠶᠢᠨ ᠭᠠᠵᠠᠷ ᠨᠤᠳᠤᠭ ᠲᠠᠴᠢᠷᠳᠠᠭᠠᠳᠤᠢ ᠪᠠᠶᠢᠬᠤ ᠳᠤ ᠪᠤᠢ᠃ ᠲᠠᠯ᠎ᠠ ᠨᠤᠳᠤᠭ ᠤᠨ ᠭᠠᠵᠠᠷ ᠤᠷᠤᠨ ᠤ ᠲᠦᠢᠯ ᠤᠨ ᠴᠢᠬᠤᠯᠠ ᠠᠵᠢᠯ ᠪᠤᠯ ᠲᠠᠷᠤᠢ ᠭᠦᠷᠤᠰᠤ ᠰᠢᠷᠤᠢ ᠶᠢ ᠰᠠᠶᠢᠳᠤᠷ ᠬᠠᠮᠠᠭᠠᠯᠠᠵᠤ ᠰᠠᠯᠭᠢᠨ ᠳᠤ ᠢᠳᠡᠭᠳᠡᠭᠦ ᠶᠢ ᠰᠡᠷᠭᠡᠶᠢᠯᠡᠭᠦ ᠶᠠᠪᠤᠳᠠᠯ ᠪᠤᠯᠤᠨ᠎ᠠ᠃
ᠭᠠᠵᠠᠷ ᠨᠤᠳᠤᠭ ᠢᠶᠠᠷ ᠭᠠᠵᠠᠷ ᠨᠤᠳᠤᠭ ᠢ ᠵᠠᠰᠠᠬᠤ ᠶᠢᠨ ᠵᠠᠩᠭᠢᠯᠠᠭ᠎ᠠ ᠨᠢ ᠵᠠᠰᠠᠬᠤ ᠭᠡᠰᠡᠨ ᠦᠰᠦᠭ ᠲᠡᠭᠡᠷ᠎ᠡ ᠪᠤᠢ᠃ ᠲᠤᠬᠠᠶᠢᠯᠠᠪᠠᠯ ᠵᠢᠵᠢᠭ ᠲᠠᠯᠠᠪᠠᠢ ᠪᠦᠭᠦᠢ ᠰᠢᠮᠡᠯᠢᠭ ᠭᠠᠵᠠᠷ ᠨᠤᠳᠤᠭ ᠢ ᠪᠤᠯ ᠨᠢᠭᠡ ᠳᠤ ᠭᠦᠷᠦᠰᠤ ᠰᠢᠷᠤᠢ ᠨᠢ ᠢᠳᠡᠭᠳᠡᠭᠦ ᠠᠴᠠ ᠰᠡᠷᠭᠡᠶᠢᠯᠡᠭᠦ ᠭᠡᠷᠡᠭᠳᠡᠢ᠃ ᠬᠤᠶᠠᠷ ᠲᠤ ᠭᠦᠷᠦᠰᠤ ᠰᠢᠷᠤᠢ ᠨᠢ ᠭᠦᠷᠦᠰᠤᠨ ᠲᠤᠤᠷᠠᠭᠢ ᠤᠰᠤ ᠶᠢ ᠠᠰᠢᠠᠠᠯᠠᠬᠤ ᠠᠴᠠ ᠪᠤᠯᠤᠭᠠᠳ ᠬᠤᠵᠢᠷᠳᠠᠬᠤ ᠠᠴᠠ ᠰᠡᠷᠭᠡᠶᠢᠯᠡᠭᠦ ᠭᠡᠷᠡᠭᠳᠡᠢ᠃ ᠭᠤᠷᠪᠡ ᠳᠤ ᠭᠦᠷᠤᠰᠤ ᠰᠢᠷᠤᠢ ᠳᠤ ᠪᠤᠷᠳᠤᠭᠤᠷ ᠤᠷᠤᠭᠤᠯᠵᠤ᠂ ᠦᠷᠭᠦᠯᠵᠢᠯᠡᠨ ᠠᠰᠢᠠᠠᠯᠠᠬᠤ ᠭᠡᠷᠡᠭᠳᠡᠢ᠃ ᠤᠳᠤᠬᠠᠨ ᠤ ᠰᠢᠨᠵᠢᠯᠡᠭᠦ ᠤᠬᠠᠭᠠᠨ ᠤ ᠭᠢᠷᠢ ᠭᠡᠮᠵᠢᠶ᠎ᠠ ᠪᠠᠷ ᠪᠤᠯ ᠲᠡᠭᠡᠷ᠎ᠡ ᠲᠤᠷᠠᠳᠤᠠᠠᠰᠠᠨ ᠭᠤᠷᠪᠡᠨ ᠵᠦᠢᠯ ᠢ ᠪᠡᠶᠡᠯᠡᠭᠦᠯᠭᠦ ᠳᠤ ᠭᠦᠴᠢᠷ ᠦᠭᠡᠢ ᠶᠤᠮ᠃ ᠶᠡᠭᠡ ᠭᠡᠮᠵᠢᠶᠠᠨ ᠤ ᠭᠠᠵᠠᠷ ᠨᠤᠳᠤᠭ ᠲᠤ ᠪᠤᠯ ᠠᠮᠢ ᠠᠬᠤᠢ ᠶᠢᠨ ᠰᠢᠰᠲ᠋ᠧᠮ ᠢ ᠠᠮᠠᠷᠠᠭᠤᠯᠬᠤ ᠪᠠ ᠠᠶᠠᠨ ᠳᠤᠨᠢ ᠤᠷᠤᠯᠬᠠᠳᠠᠭᠤᠯᠬᠤ ᠭᠡᠷᠡᠭᠳᠡᠢ᠃ ᠢᠡᠭᠭᠢᠪᠡᠯ ᠲᠡᠭᠦᠨ ᠤ ᠠᠴᠢ ᠬᠠᠷᠢᠭᠤᠯᠳᠠ ᠨᠢ ᠯᠤᠳᠤ ᠶᠡᠭᠡ ᠶᠤᠮ᠃ ᠭᠦᠮᠦᠨ ᠤ ᠲᠤᠰ ᠪᠡᠶ᠎ᠡ ᠠᠴᠠ ᠠᠪᠴᠤ ᠭᠡᠯᠡᠪᠡᠯ ᠵᠠᠷᠤᠳᠠᠯ ᠤᠨ ᠲᠠᠯ᠎ᠠ ᠪᠠᠷ ᠴᠢᠬᠤᠯᠠ ᠪᠦᠭᠦᠢ ᠲᠡᠮᠵᠢᠯᠭᠡ ᠦᠵᠡᠭᠦᠯᠵᠤ᠂ ᠠᠶᠠᠠᠳᠠᠭᠠᠨ ᠰᠡᠷᠭᠦᠭᠦ ᠭᠦᠴᠤᠨ ᠢ ᠪᠠᠳᠤᠯᠠᠬᠤ ᠭᠡᠷᠡᠭᠳᠡᠢ᠃ ᠡᠨᠡ ᠠᠰᠠᠭᠤᠳᠠᠯ ᠪᠤᠯ ᠲᠤᠩ ᠴᠢᠬᠤᠯᠠ ᠶᠤᠮ᠂ ᠲᠦᠷᠤ ᠶᠢᠨ ᠪᠤᠳᠤᠯᠭ᠎ᠠ ᠶᠢᠨ ᠲᠠᠯ᠎ᠠ ᠪᠠᠷ ᠭᠦᠨᠵᠡᠭᠡᠢ ᠰᠤᠳᠤᠯᠬᠤ ᠴᠢᠬᠤᠯᠠ ᠲᠠᠢ ᠪᠠᠶᠢᠨ᠎ᠠ᠃
10. ᠤᠳᠤᠭᠢ ᠪᠠᠶᠢᠳᠠᠯ ᠲᠤᠤᠷ᠎ᠠ ᠶᠠᠮᠠᠷ ᠠᠷᠭ᠎ᠠ ᠭᠡᠮᠵᠢᠶ᠎ᠠ ᠠᠪᠴᠤ ᠪᠠᠶᠢᠭᠠᠳ ᠠᠮᠢ ᠠᠬᠤᠢ ᠶᠢᠨ ᠤᠷᠴᠢᠨ ᠲᠤᠭᠤᠷᠢᠨ ᠢ ᠢᠳᠡᠭ ᠢᠳᠡᠭ ᠢᠶᠠᠷ ᠰᠡᠷᠭᠦᠭᠡᠭᠦ ᠪᠤᠢ︖
ᠭᠡᠷᠪᠡ ᠪᠢᠳᠡ ᠶᠡᠭᠡ ᠭᠡᠮᠵᠢᠶᠠᠨ ᠤ ᠵᠠᠷᠤᠳᠠᠯ ᠢᠶᠠᠨ 1% ᠶᠢᠨ ᠭᠠᠵᠠᠷ ᠨᠤᠳᠤᠭ ᠲᠡᠭᠡᠷ᠎ᠠ ᠲᠦᠪᠯᠡᠷᠡᠭᠦᠯᠵᠤ᠂ ᠨᠡᠶᠢᠭᠡᠮ ᠲᠤᠭᠤᠷᠢᠭ ᠤᠨ ᠰᠠᠭᠤᠭᠠᠯᠢ ᠠᠷᠠᠳ ᠤᠨ ᠲᠡᠭᠡᠷ᠎ᠡ ᠲᠦᠪᠯᠡᠷᠡᠭᠦᠯᠵᠤ᠂ ᠲᠠᠳᠡᠨ ᠢ ᠬᠠᠪᠰᠤᠷᠤᠨ ᠠᠵᠤ ᠦᠢᠯᠡᠰ ᠤᠨ ᠬᠤᠯᠪᠤᠭᠠᠰᠤ ᠪᠠᠶᠢᠭᠤᠯᠬᠤ ᠲᠤᠬᠠᠶᠢᠯᠠᠪᠠᠯ ᠡᠪᠡᠰᠤ ᠲᠠᠷᠢᠬᠤ᠂ ᠬᠠᠳᠤᠵᠤ ᠬᠤᠷᠢᠶᠠᠬᠤ᠂ ᠬᠠᠳᠠᠭᠠᠯᠠᠬᠤ᠂ ᠲᠡᠭᠡᠭᠡᠪᠤᠷᠢᠯᠡᠭᠦ᠂ ᠬᠠᠰᠢᠶᠠᠯᠠᠨ ᠲᠡᠵᠢᠭᠡᠭᠦ᠂ ᠰᠦ ᠮᠢᠬ᠎ᠠ ᠦᠢᠯᠡᠳᠪᠤᠷᠢᠯᠡᠭᠦ᠂ ᠲᠠᠭᠢᠨ ᠲᠡᠭᠡᠭᠡᠪᠤᠷᠢᠯᠡᠭᠦ᠂ ᠬᠤᠳᠠ ᠶᠢᠨ ᠢᠷᠭᠡᠳ ᠲᠤ ᠪᠤᠷᠤᠯᠠᠭᠤᠯᠬᠤ ᠭᠡᠪ ᠪᠠᠶᠢᠳᠠᠯ ᠢ ᠪᠤᠢ ᠪᠤᠯᠭᠠᠬᠤ ᠶᠢᠨ ᠬᠠᠮᠳᠤ ᠲᠤᠰᠬᠠᠶᠢᠵᠢᠠᠠᠰᠠᠨ ᠠᠵᠢᠯ ᠤᠨ ᠬᠤᠪᠢᠶᠠᠷᠢ᠂ ᠡᠷᠴᠢᠮᠵᠢᠭ᠍ᠰᠡᠨ ᠮᠠᠯ ᠠᠵᠤ ᠠᠬᠤᠢ ᠶᠢ ᠪᠤᠢ ᠪᠤᠯᠭᠠᠪᠠᠯ ᠮᠠᠯᠴᠢᠨ ᠲᠦᠮᠡᠨ ᠯᠠᠪᠳᠡᠢ ᠪᠠᠶᠠᠷᠯᠠᠨ ᠤᠠᠠᠳᠤᠬᠤ ᠪᠦᠭᠡᠳ ᠶᠡᠭᠡ ᠭᠡᠪᠴᠢᠶᠠᠨ ᠤ ᠠᠮᠢ ᠠᠬᠤᠢ ᠶᠢᠨ ᠨᠡᠭᠦᠳᠡᠯ ᠭᠢᠭᠦ ᠴᠤ ᠭᠡᠷᠡᠭ ᠦᠭᠡᠢ ᠪᠤᠯᠬᠤ ᠶᠤᠮ᠃ ᠰᠢᠨᠵᠢᠯᠡᠭᠦ ᠤᠬᠠᠭᠠᠨ ᠤ ᠲᠠᠯ᠎ᠠ ᠪᠠᠷ ᠪᠤᠯ ᠪᠠᠭ᠎ᠠ ᠭᠡᠮᠵᠢᠶᠠᠨ ᠤ ᠭᠠᠵᠠᠷ ᠨᠤᠳᠤᠭ ᠲᠡᠭᠡᠷ᠎ᠡ ᠠᠮᠢ ᠠᠬᠤᠢ ᠶᠢᠨ ᠰᠢᠰᠲ᠋ᠧᠮ ᠤᠨ ᠠᠩᠬᠠᠨ ᠤ ᠱᠠᠳᠤᠨ ᠤ ᠦᠢᠯᠡᠳᠪᠤᠷᠢᠯᠡᠯ ᠢ ᠭᠢᠭᠦ ᠨᠢ ᠲᠡᠮᠡᠢ ᠭᠦᠴᠢᠷ ᠲᠠᠢ ᠶᠠᠪᠤᠳᠠᠯ ᠪᠢᠰᠢ᠂ ᠬᠠᠷᠢᠨ ᠭᠦᠴᠢᠷ ᠲᠠᠢ ᠨᠢ ᠦᠨᠳᠤᠷ ᠨᠡᠮᠡᠯᠳᠡ ᠦᠷᠳᠡᠭ ᠪᠦᠭᠦᠢ ᠪᠦᠳᠦᠭᠡᠭᠳᠡᠭᠦᠨ ᠢ ᠭᠡᠷᠭᠢᠨ ᠡᠭᠦᠳᠭᠦ ᠶᠠᠪᠤᠳᠠᠯ ᠪᠤᠯᠤᠨ᠎ᠠ᠃ ᠡᠶᠢᠮᠤ ᠠᠴᠠ ᠲᠦᠪ ᠤᠨ ᠡᠳ᠋ ᠤᠨ ᠵᠠᠰᠠᠭ ᠤᠨ ᠠᠮᠢ ᠠᠬᠤᠢ ᠶᠢᠨ ᠵᠠᠰᠠᠯᠳᠠ ᠶᠢᠨ ᠵᠠᠷᠤᠳᠠᠯ ︵ᠵᠢᠱᠢᠶᠡᠯᠡᠪᠡᠯ ᠡᠯᠡᠰᠤ ᠵᠠᠰᠠᠬᠤ ᠵᠠᠷᠤᠳᠠᠯ᠂ ᠤᠶᠢᠵᠢᠭᠤᠯᠤᠯᠳᠠ ᠶᠢᠨ ᠵᠠᠷᠤᠳᠠᠯ︶᠂ ᠭᠠᠮᠰᠢᠭ ᠠᠴᠠ ᠲᠡᠳᠭᠦᠭᠦ ᠵᠠᠷᠤᠳᠠᠯ᠂ ᠠᠮᠢ ᠠᠬᠤᠢ ᠶᠢᠨ ᠨᠦᠭᠦᠪᠤᠷᠢ ᠵᠠᠷᠤᠳᠠᠯ᠂ ᠡᠯ᠎ᠡ ᠵᠦᠢᠯ ᠤᠨ ᠨᠡᠶᠢᠭᠡᠮ ᠤᠨ ᠲᠡᠳᠭᠦᠮᠵᠢ᠂ ᠤᠷᠤᠨ ᠨᠤᠳᠤᠭ ᠤᠨ ᠵᠠᠰᠠᠭ ᠤᠨ ᠤᠷᠳᠤᠨ ᠤ ᠵᠠᠷᠤᠳᠠᠯ ᠤᠨ ᠭᠡᠷᠡᠭᠯᠡᠯᠳᠡ ᠶᠢ ᠲᠠᠴᠢᠷᠳ᠋ᠬᠠᠰᠠᠨ ᠭᠠᠵᠠᠷ ᠤᠷᠤᠨ ᠤ ᠨᠡᠶᠢᠭᠡᠮ ᠲᠤᠭᠤᠷᠢᠭ ᠲᠠᠰᠢ ᠭᠡᠯᠪᠠᠶᠢᠯᠭᠡᠵᠤ᠂ ᠵᠢᠵᠢᠭ ᠬᠤᠳᠠ ᠪᠠᠯᠭᠠᠰᠦ ᠶᠢ ᠭᠦᠭᠵᠢᠭᠦᠯᠵᠤ᠂ ᠤᠰᠤ᠂ ᠴᠠᠭᠢᠯᠭᠠᠨ᠂ ᠴᠢᠮᠡᠭᠡ ᠨᠡᠪᠳᠡᠷᠡᠯᠭᠡ᠂ ᠵᠠᠮ ᠬᠠᠷᠢᠯᠴᠠᠭ᠎ᠠ᠂ ᠰᠤᠷᠭᠠᠨ ᠭᠦᠮᠦᠵᠢᠯ᠂ ᠠᠮᠢᠳᠤᠷᠠᠯ ᠤᠨ ᠭᠢᠷᠢ ᠲᠦᠪᠰᠢᠨ ᠢ ᠲᠡᠭᠡᠭᠰᠢᠯᠡᠭᠦᠯᠭᠦ ᠵᠡᠷᠭᠡ ᠲᠠᠯ᠎ᠠ ᠶᠢᠨ ᠪᠤᠳᠠᠳᠠᠢ ᠠᠰᠠᠭᠤᠳᠠᠯ ᠢ ᠰᠢᠢᠳᠪᠤᠷᠢᠯᠡᠵᠤ᠂ ᠲᠠᠳᠡᠨᠤᠰ ᠤᠨ ᠤᠷᠴᠢᠨ ᠲᠤᠭᠤᠷᠢᠨ ᠳᠤ ᠡᠪᠳᠡᠯᠡᠭᠡ ᠤᠴᠠᠷᠠᠭᠤᠯᠬᠤ ᠶᠢ ᠨᠢ ᠪᠠᠭᠠᠰᠬᠠᠬᠤ ᠭᠡᠷᠡᠭᠳᠡᠢ᠃ ᠤᠳᠤᠬᠠᠨ ᠳᠤ ᠦᠷᠭᠡᠨ ᠠᠭᠤᠳᠠᠮ ᠲᠠᠯ᠎ᠠ ᠨᠤᠳᠤᠭ ᠲᠤ ᠲᠠᠷᠢᠶᠠᠯᠠᠬᠤ ᠶᠢ ᠵᠤᠠᠠᠰᠤᠭᠠᠵᠤ ᠮᠤᠳᠤ ᠲᠠᠷᠢᠪᠡᠯ ᠨᠦᠭᠦᠪᠤᠷᠢ ᠲᠠᠢ ᠬᠠᠷᠢᠨ ᠡᠪᠡᠰᠤ ᠲᠡᠷᠢᠪᠡᠯ ᠦᠴᠦᠭᠡᠨ ᠪᠡᠯᠡ ᠮᠦᠡᠭᠭᠦ ᠦᠭᠭᠦ ᠲᠦᠷᠤ ᠶᠢᠨ ᠪᠤᠳᠤᠯᠭ᠎ᠠ ᠶᠢ ᠭᠡᠷᠡᠭᠵᠢᠭᠦᠯᠵᠤ ᠪᠠᠶᠢᠨ᠎ᠠ᠃ ᠡᠨᠡ ᠬᠦ ᠲᠦᠷᠤ ᠶᠢᠨ ᠪᠤᠳᠤᠯᠭ᠎ᠠ ᠶᠢ ᠲᠠᠷᠦ᠋ᠢᠬᠠᠨ ᠵᠠᠯᠠᠷᠠᠭᠤᠯᠬᠤ ᠦᠭᠡᠢ ᠶᠤᠮ ᠪᠤᠯ ᠨᠡᠩ ᠶᠡᠭᠡ ᠭᠡᠪᠴᠢᠶᠡᠨ ᠳᠤ ᠨᠤᠳᠤᠭ ᠪᠡᠯᠴᠢᠭᠡᠷ ᠤᠨ ᠲᠠᠴᠢᠷᠳᠡᠯ ᠢ ᠪᠤᠢ ᠪᠤᠯᠭᠠᠬᠤ ᠪᠤᠯᠤᠨ᠎ᠠ᠃ ᠴᠤᠬᠤᠮ ᠳᠠᠭᠠᠨ ᠠᠰᠢᠭ ᠲᠤᠰᠠ ᠶᠢᠨ ᠬᠠᠷᠢᠴᠠᠭ᠎ᠠ ᠪᠤᠯᠤᠨ ᠭᠠᠵᠠᠷ ᠨᠤᠳᠤᠭ ᠤᠨ ᠭᠡᠷᠡᠭᠯᠡᠯᠳᠡ ᠶᠢᠨ ᠴᠢᠳᠠᠪᠤᠷᠢ ᠶᠢᠨ ᠬᠤᠪᠢᠷᠠᠯᠳᠠ ᠪᠠᠷ ᠲᠠᠮᠵᠢᠭᠤᠯᠤᠨ᠂ ᠲᠤᠬᠠᠢ ᠶᠢᠨ ᠭᠠᠵᠠᠷ ᠤᠨ ᠰᠠᠭᠤᠭᠠᠯᠢ ᠠᠷᠠᠳ ᠤᠨ ᠠᠮᠢ ᠠᠬᠤᠢ ᠶᠢᠨ ᠵᠠᠰᠠᠯᠳᠠ ᠳᠤ ᠰᠠᠨᠠᠭᠠᠴᠢᠯᠠᠭ᠎ᠠ ᠦᠭᠡᠢ ᠤᠷᠤᠯᠴᠠᠵᠤ ᠪᠠᠶᠢᠠᠠᠰᠠᠨ ᠠᠴᠠ ᠨᠢ ᠰᠠᠨᠠᠭᠠᠴᠢᠯᠠᠭ᠎ᠠ ᠲᠠᠢ ᠤᠷᠤᠯᠴᠠᠬᠤ ᠪᠤᠯᠭᠠᠭᠠᠳ᠂ ᠠᠮᠢ ᠠᠬᠤᠢ ᠶᠢᠨ ᠡᠪᠳᠡᠯᠡᠭᠴᠢᠳ ᠪᠠᠶᠢᠠᠠᠰᠠᠨ ᠠᠴᠠ ᠨᠢ ᠠᠮᠢ ᠠᠬᠤᠢ ᠶᠢᠨ ᠬᠠᠮᠠᠭᠠᠯᠬᠠᠴᠢ ᠪᠤᠯᠭᠠᠬᠤ ᠭᠡᠷᠡᠭᠳᠡᠢ᠃ ᠡᠨᠡ ᠪᠤᠯ ᠠᠮᠢ ᠠᠬᠤᠢ ᠶᠢᠨ ᠵᠠᠰᠠᠯᠳᠠ ᠶᠢᠨ ᠪᠦᠳᠦᠭᠦ ᠡᠰᠡᠭᠦ ᠲᠠᠢ ᠬᠤᠯᠪᠤᠠᠠᠳᠠᠬᠤ ᠵᠠᠩᠭᠢᠯᠠᠭ᠎ᠠ ᠪᠤᠯᠤᠨ᠎ᠠ᠃ ᠡᠯ᠎ᠡ ᠱᠠᠳᠤᠨ ᠤ ᠤᠳᠤᠷᠢᠳᠤᠯᠭ᠎ᠠ ᠨᠠᠷ ᠭᠦᠮᠦᠨ ᠢᠶᠠᠷ ᠦᠨᠳᠤᠰᠤ ᠪᠤᠯᠭᠠᠵᠤ᠂ ᠵᠢᠵᠢᠭ ᠬᠤᠳᠠ ᠪᠠᠯᠭᠠᠳ ᠤᠨ ᠪᠦᠳᠦᠭᠡᠨ ᠪᠠᠶᠢᠭᠤᠯᠤᠯᠳᠠ ᠶᠢᠨ ᠲᠠᠶᠢᠴᠢᠯᠡᠯᠳᠡ ᠪᠠᠷ ᠰᠠᠭᠤᠷᠢ ᠪᠤᠯᠭᠠᠠᠠᠰᠠᠨ ᠭᠠᠵᠠᠷ ᠨᠤᠳᠤᠭ ᠢᠶᠠᠷ ᠭᠠᠵᠠᠷ ᠨᠤᠳᠤᠭ ᠢ ᠵᠠᠰᠠᠬᠤ ᠠᠮᠢ ᠠᠬᠤᠢ ᠶᠢᠨ ᠵᠠᠰᠠᠯᠳᠠ ᠶᠢᠨ ᠦᠯᠢᠭᠡᠷ ᠭᠡᠪ ᠢ ᠢᠳᠡᠪᠭᠢᠳᠡᠢ ᠲᠦᠯᠭᠢᠨ ᠠᠭᠢᠭᠤᠯᠬᠤ ᠭᠡᠷᠡᠭᠳᠡᠢ᠃