1. ᠡᠪᠡᠰᠤ ᠪᠡᠯᠴᠢᠭᠡᠷ ᠪᠤᠯᠤᠨ ᠲᠡᠵᠢᠭᠡᠯ ᠪᠤᠷᠳᠤᠭ᠎ᠠ ᠲᠠᠷᠢᠬᠤ ᠲᠠᠯᠠᠪᠠᠢ ᠨᠢ ᠶᠠᠮᠠᠷ ᠦᠢᠯᠡᠳᠦᠯ ᠲᠠᠢ ᠪᠤᠢ︖
ᠡᠪᠡᠰᠤ ᠲᠠᠷᠢᠬᠤ ᠨᠢ ᠡᠪᠡᠰᠤ ᠬᠠᠳᠤᠯᠠᠩ ᠤᠨ ᠬᠤᠷᠢᠶᠠᠯᠳᠠ ᠶᠢ ᠨᠡᠮᠡᠭᠳᠡᠭᠦᠯᠵᠤ᠂ ᠡᠪᠡᠰᠤ ᠪᠡᠯᠴᠢᠭᠡᠷ ᠤᠨ ᠤᠷᠭᠤᠯᠳᠠ ᠶᠢᠨ ᠶᠠᠰᠤ ᠴᠢᠨᠠᠷ ᠪᠡ ᠭᠦᠷᠦᠰᠤ ᠰᠢᠷᠤᠢ ᠶᠢ ᠰᠠᠶᠢᠵᠢᠷᠠᠭᠤᠯᠵᠤ᠂ ᠭᠦᠷᠦᠰᠤ ᠰᠢᠷᠤᠢ ᠶᠢᠨ ᠢᠳᠡᠭᠳᠡᠯ ᠢ ᠰᠡᠷᠭᠡᠶᠢᠯᠡᠵᠤ᠂ ᠠᠮᠢ ᠠᠬᠤᠢ ᠶᠢᠨ ᠤᠷᠴᠢᠨ ᠲᠤᠭᠤᠷᠢᠨ ᠢ ᠬᠠᠮᠠᠭᠠᠯᠠᠬᠤ ᠦᠢᠯᠡᠳᠦᠯ ᠲᠠᠢ᠃
ᠲᠡᠵᠢᠭᠡᠯ ᠪᠤᠷᠳᠤᠭ᠎ᠠ ᠲᠠᠷᠢᠬᠤ ᠨᠢ ᠭᠡᠷ ᠤᠨ ᠲᠠᠵᠢᠭᠡᠪᠤᠷᠢ ᠳᠤ ᠵᠢᠯ ᠲᠤᠵᠢ ᠰᠢᠮ᠎ᠠ ᠰᠠᠶᠢᠳᠠᠢ ᠨᠠᠷᠢᠯᠢᠬ ᠪᠤᠷᠳᠤᠭ᠎ᠠ ᠬᠠᠨᠭ᠍ᠭᠠᠬᠤ ᠦᠢᠯᠡᠳᠦᠯ ᠲᠠᠢ ᠶᠤᠮ᠃
2. ᠡᠪᠡᠰᠤ ᠪᠡᠯᠴᠢᠭᠡᠷ ᠪᠤᠯᠤᠨ ᠲᠡᠵᠢᠭᠡᠯ ᠪᠤᠷᠳᠤᠭ᠎ᠠ ᠲᠠᠷᠢᠬᠤ ᠲᠠᠯᠠᠪᠠᠢ ᠶᠢ ᠪᠠᠶᠢᠭᠤᠯᠬᠤ ᠳᠤ ᠶᠠᠮᠠᠷ ᠱᠠᠭᠠᠷᠳᠠᠯᠭ᠎ᠠ ᠲᠠᠢ ᠪᠠᠶᠢᠳᠠᠭ ᠪᠤᠢ︖
ᠡᠪᠡᠰᠤ ᠪᠡᠯᠴᠢᠭᠡᠷ᠂ ᠲᠡᠵᠢᠭᠡᠯ ᠪᠤᠷᠳᠤᠭ᠎ᠠ ᠲᠠᠷᠢᠬᠤ ᠨᠢ ᠲᠠᠷᠢᠶ᠎ᠠ ᠲᠠᠷᠢᠬᠤ ᠱᠠᠭᠠᠷᠳᠠᠯᠭ᠎ᠠ ᠲᠠᠢ ᠦᠨᠳᠤᠰᠤᠨ ᠳᠡᠭᠡᠨ ᠠᠳᠠᠯᠢ ᠪᠠᠶᠢᠵᠤ᠂ ᠡᠯᠪᠡᠭ ᠬᠤᠷᠢᠶᠠᠯᠳᠠ ᠤᠯᠤᠶ᠎ᠠ ᠭᠡᠪᠡᠯ ᠴᠦᠮ ᠨᠠᠷᠢᠨ ᠬᠠᠭᠠᠯᠪᠤᠷᠢᠯᠠᠵᠤ ᠨᠠᠷᠢᠯᠢᠬ ᠲᠠᠷᠢᠬᠤ ᠭᠡᠷᠡᠭ ᠲᠠᠢ ᠪᠠᠶᠢᠳᠠᠭ᠃ ᠡᠭᠦᠨ ᠠᠴᠠ ᠭᠠᠳᠠᠨ᠎ᠠ ᠡᠪᠡᠰᠤ ᠪᠡᠯᠴᠢᠭᠡᠷ᠂ ᠲᠠᠵᠢᠭᠡᠯ ᠪᠤᠷᠳᠤᠭ᠎ᠠ ᠲᠠᠷᠢᠬᠤ ᠳᠤ ᠭᠠᠵᠠᠷ ᠲᠠᠯᠠᠪᠠᠢ ᠰᠤᠩᠭᠤᠬᠤ᠂ ᠦᠷ᠎ᠡ ᠪᠡᠯᠡᠳᠭᠡᠭᠦ᠂ ᠲᠠᠷᠢᠬᠤ ᠮᠡᠷᠭᠡᠵᠢᠯ᠂ ᠲᠠᠷᠢᠶᠠᠨ ᠳᠠᠬᠢ ᠠᠷᠠᠴᠢᠯᠠᠯᠳᠠ ᠬᠠᠮᠢᠶᠠᠷᠤᠯᠳᠠ ᠬᠠᠮᠠᠭᠠᠯᠠᠯᠳᠠ ᠵᠡᠷᠭᠡ ᠲᠠᠯ᠎ᠠ ᠪᠠᠷ ᠪᠠᠰᠠ ᠮᠠᠰᠢ ᠤᠯᠠᠨ ᠤᠨᠴᠠᠭᠠᠢ ᠱᠠᠭᠠᠷᠳᠠᠯᠭ᠎ᠠ ᠲᠠᠢ ᠪᠠᠶᠢᠳᠠᠭ᠃
3. ᠡᠪᠡᠰᠤᠨ ᠲᠠᠯᠠᠪᠠᠢ ᠶᠢ ᠰᠤᠩᠭᠤᠬᠤ ᠳᠤ ᠶᠠᠮᠠᠷ ᠪᠤᠳᠠᠳᠠᠢ ᠱᠠᠭᠠᠷᠳᠠᠯᠭ᠎ᠠ ᠪᠠᠶᠢᠬᠤ ᠪᠤᠢ︖
ᠡᠪᠡᠰᠤ ᠪᠠᠯᠴᠢᠭᠡᠷ ᠪᠠ ᠲᠠᠵᠢᠭᠡᠯ ᠪᠤᠷᠳᠤᠭ᠎ᠠ ᠲᠠᠷᠢᠬᠤ ᠳᠤ ᠡᠩ ᠲᠡᠷᠢᠭᠦᠨ ᠳᠤ ᠭᠠᠵᠠᠷ ᠲᠠᠯᠠᠪᠠᠢ ᠶᠢ ᠰᠠᠶᠢᠨ ᠰᠤᠩᠭᠤᠬᠤ ᠨᠢ ᠴᠢᠬᠤᠯᠠ᠃ ᠭᠠᠵᠠᠷ ᠲᠠᠯᠠᠪᠠᠢ ᠶᠢ ᠰᠤᠩᠭᠤᠬᠤ ᠳᠠᠭᠠᠨ ᠲᠤᠬᠠᠢ ᠶᠢᠨ ᠭᠠᠵᠠᠷ ᠤᠷᠤᠨ ᠤ ᠲᠠᠷᠢᠶᠠᠯᠠᠩ ᠮᠠᠯ ᠠᠵᠤ ᠠᠬᠤᠢ ᠶᠢᠨ ᠦᠢᠯᠡᠳᠪᠤᠷᠢᠯᠡᠯ ᠤᠨ ᠪᠠᠶᠢᠳᠠᠯ ᠢ ᠦᠨᠳᠦᠰᠦᠯᠡᠨ᠂ ᠲᠦᠯᠤᠪᠯᠡᠭᠡ ᠲᠠᠢ ᠠᠯᠬᠤᠮ ᠲᠠᠷᠠᠭ᠎ᠠ ᠲᠠᠢ ᠰᠤᠩᠭᠤᠵᠤ᠂ ᠵᠠᠷᠴᠢᠮ ᠲᠡᠭᠡᠷ᠎ᠡ ᠪᠠᠨ ᠬᠠᠳᠤᠯᠠᠩ ᠪᠡᠯᠴᠢᠭᠡᠷ ᠪᠤᠯᠤᠨ ᠪᠤᠷᠳᠤᠭᠠᠨ ᠲᠠᠷᠢᠮᠠᠯ ᠤᠨ ᠪᠠᠶᠢᠭᠠᠯᠢ ᠶᠢᠨ ᠨᠦᠭᠦᠴᠡᠯ᠂ ᠦᠢᠯᠡᠳᠪᠤᠷᠢᠯᠡᠯ ᠤᠨ ᠨᠦᠭᠦᠴᠡᠯ ᠤᠨ ᠱᠠᠭᠠᠷᠳᠠᠯᠭ᠎ᠠ ᠶᠢ ᠨᠢ ᠠᠯᠢ ᠴᠢᠳᠠᠬᠤ ᠪᠠᠷ ᠬᠠᠨᠭ᠍ᠭᠠᠵᠤ᠂ ᠶᠠᠷᠦᠩᠭᠡᠢ ᠳᠡᠭᠡᠨ ᠲᠤᠤᠷᠠᠭᠢ ᠭᠡᠳᠦᠨ ᠵᠠᠷᠴᠢᠮ ᠢ ᠪᠤᠳᠤᠯᠭᠢᠯᠠᠪᠠᠯ ᠵᠤᠭᠢᠨ᠎ᠠ᠃
︵1︶ ᠲᠠᠷᠢ ᠲᠡᠭᠰᠢᠭᠡᠨ ᠪᠤᠶᠤ ᠵᠢᠭᠠᠬᠠᠨ ᠭᠦᠳᠦᠭᠦᠷ ᠰᠢᠭ ᠭᠠᠵᠠᠷ ᠢ ᠰᠤᠩᠭᠤᠪᠠᠯ᠂ ᠮᠠᠰᠢᠨ ᠢᠶᠠᠷ ᠪᠤᠶᠤ ᠭᠦᠮᠦᠨ ᠤ ᠭᠦᠴᠤ ᠪᠠᠷ ᠲᠠᠷᠢᠬᠤ ᠳᠤ ᠲᠦᠭᠦᠮ ᠪᠠᠶᠢᠳᠠᠭ᠃
︵2︶ ᠭᠦᠷᠦᠰᠤᠨ ᠲᠠᠪᠬᠤᠷᠭ᠎ᠠ ᠨᠢ ᠵᠤᠵᠠᠭᠠᠨ᠂ ᠤᠷᠭᠠᠨᠢᠭ ᠪᠤᠳᠠᠰ ᠤᠨ ᠠᠭᠤᠯᠤᠠᠠᠳᠠᠴᠠ ᠨᠢ ᠦᠨᠳᠤᠷ᠂ ᠭᠦᠷᠦᠰᠤ ᠰᠢᠷᠤᠢ ᠨᠢ ᠦᠩ ᠰᠢᠮᠡᠯᠢᠭ ᠪᠠᠶᠢᠬᠤ᠃
︵3︶ ᠨᠡᠯᠢᠶᠡᠳ ᠡᠯᠪᠡᠭ ᠤᠰᠤᠨ ᠤ ᠰᠤᠷᠪᠤᠯᠵᠢ ᠲᠠᠢ ᠪᠠ ᠤᠰᠤᠨ ᠤ ᠴᠢᠨᠠᠷ ᠨᠢ ᠰᠠᠶᠢᠨ ᠪᠠᠶᠢᠵᠤ᠂ ᠤᠰᠤᠯᠠᠯᠳᠠ ᠶᠢᠨ ᠭᠡᠷᠡᠭᠴᠡᠭᠡ ᠶᠢ ᠬᠠᠨᠭ᠍ᠭᠠᠵᠤ ᠲᠠᠶᠢᠯᠭᠦ᠃
︵4︶ ᠬᠠᠭᠤᠷᠠᠢ ᠳᠤ ᠡᠪᠡᠰᠤ ᠲᠠᠷᠢᠬᠤ ᠳᠤ ᠭᠠᠵᠠᠷ ᠲᠤᠤᠷᠠᠭᠢ ᠤᠰᠤᠨ ᠲᠦᠪᠰᠢᠨ ᠨᠡᠯᠢᠶᠡᠳ ᠦᠨᠳᠤᠷ ᠪᠤᠶᠤ ᠪᠠᠶᠢᠭᠠᠯᠢ ᠶᠢᠨ ᠬᠤᠷ᠎ᠠ ᠲᠤᠨᠤᠳᠠᠰᠤ ᠶᠢᠨ ᠭᠡᠮᠵᠢᠶ᠎ᠠ ᠨᠡᠯᠢᠶᠡᠳ ᠡᠯᠪᠡᠭ ᠭᠠᠵᠠᠷ ᠤᠷᠤᠨ ᠪᠠᠶᠢᠬᠤ ᠶᠢ ᠱᠠᠭᠠᠷᠳᠠᠨ᠎ᠠ᠃
︵5︶ ᠡᠯᠡᠰᠦᠷᠭᠡᠭᠵᠢᠯ ᠤᠨ ᠠᠶᠤᠯ ᠦᠭᠡᠢ ᠪᠠᠶᠢᠬᠤ᠃
︵6︶ ᠰᠠᠭᠤᠭᠠᠯᠢ ᠠᠷᠠᠳ ᠤᠨ ᠴᠡᠭ ᠠᠴᠠ ᠵᠠᠶᠢᠳᠡᠢ᠂ ᠡᠪᠤᠯᠵᠢᠶ᠎ᠠ ᠬᠠᠪᠤᠷᠵᠢᠶ᠎ᠠ ᠠᠴᠠ ᠤᠶᠢᠷᠠᠬᠠᠨ ᠪᠠᠶᠢᠬᠤ᠃
︵7︶ ᠶᠠᠷᠦᠩᠭᠡᠢ ᠳᠡᠭᠡᠨ ᠲᠤᠤᠷ ᠭᠦᠷᠢᠶ᠎ᠠ᠂ ᠬᠠᠮᠠᠭᠠᠯᠠᠯᠳᠠ ᠶᠢᠨ ᠤᠢ ᠶᠢᠨ ᠲᠤᠤᠷ ᠵᠡᠷᠭᠡ ᠬᠠᠮᠠᠭᠠᠯᠠᠯᠳᠡ ᠶᠢᠨ ᠠᠷᠭ᠎ᠠ ᠭᠡᠮᠵᠢᠶ᠎ᠠ ᠲᠠᠢ ᠪᠠᠶᠢᠵᠤ᠂ ᠭᠦᠮᠦᠨ ᠮᠠᠯ ᠤᠨ ᠡᠪᠳᠡᠯᠡᠭᠡ ᠠᠴᠠ ᠰᠡᠷᠭᠡᠶᠢᠯᠡᠨ᠎ᠠ᠃
4. ᠡᠪᠡᠰᠤᠨ ᠲᠠᠯᠠᠪᠠᠢ ᠪᠠᠨ ᠰᠤᠩᠭᠤᠠᠠᠰᠠᠨ ᠤ ᠰᠡᠭᠦᠯᠡᠷ ᠶᠠᠮᠠᠷ ᠠᠵᠢᠯ ᠤᠳ ᠢ ᠭᠢᠭᠦ ᠴᠢᠬᠤᠯᠠ ᠲᠠᠢ ᠪᠤᠢ︖
ᠭᠠᠵᠠᠷ ᠲᠠᠯᠠᠪᠠᠢ ᠪᠠᠨ ᠰᠤᠩᠭᠤᠠᠠᠰᠠᠨ ᠤ ᠰᠡᠭᠦᠯᠡᠷ᠂ ᠭᠠᠵᠠᠷ ᠢᠶᠠᠨ ᠬᠠᠭᠠᠯᠪᠤᠷᠢᠯᠡᠨ ᠨᠠᠷᠠᠭᠳᠡᠨ ᠲᠡᠭᠰᠢᠯᠡᠵᠤ᠂ ᠡᠪᠡᠰᠤᠨ ᠤ ᠦᠷ᠎ᠠ ᠶᠢᠨ ᠨᠠᠭᠢᠶᠠᠯᠠᠨ ᠤᠷᠭᠤᠬᠤ ᠳᠤ ᠲᠤᠭᠢᠷᠠᠮᠵᠢᠳᠡᠢ ᠨᠦᠭᠦᠴᠡᠯ ᠢ ᠬᠠᠨᠭ᠍ᠭᠠᠨ᠎ᠠ᠃
ᠬᠠᠪᠤᠷ᠂ ᠵᠤᠨ᠂ ᠡᠪᠤᠯ ᠪᠦᠷ ᠲᠠᠷᠢᠵᠤ ᠪᠤᠯᠤᠨ᠎ᠠ᠃ ᠭᠡᠭᠦ ᠳᠡᠭᠡᠨ ᠪᠤᠷᠤᠭᠠᠨ ᠤ ᠤᠯᠠᠷᠢᠯ ᠳᠤ ᠲᠠᠷᠢᠪᠡᠯ ᠬᠠᠮᠤᠭ ᠤᠨ ᠲᠤᠭᠢᠷᠠᠮᠵᠢᠳᠡᠢ᠃ ᠤᠴᠢᠷ ᠨᠢ ᠡᠨᠡ ᠦᠶᠡᠰ ᠭᠦᠷᠤᠰᠤ ᠰᠢᠷᠤᠢ ᠶᠢᠨ ᠤᠰᠤᠨ ᠤ ᠭᠡᠮᠵᠢᠶ᠎ᠠ ᠲᠤᠭᠢᠷᠠᠮᠵᠢᠳᠡᠢ᠂ ᠲᠠᠷᠢᠬᠤ ᠳᠤ ᠰᠠᠭᠠᠳ ᠦᠭᠡᠢ᠃ ᠡᠭᠦᠨ ᠠᠴᠠ ᠭᠠᠳᠠᠨ᠎ᠠ ᠪᠠᠰᠠ ᠲᠤᠯᠠᠭᠠᠨ ᠤ ᠭᠡᠮᠵᠢᠶ᠎ᠠ ᠦᠨᠳᠤᠷ᠂ ᠪᠤᠷᠤᠭᠠᠨ ᠬᠤᠷ᠎ᠡ ᠡᠯᠪᠡᠭ ᠪᠤᠯᠬᠤᠷ ᠤᠷᠭᠠᠨᠢᠭ ᠪᠤᠳᠠᠰ ᠤᠨ ᠵᠠᠳᠠᠷᠠᠯᠳᠠ ᠶᠢ ᠠᠭᠢᠭᠤᠯᠤᠨ᠎ᠠ᠃
ᠬᠠᠭᠠᠯᠪᠤᠷᠢᠯᠠᠬᠤ ᠳᠠᠭᠠᠨ 20~25cm ᠭᠦᠨ ᠬᠠᠭᠠᠯᠪᠤᠷᠢᠯᠠᠪᠠᠯ ᠬᠠᠮᠤᠭ ᠤᠨ ᠲᠤᠭᠢᠷᠠᠮᠵᠢᠳᠡᠢ᠃ ᠬᠠᠭᠠᠯᠪᠤᠷᠢᠯᠬᠠᠰᠠᠨ ᠤ ᠪᠠᠨ ᠲᠠᠷᠠᠭ᠎ᠠ ᠰᠠᠶᠢᠳᠤᠷ ᠨᠠᠷᠬᠠᠳᠠᠵᠤ᠂ ᠰᠠᠶᠢᠨ ᠲᠠᠷᠤᠵᠤ ᠰᠠᠯᠭᠢ ᠨᠡᠪᠳᠡᠷᠡᠭᠦ ᠠᠴᠠ ᠰᠡᠷᠭᠡᠶᠢᠯᠡᠪᠡᠯ ᠵᠤᠭᠢᠨ᠎ᠠ᠃
5. ᠡᠪᠡᠰᠤᠨ ᠤ ᠦᠷ᠎ᠠ ᠶᠢᠨ ᠲᠠᠯ᠎ᠠ ᠪᠠᠷ ᠶᠠᠮᠠᠷ ᠠᠵᠢᠯ ᠤᠳ ᠢ ᠭᠢᠭᠦ ᠴᠢᠬᠤᠯᠠ ᠲᠠᠢ ᠪᠤᠢ︖
ᠲᠠᠷᠢᠬᠤ ᠶᠠᠰᠤ ᠴᠢᠨᠠᠷ ᠪᠡ ᠬᠠᠳᠤᠯᠠᠩ ᠪᠡᠯᠴᠢᠭᠡᠷ᠂ ᠲᠡᠵᠢᠭᠡᠯ ᠪᠤᠷᠳᠤᠭ᠎ᠠ ᠶᠢᠨ ᠰᠤᠶᠤᠭᠠᠯᠠᠬᠤ ᠨᠤᠷᠮ᠎ᠠ ᠶᠢ ᠲᠡᠭᠡᠭᠰᠢᠯᠡᠭᠦᠯᠭᠦ ᠶᠢᠨ ᠲᠤᠰᠠᠳᠠ ᠲᠠᠷᠢᠬᠤ ᠠᠴᠠ ᠪᠠᠨ ᠡᠮᠦᠨ᠎ᠠ ᠦᠷ᠎ᠡ ᠪᠠᠨ ᠰᠠᠶᠢᠳᠤᠷ ᠰᠤᠩᠭᠤᠬᠤ ᠪᠠ ᠦᠷ᠎ᠠ ᠶᠢᠨ ᠰᠤᠷᠲ ᠢ ᠭᠢᠨᠠᠨ ᠲᠤᠠᠠᠳᠠᠭᠠᠵᠤ᠂ ᠦᠷ᠎ᠡ ᠶᠢᠨ ᠴᠠᠪᠡᠷᠵᠢᠴᠡ ᠪᠡ ᠰᠤᠶᠤᠭᠠᠯᠠᠯᠳᠠ ᠶᠢᠨ ᠨᠤᠷᠮ᠎ᠠ ᠪᠠᠷ ᠲᠠᠷᠢᠬᠤ ᠭᠡᠮᠵᠢᠶ᠎ᠠ ᠶᠢ ᠲᠤᠠᠠᠳᠠᠭᠠᠵᠤ᠂ ᠨᠠᠷᠢᠯᠢᠬ ᠰᠤᠩᠭᠤᠬᠤ ᠪᠠ ᠠᠷᠢᠭᠤᠳᠬᠠᠬᠤ ᠵᠡᠷᠭᠡ ᠴᠢᠬᠤᠯᠠ ᠪᠦᠭᠦᠢ ᠠᠵᠢᠯ ᠤᠳ ᠢ ᠪᠡᠶᠡᠯᠡᠭᠦᠯᠦᠨ᠎ᠠ᠃ ᠪᠤᠷᠴᠠᠭ ᠤᠨ ᠢᠵᠠᠭᠤᠷ ᠤᠨ ᠦᠷ᠎ᠠ ᠪᠤᠯ ᠪᠠᠰᠠ ᠬᠠᠳᠠᠭᠤ ᠦᠷ᠎ᠡ ᠶᠢ ᠰᠢᠢᠳᠪᠤᠷᠢᠯᠡᠭᠦ ᠪᠡ ᠦᠨᠳᠤᠰᠤᠨ ᠪᠡᠳᠡᠭᠢ ᠶᠢᠨ ᠪᠠᠺᠲ᠋ᠧᠷᠢ ᠶᠢᠨ ᠲᠠᠷᠢᠯᠭ᠎ᠠ ᠭᠢᠵᠤ᠂ ᠰᠤᠷ ᠲᠠᠢ ᠦᠶᠡᠳᠤ ᠤᠷᠭᠤᠮᠠᠯ ᠤᠨ ᠢᠵᠠᠭᠤᠷ ᠤᠨ ᠡᠪᠡᠰᠤᠨ ᠤ ᠦᠷ᠎ᠠ ᠶᠢᠨ ᠰᠤᠷ ᠢ ᠨᠢ ᠠᠷᠢᠯᠭᠠᠬᠤ ᠭᠡᠷᠡᠭᠳᠡᠢ᠃
6. ᠪᠤᠷᠴᠠᠭ ᠤᠨ ᠢᠵᠠᠭᠤᠷ ᠤᠨ ᠡᠪᠡᠰᠤᠨ ᠤ ᠬᠠᠳᠠᠭᠤ ᠦᠷ᠎ᠡ ᠶᠢ ᠰᠢᠢᠳᠪᠤᠷᠢᠯᠡᠭᠦ ᠭᠡᠳᠡᠭ ᠨᠢ ᠶᠠᠭᠤ ᠶᠢ ᠵᠢᠭᠠᠵᠤ ᠪᠠᠶᠢᠬᠤ ᠪᠤᠢ︖
ᠪᠤᠷᠴᠠᠭ ᠤᠨ ᠢᠵᠠᠭᠤᠷᠳᠤ ᠤᠷᠭᠤᠮᠠᠯ ᠤᠨ ᠰᠢᠨ᠎ᠠ ᠦᠷ᠎ᠡ ᠶᠢ ᠲᠠᠷᠢᠬᠤ ᠦᠶᠡᠰ᠂ ᠤᠯᠠᠩᠭᠢ ᠦᠷ᠎ᠡ ᠶᠢ ᠨᠢ ᠤᠰᠤ ᠰᠢᠮᠡᠳᠭᠡᠨ ᠭᠦᠭᠡᠭᠡᠯᠭᠡᠵᠤ ᠰᠤᠶᠤᠭᠠᠯᠠᠭᠤᠯᠤᠭᠠᠳ ᠨᠢᠯᠬ᠎ᠠ ᠴᠢᠭᠢ ᠪᠤᠯᠭᠠᠨ᠎ᠠ᠃ ᠭᠡᠳᠡᠯ᠎ᠠ ᠨᠢᠭᠡ ᠭᠡᠰᠡᠭ ᠦᠷ᠎ᠡ ᠨᠢ ᠤᠰᠤ ᠰᠢᠮᠡᠳᠭᠦ ᠦᠭᠡᠢ ᠮᠦᠷᠳᠡᠭᠡᠨ ᠪᠠᠰᠠ ᠰᠤᠶᠤᠭᠠᠯᠠᠬᠤ ᠦᠭᠡᠢ᠂ ᠶᠠᠷᠤ ᠠᠴᠠ ᠬᠠᠭᠤᠷᠠᠢ ᠪᠦᠭᠡᠳ ᠬᠠᠳᠠᠭᠤᠯᠢᠭ ᠪᠠᠶᠢᠳᠠᠭ᠃ ᠡᠶᠢᠮᠤ ᠦᠷ᠎ᠡ ᠶᠢ ᠬᠠᠳᠠᠭᠤ ᠦᠷ᠎ᠡ ᠭᠡᠨ᠎ᠠ᠃ ᠰᠢᠨ᠎ᠠ ᠦᠷ᠎ᠠ ᠶᠢᠨ ᠲᠤᠳᠤᠷ᠎ᠠ ᠬᠠᠳᠠᠭᠤ ᠦᠷ᠎ᠠ ᠤᠯᠠᠨ ᠪᠠᠶᠢᠵᠤ᠂ ᠤᠳᠠᠭᠠᠨ ᠬᠠᠳᠠᠭᠠᠯᠠᠬᠤ ᠶᠢ ᠲᠠᠭᠠᠯᠳᠤᠨ ᠠᠭᠠᠵᠢᠮ ᠢᠶᠠᠷ ᠴᠦᠭᠡᠷᠡᠭᠦ ᠪᠦᠭᠡᠳ ᠬᠠᠳᠠᠭᠠᠯᠠᠬᠤ ᠲᠤᠳᠤᠮ ᠤᠯᠠᠮ ᠴᠦᠭᠡᠷᠡᠳᠡᠭ᠃ ᠬᠠᠳᠠᠭᠤ ᠦᠷ᠎ᠡ ᠶᠢᠨ ᠡᠨᠡ ᠬᠦ ᠤᠨᠴᠠᠯᠢᠭ ᠢ ᠬᠠᠳᠠᠭᠤᠯᠢᠭ ᠴᠢᠨᠠᠷ ᠭᠡᠳᠡᠭ᠃
ᠪᠤᠷᠴᠠᠭ ᠤᠨ ᠢᠵᠠᠭᠤᠷᠳᠤ ᠤᠷᠭᠤᠮᠠᠯ ᠤᠨ ᠦᠷ᠎ᠠ ᠶᠢᠨ ᠬᠠᠳᠠᠭᠤᠯᠢᠭ ᠴᠢᠨᠠᠷ ᠨᠢ ᠤᠷᠭᠤᠮᠠᠯ ᠤᠨ ᠠᠳᠠᠯᠢ ᠦᠭᠡᠢ ᠠᠴᠠ ᠪᠤᠯᠤᠭᠠᠳ ᠬᠠᠳᠠᠭᠤᠯᠢᠭ ᠤᠨ ᠨᠤᠷᠮ᠎ᠠ ᠨᠢ ᠴᠤ ᠠᠳᠠᠯᠢ ᠦᠭᠡᠢ᠃ ᠵᠢᠱᠢᠶᠡᠯᠡᠪᠡᠯ ᠪᠤᠷᠤ ᠴᠠᠷᠭᠠᠰᠤ ᠶᠢᠨ ᠬᠢ 10%~20%᠂ ᠰᠢᠷ᠎ᠠ ᠴᠠᠷᠭᠠᠰᠤ ᠶᠢᠨ 30%᠂ ᠴᠠᠭᠠᠨ ᠭᠦᠴᠢᠩᠭᠢ ᠶᠢᠨ ᠬᠢ 40%᠂ ᠵᠡᠷᠯᠢᠭ ᠰᠢᠷ᠎ᠠ ᠴᠠᠷᠭᠠᠰᠤ ᠶᠢᠨ ᠬᠢ 60%᠂ ᠰᠢᠨᠡᠭᠡᠨ ᠬᠠᠳᠤᠠᠠᠰᠠᠨ ᠲᠤᠶᠠᠭᠠᠯᠢᠭ ᠬᠤᠨᠴᠢᠷ ᠤᠨ ᠬᠢ 80%~90% ᠪᠠᠶᠢᠳᠠᠭ᠃ ᠪᠤᠷᠴᠠᠭ ᠤᠨ ᠢᠵᠠᠭᠤᠷᠳᠤ ᠡᠪᠡᠰᠤ ᠪᠤᠯᠤᠨ ᠪᠤᠷᠳᠤᠭᠠᠨ ᠤ ᠲᠠᠷᠢᠬᠤ ᠶᠠᠰᠤ ᠴᠢᠨᠠᠷ ᠪᠡ ᠰᠤᠶᠤᠭᠠᠯᠠᠬᠤ ᠨᠤᠷᠮ᠎ᠠ ᠶᠢ ᠲᠡᠭᠡᠭᠰᠢᠯᠡᠭᠦᠯᠭᠦ ᠪᠡ ᠦᠷ᠎ᠠ ᠶᠢᠨ ᠰᠦᠢᠳᠤᠯ ᠢ ᠪᠠᠭᠠᠰᠬᠠᠬᠤ ᠶᠢᠨ ᠲᠤᠰᠠᠳᠠ ᠶᠠᠷᠦᠩᠭᠡᠢ ᠳᠡᠭᠡᠨ ᠴᠦᠮ ᠬᠠᠳᠠᠭᠤ ᠦᠷ᠎ᠡ ᠶᠢ ᠰᠢᠢᠳᠪᠤᠷᠢᠯᠡᠭᠦ ᠴᠢᠬᠤᠯᠠ ᠲᠠᠢ᠃
7. ᠬᠠᠳᠠᠭᠤ ᠦᠷ᠎ᠡ ᠶᠢ ᠶᠠᠮᠠᠷ ᠠᠷᠭ᠎ᠠ ᠪᠠᠷ ᠰᠢᠢᠳᠪᠤᠷᠢᠯᠡᠭᠦ ᠪᠤᠢ︖
ᠬᠠᠳᠠᠭᠤ ᠦᠷ᠎ᠡ ᠶᠢ ᠰᠢᠢᠳᠪᠤᠷᠢᠯᠡᠭᠦ ᠳᠤ ᠲᠤᠤᠷᠠᠭᠢ ᠭᠡᠳᠦᠨ ᠠᠷᠭ᠎ᠠ ᠶᠢ ᠯᠠᠪᠯᠠᠯᠳᠠ ᠪᠤᠯᠭᠠᠵᠤ ᠪᠤᠯᠤᠨ᠎ᠠ᠃
︵1︶ ᠦᠷ᠎ᠠ ᠶᠢᠨ ᠬᠠᠯᠢᠰᠤ ᠶᠢ ᠨᠢ ᠬᠠᠭᠠᠯᠬᠤ᠄ ᠡᠨᠡ ᠪᠤᠯ ᠬᠠᠮᠤᠭ ᠤᠨ ᠪᠠᠶᠢᠡᠭᠭᠤ ᠭᠡᠷᠡᠭᠯᠡᠳᠡᠭ ᠪᠦᠭᠡᠳ ᠬᠠᠮᠤᠭ ᠤᠨ ᠲᠦᠭᠦᠮ ᠠᠷᠭ᠎ᠠ ᠪᠤᠯᠤᠨ᠎ᠠ᠃ ᠦᠷ᠎ᠠ ᠶᠢᠨ ᠬᠠᠯᠢᠰᠤ ᠶᠢ ᠨᠢ ᠬᠠᠭᠠᠯᠴᠢᠬᠠᠪᠠᠯ ᠠᠶᠠᠠᠳᠠᠭᠠᠨ ᠰᠢᠮᠡᠳᠤᠨ ᠭᠦᠭᠡᠭᠡᠵᠤ᠂ ᠠᠮᠠᠷᠬᠠᠨ ᠰᠤᠶᠤᠭᠠᠯᠠᠨ᠎ᠠ᠃ ᠦᠷ᠎ᠡ ᠴᠦᠭᠡᠨ ᠪᠤᠯ ᠦᠷ᠎ᠠ ᠪᠠᠨ ᠬᠠᠶᠢᠷ ᠲᠠᠢ ᠴᠤᠭ ᠨᠢᠭᠡ ᠤᠭᠤᠳᠠᠨ ᠳᠤ ᠭᠢᠵᠤ᠂ ᠭᠦᠴᠤᠳᠡᠢ ᠦᠷᠦᠭᠦ ᠪᠤᠶᠤ ᠮᠤᠳᠤᠨ ᠰᠢᠳᠠᠮ ᠢᠶᠠᠷ ᠴᠤᠭᠢᠵᠤ᠂ ᠬᠠᠯᠢᠰᠤ ᠶᠢ ᠨᠢ ᠬᠠᠭᠠᠯᠤᠨ᠎ᠠ᠃ ᠦᠷ᠎ᠠ ᠠᠷᠪᠢᠨ ᠪᠤᠯ ᠨᠢᠴᠠᠯᠤᠨ ᠲᠠᠷᠤᠬᠤ ᠠᠷᠭ᠎ᠠ ᠶᠢ ᠭᠡᠷᠡᠭᠯᠡᠨ᠎ᠡ᠃ ᠡᠨᠡ ᠠᠷᠭ᠎ᠠ ᠶᠢ ᠭᠡᠷᠡᠭᠯᠡᠭᠦ ᠳᠡᠭᠡᠨ ᠦᠷ᠎ᠡ ᠪᠠᠨ ᠨᠡᠯᠢᠶᠡᠳ ᠵᠤᠵᠠᠭᠠᠨ ᠲᠠᠪᠢᠰᠴᠤ᠂ ᠦᠷ᠎ᠡ ᠶᠢ ᠨᠢ ᠨᠢᠴᠠᠯᠬᠤ ᠠᠴᠠ ᠭᠢᠴᠢᠶᠡᠭᠦ ᠭᠡᠷᠡᠭᠳᠡᠢ᠃ ᠡᠨᠡ ᠠᠷᠭ᠎ᠠ ᠪᠠᠷ ᠰᠢᠢᠳᠪᠤᠷᠢᠯᠡᠭᠰᠡᠨ ᠦᠷ᠎ᠠ ᠶᠢᠨ ᠰᠤᠶᠤᠭᠠᠯᠠᠬᠤ ᠨᠤᠷᠮ᠎ᠠ ᠨᠢ ᠶᠡᠭᠡᠳᠡ ᠲᠡᠭᠡᠭᠰᠢᠯᠡᠵᠤ᠂ 90% ᠠᠴᠠ ᠲᠡᠭᠡᠭᠰᠢ ᠳᠤ ᠭᠦᠷᠳᠡᠭ᠃
︵2︶ ᠲᠡᠪᠳᠦᠭᠡᠭᠦ᠄ ᠬᠠᠳᠠᠭᠤ ᠦᠷ᠎ᠡ ᠪᠠᠨ ᠪᠦᠯᠢᠶᠠᠨ ᠤᠰᠤᠨ ᠳᠤ ᠡᠳᠤᠷ ᠰᠦᠨᠢ ᠲᠡᠪᠳᠦᠭᠡᠵᠤ ᠱᠦᠭᠦᠨ ᠭᠠᠷᠭᠠᠭᠠᠳ᠂ ᠡᠳᠤᠷ ᠲᠡᠭᠡᠨ ᠬᠤᠷᠴᠡ ᠨᠠᠷᠠᠨ ᠳᠤ ᠰᠢᠷᠠᠵᠤ᠂ ᠰᠦᠨᠢ ᠳᠡᠭᠡᠨ ᠰᠡᠷᠢᠭᠦᠨ ᠭᠠᠵᠷ ᠲᠠᠯᠪᠢᠵᠤ᠂ ᠦᠷᠭᠦᠯᠵᠢ ᠤᠰᠤ ᠰᠦᠷᠴᠢᠭᠦ ᠪᠡ ᠨᠦᠢᠳᠡᠨ ᠪᠦᠰ ᠢᠶᠠᠷ ᠪᠦᠳᠡᠭᠡᠵᠤ᠂ 2~3 ᠡᠳᠤᠷ ᠪᠤᠯᠤᠠᠠᠰᠠᠨ ᠤ ᠰᠡᠭᠦᠯᠡᠷ ᠬᠠᠯᠢᠰᠤ ᠨᠢ ᠬᠠᠭᠠᠷᠠᠪᠠᠯ᠂ ᠲᠠᠷᠦ᠋ᠢᠬᠠᠨ ᠲᠠᠷᠢᠨ᠎ᠠ᠃ ᠡᠭᠦᠨ ᠠᠴᠠ ᠭᠠᠳᠠᠨ᠎ᠠ ᠦᠷ᠎ᠡ ᠪᠠᠨ ᠪᠠᠰᠠ 40℃~45℃ ᠤᠨ ᠬᠠᠯᠠᠭᠤᠨ ᠤᠰᠤᠨ ᠳᠤ ᠭᠢᠪᠡᠯ ᠬᠠᠳᠠᠭᠤ ᠴᠢᠨᠠᠷ ᠨᠢ ᠵᠦᠭᠡᠯᠡᠷᠡᠨᠡ᠃ ᠪᠠᠰᠠ 1% ᠶᠢᠨ ᠰᠢᠩᠭᠡᠨ ᠭᠦᠭᠦᠷ ᠭᠦᠴᠢᠯ ᠳᠤ ᠦᠷ᠎ᠡ ᠪᠠᠨ ᠬᠠᠭᠠᠰ ᠴᠠᠭ ᠲᠡᠪᠳᠦᠭᠡᠵᠤ᠂ ᠲᠠᠭᠢᠨ ᠴᠡᠪᠡᠷ ᠤᠰᠤᠨ ᠳᠤ ᠨᠢᠭᠡ ᠴᠠᠭ ᠲᠡᠪᠳᠦᠭᠡᠭᠦ ᠪᠤᠶᠤ ᠤᠷᠤᠰᠬᠠᠯ ᠤᠰᠤ ᠪᠠᠷ 10~20 ᠮᠢᠨᠦ᠋ᠲ ᠵᠠᠶᠢᠯᠠᠨ ᠤᠭᠢᠶᠠᠵᠤ᠂ ᠰᠠᠷᠢᠭᠦᠨ ᠭᠠᠵᠠᠷ ᠬᠠᠳᠠᠭᠠᠭᠠᠳ ᠲᠠᠷᠢᠪᠡᠯ ᠮᠠᠰᠢ ᠰᠠᠶᠢᠨ ᠦᠷ᠎ᠡ ᠪᠦᠳᠦᠭᠡᠯ ᠤᠯᠳᠠᠭ᠃ ᠡᠨᠡ ᠠᠷᠭ᠎ᠠ ᠶᠢ ᠭᠢᠮᠢ ᠶᠢᠨ ᠰᠢᠢᠳᠪᠤᠷᠢᠯᠡᠯᠳᠡ ᠭᠡᠳᠡᠭ᠃
8. ᠪᠤᠷᠴᠠᠭ ᠤᠨ ᠢᠵᠠᠭᠤᠷ ᠤᠨ ᠡᠪᠡᠰᠤᠨ ᠤ ᠦᠷ᠎ᠠ ᠶᠢᠨ ᠦᠨᠳᠤᠰᠤᠨ ᠪᠡᠳᠡᠭᠢ ᠶᠢᠨ ᠮᠦᠭᠦ ᠶᠢ ᠵᠠᠯᠭᠠᠨ ᠲᠠᠷᠢᠵᠤ ᠪᠤᠯᠤᠨ᠎ᠠ ᠤᠤ︖
ᠪᠤᠷᠴᠠᠭ ᠤᠨ ᠢᠵᠠᠭᠤᠷᠳᠤ ᠡᠪᠡᠰᠤ ᠨᠢ ᠦᠨᠳᠤᠰᠤᠨ ᠪᠡᠳᠡᠭᠢ ᠶᠢᠨ ᠮᠦᠭᠦ ᠲᠠᠢ ᠬᠠᠮᠳᠤᠷᠠᠨ ᠠᠮᠢᠳᠤᠷᠠᠵᠤ ᠠᠽᠤᠲ ᠲᠤᠠᠠᠳᠠᠭᠠᠳᠠᠭ᠃ ᠪᠤᠷᠴᠠᠭ ᠤᠨ ᠢᠵᠠᠭᠤᠷᠳᠤ ᠡᠪᠡᠰᠤ ᠨᠢ ᠤᠤᠯ ᠤᠨ ᠤᠷᠭᠤᠯᠳᠠ ᠶᠢᠨ ᠤᠷᠤᠨ ᠵᠢᠴᠢ ᠭᠦᠷᠦᠰᠤ ᠰᠢᠷᠤᠢ ᠶᠢᠨ ᠨᠦᠭᠦᠴᠡᠯ ᠰᠠᠶᠢᠳᠠᠢ ᠭᠠᠵᠠᠷ ᠤᠷᠭᠤᠬᠤ ᠳᠠᠭᠠᠨ ᠲᠡᠭᠦᠨ ᠤ ᠦᠨᠳᠤᠰᠤᠨ ᠲᠡᠭᠡᠷ᠎ᠡ ᠨᠢ ᠨᠢᠭᠡᠨ ᠵᠦᠢᠯ ᠤᠨ ᠪᠡᠳᠡᠭᠢ ᠶᠢᠨ ᠭᠡᠯᠪᠡᠷᠢ ᠲᠠᠢ ᠶᠠᠭᠤᠮ᠎ᠠ ᠤᠷᠭᠤᠳᠠᠭ᠃ ᠡᠭᠦᠨ ᠢ ᠦᠨᠳᠦᠰᠤᠨ ᠪᠡᠳᠡᠭᠢ ᠭᠡᠨ᠎ᠡ᠃ ᠭᠠᠭᠴᠡ ᠬᠦ ᠭᠦᠷᠤᠰᠤ ᠰᠢᠷᠤᠢ ᠳᠤ ᠶᠠᠮᠠᠷ ᠨᠢᠭᠡᠨ ᠪᠤᠷᠴᠠᠭ ᠤᠨ ᠢᠵᠠᠭᠤᠷᠳᠤ ᠡᠪᠡᠰᠤᠨ ᠳᠤ ᠲᠤᠰᠬᠠᠢ ᠪᠠᠶᠢᠳᠠᠭ ᠪᠠᠺᠲ᠋ᠧᠷᠢ ᠤᠷᠤᠰᠢᠬᠤ ᠪᠠ ᠵᠤᠭᠢᠬᠤ ᠲᠤᠭ᠎ᠠ ᠭᠡᠮᠵᠢᠶᠠᠨ ᠳᠤ ᠭᠦᠷᠪᠡᠯ ᠰᠠᠶ᠋ᠢ ᠦᠨᠳᠤᠰᠤᠨ ᠪᠡᠳᠡᠭᠢ ᠪᠤᠢ ᠪᠤᠯᠳᠠᠭ᠃ ᠪᠤᠷᠴᠠᠭ ᠤᠨ ᠢᠵᠠᠭᠤᠷᠳᠤ ᠡᠪᠡᠰᠤᠨ ᠤ ᠦᠨᠳᠤᠰᠤᠨ ᠲᠡᠭᠡᠷ᠎ᠡ ᠪᠤᠢ ᠪᠤᠯᠤᠠᠠᠰᠠᠨ ᠮᠦᠭᠦ ᠶᠢ ᠦᠨᠳᠤᠰᠤᠨ ᠪᠠᠳᠡᠭᠢ ᠶᠢᠨ ᠮᠦᠭᠦ ᠭᠡᠨ᠎ᠡ᠃
ᠦᠨᠳᠤᠰᠤᠨ ᠪᠡᠳᠡᠭᠢ ᠶᠢᠨ ᠮᠦᠭᠦ ᠶᠢᠨ ᠲᠠᠷᠢᠯᠭ᠎ᠠ ᠭᠢᠭᠦ ᠳᠤ ᠦᠨᠳᠤᠰᠤᠨ ᠪᠡᠳᠡᠭᠢ ᠶᠢᠨ ᠮᠦᠭᠦ ᠶᠢᠨ ᠲᠦᠷᠦᠯ ᠢ ᠵᠦᠪ ᠰᠤᠩᠭᠤᠨ᠎ᠠ᠃ ᠪᠤᠷᠴᠠᠭ ᠤᠨ ᠢᠵᠠᠭᠤᠷᠳᠤ ᠡᠪᠡᠰᠤᠨ ᠤ ᠦᠨᠳᠤᠰᠤᠨ ᠪᠡᠳᠡᠭᠢ ᠶᠢᠨ ᠮᠦᠭᠦ ᠶᠢ ᠬᠠᠷᠢᠯᠴᠠᠨ ᠲᠠᠷᠢᠵᠤ ᠪᠤᠯᠬᠤ ᠶᠢ ᠨᠢ ᠨᠡᠢᠮᠡᠨ ᠪᠦᠯᠦᠭ ᠬᠤᠪᠢᠶᠠᠵᠤ ᠪᠤᠯᠤᠨ᠎ᠠ᠃ ᠠᠳᠠᠯᠢ ᠲᠦᠷᠦᠯ ᠤᠨ ᠪᠤᠷᠴᠠᠭ ᠤᠨ ᠢᠵᠠᠭᠤᠷᠳᠤ ᠡᠪᠡᠰᠤ ᠪᠤᠯᠤᠨ ᠪᠤᠷᠳᠤᠭ᠎ᠠ ᠶᠢᠨ ᠲᠠᠷᠢᠮᠠᠯ ᠢ ᠬᠠᠷᠢᠯᠴᠠᠨ ᠲᠠᠷᠢᠵᠤ ᠪᠤᠯᠤᠨ᠎ᠠ᠂ ᠠᠳᠠᠯᠢ ᠪᠤᠰᠤ ᠲᠦᠷᠦᠯ ᠤᠨ ᠬᠢ ᠶᠢ ᠬᠠᠷᠢᠯᠴᠠᠨ ᠲᠠᠷᠢᠵᠤ ᠪᠤᠯᠬᠤ ᠦᠭᠡᠢ᠃
9. ᠦᠨᠳᠤᠰᠤᠨ ᠪᠡᠳᠡᠭᠢ ᠶᠢᠨ ᠮᠦᠭᠦ ᠶᠢᠨ ᠬᠠᠷᠢᠯᠴᠠᠨ ᠵᠠᠯᠭᠠᠨ ᠲᠠᠷᠢᠵᠤ ᠪᠤᠯᠬᠤ ᠨᠡᠢᠮᠡᠨ ᠪᠦᠯᠦᠭ ᠨᠢ ᠶᠠᠭᠤ ᠶᠠᠭᠤ ᠶᠢ ᠵᠢᠭᠠᠵᠤ ᠪᠠᠶᠢᠬᠤ ᠪᠤᠢ︖
ᠦᠨᠳᠦᠰᠦᠨ ᠪᠡᠳᠡᠭᠢ ᠶᠢᠨ ᠮᠦᠭᠦ ᠶᠢᠨ ᠬᠠᠷᠢᠯᠴᠠᠨ ᠲᠠᠷᠢᠵᠤ ᠪᠤᠯᠬᠤ ᠨᠡᠢᠮᠡᠨ ᠪᠦᠯᠦᠭ ᠭᠡᠪᠡᠯ᠄
︵1︶ ᠴᠠᠷᠭᠠᠰᠤᠨ ᠤ ᠪᠦᠯᠦᠭ᠄ ᠡᠭᠦᠨ ᠳᠤ ᠴᠠᠷᠭᠠᠰᠤᠨ ᠤ ᠲᠦᠷᠦᠯ᠂ ᠭᠦᠴᠢᠩᠭᠢ ᠶᠢᠨ ᠲᠦᠷᠦᠯ᠂ ᠬᠤᠯᠤᠪᠠ ᠪᠤᠷᠴᠠᠭ ᠤᠨ ᠲᠦᠷᠦᠯ ᠢ ᠲᠠᠷᠢᠵᠤ ᠪᠤᠯᠤᠨ᠎ᠠ᠃
︵2︶ ᠬᠤᠰᠢᠶᠠᠩᠭᠤᠷ ᠤᠨ ᠪᠦᠯᠦᠭ᠄ ᠡᠭᠦᠨ ᠳᠤ ᠬᠤᠰᠢᠶᠠᠩᠭᠤᠷ ᠤᠨ ᠲᠦᠷᠦᠯ ᠢ ᠲᠠᠷᠢᠵᠤ ᠪᠤᠯᠤᠨ᠎ᠠ᠃
︵3︶ ᠸᠠᠠᠳ᠋ᠸᠤ ᠶᠢᠨ ᠪᠦᠯᠦᠭ᠄ ᠡᠭᠦᠨ ᠳᠤ ᠸᠠᠠᠳ᠋ᠸᠤ ᠶᠢᠨ ᠲᠦᠷᠦᠯ᠂ ᠭᠡᠭᠡᠷ᠎ᠡ ᠶᠢᠨ ᠭᠢᠰᠢ ᠶᠢᠨ ᠲᠦᠷᠦᠯ᠂ ᠵᠢᠭᠠᠷ ᠸᠠᠠᠳ᠋ᠸᠤ ᠶᠢᠨ ᠲᠦᠷᠦᠯ᠂ ᠰᠠᠪᠡᠭ ᠪᠤᠷᠴᠠᠭ ᠤᠨ ᠲᠦᠷᠦᠯ ᠢ ᠲᠠᠷᠢᠵᠤ ᠪᠤᠯᠤᠨ᠎ᠠ᠃
︵4︶ ᠲᠠᠪᠢᠭᠦᠷ ᠪᠤᠷᠴᠠᠬ ᠤᠨ ᠪᠦᠯᠦᠭ᠄ ᠡᠭᠦᠨ ᠳᠤ ᠲᠠᠪᠢᠭᠦᠷ ᠪᠤᠷᠴᠠᠭ ᠤᠨ ᠲᠦᠷᠦᠯ᠂ ᠰᠠᠪᠡᠷ ᠪᠤᠷᠴᠠᠭ ᠤᠨ ᠲᠦᠷᠦᠯ ᠢ ᠲᠠᠷᠢᠵᠤ ᠪᠤᠯᠤᠨ᠎ᠠ᠃
︵5︶ ᠰᠢᠷ᠎ᠠ ᠪᠤᠷᠴᠠᠭ ᠤᠨ ᠪᠦᠯᠦᠭ᠄ ᠡᠭᠦᠨ ᠳᠤ ᠰᠢᠷ᠎ᠡ ᠪᠤᠷᠴᠠᠭ ᠤᠨ ᠲᠦᠷᠦᠯ ᠢ ᠲᠠᠷᠢᠵᠤ ᠪᠤᠯᠤᠨ᠎ᠠ᠃
︵6︶ ᠤᠷᠳᠤ ᠤᠯᠠᠭᠠᠨ ᠪᠤᠷᠴᠠᠭ ᠤᠨ ᠪᠦᠯᠦᠭ᠄ ᠡᠭᠦᠨ ᠳᠤ ᠤᠯᠠᠭᠠᠨ ᠪᠤᠷᠴᠠᠭ ᠤᠨ ᠲᠦᠷᠦᠯ᠂ ᠤᠷᠳᠤ ᠪᠤᠷᠴᠠᠭ ᠤᠨ ᠲᠦᠷᠦᠯ᠂ ᠬᠤᠵᠢᠰᠤ ᠶᠢᠨ ᠲᠦᠷᠦᠯ᠂ ᠴᠢᠴᠠᠷᠭᠠᠨ᠎ᠠ ᠶᠢᠨ ᠲᠦᠷᠦᠯ᠂ ᠪᠤᠷᠴᠬᠠᠳᠤ ᠤᠯᠤᠰᠤ ᠶᠢᠨ ᠲᠦᠷᠦᠯ᠂ ᠰᠠᠮᠤᠷ ᠤᠨ ᠲᠦᠷᠦᠯ᠂ ᠠᠯᠳᠠᠨ ᠬᠤᠸᠠᠶᠢᠰᠠ ᠶᠢᠨ ᠲᠦᠷᠦᠯ᠂ ᠮᠤᠪᠢ ᠴᠡᠴᠡᠭ ᠤᠨ ᠲᠦᠷᠤᠯ ᠢ ᠲᠠᠷᠢᠵᠤ ᠪᠤᠯᠤᠨ᠎ᠠ᠃
︵7︶ ᠱᠤᠰᠢ ᠶᠢᠨ ᠪᠦᠯᠦᠭ᠄ ᠡᠭᠦᠨ ᠳᠤ ᠱᠤᠰᠢ ᠶᠢᠨ ᠲᠦᠷᠦᠯ ᠤᠨ ᠭᠡᠰᠡᠭ ᠦᠷ᠎ᠡ ᠶᠢ ᠲᠠᠷᠢᠵᠤ ᠪᠤᠯᠤᠨ᠎ᠠ᠃
︵8︶ ᠪᠤᠰᠤᠳ ᠵᠦᠢᠯ᠄ ᠡᠭᠦᠨ ᠳᠤ ᠬᠤᠰᠢᠶᠠᠩᠭᠤᠷ ᠤᠨ ᠲᠦᠷᠦᠯ᠂ ᠦᠷᠭᠡᠰᠤᠳᠤ ᠬᠤᠸᠠᠶᠢᠰᠠ ᠶᠢᠨ ᠲᠦᠷᠦᠯ᠂ ᠬᠤᠰᠢᠭᠤᠳᠤ ᠪᠤᠷᠴᠠᠬ ᠤᠨ ᠲᠦᠷᠦᠯ᠂ ᠤᠯᠠᠭᠠᠨ ᠪᠤᠷᠴᠬᠠᠳᠤ ᠡᠪᠡᠰᠤᠨ ᠤ ᠲᠦᠷᠦᠯ᠂ ᠬᠠᠷᠭᠠᠨ᠎ᠠ ᠶᠢᠨ ᠲᠦᠷᠦᠯ᠂ ᠪᠤᠷᠤ ᠲᠦᠷᠦᠭᠦᠳᠤ ᠬᠤᠸᠠᠶᠢᠰᠠ ᠶᠢᠨ ᠲᠦᠷᠦᠯ ᠢ ᠪᠤᠯ ᠦᠪᠡᠷ ᠲᠤᠨᠢ ᠲᠤᠭᠢᠷᠠᠬᠤ ᠰᠠᠭᠤᠷᠢ ᠪᠠᠺᠲ᠋ᠧᠷᠢ ᠳᠤ ᠯᠡ ᠲᠠᠷᠢᠵᠤ ᠪᠤᠯᠤᠨ᠎ᠠ᠃
10. ᠦᠨᠳᠤᠰᠤᠨ ᠪᠡᠳᠡᠭᠢ ᠶᠢᠨ ᠮᠦᠭᠦ ᠶᠢ ᠶᠠᠮᠠᠷ ᠠᠷᠭ᠎ᠠ ᠪᠠᠷ ᠵᠠᠯᠭᠠᠨ ᠲᠠᠷᠢᠬᠤ ᠪᠤᠢ︖
ᠦᠨᠳᠤᠰᠤᠨ ᠪᠡᠳᠡᠭᠢ ᠶᠢᠨ ᠮᠦᠭᠦ ᠶᠢ ᠲᠠᠷᠢᠬᠤ ᠳᠤ ᠲᠤᠤᠷᠠᠭᠢ ᠮᠡᠳᠤ ᠭᠡᠳᠦᠨ ᠵᠦᠢᠯ ᠤᠨ ᠠᠷᠭ᠎ᠠ ᠶᠢ ᠭᠡᠷᠡᠭᠯᠡᠵᠤ ᠪᠤᠯᠤᠨ᠎ᠠ᠃
︵1︶ ᠪᠡᠳᠡᠭᠢ ᠶᠢ ᠬᠠᠭᠤᠷᠠᠶᠢᠯᠠᠬᠤ ᠠᠷᠭ᠎ᠠ᠄ ᠡᠨᠡ ᠨᠢ ᠪᠤᠷᠴᠠᠭ ᠤᠨ ᠢᠵᠠᠭᠤᠷ ᠤᠨ ᠤᠷᠭᠤᠮᠠᠯ ᠶᠠᠭ ᠴᠡᠴᠡᠭ ᠲᠡᠯᠭᠡᠷᠡᠭᠦ ᠬᠤᠭᠤᠴᠠᠭᠠᠨ ᠳᠤ ᠢᠳᠡᠷᠡᠭᠦᠨ ᠡᠰᠢ ᠶᠢᠨ ᠦᠨᠳᠤᠰᠤ ᠶᠢ ᠭᠦᠨᠳᠡᠶᠢᠭᠡᠨ ᠮᠠᠯᠳᠠᠨ ᠠᠪᠴᠤ᠂ ᠤᠰᠤ ᠪᠠᠷ ᠴᠡᠪᠡᠷᠭᠡᠨ ᠤᠭᠢᠶᠠᠵᠤ᠂ ᠭᠦᠷᠦᠰᠤᠨ ᠲᠡᠭᠡᠷᠡᠭᠢ ᠭᠡᠰᠡᠭ ᠢ ᠨᠢ ᠤᠠᠠᠳᠤᠯᠤᠨ ᠬᠠᠶᠠᠵᠤ᠂ ᠭᠦᠷᠦᠰᠤᠨ ᠲᠤᠤᠷᠠᠭᠢ ᠭᠡᠰᠡᠭ ᠢ ᠨᠢ ᠦᠯᠡᠳᠡᠭᠡᠵᠤ᠂ ᠰᠠᠯᠭᠢ ᠨᠡᠪᠳᠡᠷᠡᠭᠦ ᠰᠡᠭᠦᠳᠡᠷ ᠭᠠᠵᠠᠷ ᠲᠠᠯᠪᠢᠨ ᠠᠭᠠᠵᠢᠮ ᠢᠶᠠᠷ ᠬᠠᠳᠠᠭᠠᠨ᠎ᠠ᠃ ᠲᠠᠷᠢᠬᠤ ᠠᠴᠠ ᠪᠠᠨ ᠡᠮᠦᠨ᠎ᠠ ᠬᠠᠳᠠᠭᠠᠠᠠᠰᠠᠨ ᠦᠨᠳᠤᠰᠤᠨ ᠭᠡᠰᠡᠭ ᠢ ᠲᠠᠯᠬᠠᠳᠠᠵᠤ᠂ ᠬᠠᠮᠤᠭ ᠰᠠᠶᠢᠨ ᠨᠢ ᠵᠢᠭᠠᠬᠠᠨ ᠨᠠᠭᠠᠯᠳᠤᠮᠠᠬᠠᠢ ᠡᠳ᠋ ᠨᠡᠮᠡᠭᠡᠳ᠂ ᠦᠷ᠎ᠡ ᠲᠠᠢ ᠪᠠᠨ ᠬᠤᠯᠢᠨ᠎ᠠ᠃ ᠭᠡᠷᠡᠭᠯᠡᠭᠦ ᠭᠡᠮᠵᠢᠶ᠎ᠠ ᠨᠢ ᠭᠡᠪᠡᠯ ᠶᠠᠷᠦᠩᠭᠡᠢ ᠳᠡᠭᠡᠨ ᠮᠤ᠋ ᠪᠦᠷᠢ ᠳᠤ 5~10 ᠬᠠᠳ᠋ᠬᠠᠰᠠᠨ ᠦᠨᠳᠤᠰᠦᠨ ᠤ ᠨᠤᠠᠳᠠᠭ ᠲᠠᠯᠬ᠎ᠠ ᠶᠢ ᠭᠡᠷᠡᠭᠯᠡᠭᠦ ᠪᠦᠭᠡᠳ ᠬᠠᠳ᠋ᠬᠠᠰᠠᠨ ᠦᠨᠳᠤᠰᠤᠨ ᠤ ᠭᠦᠨᠳᠤ ᠶᠢᠨ 1.5~3 ᠲᠠᠭᠢᠨ ᠤᠰᠤ ᠭᠢᠵᠤ ᠵᠢᠭᠤᠷᠠᠭᠠᠳ᠂ 20℃~30℃ ᠤᠨ ᠬᠠᠯᠠᠭᠤᠨ ᠳᠤ ᠲᠤᠭᠢᠳᠡᠢ ᠭᠠᠵᠠᠷ ᠲᠠᠯᠤ ᠵᠨ ᠦᠷᠡᠵᠢᠭᠦᠯᠵᠤ᠂ 10~15 ᠬᠤᠨᠤᠭ ᠤᠨ ᠲᠠᠷᠠᠭ᠎ᠠ ᠦᠷ᠎ᠠ ᠲᠠᠢ ᠪᠠᠨ ᠬᠤᠯᠢᠵᠤ ᠲᠠᠷᠢᠨ᠎ᠠ᠃
︵2︶ ᠬᠠᠭᠠᠰ ᠵᠢᠩ ᠨᠤᠭᠤᠭᠠᠨ ᠬᠠᠰᠢᠶᠠᠨ ᠤ ᠰᠢᠷᠤᠢ ᠪᠤᠶᠤ ᠭᠤᠤᠯ ᠤᠨ ᠲᠠᠩ ᠤᠨ ᠰᠢᠪᠠᠷ ᠲᠡᠭᠡᠷ᠎ᠡ ᠨᠢᠭᠡ ᠴᠤᠮᠤ ᠡᠪᠡᠰᠤ ᠮᠤᠳᠤᠨ ᠤ ᠦᠨᠡᠰᠤ ᠭᠢᠵᠤ ᠪᠠᠭᠰᠤᠷᠤᠨ ᠵᠢᠭᠤᠷᠠᠵᠤ᠂ ᠲᠤᠮᠤ ᠠᠶᠠᠭᠠᠨ ᠳᠤ ᠭᠢᠵᠤ ᠠᠮᠠᠰᠠᠷ ᠢ ᠨᠢ ᠲᠠᠷᠤᠭᠠᠳ ᠬᠠᠭᠠᠰ ᠴᠠᠭ ᠠᠴᠠ ᠨᠢᠭᠡ ᠴᠠᠭ ᠵᠢᠩᠨᠡᠵᠤ ᠭᠠᠷᠭᠠᠵᠤ ᠠᠪᠴᠤ ᠭᠦᠷᠦᠭᠡᠭᠰᠡᠨ ᠤ ᠰᠡᠭᠦᠯᠡᠷ ᠰᠢᠯᠢᠵᠤ ᠰᠤᠩᠭᠤᠠᠠᠰᠠᠨ 30 ᠦᠨᠳᠤᠰᠦᠨ ᠪᠡᠳᠡᠭᠢ ᠪᠤᠶᠤ ᠰᠡᠭᠦᠳᠡᠷ ᠲᠤ ᠬᠠᠳᠠᠭᠠᠭᠰᠠᠨ ᠪᠤᠷᠴᠠᠭ ᠤᠨ ᠢᠵᠠᠭᠤᠷ ᠤᠨ ᠤᠷᠭᠤᠮᠠᠯ ᠤᠨ 5~10 ᠦᠨᠳᠤᠰᠤ ᠶᠢ ᠲᠠᠯᠬᠠᠳᠠᠭᠠᠳ᠂ ᠪᠠᠭ᠎ᠠ ᠭᠡᠮᠵᠢᠶᠡᠨ ᠤ ᠭᠦᠢᠳᠡᠨ ᠤᠰᠤ ᠪᠤᠶᠤ ᠪᠤᠳᠠᠭᠠᠨ ᠤ ᠰᠦᠮᠦᠰᠤ ᠭᠢᠵᠤ ᠪᠠᠺᠲ᠋ᠧᠷᠢ ᠶᠢᠨ ᠰᠢᠩᠭᠡᠨ ᠪᠤᠯᠭᠠᠭᠠᠳ᠂ ᠵᠢᠩᠨᠡᠭᠰᠡᠨ ᠰᠢᠷᠤᠢ ᠲᠠᠢ ᠪᠠᠨ ᠵᠢᠭᠤᠷᠠᠵᠤ᠂ 20℃~25℃ ᠤᠨ ᠬᠠᠯᠠᠭᠤᠨ ᠳᠤ 3~5 ᠡᠳᠤᠷ ᠪᠤᠯᠪᠠᠰᠤᠷᠠᠭᠤᠯᠵᠤ᠂ ᠡᠳᠤᠷ ᠪᠦᠷᠢ ᠵᠢᠭᠠᠬᠠᠨ ᠤᠰᠤ ᠨᠡᠮᠡᠵᠤ ᠡᠷᠭᠢᠭᠦᠯᠵᠤ ᠭᠦᠷᠪᠡᠭᠦᠯᠦᠭᠡᠳ ᠪᠠᠺᠲ᠋ᠧᠷᠢᠳᠤ ᠡᠮ ᠪᠤᠯᠭᠠᠨ᠎ᠠ᠃ ᠭᠡᠷᠡᠭᠯᠡᠭᠦ ᠦᠶ᠎ᠠ ᠳᠤ ᠮᠤ᠋ ᠪᠦᠷᠢ 50g ᠤᠷᠴᠢᠮ ᠭᠡᠷᠡᠭᠯᠡᠨ᠎ᠡ᠃
︵3︶ ᠦᠨᠳᠤᠰᠤᠨ ᠪᠡᠳᠡᠭᠢ ᠶᠢᠨ ᠮᠦᠭᠦᠳᠤ ᠡᠮ ᠪᠤᠯᠭᠠᠨ᠎ᠠ᠃ ᠡᠨᠡ ᠨᠢ ᠠᠷᠪᠢᠳᠡᠢ ᠮᠦᠷᠳᠡᠭᠡᠨ ᠭᠡᠷᠡᠭᠯᠡᠭᠦ ᠳᠤ ᠲᠦᠭᠦᠮ᠃ ᠲᠠᠷᠢᠬᠤ ᠠᠴᠠ ᠪᠠᠨ ᠡᠮᠦᠨ᠎ᠠ ᠲᠤᠳᠤᠷᠬᠠᠶᠢᠯᠠᠯᠳᠠ ᠶᠢᠨ ᠪᠢᠴᠢᠭ ᠲᠤ ᠲᠤᠠᠠᠳᠠᠭᠠᠠᠠᠰᠠᠨ ᠭᠡᠷᠡᠭᠯᠡᠭᠦ ᠭᠡᠮᠵᠢᠶ᠎ᠠ ᠪᠠᠷ ᠪᠠᠺᠲ᠋ᠧᠷᠢᠳᠤ ᠡᠮ ᠪᠤᠯᠭᠠᠵᠤ᠂ ᠦᠷ᠎ᠠ ᠶᠢᠨ ᠲᠡᠭᠡᠷ᠎ᠡ ᠰᠠᠴᠤᠨ ᠰᠠᠶᠢᠳᠤᠷ ᠬᠤᠯᠢᠨ ᠵᠢᠭᠤᠷᠠᠭᠠᠳ ᠲᠠᠷᠢᠨ᠎ᠠ᠃ ᠦᠨᠳᠦᠰᠦᠨ ᠪᠡᠳᠡᠭᠢ ᠶᠢᠨ ᠮᠦᠭᠦᠳᠤ ᠡᠮ ᠤᠨ ᠲᠠᠷᠢᠬᠤ ᠳᠤ ᠦᠷ᠎ᠠ ᠪᠠᠨ ᠮᠦᠬᠦᠳᠦ ᠡᠮ ᠤᠨ ᠬᠠᠷᠢᠴᠠᠯ ᠨᠢ ᠭᠡᠪᠡᠯ 200∶1
ᠪᠠᠷ ᠬᠤᠯᠢᠨ᠎ᠠ᠃
11. ᠦᠨᠳᠤᠰᠤᠨ ᠪᠡᠳᠡᠭᠢ ᠶᠢᠨ ᠮᠦᠭᠦ ᠶᠢ ᠵᠠᠯᠭᠠᠨ ᠲᠠᠷᠢᠬᠤ ᠳᠤ ᠪᠠᠰᠠ ᠶᠠᠮᠠᠷ ᠠᠩᠬᠠᠷᠬᠤ ᠴᠢᠬᠤᠯᠠ ᠲᠠᠢ ᠠᠰᠠᠭᠤᠳᠠᠯ ᠪᠠᠶᠢᠬᠤ ᠪᠤᠢ︖
ᠦᠨᠳᠦᠰᠦᠨ ᠪᠡᠳᠡᠭᠢ ᠶᠢᠨ ᠮᠦᠭᠦ ᠶᠢ ᠲᠠᠷᠢᠬᠤ ᠳᠤ ᠲᠤᠤᠷᠠᠭᠢ ᠭᠡᠳᠦᠨ ᠵᠦᠢᠯ ᠢ ᠡᠷᠭᠡᠪᠰᠢ ᠠᠩᠬᠠᠷᠬᠤ ᠬᠡᠷᠡᠭᠳᠠᠢ᠃
︵1︶ ᠦᠨᠳᠤᠰᠤᠨ ᠪᠡᠳᠡᠭᠢ ᠶᠢᠨ ᠮᠦᠭᠦ ᠶᠢ ᠨᠠᠷᠠ ᠦᠵᠡᠭᠦᠯᠵᠤ ᠪᠤᠯᠬᠤ ᠦᠭᠡᠢ᠃ ᠦᠷ᠎ᠡ ᠲᠠᠢ ᠬᠤᠯᠢᠬᠤ ᠳᠠᠭᠠᠨ ᠰᠡᠭᠦᠳᠡᠷ ᠬᠠᠷᠠᠩᠭᠤᠢ ᠪᠤᠶᠤ ᠴᠢᠭᠢᠭ ᠨᠦᠢᠳᠡᠨ ᠭᠠᠵᠠᠷ ᠢ ᠰᠤᠩᠭᠤᠵᠤ᠂ ᠬᠤᠯᠢᠵᠤ ᠪᠠᠷᠠᠮᠬᠠᠴᠠ ᠪᠠᠨ ᠲᠠᠷᠢᠪᠠᠯ ᠰᠠᠶᠢᠨ᠃
︵2︶ ᠦᠭᠡᠷ᠎ᠠ ᠡᠮ ᠬᠤᠯᠢᠠᠠᠰᠠᠨ ᠦᠷ᠎ᠠ ᠳᠤ ᠦᠨᠳᠤᠰᠤᠨ ᠪᠡᠳᠡᠭᠢ ᠶᠢᠨ ᠮᠦᠭᠦ ᠶᠢ ᠲᠠᠭᠢᠨ ᠬᠤᠯᠢᠵᠤ ᠪᠤᠯᠬᠤ ᠦᠭᠡᠢ᠃
︵3︶ ᠦᠨᠳᠦᠰᠦᠨ ᠪᠡᠳᠡᠭᠢ ᠶᠢᠨ ᠮᠦᠭᠦ ᠶᠢ ᠨᠢᠭᠡᠨᠳᠡ ᠬᠤᠯᠢᠠᠠᠰᠨᠨ ᠦᠷ᠎ᠠ ᠶᠢ ᠲᠦᠭᠦᠭᠡᠢ ᠴᠤᠬᠤᠢ ᠪᠤᠯᠤᠨ ᠶᠡᠭᠡ ᠭᠡᠮᠵᠢᠶᠠᠨ ᠤ ᠪᠤᠷᠳᠤᠭᠤᠷ ᠲᠠᠢ ᠤᠶᠢᠷᠠᠳᠤᠭᠤᠯᠵᠤ ᠪᠤᠯᠬᠤ ᠦᠭᠡᠢ᠃
︵4︶ ᠭᠦᠴᠢᠯᠯᠢᠭ ᠴᠢᠨᠠᠷᠳᠡᠢ ᠭᠦᠷᠤᠰᠤ ᠰᠢᠷᠤᠢ ᠨᠢ ᠦᠨᠳᠤᠰᠤᠨ ᠪᠡᠳᠡᠭᠢ ᠶᠢᠨ ᠮᠦᠭᠦ ᠳᠤ ᠠᠰᠢᠭ ᠦᠭᠡᠢ ᠲᠤᠯᠠ ᠲᠠᠷᠢᠬᠤ ᠠᠴᠠ ᠪᠠᠨ ᠡᠮᠦᠨ᠎ᠠ ᠭᠦᠷᠤᠰᠤ ᠰᠢᠷᠤᠢ ᠳᠠᠬᠢ ᠭᠦᠴᠢᠯᠯᠢᠭ ᠴᠢᠨᠠᠷ ᠢ ᠴᠤᠬᠤᠢ ᠪᠠᠷ ᠰᠠᠭᠠᠷᠮᠬᠠᠵᠢᠭᠤᠯᠬᠤ ᠭᠡᠷᠡᠭᠳᠡᠢ᠃
︵5︶ ᠦᠨᠳᠤᠰᠤᠨ ᠪᠡᠳᠡᠭᠢ ᠶᠢᠨ ᠮᠦᠭᠦ ᠬᠤᠯᠢᠭᠰᠠᠨ ᠦᠷ᠎ᠡ ᠶᠢ ᠴᠢᠭᠢᠭ ᠰᠠᠶᠢᠳᠠᠢ᠂ ᠤᠰᠤ ᠵᠠᠯᠠᠬᠤ ᠨᠦᠭᠦᠴᠡᠯ ᠲᠠᠢ ᠪᠠ ᠰᠠᠯᠭᠢ ᠰᠠᠶᠢᠨ ᠨᠡᠪᠳᠡᠷᠡᠭᠦ ᠭᠦᠷᠤᠰᠤᠨ ᠳᠤ ᠲᠠᠷᠢᠨ᠎ᠠ᠃
12. ᠦᠶᠡᠳᠤ ᠤᠷᠭᠤᠮᠠᠯ ᠤᠨ ᠢᠵᠠᠭᠤᠷ ᠤᠨ ᠡᠪᠡᠰᠤᠨ ᠤ ᠦᠷ᠎ᠡ ᠶᠢᠨ ᠰᠤᠷ ᠢ ᠭᠡᠷᠭᠢᠨ ᠠᠷᠢᠯᠭᠠᠬᠤ ᠪᠤᠢ︖
ᠦᠶᠡᠳᠤ ᠤᠷᠭᠤᠮᠠᠯ ᠤᠨ ᠡᠪᠡᠰᠤᠨ ᠤ ᠦᠷ᠎ᠠ ᠶᠢᠨ ᠭᠦᠳᠡᠯᠦᠩᠭᠦᠢ ᠴᠢᠨᠠᠷ ᠢ ᠨᠡᠮᠡᠭᠳᠡᠭᠦᠯᠭᠦ ᠶᠢᠨ ᠲᠤᠰᠠᠳᠠ ᠡᠷᠭᠡᠪᠰᠢ ᠬᠠᠯᠢᠰᠤ ᠶᠢ ᠨᠢ ᠰᠠᠯᠭᠠᠵᠤ᠂ ᠰᠤᠷ ᠢ ᠨᠢ ᠠᠷᠢᠯᠭᠠᠵᠤ᠂ ᠲᠠᠷᠢᠬᠤ ᠶᠠᠰᠤ ᠴᠢᠨᠠᠷ ᠢ ᠪᠠᠳᠤᠯᠠᠨ᠎ᠠ᠃ ᠦᠷ᠎ᠡ ᠶᠢᠨ ᠰᠤᠷ ᠢ ᠠᠷᠢᠯᠭᠠᠬᠤ ᠳᠠᠭᠠᠨ ᠨᠢᠭᠡ ᠳᠤ ᠢᠡᠭᠳᠡᠨ ᠲᠠᠷᠤᠵᠤ ᠠᠷᠢᠯᠭᠠᠨ᠎ᠠ᠃ ᠬᠤᠶᠠᠷ ᠲᠤ᠂ ᠰᠤᠷ ᠠᠷᠢᠯᠭᠠᠬᠤ ᠮᠠᠰᠢᠨ ᠢᠶᠠᠷ ᠠᠷᠢᠯᠭᠠᠨ᠎ᠠ᠃
13. ᠦᠷ᠎ᠠ ᠶᠢ ᠪᠤᠭᠤᠬᠤ ᠪᠠ ᠦᠷᠡᠵᠢᠭᠦᠯᠭᠦ ᠭᠡᠳᠡᠭ ᠨᠢ ᠶᠠᠭᠤ ᠶᠢ ᠭᠡᠯᠡᠵᠤ ᠪᠠᠶᠢᠬᠤ ᠪᠤᠢ︖
ᠦᠷ᠎ᠠ ᠪᠤᠭᠤᠬᠤ ᠭᠡᠳᠡᠭ ᠪᠤᠯ ᠨᠠᠭᠠᠯᠳᠤᠮᠠᠬᠠᠢ ᠡᠳ᠋᠂ ᠬᠠᠭᠤᠷᠠᠢ ᠡᠳ᠋᠂ ᠲᠠᠷᠢᠯᠭ᠎ᠠ ᠶᠢᠨ ᠡᠳ᠋ ᠪᠤᠯᠤᠨ ᠪᠤᠷᠳᠤᠭᠤᠷ ᠵᠢᠴᠢ ᠪᠠᠺᠲ᠋ᠧᠷᠢ᠂ ᠬᠤᠷᠤᠬᠠᠢ ᠤᠰᠠᠳᠬᠠᠬᠤ ᠡᠮ ᠢ ᠨᠢᠭᠡ ᠵᠦᠢᠯ ᠪᠤᠶᠤ ᠬᠠᠷᠢᠯᠴᠠᠨ ᠦᠯᠤ ᠨᠦᠯᠦᠭᠡᠯᠡᠭᠦ ᠭᠡᠳᠦᠨ ᠵᠦᠢᠯ ᠤᠨ ᠡᠳ᠋ ᠢ ᠦᠷ᠎ᠠ ᠶᠢᠨ ᠲᠡᠭᠡᠷ᠎ᠡ ᠵᠢᠭᠳᠡᠭᠡᠨ ᠪᠦᠷᠢᠵᠤ ᠨᠠᠭᠠᠬᠤ ᠶᠢ ᠭᠡᠯᠡᠵᠤ ᠪᠤᠢ᠃ ᠢᠡᠭᠭᠢᠪᠡᠯ ᠦᠷ᠎ᠡ ᠶᠢᠨ ᠭᠦᠨᠳᠤ ᠶᠢ ᠨᠡᠮᠡᠭᠳᠡᠭᠦᠯᠭᠦ ᠪᠦᠭᠡᠳ ᠲᠠᠷᠢᠬᠤ ᠴᠢᠨᠠᠷ ᠢ ᠲᠡᠭᠡᠭᠰᠢᠯᠡᠭᠦᠯᠭᠦ ᠪᠡ ᠰᠤᠶᠤᠭᠠᠯᠠᠬᠤ ᠨᠤᠷᠮ᠎ᠠ ᠶᠢ ᠲᠡᠭᠡᠭᠰᠢᠯᠡᠭᠦᠯᠭᠦ ᠳᠤ ᠠᠰᠢᠠᠠᠳᠠᠢ᠃ ᠪᠠᠰᠠ ᠪᠤᠷᠳᠤᠭᠤᠷ ᠤᠨ ᠭᠦᠴᠤᠨ ᠢ ᠨᠡᠮᠡᠭᠳᠡᠭᠦᠯᠵᠤ᠂ ᠪᠠᠺᠲ᠋ᠧᠷᠢ ᠶᠢ ᠰᠡᠷᠭᠡᠶᠢᠯᠡᠨ᠂ ᠬᠤᠷᠤᠬᠠᠢ ᠶᠢ ᠤᠰᠠᠳᠬᠠᠵᠤ᠂ ᠰᠤᠶᠤᠭᠠᠯᠠᠬᠤ ᠨᠤᠷᠮ᠎ᠠ ᠶᠢ ᠲᠡᠭᠡᠭᠰᠢᠯᠡᠭᠦᠯᠦᠨ᠎ᠠ᠃
14. ᠦᠷ᠎ᠠ ᠪᠠᠨ ᠶᠠᠭᠠᠭᠢᠵᠤ ᠲᠠᠷᠢᠬᠤ ᠪᠤᠢ︖
ᠲᠠᠷᠢᠬᠤ ᠪᠤᠯ ᠡᠪᠡᠰᠤ ᠪᠤᠷᠳᠤᠭ᠎ᠠ ᠲᠠᠷᠢᠬᠤ ᠶᠢᠨ ᠵᠠᠩᠭᠢᠯᠠᠭ᠎ᠠ ᠶᠢᠨ ᠨᠢᠭᠡᠨ ᠭᠤᠨ᠋ᠠᠴᠤᠭ᠎ᠠ ᠪᠤᠯᠬᠤ ᠪᠦᠭᠡᠳ ᠮᠡᠷᠭᠡᠵᠢᠯ ᠤᠨ ᠴᠢᠨᠠᠷ ᠢᠶᠠᠷ ᠮᠠᠰᠢ ᠴᠢᠩᠭ᠎ᠠ ᠶᠤᠮ᠃ ᠡᠪᠡᠰᠤᠨ ᠤ ᠦᠷ᠎ᠡ ᠶᠢ ᠵᠦᠪ ᠰᠤᠩᠭᠤᠬᠤ ᠠᠴᠠ ᠭᠠᠳᠠᠨ᠎ᠠ ᠪᠠᠰᠠ ᠭᠠᠵᠠᠷ ᠤᠷᠤᠨ ᠤ ᠪᠠᠨ ᠪᠠᠶᠢᠳᠠᠯ ᠳᠤ ᠲᠤᠭᠢᠷᠠᠭᠤᠯᠤᠨ ᠲᠠᠷᠢᠬᠤ ᠴᠠᠭ᠂ ᠲᠠᠷᠢᠬᠤ ᠭᠡᠮᠵᠢᠶ᠎ᠠ᠂ ᠲᠠᠷᠢᠬᠤ ᠭᠦᠨ ᠤ ᠭᠡᠮᠵᠢᠶ᠎ᠠ ᠵᠡᠷᠭᠡ ᠶᠢ ᠪᠠᠭᠳᠠᠭᠠᠠᠠᠰᠠᠨ ᠵᠦᠪ ᠲᠠᠷᠢᠬᠤ ᠮᠡᠷᠭᠡᠵᠢᠯ ᠢ ᠭᠡᠷᠡᠭᠯᠡᠭᠦ ᠭᠡᠷᠡᠭ ᠲᠠᠢ ᠶᠤᠮ᠃ ᠲᠠᠷᠠᠴᠢᠯᠡᠨ ᠡᠪᠡᠰᠤᠨ ᠤ ᠦᠷ᠎ᠡ ᠨᠢ ᠵᠢᠵᠢᠭ᠂ ᠢᠯᠠᠩᠭᠤᠶ᠎ᠠ ᠪᠤᠷᠴᠠᠭ ᠤᠨ ᠢᠵᠠᠭᠤᠷ ᠤᠨ ᠡᠪᠡᠰᠤ ᠨᠢ ᠪᠠᠰᠠ ᠬᠤᠤᠰ ᠦᠷ᠎ᠡ ᠶᠢᠨ ᠲᠠᠯᠠᠳᠤ ᠤᠷᠭᠤᠮᠠᠯ ᠪᠠᠶᠢᠵᠤ᠂ ᠭᠦᠷᠤᠰᠤ ᠶᠢ ᠲᠦᠯᠭᠢᠭᠦ ᠭᠦᠴᠤᠨ ᠢᠶᠠᠷ ᠪᠠᠷᠤᠠᠠᠳᠠᠢ ᠪᠠᠶᠢᠳᠠᠭ ᠪᠤᠯᠬᠤᠷ ᠲᠠᠷᠢᠬᠤ ᠳᠤ ᠨᠡᠩ ᠭᠦᠴᠢᠷ ᠲᠠᠢ ᠪᠤᠯᠭᠠᠵᠠᠢ᠃ ᠡᠶᠢᠮᠤ ᠠᠴᠠ ᠡᠪᠡᠰᠤ ᠲᠠᠷᠢᠬᠤ ᠳᠠᠭᠠᠨ ᠲᠦᠷᠢᠮ ᠤᠨ ᠱᠠᠭᠠᠷᠳᠠᠯᠭ᠎ᠠ ᠶᠢ ᠴᠢᠩᠭ᠎ᠠ ᠵᠢᠷᠤᠮᠯᠡᠨ᠎ᠠ᠃ ᠡᠨᠡ ᠪᠤᠯ ᠠᠮᠵᠢᠯᠳᠡ ᠤᠯᠬᠤ ᠶᠢᠨ ᠵᠠᠩᠭᠢᠯᠠᠭ᠎ᠠ ᠪᠤᠯᠤᠨ᠎ᠠ᠃
15. ᠲᠠᠷᠢᠬᠤ ᠴᠠᠭ ᠢ ᠭᠡᠷᠭᠢᠨ ᠰᠤᠩᠭᠤᠬᠤ ᠪᠤᠢ︖
ᠲᠠᠷᠢᠬᠤ ᠴᠠᠭ ᠢ ᠲᠤᠠᠠᠳᠠᠭᠠᠬᠤ ᠳᠠᠭᠠᠨ ᠭᠤᠤᠯ ᠨᠢ ᠪᠠᠶᠢᠭᠠᠯᠢ ᠶᠢᠨ ᠨᠦᠭᠦᠴᠡᠯ᠂ ᠵᠢᠱᠢᠶᠡᠯᠡᠪᠡᠯ ᠴᠢᠭᠢᠭ ᠤᠨ ᠭᠡᠮᠵᠢᠶ᠎ᠠ ᠪᠤᠯᠤᠨ ᠲᠤᠯᠠᠭᠠᠨ ᠤ ᠭᠡᠮᠵᠢᠶ᠎ᠠ ᠵᠡᠷᠭᠡ ᠶᠢ ᠦᠨᠳᠤᠰᠦᠯᠡᠨ ᠲᠤᠠᠠᠳᠠᠭᠠᠨ᠎ᠠ᠃ ᠭᠡᠪᠡᠴᠤ ᠪᠠᠰᠠ ᠲᠠᠷᠢᠬᠤ ᠲᠦᠷᠢᠮ᠂ ᠲᠦᠷᠦᠯ ᠵᠦᠢᠯ᠂ ᠭᠦᠳᠡᠯᠮᠤᠷᠢ ᠭᠦᠴᠤ᠂ ᠮᠠᠰᠢᠨ ᠪᠠᠭᠠᠵᠢ ᠵᠡᠷᠭᠡ ᠪᠠᠶᠢᠳᠠᠯ ᠢ ᠪᠤᠳᠤᠯᠭᠢᠯᠠᠬᠤ ᠭᠡᠷᠡᠭᠳᠡᠢ᠃ ᠶᠡᠷᠦᠩᠭᠡᠢ ᠳᠡᠭᠡᠨ ᠬᠠᠪᠤᠷ ᠭᠦᠷᠤᠰᠤ ᠰᠢᠷᠤᠢ ᠶᠢᠨ ᠴᠢᠭᠢᠭ ᠤᠨ ᠪᠠᠶᠢᠳᠠᠯ ᠲᠤᠭᠢᠷᠠᠮᠵᠢᠳᠡᠢ᠂ ᠲᠤᠯᠠᠭᠠᠨ ᠤ ᠭᠡᠮᠵᠢᠶ᠎ᠠ ᠨᠢ ᠴᠤ ᠦᠷ᠎ᠠ ᠰᠤᠶᠤᠭᠠᠯᠠᠬᠤ ᠶᠢᠨ ᠭᠡᠷᠡᠭᠴᠡᠭᠡ ᠪᠦᠭᠦᠢ ᠬᠠᠮᠤᠭ ᠤᠨ ᠲᠤᠤᠷ᠎ᠠ ᠭᠡᠮᠵᠢᠶ᠎ᠠ ᠳᠤ ᠭᠦᠷᠦᠭᠰᠡᠨ ᠦᠶᠡᠰ ᠲᠠᠷᠦ᠋ᠢᠬᠠᠨ ᠲᠠᠷᠢᠨ᠎ᠠ᠃ ᠡᠪᠡᠰᠤ ᠪᠤᠷᠳᠤᠭ᠎ᠠ ᠲᠠᠷᠢᠬᠤ ᠴᠠᠭ ᠢ ᠲᠤᠠᠠᠳᠠᠭᠠᠬᠤ ᠳᠠᠭᠠᠨ ᠲᠤᠤᠷᠠᠭᠢ ᠭᠡᠳᠦᠨ ᠵᠠᠷᠴᠢᠮ ᠢ ᠵᠢᠷᠤᠮᠯᠠᠭᠠᠷᠠᠢ᠃
︵1︶ ᠠᠳᠠᠯᠢ ᠪᠤᠰᠤ ᠲᠦᠷᠦᠯ ᠤᠨ ᠤᠷᠭᠤᠮᠠᠯ ᠤᠨ ᠦᠷ᠎ᠠ ᠶᠢᠨ ᠰᠤᠶᠤᠭᠠᠯᠠᠯᠳᠠ ᠶᠢᠨ ᠲᠤᠯᠠᠭᠠᠨ ᠤ ᠱᠠᠭᠠᠷᠳᠠᠯᠭ᠎ᠠ ᠨᠢ ᠠᠳᠠᠯᠢ ᠦᠭᠡᠢ ᠲᠤᠯᠠ ᠲᠤᠭᠢᠷᠠᠮᠵᠢᠳᠡᠢ ᠲᠤᠯᠠᠭᠠᠨ ᠤ ᠭᠡᠮᠵᠢᠶ᠎ᠠ ᠶᠢ ᠰᠤᠩᠭᠤᠵᠤ᠂ ᠲᠠᠷᠢᠬᠤ ᠴᠠᠭ ᠢᠶᠠᠨ ᠲᠤᠠᠠᠳᠠᠭᠠᠨ᠎ᠠ᠃
︵2︶ ᠭᠦᠷᠤᠰᠤ ᠰᠢᠷᠤᠢ ᠶᠢᠨ ᠴᠢᠭᠢᠭ ᠤᠨ ᠪᠠᠶᠢᠳᠠᠯ ᠨᠡᠯᠢᠶᠡᠳ ᠰᠠᠶᠢᠨ ᠪᠠᠶᠢᠵᠤ᠂ ᠦᠷ᠎ᠠ ᠶᠢᠨ ᠰᠤᠶᠤᠭᠠᠯᠠᠯᠳᠠ ᠶᠢᠨ ᠤᠰᠤᠨ ᠤ ᠭᠡᠷᠡᠭᠴᠡᠭᠡ ᠶᠢ ᠭᠦᠢᠴᠡᠳ ᠬᠠᠨᠭ᠍ᠭᠠᠬᠰᠠᠨ ᠪᠠᠶᠢᠬᠤ ᠭᠡᠷᠡᠭᠳᠡᠢ᠃
︵3︶ ᠰᠠᠯᠭᠢᠨ ᠳᠤ ᠦᠯᠢᠶᠡᠭᠳᠡᠭᠦ ᠠᠴᠠ ᠵᠠᠶᠢᠯᠠᠰᠭᠢᠭᠦ ᠭᠡᠷᠡᠭᠳᠡᠢ᠃
ᠶᠠᠭᠠᠭᠢᠭᠠᠳ ᠭᠡᠪᠡᠯ ᠨᠢᠭᠡ ᠳᠤ ᠰᠠᠯᠭᠢ᠂ ᠭᠦᠷᠤᠰᠤ ᠰᠢᠷᠤᠢ ᠶᠢ ᠦᠯᠢᠶᠠᠨ ᠬᠠᠳᠠᠭᠠᠵᠤ᠂ ᠦᠷ᠎ᠠ ᠶᠢ ᠰᠤᠶᠤᠭᠠᠯᠠᠵᠤ ᠲᠡᠶᠢᠯᠭᠦ ᠦᠭᠡᠢ ᠪᠤᠯᠭᠠᠳᠠᠭ᠃ ᠬᠤᠶᠠᠷ ᠲᠤ᠂ ᠲᠠᠷᠢᠠᠠᠰᠠᠨ ᠦᠷ᠎ᠡ ᠶᠢ ᠴᠦᠮ ᠭᠡᠶᠢᠰᠭᠡᠭᠡᠳ ᠭᠠᠷᠭᠠᠴᠢᠬᠠᠳᠠᠭ᠃
︵4︶ ᠲᠤᠯᠠᠭᠠᠨ ᠤ ᠭᠡᠮᠵᠢᠶ᠎ᠠ ᠭᠡᠳᠦᠷᠭᠡᠢ ᠦᠨᠳᠤᠷ ᠪᠠᠶᠢᠵᠤ ᠪᠤᠯᠬᠤ ᠦᠭᠡᠢ᠃
ᠲᠠᠶᠢᠮᠤ ᠪᠤᠯ ᠦᠷ᠎ᠠ ᠨᠢ ᠰᠤᠶᠤᠭᠠᠯᠠᠵᠤ ᠨᠠᠭᠢᠶᠠᠯᠠᠮᠬᠠᠴᠠ ᠪᠠᠨ ᠨᠠᠷᠠᠨ ᠳᠤ ᠰᠢᠷᠬᠠᠳᠠᠨ ᠭᠡᠮᠳᠦᠭᠦ ᠪᠤᠯᠤᠨ᠎ᠠ᠃ ᠡᠶᠢᠮᠤ ᠠᠴᠠ ᠭᠦᠷᠦᠰᠤ ᠰᠢᠷᠤᠢ ᠶᠢᠨ ᠲᠤᠯᠠᠭᠠᠨ ᠤ ᠭᠡᠮᠵᠢᠶ᠎ᠠ ᠨᠢ 5℃ ᠠᠴᠠ ᠲᠡᠭᠡᠭᠰᠢ ᠪᠠᠶᠢᠬᠤ ᠦᠶ᠎ᠠ ᠳᠤ ᠴᠢᠭᠢᠭ ᠰᠠᠶᠢᠳᠡᠢ ᠪᠤᠯ ᠲᠠᠷᠦ᠋ᠢᠬᠠᠨ ᠲᠠᠷᠢᠵᠤ ᠪᠤᠯᠤᠨ᠎ᠠ᠃
16. ᠲᠠᠷᠢᠬᠤ ᠭᠡᠮᠵᠢᠶ᠎ᠠ ᠶᠢ ᠶᠠᠭᠠᠭᠢᠨ ᠪᠤᠳᠤᠨ ᠲᠤᠠᠠᠳᠠᠭᠠᠬᠤ ᠪᠤᠢ︖
ᠡᠪᠡᠰᠤ ᠶᠢ ᠴᠤᠬᠤᠮ ᠭᠡᠳᠦᠢ ᠲᠠᠷᠢᠬᠤ ᠨᠢ ᠡᠪᠡᠰᠤᠨ ᠤ ᠪᠢᠤᠯᠤᠭᠢ ᠶᠢᠨ ᠦᠪᠡᠷᠮᠢᠴᠡ ᠴᠢᠨᠠᠷ᠂ ᠦᠷ᠎ᠠ ᠶᠢᠨ ᠶᠠᠰᠤ ᠴᠢᠨᠠᠷ ᠵᠢᠴᠢ ᠭᠦᠷᠦᠰᠤ ᠰᠢᠷᠤᠢ ᠶᠢᠨ ᠰᠢᠮᠡᠯᠢᠭ ᠭᠦᠴᠤ᠂ ᠭᠠᠵᠠᠷ ᠲᠡᠭᠰᠢᠯᠡᠭᠰᠡᠨ ᠴᠢᠨᠠᠷ ᠪᠠ ᠠᠰᠢᠠᠠᠯᠠᠬᠤ ᠠᠷᠭ᠎ᠠ ᠮᠠᠶ᠋ᠢᠭ ᠠᠴᠠ ᠪᠤᠯᠤᠭᠠᠳ ᠠᠳᠠᠯᠢ ᠦᠭᠡᠢ᠃ ᠨᠠᠷᠢᠯᠢᠬ ᠲᠡᠭᠰᠢᠯᠡᠭᠰᠡᠨ᠂ ᠤᠰᠤ ᠪᠤᠷᠳᠤᠭᠤᠷ ᠰᠠᠶᠢᠳᠠᠢ ᠦᠶᠡᠰ ᠲᠠᠷᠢᠬᠤ ᠭᠡᠮᠵᠢᠶ᠎ᠠ ᠨᠢ ᠪᠦᠳᠦᠭᠦᠯᠢᠭ ᠲᠡᠭᠰᠢᠯᠡᠭᠰᠡᠨ ᠪᠠ ᠤᠰᠤ ᠪᠤᠷᠳᠤᠭᠤᠷ ᠪᠠᠷᠤᠠᠠᠳᠠᠢ ᠠᠴᠠ ᠪᠠᠭ᠎ᠠ ᠪᠠᠶᠢᠬᠤ ᠶᠤᠰᠤᠳᠠᠢ᠃ ᠪᠤᠳᠠᠯᠠᠬᠤ᠂ ᠰᠠᠯᠠᠭᠠᠯᠠᠬᠤ ᠭᠦᠴᠤᠨ ᠢᠶᠠᠷ ᠴᠢᠩᠭ᠎ᠠ ᠪᠦᠭᠦᠢ ᠡᠪᠡᠰᠤ ᠪᠤᠯ ᠭᠦᠷᠤᠰᠤ ᠰᠢᠷᠤᠢ ᠶᠢᠨ ᠨᠦᠭᠦᠴᠡᠯ ᠨᠢ ᠲᠤᠭᠢᠷᠠᠮᠵᠢᠳᠡᠢ ᠦᠶᠡᠰ ᠲᠡᠭᠦᠨ ᠤ ᠲᠠᠷᠢᠬᠤ ᠭᠡᠮᠵᠢᠶ᠎ᠠ ᠶᠢ ᠪᠠᠭᠠᠰᠬᠠᠵᠤ ᠪᠤᠯᠤᠨ᠎ᠠ᠃
17. ᠭᠡᠳᠦᠢ ᠭᠦᠨ ᠲᠠᠷᠢᠪᠠᠯ ᠵᠤᠭᠢᠬᠤ ᠪᠤᠢ︖
ᠲᠠᠷᠢᠬᠤ ᠭᠦᠨ ᠤ ᠭᠡᠮᠵᠢᠶ᠎ᠠ ᠶᠢ ᠨᠦᠯᠦᠭᠡᠯᠡᠭᠦ ᠭᠦᠴᠤᠨ ᠵᠦᠢᠯ ᠪᠤᠯ ᠭᠤᠤᠯ ᠨᠢ ᠡᠪᠡᠰᠤᠨ ᠤ ᠲᠦᠷᠦᠯ᠂ ᠦᠷ᠎ᠠ ᠶᠢᠨ ᠵᠢᠵᠢᠭ ᠪᠦᠳᠦᠭᠦᠨ᠂ ᠭᠦᠷᠤᠰᠤ ᠰᠢᠷᠤᠢ ᠶᠢᠨ ᠤᠰᠤᠨ ᠤ ᠠᠭᠤᠯᠤᠠᠠᠳᠠᠴᠠ᠂ ᠭᠦᠷᠤᠰᠤ ᠰᠢᠷᠤᠢ ᠶᠢᠨ ᠲᠦᠷᠦᠯ ᠭᠡᠯᠪᠡᠷᠢ ᠵᠡᠷᠭᠡ ᠪᠤᠯᠤᠨ᠎ᠠ᠃ ᠶᠠᠷᠦ ᠳᠡᠭᠡᠨ ᠪᠤᠯ ᠪᠤᠷᠴᠠᠭ ᠤᠨ ᠢᠵᠠᠭᠤᠷ ᠤᠨ ᠡᠪᠡᠰᠤᠨ ᠤ ᠲᠠᠷᠢᠬᠤ ᠭᠦᠨᠴᠡ ᠨᠢ ᠦᠶᠡᠳᠤ ᠤᠷᠭᠤᠮᠠᠯ ᠤᠨ ᠢᠵᠠᠭᠤᠷ ᠤᠨ ᠡᠪᠡᠰᠤᠨ ᠤ ᠬᠢ ᠠᠴᠠ ᠬᠦᠢᠬᠡᠨ ᠪᠠᠶᠢᠳᠠᠭ᠃ ᠡᠪᠡᠰᠤᠨ ᠤ ᠦᠷ᠎ᠡ ᠨᠢ ᠵᠢᠵᠢᠭ ᠪᠦᠭᠡᠳ ᠡᠯᠡᠰᠦᠷᠭᠡᠭ ᠭᠦᠷᠤᠰᠤᠨ ᠳᠤ ᠪᠤᠯ 2cm ᠭᠦᠨ᠂ ᠦᠷ᠎ᠠ ᠨᠢ ᠲᠤᠮᠤ ᠪᠤᠯ 3~4cm ᠭᠦᠨ᠂ ᠲᠤᠮᠳᠠ ᠲᠡᠰ ᠤᠨ ᠨᠠᠩᠭᠢ ᠭᠦᠷᠦᠰᠤᠨ ᠳᠤ ᠪᠤᠯ 1.5~2cm ᠭᠦᠨ ᠲᠠᠷᠢᠪᠠᠯ ᠲᠤᠭᠢᠷᠠᠮᠵᠢᠳᠡᠢ᠃ ᠨᠡᠯᠢᠶᠡᠳ ᠨᠠᠩᠭᠢ ᠲᠠᠢ ᠭᠦᠷᠦᠰᠤᠨ ᠳᠤ ᠪᠤᠯ ᠨᠡᠩ ᠬᠦᠢᠬᠡᠨ ᠰᠢᠭ ᠲᠠᠷᠢᠨ᠎ᠠ᠃ ᠢᠯᠠᠩᠭᠤᠶ᠎ᠠ ᠪᠤᠷᠴᠠᠭ ᠤᠨ ᠢᠵᠠᠭᠤᠷ ᠤᠨ ᠡᠪᠡᠰᠤ ᠶᠢ ᠭᠦᠨ ᠲᠠᠷᠢᠵᠤ ᠪᠤᠯᠬᠤ ᠦᠭᠡᠢ᠂ ᠲᠠᠶᠢᠮᠤ ᠪᠢᠰᠢ ᠪᠤᠯ ᠰᠤᠶᠤᠭᠠᠯᠠᠵᠤ ᠲᠡᠶᠢᠯᠭᠦ ᠦᠭᠡᠢ ᠪᠤᠯᠤᠨ᠎ᠠ᠃ ᠡᠪᠡᠰᠤ ᠶᠢ ᠭᠦᠷᠦᠰᠤ ᠰᠢᠷᠤᠢ ᠠᠴᠠ ᠭᠦᠢᠴᠡᠳ ᠤᠰᠤ ᠭᠦᠷᠳᠡᠵᠤ ᠰᠤᠶᠤᠭᠠᠯᠠᠬᠤ ᠶᠢ ᠨᠢ ᠪᠠᠳᠤᠯᠠᠬᠤ ᠶᠢᠨ ᠲᠤᠰᠠᠳᠠ ᠤᠳᠤᠬᠠᠨ ᠳᠤ ᠪᠠᠰᠠ ᠤᠰᠤ ᠪᠠᠳᠤᠯᠠᠬᠤ ᠠᠷᠭ᠎ᠠ ᠭᠡᠮᠵᠢᠶ᠎ᠠ ᠠᠪᠤᠭᠠᠳ ᠮᠠᠰᠢ ᠰᠠᠶᠢᠨ ᠦᠷ᠎ᠠ ᠪᠦᠳᠦᠮᠵᠢ ᠤᠯᠵᠤ ᠪᠠᠶᠢᠨ᠎ᠠ᠃ ᠡᠭᠦᠨ ᠢ ᠭᠠᠩ ᠬᠠᠭᠤᠷᠠᠢ ᠤᠷᠤᠨ ᠳᠤ ᠶᠡᠭᠡ ᠪᠠᠷ ᠲᠡᠯᠭᠡᠷᠡᠭᠦᠯᠪᠡᠯ ᠵᠤᠭᠢᠨ᠎ᠠ᠃
18. ᠡᠪᠡᠰᠤ ᠪᠤᠷᠳᠤᠭ᠎ᠠ ᠶᠢ ᠶᠠᠮᠠᠷ ᠠᠷᠭ᠎ᠠ ᠪᠠᠷ ᠲᠠᠷᠢᠬᠤ ᠪᠤᠢ︖
ᠡᠪᠡᠰᠤ ᠪᠤᠷᠳᠤᠭ᠎ᠠ ᠲᠠᠷᠢᠬᠤ ᠳᠤ ᠭᠤᠷᠪᠡᠨ ᠵᠦᠢᠯ ᠤᠨ ᠠᠷᠭ᠎ᠠ ᠶᠢ ᠭᠡᠷᠡᠭᠯᠡᠨ᠎ᠡ᠃ ᠲᠤᠬᠠᠶᠢᠯᠠᠪᠠᠯ ᠲᠡᠩ ᠢᠶᠠᠷ ᠲᠠᠷᠢᠬᠤ᠂ ᠬᠤᠯᠢᠵᠤ ᠲᠠᠷᠢᠬᠤ ᠪᠠ ᠬᠠᠮᠠᠭᠠᠯᠠᠯᠳᠡ ᠲᠠᠢ ᠲᠠᠷᠢᠬᠤ ᠠᠷᠭ᠎ᠠ ᠪᠤᠯᠤᠨ᠎ᠠ᠃
︵1︶ ᠲᠠᠩ ᠢᠶᠠᠷ ᠲᠠᠷᠢᠬᠤ ᠠᠷᠭ᠎ᠠ᠄ ᠡᠪᠡᠰᠤᠨ ᠤ ᠲᠦᠷᠦᠯ ᠵᠦᠢᠯ᠂ ᠭᠦᠷᠦᠰᠤᠨ ᠤ ᠦᠩ ᠰᠢᠮ᠎ᠠ ᠪᠤᠯᠤᠨ ᠠᠭᠤᠷ ᠠᠮᠢᠰᠬᠤᠯ ᠤᠨ ᠨᠦᠭᠦᠴᠡᠯ ᠤᠨ ᠠᠳᠠᠯᠢ ᠦᠭᠡᠢ ᠠᠴᠠ ᠪᠤᠯᠤᠭᠠᠳ ᠲᠡᠩ ᠢᠶᠠᠷ ᠲᠠᠷᠢᠬᠤ ᠳᠠᠭᠠᠨ ᠠᠳᠠᠯᠢ ᠪᠤᠰᠤ ᠭᠤᠷᠪᠡᠨ ᠵᠦᠢᠯ ᠤᠨ ᠠᠷᠭ᠎ᠠ ᠪᠠᠷ ᠲᠠᠷᠢᠵᠤ ᠪᠤᠯᠤᠨ᠎ᠠ᠃
① ᠰᠠᠴᠤᠨ ᠲᠠᠷᠢᠬᠤ᠄ ᠦᠷ᠎ᠠ ᠪᠠᠨ ᠭᠦᠷᠤᠰᠤᠨ ᠭᠠᠳᠠᠷᠭᠤ ᠳᠤ ᠵᠢᠭᠳᠡ ᠰᠠᠴᠤᠠᠠᠰᠠᠨ ᠤ ᠰᠡᠭᠦᠯᠡᠷ᠂ ᠭᠦᠡᠭᠭᠡᠭᠡᠨ ᠨᠠᠷᠬᠠᠳᠠᠨ ᠪᠤᠯᠤᠳᠠᠭᠠᠳ ᠲᠠᠷᠢᠬᠤ ᠶᠢ ᠰᠠᠴᠤᠨ ᠲᠠᠷᠢᠬᠤ ᠭᠡᠨ᠎ᠡ᠃ ᠲᠡᠭᠦᠨ ᠤ ᠤᠨᠴᠠᠯᠢᠭ ᠨᠢ ᠭᠡᠪᠡᠯ ᠲᠠᠷᠢᠬᠤ ᠮᠡᠷᠭᠡᠵᠢᠯ ᠨᠢ ᠭᠢᠯᠪᠡᠷ᠂ ᠲᠡᠯᠭᠡᠷᠡᠭᠦᠯᠭᠦ ᠳᠤ ᠲᠦᠭᠦᠮ ᠪᠦᠭᠡᠳ ᠪᠤᠷᠤᠭᠠᠨ ᠠᠴᠠ ᠡᠮᠦᠨ᠎ᠠ ᠶᠡᠭᠡ ᠭᠡᠪᠴᠢᠶ᠎ᠠ ᠪᠠᠷ ᠵᠠᠪᠳᠤᠨ ᠲᠠᠷᠢᠵᠤ ᠪᠤᠯᠤᠨ᠎ᠠ᠃ ᠤᠳᠤᠬᠠᠨ ᠳᠤ ᠭᠦᠮᠦᠨ ᠤ ᠭᠦᠴᠤ ᠪᠠᠷ ᠰᠠᠴᠤᠬᠤ ᠪᠤᠶᠤ ᠨᠢᠰᠭᠡᠯ ᠢᠶᠠᠷ ᠰᠠᠴᠤᠬᠤ ᠬᠤᠶᠠᠷ ᠵᠦᠢᠯ ᠤᠨ ᠠᠷᠭ᠎ᠠ ᠶᠢ ᠭᠡᠷᠡᠭᠯᠡᠵᠤ ᠪᠤᠢ᠃
② ᠵᠤᠷᠠᠭᠠᠯᠠᠨ ᠲᠠᠷᠢᠬᠤ᠄ ᠵᠤᠭᠢᠬᠤ ᠵᠠᠢ ᠠᠯᠤᠰᠯᠠᠵᠤ᠂ ᠮᠦᠷᠯᠡᠭᠦᠯᠦᠨ ᠲᠠᠷᠢᠬᠤ ᠪᠠ ᠲᠠᠷᠢᠬᠤ ᠶᠢᠨ ᠲᠠᠭᠠᠤ ᠪᠤᠯᠤᠳᠠᠬᠤ ᠠᠷᠭ᠎ᠠ ᠪᠠᠷ ᠲᠠᠷᠢᠬᠤ ᠶᠢ ᠵᠤᠷᠠᠭᠠᠯᠠᠨ ᠲᠠᠷᠢᠬᠤ ᠭᠡᠨ᠎ᠡ᠃ ᠵᠤᠷᠠᠭ᠎ᠠ ᠶᠢᠨ ᠵᠠᠢ ᠶᠢ ᠪᠤᠯ ᠡᠪᠡᠰᠤᠨ ᠤ ᠲᠦᠷᠦᠯ ᠵᠦᠢᠯ ᠭᠢᠭᠡᠳ ᠠᠰᠢᠠᠠᠯᠠᠬᠤ ᠠᠷᠭ᠎ᠠ ᠭᠡᠯᠪᠡᠷᠢ ᠶᠢ ᠦᠵᠡᠨ ᠲᠤᠠᠠᠳᠠᠭᠠᠨ᠎ᠠ᠃ ᠶᠠᠷᠦᠩᠭᠡᠢ ᠳᠡᠭᠡᠨ 15~30cm ᠵᠠᠢ ᠲᠠᠢ ᠪᠠᠶᠢᠯᠭᠠᠵᠤ᠂ ᠡᠰᠢ ᠨᠢ ᠦᠨᠳᠤᠷ ᠪᠦᠳᠦᠭᠦᠨ ᠡᠪᠡᠰᠤᠨ ᠤ ᠬᠢ ᠶᠢ ᠦᠷᠭᠡᠨ ᠰᠢᠭ᠂ ᠪᠤᠭᠤᠨᠢ ᠡᠪᠡᠰᠤᠨ ᠤ ᠬᠢ ᠶᠢ ᠨᠠᠷᠢᠬᠠᠨ ᠰᠢᠬ ᠪᠠᠶᠢᠯᠭᠠᠪᠠᠯ ᠲᠤᠭᠢᠷᠠᠮᠵᠢᠳᠡᠢ᠃ ᠤᠰᠤᠯᠠᠯᠳᠠ ᠶᠢᠨ ᠨᠦᠭᠦᠴᠡᠯ ᠲᠠᠢ ᠭᠠᠩ ᠬᠠᠭᠤᠷᠠᠢ ᠭᠠᠵᠠᠷ ᠤᠷᠤᠨ ᠪᠤᠯ ᠶᠠᠷᠤ ᠳᠡᠭᠡᠨ ᠨᠢᠠᠠᠳᠠ ᠵᠤᠷᠠᠭᠠᠯᠠᠨ ᠲᠠᠷᠢᠬᠤ᠂ ᠲᠤᠬᠠᠶᠢᠯᠠᠪᠠᠯ ᠮᠦᠷ ᠤᠨ ᠵᠠᠢ ᠶᠢ 15cm ᠪᠠᠶᠢᠯᠭᠠᠬᠤ ᠠᠷᠭ᠎ᠠ ᠶᠢ ᠠᠪᠴᠤ᠂ ᠭᠦᠷᠦᠰᠤ ᠰᠢᠷᠤᠢ ᠶᠢᠨ ᠤᠰᠤᠨ ᠤ ᠭᠡᠮᠵᠢᠶ᠎ᠠ ᠶᠢ ᠭᠦᠢᠴᠡᠳ ᠠᠰᠢᠠᠠᠯᠠᠬᠤ ᠪᠠ ᠵᠡᠷᠯᠢᠭ ᠡᠪᠡᠰᠤ ᠶᠢ ᠠᠷᠢᠯᠭᠠᠬᠤ ᠵᠤᠷᠢᠯᠭ᠎ᠠ ᠳᠠᠭᠠᠨ ᠭᠦᠷᠳᠡᠭ ᠪᠠᠶᠢᠨ᠎ᠠ᠃ ᠤᠰᠤᠯᠠᠯᠳᠡ ᠶᠢᠨ ᠨᠦᠭᠦᠴᠡᠯ ᠦᠭᠡᠢ ᠪᠡ ᠭᠦᠷᠦᠰᠤ ᠰᠢᠷᠤᠢ ᠨᠢ ᠲᠠᠴᠢᠷ ᠨᠢᠮᠭᠡᠨ ᠭᠠᠵᠠᠷ ᠤᠷᠤᠨ ᠪᠤᠯ ᠤᠰᠤ ᠪᠤᠷᠳᠤᠭᠤᠷ ᠤᠨ ᠨᠦᠭᠦᠴᠡᠯ ᠤᠨ ᠭᠢᠵᠠᠭᠠᠷᠯᠠᠯ ᠠᠴᠠ ᠪᠤᠯᠤᠭᠠᠳ ᠶᠠᠷᠤ ᠳᠡᠭᠡᠨ 30cm ᠵᠠᠢ ᠲᠠᠢ ᠵᠤᠷᠠᠭᠠᠯᠠᠨ ᠲᠠᠷᠢᠳᠠᠭ ᠪᠠᠶᠢᠨ᠎ᠠ᠃ ᠦᠷ᠎ᠠ ᠠᠪᠬᠤ ᠡᠪᠡᠰᠤ ᠶᠢ ᠪᠤᠯ ᠮᠦᠷ ᠤᠨ ᠵᠠᠢ ᠶᠢ ᠶᠠᠷᠤ ᠳᠡᠭᠡᠨ 45~60cm ᠵᠠᠢ ᠲᠠᠢ ᠲᠠᠷᠢᠪᠡᠯ ᠤᠷᠭᠤᠯᠳᠠ ᠪᠠ ᠬᠤᠷᠢᠶᠠᠯᠳᠠ ᠳᠤᠨᠢ ᠴᠦᠮ ᠠᠰᠢᠠᠠᠳᠠᠢ ᠪᠠᠶᠢᠳᠠᠭ᠃
③ ᠪᠤᠷᠳᠤᠭᠤᠷ ᠲᠠᠢ ᠲᠠᠷᠢᠬᠤ᠄ ᠡᠨᠡ ᠪᠤᠯ ᠨᠡᠯᠢᠶᠡᠳ ᠲᠠᠷᠢᠭᠦᠨ ᠤ ᠲᠠᠷᠢᠬᠤ ᠠᠷᠭ᠎ᠠ ᠪᠤᠯᠤᠨ᠎ᠠ᠃ ᠲᠠᠷᠢᠬᠤ ᠳᠠᠭᠠᠨ ᠪᠤᠷᠳᠤᠭᠤᠷ ᠢᠶᠠᠨ ᠰᠢᠭᠤᠳ ᠦᠷ᠎ᠠ ᠶᠢᠨ ᠲᠤᠤᠷ᠎ᠡ ᠨᠢ ᠰᠠᠴᠤᠨ ᠲᠠᠷᠢᠵᠤ᠂ ᠨᠢᠯᠬ᠎ᠠ ᠴᠢᠭᠢ ᠳᠤ ᠭᠦᠢᠴᠡᠳ ᠲᠡᠵᠢᠭᠡᠯ ᠤᠯᠭᠤᠳᠠᠭ᠃ ᠪᠤᠷᠳᠤᠭᠤᠷ ᠢᠶᠠᠨ ᠦᠷ᠎ᠡ ᠶᠢᠨ ᠲᠤᠤᠷ᠎ᠠ 4~6cm ᠭᠠᠵᠠᠷ ᠲᠤ ᠤᠷᠤᠭᠤᠯᠪᠠᠯ᠂ ᠡᠪᠡᠰᠤᠨ ᠤ ᠦᠨᠳᠤᠰᠤᠨ ᠰᠢᠰᠲ᠋ᠧᠮ ᠨᠢ ᠰᠢᠭᠤᠳ ᠪᠤᠷᠳᠤᠭᠤᠷ ᠤᠨ ᠲᠤᠳᠤᠷ᠎ᠠ ᠦᠨᠳᠦᠰᠦᠯᠡᠵᠤ᠂ ᠨᠢᠯᠬ᠎ᠠ ᠴᠢᠭᠢ ᠨᠢ ᠲᠦᠷᠭᠡᠨ ᠪᠦᠭᠡᠳ ᠢᠳᠡᠷᠡᠭᠦᠨ ᠤᠷᠭᠤᠳᠠᠭ ᠪᠠᠶᠢᠨ᠎ᠠ᠃ ᠢᠡᠭᠭᠢᠵᠤ ᠲᠠᠷᠢᠬᠤ ᠨᠢ ᠲᠠᠷᠢᠬᠤ ᠭᠡᠮᠵᠢᠶ᠎ᠠ ᠶᠢ ᠪᠠᠭᠠᠰᠬᠠᠵᠦ᠂ ᠰᠤᠶᠤᠭᠠᠯᠠᠬᠤ ᠨᠤᠷᠮ᠎ᠠ ᠶᠢ ᠲᠡᠭᠡᠭᠰᠢᠯᠡᠭᠦᠯᠵᠤ ᠴᠢᠳᠠᠬᠤ ᠮᠦᠷᠳᠡᠭᠡᠨ ᠪᠠᠰᠠ ᠵᠡᠷᠯᠢᠭ ᠡᠪᠡᠰᠤᠨ ᠤ ᠭᠦᠨᠦᠭᠡᠯ ᠢ ᠪᠦᠳᠦᠮᠵᠢᠳᠡᠢ ᠪᠠᠷ ᠬᠤᠷᠢᠠᠠᠯᠠᠵᠤ ᠴᠢᠳᠠᠨ᠎ᠠ᠃
ᠡᠪᠡᠰᠤ ᠶᠢ ᠲᠡᠩ ᠢᠶᠠᠷ ᠲᠠᠷᠢᠬᠤ ᠳᠤ ᠭᠠᠵᠠᠷ ᠢᠶᠠᠨ ᠨᠠᠷᠢᠯᠢᠬ ᠲᠡᠭᠰᠢᠯᠡᠨ᠎ᠠ᠃ ᠤᠯᠠᠨ ᠨᠠᠰᠤᠳᠤ ᠡᠪᠡᠰᠤᠨ ᠤ ᠦᠷ᠎ᠠ ᠨᠢ ᠵᠢᠵᠢᠭ᠂ ᠬᠠᠳᠠᠭᠠᠯᠬᠠᠳᠠᠵᠤ ᠪᠦᠭᠦᠢ ᠰᠢᠮ᠎ᠠ ᠲᠡᠵᠢᠭᠡᠯ ᠤᠨ ᠵᠦᠢᠯ ᠨᠢ ᠪᠠᠭ᠎ᠠ᠂ ᠦᠷ᠎ᠠ ᠶᠢᠨ ᠰᠤᠶᠤᠭᠠᠯᠠᠯᠳᠠ ᠪᠤᠯᠤᠨ ᠨᠢᠯᠬ᠎ᠠ ᠴᠢᠭᠢᠨ ᠤ ᠤᠷᠭᠤᠯᠳᠠ ᠨᠢ ᠴᠦᠮ ᠮᠠᠰᠢ ᠤᠳᠠᠭᠠᠨ ᠪᠠᠶᠢᠳᠠᠭ ᠲᠤᠯᠠ ᠭᠠᠵᠠᠷ ᠢᠶᠠᠨ ᠨᠠᠷᠢᠯᠢᠬ ᠲᠡᠭᠰᠢᠯᠡᠵᠤ᠂ ᠵᠢᠭᠳᠡ ᠰᠤᠶᠤᠭᠠᠯᠠᠬᠤ᠂ ᠢᠳᠡᠷᠡᠭᠦᠨ ᠰᠤᠶᠤᠭᠠᠯᠠᠬᠤ ᠳᠤ ᠰᠠᠶᠢᠨ ᠰᠠᠶᠢᠬᠠᠨ ᠨᠦᠭᠦᠴᠡᠯ ᠪᠦᠷᠢᠳᠦᠭᠦᠯᠵᠤ ᠦᠭᠭᠦ ᠭᠡᠷᠡᠭᠳᠡᠢ᠃ ᠲᠠᠷᠡᠴᠢᠯᠡᠨ ᠲᠠᠷᠢᠬᠤ ᠳᠠᠭᠠᠨ ᠦᠷ᠎ᠡ ᠪᠠᠨ ᠵᠢᠭᠳᠡ ᠰᠠᠶᠢᠬᠠᠨ ᠰᠠᠴᠤᠵᠤ᠂ ᠲᠠᠷᠠ ᠲᠠᠷᠤᠢ ᠳᠤᠨᠢ ᠰᠠᠶᠢᠳᠤᠷ ᠲᠠᠷᠤᠵᠤ᠂ ᠦᠷ᠎ᠡ ᠭᠢᠭᠡᠳ ᠭᠦᠷᠦᠰᠤ ᠰᠢᠷᠤᠢ ᠶᠢ ᠨᠢᠠᠠᠳᠠ ᠵᠤᠯᠭᠠᠭᠤᠯᠵᠤ᠂ ᠦᠷ᠎ᠡ ᠶᠢᠨ ᠤᠰᠤ ᠰᠢᠮᠡᠵᠤ ᠰᠤᠶᠤᠭᠠᠯᠠᠵᠤ ᠨᠠᠭᠢᠶᠠᠯᠠᠬᠤ ᠳᠤᠨᠢ ᠲᠦᠭᠦᠮ ᠦᠵᠡᠭᠦᠯᠭᠦ ᠭᠡᠷᠡᠭᠳᠡᠢ᠃ ᠭᠠᠨᠭ᠍ᠳᠠᠮᠠᠯ ᠦᠶ᠎ᠠ ᠳᠤ ᠰᠠᠶᠢᠳᠤᠷ ᠲᠠᠷᠤᠵᠤ ᠴᠢᠭᠢᠭ ᠢ ᠬᠠᠮᠠᠭᠠᠯᠠᠨ ᠭᠡᠳᠦᠷᠭᠡᠢ ᠨᠦᠢᠳᠡᠨ ᠪᠤᠯ ᠲᠠᠷᠦ᠋ᠢᠬᠠᠨ ᠲᠠᠷᠤᠵᠤ ᠪᠤᠯᠬᠤ ᠦᠭᠡᠢ᠂ 3~4 ᠡᠳᠤᠷ ᠤᠨ ᠲᠠᠷᠠᠭ᠎ᠠ ᠲᠠᠷᠤᠬᠤ ᠭᠡᠷᠡᠭᠳᠡᠢ᠃
︵2︶ ᠬᠤᠯᠢᠵᠤ ᠲᠠᠷᠢᠬᠤ᠄ ᠡᠪᠡᠰᠤ ᠬᠤᠯᠢᠵᠤ ᠲᠠᠷᠢᠬᠤ ᠶᠢᠨ ᠲᠠᠪᠠᠭᠤᠯᠢᠭ ᠨᠢ ᠲᠠᠷᠤᠢ ᠬᠤᠯᠢᠨ ᠲᠠᠷᠢᠬᠤ ᠶᠠᠪᠤᠳᠠᠯ ᠪᠤᠯᠤᠨ᠎ᠠ᠃ ᠲᠡᠭᠦᠨ ᠤ ᠲᠠᠪᠠᠭᠤᠯᠢᠭ ᠨᠢ ᠭᠡᠪᠡᠯ ᠡᠪᠡᠰᠤᠨ ᠤ ᠦᠨᠳᠤᠰᠤᠨ ᠰᠢᠰᠲ᠋ᠧᠮ ᠨᠢ ᠭᠦᠷᠤᠰᠤ ᠰᠢᠷᠤᠢ ᠳᠤ ᠵᠢᠭᠳᠡ ᠲᠠᠷᠬᠠᠳᠠᠭ᠃ ᠦᠶᠡᠳᠤ ᠤᠷᠭᠤᠮᠠᠯ ᠤᠨ ᠢᠵᠠᠭᠤᠷ ᠤᠨ ᠡᠪᠡᠰᠤᠨ ᠤ ᠦᠨᠳᠤᠰᠤ ᠨᠢ ᠭᠦᠭᠵᠢᠩᠭᠦᠢ᠂ ᠲᠤᠭ᠎ᠠ ᠨᠢ ᠠᠷᠪᠢᠨ ᠪᠠᠶᠢᠵᠤ᠂ ᠭᠤᠤᠯ ᠨᠢ 0~25cm ᠭᠦᠷᠦᠰᠤᠨ ᠳᠤ ᠲᠦᠪᠯᠡᠷᠡᠨ ᠲᠠᠷᠬᠠᠳᠠᠭ︔ ᠪᠤᠷᠴᠠᠭ ᠤᠨ ᠢᠵᠠᠭᠤᠷ ᠤᠨ ᠡᠪᠡᠰᠤᠨ ᠤ ᠦᠨᠳᠤᠰᠤ ᠨᠢ ᠭᠦᠨ ᠲᠠᠷᠬᠠᠵᠤ᠂ ᠭᠤᠤᠯ ᠦᠨᠳᠤᠰᠤ ᠨᠢ
ᠶᠠᠷᠤ ᠳᠡᠭᠡᠨ 150~200cm ᠭᠦᠨ ᠪᠠᠶᠢᠵᠤ᠂ ᠦᠨᠳᠤᠰᠤᠨ ᠪᠦᠯᠦᠭ ᠨᠢ 20~40cm ᠭᠦᠨ ᠳᠤ ᠲᠦᠪᠯᠡᠷᠡᠨ ᠲᠠᠷᠬᠠᠵᠤ᠂ ᠭᠦᠷᠦᠰᠤᠨ ᠤ ᠭᠦᠨ ᠲᠠᠪᠬᠤᠷᠭ᠎ᠠ ᠳᠠᠬᠢ ᠤᠰᠤ ᠪᠠ ᠰᠢᠮ᠎ᠠ ᠶᠢ ᠠᠰᠢᠠᠠᠯᠠᠬᠤ ᠶᠢᠨ ᠬᠠᠮᠳᠤ ᠠᠽᠤᠲ ᠲᠤᠠᠠᠳᠠᠭᠠᠬᠤ ᠴᠢᠳᠠᠪᠤᠷᠢ ᠲᠠᠢ ᠪᠠᠶᠢᠳᠠᠭ᠃ ᠬᠤᠯᠢᠵᠤ ᠲᠠᠷᠢᠠᠠᠰᠠᠨ ᠡᠪᠡᠰᠤᠨ ᠤ ᠭᠠᠵᠠᠷ ᠲᠡᠭᠡᠷᠡᠭᠢ ᠰᠠᠯᠠᠭ᠎ᠠ ᠨᠠᠪᠴᠢ ᠶᠢᠨ ᠲᠠᠷᠬᠠᠯᠳᠠ ᠶᠢᠨ ᠤᠷᠤᠨ ᠵᠠᠢ ᠨᠢ ᠦᠷᠭᠡᠳᠴᠤ᠂ ᠦᠶᠡᠳᠤ ᠤᠷᠭᠤᠮᠠᠯ ᠤᠨ ᠢᠵᠠᠭᠤᠷ ᠤᠨ ᠡᠪᠡᠰᠤᠨ ᠤ ᠨᠠᠪᠴᠢ ᠨᠠᠮᠠᠭ᠎ᠠ ᠨᠢ ᠤᠯᠠᠩᠭᠢ ᠳᠠᠭᠠᠨ 30cm ᠠᠴᠠ ᠲᠤᠤᠭᠤᠷᠭᠢ ᠤᠷᠤᠨ ᠵᠠᠢ ᠳᠤ ᠲᠦᠪᠯᠡᠷᠡᠵᠤ᠂ ᠪᠤᠷᠴᠠᠭ ᠤᠨ ᠢᠵᠠᠭᠤᠷ ᠤᠨ ᠡᠪᠡᠰᠤᠨ ᠤ ᠨᠠᠪᠴᠢ ᠨᠠᠮᠠᠭ᠎ᠠ ᠨᠢ ᠤᠯᠠᠩᠭᠢ ᠳᠠᠭᠠᠨ 30cm ᠠᠴᠠ ᠲᠡᠭᠡᠭᠦᠷ ᠤᠷᠤᠨ ᠵᠠᠢ ᠳᠤ ᠲᠠᠷᠬᠠᠵᠤ᠂ ᠭᠡᠷᠡᠯ ᠤᠨ ᠢᠯᠴᠢ᠂ ᠤᠰᠤᠨ ᠤ ᠭᠡᠮᠵᠢᠶ᠎ᠠ ᠪᠤᠯᠤᠨ ᠰᠢᠮ᠎ᠠ ᠲᠡᠵᠢᠭᠡᠯ ᠤᠨ ᠨᠦᠭᠦᠴᠡᠯ ᠢ ᠭᠦᠢᠴᠡᠳ ᠠᠰᠢᠠᠠᠯᠠᠵᠤ ᠴᠢᠳᠠᠳᠠᠭ᠃ ᠡᠶᠢᠮᠤ ᠠᠴᠠ ᠬᠤᠯᠢᠨ ᠲᠠᠷᠢᠠᠠᠰᠠᠨ ᠡᠪᠡᠰᠤ ᠨᠢ ᠲᠠᠩ ᠢᠶᠠᠷ ᠲᠠᠷᠢᠠᠠᠰᠠᠨ ᠡᠪᠡᠰᠤ ᠠᠴᠠ ᠬᠤᠷᠢᠶᠠᠯᠳᠠ ᠨᠢ ᠦᠨᠳᠤᠷ᠂ ᠴᠢᠨᠠᠷ ᠰᠠᠶᠢᠳᠠᠢ ᠪᠦᠭᠡᠳ ᠤᠨᠠᠯᠳᠠ ᠨᠢ ᠲᠤᠠᠠᠳᠠᠭᠤᠨ ᠪᠠᠶᠢᠳᠠᠭ᠃ ᠲᠤᠷᠰᠢᠯᠳᠡ ᠶᠢᠨ ᠭᠡᠷᠡᠴᠢᠯᠡᠯ ᠢ ᠦᠨᠳᠦᠰᠦᠯᠡᠪᠡᠯ ᠶᠠᠷᠤ ᠶᠢᠨ ᠪᠠᠶᠢᠳᠠᠯ ᠲᠤᠤᠷ᠎ᠠ ᠲᠠᠩ ᠢᠶᠠᠷ ᠲᠠᠷᠢᠬᠤ ᠶᠢ ᠪᠤᠳᠤᠪᠠᠯ ᠤᠨᠠᠯᠳᠠ ᠨᠢ 14%~25% ᠪᠠᠷ ᠨᠡᠮᠡᠭᠳᠡᠵᠤ᠂ ᠡᠪᠡᠰᠤᠨ ᠤ ᠰᠢᠮ᠎ᠠ ᠲᠡᠵᠢᠭᠡᠯ ᠤᠨ ᠪᠦᠷᠢᠯᠳᠦᠭᠦᠨ ᠢ ᠵᠠᠳᠠᠯᠪᠠᠯ᠂ ᠦᠶᠡᠳᠤ ᠡᠪᠡᠰᠤᠨ ᠳᠤ ᠨᠡᠭᠦᠷᠡᠰᠤ ᠤᠰᠤᠨ ᠤ ᠨᠡᠶᠢᠯᠡᠯᠭᠡ ᠡᠳ᠋ ᠡᠯᠪᠡᠭ ᠠᠭᠤᠯᠤᠠᠠᠳᠠᠵᠤ᠂ ᠪᠤᠷᠴᠠᠭ ᠤᠨ ᠢᠵᠠᠭᠤᠷ ᠤᠨ ᠡᠪᠡᠰᠤᠨ ᠳᠤ ᠤᠭᠤᠷᠬᠠᠳᠤ ᠡᠳ᠋᠂ ᠮᠢᠨᠧᠷᠠᠯ ᠪᠤᠳᠠᠰ ᠡᠯᠪᠡᠭ ᠠᠭᠤᠯᠤᠠᠠᠳᠠᠵᠤ ᠪᠠᠶᠢᠳᠠᠭ᠃ ᠡᠭᠦᠨ ᠠᠴᠠ ᠭᠠᠳᠠᠨ᠎ᠠ ᠡᠪᠡᠰᠤ ᠬᠤᠯᠢᠨ ᠲᠠᠷᠢᠬᠤ ᠨᠢ ᠭᠦᠷᠦᠰᠤ ᠰᠢᠷᠤᠢ ᠶᠢᠨ ᠮᠦᠭᠦᠯᠢᠭ ᠪᠦᠳᠦᠴᠡ ᠶᠢ ᠰᠠᠶᠢᠵᠢᠷᠠᠭᠤᠯᠵᠤ᠂ ᠤᠷᠭᠠᠨᠢᠭ ᠪᠤᠳᠠᠰ ᠢ ᠨᠡᠮᠡᠭᠳᠡᠭᠦᠯᠵᠤ᠂ ᠪᠤᠷᠳᠤᠭᠤᠷ ᠤᠨ ᠭᠦᠴᠤᠨ ᠢ ᠲᠡᠭᠡᠭᠰᠢᠯᠡᠭᠦᠯᠳᠡᠭ ᠪᠠᠶᠢᠨ᠎ᠠ᠃
ᠬᠤᠯᠢᠨ ᠲᠠᠷᠢᠬᠤ ᠡᠪᠡᠰᠤ ᠶᠢ ᠰᠤᠩᠭᠤᠬᠤ ᠳᠠᠭᠠᠨ ᠲᠤᠬᠠᠢ ᠶᠢᠨ ᠭᠠᠵᠠᠷ ᠤᠨ ᠪᠠᠶᠢᠭᠠᠯᠢ ᠶᠢᠨ ᠨᠦᠭᠦᠴᠡᠯ ᠳᠤ ᠲᠤᠭᠢᠷᠠᠬᠤ ᠤᠯᠠᠨ ᠨᠠᠰᠤᠳᠤ ᠪᠤᠷᠴᠠᠭ ᠤᠨ ᠢᠵᠠᠭᠤᠷᠳᠤ ᠡᠪᠡᠰᠤ ᠪᠠ ᠦᠶᠡᠳᠤ ᠤᠷᠭᠤᠮᠠᠯ ᠤᠨ ᠢᠵᠠᠭᠤᠷᠳᠤ ᠡᠪᠡᠰᠤᠨ ᠤ ᠰᠤᠷᠲ ᠢ ᠰᠤᠩᠭᠤᠨ ᠲᠠᠷᠢᠬᠤ ᠭᠡᠷᠡᠭᠳᠡᠢ᠃ ᠠᠰᠢᠠᠠᠯᠠᠬᠤ ᠬᠠᠷᠠᠯᠳᠠ᠂ ᠤᠨ ᠵᠢᠯ ᠪᠠ ᠲᠦᠷᠢᠮ ᠵᠡᠷᠭᠡ ᠨᠢ ᠠᠳᠠᠯᠢ ᠦᠭᠡᠢ ᠪᠠᠶᠢᠳᠠᠭ ᠠᠴᠠ ᠠᠳᠠᠯᠢ ᠪᠤᠰᠤ ᠨᠠᠶᠢᠯᠡᠯ ᠢ ᠰᠤᠩᠭᠤᠨ ᠲᠠᠷᠢᠨ᠎ᠠ᠃
ᠠᠰᠢᠠᠠᠯᠠᠬᠤ ᠬᠠᠷᠠᠯᠳᠠ ᠪᠠᠷ ᠨᠢ ᠬᠠᠳᠤᠯᠠᠩ ᠤᠨ ᠭᠡᠯᠪᠡᠷᠢ᠂ ᠪᠡᠯᠴᠢᠭᠡᠷ ᠤᠨ ᠭᠡᠯᠪᠡᠷᠢ᠂ ᠬᠠᠳᠤᠯᠠᠩ ᠪᠡᠯᠴᠢᠭᠡᠷ ᠢ ᠬᠠᠪᠰᠤᠷᠭᠠᠠᠠᠰᠠᠨ ᠭᠡᠯᠪᠡᠷᠢ ᠶᠢᠨ
ᠭᠡᠵᠦ ᠬᠤᠪᠢᠶᠠᠵᠤ ᠪᠤᠯᠤᠨ᠎ᠠ᠃
ᠬᠠᠳᠤᠯᠠᠩ ᠤᠨ ᠭᠡᠯᠪᠡᠷᠢ ᠶᠢᠨ ᠡᠪᠡᠰᠤ ᠪᠤᠯ ᠭᠤᠤᠯ ᠨᠢ ᠬᠠᠳᠤᠯᠠᠩ ᠠᠪᠬᠤ ᠪᠦᠭᠡᠳ ᠠᠰᠢᠠᠠᠯᠠᠬᠤ ᠤᠨ ᠵᠢᠯ ᠨᠢ ᠤᠷᠳᠤ᠂ ᠶᠠᠷᠦᠩᠭᠡᠢ ᠳᠡᠭᠡᠨ 4~7 ᠵᠢᠯ ᠪᠤᠶᠤ ᠨᠡᠩ ᠤᠷᠳᠤ ᠪᠠᠶᠢᠳᠠᠭ᠃ ᠡᠶᠢᠮᠤ ᠡᠪᠡᠰᠤᠨ ᠲᠠᠯᠠᠪᠠᠢ ᠳᠤ ᠪᠤᠯ ᠲᠤᠮᠳᠠ ᠲᠠᠰ ᠤᠨ ᠤᠷᠭᠤᠴᠠ ᠲᠠᠢ ᠰᠠᠶᠢᠷᠡᠭ ᠦᠶᠡᠳᠤ ᠡᠪᠡᠰᠤ ᠪᠤᠯᠤᠨ ᠭᠤᠤᠯ ᠦᠨᠳᠦᠰᠦᠳᠤ ᠪᠤᠷᠴᠠᠭ ᠤᠨ ᠢᠵᠠᠭᠤᠷ ᠤᠨ ᠡᠪᠡᠰᠤ᠂ ᠵᠢᠱᠢᠶᠡᠯᠡᠪᠡᠯ ᠪᠤᠷᠤ ᠴᠠᠷᠭᠠᠰᠤ᠂ ᠮᠤᠷᠢᠨ ᠬᠤᠨᠴᠢᠷ᠂ ᠦᠶᠡᠳᠤ ᠤᠷᠭᠤᠮᠠᠯ ᠤᠨ ᠢᠵᠠᠭᠤᠷ ᠤᠨ ᠰᠢᠷ᠎ᠡ ᠭᠢᠶᠠᠭ᠂ ᠶᠠᠪᠠᠭᠠᠨ ᠭᠢᠶᠠᠭ ᠵᠡᠷᠭᠡ ᠪᠠᠷ ᠭᠤᠤᠯ ᠪᠤᠯᠭᠠᠨ᠎ᠠ᠃ ᠲᠦᠷᠦᠭᠦᠤ ᠬᠤᠶᠠᠷ ᠵᠢᠯ ᠳᠤᠨᠢ ᠤᠨᠠᠯᠳᠠ ᠬᠤᠷᠢᠶᠠᠯᠳᠠ ᠶᠢ ᠪᠠᠳᠤᠯᠠᠬᠤ ᠶᠢᠨ ᠲᠦᠯᠦᠭᠡ᠂ ᠨᠢᠭᠡ ᠨᠠᠰᠤᠳᠤ ᠡᠪᠡᠰᠤ ᠪᠡ ᠡᠰᠢᠳᠤ ᠡᠪᠡᠰᠤ ᠶᠢ ᠵᠤᠭᠢᠬᠤ ᠬᠠᠷᠢᠴᠠᠯ ᠢᠶᠠᠷ ᠲᠠᠷᠢᠬᠤ ᠭᠡᠷᠡᠭᠳᠡᠢ᠃
ᠪᠡᠯᠴᠢᠭᠡᠷ ᠤᠨ ᠭᠡᠯᠪᠡᠷᠢᠳᠤ ᠡᠪᠡᠰᠤᠨ ᠲᠠᠯᠠᠪᠠᠢ ᠪᠤᠯ ᠭᠤᠤᠯ ᠨᠢ ᠮᠠᠯ ᠬᠠᠷᠢᠭᠤᠯᠬᠤ ᠪᠦᠭᠡᠳ ᠠᠰᠢᠠᠠᠯᠠᠬᠤ ᠤᠨ ᠵᠢᠯ ᠨᠢ ᠨᠡᠯᠢᠶᠡᠳ ᠤᠷᠳᠤ᠂ ᠪᠠᠷᠤᠭ ᠲᠤᠯᠤᠭᠠᠨ ᠵᠢᠯ ᠠᠴᠠ ᠲᠡᠭᠡᠭᠰᠢ ᠪᠠᠶᠢᠳᠠᠭ᠃ ᠬᠤᠯᠢᠨ ᠲᠠᠷᠢᠬᠤ ᠡᠪᠡᠰᠤ ᠳᠤ ᠲᠡᠭᠡᠷ᠎ᠡ ᠢᠠᠠᠴᠤᠷᠠᠯᠳᠠ ᠲᠠᠢ ᠪᠤᠷᠴᠠᠬ ᠤᠨ ᠢᠵᠠᠭᠤᠷ ᠵᠢᠴᠢ ᠲᠤᠤᠷ᠎ᠠ ᠢᠠᠠᠴᠤᠷᠠᠯᠳᠠ ᠲᠠᠢ ᠪᠤᠷᠴᠠᠭ ᠤᠨ ᠢᠵᠠᠭᠤᠷ᠂ ᠲᠡᠭᠡᠷ᠎ᠡ ᠢᠠᠠᠴᠤᠷᠠᠯᠳᠠ ᠲᠠᠢ ᠰᠠᠶᠢᠷᠡᠭ ᠦᠨᠳᠤᠰᠦᠳᠤ ᠦᠶᠡᠳᠤ ᠡᠪᠡᠰᠤ ᠵᠢᠴᠢ ᠲᠤᠤᠷ᠎ᠡ ᠢᠠᠠᠴᠤᠷᠠᠯᠳᠠ ᠲᠠᠢ ᠦᠶᠡᠳᠤ ᠡᠪᠡᠰᠤ ᠪᠠᠭᠳᠠᠨ᠎ᠠ᠃ ᠡᠭᠦᠨ ᠳᠤ ᠲᠤᠤᠷ᠎ᠡ ᠢᠠᠠᠴᠤᠷᠠᠯᠳᠠ ᠲᠠᠢ ᠪᠤᠷᠴᠠᠭ ᠤᠨ ᠢᠵᠠᠭᠤᠷ ᠪᠡ ᠲᠤᠤᠷ᠎ᠠ ᠢᠠᠠᠴᠤᠷᠠᠯᠳᠠ ᠲᠠᠢ ᠦᠶᠡᠳᠤ ᠤᠷᠭᠤᠮᠠᠯ ᠤᠨ ᠢᠵᠠᠭᠤᠷ ᠤᠨ ᠡᠪᠡᠰᠤ ᠵᠢᠱᠢᠶᠡᠯᠡᠪᠡᠯ ᠪᠡᠶᠡᠯᠢᠭ ᠡᠪᠡᠰᠤ᠂ ᠠᠷᠠᠰᠤ ᠡᠪᠡᠰᠤ᠂ ᠶᠦᠷᠭᠦᠭ ᠡᠪᠡᠰᠤ᠂ ᠪᠤᠷᠴᠠᠭ ᠤᠨ ᠢᠵᠠᠭᠤᠷ ᠤᠨ ᠰᠢᠷ᠎ᠠ ᠴᠠᠷᠭᠠᠰᠤ᠂ ᠬᠤᠰᠢᠶᠠᠩᠭᠤᠷ ᠵᠡᠷᠭᠡ ᠶᠢ ᠲᠠᠪᠠᠭᠤᠯᠢᠭ ᠪᠠᠶᠢᠷᠢᠨ ᠳᠤ ᠲᠠᠯᠪᠢᠬᠤ ᠭᠡᠷᠡᠭᠳᠡᠢ᠃ ᠡᠭᠢᠨ ᠤ ᠵᠢᠯ ᠤᠨ ᠤᠨᠠᠯᠳᠡ ᠶᠢ ᠪᠠᠳᠤᠯᠠᠬᠤ ᠶᠢᠨ ᠲᠤᠰᠠᠳᠠ ᠲᠤᠮᠳᠠ ᠲᠠᠰ ᠤᠨ ᠠᠮᠢ ᠨᠠᠰᠤᠨ ᠤ ᠪᠠ ᠬᠤᠶᠠᠷ ᠨᠠᠰᠤᠨ ᠤ ᠪᠤᠷᠴᠠᠭ ᠤᠨ ᠦᠶᠡᠳᠤ ᠢᠵᠠᠭᠤᠷ ᠤᠨ ᠡᠪᠡᠰᠤ ᠶᠢ ᠲᠠᠷᠢᠬᠤ ᠭᠡᠷᠡᠭᠳᠡᠢ᠃
ᠬᠠᠳᠤᠯᠠᠩ ᠪᠡᠯᠴᠢᠭᠡᠷ ᠢ ᠬᠠᠪᠰᠤᠷᠭᠠᠠᠠᠰᠠᠨ ᠬᠤᠯᠢᠨ ᠲᠠᠷᠢᠬᠤ ᠡᠪᠡᠰᠤᠨ ᠲᠠᠯᠠᠪᠠᠢ ᠪᠤᠯ ᠠᠰᠢᠠᠠᠯᠠᠬᠤ ᠤᠨ ᠵᠢᠯ ᠨᠢ 4~7 ᠵᠢᠯ ᠪᠤᠶᠤ 7 ᠵᠢᠯ ᠠᠴᠠ ᠲᠡᠭᠡᠭᠰᠢ ᠪᠠᠶᠢᠳᠠᠭ᠃ ᠬᠠᠳᠤᠬᠤ ᠪᠡᠯᠴᠢᠭᠡᠷᠯᠡᠭᠦᠯᠭᠦ ᠭᠡᠷᠡᠭᠴᠡᠭᠡ ᠶᠢ ᠬᠠᠨᠭ᠍ᠭᠠᠬᠤ ᠶᠢᠨ ᠲᠤᠰᠠᠳᠠ ᠲᠤᠮᠳᠠ ᠲᠠᠰ ᠤᠨ ᠠᠮᠢ ᠨᠠᠰᠤᠨ ᠤ ᠪᠠ ᠬᠤᠶᠠᠷ ᠨᠠᠰᠤᠳᠤ ᠠᠴᠠ ᠲᠡᠭᠡᠭᠰᠢ ᠲᠡᠭᠡᠷ᠎ᠡ ᠢᠨᠨᠴᠤᠷᠠᠯᠳᠠ ᠲᠠᠢ ᠡᠪᠡᠰᠤ ᠶᠢ ᠲᠠᠷᠢᠬᠤ ᠠᠴᠠ ᠭᠠᠳᠠᠨ᠎ᠠ ᠪᠠᠰᠠ ᠤᠷᠳᠤ ᠨᠠᠰᠤᠳᠤ ᠪᠠᠯᠴᠢᠭᠡᠷ ᠤᠨ ᠡᠪᠡᠰᠤ ᠶᠢ ᠲᠠᠷᠢᠬᠤ ᠭᠡᠷᠡᠭᠳᠡᠢ᠃
ᠬᠤᠯᠢᠨ ᠲᠠᠷᠢᠬᠤ ᠡᠪᠡᠰᠤᠨ ᠤ ᠨᠡᠶᠢᠯᠡᠯ ᠢ ᠡᠪᠡᠰᠤᠨ ᠤ ᠨᠡᠶᠢᠯᠡᠯ ᠤᠨ ᠭᠡᠮᠵᠢᠶᠠᠨ ᠤ ᠤᠯᠠᠨ ᠴᠦᠭᠡᠨ ᠢ ᠦᠨᠳᠦᠰᠦᠯᠡᠨ ᠲᠤᠤᠷᠠᠭᠢ ᠮᠡᠳᠤ ᠭᠤᠷᠪᠡᠨ ᠲᠦᠷᠦᠯ ᠭᠡᠯᠪᠡᠷᠢ ᠬᠤᠪᠢᠶᠠᠵᠤ ᠪᠤᠯᠤᠨ᠎ᠠ᠃
① ᠬᠤᠯᠢᠨ ᠲᠠᠷᠢᠬᠤ ᠲᠦᠭᠦᠮ ᠭᠡᠯᠪᠡᠷᠢ᠄ ᠡᠨᠡ ᠨᠢ 2~3 ᠲᠦᠷᠤᠯ ᠤᠨ ᠡᠪᠡᠰᠤᠨ ᠤ ᠦᠷ᠎ᠡ ᠶᠢ ᠨᠡᠶᠢᠯᠡᠭᠦᠯᠵᠤ᠂ ᠵᠢᠱᠢᠶᠡᠯᠡᠪᠡᠯ ᠴᠠᠷᠭᠠᠰᠤ + ᠰᠢᠷ᠎ᠠ ᠭᠢᠶᠠᠭ︔ ᠮᠤᠷᠢᠨ ᠬᠤᠨᠴᠢᠷ + ᠰᠢᠷ᠎ᠠ ᠭᠢᠶᠠᠭ ᠢ ᠬᠤᠯᠢᠬᠤ ᠪᠠ ᠴᠠᠷᠭᠠᠰᠤᠨ ᠲᠡᠭᠡᠷ᠎ᠡ ᠰᠤᠷ ᠦᠭᠡᠢ ᠰᠤᠭᠤᠪᠤᠷ + ᠶᠠᠪᠠᠭᠠᠨ ᠭᠢᠶᠠᠭ ᠢ ᠬᠤᠯᠢᠵᠤ ᠲᠠᠷᠢᠨ᠎ᠠ᠃
② ᠨᠡᠯᠢᠶᠡᠳ ᠪᠤᠳᠤᠯᠢᠶᠠᠠᠳᠠᠢ ᠬᠤᠯᠢᠨ ᠲᠠᠷᠢᠬᠤ ᠭᠡᠯᠪᠡᠷᠢ᠄ ᠡᠨᠡ ᠨᠢ 4~5 ᠲᠦᠷᠦᠯ ᠤᠨ ᠡᠪᠡᠰᠤᠨ ᠤ ᠦᠷ᠎ᠡ ᠶᠢ ᠨᠡᠶᠢᠯᠡᠭᠦᠯᠵᠤ᠂ ᠵᠢᠱᠢᠶᠡᠯᠡᠪᠡᠯ ᠴᠠᠷᠭᠠᠰᠤ + ᠭᠢᠶᠠᠭ + ᠶᠠᠪᠠᠭᠠᠨ ᠭᠢᠶᠠᠭ + ᠰᠤᠷ ᠦᠭᠡᠢ ᠰᠤᠭᠤᠪᠤᠷ ᠢ ᠬᠤᠯᠢᠬᠤ ᠪᠠ ᠮᠤᠷᠢᠨ ᠬᠤᠨᠴᠢᠷ + ᠭᠢᠶᠠᠭ + ᠰᠤᠷ ᠦᠭᠡᠢ ᠰᠤᠭᠤᠪᠤᠷ + ᠭᠡᠭᠡᠷ᠎ᠡ ᠶᠢᠨ ᠭᠢᠰᠢ ᠶᠢ ᠬᠤᠯᠢᠵᠤ ᠲᠠᠷᠢᠨ᠎ᠠ᠃
③ ᠪᠤᠳᠤᠯᠢᠶᠠᠠᠳᠡᠢ ᠬᠤᠯᠢᠨ ᠲᠠᠷᠢᠬᠤ ᠭᠡᠯᠪᠡᠷᠢ᠄ ᠡᠨᠡ ᠨᠢ 6~8 ᠲᠦᠷᠦᠯ ᠤᠨ ᠡᠪᠡᠰᠤᠨ ᠤ ᠦᠷ᠎ᠠ ᠶᠢ ᠨᠡᠶᠢᠯᠡᠭᠦᠯᠵᠤ᠂ ᠵᠢᠱᠢᠶᠡᠯᠡᠪᠡᠯ ᠪᠤᠷᠤ ᠴᠠᠷᠭᠠᠰᠤ + ᠶᠦᠷᠭᠦᠭ + ᠶᠠᠪᠠᠭᠠᠨ ᠭᠢᠶᠠᠭ + ᠰᠤᠷ ᠦᠭᠡᠢ ᠰᠤᠪᠤᠭᠤᠷ + ᠡᠷᠳᠡ ᠪᠤᠯᠪᠠᠰᠤᠷᠠᠬᠤ ᠦᠷᠡᠳᠤ ᠤᠷᠭᠤᠮᠠᠯ ᠢ ᠬᠤᠯᠢᠵᠤ ᠲᠠᠷᠢᠬᠤ ᠪᠠ ᠮᠤᠷᠢᠨ ᠬᠤᠨᠴᠢᠷ + ᠰᠤᠷ ᠦᠭᠡᠢ ᠰᠤᠪᠤᠭᠤᠷ + ᠭᠢᠶᠠᠭ + ᠡᠷᠳᠡ ᠪᠤᠯᠪᠠᠰᠤᠷᠠᠬᠤ ᠦᠷᠡᠳᠤ ᠤᠷᠭᠤᠮᠠᠯ + ᠶᠦᠷᠭᠦᠭ + ᠭᠡᠭᠡᠷ᠎ᠠ ᠶᠢᠨ ᠭᠢᠰᠢ ᠶᠢ ᠬᠤᠯᠢᠵᠤ ᠲᠠᠷᠢᠨ᠎ᠠ᠃ ᠶᠠᠷᠦᠩᠭᠡᠢ ᠳᠤᠨᠢ ᠠᠪᠴᠤ ᠭᠡᠯᠡᠪᠡᠯ ᠡᠪᠡᠰᠤ ᠬᠤᠯᠢᠵᠤ ᠲᠠᠷᠢᠬᠤ ᠶᠢᠨ ᠬᠠᠷᠢᠴᠠᠯ ᠢ ᠪᠤᠯ ᠠᠰᠢᠠᠠᠯᠠᠬᠤ ᠵᠤᠷᠢᠯᠭ᠎ᠠ᠂ ᠠᠰᠢᠠᠠᠯᠠᠬᠤ ᠤᠨ ᠵᠢᠯ᠂ ᠤᠷᠴᠢᠨ ᠲᠤᠭᠤᠷᠢᠨ ᠤ ᠨᠦᠭᠦᠴᠡᠯ ᠵᠢᠴᠢ ᠠᠰᠢᠠᠠᠯᠠᠬᠤ ᠠᠷᠭ᠎ᠠ ᠭᠡᠮᠵᠢᠶ᠎ᠠ ᠨᠢ ᠠᠳᠠᠯᠢ ᠦᠭᠡᠢ ᠠᠴᠠ ᠪᠤᠯᠤᠭᠠᠳ ᠠᠳᠠᠯᠢ ᠪᠤᠰᠤ ᠪᠠᠷ ᠡᠵᠡᠮᠰᠢᠨ ᠲᠤᠭᠢᠷᠠᠭᠤᠯᠬᠤ ᠭᠡᠷᠡᠭᠳᠡᠢ᠃
ᠡᠪᠡᠰᠤ ᠲᠠᠷᠢᠬᠤ ᠳᠠᠭᠠᠨ ᠲᠤᠤᠷᠠᠭᠢ ᠲᠤᠭ᠎ᠠ ᠭᠡᠮᠵᠢᠭᠳᠡᠯ ᠢᠶᠠᠷ ᠯᠠᠪᠯᠠᠯᠳᠠ ᠪᠤᠯᠭᠠᠵᠤ ᠪᠤᠯᠤᠨ᠎ᠠ᠃
① ᠪᠤᠷᠴᠠᠭ ᠤᠨ ᠢᠵᠠᠭᠤᠷ ᠤᠨ ᠡᠪᠡᠰᠤᠨ ᠤ ᠡᠯ᠎ᠠ ᠲᠤᠭ᠎ᠠ ᠭᠡᠮᠵᠢᠭᠳᠡᠯ᠄
ᠨᠢᠭᠡ᠂ ᠬᠠᠳᠤᠯᠠᠩ ᠳᠤ ᠠᠰᠢᠠᠠᠯᠠᠬᠤ᠄ 2~8 ᠵᠢᠯ ᠠᠰᠢᠠᠠᠯᠠᠬᠤ ᠬᠤᠯᠢᠮᠠᠭ ᠲᠠᠷᠢᠮᠠᠯ ᠤᠨ ᠡᠪᠡᠰᠤᠨ ᠤ ᠬᠠᠷᠢᠴᠠᠯ ︵ᠡᠯ᠎ᠠ ᠵᠦᠢᠯ ᠤᠨ ᠡᠪᠡᠰᠤᠨ ᠤ ᠲᠠᠩ ᠢᠶᠠᠷ ᠲᠠᠷᠢᠬᠤ ᠵᠠᠭᠤᠨ ᠤ ᠬᠠᠷᠢᠴᠠᠯ︶ ᠢ ᠪᠤᠯ 85%~95% ᠪᠠᠷ ᠶᠠᠷᠦᠩᠭᠡᠶᠢᠯᠡᠨ ᠪᠤᠳᠤᠵᠤ᠂ ᠲᠠᠷᠠᠴᠢᠯᠠᠨ ᠴᠦᠮ ᠲᠡᠭᠡᠷ᠎ᠡ ᠢᠠᠠᠴᠤᠷᠠᠯᠳᠠ ᠲᠠᠢ ᠪᠤᠷᠴᠠᠭ ᠤᠨ ᠢᠵᠠᠭᠤᠷ ᠤᠨ ᠡᠪᠡᠰᠤ ᠪᠠᠶᠢᠬᠤ ᠭᠡᠷᠡᠭᠳᠡᠢ︔ 4~6 ᠵᠢᠯ ᠠᠰᠢᠠᠠᠯᠠᠬᠤ ᠬᠤᠯᠢᠮᠠᠭ ᠳᠠᠷᠢᠮᠠᠯ ᠤᠨ ᠡᠪᠡᠰᠤᠨ ᠤ ᠬᠠᠷᠢᠴᠠᠯ ᠢ ᠪᠤᠯ 65%~75% ᠪᠠᠷ ᠶᠠᠷᠦᠩᠭᠡᠶᠢᠯᠡᠨ ᠪᠤᠳᠤᠵᠤ᠂ ᠮᠦᠨ ᠭᠦ ᠴᠦᠮ ᠲᠡᠭᠡᠷ᠎ᠡ ᠢᠠᠠᠴᠤᠷᠠᠯᠳᠠ ᠲᠠᠢ ᠡᠪᠡᠰᠤ ᠪᠠᠶᠢᠬᠤ ᠭᠡᠷᠡᠭᠳᠡᠢ᠃
ᠬᠤᠶᠠᠷ᠂ ᠪᠡᠯᠴᠢᠭᠡᠷ ᠲᠤ ᠠᠰᠢᠠᠠᠯᠠᠬᠤ ᠡᠪᠡᠰᠤ᠄ 7 ᠵᠢᠯ ᠠᠴᠠ ᠲᠡᠭᠡᠭᠰᠢ ᠠᠰᠢᠠᠠᠯᠠᠬᠤ ᠬᠤᠯᠢᠮᠠᠭ ᠲᠠᠷᠢᠮᠠᠯ ᠤᠨ ᠡᠪᠡᠰᠤᠨ ᠤ ᠬᠠᠷᠢᠴᠠᠯ ᠢ ᠪᠤᠯ 50%~60% ᠪᠠᠷ ᠶᠡᠷᠦᠩᠭᠡᠶᠢᠯᠡᠨ ᠪᠤᠳᠤᠵᠤ᠂ ᠡᠭᠦᠨ ᠳᠤ ᠲᠡᠭᠡᠷ᠎ᠡ ᠢᠠᠠᠴᠤᠷᠠᠯᠳᠠ ᠲᠠᠢ ᠡᠪᠡᠰᠤ ᠶᠢ 15%~20% ᠪᠠᠷ ᠡᠵᠡᠯᠡᠭᠦᠯᠵᠤ᠂ ᠲᠤᠤᠷ᠎ᠠ ᠢᠠᠠᠴᠤᠷᠠᠯᠳᠠ ᠲᠠᠢ ᠡᠪᠡᠰᠤ ᠶᠢ 35%~40% ᠪᠠᠷ ᠡᠵᠡᠯᠡᠭᠦᠯᠦᠨ᠎ᠠ᠃
ᠭᠤᠷᠪᠡ᠂ ᠬᠠᠪᠰᠤᠷᠭᠠᠨ ᠭᠡᠷᠡᠭᠯᠡᠭᠦ ᠡᠪᠡᠰᠤ᠄ 7 ᠵᠢᠯ ᠠᠴᠠ ᠲᠡᠭᠡᠭᠰᠢ ᠠᠰᠢᠠᠠᠯᠠᠬᠤ ᠬᠤᠯᠢᠮᠠᠭ ᠲᠠᠷᠢᠮᠠᠯ ᠤᠨ ᠡᠪᠡᠰᠤᠨ ᠤ ᠬᠠᠷᠢᠴᠠᠯ ᠢ ᠪᠤᠯ 70%~90% ᠪᠠᠷ ᠶᠠᠷᠦᠩᠭᠡᠶᠢᠯᠡᠨ ᠪᠤᠳᠤᠵᠤ᠂ ᠡᠭᠦᠨ ᠳᠤ ᠲᠡᠭᠡᠷ᠎ᠡ ᠢᠠᠠᠴᠤᠷᠠᠯᠳᠠ ᠲᠠᠢ ᠡᠪᠡᠰᠤ ᠶᠢ 40%~50% ᠪᠠᠷ ᠡᠵᠡᠯᠡᠭᠦᠯᠵᠤ᠂ ᠲᠤᠤᠷ᠎ᠠ ᠢᠠᠠᠴᠤᠷᠠᠯᠳᠠ ᠲᠠᠢ ᠡᠪᠡᠰᠤ ᠶᠢ 30%~40% ᠪᠠᠷ ᠡᠵᠡᠯᠡᠭᠦᠯᠦᠨ᠎ᠠ᠃ 4~6 ᠵᠢᠯ ᠠᠰᠢᠠᠠᠯᠠᠬᠤ ᠬᠤᠯᠢᠮᠠᠭ ᠳᠠᠷᠢᠮᠠᠯ ᠤᠨ ᠡᠪᠡᠰᠤᠨ ᠤ ᠬᠠᠷᠢᠴᠠᠯ ᠢ ᠪᠤᠯ 65%~85% ᠪᠠᠷ ᠶᠠᠷᠦᠩᠭᠡᠶᠢᠯᠡᠨ ᠪᠤᠳᠤᠵᠤ᠂ ᠡᠭᠦᠨ ᠳᠤ ᠲᠡᠭᠡᠷ᠎ᠠ ᠢᠠᠠᠴᠤᠷᠠᠯᠳᠠ ᠲᠠᠢ ᠡᠪᠡᠰᠤ ᠶᠢ 55%~65% ᠪᠠᠷ ᠡᠵᠡᠯᠡᠭᠦᠯᠵᠤ᠂ ᠲᠤᠤᠷ᠎ᠠ ᠢᠨᠨᠴᠤᠷᠠᠯᠳᠠ ᠲᠠᠢ ᠡᠪᠡᠰᠤ ᠶᠢ 10%~20% ᠪᠠᠷ ᠡᠵᠡᠯᠡᠭᠦᠯᠦᠨ᠎ᠠ᠃
② ᠦᠶᠡᠳᠤ ᠤᠷᠭᠤᠮᠠᠯ ᠤᠨ ᠢᠵᠠᠭᠤᠷ ᠤᠨ ᠡᠪᠡᠰᠤᠨ ᠤ ᠬᠠᠮᠢᠶ᠎ᠠ ᠪᠦᠭᠦᠢ ᠯᠠᠪᠯᠠᠯᠳᠠ ᠶᠢᠨ ᠲᠤᠭ᠎ᠠ ᠭᠡᠮᠵᠢᠭᠳᠡᠯ᠄
ᠨᠢᠭᠡ᠂ ᠬᠠᠳᠤᠯᠠᠩ ᠳᠤ ᠠᠰᠢᠠᠠᠯᠠᠬᠤ ᠡᠪᠡᠰᠤ᠄ 2~8 ᠵᠢᠯ ᠠᠰᠢᠠᠠᠯᠠᠬᠤ ᠬᠤᠯᠢᠮᠠᠭ ᠲᠠᠷᠢᠮᠠᠯ ᠤᠨ ᠡᠪᠡᠰᠤᠨ ᠤ ᠬᠠᠷᠢᠴᠠᠯ ᠢ ᠪᠤᠯ 35%~45% ᠪᠠᠷ ᠶᠠᠷᠦᠩᠭᠡᠶᠢᠯᠡᠨ ᠪᠤᠳᠤᠵᠤ᠂ ᠴᠦᠮ ᠲᠡᠭᠡᠷ᠎ᠡ ᠢᠠᠠᠴᠤᠷᠠᠯᠳᠠ ᠲᠠᠢ ᠡᠪᠡᠰᠤ ᠪᠠᠶᠢᠬᠤ ᠭᠡᠷᠡᠭᠳᠡᠢ᠃ 4~6 ᠵᠢᠯ ᠠᠰᠢᠠᠠᠯᠠᠬᠤ ᠬᠤᠯᠢᠮᠠᠭ ᠲᠠᠷᠢᠮᠠᠯ ᠤᠨ ᠡᠪᠡᠰᠤᠨ ᠤ ᠬᠠᠷᠢᠴᠠᠯ ᠢ ᠪᠤᠯ 95%~115% ᠪᠠᠷ ᠶᠠᠷᠦᠩᠭᠡᠶᠢᠯᠡᠨ ᠪᠤᠳᠤᠵᠤ᠂ ᠮᠦᠨ ᠬᠦ ᠴᠦᠮ ᠲᠡᠭᠡᠷ᠎ᠡ ᠢᠠᠠᠴᠤᠷᠠᠯᠳᠠ ᠲᠠᠢ ᠡᠪᠡᠰᠤ ︵ᠡᠭᠦᠨ ᠳᠤ ᠶᠡᠭᠡ ᠨᠢ 65%~75%᠂ ᠦᠨᠳᠤᠰᠤ ᠡᠰᠢ ᠨᠢ 30%~40%︶ ᠪᠠᠶᠢᠬᠤ ᠭᠡᠷᠡᠭᠳᠡᠢ᠃
ᠬᠤᠶᠠᠷ᠂ ᠪᠡᠯᠴᠢᠭᠡᠷ ᠲᠤ ᠠᠰᠢᠠᠠᠯᠠᠬᠤ ᠡᠪᠡᠰᠤ᠄ 7 ᠵᠢᠯ ᠠᠴᠠ ᠲᠡᠭᠡᠭᠰᠢ ᠠᠰᠢᠠᠠᠯᠠᠬᠤ ᠬᠤᠯᠢᠮᠠᠭ ᠲᠠᠷᠢᠮᠠᠯ ᠤᠨ ᠡᠪᠡᠰᠤᠨ ᠤ ᠬᠠᠷᠢᠴᠠᠯ ᠢ ᠪᠤᠯ 115%~175% ᠪᠠᠷ ᠶᠠᠷᠦᠩᠭᠡᠶᠢᠯᠡᠨ ᠪᠤᠳᠤᠵᠤ᠂ ᠡᠭᠦᠨ ᠳᠤ ᠲᠡᠭᠡᠷ᠎ᠠ ᠢᠠᠠᠴᠤᠷᠠᠯᠳᠠ ᠲᠠᠢ ᠦᠶᠡᠳᠤ ᠤᠷᠭᠤᠮᠠᠯ ᠤᠨ ᠦᠳᠭᠡᠴᠡ ᠶᠢ 60%~70% ᠪᠠᠷ ᠡᠵᠡᠯᠡᠭᠦᠯᠵᠤ᠂ ᠦᠨᠳᠤᠰᠤ ᠡᠰᠢ ᠶᠢ 15%~25% ᠪᠠᠷ ᠡᠵᠡᠯᠡᠭᠦᠯᠵᠤ᠂ ᠲᠤᠤᠷ᠎ᠠ ᠢᠠᠠᠴᠤᠷᠠᠯᠳᠠ ᠲᠠᠢ ᠡᠪᠡᠰᠤ ᠶᠢ 60%~70% ᠪᠠᠷ ᠡᠵᠡᠯᠡᠭᠦᠯᠦᠨ᠎ᠠ᠃
ᠭᠤᠷᠪᠡ᠂ ᠬᠠᠪᠰᠤᠷᠭᠠᠨ ᠠᠰᠢᠠᠠᠯᠠᠬᠤ ᠡᠪᠡᠰᠤ᠄ 7 ᠵᠢᠯ ᠠᠴᠠ ᠲᠡᠭᠡᠭᠰᠢ ᠠᠰᠢᠠᠠᠯᠠᠬᠤ ᠬᠤᠯᠢᠮᠠᠭ ᠲᠠᠷᠢᠮᠠᠯ ᠤᠨ ᠡᠪᠡᠰᠤᠨ ᠤ ᠬᠠᠷᠢᠴᠠᠯ ᠢ ᠪᠤᠯ 110%~140% ᠪᠠᠷ ᠶᠠᠷᠦᠩᠭᠡᠶᠢᠯᠡᠨ ᠪᠤᠳᠤᠵᠤ᠂ ᠡᠭᠦᠨ ᠳᠤ ᠲᠡᠭᠡᠷ᠎ᠠ ᠢᠠᠠᠴᠤᠷᠠᠯᠳᠠ ᠲᠠᠢ ᠦᠶᠡᠳᠤ ᠡᠪᠡᠰᠤ ᠶᠢ 60%~70% ᠪᠠᠷ ᠡᠵᠡᠯᠡᠭᠦᠯᠵᠤ᠂ ᠦᠨᠳᠤᠰᠤ ᠡᠰᠢ ᠶᠢ 25%~35% ᠪᠠᠷ ᠡᠵᠡᠯᠡᠭᠦᠯᠦᠨ᠂ ᠲᠤᠤᠷ᠎ᠠ ᠢᠠᠠᠴᠤᠷᠠᠯᠳᠠ ᠲᠠᠢ ᠡᠪᠡᠰᠤ ᠶᠢ 25%~35% ᠪᠠᠷ ᠡᠵᠡᠯᠡᠭᠦᠯᠦᠨ᠎ᠠ᠃ 4~6 ᠵᠢᠯ ᠠᠰᠢᠠᠠᠯᠠᠬᠤ ᠬᠤᠯᠢᠮᠠᠭ ᠳᠠᠷᠢᠮᠠᠯ ᠤᠨ ᠡᠪᠡᠰᠤᠨ ᠤ ᠬᠠᠷᠢᠴᠠᠯ ᠢ 95%~135% ᠪᠠᠷ ᠶᠠᠷᠦᠩᠭᠡᠶᠢᠯᠡᠨ ᠪᠤᠳᠤᠵᠤ᠂ ᠡᠭᠦᠨ ᠳᠤ ᠲᠡᠭᠡᠷ᠎ᠡ ᠢᠠᠠᠴᠤᠷᠠᠯᠳᠠ ᠲᠠᠢ ᠦᠶᠡᠳᠤ ᠡᠪᠡᠰᠤ ᠶᠢᠨ ᠦᠳᠭᠡᠴᠡ ᠶᠢ 65%~75% ᠪᠠᠷ ᠡᠵᠡᠯᠡᠭᠦᠯᠵᠤ᠂ ᠦᠨᠳᠤᠰᠤ ᠡᠰᠢ ᠶᠢ 30%~40% ᠪᠠᠷ ᠡᠵᠡᠯᠡᠭᠦᠯᠵᠤ᠂ ᠲᠤᠤᠷ᠎ᠠ ᠢᠠᠠᠴᠤᠷᠠᠯᠳᠠ ᠲᠠᠢ ᠦᠶᠡᠳᠤ ᠡᠪᠡᠰᠤ ᠶᠢ 1%~20% ᠪᠠᠷ ᠡᠵᠡᠯᠡᠭᠦᠯᠭᠦ ᠭᠡᠷᠡᠭᠳᠡᠢ᠃
ᠲᠦᠷᠪᠡ᠂ ᠬᠤᠯᠢᠨ ᠲᠠᠷᠢᠬᠤ ᠡᠪᠡᠰᠤᠨ ᠤ ᠲᠠᠷᠢᠬᠤ ᠭᠡᠮᠵᠢᠶ᠎ᠠ᠄ ᠬᠤᠯᠢᠵᠤ ᠲᠠᠷᠢᠬᠤ ᠡᠪᠡᠰᠤᠨ ᠤ ᠲᠠᠷᠢᠬᠤ ᠭᠡᠮᠵᠢᠶ᠎ᠠ ᠨᠢ ᠲᠡᠩ ᠢᠶᠠᠷ ᠲᠠᠷᠢᠬᠤ ᠠᠴᠠ ᠪᠠᠨ ᠠᠷᠪᠢᠨ ᠪᠠᠶᠢᠬᠤ ᠶᠤᠰᠤᠳᠠᠢ᠃ ᠵᠢᠱᠢᠶᠡᠯᠡᠪᠡᠯ ᠬᠤᠶᠠᠷ ᠵᠦᠢᠯ ᠤᠨ ᠡᠪᠡᠰᠤ ᠶᠢ ᠬᠤᠯᠢᠨ ᠲᠠᠷᠢᠬᠤ ᠳᠤ ᠲᠡᠭᠦᠨ ᠢ ᠲᠠᠩ ᠢᠶᠠᠷ ᠲᠠᠷᠢᠬᠤ ᠭᠡᠮᠵᠢᠶ᠎ᠠ ᠶᠢᠨ ᠲᠤᠰ ᠲᠤᠰ 70%~80% ᠪᠠᠷ ᠲᠠᠷᠢᠵᠤ᠂ ᠭᠤᠷᠪᠡ ᠪᠤᠶᠤ ᠭᠤᠷᠪᠡ ᠠᠴᠠ ᠲᠡᠭᠡᠭᠰᠢ ᠬᠤᠯᠢᠨ ᠲᠠᠷᠢᠬᠤ ᠳᠤ ᠠᠳᠠᠯᠢ ᠢᠵᠠᠭᠤᠷ ᠤᠨ ᠬᠤᠶᠠᠷ ᠲᠦᠷᠦᠯ ᠢ ᠲᠡᠭᠦᠨ ᠤ ᠲᠠᠩ ᠢᠶᠠᠷ ᠲᠠᠷᠢᠬᠤ ᠭᠡᠮᠵᠢᠶ᠎ᠠ ᠶᠢᠨ 35%~40% ᠪᠠᠷ᠂ ᠨᠦᠭᠦᠭᠡ ᠨᠢᠭᠡ ᠲᠦᠷᠦᠯ ᠢ ᠨᠢ 70%~80% ᠪᠠᠷ ᠲᠠᠷᠢᠵᠤ ᠪᠤᠯᠤᠨ᠎ᠠ᠃ ᠡᠨᠡ ᠪᠤᠯ ᠨᠡᠯᠢᠶᠡᠳ ᠪᠦᠳᠦᠭᠦᠯᠢᠭ ᠢᠶᠠᠷ ᠲᠤᠠᠠᠳᠠᠭᠠᠠᠠᠰᠠᠨ ᠲᠠᠷᠢᠬᠤ ᠭᠡᠮᠵᠢᠶᠠᠨ ᠤ ᠬᠠᠷᠢᠴᠠᠯ ᠪᠤᠯᠤᠨ᠎ᠠ᠃ ᠵᠠᠷᠢᠮ ᠨᠢ ᠪᠠᠰᠠ ᠲᠠᠩ ᠢᠶᠠᠷ ᠲᠠᠷᠢᠬᠤ ᠭᠡᠮᠵᠢᠶ᠎ᠠ ᠶᠢ ᠨᠢ ᠲᠤᠰ ᠡᠪᠡᠰᠤᠨ ᠤ ᠬᠤᠯᠢᠵᠤ ᠲᠠᠷᠢᠬᠤ ᠡᠪᠡᠰᠤᠨ ᠤ ᠲᠤᠳᠤᠷ᠎ᠡ ᠡᠵᠡᠯᠡᠭᠦ ᠵᠠᠭᠤᠨ ᠤ ᠬᠠᠷᠢᠴᠠᠯ ᠢᠶᠠᠷ ᠦᠷᠡᠵᠢᠭᠦᠯᠦᠭᠡᠳ ᠲᠤᠰ ᠡᠪᠡᠰᠤ ᠶᠢᠨ ᠬᠤᠯᠢᠨ ᠲᠠᠷᠢᠬᠤ ᠭᠡᠮᠵᠢᠶ᠎ᠠ ᠶᠢ ᠲᠤᠠᠠᠳᠠᠭᠠᠵᠤ᠂ ᠡᠯ᠎ᠡ ᠲᠦᠷᠦᠯ ᠤᠨ ᠡᠪᠡᠰᠤᠨ ᠤ ᠲᠠᠷᠢᠬᠤ ᠭᠡᠮᠵᠢᠶ᠎ᠠ ᠶᠢᠨ ᠨᠡᠶᠢᠯᠡᠪᠤᠷᠢ ᠨᠢ ᠲᠠᠷᠤᠢ ᠬᠤᠯᠢᠨ ᠲᠠᠷᠢᠬᠤ ᠡᠪᠡᠰᠤᠨ ᠤ ᠶᠠᠷᠦᠩᠭᠡᠢ ᠲᠠᠷᠢᠬᠤ ᠭᠡᠮᠵᠢᠶ᠎ᠠ ᠪᠤᠯᠭᠠᠠᠠᠰᠠᠨ ᠪᠠᠶᠢᠳᠠᠭ᠃
ᠲᠠᠪᠤ᠂ ᠬᠤᠯᠢᠨ ᠲᠠᠷᠢᠬᠤ ᠡᠪᠡᠰᠤ ᠶᠢ ᠲᠠᠷᠢᠬᠤ ᠴᠠᠭ ᠬᠤᠭᠤᠴᠠᠭ᠎ᠠ᠄
ᠬᠤᠯᠢᠨ ᠲᠠᠷᠢᠬᠤ ᠡᠪᠡᠰᠤᠨ ᠤ ᠪᠢᠤᠯᠤᠭᠢ ᠶᠢᠨ ᠤᠨᠴᠠᠯᠢᠭ ᠰᠢᠠᠵᠢ᠂ ᠭᠦᠷᠤᠰᠤ ᠰᠢᠷᠤᠢ᠂ ᠴᠠᠭ ᠠᠭᠤᠷ ᠤᠨ ᠨᠦᠭᠦᠴᠡᠯ ᠢ ᠦᠨᠳᠦᠰᠦᠯᠡᠨ ᠲᠤᠭᠢᠳᠡᠢ ᠲᠠᠷᠢᠬᠤ ᠴᠠᠭ ᠢ ᠲᠤᠠᠠᠳᠠᠭᠠᠬᠤ ᠨᠢ ᠴᠢᠬᠤᠯᠠ ᠪᠢᠯᠡ᠃ ᠭᠡᠷᠪᠡ ᠬᠤᠯᠢᠵᠤ ᠲᠠᠷᠢᠬᠤ ᠡᠪᠡᠰᠤᠨ ᠤ ᠰᠤᠷᠲ ᠨᠢ ᠴᠦᠮ ᠬᠠᠪᠤᠷᠴᠢ ᠴᠢᠨᠠᠷ ᠪᠡ ᠡᠪᠤᠯᠴᠢ ᠴᠢᠨᠠᠷ ᠲᠠᠢ ᠪᠤᠯ ᠠᠳᠠᠯᠢ ᠴᠠᠭ ᠲᠤ ᠲᠠᠷᠢᠪᠠᠯ ᠵᠤᠭᠢᠨ᠎ᠠ᠃ ᠡᠰᠡ ᠲᠠᠶᠢᠮᠤ ᠪᠤᠯ ᠰᠠᠯᠭᠠᠵᠤ ᠲᠠᠷᠢᠬᠤ ᠭᠡᠷᠡᠭᠳᠡᠢ᠃ ᠦᠶᠡᠳᠤ ᠤᠷᠭᠤᠮᠠᠯ ᠤᠨ ᠢᠵᠠᠭᠤᠷ ᠤᠨ ᠡᠪᠡᠰᠤᠨ ᠤ ᠰᠤᠶᠤᠭᠠᠯᠠᠯᠳᠠ ᠨᠢ ᠮᠠᠰᠢ ᠪᠠᠭᠤᠷᠠᠢ ᠪᠠᠶᠢᠵᠤ᠂ ᠪᠤᠷᠴᠠᠭ ᠤᠨ ᠢᠵᠠᠭᠤᠷ ᠤᠨ ᠡᠪᠡᠰᠤᠨ ᠤ ᠬᠤᠷᠢᠠᠠᠯᠠᠯᠳᠠ ᠶᠢ ᠠᠮᠠᠷᠬᠠᠨ ᠭᠦᠯᠢᠶᠡᠳᠡᠭ ᠪᠤᠯᠬᠤᠷ ᠨᠠᠮᠤᠷ ᠦᠶᠡᠳᠤ ᠤᠷᠭᠤᠮᠠᠯ ᠤᠨ ᠢᠵᠠᠭᠤᠷ ᠤᠨ ᠡᠪᠡᠰᠤ ᠪᠠᠨ ᠲᠠᠷᠢᠭᠠᠳ᠂ ᠲᠠᠷᠠᠭ᠎ᠠ ᠬᠠᠪᠤᠷ ᠨᠢ ᠪᠤᠷᠴᠠᠬ ᠤᠨ ᠢᠵᠠᠭᠤᠷ ᠤᠨ ᠡᠪᠡᠰᠤ ᠶᠢ ᠲᠠᠷᠢᠵᠤ ᠪᠤᠯᠤᠨ᠎ᠠ᠃
ᠵᠢᠷᠭᠤᠭ᠎ᠠ᠂ ᠬᠤᠯᠢᠨ ᠲᠠᠷᠢᠬᠤ ᠡᠪᠡᠰᠤᠨ ᠤ ᠲᠠᠷᠢᠬᠤ ᠠᠷᠭ᠎ᠠ᠄
ᠡᠪᠡᠰᠤ ᠶᠢ ᠬᠤᠯᠢᠵᠤ ᠲᠠᠷᠢᠬᠤ ᠳᠠᠭᠠᠨ ᠭᠡᠳᠦᠨ ᠲᠦᠷᠦᠯ ᠤᠨ ᠡᠪᠡᠰᠤᠨ ᠤ ᠦᠷ᠎ᠡ ᠶᠢ ᠬᠤᠯᠢᠭᠠᠳ ᠴᠤᠭ ᠲᠤᠨᠢ ᠵᠤᠷᠠᠭᠠᠯᠠᠨ ᠲᠠᠷᠢᠬᠤ ᠪᠤᠶᠤ ᠰᠠᠴᠤᠨ ᠲᠠᠷᠢᠵᠤ ᠪᠤᠯᠤᠨ᠎ᠠ᠃ ᠪᠠᠰᠠ ᠴᠦ ᠭᠡᠳᠦᠨ ᠲᠦᠷᠦᠯ ᠤᠨ ᠠᠳᠠᠯᠢ ᠪᠤᠰᠤ ᠡᠪᠡᠰᠤ ᠶᠢ ᠮᠦᠷ ᠠᠯᠤᠰᠯᠠᠨ ᠵᠤᠷᠠᠭᠠᠯᠠᠨ ᠲᠠᠷᠢᠬᠤ ᠪᠤᠶᠤ ᠭᠦᠨᠳᠡᠯᠡᠨ ᠭᠤᠯᠳᠤ ᠰᠤᠯᠪᠢᠴᠠᠭᠤᠯᠤᠨ ᠵᠤᠷᠠᠭᠠᠯᠠᠠ ᠲᠠᠷᠢᠵᠤ᠂ ᠬᠤᠯᠢᠵᠤ ᠲᠠᠷᠢᠬᠤ ᠪᠦᠳᠦᠴᠡ ᠲᠠᠢ ᠪᠤᠯᠭᠠᠵᠤ ᠪᠤᠯᠤᠨ᠎ᠠ᠃
︵3︶ ᠬᠠᠮᠠᠭᠠᠯᠠᠯᠳᠠ ᠲᠠᠢ ᠲᠠᠷᠢᠬᠤ
ᠤᠯᠠᠨ ᠨᠠᠰᠤᠳᠤ ᠡᠪᠡᠰᠤ ᠶᠢ ᠨᠢᠭᠡ ᠨᠠᠰᠤᠳᠤ ᠤᠷᠭᠤᠮᠠᠯ ᠤᠨ ᠲᠤᠤᠷ᠎ᠠ ᠲᠠᠷᠢᠬᠤ ᠶᠢ ᠬᠠᠮᠠᠭᠠᠯᠠᠯᠳᠠ ᠲᠠᠢ ᠲᠠᠷᠢᠬᠤ ᠠᠷᠭ᠎ᠠ ᠭᠡᠨ᠎ᠠ᠃ ᠲᠡᠭᠦᠨ ᠤ ᠲᠠᠪᠠᠭᠤᠯᠢᠭ ᠲᠠᠯ᠎ᠠ ᠨᠢ ᠭᠡᠪᠡᠯ ᠰᠤᠯᠠ ᠡᠪᠡᠰᠤ ᠨᠢ ᠤᠯᠠᠨ ᠨᠠᠰᠤᠳᠤ ᠡᠪᠡᠰᠤᠨ ᠤ ᠭᠦᠨᠦᠭᠡᠯ ᠢ ᠪᠠᠭᠠᠰᠬᠠᠬᠤ ᠪᠠ ᠤᠰᠤ ᠰᠢᠷᠤᠢ ᠶᠢᠨ ᠢᠳᠡᠭᠳᠡᠯ ᠢ ᠰᠡᠷᠭᠡᠶᠢᠯᠡᠵᠤ ᠴᠢᠳᠠᠬᠤ ᠪᠦᠭᠡᠳ ᠪᠠᠰᠠ ᠲᠤᠰ ᠵᠢᠯ ᠤᠨ ᠲᠠᠷᠢᠬᠤ ᠦᠷ᠎ᠠ ᠠᠰᠢᠭ ᠢ ᠨᠡᠮᠡᠭᠳᠡᠭᠦᠯᠳᠡᠭ ᠪᠠᠶᠢᠨ᠎ᠠ᠃
ᠬᠠᠮᠠᠭᠠᠯᠠᠯᠳᠡ ᠶᠢᠨ ᠲᠠᠷᠢᠮᠠᠯ ᠳᠤ ᠡᠰᠢ ᠨᠡᠪᠴᠢ ᠨᠢ ᠰᠠᠬᠤᠯᠢᠭ ᠪᠤᠰᠤ᠂ ᠨᠤᠭᠤᠷᠠᠵᠤ ᠤᠨᠠᠳᠠᠭ ᠦᠭᠡᠢ᠂ ᠤᠷᠭᠤᠯᠳᠠ ᠨᠢ ᠲᠦᠷᠭᠡᠨ ᠲᠠᠷᠢᠮᠠᠯ᠂ ᠵᠢᠱᠢᠶᠡᠯᠡᠪᠡᠯ ᠪᠤᠭᠤᠳᠠᠢ᠂ ᠬᠠᠷ᠎ᠠ ᠪᠤᠭᠤᠳᠠᠢ᠂ ᠠᠷᠪᠠᠢ᠂ ᠬᠤᠰᠢᠭᠤ ᠪᠤᠳᠠᠭ᠎ᠠ ᠶᠢ ᠰᠤᠩᠭᠤᠪᠠᠯ ᠵᠤᠭᠢᠨ᠎ᠠ᠃ ᠲᠡᠭᠦᠨ ᠢ ᠲᠠᠷᠢᠬᠤ ᠭᠡᠮᠵᠢᠶ᠎ᠠ ᠨᠢ ᠤᠯᠠᠨ ᠨᠠᠰᠤᠳᠤ ᠡᠪᠡᠰᠤᠨ ᠤ ᠲᠠᠷᠢᠬᠤ ᠭᠡᠮᠵᠢᠶ᠎ᠠ ᠠᠴᠠ ᠬᠤᠪᠢᠷᠠᠯᠳᠠ ᠦᠭᠡᠢ᠂ ᠬᠠᠮᠠᠭᠠᠯᠠᠯᠳᠡ ᠶᠢᠨ ᠲᠠᠷᠢᠮᠠᠯ ᠤᠨ ᠲᠠᠷᠢᠬᠤ ᠭᠡᠮᠵᠢᠶ᠎ᠠ ᠶᠢ ᠲᠡᠭᠦᠨ ᠢ ᠲᠡᠩ ᠢᠶᠠᠷ ᠲᠠᠷᠢᠬᠤ ᠭᠡᠮᠵᠢᠶ᠎ᠠ ᠶᠢᠨ 75% ᠪᠤᠶᠤ 50% ᠪᠠᠶᠢᠯᠭᠠᠨ᠎ᠠ᠃ ᠲᠠᠷᠢᠬᠤ ᠲᠠᠯ᠎ᠠ ᠪᠠᠷ ᠬᠤᠶᠠᠭᠤᠯᠠ ᠶᠢ ᠠᠳᠠᠯᠢ ᠴᠠᠭ ᠲᠤ ᠲᠠᠷᠢᠬᠤ ᠪᠠ ᠬᠠᠮᠠᠭᠠᠯᠠᠯᠳᠡ ᠶᠢᠨ ᠲᠠᠷᠢᠮᠠᠯ ᠢ 10~15 ᠡᠳᠤᠷ ᠤᠷᠢᠳᠴᠢᠯᠠᠨ ᠲᠠᠷᠢᠵᠤ ᠪᠤᠯᠤᠨ᠎ᠠ᠃ ᠲᠠᠷᠢᠬᠤ ᠠᠷᠭ᠎ᠠ ᠨᠢ ᠭᠡᠪᠡᠯ ᠠᠳᠠᠯᠢ ᠮᠦᠷ ᠲᠤ ᠵᠤᠷᠠᠭᠠᠯᠠᠨ ᠲᠠᠷᠢᠬᠤ᠂ ᠰᠤᠯᠪᠢᠴᠠᠭᠤᠯᠤᠨ ᠵᠤᠷᠠᠭᠠᠯᠠᠨ ᠲᠠᠷᠢᠬᠤ ᠪᠠ ᠮᠦᠷ ᠠᠯᠤᠰᠯᠠᠨ ᠵᠤᠷᠠᠭᠠᠯᠠᠨ ᠲᠠᠷᠢᠨ᠎ᠠ᠃ ᠤᠳᠤᠬᠠᠨ ᠳᠤ ᠭᠤᠤᠯ ᠨᠢ ᠮᠦᠷ ᠠᠯᠤᠰᠯᠠᠨ ᠵᠤᠷᠠᠭᠠᠯᠠᠨ ᠲᠠᠷᠢᠵᠤ ᠪᠠᠶᠢᠨ᠎ᠠ᠃ ᠮᠦᠷ ᠠᠯᠤᠰᠯᠠᠨ ᠵᠤᠷᠠᠭᠠᠯᠠᠨ ᠲᠠᠷᠢᠬᠤ ᠭᠡᠳᠡᠭ ᠪᠤᠯ ᠨᠢᠭᠡ ᠮᠦᠷ ᠡᠪᠡᠰᠤ ᠲᠠᠷᠢᠭᠠᠳ᠂ ᠨᠢᠭᠡ ᠮᠦᠷ ᠬᠠᠮᠠᠭᠠᠯᠠᠯᠳᠠ ᠶᠢᠨ ᠲᠠᠷᠢᠮᠠᠯ ᠲᠠᠷᠢᠬᠤ ᠶᠢ ᠭᠡᠯᠡᠵᠤ ᠪᠤᠢ᠃ ᠡᠭᠦᠨ ᠠᠴᠠ ᠭᠠᠳᠠᠨ᠎ᠠ ᠬᠠᠮᠠᠭᠠᠯᠠᠯᠳᠡ ᠶᠢᠨ ᠲᠠᠷᠢᠮᠠᠯ ᠢᠶᠠᠨ ᠴᠠᠭ ᠲᠠᠷᠤᠢ ᠳᠤᠨᠢ ᠬᠠᠳᠤᠵᠤ ᠬᠤᠷᠢᠶᠠᠵᠤ᠂ ᠡᠪᠡᠰᠤᠨ ᠤ ᠤᠷᠭᠤᠯᠳᠠ ᠳᠤ ᠲᠠᠷᠤᠯᠳᠠ ᠤᠴᠠᠷᠠᠭᠤᠯᠬᠤ ᠶᠢ ᠪᠠᠭᠠᠰᠬᠠᠪᠠᠯ ᠵᠤᠭᠢᠨ᠎ᠠ᠃
19. ᠡᠪᠡᠰᠦ ᠪᠤᠷᠳᠤᠭ᠎ᠠ ᠶᠢ ᠶᠠᠭᠠᠭᠢᠵᠤ ᠲᠠᠷᠢᠪᠠᠯ ᠵᠤᠭᠢᠬᠤ ᠪᠤᠢ︖
ᠡᠭᠦᠨ ᠳᠤ ᠲᠠᠪᠤᠨ ᠵᠦᠢᠯ ᠤᠨ ᠲᠠᠷᠢᠬᠤ ᠮᠡᠷᠭᠡᠵᠢᠯ ᠪᠠᠶᠢᠨ᠎ᠠ᠄
︵1︶ ᠦᠷᠭᠡᠨ ᠮᠦᠷ ᠢᠶᠠᠷ ᠵᠤᠷᠠᠭᠠᠯᠠᠨ ᠲᠠᠷᠢᠬᠤ᠄ ᠡᠭᠦᠨ ᠳᠤ ᠰᠢᠮ᠎ᠠ ᠲᠡᠵᠢᠭᠡᠯ ᠤᠨ ᠲᠠᠯᠠᠪᠠᠢ ᠪᠠᠷ ᠲᠤᠮᠤ᠂ ᠨᠢᠯᠬ᠎ᠠ ᠴᠢᠭᠢ ᠨᠢ ᠰᠤᠯᠠ᠂ ᠡᠪᠡᠰᠤᠨ ᠤ ᠭᠦᠨᠦᠭᠡᠯ ᠢ ᠠᠮᠠᠷᠬᠠᠨ ᠭᠦᠷᠳᠡᠳᠡᠭ ᠲᠠᠩᠨᠡᠯᠳᠡ ᠶᠢᠨ ᠲᠠᠷᠢᠮᠠᠯ᠂ ᠵᠢᠱᠢᠶᠡᠯᠡᠪᠡᠯ ᠡᠷᠳᠡᠨᠢ ᠰᠢᠰᠢ᠂ ᠰᠢᠰᠢ᠂ ᠨᠠᠷᠢᠮᠤ᠂ ᠰᠢᠭᠢᠷ ᠮᠠᠠᠵᠢᠨ ᠲᠠᠷᠢᠬᠤ ᠳᠤ ᠲᠤᠭᠢᠷᠠᠨ᠎ᠠ᠃ ᠮᠦᠷ ᠤᠨ ᠵᠠᠢ ᠶᠢ ᠲᠠᠷᠢᠮᠠᠯ ᠤᠨ ᠲᠦᠷᠦᠯ ᠢᠶᠠᠷ ᠲᠤᠠᠠᠳᠠᠭᠠᠵᠤ᠂ ᠶᠠᠷᠦᠩᠭᠡᠢ ᠳᠡᠭᠡᠨ 50~60cm ᠪᠠᠶᠢᠯᠭᠠᠪᠠᠯ ᠲᠤᠭᠢᠷᠠᠮᠵᠳᠡᠢ᠃
︵2︶ ᠨᠠᠷᠢᠨ ᠮᠦᠷ ᠢᠶᠠᠷ ᠵᠤᠷᠠᠭᠠᠯᠠᠨ ᠲᠠᠷᠢᠬᠤ᠄ ᠪᠤᠭᠤᠳᠠᠢ ᠶᠢᠨ ᠲᠦᠷᠦᠯ ᠤᠨ ᠲᠠᠷᠢᠮᠠᠯ ᠲᠠᠷᠢᠬᠤ ᠳᠤ ᠲᠤᠭᠢᠷᠠᠨ᠎ᠠ᠃ ᠮᠦᠷ ᠤᠨ ᠵᠠᠢ ᠶᠢ 7.5 ~15cm ᠪᠠᠶᠢᠯᠭᠠᠵᠤ᠂ ᠶᠠᠷᠦᠩᠭᠡᠢ ᠳᠡᠭᠡᠨ 12~15cm ᠪᠠᠶᠢᠯᠭᠠᠪᠠᠯ ᠲᠤᠭᠢᠷᠠᠮᠵᠢᠳᠡᠢ᠃
︵3︶ ᠦᠷᠭᠡᠨ ᠪᠦᠰᠡ ᠪᠠᠷ ᠰᠠᠴᠤᠨ ᠲᠠᠷᠢᠬᠤ᠄ ᠲᠠᠷᠢᠬᠤ ᠭᠡᠪᠴᠢᠶ᠎ᠠ ᠶᠢ 12~15cm ᠪᠠᠶᠢᠯᠭᠠᠵᠤ᠂ ᠪᠦᠰᠡ ᠶᠢᠨ ᠬᠤᠭᠤᠷᠤᠨᠳᠤᠭᠢ ᠵᠠᠢ ᠶᠢ 45cm ᠪᠠᠶᠢᠯᠭᠠᠵᠤ᠂ ᠨᠠᠷᠢᠮᠤ᠂ ᠪᠤᠭᠤᠳᠠᠢ ᠶᠢᠨ ᠲᠦᠷᠦᠯ ᠢ ᠮᠠᠰᠢᠨ ᠢᠶᠠᠷ ᠲᠠᠷᠢᠬᠤ ᠳᠤ ᠲᠤᠭᠢᠷᠠᠨ᠎ᠠ᠃
︵4︶ ᠦᠷᠭᠡᠨ ᠨᠠᠷᠢᠨ ᠲᠠᠯᠠᠩᠨᠠᠭᠤᠯᠵᠤ ᠲᠠᠷᠢᠬᠤ᠄ ᠨᠢᠠᠠᠳᠠᠴᠠ ᠪᠠᠷ ᠪᠠᠭ᠎ᠠ ᠲᠠᠷᠢᠮᠠᠯ᠂ ᠵᠢᠱᠢᠶᠡᠯᠡᠪᠡᠯ ᠡᠷᠳᠡᠨᠢ ᠰᠢᠰᠢ᠂ ᠰᠢᠰᠢ ᠲᠠᠷᠢᠬᠤ ᠳᠤ ᠲᠤᠭᠢᠷᠠᠨ᠎ᠠ᠃ ᠢᠡᠭᠭᠢᠵᠤ ᠲᠠᠷᠢᠬᠤ ᠨᠢ ᠲᠠᠷᠢᠮᠡᠯ ᠤᠨ ᠨᠢᠠᠠᠳᠠᠴᠠ ᠶᠢ ᠶᠡᠭᠡ ᠪᠠᠷ ᠲᠡᠭᠡᠭᠰᠢᠯᠡᠭᠦᠯᠦᠨ᠎ᠠ᠃ ᠭᠡᠪᠡᠴᠤ ᠠᠷᠠᠴᠢᠯᠠᠬᠤ ᠳᠤ ᠲᠦᠭᠦᠮ ᠦᠭᠡᠢ ᠪᠠᠶᠢᠳᠠᠭ᠃
︵5︶ ᠴᠤᠨᠤᠠᠠᠯᠠᠨ ᠲᠠᠷᠢᠬᠤ᠄ ᠮᠦᠷ ᠪᠤᠯᠤᠨ ᠲᠠᠯᠡᠩ ᠲᠡᠭᠡᠷ᠎ᠡ ᠴᠤᠨᠤᠭᠯᠠᠨ ᠲᠠᠷᠢᠬᠤ ᠪᠤᠶᠤ ᠮᠦᠷ ᠢᠶᠠᠨ ᠭᠤᠤ ᠭᠠᠷᠭᠠᠨ᠂ ᠵᠤᠭᠢᠬᠤ ᠵᠠᠢ ᠠᠯᠤᠰᠯᠠᠨ ᠴᠤᠨᠤᠠᠠᠯᠠᠨ ᠲᠠᠷᠢᠨ᠎ᠠ᠃ ᠭᠤᠤᠯ ᠨᠢ ᠡᠷᠳᠡᠨᠢ ᠰᠢᠰᠢ᠂ ᠲᠦᠮᠦᠰᠤ ᠲᠠᠷᠢᠬᠤ ᠳᠤ ᠲᠤᠭᠢᠷᠠᠨ᠎ᠠ᠃
20. ᠡᠪᠡᠰᠤ ᠪᠤᠷᠳᠤᠭ᠎ᠠ ᠳᠡᠷᠢᠬᠰᠠᠠ ᠲᠠᠷᠢᠶᠠᠨ ᠳᠠᠬᠢ ᠠᠷᠠᠴᠢᠯᠠᠯᠳᠠ ᠶᠢᠨ ᠲᠠᠯ᠎ᠠ ᠪᠠᠷ ᠶᠠᠮᠠᠷ ᠠᠵᠢᠯ ᠢ ᠭᠢᠭᠦ ᠴᠢᠬᠤᠯᠠ ᠲᠠᠢ ᠪᠤᠢ︖
︵1︶ ᠵᠡᠷᠯᠢᠭ ᠡᠪᠡᠰᠤ ᠶᠢ ᠠᠷᠢᠯᠭᠠᠬᠤ᠄ ᠵᠡᠷᠯᠢᠭ ᠡᠪᠡᠰᠤ ᠨᠢ ᠲᠠᠷᠢᠮᠠᠯ ᠤᠨ ᠤᠷᠭᠤᠴᠠ ᠶᠢ ᠨᠦᠯᠦᠭᠡᠯᠡᠭᠦ ᠪᠠᠷ ᠪᠠᠷᠠᠬᠤ ᠦᠭᠡᠢ ᠪᠠᠰᠠ ᠡᠪᠡᠰᠤ ᠪᠤᠷᠳᠤᠭᠠᠨ ᠤ ᠴᠢᠨᠠᠷ ᠢ ᠨᠦᠯᠦᠭᠡᠯᠡᠳᠡᠭ᠃ ᠢᠯᠠᠩᠭᠤᠶ᠎ᠠ ᠤᠯᠠᠨ ᠨᠠᠰᠤᠳᠤ ᠡᠪᠡᠰᠤ ᠪᠤᠯ ᠵᠡᠷᠯᠢᠭ ᠡᠪᠡᠰᠤᠨ ᠤ ᠭᠦᠨᠦᠭᠡᠯ ᠳᠤ ᠠᠮᠠᠷᠬᠠᠨ ᠠᠪᠳ᠋ᠬᠠᠳᠠᠵᠤ᠂ ᠤᠷᠭᠤᠴᠠ ᠨᠢ ᠤᠳᠠᠭᠠᠰᠢᠷᠠᠳᠠᠭ ᠶᠤᠮ᠃ ᠡᠶᠢᠮᠤ ᠠᠴᠠ ᠡᠪᠡᠰᠤ ᠲᠠᠷᠢᠠᠠᠰᠠᠨ ᠠᠩᠬᠠᠨ ᠤ ᠵᠢᠯ ᠳᠡᠭᠡᠨ ᠵᠡᠷᠯᠢᠭ ᠡᠪᠡᠰᠤ ᠶᠢ ᠴᠠᠭ ᠲᠠᠷᠤᠢ ᠳᠤᠨᠢ ᠠᠷᠢᠯᠭᠠᠬᠤ ᠭᠡᠷᠡᠭᠳᠡᠢ᠃ ᠪᠤᠳᠠᠳᠠᠢ ᠠᠷᠢᠯᠭᠠᠬᠤ ᠠᠷᠭ᠎ᠠ ᠭᠡᠪᠡᠯ᠄
① ᠲᠠᠷᠢᠬᠤ ᠴᠠᠭ ᠢ ᠲᠤᠭᠢᠳᠡᠢ ᠲᠤᠭᠢᠷᠠᠭᠤᠯᠤᠨ᠎ᠠ᠃ ᠬᠠᠪᠤᠷ ᠲᠠᠷᠢᠬᠤ ᠳᠤ ᠡᠪᠡᠰᠤ ᠪᠤᠷᠳᠤᠭ᠎ᠠ ᠶᠢ ᠭᠦᠨᠦᠭᠡᠳᠡᠭ ᠵᠡᠷᠯᠢᠭ ᠡᠪᠡᠰᠤ ᠪᠤᠯ ᠭᠤᠤᠯᠳᠠᠭᠤ ᠦᠨᠳᠤᠰᠤᠳᠤ ᠵᠡᠷᠯᠢᠭ ᠡᠪᠡᠰᠤ ᠪᠤᠯᠤᠨ ᠬᠠᠪᠤᠷ ᠨᠠᠭᠢᠶᠠᠯᠠᠬᠤ ᠪᠤᠰᠤᠳ ᠵᠦᠢᠯ ᠤᠨ ᠵᠡᠷᠯᠢᠭ ᠡᠪᠡᠰᠤ ᠪᠤᠯᠤᠨ᠎ᠠ᠃ ᠬᠠᠪᠤᠷ ᠡᠪᠡᠰᠤ ᠲᠠᠷᠢᠪᠠᠯ ᠵᠡᠷᠯᠢᠭ ᠡᠪᠡᠰᠤᠨ ᠤ ᠭᠦᠨᠦᠭᠡᠯ ᠳᠤ ᠤᠴᠠᠷᠠᠳᠠᠭ᠃ ᠨᠦᠭᠦᠴᠡᠯ ᠲᠠᠢ ᠪᠤᠯ ᠵᠤᠨ ᠲᠠᠷᠢᠬᠤ ᠪᠤᠶᠤ ᠨᠠᠮᠤᠷ ᠲᠠᠷᠢᠪᠠᠯ ᠮᠠᠰᠢ ᠰᠠᠶᠢᠨ᠃ ᠡᠨᠡ ᠦᠶᠡᠰ ᠵᠡᠷᠯᠢᠭ ᠡᠪᠡᠰᠤᠨ ᠤ ᠤᠷᠭᠤᠯᠳᠠ ᠨᠢ ᠮᠠᠭᠤᠳᠠᠬᠤ ᠪᠦᠭᠡᠳ ᠲᠠᠷᠢᠬᠤ ᠠᠴᠠ ᠡᠮᠦᠨ᠎ᠠ ᠭᠠᠵᠠᠷ ᠢ ᠤᠷᠪᠠᠭᠤᠯᠵᠤ ᠨᠠᠷᠬᠠᠳᠠᠬᠤ ᠪᠤᠯᠬᠤᠷ ᠵᠡᠷᠯᠢᠭ ᠡᠪᠡᠰᠤ ᠭᠦᠷᠤᠰᠤᠨ ᠲᠤᠤᠷ᠎ᠠ ᠪᠤᠯᠬᠠᠳᠠᠵᠤ᠂ ᠨᠤᠭᠤᠭᠠᠨ ᠪᠤᠷᠳᠤᠭᠤᠷ ᠪᠤᠯᠵᠤ ᠪᠤᠯᠤᠨ᠎ᠠ᠃ ᠡᠶᠢᠮᠤ ᠠᠴᠠ ᠨᠠᠮᠤᠷ ᠡᠪᠡᠰᠤ ᠲᠠᠷᠢᠪᠠᠯ ᠵᠡᠷᠯᠢᠭ ᠡᠪᠡᠰᠤ ᠶᠢ ᠶᠡᠭᠡ ᠪᠠᠷ ᠪᠠᠭᠠᠰᠬᠠᠵᠤ ᠲᠠᠶᠢᠯᠦᠨ᠎ᠠ᠃
② ᠡᠭᠡᠯᠵᠢᠯᠡᠨ ᠲᠠᠷᠢᠬᠤ ᠪᠤᠶᠤ ᠬᠠᠳᠤᠵᠤ ᠬᠠᠶᠠᠬᠤ᠄ ᠵᠠᠷᠢᠮ ᠵᠡᠷᠯᠢᠭ ᠡᠪᠡᠰᠤ ᠨᠢ ᠲᠠᠷᠢᠮᠠᠯ ᠡᠪᠡᠰᠤ ᠶᠢ ᠵᠤᠭᠢᠬᠤ ᠭᠡᠪᠴᠢᠶᠠᠨ ᠳᠤ ᠭᠦᠨᠦᠭᠡᠨᠠ᠃ ᠵᠢᠱᠢᠶᠡᠯᠡᠪᠡᠯ ᠰᠢᠷ᠎ᠠ ᠤᠷᠢᠶᠠᠩᠭᠤ ᠪᠤᠯ ᠪᠤᠷᠤ ᠴᠠᠷᠭᠠᠰᠤ ᠶᠢ ᠭᠦᠨᠳᠤ ᠨᠤᠴᠢᠳᠡᠢ ᠭᠦᠨᠦᠭᠡᠵᠤ᠂ ᠬᠠᠷᠢᠨ ᠦᠶᠡᠳᠤ ᠤᠷᠭᠤᠮᠠᠯ ᠤᠨ ᠢᠵᠠᠭᠤᠷ ᠤᠨ ᠡᠪᠡᠰᠤ ᠶᠢ ᠭᠦᠨᠦᠭᠡᠭᠦ ᠪᠠᠷ ᠭᠠᠶᠢᠭᠤᠢ ᠪᠠᠶᠢᠳᠠᠭ ᠲᠤᠯᠠ ᠠᠳᠠᠯᠢ ᠪᠤᠰᠤ ᠡᠪᠡᠰᠤ ᠶᠢ ᠡᠭᠡᠯᠵᠢᠯᠡᠨ ᠲᠠᠷᠢᠬᠤ ᠠᠷᠭ᠎ᠠ ᠪᠠᠷ ᠵᠡᠷᠯᠢᠭ ᠡᠪᠡᠰᠤᠨ ᠤ ᠭᠦᠨᠦᠭᠡᠯ ᠢ ᠪᠠᠭᠠᠰᠬᠠᠵᠤ ᠪᠤᠯᠤᠨ᠎ᠠ᠃ ᠲᠠᠭᠢᠪᠠᠯ ᠵᠡᠷᠯᠢᠭ ᠡᠪᠡᠰᠤᠨ ᠤ ᠦᠷ᠎ᠡ ᠨᠢ ᠪᠤᠯᠪᠠᠰᠤᠷᠠᠬᠤ ᠠᠴᠠ ᠡᠮᠦᠨ᠎ᠠ ᠲᠠᠷᠢᠮᠡᠯ ᠡᠪᠡᠰᠤ ᠲᠠᠢ ᠴᠤᠭ ᠬᠠᠳᠤᠪᠠᠯ᠂ ᠵᠡᠷᠯᠢᠭ ᠡᠪᠡᠰᠤᠨ ᠤ ᠲᠠᠭᠢᠭᠠᠳ ᠲᠠᠷᠢᠬᠤ ᠡᠪᠡᠰᠤᠨ ᠳᠤ ᠦᠵᠡᠭᠦᠯᠭᠦ ᠭᠦᠨᠦᠭᠡᠯ ᠢ ᠪᠠᠭᠠᠰᠬᠠᠬᠤ ᠪᠤᠯᠤᠨ᠎ᠠ᠃
③ ᠭᠢᠮᠢ ᠶᠢᠨ ᠡᠮ ᠢᠶᠠᠷ ᠠᠷᠢᠯᠭᠠᠬᠤ᠄ ᠵᠡᠷᠯᠢᠭ ᠡᠪᠡᠰᠤ ᠨᠡᠯᠢᠶᠡᠳ ᠶᠡᠭᠡ ᠤᠷᠭᠤᠠᠠᠰᠠᠨ ᠭᠠᠵᠠᠷ ᠲᠤ ᠭᠢᠮᠢ ᠶᠢᠨ ᠡᠮ ᠢ ᠰᠤᠩᠭᠤᠨ ᠭᠡᠷᠡᠭᠯᠡᠵᠤ ᠠᠷᠢᠯᠭᠠᠬᠤ ᠭᠡᠷᠡᠭᠳᠡᠢ᠃ ᠭᠢᠮᠢ ᠶᠢᠨ ᠡᠮ ᠢ ᠭᠡᠷᠡᠭᠯᠡᠭᠦ ᠠᠴᠠ ᠪᠠᠨ ᠡᠮᠦᠨ᠎ᠠ ᠵᠠᠪᠠᠯ ᠲᠤᠳᠤᠷᠬᠠᠶᠢᠯᠠᠯᠳᠠ ᠶᠢᠨ ᠪᠢᠴᠢᠭ ᠢ ᠨᠢ ᠲᠤᠳᠤᠷᠬᠠᠢ ᠦᠵᠡᠭᠦ ᠶᠢᠨ ᠬᠠᠮᠳᠤ ᠬᠠᠮᠢᠶ᠎ᠠ ᠪᠦᠭᠦᠢ ᠮᠡᠷᠭᠡᠵᠢᠯᠳᠡᠨ ᠢᠶᠠᠷ ᠤᠷᠢᠨ ᠵᠢᠯᠤᠭᠤᠳᠤᠭᠤᠯᠵᠤ᠂ ᠡᠷᠭᠡᠪᠰᠢ ᠵᠤᠭᠢᠴᠠᠩᠭᠤᠢ ᠪᠦᠭᠦᠢ ᠪᠠᠭᠠᠵᠢ ᠭᠡᠷᠡᠭᠰᠡᠯ ᠪᠡᠯᠡᠳᠭᠡᠭᠦ ᠭᠡᠷᠡᠭᠳᠡᠢ᠃ ᠡᠭᠦᠨ ᠠᠴᠠ ᠭᠠᠳᠠᠨ᠎ᠠ ᠢᠯᠵᠢᠷᠡᠭᠦᠯᠦᠭᠰᠡᠨ ᠪᠤᠷᠳᠤᠭᠤᠷ᠂ ᠰᠢᠭᠡᠭ ᠪᠤᠷᠳᠤᠭᠤᠷ ᠤᠷᠤᠭᠤᠯᠬᠤ ᠪᠠ ᠦᠷ᠎ᠡ ᠶᠢ ᠨᠠᠷᠢᠯᠢᠬ ᠰᠤᠩᠭᠤᠬᠤ ᠠᠷᠭ᠎ᠠ ᠪᠠᠷ ᠵᠡᠷᠯᠢᠭ ᠡᠪᠡᠰᠤ ᠶᠢ ᠠᠯᠢ ᠴᠢᠳᠠᠬᠤ ᠪᠠᠷ ᠢᠯᠭᠠᠨ ᠬᠠᠶᠠᠬᠤ ᠭᠡᠷᠡᠭᠳᠡᠢ᠃
︵2︶ ᠪᠤᠷᠳᠤᠭᠤᠷ ᠤᠷᠤᠭᠤᠯᠬᠤ᠄ ᠲᠠᠷᠢᠮᠠᠯ ᠪᠡᠯᠴᠢᠭᠡᠷ ᠲᠤ ᠪᠤᠷᠳᠤᠭᠤᠷ ᠤᠷᠤᠭᠤᠯᠬᠤ ᠳᠤ ᠬᠤᠶᠠᠷ ᠵᠦᠢᠯ ᠬᠤᠪᠢᠶᠠᠨ᠎ᠠ᠃ ᠨᠢᠭᠡ ᠳᠤ ᠲᠠᠷᠢᠬᠤ ᠠᠴᠠ ᠪᠠᠨ ᠡᠮᠦᠨ᠎ᠠ ᠰᠠᠭᠤᠷᠢ ᠪᠤᠷᠳᠤᠭᠤᠷ ᠤᠷᠤᠭᠤᠯᠵᠤ᠂ ᠭᠠᠵᠠᠷ ᠲᠡᠭᠰᠢᠯᠡᠭᠦ ᠲᠠᠢ ᠤᠶᠠᠯᠳᠤᠭᠤᠯᠤᠨ ᠢᠯᠵᠠᠷᠠᠮᠠᠯ ᠰᠢᠭᠡᠭ ᠪᠤᠷᠳᠤᠭᠤᠷ ᠤᠷᠤᠭᠤᠯᠤᠨ᠎ᠠ᠃ ᠬᠤᠶᠠᠷ ᠲᠤ᠂ ᠡᠪᠡᠰᠤ ᠶᠢᠨ ᠤᠷᠭᠤᠯᠳᠠ ᠶᠢᠨ ᠬᠤᠭᠤᠴᠠᠭᠠᠨ ᠳᠤ ᠭᠤᠤᠯ ᠨᠢ ᠲᠦᠷᠭᠡᠨ ᠦᠢᠯᠡᠳᠦᠯᠳᠤ ᠭᠢᠮᠢ ᠶᠢᠨ ᠪᠤᠷᠳᠤᠭᠤᠷ ᠤᠷᠤᠭᠤᠯᠤᠨ᠎ᠠ᠃
① ᠰᠠᠭᠤᠷᠢ ᠪᠤᠷᠳᠤᠭᠤᠷ ᠤᠷᠤᠭᠤᠯᠬᠤ ᠳᠤ ᠤᠷᠭᠠᠨᠢᠭ ᠪᠤᠷᠳᠤᠭᠤᠷ ᠢᠶᠠᠷ ᠭᠤᠤᠯ ᠪᠤᠯᠭᠠᠵᠤ᠂ ᠶᠠᠷᠦᠩᠭᠡᠢ ᠳᠡᠭᠡᠨ ᠢᠯᠵᠠᠷᠠᠮᠠᠯ ᠪᠤᠷᠳᠤᠭᠤᠷ ᠤᠷᠤᠭᠤᠯᠬᠤ ᠪᠠ ᠭᠦᠨ ᠤᠷᠤᠭᠤᠯᠬᠤ᠂ ᠲᠠᠪᠬᠤᠷᠭ᠎ᠠ ᠬᠤᠪᠢᠶᠠᠨ ᠤᠷᠤᠭᠤᠯᠬᠤ ᠪᠤᠶᠤ ᠤᠯᠠᠨ ᠵᠦᠢᠯ ᠤᠨ ᠪᠤᠷᠳᠤᠭᠤᠷ ᠢ ᠬᠤᠯᠢᠵᠤ ᠤᠷᠤᠭᠤᠯᠤᠨ᠎ᠠ᠃ ᠰᠠᠭᠤᠷᠢ ᠪᠤᠷᠳᠤᠭᠤᠷ ᠢ ᠨᠠᠮᠤᠷ ᠤᠨ ᠬᠠᠭᠠᠯᠪᠤᠷᠢᠯᠠᠯᠳᠠ ᠲᠠᠢ ᠤᠶᠠᠯᠳᠤᠭᠤᠯᠤᠨ ᠤᠷᠤᠭᠤᠯᠪᠠᠯ ᠬᠠᠮᠤᠭ ᠤᠨ ᠰᠠᠶᠢᠨ ᠪᠦᠭᠡᠳ ᠬᠤᠷᠢᠶᠠᠯᠳᠠ ᠶᠢ ᠨᠡᠮᠡᠭᠳᠡᠭᠦᠯᠭᠦ ᠨᠢ ᠴᠤ ᠬᠠᠪᠤᠷ ᠤᠷᠤᠭᠤᠯᠬᠤ ᠠᠴᠠ ᠰᠠᠶᠢᠨ ᠪᠠᠶᠢᠳᠠᠭ᠃ ᠰᠠᠭᠤᠷᠢ ᠪᠤᠷᠳᠤᠭᠤᠷ ᠤᠷᠤᠭᠤᠯᠬᠤ ᠭᠡᠮᠵᠢᠶ᠎ᠠ ᠶᠢ ᠡᠪᠡᠰᠤᠨ ᠤ ᠲᠦᠷᠦᠯ ᠵᠦᠢᠯ᠂ ᠪᠤᠷᠳᠤᠭᠤᠷ ᠤᠨ ᠶᠠᠰᠤ ᠴᠢᠨᠠᠷ ᠤᠨ ᠰᠠᠶᠢᠨ ᠮᠠᠭᠤ ᠶᠢ ᠦᠨᠳᠦᠰᠦᠯᠡᠨ ᠲᠤᠠᠠᠳᠠᠭᠠᠨ᠎ᠠ᠃ ᠶᠠᠷᠦᠩᠭᠡᠢ ᠳᠡᠭᠡᠨ ᠮᠤ᠋ ᠪᠦᠷᠢ 1000~2000kg ᠪᠤᠷᠳᠤᠭᠤᠷ ᠤᠷᠤᠭᠤᠯᠤᠨ᠎ᠠ᠃
② ᠪᠤᠷᠳᠤᠭᠤᠷ ᠨᠡᠮᠡᠵᠤ ᠤᠷᠤᠭᠤᠯᠬᠤ᠄ ᠡᠨᠡ ᠪᠤᠯ ᠡᠪᠡᠰᠤᠨ ᠤ ᠤᠷᠭᠤᠯᠳᠠ ᠶᠢᠨ ᠬᠤᠭᠤᠴᠠᠭᠠᠨ ᠳᠤ ᠪᠤᠷᠳᠤᠭᠤᠷ ᠤᠷᠤᠭᠤᠯᠬᠤ ᠨᠢᠭᠡᠨ ᠵᠦᠢᠯ ᠤᠨ ᠭᠡᠯᠪᠡᠷᠢ ᠪᠤᠯᠤᠨ᠎ᠠ᠃ ᠭᠤᠤᠯ ᠨᠢ ᠲᠦᠷᠭᠡᠨ ᠦᠢᠯᠡᠳᠦᠯᠳᠤ ᠭᠢᠮᠢ ᠶᠢᠨ ᠪᠤᠷᠳᠤᠭᠤᠷ ᠢᠶᠠᠷ ᠭᠤᠤᠯ ᠪᠤᠯᠭᠠᠨ᠎ᠠ᠃ ᠪᠤᠷᠴᠠᠭ ᠤᠨ ᠢᠵᠠᠭᠤᠷ ᠤᠨ ᠡᠪᠡᠰᠤᠨ ᠳᠤ ᠰᠠᠯᠠᠭᠠᠯᠠᠬᠤ ᠪᠠ ᠴᠤᠮᠤᠷᠯᠢᠠᠠᠳᠤᠬᠤ ᠬᠤᠭᠤᠴᠠᠭ᠎ᠠ ᠵᠢᠴᠢ ᠤᠳᠠᠭ᠎ᠠ ᠪᠦᠷᠢ ᠬᠠᠳᠤᠠᠠᠰᠠᠨ ᠤ ᠰᠡᠭᠦᠯᠡᠷ ᠹᠤᠰᠹᠤᠷ ᠺᠠᠯᠢ ᠪᠠᠷ ᠭᠤᠤᠯ ᠪᠤᠯᠭᠠᠠᠠᠰᠠᠨ ᠪᠤᠷᠳᠤᠭᠤᠷ ᠨᠡᠮᠡᠵᠤ ᠤᠷᠤᠭᠤᠯᠤᠨ᠎ᠠ᠃ ᠮᠤ᠋ ᠪᠦᠷᠢ 2.5~5kg ᠤᠷᠤᠭᠤᠯᠤᠨ᠎ᠠ᠃ ᠴᠢᠭᠢᠯᠡᠭᠦ ᠦᠶ᠎ᠡ ᠳᠤᠨᠢ ᠪᠠᠰᠠ ᠵᠤᠭᠢᠬᠤ ᠭᠡᠮᠵᠢᠶᠠᠨ ᠤ ᠠᠽᠤᠲ ᠪᠤᠷᠳᠤᠭᠤᠷ ᠨᠡᠮᠡᠵᠤ ᠤᠷᠤᠭᠤᠯᠤᠨ᠎ᠠ᠃ ᠦᠶᠡᠳᠤ ᠤᠷᠭᠤᠮᠠᠯ ᠤᠨ ᠢᠵᠠᠭᠤᠷ ᠤᠨ ᠡᠪᠡᠰᠤᠨ ᠳᠤ ᠦᠶᠡᠳᠦᠭᠰᠡᠨ ᠠᠴᠠ ᠨᠢ ᠬᠤᠶᠢᠰᠢ ᠲᠦᠷᠦᠭᠦᠳᠤᠬᠦ ᠬᠤᠭᠤᠴᠠᠭ᠎ᠠ ᠵᠢᠴᠢ ᠤᠳᠠᠭ᠎ᠠ ᠪᠦᠷᠢ ᠬᠠᠳᠤᠠᠠᠰᠠᠨ ᠤ ᠰᠡᠭᠦᠯᠡᠷ᠂ ᠠᠽᠤᠲ ᠪᠤᠷᠳᠤᠭᠤᠷ ᠢᠶᠠᠷ ᠭᠤᠤᠯ ᠪᠤᠯᠭᠠᠵᠤ᠂ ᠮᠤ᠋ ᠪᠦᠷᠢ 2.5~6kg ᠤᠷᠤᠭᠤᠯᠤᠨ᠎ᠠ᠃ ᠬᠤᠯᠢᠮᠠᠭ ᠡᠪᠡᠰᠤᠨ ᠲᠠᠯᠠᠪᠠᠢ ᠳᠤ ᠪᠤᠯ ᠹᠤᠰᠹᠤᠷ ᠺᠠᠯᠢ ᠶᠢᠨ ᠪᠤᠷᠳᠤᠭᠤᠷ ᠢᠶᠠᠷ ᠭᠤᠤᠯ ᠪᠤᠯᠭᠠᠵᠤ᠂ ᠬᠤᠭᠤᠴᠠᠭ᠎ᠠ ᠬᠤᠪᠢᠶᠠᠵᠤ ᠤᠰᠤᠯᠠᠯᠳᠠ ᠲᠠᠢ ᠤᠶᠠᠯᠳᠤᠭᠤᠯᠤᠨ ᠤᠷᠤᠭᠤᠯᠪᠠᠯ ᠨᠡᠩ ᠰᠠᠶᠢᠨ ᠪᠠᠶᠢᠳᠠᠭ᠃
︵3︶ ᠤᠰᠤᠯᠠᠬᠤ᠄ ᠤᠰᠤᠯᠠᠯᠳᠠ ᠪᠤᠯ ᠡᠪᠡᠰᠤ ᠪᠤᠯᠤᠨ ᠪᠤᠷᠳᠤᠭᠠᠨ ᠤ ᠲᠠᠷᠢᠮᠠᠯ ᠤᠨ ᠤᠨᠠᠯᠳᠠ ᠶᠢ ᠨᠡᠮᠡᠭᠳᠡᠭᠦᠯᠭᠦ ᠴᠢᠬᠤᠯᠠ ᠠᠷᠭ᠎ᠠ ᠭᠡᠮᠵᠢᠶ᠎ᠠ ᠮᠦᠨ᠃ ᠲᠠᠷᠢᠮᠠᠯ ᠡᠪᠡᠰᠤᠨ ᠤ ᠤᠰᠤᠯᠠᠯᠳᠠ ᠨᠢ ᠡᠪᠡᠰᠤᠨ ᠤ ᠤᠨᠠᠯᠳᠠ ᠶᠢ 3~10 ᠲᠠᠭᠢᠨ ᠲᠡᠭᠡᠭᠰᠢᠯᠡᠭᠦᠯᠭᠦ ᠴᠢᠨ᠋ᠬᠠᠰᠢᠯᠠᠪᠠᠯ ᠡᠭᠦᠨ ᠠᠴᠠ ᠪᠠᠰᠠ ᠦᠨᠳᠤᠷ ᠪᠠᠶᠢᠳᠠᠭ᠃ ᠡᠶᠢᠮᠤ ᠠᠴᠠ ᠨᠦᠭᠦᠴᠡᠯ ᠲᠠᠢ ᠭᠠᠵᠠᠷ ᠤᠷᠤᠨ ᠳᠤ ᠲᠠᠷᠢᠮᠠᠯ ᠡᠪᠡᠰᠤ ᠪᠠᠨ ᠠᠯᠢ ᠴᠢᠳᠠᠬᠤ ᠪᠠᠷ ᠤᠰᠤᠯᠠᠬᠤ ᠭᠡᠷᠡᠭᠳᠡᠢ᠃ ᠲᠠᠷᠢᠮᠠᠯ ᠡᠪᠡᠰᠤᠨ ᠤ ᠤᠰᠤᠯᠬᠠᠤ ᠴᠠᠭ ᠢ ᠪᠤᠯ ᠡᠪᠡᠰᠤᠨ ᠤ ᠲᠦᠷᠦᠯ ᠵᠦᠢᠯ᠂ ᠤᠷᠭᠤᠯᠳᠠ ᠶᠢᠨ ᠬᠤᠭᠤᠴᠠᠭ᠎ᠠ ᠪᠤᠯᠤᠨ ᠠᠰᠢᠠᠠᠯᠠᠬᠤ ᠬᠠᠷᠠᠯᠳᠡ ᠨᠢ ᠠᠳᠠᠯᠢ ᠦᠭᠡᠢ ᠪᠠᠶᠢᠬᠤ ᠠᠴᠠ ᠪᠤᠯᠤᠭᠠᠳ ᠠᠳᠠᠯᠢ ᠦᠭᠡᠢ ᠲᠤᠠᠠᠳᠠᠭᠠᠨ᠎ᠠ᠃ ᠶᠠᠷᠦᠩᠭᠡᠢ ᠳᠡᠭᠡᠨ ᠪᠡᠯᠴᠢᠭᠡᠷ ᠪᠤᠶᠤ ᠬᠠᠳᠤᠯᠠᠩ ᠤᠨ ᠤᠯᠠᠨ ᠨᠠᠰᠤᠳᠤ ᠡᠪᠡᠰᠤ ᠶᠢ ᠪᠤᠯ ᠪᠦᠭᠦ ᠡᠪᠡᠰᠤ ᠨᠤᠭᠤᠭᠠᠷᠬᠠᠰᠠᠨ ᠤ ᠰᠡᠭᠦᠯᠡᠷ ᠨᠢᠭᠡ ᠤᠳᠠᠭ᠎ᠠ ᠤᠰᠤᠯᠠᠨ᠎ᠠ᠃ ᠦᠶᠡᠳᠤ ᠡᠪᠡᠰᠤ ᠶᠢ ᠪᠤᠯ ᠦᠶᠡᠳᠤᠭᠦ ᠠᠴᠠ ᠨᠢ ᠠᠪᠤᠭᠠᠳ ᠴᠡᠴᠡᠭᠯᠡᠭᠦ ᠦᠶ᠎ᠠ ᠴᠢᠨ᠋ᠬᠠᠰᠢᠯᠠᠪᠠᠯ ᠪᠤᠯᠪᠠᠰᠤᠷᠠᠯᠳᠡ ᠶᠢᠨ ᠡᠭᠢᠨ ᠤ ᠦᠶ᠎ᠠ᠂ ᠪᠤᠷᠴᠠᠭ ᠤᠨ ᠢᠵᠠᠭᠤᠷ ᠤᠨ ᠡᠪᠡᠰᠤ ᠶᠢ ᠪᠤᠯ ᠰᠠᠯᠠᠭᠠᠯᠠᠬᠤ ᠶᠢᠨ ᠰᠡᠭᠦᠯᠴᠢ ᠦᠶ᠎ᠠ ᠠᠴᠠ ᠴᠤᠮᠤᠷᠯᠢᠠᠠᠳᠤᠬᠤ ᠦᠶ᠎ᠠ ᠳᠤᠨᠢ 1~2 ᠤᠳᠠᠭ᠎ᠠ ᠤᠰᠤᠯᠠᠨ᠎ᠠ᠃ ᠤᠳᠠᠭ᠎ᠠ ᠪᠦᠷᠢ ᠬᠠᠳᠤᠠᠠᠰᠠᠨ ᠤ ᠰᠡᠭᠦᠯᠡᠷ ᠮᠦᠨ ᠭᠦ᠋ ᠨᠢᠭᠡ ᠤᠳᠠᠭ᠎ᠠ ᠤᠰᠤᠯᠠᠨ᠎ᠠ᠃
︵4︶ ᠭᠡᠮ ᠬᠤᠷᠤᠬᠠᠢ ᠶᠢᠨ ᠭᠦᠨᠦᠭᠡᠯ ᠢ ᠰᠡᠷᠭᠡᠶᠢᠯᠡᠨ ᠵᠠᠰᠠᠬᠤ᠄ ᠲᠠᠷᠢᠮᠠᠯ ᠪᠡᠯᠴᠢᠭᠡᠷ ᠤᠨ ᠲᠠᠷᠢᠬᠤ ᠡᠪᠡᠰᠤᠨ ᠤ ᠲᠦᠷᠦᠯ ᠨᠢ ᠮᠠᠰᠢ ᠤᠯᠠᠨ ᠪᠠᠶᠢᠳᠠᠭ ᠲᠤᠯᠠ ᠲᠡᠭᠦᠨ ᠤ ᠭᠡᠮ ᠬᠤᠷᠤᠬᠠᠢ ᠶᠢᠨ ᠭᠦᠨᠦᠭᠡᠯ ᠨᠢ ᠴᠤ ᠡᠯᠳᠡᠪ ᠶᠠᠩᠵᠤ ᠶᠢᠨ ᠪᠠᠶᠢᠳᠠᠭ᠃ ᠡᠷᠭᠡᠪᠰᠢ ᠭᠡᠮ ᠬᠤᠷᠤᠬᠠᠢ ᠶᠢᠨ ᠭᠦᠨᠦᠭᠡᠯ ᠤᠨ ᠡᠭᠦᠰᠦᠯᠳᠡ᠂ ᠭᠦᠭᠵᠢᠯ ᠤᠨ ᠵᠢᠮ᠎ᠠ ᠶᠤᠰᠤ ᠪᠤᠯᠤᠨ ᠭᠦᠨᠦᠭᠡᠭᠳᠡᠭᠦ ᠡᠳᠡᠭᠡᠳ ᠢ ᠪᠠᠳᠤ ᠡᠵᠡᠮᠰᠢᠵᠤ᠂ ᠲᠠᠷᠠᠭ᠎ᠠ ᠪᠠᠷ ᠨᠢ ᠭᠡᠮ ᠬᠤᠷᠤᠬᠠᠢ ᠳᠤᠨᠢ ᠲᠠᠭᠠᠷᠠᠭᠤᠯᠤᠨ ᠡᠮ ᠦᠭᠭᠦ ᠠᠷᠭ᠎ᠠ ᠪᠠᠷ ᠪᠦᠳᠦᠮᠵᠢᠳᠡᠢ ᠰᠡᠷᠭᠡᠶᠢᠯᠡᠨ ᠵᠠᠰᠠᠪᠠᠯ ᠵᠤᠭᠢᠨ᠎ᠠ᠃