︵ᠠᠷᠪᠠᠨ ᠨᠢᠭᠡ︶ ᠤᠷᠭᠤᠮᠠᠯ ᠤᠨ ᠬᠠᠮᠠᠭᠠᠯᠠᠯᠳᠠ ᠶᠢᠨ ᠮᠠᠰᠢᠠᠴᠢᠯᠠᠯᠳᠠ ᠶᠢᠨ ᠮᠡᠷᠭᠡᠵᠢᠯ
ᠨᠡᠶᠢᠲᠡᠯᠡᠭᠰᠡᠨ ᠴᠠᠭ᠄
2015/11/13

       1. 2009 ᠤᠨ ᠳᠤ ᠲᠠᠷᠢᠶᠠᠯᠠᠩ ᠤᠨ ᠶᠠᠮᠤᠨ ᠠᠴᠠ ᠲᠡᠯᠭᠡᠷᠡᠭᠦᠯᠭᠦ ᠪᠠᠷ ᠲᠤᠠᠠᠳ᠋ᠬᠠᠰᠠᠨ ᠤᠷᠭᠤᠮᠠᠯ ᠤᠨ ᠬᠠᠮᠠᠭᠠᠯᠠᠯᠳᠠ ᠶᠢᠨ ᠮᠠᠰᠢᠠᠴᠢᠯᠠᠯᠳᠡ ᠶᠢᠨ ᠮᠡᠷᠭᠡᠵᠢᠯ ᠳᠤ ᠶᠠᠮᠠᠷ ᠠᠭᠤᠯᠭ᠎ᠠ ᠪᠠᠭᠳᠠᠵᠤ ᠪᠠᠶᠢᠬᠤ ᠪᠤᠢ︖

      2009 ᠤᠨ ᠳᠤ ᠲᠠᠷᠢᠶᠠᠯᠠᠩ ᠤᠨ ᠶᠠᠮᠤᠨ ᠠᠴᠠ ᠭᠤᠤᠯ ᠲᠠᠨᠢᠯᠴᠠᠭᠤᠯᠤᠠᠠᠰᠠᠨ ᠤᠷᠭᠤᠮᠠᠯ ᠤᠨ ᠮᠠᠰᠢᠠᠴᠢᠯᠬᠠᠰᠠᠨ ᠬᠠᠮᠠᠭᠠᠯᠠᠯᠳᠡ ᠶᠢᠨ ᠮᠡᠷᠭᠡᠵᠢᠯ ᠳᠤ ᠲᠤᠤᠷᠠᠭᠢ ᠮᠡᠳᠤ ᠲᠠᠪᠤᠨ ᠠᠭᠤᠯᠭ᠎ᠠ ᠪᠠᠭᠳᠠᠨ᠎ᠠ᠃ ︵1︶ ᠰᠢᠯᠵᠢᠭᠦᠯᠭᠦ ᠳᠤ ᠲᠦᠬᠦᠮ ᠪᠦᠭᠦᠢ ᠠᠮᠢᠳᠡᠨ ᠤ ᠭᠢᠵᠢᠭ ᠰᠡᠷᠭᠡᠶᠢᠯᠡᠯᠳᠡ ᠶᠢᠨ ᠠᠦ᠋ᠲ᠋ᠤ᠋ ᠡᠵᠡᠮᠰᠢᠯ ᠤᠨ ᠠᠷᠢᠭᠤᠳᠬᠠᠬᠤ ᠮᠠᠰᠢᠨ ᠤ ᠭᠡᠷᠡᠭᠯᠡᠯᠳᠡ ︵2︶ ᠦᠨᠳᠤᠷ ᠪᠦᠳᠦᠮᠵᠢᠳᠡᠢ ᠠᠯᠤᠰ ᠠᠴᠠ ᠵᠢᠭᠳᠡ ᠮᠠᠨᠠᠠᠳᠤᠭᠤᠯᠤᠨ ᠰᠦᠷᠴᠢᠭᠦ ᠮᠠᠰᠢᠨ ᠪᠠᠭᠠᠵᠢ ᠶᠢᠨ ᠭᠡᠷᠡᠭᠯᠡᠯᠳᠡ ︵3︶  ᠪᠠᠶᠢᠡᠭᠭᠤ ᠶᠢᠨ ᠲᠤᠯᠠᠭᠠᠨ ᠤ ᠤᠳᠤᠭ᠎ᠠ ᠮᠠᠨᠠᠨ ᠤ ᠮᠠᠰᠢᠨ ᠤ ᠭᠡᠷᠡᠭᠯᠡᠯᠳᠡ ︵4︶ ᠤᠷᠭᠤᠮᠠᠯ ᠤᠨ ᠬᠠᠮᠠᠭᠠᠯᠠᠯᠳᠡ ᠶᠢ ᠮᠠᠰᠢᠠᠴᠢᠯᠠᠬᠤ ᠮᠡᠷᠭᠡᠵᠢᠯ  ︵5︶  ᠵᠢᠮᠢᠰ ᠤᠨ ᠭᠦᠷᠢᠶᠠᠯᠡᠩ ᠤᠨ ᠤᠷᠭᠤᠮᠠᠯ ᠤᠨ ᠬᠠᠮᠠᠭᠠᠯᠠᠯᠳᠡ ᠶᠢᠨ ᠰᠢᠨ᠎ᠠ ᠭᠡᠯᠪᠡᠷᠢ ᠶᠢᠨ ᠮᠠᠰᠢᠨ ᠢ ᠰᠢᠨᠡᠳᠭᠡᠭᠦ ᠪᠡ ᠲᠦᠭᠦᠷᠴᠢᠯᠡᠭᠦ ᠮᠡᠷᠭᠡᠵᠢᠯ ᠵᠡᠷᠭᠡ ᠪᠤᠢ᠃

      2. ᠰᠢᠯᠵᠢᠭᠦᠯᠭᠦ ᠳᠤ ᠲᠦᠭᠦᠮ ᠪᠦᠭᠦᠢ ᠠᠮᠢᠳᠡᠨ ᠤ ᠭᠢᠵᠢᠭ ᠰᠡᠷᠭᠡᠶᠢᠯᠡᠯᠳᠡ ᠶᠢᠨ ᠠᠦ᠋ᠲ᠋ᠤ᠋
ᠡᠵᠡᠮᠰᠢᠯ ᠤᠨ ᠠᠷᠢᠭᠤᠳᠬᠠᠯ ᠤᠨ ᠮᠠᠰᠢᠨ ᠢ ᠶᠠᠭᠠᠭᠢᠨ ᠭᠡᠷᠡᠭᠯᠡᠭᠦ ᠪᠤᠢ︖

     ᠰᠢᠯᠵᠢᠭᠦᠯᠭᠦ ᠳᠤ ᠲᠦᠭᠦᠮ ᠪᠦᠭᠦᠢ ᠠᠮᠢᠳᠡᠨ ᠤ ᠭᠢᠵᠢᠭ ᠰᠡᠷᠭᠡᠶᠢᠯᠡᠯᠳᠡ ᠶᠢᠨ ᠠᠦ᠋ᠲ᠋ᠤ᠋ ᠡᠵᠡᠮᠰᠢᠯ ᠤᠨ ᠠᠷᠢᠭᠤᠳᠬᠠᠯ ᠤᠨ ᠮᠠᠰᠢᠨ ᠤ ᠡᠨᠡ ᠬᠦ ᠮᠡᠷᠭᠡᠵᠢᠯ ᠤᠨ ᠦᠷ᠎ᠠ ᠪᠦᠳᠦᠭᠡᠯ ᠪᠤᠯ ᠠᠷᠢᠭᠤᠳᠬᠠᠯ ᠤᠨ ᠡᠮ ᠢ ᠮᠠᠨᠠᠠᠳᠤᠭᠤᠯᠤᠨ ᠮᠠᠰᠢ ᠰᠠᠶᠢᠨ ᠨᠠᠯᠤᠩᠭᠡᠢ ᠴᠢᠨᠠᠷ ᠪᠦᠭᠦᠢ ᠪᠢᠴᠢᠯ ᠮᠠᠨᠠᠨ ᠲᠤᠰᠤᠯ ᠪᠤᠯᠭᠠᠨ᠂ ᠮᠠᠨᠠᠨ ᠲᠤᠰᠤᠯ ᠤᠨ ᠳ᠋ᠢᠶᠠᠮᠧᠲᠷ ᠨᠢ 60μm ᠪᠠᠶᠢᠵᠤ᠂ ᠭᠡᠢ ᠠᠭᠠᠷ ᠢ ᠠᠷᠢᠭᠤᠳᠬᠠᠬᠤ᠂ ᠭᠡᠮ ᠭᠢᠵᠢᠭ ᠢ ᠰᠡᠷᠭᠡᠶᠢᠯᠡᠭᠦ᠂ ᠤᠷᠴᠢᠨ ᠲᠤᠭᠤᠷᠢᠨ ᠢ ᠡᠵᠡᠮᠳᠡᠭᠦ ᠦᠨᠳᠤᠷ ᠪᠦᠳᠦᠮᠵᠢᠳᠤ ᠭᠡᠷᠡᠭᠯᠡᠭᠡᠨ ᠤ ᠮᠡᠷᠭᠡᠵᠢᠯ ᠤᠨ ᠲᠤᠨᠤᠠᠠᠯᠠᠯ ᠢ ᠰᠤᠳᠤᠯᠤᠨ ᠡᠭᠦᠳᠦᠭᠰᠡᠨ ᠶᠠᠪᠤᠳᠠᠯ ᠪᠤᠯᠤᠨ᠎ᠠ᠃ ᠲᠠᠷᠠ ᠨᠢ ᠲᠤᠤᠷ᠎ᠠ ᠭᠡᠮᠵᠢᠶᠠᠨ ᠤ ᠮᠠᠨᠠᠠᠳᠤᠭᠤᠯᠬᠤ ᠮᠡᠷᠭᠡᠵᠢᠯ᠂ ᠭᠡᠢ ᠶᠢᠨ ᠭᠦᠴᠤᠨ ᠢ ᠲᠤᠰᠠᠯᠠᠨ ᠮᠠᠨᠠᠠᠳᠤᠭᠤᠯᠤᠨ ᠰᠦᠷᠴᠢᠭᠦ ᠮᠡᠷᠭᠡᠵᠢᠯ᠂ ᠠᠦ᠋ᠲ᠋ᠤ᠋ ᠡᠵᠡᠮᠰᠢᠯ ᠤᠨ ᠮᠡᠷᠭᠡᠵᠢᠯ ᠢᠶᠠᠷ ᠭᠤᠤᠯ ᠪᠤᠯᠭᠠᠵᠤ᠂ ᠲᠤᠮᠳᠠ ᠲᠤᠤᠷ᠎ᠠ ᠲᠠᠷᠤᠯᠳᠠ ᠶᠢᠨ ᠮᠠᠨᠠᠠᠳᠤᠭᠤᠯᠬᠤ ᠮᠠᠰᠢᠨ᠂ ᠸᠠᠭᠠᠷ ᠲᠤᠭᠤᠰᠬᠠᠨ ᠪᠠᠭᠠᠨᠠᠡᠴᠢᠷ ᠭᠦᠭᠡᠷᠭᠡ᠂ ᠲᠠᠭᠤᠨ ᠪᠠᠭ᠎ᠠ ᠲᠠᠢ ᠦᠯᠢᠶᠡᠭᠦᠷ ᠮᠠᠰᠢᠨ᠂ ᠨᠠᠷᠢᠨ ᠱᠦᠭᠦᠯᠳᠡ ᠶᠢᠨ ᠲᠤᠨᠤᠠᠠᠯᠠᠯ ᠵᠡᠷᠭᠡ ᠭᠤᠤᠯ ᠭᠤᠤᠯ ᠰᠡᠯᠪᠢᠭ ᠲᠤᠨᠤᠭ ᠢᠶᠠᠷ ᠪᠦᠷᠢᠯᠳᠦᠳᠡᠭ᠃

      ᠰᠢᠯᠵᠢᠭᠦᠯᠭᠦ ᠳᠤ ᠲᠦᠭᠦᠮ ᠭᠡᠯᠪᠡᠷᠢ ᠪᠦᠭᠦᠢ ᠠᠮᠢᠳᠡᠨ ᠤ ᠭᠢᠵᠢᠭ ᠢ ᠰᠡᠷᠭᠡᠶᠢᠯᠡᠭᠦ ᠠᠦ᠋ᠲ᠋ᠤ᠋ ᠡᠵᠡᠮᠰᠢᠯ ᠤᠨ ᠠᠷᠢᠭᠤᠳᠬᠠᠯ ᠮᠠᠰᠢᠨ ᠤ ᠮᠡᠷᠭᠡᠵᠢᠯ ᠤᠨ ᠦᠢᠯᠡᠴᠢᠯᠡᠭᠡ ᠨᠢ ᠭᠡᠪᠡᠯ᠄

       ︵1︶ ᠰᠠᠭᠠᠯᠢ ᠶᠢᠨ ᠦᠨᠢᠶᠠᠨ ᠲᠠᠯᠠᠪᠠᠢ ᠶᠢᠨ ᠶᠠᠷᠤᠳᠡ ᠶᠢᠨ ᠭᠡᠷᠡᠭᠯᠡᠳᠡᠭ ᠠᠷᠢᠭᠤᠳᠬᠠᠬᠤ ᠮᠡᠷᠭᠡᠵᠢᠯ ᠲᠠᠢ ᠬᠠᠷᠢᠴᠠᠭᠤᠯᠪᠠᠯ᠂ ᠭᠦᠮᠦᠨ ᠤ ᠭᠦᠴᠤ ᠶᠢ 70% ᠠᠴᠠ ᠲᠡᠭᠡᠭᠰᠢ ᠠᠷᠪᠢᠯᠠᠵᠤ᠂ ᠠᠷᠢᠭᠤᠳᠬᠠᠯ ᠤᠨ ᠡᠮ ᠢ 50% ᠠᠴᠠ ᠲᠡᠭᠡᠭᠰᠢ ᠭᠠᠮᠨᠠᠵᠤ᠂ ᠠᠳᠠᠯᠢ ᠬᠤᠭᠤᠴᠠᠭᠠᠨ ᠤ ᠰᠦᠨ ᠭᠠᠷᠤᠯᠳᠠ ᠲᠠᠢ ᠨᠢ ᠬᠠᠷᠢᠴᠠᠭᠤᠯᠪᠠᠯ 30% ᠪᠠᠷ ᠨᠡᠮᠡᠭᠳᠡᠭᠦᠯᠵᠤ᠂ ᠤᠷᠤᠯᠭ᠎ᠠ ᠶᠢ ᠨᠢ 20% ᠪᠠᠷ ᠨᠡᠮᠡᠭᠳᠡᠭᠦᠯᠳᠡᠭ᠃

        ︵2︶ ᠵᠤᠨ ᠤ ᠤᠯᠠᠷᠢᠯ ᠳᠤ ᠭᠠᠭ᠋ᠠᠢ ᠶᠢᠨ ᠲᠠᠯᠠᠪᠠᠢ ᠳᠤ ᠭᠡᠷᠡᠭᠯᠡᠪᠡᠯ ᠠᠷᠢᠭᠤᠳᠬᠠᠬᠤ ᠪᠦᠳᠦᠮᠵᠢ ᠨᠢ ᠨᠡᠩ ᠶᠡᠭᠡ ᠪᠠᠶᠢᠵᠤ᠂ ᠦᠷ᠎ᠠ ᠶᠢᠨ ᠭᠠᠭ᠋ᠠᠢ ᠶᠢᠨ ᠢᠳᠡᠰᠢ ᠶᠢ ᠨᠡᠮᠡᠭᠳᠡᠭᠦᠯᠵᠤ᠂ ᠲᠤᠷᠤᠢ ᠶᠢᠨ ᠪᠡᠶ᠎ᠠ ᠶᠢᠨ ᠭᠦᠨᠳᠤ ᠶᠢ ᠪᠦᠳᠦᠮᠵᠢᠳᠡᠢ ᠪᠠᠷ ᠪᠠᠳᠤᠯᠠᠵᠤ᠂ ᠭᠠᠭ᠋ᠠᠢ ᠶᠢᠨ ᠭᠡᠮ ᠭᠢᠵᠢᠭ ᠤᠨ ᠡᠭᠦᠰᠦᠯᠳᠡ ᠶᠢᠨ ᠨᠤᠷᠮ᠎ᠠ ᠶᠢ ᠪᠠᠭᠤᠷᠠᠭᠤᠯᠤᠨ᠎ᠠ᠃

       ︵3︶ ᠲᠠᠭᠢᠶᠠᠨ ᠤ ᠡᠭᠦᠷ ᠲᠤ ᠭᠡᠷᠡᠭᠯᠡᠪᠡᠯ ᠲᠠᠭᠢᠶᠠᠨ ᠡᠭᠦᠷ ᠤᠨ ᠤᠷᠴᠢᠨ ᠢᠯᠡᠳᠳᠡ ᠰᠠᠶᠢᠵᠢᠷᠠᠵᠤ᠂ ᠭᠡᠮᠳᠦᠭᠦ ᠪᠠ ᠦᠭᠦᠭᠦ ᠨᠤᠷᠮ᠎ᠠ ᠪᠠᠭᠤᠷᠠᠵᠤ᠂ ᠦᠨᠳᠡᠭᠡᠯᠡᠭᠦ ᠨᠢ ᠡᠭᠦᠨ ᠢ ᠭᠡᠷᠡᠭᠯᠡᠭᠦ ᠠᠴᠠ ᠡᠮᠦᠨᠡᠭᠢ ᠶᠢ ᠪᠤᠳᠤᠪᠠᠯ 3% ᠠᠴᠠ ᠲᠡᠭᠡᠭᠰᠢ ᠲᠡᠭᠡᠭᠰᠢᠯᠡᠨ᠎ᠠ᠃

        3. ᠠᠦ᠋ᠲ᠋ᠤ᠋ ᠡᠵᠡᠮᠰᠢᠯ ᠤᠨ ᠠᠷᠢᠭᠤᠳᠬᠠᠯ ᠤᠨ ᠮᠠᠰᠢᠨ ᠤ ᠮᠡᠷᠭᠡᠵᠢᠯ ᠨᠢ ᠴᠦᠮ ᠶᠠᠮᠠᠷ ᠭᠤᠤᠯᠳᠠᠯᠭ᠎ᠠ ᠲᠠᠢ ᠪᠤᠢ︖

      ᠰᠢᠯᠵᠢᠭᠦᠯᠭᠦ ᠳᠤ ᠲᠦᠭᠦᠮ ᠭᠡᠯᠪᠡᠷᠢ ᠪᠦᠭᠦᠢ ᠠᠮᠢᠳᠡᠨ ᠤ ᠭᠢᠵᠢᠭ ᠰᠡᠷᠭᠡᠶᠢᠯᠡᠭᠦ ᠠᠦ᠋ᠲ᠋ᠤ᠋ ᠡᠵᠡᠮᠰᠢᠯ ᠤᠨ ᠠᠷᠢᠭᠤᠳᠬᠠᠯ ᠤᠨ ᠮᠠᠰᠢᠨ ᠤ ᠮᠡᠷᠭᠡᠵᠢᠯ ᠤᠨ ᠭᠤᠤᠯᠳᠠᠯᠭ᠎ᠠ ᠨᠢ ᠲᠤᠤᠷᠠᠭᠢ ᠮᠡᠳᠤ ᠭᠡᠳᠦᠨ ᠲᠠᠯ᠎ᠠ ᠪᠠᠶᠢᠨ᠎ᠠ᠃

       ︵1︶ ᠭᠤᠤᠯᠯᠠᠬᠤ ᠮᠡᠷᠭᠡᠵᠢᠯ᠄ ᠡᠭᠦᠨ ᠳᠤ ᠲᠤᠤᠷ᠎ᠠ ᠭᠡᠮᠵᠢᠶ᠎ᠠ ᠪᠠᠷ ᠮᠠᠨᠠᠠᠳᠤᠭᠤᠯᠬᠤ ᠮᠡᠷᠭᠡᠵᠢᠯ᠂ ᠭᠡᠢ ᠶᠢᠨ ᠭᠦᠴᠤᠨ ᠢ ᠲᠤᠰᠠᠯᠠᠨ ᠮᠠᠨᠠᠠᠳᠤᠭᠤᠯᠤᠨ ᠰᠦᠷᠴᠢᠭᠦ ᠮᠡᠷᠭᠡᠵᠢᠯ᠂ ᠠᠦ᠋ᠲ᠋ᠤ᠋ ᠡᠵᠡᠮᠰᠢᠯ ᠤᠨ ᠮᠡᠷᠭᠡᠵᠢᠯ ᠪᠠᠭᠳᠠᠨ᠎ᠠ᠃

        ︵2︶ ᠮᠡᠷᠭᠡᠵᠢᠯ ᠤᠨ ᠰᠢᠰᠲ᠋ᠧᠮ᠄ ᠡᠭᠦᠨ ᠳᠤ ᠭᠡᠢ ᠶᠢᠨ ᠭᠦᠴᠤᠨ ᠢ ᠲᠤᠰᠠᠯᠠᠬᠤ ᠰᠢᠰᠲ᠋ᠧᠮ᠂ ᠰᠢᠩᠭᠡᠨ ᠭᠦᠴᠤᠨ ᠤ ᠠᠷᠢᠭᠤᠳᠬᠠᠬᠤ ᠰᠢᠰᠲ᠋ᠧᠮ᠂ ᠠᠦ᠋ᠲ᠋ᠤ᠋ ᠡᠵᠡᠮᠰᠢᠯ ᠤᠨ ᠰᠢᠰᠲ᠋ᠧᠮ᠂ ᠴᠠᠭᠢᠯᠭᠠᠨ ᠢᠶᠠᠷ ᠭᠦᠳᠡᠯᠭᠡᠭᠦ ᠰᠢᠰᠲ᠋ᠧᠮ ᠪᠠᠭᠳᠠᠨ᠎ᠠ᠃

       ︵3︶ ᠮᠡᠷᠭᠡᠵᠢᠯ ᠤᠨ ᠪᠦᠷᠢᠳᠦᠯ ᠭᠢᠭᠡᠳ ᠮᠡᠷᠭᠡᠵᠢᠯ ᠤᠨ ᠤᠠᠠᠰᠠᠷᠠᠭᠤᠯᠤᠯ ᠤᠨ ᠲᠠᠯ᠎ᠠ ᠪᠠᠷ ᠰᠢᠯᠵᠢᠭᠦᠯᠭᠦ ᠳᠤ ᠲᠦᠭᠦᠮ ᠭᠡᠯᠪᠡᠷᠢ ᠪᠦᠭᠦᠢ ᠠᠮᠢᠳᠡᠨ ᠤ ᠭᠢᠵᠢᠭ ᠢ ᠰᠡᠷᠭᠡᠶᠢᠯᠡᠭᠦ ᠠᠦ᠋ᠲ᠋ᠤ᠋ ᠡᠵᠡᠮᠰᠢᠯ ᠤᠨ ᠠᠷᠢᠭᠤᠳᠬᠠᠬᠤ ᠮᠠᠰᠢᠨ ᠤ ᠮᠡᠷᠭᠡᠵᠢᠯ ᠤᠨ ᠤᠠᠠᠰᠠᠷᠠᠯᠳᠠ ᠶᠢᠨ ᠵᠢᠷᠤᠭ ᠢ ᠲᠠᠭᠠᠯᠳᠤᠭᠤᠯᠤᠠᠠᠰᠠᠨ ᠪᠠᠶᠢᠳᠠᠭ᠃

       ᠭᠡᠷᠡᠭᠯᠡᠭᠦ ᠳᠡᠭᠡᠨ ᠲᠤᠤᠷᠠᠭᠢ ᠭᠡᠳᠦᠨ ᠵᠦᠢᠯ ᠢ ᠠᠩᠬᠠᠷᠬᠤ ᠭᠡᠷᠡᠭᠳᠡᠢ᠄

       ︵1︶ ᠭᠦᠭᠡᠷᠭᠡ ᠶᠢᠨ ᠲᠤᠳᠤᠷᠠᠭᠢ ᠮᠠᠰᠢᠨ ᠤ ᠲᠤᠰᠤ ᠶᠢ ᠲᠤᠠᠠᠳᠠᠮᠠᠯ ᠬᠤᠭᠤᠴᠠᠭ᠎ᠠ ᠲᠠᠢ ᠪᠠᠶᠢᠴᠠᠭᠠᠵᠤ ᠦᠵᠡᠨ᠎ᠠ᠃ ︵2︶ ᠰᠦᠷᠴᠢᠭᠦᠷ ᠤᠨ ᠴᠤᠷᠭᠤ ᠶᠢ ᠲᠤᠠᠠᠳᠠᠮᠠᠯ ᠬᠤᠭᠤᠴᠠᠭ᠎ᠠ ᠲᠠᠢ ᠪᠠᠷ ᠪᠠᠶᠢᠴᠠᠭᠠᠨ᠎ᠠ᠃ ᠭᠡᠷᠪᠡ ᠪᠦᠭᠯᠡᠷᠡᠭᠰᠡᠨ ᠪᠠᠶᠢᠪᠠᠯ ᠴᠤᠷᠭᠤ ᠶᠢᠨ ᠨᠦᠭᠡ ᠶᠢ ᠬᠠᠳᠠᠭᠤ ᠶᠠᠭᠤᠮ᠎ᠠ ᠪᠠᠷ ᠬᠠᠳᠬᠤᠵᠤ ᠴᠢᠴᠢᠵᠤ ᠪᠤᠯᠬᠤ ᠦᠭᠡᠢ᠂ ᠡᠪᠳᠡᠷᠡᠭᠦ ᠠᠴᠠ ᠰᠡᠷᠭᠡᠶᠢᠯᠡᠭᠦ ᠭᠡᠷᠡᠭᠳᠡᠢ᠃ ︵3︶ ᠰᠦᠷᠴᠢᠭᠦ ᠠᠵᠢᠯ ᠲᠠᠭᠤᠰᠤᠠᠠᠰᠠᠨ ᠤ ᠰᠡᠭᠦᠯᠡᠷ ᠬᠠᠶᠢᠷᠴᠠᠭ ᠢᠶᠠᠨ ᠴᠠᠭ ᠲᠤᠬᠠᠢ ᠳᠤᠨᠢ ᠤᠭᠢᠶᠠᠨ ᠴᠠᠪᠡᠷᠯᠡᠨ᠎ᠡ᠃ ︵4︶ ᠭᠡᠷᠡᠭᠯᠡᠭᠦ ᠦᠶ᠎ᠠ ᠳᠡᠭᠡᠨ ᠴᠠᠭᠢᠯᠭᠠᠨ ᠪᠠᠭᠠᠵᠢ ᠶᠢᠨ ᠠᠶᠤᠯ ᠦᠬᠡᠢ ᠶᠢ ᠠᠩᠬᠠᠷᠤᠨ᠎ᠠ᠃ ︵5︶ ᠰᠢᠰᠲ᠋ᠧᠮ ᠢ ᠨᠢ ᠲᠤᠳᠤᠷᠬᠠᠶᠢᠯᠠᠯᠳᠠ ᠶᠢᠨ ᠪᠢᠴᠢᠭ ᠲᠠᠬᠢ ᠲᠠᠰ ᠲᠠᠷᠠᠭᠠᠯᠠᠯ ᠢᠶᠠᠷ ᠠᠵᠢᠯᠯᠠᠭᠤᠯᠪᠠᠯ ᠵᠤᠭᠢᠨ᠎ᠠ᠃

      4. ᠨᠠᠯᠤᠭᠡᠷ ᠭᠡᠮᠵᠢᠶ᠎ᠠ ᠪᠠᠷ ᠠᠯᠤᠰ ᠠᠴᠠ ᠮᠠᠨᠠᠠᠳᠤᠭᠤᠯᠤᠨ ᠰᠦᠷᠴᠢᠭᠦ ᠦᠨᠳᠤᠷ ᠪᠦᠳᠦᠮᠵᠢᠳᠤ ᠮᠠᠰᠢᠨ ᠢ ᠶᠠᠭᠠᠭᠢᠵᠤ ᠭᠡᠷᠡᠭᠯᠡᠵᠤ ᠪᠠᠶᠢᠬᠤ ᠪᠤᠢ︖

      ᠦᠨᠳᠤᠷ ᠪᠦᠳᠦᠮᠵᠢᠳᠤ ᠨᠡᠯᠦᠭᠡᠷ ᠭᠡᠮᠵᠢᠶ᠎ᠠ ᠪᠠᠷ ᠠᠯᠤᠰ ᠠᠴᠠ ᠮᠠᠨᠠᠠᠳᠤᠭᠤᠯᠤᠨ ᠰᠦᠷᠴᠢᠭᠦ ᠮᠠᠰᠢᠨ ᠢ ᠭᠡᠷᠡᠭᠯᠡᠵᠤ ᠲᠡᠯᠭᠡᠷᠡᠭᠦᠯᠭᠦ ᠪᠠᠶᠢᠳᠠᠯ ᠵᠢᠯ ᠲᠠᠷᠠᠭᠠᠯᠠᠨ ᠨᠡᠮᠡᠭᠳᠡᠵᠤ᠂ ᠤᠳᠤ ᠨᠢᠭᠡᠨᠳᠡ ᠪᠦᠬᠦ ᠤᠯᠤᠰ ᠤᠨ ᠶᠡᠭᠡᠨᠭᠭᠢ ᠮᠤᠵᠢ ᠬᠤᠳᠠ᠂ ᠦᠪᠡᠷᠳᠡᠭᠡᠨ ᠵᠠᠰᠠᠬᠤ ᠤᠷᠤᠨ ᠳᠤ ᠲᠡᠯᠭᠡᠷᠡᠵᠤ᠂ ᠲᠠᠷᠢᠮᠠᠯ ᠳᠤ ᠭᠡᠷᠡᠭᠯᠡᠭᠦ ᠠᠴᠠ ᠭᠠᠳᠠᠨ᠎ᠠ ᠪᠠᠰᠠ ᠵᠢᠮᠢᠰ᠂ ᠴᠠᠢ ᠶᠢᠨ ᠮᠤᠳᠤ᠂ ᠲᠤᠮᠤ ᠶᠡᠭᠡ ᠤᠢ ᠮᠤᠳᠤ᠂ ᠴᠡᠴᠡᠷᠯᠢᠭ ᠤᠢ᠂ ᠬᠤᠳᠠ ᠶᠢᠨ ᠡᠷᠡᠭᠦᠯ ᠬᠠᠮᠠᠭᠠᠯᠠᠯ᠂ ᠭᠢᠵᠢᠭ ᠰᠡᠷᠭᠡᠶᠢᠯᠡᠯᠳᠡ᠂ ᠲᠤᠭᠤᠰᠤ ᠠᠷᠢᠯᠭᠠᠬᠤ ᠵᠡᠷᠭᠡ ᠭᠦᠷᠢᠶ᠎ᠠ ᠭᠡᠪᠴᠢᠶᠠᠨ ᠳᠤ ᠴᠦᠮ ᠦᠷᠭᠡᠨ ᠢᠶᠠᠷ ᠭᠡᠷᠡᠭᠯᠡᠭᠳᠡᠵᠤ ᠪᠠᠶᠢᠨ᠎ᠠ᠃ 2007 ᠤᠨ ᠠᠴᠠ ᠡᠭᠢᠯᠡᠨ ᠲᠠᠮᠨᠠᠭᠤᠷ ᠤᠨ ᠭᠡᠯᠪᠡᠷᠢ ᠪᠦᠭᠦᠢ ᠦᠨᠳᠤᠷ ᠪᠦᠳᠤᠮᠵᠢᠳᠤ ᠨᠠᠯᠦᠭᠡᠷ ᠭᠡᠮᠵᠢᠶ᠎ᠠ ᠪᠠᠷ ᠠᠯᠤᠰ ᠠᠴᠠ ᠮᠠᠨᠠᠠᠳᠤᠭᠤᠯᠤᠨ ᠰᠦᠷᠴᠢᠭᠦ ᠮᠠᠰᠢᠨ ᠢ ᠤᠯᠤᠰ ᠤᠨ ᠨᠦᠭᠦᠪᠤᠷᠢᠳᠤ ᠮᠠᠰᠢᠨ ᠤ ᠬᠤᠳᠠᠯᠳᠤᠭ᠎ᠠ ᠶᠢᠨ ᠭᠠᠷᠴᠠᠭ ᠲᠤ ᠵᠢᠠᠠᠰᠠᠭᠠᠠᠠᠰᠠᠨ ᠤ ᠬᠠᠮᠳᠤ ᠲᠠᠷᠢᠶᠠᠯᠠᠩ ᠤᠨ ᠶᠠᠮᠤᠨ ᠤ ᠲᠠᠷᠢᠮᠠᠯ ᠤᠨ ᠦᠢᠯᠡᠰ ᠤᠨ ᠵᠤᠷᠭᠠᠨ᠂ ᠪᠦᠭᠦ ᠤᠯᠤᠰ ᠤᠨ ᠲᠠᠷᠢᠶᠠᠯᠠᠩ ᠤᠨ ᠮᠡᠷᠭᠡᠵᠢᠯ ᠲᠡᠯᠭᠡᠷᠡᠭᠦᠯᠭᠦ ᠦᠢᠯᠡᠴᠢᠯᠡᠭᠡᠨ ᠤ ᠲᠦᠪ ᠵᠡᠷᠭᠡ ᠨᠢ ᠭᠤᠤᠯᠳᠠᠯᠭ᠎ᠠ ᠲᠠᠢ ᠲᠡᠯᠭᠡᠷᠡᠭᠦᠯᠭᠦ ᠲᠦᠯᠦᠪᠯᠡᠭᠡ ᠳᠤ ᠤᠷᠤᠭᠤᠯᠤᠠᠠᠰᠠᠨ ᠪᠠᠶᠢᠨ᠎ᠠ᠃

      5. ᠮᠠᠨᠠᠠᠳᠤᠭᠤᠯᠤᠨ ᠰᠦᠷᠴᠢᠭᠦ ᠮᠠᠰᠢᠨ ᠨᠢ ᠶᠠᠮᠠᠷ ᠮᠡᠷᠭᠡᠵᠢᠯ ᠤᠨ ᠭᠤᠤᠯᠳᠠᠯᠭ᠎ᠠ ᠲᠠᠢ ᠪᠤᠢ︖

      ᠦᠨᠳᠤᠷ ᠪᠦᠳᠦᠮᠵᠢᠳᠡᠢ ᠨᠠᠯᠤᠭᠡᠷ ᠭᠡᠮᠵᠢᠶ᠎ᠠ ᠪᠠᠷ ᠠᠯᠤᠰ ᠠᠴᠠ ᠮᠠᠨᠠᠠᠳᠤᠭᠤᠯᠤᠨ ᠰᠦᠷᠴᠢᠭᠦ ᠮᠠᠰᠢᠨ ᠢ ᠭᠡᠷᠡᠭᠯᠡᠭᠦ ᠳᠤ ᠲᠤᠤᠷᠠᠭᠢ ᠭᠡᠳᠦᠨ ᠮᠡᠷᠭᠡᠵᠢᠯ ᠤᠨ ᠵᠠᠩᠭᠢᠯᠠᠭ᠎ᠠ ᠶᠢ ᠡᠵᠡᠮᠰᠢᠭᠦ ᠴᠢᠬᠤᠯᠠ ᠲᠠᠢ᠃

      ︵1︶ ᠦᠨᠳᠤᠷ ᠬᠤᠷᠳᠤᠴᠠᠳᠤ ᠸᠠᠭᠠᠷᠤᠨ ᠪᠠᠭᠠᠨᠠᠠᠴᠢᠷ ᠭᠦᠭᠡᠷᠭᠡ ᠶᠢᠨ ᠮᠡᠷᠭᠡᠵᠢᠯ᠄ ᠠᠵᠢᠯ ᠤᠨ ᠡᠷᠭᠢᠯᠳᠡ ᠶᠢᠨ ᠬᠤᠷᠳᠤᠴᠠ ᠨᠢ ᠤᠤᠯ ᠤᠨ ᠮᠢᠨᠦ᠋ᠲ ᠪᠦᠷᠢ 800 ᠡᠷᠭᠢᠯᠳᠡ ᠪᠠᠶᠢᠠᠠᠰᠠᠨ ᠠᠴᠠ ᠪᠠᠨ ᠮᠢᠨᠦ᠋ᠲ ᠪᠦᠷᠢ 1400 ᠡᠷᠭᠢᠯᠳᠡ ᠪᠤᠯᠤᠨ ᠲᠡᠭᠡᠭᠰᠢᠯᠡᠵᠤ᠂ ᠤᠷᠤᠰᠬᠠᠯ ᠤᠨ ᠭᠡᠮᠵᠢᠶ᠎ᠠ ᠨᠢ 40% ᠠᠴᠠ ᠲᠡᠭᠡᠭᠰᠢ ᠨᠡᠮᠡᠭᠳᠡᠵᠡᠢ᠃ ᠠᠳᠠᠯᠢ ᠲᠡᠭᠰᠢ ᠲᠠᠷᠤᠯᠳᠠ ᠪᠤᠯᠤᠨ ᠤᠷᠤᠰᠬᠠᠯ ᠤᠨ ᠭᠡᠮᠵᠢᠶᠠᠨ ᠤ ᠨᠦᠭᠦᠴᠡᠯ ᠲᠤᠤᠷ᠎ᠠ᠂ ᠲᠤᠰ ᠮᠠᠰᠢᠨ ᠤ ᠭᠦᠨᠳᠤ ᠨᠢ 30% ᠠᠴᠠ ᠲᠡᠭᠡᠭᠰᠢ ᠭᠦᠡᠭᠭᠡᠷᠡᠭᠦ ᠪᠤᠯᠤᠨ᠎ᠠ᠃

      ︵2︶ ᠨᠡᠯᠦᠭᠡᠷ ᠭᠡᠮᠵᠢᠶ᠎ᠠ ᠶᠢᠨ ᠠᠯᠤᠰ ᠬᠠᠷᠪᠤᠯᠳᠠ ᠶᠢᠨ ᠰᠦᠷᠴᠢᠭᠦᠷ ᠫᠤᠤ ᠶᠢᠨ ᠮᠡᠷᠭᠡᠵᠢᠯ᠄ ᠨᠡᠯᠦᠭᠡᠷ ᠭᠡᠮᠵᠢᠶ᠎ᠠ ᠪᠠᠷ ᠠᠯᠤᠰ ᠠᠴᠠ ᠬᠠᠷᠪᠤᠨ ᠰᠦᠷᠴᠢᠭᠦ ᠫᠤᠤ ᠨᠢ ᠤᠯᠠᠨ ᠲᠤᠯᠤᠭᠠᠶᠢᠳᠤ ᠨᠡᠶᠢᠯᠡᠯ᠂ ᠲᠤᠭᠤᠷᠢᠭ ᠭᠡᠯᠪᠡᠷᠢ ᠶᠢᠨ ᠨᠡᠶᠢᠯᠡᠯ᠂ ᠤᠷᠳᠤ ᠡᠰᠢᠳᠤ ᠭᠡᠯᠪᠡᠷᠢ ᠶᠢᠨ ᠨᠡᠶᠢᠯᠡᠯ ᠢᠶᠠᠷ ᠪᠦᠷᠢᠯᠳᠦᠵᠤ᠂ ᠲᠠᠷᠤᠯᠳᠠ ᠨᠢ ᠦᠨᠳᠤᠷ᠂ ᠬᠠᠷᠪᠤᠯᠳᠠ ᠨᠢ ᠬᠤᠯᠠ᠂ ᠬᠠᠷᠪᠤᠯᠳᠡ ᠶᠢᠨ ᠮᠠᠨᠠᠨ ᠤ ᠲᠠᠷᠬᠠᠯᠳᠠ ᠨᠢ ᠵᠢᠭᠳᠡ ᠵᠡᠷᠭᠡ ᠤᠨᠴᠠᠯᠢᠭ ᠲᠠᠢ ᠪᠠᠶᠢᠳᠠᠭ᠃ ᠭᠤᠷᠪᠡᠨ ᠨᠡᠶᠢᠯᠡᠯ ᠤᠨ ᠰᠦᠷᠴᠢᠭᠦᠷ ᠫᠤᠤ ᠨᠢ ᠴᠦᠮ ᠤᠯᠤᠰ ᠤᠨ ᠭᠡᠷᠡᠭᠯᠡᠭᠡᠨ ᠤ ᠰᠢᠨ᠎ᠠ ᠭᠡᠯᠪᠡᠷᠢ ᠶᠢᠨ ᠲᠤᠰᠬᠠᠢ ᠠᠰᠢᠭ ᠢ ᠭᠦᠷᠳᠡᠭᠰᠡᠨ ᠪᠠᠶᠢᠨ᠎ᠠ᠃

      ︵3︶ ᠦᠨᠳᠤᠷ ᠲᠠᠷᠤᠯᠳᠠᠳᠤ ᠨᠡᠯᠦᠭᠡᠷ ᠭᠡᠮᠵᠢᠶᠠᠨ ᠤ ᠵᠢᠭᠳᠡ ᠮᠠᠨᠠᠨ ᠢ ᠨᠡᠪᠳᠡᠯᠦᠨ ᠰᠦᠷᠴᠢᠭᠦ ᠮᠡᠷᠭᠡᠵᠢᠯ᠄ ᠦᠨᠳᠤᠷ ᠲᠠᠷᠤᠯᠳᠠᠳᠤ ᠮᠠᠨᠠᠨ ᠰᠦᠷᠴᠢᠭᠦ᠂ ᠮᠠᠨᠠᠨ ᠤᠷᠤᠰᠬᠠᠯ ᠢ ᠵᠢᠭᠳᠡᠷᠡᠭᠦᠯᠭᠦ ᠵᠢᠴᠢ ᠨᠡᠯᠦᠭᠡᠷ ᠭᠡᠮᠵᠢᠶ᠎ᠠ ᠪᠠᠷ ᠰᠦᠷᠴᠢᠭᠦ ᠴᠢᠳᠠᠪᠤᠷᠢ ᠲᠠᠢ ᠪᠠᠶᠢᠵᠤ᠂ ᠲᠤᠳᠤᠷᠭ᠎ᠠ ᠶᠢᠨ ᠢᠷᠤᠭᠠᠷ ᠲᠤ ᠡᠮ ᠤᠨ ᠲᠤᠨᠤᠯᠳᠠ ᠶᠢᠨ ᠵᠠᠭᠤᠨ ᠤ ᠬᠠᠷᠢᠴᠠᠯ ᠨᠢ ᠤᠯᠠᠮᠵᠢᠯᠡᠯᠳᠤ ᠮᠠᠰᠢᠨ ᠪᠠᠭᠠᠵᠢ ᠶᠢᠨ 5%~10% ᠪᠠᠶᠢᠠᠠᠰᠠᠨ ᠠᠴᠠ ᠨᠢ 30% ᠠᠴᠠ ᠲᠡᠭᠡᠭᠰᠢ ᠲᠡᠭᠡᠭᠰᠢᠯᠡᠵᠤ᠂ ᠲᠤᠳᠤᠷᠭ᠎ᠠ ᠶᠢᠨ ᠲᠤᠮᠳᠠ ᠲᠤᠤᠷ᠎ᠠ ᠭᠡᠰᠡᠭ ᠤᠨ ᠭᠡᠮ ᠬᠤᠷᠤᠬᠠᠢ ᠶᠢᠨ ᠭᠦᠨᠦᠭᠡᠯ ᠢ ᠰᠡᠷᠭᠡᠶᠢᠯᠡᠭᠦ ᠦᠷ᠎ᠡ ᠪᠦᠳᠦᠮᠵᠢ ᠨᠢ 92% ᠠᠴᠠ ᠲᠡᠭᠡᠭᠰᠢ ᠳᠤ ᠭᠦᠷᠴᠤ᠂ ᠲᠠᠷᠢᠶᠠᠨ ᠡᠮ ᠠᠰᠢᠠᠠᠯᠠᠬᠤ ᠨᠤᠷᠮ᠎ᠠ ᠨᠢ 40% ᠤᠷᠴᠢᠮ ᠲᠡᠭᠡᠭᠰᠢᠯᠡᠵᠤ᠂ ᠤᠰᠤᠨ ᠡᠮ ᠢ 30% ᠪᠠᠷ ᠠᠷᠪᠢᠯᠠᠵᠤ᠂ ᠭᠦᠮᠦᠨ ᠪᠦᠷᠢ ᠶᠢᠨ ᠲᠤᠮᠳᠡᠴᠢ ᠠᠵᠢᠯᠯᠠᠬᠤ ᠨᠤᠷᠮ᠎ᠠ ᠶᠢ 10 ᠲᠠᠭᠢᠨ ᠠᠴᠠ ᠲᠡᠭᠡᠭᠰᠢ ᠲᠡᠭᠡᠭᠰᠢᠯᠡᠭᠦᠯᠦᠨ᠎ᠠ᠃

      ︵4︶ ᠤᠷᠢᠶᠠᠮᠤᠭ ᠭᠤᠤᠷᠰᠤ ᠶᠢᠨ ᠲᠤᠨᠤᠠᠠᠯᠠᠯ᠂ ᠡᠮ ᠬᠤᠯᠢᠬᠤ ᠲᠤᠨᠤᠠᠠᠯᠠᠯ ᠪᠤᠯᠤᠨ ᠭᠦᠡᠭᠭᠡᠨ ᠭᠡᠯᠪᠡᠷᠢᠳᠤ ᠭᠦᠳᠡᠯᠭᠡᠭᠦ ᠮᠠᠰᠢᠨ ᠵᠡᠷᠭᠡ ᠮᠡᠷᠭᠡᠵᠢᠯ᠄ ᠤᠯᠤᠰ ᠤᠨ ᠲᠤᠳᠤᠭᠠᠳᠤ ᠳᠤ ᠠᠩᠬ᠎ᠠ ᠤᠳᠠᠭ᠎ᠠ ᠭᠠᠷ ᠭᠦᠳᠡᠯᠭᠡᠭᠦᠷᠳᠤ ᠪᠤᠶᠤ ᠮᠠᠰᠢᠨ ᠭᠦᠳᠡᠯᠭᠡᠭᠦᠷᠳᠤ ᠤᠷᠢᠶᠠᠮᠤᠭ ᠭᠤᠤᠷᠰᠤ ᠶᠢᠨ ᠲᠤᠨᠤᠠᠠᠯᠠᠯ᠂ ᠡᠮ ᠬᠤᠯᠢᠬᠤ ᠲᠤᠨᠤᠠᠠᠯᠠᠯ ᠪᠤᠯᠤᠨ ᠭᠦᠡᠭᠭᠡᠨ ᠭᠡᠯᠪᠡᠷᠢᠳᠤ ᠭᠦᠳᠡᠯᠭᠡᠭᠦ ᠮᠠᠰᠢᠨ ᠢ ᠪᠦᠭᠦ ᠰᠢᠷᠢᠰ ᠢᠶᠠᠷ ᠨᠢ ᠤᠠᠠᠰᠠᠷᠬᠠᠰᠠᠨ ᠠᠴᠠ ᠪᠦᠭᠦᠯᠢ ᠮᠠᠰᠢᠨ ᠤ ᠤᠠᠠᠰᠠᠷᠠᠯ ᠨᠢ ᠵᠤᠭᠢᠰᠳᠡᠢ᠂ ᠭᠦᠨᠳᠤ ᠶᠢᠨ ᠭᠡᠮᠵᠢᠶ᠎ᠠ ᠨᠢ ᠶᠡᠭᠡ ᠬᠠᠰᠤᠠᠠᠳᠠᠵᠤ᠂ ᠲᠠᠷᠢᠶᠠᠨ ᠳᠤ ᠰᠢᠯᠵᠢᠭᠦᠯᠭᠦ ᠪᠠ ᠠᠵᠢᠯᠯᠠᠬᠤ ᠳᠤ ᠠᠮᠢᠳᠤᠯᠢᠭ ᠪᠤᠯᠵᠤ᠂ ᠠᠵᠢᠯᠯᠠᠬᠤ ᠨᠠᠶᠢᠳᠠᠪᠤᠷᠢᠳᠤ ᠴᠢᠨᠠᠷ ᠢ ᠶᠡᠭᠡᠳᠡ ᠲᠡᠭᠡᠭᠰᠢᠯᠡᠭᠦᠯᠵᠤ᠂ ᠲᠤᠬᠠᠢ ᠶᠢᠨ ᠭᠠᠵᠠᠷ ᠲᠠᠭᠠᠨ ᠡᠮ ᠰᠤᠷᠤᠵᠤ᠂ ᠡᠮ ᠬᠤᠯᠢᠵᠤ ᠴᠢᠳᠠᠬᠤ ᠪᠤᠯᠵᠤ᠂ ᠭᠦᠳᠡᠯᠮᠤᠷᠢ ᠶᠢᠨ ᠡᠷᠴᠢᠮ ᠪᠠ ᠭᠦᠳᠡᠯᠮᠤᠷᠢ ᠭᠦᠴᠤ ᠶᠢ ᠪᠦᠳᠦᠮᠵᠢᠳᠡᠢ ᠪᠠᠷ ᠭᠦᠡᠭᠭᠡᠷᠡᠭᠦᠯᠵᠤ᠂ ᠠᠵᠢᠯᠯᠠᠬᠤ ᠭᠦᠮᠦᠰ ᠲᠠᠷᠢᠶᠠᠨ ᠡᠮ ᠳᠤ ᠬᠤᠤᠷᠳ᠋ᠬᠠᠳᠠᠬᠤ ᠭᠡᠷᠡᠭ ᠭᠠᠷᠬᠤ ᠠᠴᠠ ᠰᠡᠷᠭᠡᠶᠢᠯᠡᠵᠤ ᠴᠢᠳᠠᠵᠠᠢ᠃

      ︵5︶ ᠠᠶᠤᠯ ᠦᠬᠡᠢ ᠦᠨᠳᠤᠷ ᠪᠦᠳᠦᠮᠵᠢᠳᠡᠢ ᠲᠠᠷᠢᠶᠠᠨ ᠳᠤ ᠪᠠᠭᠤᠬᠤ ᠦᠭᠡᠢ ᠠᠵᠢᠯᠯᠠᠬᠤ ᠮᠡᠷᠭᠡᠵᠢᠯ᠄ ᠤᠤᠯ ᠤᠨ ᠲᠠᠷᠢᠶᠠᠨ ᠳᠤ ᠠᠵᠢᠯᠯᠠᠬᠤ ᠠᠷᠭ᠎ᠠ ᠭᠡᠯᠪᠡᠷᠢ ᠶᠢ ᠦᠨᠳᠤᠰᠤᠨ ᠠᠴᠠ ᠨᠢ ᠦᠭᠡᠷᠡᠴᠢᠯᠡᠵᠤ᠂ ᠤᠤᠯ ᠤᠨ ᠲᠠᠭᠢᠨ ᠲᠠᠪᠳᠡᠨ ᠰᠠᠴᠤᠵᠤ ᠤᠰᠤᠯᠠᠬᠤ ᠶᠠᠪᠤᠳᠠᠯ ᠢ ᠰᠦᠷᠴᠢᠭᠦᠷ ᠫᠤᠤ ᠪᠠᠷ ᠵᠢᠭᠳᠡ ᠲᠦᠷᠭᠡᠨ ᠰᠦᠷᠴᠢᠭᠦ ᠠᠵᠢᠯ ᠪᠤᠯᠭᠠᠵᠤ᠂ ᠠᠵᠢᠯᠯᠠᠬᠤ ᠨᠤᠷᠮ᠎ᠠ ᠶᠢ ᠲᠡᠭᠡᠭᠰᠢᠯᠡᠭᠦᠯᠵᠤ᠂ ᠰᠢᠷᠢᠰ ᠮᠠᠰᠢᠨ ᠤ ᠠᠵᠢᠯᠯᠠᠬᠤ ᠦᠷ᠎ᠠ ᠪᠦᠳᠦᠮᠵᠢ ᠨᠢ ᠴᠠᠭ ᠪᠦᠷᠢ 20 ᠮᠤ᠋ ᠠᠴᠠ ᠲᠡᠭᠡᠭᠰᠢ ᠪᠤᠯᠵᠤ᠂ ᠭᠦᠮᠦᠨ ᠪᠦᠷᠢ ᠶᠢᠨ ᠲᠤᠮᠳᠠᠴᠢ  ᠠᠵᠢᠯᠯᠠᠬᠤ ᠦᠷ᠎ᠠ ᠪᠦᠳᠦᠮᠵᠢ ᠶᠢ 10 ᠲᠠᠭᠢᠨ ᠠᠴᠠ ᠲᠡᠭᠡᠭᠰᠢ ᠲᠡᠭᠡᠭᠰᠢᠯᠡᠭᠦᠯᠵᠡᠢ᠃

      ᠦᠨᠳᠤᠷ ᠪᠦᠳᠦᠮᠵᠢᠳᠤ ᠨᠠᠯᠦᠭᠡᠷ ᠭᠡᠮᠵᠢᠶ᠎ᠠ ᠪᠠᠷ ᠠᠯᠤᠰ ᠠᠴᠠ ᠮᠠᠨᠠᠠᠳᠤᠭᠤᠯᠤᠨ ᠰᠦᠷᠴᠢᠭᠦ ᠮᠠᠰᠢᠨ ᠢ ᠭᠡᠷᠡᠭᠯᠡᠭᠦ ᠳᠡᠭᠡᠨ ᠲᠤᠤᠷᠠᠭᠢ ᠭᠡᠳᠦᠨ ᠲᠠᠯ᠎ᠠ ᠶᠢ ᠠᠩᠬᠠᠷᠤᠨ᠎ᠠ ᠤᠤ︕

       ︵1︶ ᠠᠵᠢᠯᠯᠬᠠᠰᠠᠳ ᠡᠷᠭᠡᠪᠰᠢ ᠠᠮᠠᠪᠴᠢ ᠵᠡᠭᠦᠵᠤ᠂ ᠠᠵᠢᠯ ᠤᠨ ᠬᠤᠪᠴᠠᠰᠤ ᠪᠠ ᠭᠤᠳᠤᠯ ᠡᠮᠦᠰᠴᠤ᠂ ᠭᠤᠮ ᠪᠡᠭᠡᠯᠡᠢ ᠵᠡᠭᠦᠵᠤ᠂ ᠪᠡᠶ᠎ᠠ ᠶᠢᠨ ᠠᠮᠤᠷ ᠲᠦᠪᠰᠢᠨ ᠢ ᠪᠠᠳᠤᠯᠠᠨ᠎ᠠ᠃

      ︵2︶ ᠠᠵᠢᠯᠯᠠᠵᠤ ᠪᠠᠶᠢᠬᠤ ᠦᠶ᠎ᠠ ᠳᠡᠭᠡᠨ ᠲᠡᠮᠡᠭᠢ ᠲᠠᠳᠠᠵᠤ ᠢᠳᠡᠭᠡᠨ ᠢᠳᠡᠵᠤ ᠪᠤᠯᠬᠤ ᠦᠭᠡᠢ᠂ ᠬᠤᠤᠷᠳ᠋ᠬᠠᠳᠠᠬᠤ ᠠᠴᠠ ᠰᠡᠷᠭᠡᠶᠢᠯᠡᠨ᠎ᠠ᠃

      ︵3︶ ᠠᠵᠢᠯᠯᠠᠬᠤ ᠦᠶ᠎ᠠ ᠳᠡᠭᠡᠨ ᠰᠠᠯᠭᠢ ᠲᠠᠭᠠᠭᠤᠯᠤᠨ ᠰᠦᠷᠴᠢᠭᠦ ᠶᠢ ᠠᠩᠬᠠᠷᠬᠤ ᠭᠡᠷᠡᠭᠳᠡᠢ᠃

      ︵4︶ ᠰᠦᠷᠴᠢᠭᠦᠷ ᠫᠤᠤ ᠪᠠᠷ ᠡᠮ ᠰᠦᠷᠴᠢᠭᠦ ᠳᠡᠭᠡᠨ ᠲᠠᠷᠢᠮᠠᠯ ᠢ ᠰᠢᠭᠤᠳ ᠤᠨᠢᠯᠠᠨ ᠰᠦᠷᠴᠢᠵᠤ ᠪᠤᠯᠬᠤ ᠦᠭᠡᠢ᠂ ᠦᠨᠳᠤᠷ ᠮᠤᠳᠤ ᠦᠭᠡᠳᠡ ᠰᠦᠷᠴᠢᠭᠦ ᠳᠡᠭᠡᠨ ᠠᠵᠢᠯᠯᠠᠬᠤ ᠭᠦᠮᠦᠰ ᠨᠢ ᠮᠤᠳᠤᠨ ᠤ ᠰᠢᠭᠦᠷᠯᠢᠭ ᠠᠴᠠ ᠭᠠᠳᠠᠨ᠎ᠠ ᠵᠤᠠᠠᠰᠤᠵᠤ ᠵᠢᠰᠢᠭᠦᠤ ᠰᠦᠷᠴᠢᠭᠦ ᠭᠡᠷᠡᠭᠳᠡᠢ᠃

      ︵5︶ ᠲᠠᠷᠢᠶᠠᠨ ᠡᠮ ᠰᠤᠯᠢᠬᠤ ᠪᠠ ᠰᠦᠷᠴᠢᠵᠤ ᠲᠠᠭᠤᠰᠤᠠᠠᠰᠠᠨ ᠤ ᠰᠡᠭᠦᠯᠡᠷ ᠭᠤᠤᠷᠰᠤ ᠪᠠᠨ ᠲᠠᠷᠠ ᠲᠤᠤᠷ᠎ᠠ ᠨᠢ ᠤᠭᠢᠶᠠᠨ ᠴᠡᠪᠡᠷᠯᠡᠵᠤ᠂ ᠡᠮ ᠤᠨ ᠬᠤᠤᠷᠳᠠᠯ ᠡᠭᠦᠰᠭᠦ ᠠᠴᠠ ᠰᠡᠷᠭᠡᠶᠢᠯᠡᠭᠦ ᠭᠡᠷᠡᠭᠳᠡᠢ᠃

      6. ᠲᠤᠠᠠᠳᠠᠮᠠᠯ ᠲᠤᠯᠠᠭᠠᠨ ᠤ ᠤᠳᠤᠭ᠎ᠠ ᠮᠠᠨᠠᠨ ᠤ ᠮᠠᠰᠢᠨ ᠤ ᠮᠡᠷᠭᠡᠵᠢᠯ ᠨᠢ ᠶᠠᠮᠠᠷ ᠮᠡᠷᠭᠡᠵᠢᠯ ᠤᠨ ᠭᠤᠤᠯᠳᠠᠯᠭ᠎ᠠ ᠲᠠᠢ ᠪᠤᠢ︖
      ᠲᠤᠠᠠᠳᠠᠮᠠᠯ ᠲᠤᠯᠠᠭᠠᠨ ᠤ ᠤᠳᠤᠭ᠎ᠠ ᠮᠠᠨᠠᠨ ᠤ ᠮᠠᠰᠢᠨ ᠢ ᠭᠡᠷᠡᠭᠯᠡᠭᠦ ᠳᠡᠭᠡᠨ ᠲᠤᠤᠷᠠᠭᠢ ᠭᠡᠳᠦᠨ ᠲᠠᠯ᠎ᠠ ᠶᠢᠨ ᠮᠡᠷᠭᠡᠵᠢᠯ ᠤᠨ ᠭᠤᠤᠯᠳᠠᠯᠭ᠎ᠠ ᠶᠢ ᠡᠵᠡᠮᠰᠢᠭᠡᠷᠡᠢ᠃

      ︵1︶ ᠭᠤᠤᠯᠯᠠᠬᠤ ᠮᠡᠷᠭᠡᠵᠢᠯ ᠪᠤᠯ ᠭᠡᠢ ᠰᠢᠩᠭᠡᠨ ᠤ ᠬᠤᠶᠠᠷ ᠹᠠᠰ ᠤᠨ ᠭᠦᠶᠦᠳᠡᠯ ᠤᠨ ᠮᠡᠷᠭᠡᠵᠢᠯ ᠪᠤᠯᠤᠨ᠎ᠠ᠃

      ︵2︶ ᠮᠡᠷᠭᠡᠵᠢᠯ ᠤᠨ ᠰᠢᠰᠲ᠋ᠧᠮ ᠳᠤ ᠭᠡᠢ ᠰᠢᠩᠭᠡᠨ ᠤ ᠬᠤᠶᠠᠷ ᠹᠠᠰ ᠤᠨ ᠭᠦᠶᠦᠳᠡᠯ ᠤᠨ ᠮᠡᠷᠭᠡᠵᠢᠯ᠂ ᠪᠦᠯᠢᠬᠦᠷ ᠤᠨ ᠭᠡᠯᠪᠡᠷᠢᠳᠤ ᠠᠭᠠᠷ ᠠᠪᠴᠢᠭᠤᠯᠬᠤ ᠮᠠᠰᠢᠨ ᠤ ᠮᠡᠷᠭᠡᠵᠢᠯ᠂ ᠭᠡᠢ ᠤᠷᠤᠰᠬᠠᠯ ᠪᠤᠷᠭᠢᠬᠤ ᠭᠡᠯᠪᠡᠷᠢᠳᠤ ᠡᠮ ᠵᠢᠭᠤᠷᠠᠬᠤ ᠮᠡᠷᠭᠡᠵᠢᠯ ᠪᠤᠯᠤᠨ ᠲᠡᠭᠰᠢᠭᠡᠨ ᠨᠡᠪᠳᠡᠷᠡᠭᠦ ᠭᠡᠯᠪᠡᠷᠢᠳᠤ ᠲᠠᠷᠭᠡᠨ ᠵᠢᠶᠠᠰᠠᠨ ᠳᠤ ᠭᠡᠢ ᠬᠠᠳᠠᠭᠠᠯᠠᠬᠤ ᠮᠡᠷᠭᠡᠵᠢᠯ ᠪᠠᠭᠳᠠᠨ᠎ᠠ᠃

       ᠲᠤᠠᠠᠳᠠᠮᠠᠯ ᠲᠤᠯᠠᠭᠠᠨ ᠤ ᠤᠳᠤᠭ᠎ᠠ ᠮᠠᠨᠠᠨ ᠤ ᠮᠠᠰᠢᠨ ᠢ ᠭᠡᠷᠡᠭᠯᠡᠭᠦ ᠳᠡᠭᠡᠨ ᠲᠤᠤᠷᠠᠭᠢ ᠵᠦᠢᠯ ᠤᠳ ᠢ ᠠᠩᠬᠠᠷᠤᠭᠠᠷᠠᠢ᠃

       ︵1︶ 20W ᠤᠨ ᠴᠠᠭᠢᠯᠭᠠᠨ ᠡᠭᠦᠰᠭᠡᠪᠤᠷᠢ ᠶᠢᠨ ᠶᠠᠷᠦᠩᠭᠡᠢ ᠵᠠᠯᠭᠠᠭᠠᠰᠤ ᠨᠢ ᠠᠶᠤᠯ ᠦᠬᠡᠢ ᠨᠠᠶᠢᠳᠡᠪᠤᠷᠢᠳᠡᠢ ᠪᠠᠶᠢᠵᠤ᠂ ᠠᠶᠤᠯ ᠦᠬᠡᠢ ᠪᠠᠷ ᠭᠠᠵᠠᠷ ᠲᠤ ᠵᠠᠯᠭᠠᠬᠤ ᠭᠡᠷᠡᠭᠳᠡᠢ᠃

       ︵2︶ ᠮᠠᠰᠢᠨ ᠢᠶᠠᠨ ᠨᠡᠭᠡᠭᠡᠵᠤ ᠠᠵᠢᠯᠯᠠᠬᠤ ᠦᠶ᠎ᠠ ᠳᠤ ᠤᠷᠢᠳ ᠢᠶᠠᠷ

      ᠴᠠᠭᠢᠯᠭᠠᠨ ᠵᠢᠭᠤᠳᠠᠬᠤ ᠨᠡᠭᠡᠭᠡᠯᠭᠡ ᠪᠠᠨ ᠲᠠᠷᠤᠵᠤ᠂ ᠲᠠᠭᠢᠨ ᠰᠡᠩᠰᠡᠳᠤ ᠤᠷᠤᠰᠬᠠᠯ ᠤᠨ ᠦᠯᠢᠶᠡᠭᠦᠷ ᠮᠠᠰᠢᠨ ᠤ ᠨᠡᠭᠡᠭᠡᠯᠭᠡ ᠪᠠᠨ ᠲᠠᠷᠤᠵᠤ᠂ 3~5 ᠮᠢᠨᠦ᠋ᠲ ᠤᠨ ᠲᠠᠷᠠᠭ᠎ᠠ ᠲᠠᠭᠢᠨ ᠭᠡᠢ ᠲᠠᠷᠤᠯᠳᠠ ᠶᠢᠨ ᠮᠠᠰᠢᠨ ᠤ ᠨᠡᠭᠡᠬᠡᠯᠬᠡ ᠪᠠᠨ ᠲᠠᠷᠤᠨ᠎ᠠ᠃
      ᠵᠢᠭᠤᠳᠠᠬᠤ ᠨᠡᠭᠡᠬᠡᠯᠬᠡ ᠪᠠᠨ ᠤᠷᠢᠳ ᠢᠶᠠᠷ ᠨᠡᠭᠡᠭᠡᠭᠦ ᠶᠢᠨ ᠲᠠᠭᠠᠤ ᠲᠠᠷᠢᠶᠠᠨ ᠡᠮ ᠤᠨ ᠨᠠᠭᠠᠯᠳᠤᠴᠠ ᠶᠢ ᠦᠨᠳᠤᠰᠦᠯᠡᠨ ᠨᠡᠭᠡᠭᠡᠭᠦ ᠭᠡᠮᠵᠢᠶ᠎ᠠ ᠪᠠᠨ ᠲᠤᠭᠢᠷᠠᠭᠤᠯᠬᠤ ᠭᠡᠷᠡᠭᠳᠡᠢ᠃ ᠮᠠᠰᠢᠨ ᠢᠶᠠᠨ ᠬᠠᠭᠠᠬᠤ ᠳᠤ ᠤᠷᠢᠳ ᠢᠶᠠᠷ ᠭᠡᠢ ᠲᠠᠷᠤᠯᠳᠠ ᠶᠢᠨ ᠮᠠᠰᠢᠨ ᠢᠶᠠᠨ ᠬᠠᠭᠠᠵᠤ᠂ 5 ᠮᠢᠨᠦ᠋ᠲ ᠤᠨ ᠲᠠᠷᠠᠭ᠎ᠠ ᠲᠠᠭᠢᠨ ᠰᠡᠩᠰᠡᠳᠤ ᠤᠷᠤᠰᠬᠠᠯ ᠤᠨ ᠦᠯᠢᠶᠡᠭᠦᠷ ᠮᠠᠰᠢᠨ ᠢᠶᠠᠨ ᠬᠠᠭᠠᠵᠤ᠂ ᠬᠠᠮᠤᠭ ᠰᠡᠭᠦᠯ ᠳᠤᠨᠢ ᠴᠠᠭᠢᠯᠭᠠᠨ ᠵᠢᠭᠤᠳᠠᠬᠤ ᠨᠡᠭᠡᠬᠡᠯᠬᠡ ᠪᠠᠨ ᠬᠠᠭᠠᠨ᠎ᠠ᠃

       ︵3︶ ᠠᠵᠢᠯᠯᠠᠵᠤ ᠪᠠᠷᠬᠠᠰᠠᠨ ᠤ ᠪᠠᠨ ᠰᠡᠭᠦᠯᠡᠷ ᠰᠦᠷᠴᠢᠭᠦᠷ ᠤᠨ ᠴᠤᠷᠭᠤ ᠶᠢ ᠤᠭᠢᠶᠠᠨ ᠴᠡᠪᠡᠷᠯᠡᠵᠤ᠂ ᠭᠡᠢ ᠲᠠᠷᠤᠯᠳᠠ ᠶᠢᠨ ᠭᠤᠤᠷᠰᠤ ᠳᠠᠬᠢ ᠬᠤᠷᠠᠮᠠᠯ ᠤᠰᠤ ᠶᠢ ᠵᠠᠯᠠᠵᠤ ᠭᠠᠷᠭᠠᠨ᠂ ᠦᠯᠡᠳᠠᠪᠤᠷᠢ ᠰᠢᠩᠭᠡᠨ ᠢ ᠠᠰᠬᠠᠵᠤ᠂ ᠡᠮ ᠤᠨ ᠬᠠᠶᠢᠷᠴᠠᠭ ᠪᠤᠯᠤᠨ ᠱᠦᠭᠦᠯᠳᠡ ᠶᠢᠨ ᠲᠤᠤᠷ ᠢᠶᠠᠨ ᠤᠭᠢᠶᠠᠨ ᠴᠡᠪᠡᠷᠯᠡᠭᠦ ᠶᠢᠨ ᠲᠠᠭᠠᠤ ᠮᠠᠰᠢᠨ ᠪᠠᠭᠠᠵᠢ ᠶᠢᠨ ᠦᠡᠭᠭᠡᠨ ᠲᠠᠯ᠎ᠠ ᠳᠠᠬᠢ ᠡᠮ ᠤᠨ ᠤᠷᠤᠮ ᠢ ᠠᠷᠴᠢᠨ ᠴᠡᠪᠡᠷᠯᠡᠵᠤ᠂ ᠴᠠᠭᠢᠯᠭᠠᠨ ᠮᠠᠰᠢᠨ ᠳᠤ ᠤᠰᠤ ᠤᠷᠤᠬᠤ ᠠᠴᠠ ᠰᠡᠷᠭᠡᠶᠢᠯᠡᠭᠡᠷᠡᠢ᠃

     ᠲᠤᠠᠠᠳᠠᠮᠠᠯ ᠲᠤᠯᠠᠭᠠᠨ ᠤ ᠤᠳᠤᠭ᠎ᠠ ᠮᠠᠨᠠᠨ ᠤ ᠮᠠᠰᠢᠨ ᠢ ᠲᠠᠷᠢᠶᠠᠯᠠᠩ ᠤᠨ ᠰᠠᠷᠠᠪᠴᠢᠨ ᠭᠦᠯᠡᠮᠵᠢ ᠶᠢᠨ ᠲᠠᠷᠢᠮᠠᠯ ᠤᠨ ᠭᠡᠮ ᠬᠤᠷᠤᠬᠠᠢ ᠶᠢᠨ ᠭᠦᠨᠦᠭᠡᠯ ᠢ ᠰᠡᠷᠭᠡᠶᠢᠯᠡᠨ ᠵᠠᠰᠠᠬᠤ ᠳᠤ ᠭᠡᠷᠡᠭᠯᠡᠭᠦ ᠳᠤ ᠲᠤᠭᠢᠷᠠᠨ᠎ᠠ᠃ ᠦᠷᠭᠡᠨ ᠲᠤᠮᠤ ᠰᠦᠯᠢᠶᠤᠤ ᠰᠠᠷᠠᠪᠴᠢᠨ ᠳᠤ ᠪᠤᠯ ᠲᠤᠰᠠᠭᠠᠷᠯᠠᠬᠤ ᠭᠡᠯᠪᠡᠷᠢ ᠪᠦᠭᠦᠢ ᠰᠦᠷᠴᠢᠯᠳᠡ ᠶᠢ ᠭᠡᠰᠡᠭ ᠬᠤᠪᠢᠶᠠᠨ ᠭᠡᠷᠡᠭᠯᠡᠨ᠎ᠡ᠃

      7. ᠤᠷᠭᠤᠮᠠᠯ ᠤᠨ ᠬᠠᠮᠠᠭᠠᠯᠠᠯᠳᠠ ᠶᠢᠨ ᠮᠠᠰᠢᠠᠴᠢᠯᠠᠯᠳᠡ ᠶᠢᠨ ᠮᠡᠷᠭᠡᠵᠢᠯ ᠢ ᠶᠠᠭᠠᠭᠢᠵᠤ ᠡᠵᠡᠮᠰᠢᠬᠦ ᠪᠤᠢ︖

      ᠤᠷᠭᠤᠮᠠᠯ ᠤᠨ ᠬᠠᠮᠠᠭᠠᠯᠠᠯᠳᠡ ᠶᠢ ᠮᠠᠰᠢᠠᠴᠢᠯᠠᠬᠤ ᠳᠤ ᠲᠤᠤᠷᠠᠭᠢ ᠮᠡᠳᠤ ᠭᠡᠳᠦᠨ ᠲᠠᠯ᠎ᠠ ᠶᠢᠨ ᠮᠡᠷᠭᠡᠵᠢᠯ ᠤᠨ ᠭᠤᠤᠯᠳᠠᠯᠭ᠎ᠠ ᠪᠠᠭᠳᠠᠨ᠎ᠠ᠃

      ︵1︶ ᠡᠮ ᠰᠦᠷᠴᠢᠭᠦ ᠮᠠᠷᠭᠡᠵᠢᠯ ᠤᠨ ᠱᠤᠭᠤᠮ ᠨᠢ ᠭᠡᠪᠡᠯ ᠡᠮ ᠨᠠᠶᠢᠷᠠᠭᠤᠯᠬᠤ - ᠵᠢᠭᠤᠷᠠᠬᠤ - ᠱᠦᠭᠦᠭᠦ - ᠰᠦᠷᠴᠢᠭᠦ ᠶᠠᠪᠤᠴᠠ ᠪᠠᠷ ᠶᠠᠪᠤᠠᠠᠳᠠᠨ᠎ᠠ᠃

      ︵2︶ ᠮᠡᠷᠭᠡᠵᠢᠯ ᠤᠨ ᠱᠠᠭᠠᠷᠳᠠᠯᠭ᠎ᠠ ᠨᠢ ᠪᠤᠯ ᠲᠤᠭᠢᠳᠡᠢ ᠴᠠᠭ ᠲᠤᠭᠢᠶᠠᠯ ᠢ ᠡᠵᠡᠮᠰᠢᠨ᠂ ᠲᠤᠭᠢᠷᠬᠠᠰᠠᠨ ᠴᠠᠭ ᠲᠤᠨᠢ ᠡᠮ ᠢᠶᠠᠨ ᠰᠦᠷᠴᠢᠨ᠎ᠠ᠃ ᠡᠮ ᠤᠨ ᠴᠢᠳᠠᠯ ᠢ ᠡᠵᠡᠮᠰᠢᠵᠤ᠂ ᠭᠡᠮ ᠬᠤᠷᠤᠬᠠᠢ ᠶᠢᠨ ᠭᠦᠨᠦᠭᠡᠯ ᠤᠨ ᠲᠦᠷᠦᠯ ᠭᠡᠯᠪᠡᠷᠢ ᠶᠢ ᠡᠵᠡᠮᠰᠢᠨ᠂ ᠭᠡᠮ ᠬᠤᠷᠤᠬᠠᠢ ᠳᠤᠨᠢ ᠲᠠᠭᠠᠷᠠᠭᠤᠯᠤᠨ ᠡᠮ ᠭᠡᠷᠡᠭᠯᠡᠨ᠎ᠡ᠃ ᠠᠳᠠᠯᠢ ᠪᠤᠰᠤ ᠲᠠᠷᠢᠶᠠᠯᠠᠩ ᠤᠨ ᠪᠦᠳᠦᠭᠡᠭᠳᠡᠭᠦᠨ᠂ ᠠᠳᠠᠯᠢ ᠪᠤᠰᠤ ᠤᠷᠭᠤᠯᠳᠠ ᠶᠢᠨ ᠬᠤᠭᠤᠴᠠᠭ᠎ᠠ ᠪᠤᠯᠤᠨ ᠠᠳᠠᠯᠢ ᠪᠤᠰᠤ ᠰᠢᠢᠳᠪᠤᠷᠢᠯᠡᠯᠳᠡ ᠶᠢᠨ ᠠᠷᠭ᠎ᠠ ᠭᠡᠮᠵᠢᠶ᠎ᠠ ᠶᠢ ᠦᠨᠳᠦᠰᠦᠯᠡᠨ᠂ ᠲᠠᠷᠢᠶᠠᠨ ᠡᠮ ᠤᠨ ᠭᠡᠷᠡᠭᠯᠡᠭᠦ ᠭᠡᠮᠵᠢᠶ᠎ᠠ ᠶᠢ ᠴᠢᠩᠭ᠎ᠠ ᠭᠢᠵᠠᠭᠠᠷᠯᠠᠨ᠎ᠠ᠃ ᠰᠦᠷᠴᠢᠭᠦ ᠭᠡᠮᠵᠢᠶ᠎ᠠ ᠶᠢ ᠤᠨᠤᠪᠴᠢᠳᠡᠢ ᠡᠵᠡᠮᠰᠢᠵᠤ᠂ ᠵᠢᠭᠳᠡ ᠰᠦᠷᠴᠢᠵᠤ᠂ ᠰᠦᠷᠴᠢᠭᠦ ᠦᠭᠡᠢ ᠪᠠᠷ ᠦᠡᠭᠭᠡᠷᠡᠭᠦᠯᠭᠦ ᠦᠭᠡᠢ᠂ ᠲᠠᠪᠬᠤᠷᠳᠠᠭᠤᠯᠤᠨ ᠰᠦᠷᠴᠢᠭᠦ ᠦᠭᠡᠢ ᠪᠠᠶᠢᠵᠤ᠂ ᠨᠠᠪᠴᠢᠨ ᠲᠡᠭᠡᠷᠡᠭᠢ ᠡᠮ ᠤᠨ ᠰᠢᠩᠭᠡᠨ ᠢ ᠲᠤᠷᠤᠠᠠᠰᠢ ᠲᠤᠰᠤᠭᠠᠬᠤ ᠦᠭᠡᠢ ᠪᠠᠶᠢᠯᠭᠠᠵᠤ᠂ ᠰᠦᠷᠴᠢᠯᠳᠡ ᠶᠢᠨ ᠵᠢᠭᠳᠡ ᠭᠡᠮᠵᠢᠶ᠎ᠠ ᠶᠢ 98% ᠠᠴᠠ ᠲᠡᠭᠡᠭᠰᠢᠭᠢ ᠳᠤ ᠭᠦᠷᠦᠭᠦᠯᠦᠨ᠎ᠠ᠃ ᠡᠮ ᠢᠶᠠᠨ ᠨᠠᠶᠢᠷᠠᠭᠤᠯᠤᠠᠠᠰᠠᠨ ᠤ ᠰᠡᠭᠦᠯᠡᠷ ᠲᠠᠷᠦ᠋ᠢᠬᠠᠨ ᠰᠦᠷᠴᠢᠵᠤ᠂ ᠭᠡᠳᠦᠷᠭᠡᠢ ᠤᠷᠳᠤ ᠬᠤᠭᠤᠴᠠᠭ᠎ᠠ ᠪᠠᠷ ᠲᠠᠯᠪᠢᠵᠤ ᠡᠮ ᠤᠨ ᠢᠳᠡ ᠪᠠᠭᠤᠷᠠᠬᠤ ᠠᠴᠠ ᠰᠡᠷᠭᠡᠶᠢᠯᠡᠨ᠎ᠡ᠃ 4 ᠲᠠᠰ ᠠᠴᠠ ᠲᠡᠭᠡᠭᠰᠢ ᠰᠠᠯᠭᠢ ᠲᠠᠢ ᠪᠤᠯ ᠡᠮ ᠰᠦᠷᠴᠢᠭᠦ ᠪᠠᠨ ᠵᠤᠠᠠᠰᠤᠨ᠎ᠠ᠃ ᠪᠤᠷᠤᠭᠠᠨ ᠠᠴᠠ ᠡᠮᠦᠨ᠎ᠠ ᠠᠯᠢ ᠴᠢᠳᠠᠬᠤ ᠪᠠᠷ ᠰᠦᠷᠴᠢᠭᠦ ᠦᠭᠡᠢ ᠪᠠᠶᠢᠬᠤ ᠭᠡᠷᠡᠭᠳᠡᠢ᠃ ᠲᠠᠯᠬ᠎ᠠ ᠰᠦᠷᠴᠢᠭᠦ ᠮᠠᠰᠢᠨ ᠢᠶᠠᠷ ᠲᠠᠯᠬ᠎ᠠ ᠡᠮ ᠰᠦᠷᠴᠢᠭᠦ ᠳᠤ ᠦᠷᠯᠦᠭᠡ ᠦᠳᠡᠰᠢ ᠶᠢᠨ ᠰᠢᠬᠦᠳᠡᠷᠢ ᠶᠢᠨ ᠤᠰᠤ ᠲᠠᠢ ᠴᠠᠭ ᠢ ᠰᠤᠩᠭᠤᠨ ᠰᠦᠷᠴᠢᠵᠤ᠂ ᠲᠠᠯᠬ᠎ᠠ ᠡᠮ ᠤᠨ ᠨᠠᠭᠠᠯᠳᠤᠬᠤ ᠴᠢᠨᠠᠷ ᠢ ᠨᠢ ᠨᠡᠮᠡᠭᠳᠡᠭᠦᠯᠵᠤ᠂ ᠰᠡᠷᠭᠡᠶᠢᠯᠡᠭᠦ ᠦᠷ᠎ᠡ ᠪᠦᠳᠦᠮᠵᠢ ᠶᠢ ᠨᠢ ᠲᠡᠭᠡᠭᠰᠢᠯᠡᠭᠦᠯᠦᠨ᠎ᠠ᠃ ᠲᠠᠷᠢᠶᠠᠨ ᠡᠮ ᠢ ᠠᠶᠤᠯ ᠦᠬᠡᠢ ᠪᠠᠷ ᠭᠡᠷᠡᠭᠯᠡᠭᠦ ᠲᠦᠷᠢᠮᠵᠢᠯ ᠶᠤᠰᠤᠭᠠᠷ᠂ ᠲᠠᠷᠢᠶᠠᠨ ᠡᠮ ᠤᠨ ᠤᠶᠢᠷ᠎ᠠ ᠬᠠᠪᠢ ᠶᠢᠨ ᠤᠷᠴᠢᠨ ᠲᠤᠭᠤᠷᠢᠨ ᠤ ᠪᠤᠭᠢᠷᠳᠤᠭᠤᠯᠤᠯ ᠢ ᠠᠯᠢ ᠴᠢᠳᠠᠬᠤ ᠪᠠᠷ ᠪᠠᠭᠠᠰᠬᠠᠨ᠎ᠠ᠃

      ︵3︶ ᠡᠮ ᠰᠦᠷᠴᠢᠭᠦ ᠵᠦᠪ ᠤᠨᠤᠪᠴᠢᠳᠡᠢ ᠠᠷᠭ᠎ᠠ ᠶᠢ ᠭᠡᠷᠡᠭᠯᠡᠨ᠎ᠡ᠃ ᠠᠵᠢᠯᠯᠠᠬᠤ ᠳᠠᠭᠠᠨ ᠡᠷᠭᠡᠪᠰᠢ ᠰᠠᠯᠭᠢᠨ ᠤ ᠲᠤᠤᠷ᠎ᠠ ᠲᠠᠯ᠎ᠠ ᠠᠴᠠ ᠡᠭᠢᠯᠡᠨ ᠠᠯᠭᠤᠷ ᠢᠶᠠᠷ ᠰᠠᠯᠭᠢᠨ ᠤ ᠡᠰᠡᠷᠭᠦ ᠵᠦᠭ ᠶᠠᠪᠤᠠᠠᠳᠠᠭᠤᠯᠤᠨ᠎ᠠ᠃ ᠠᠵᠢᠯᠯᠬᠠᠴᠢᠳ ᠵᠠᠮ ᠮᠦᠷ ᠤᠨ ᠴᠢᠭᠯᠡᠯ ᠢᠶᠠᠨ ᠰᠠᠯᠭᠢᠨ ᠤ ᠴᠢᠭᠯᠡᠯ ᠯᠦᠭᠡ ᠵᠢᠰᠢᠭᠦᠤ ᠪᠠᠶᠢᠯᠭᠠᠵᠤ᠂ ᠰᠦᠷᠴᠢᠭᠦ ᠦᠶ᠎ᠠ ᠳᠡᠭᠡᠨ ᠰᠦᠷᠴᠢᠭᠦᠷ ᠢᠶᠠᠨ ᠡᠷᠭᠡᠪᠰᠢ ᠤᠷᠤᠭᠤ ᠲᠠᠯ᠎ᠠ ᠵᠦᠭ ᠢᠶᠠᠨ ᠪᠠᠷᠢᠬᠤ ᠭᠡᠷᠡᠭᠳᠡᠢ᠃

       ︵4︶ ᠡᠮ ᠰᠦᠷᠴᠢᠭᠦ ᠴᠠᠭ ᠬᠤᠭᠤᠴᠠᠭ᠎ᠠ ᠪᠡ ᠡᠮ ᠰᠦᠷᠴᠢᠭᠦ ᠭᠡᠮᠵᠢᠶ᠎ᠠ ᠶᠢ ᠴᠢᠩᠭ᠎ᠠ ᠡᠵᠡᠮᠰᠢᠭᠦ ᠭᠡᠷᠡᠭᠳᠡᠢ᠃ ᠤᠯᠠᠩᠭᠢ ᠭᠡᠮ ᠬᠤᠷᠤᠬᠠᠢ ᠶᠢᠨ ᠭᠦᠨᠦᠭᠡᠯ ᠨᠢ ᠤᠷᠭᠤᠯᠳᠠ ᠶᠢᠨ ᠤᠯᠠᠷᠢᠯ ᠢ ᠲᠠᠭᠠᠯᠳᠤᠨ ᠨᠡᠮᠡᠭᠳᠡᠳᠡᠭ ᠪᠤᠯᠬᠤᠷ ᠭᠠᠩ ᠬᠠᠭᠤᠷᠠᠢ ᠤᠯᠠᠷᠢᠯ ᠳᠤ ᠲᠤᠭᠢᠳᠡᠢ ᠴᠠᠭ ᠦᠶ᠎ᠠ ᠳᠤ ᠲᠤᠭᠢᠷᠠᠮᠵᠢᠳᠡᠢ ᠭᠡᠮᠵᠢᠶᠠᠨ ᠤ ᠡᠮ ᠢ ᠰᠦᠷᠴᠢᠭᠦ ᠨᠢ ᠲᠤᠩ ᠴᠢᠬᠤᠯᠠ ᠪᠠᠶᠢᠳᠠᠭ᠃ ᠲᠤᠭᠢᠳᠡᠢ ᠴᠠᠭ ᠲᠤᠨᠢ ᠵᠤᠭᠢᠬᠤ ᠭᠡᠮᠵᠢᠶ᠎ᠠ ᠪᠠᠷ ᠡᠮ ᠢᠶᠠᠨ ᠰᠦᠷᠴᠢᠪᠡᠯ ᠰᠡᠷᠭᠡᠶᠢᠯᠡᠭᠦ ᠦᠷ᠎ᠡ ᠪᠦᠳᠦᠮᠵᠢ ᠶᠢ ᠲᠡᠭᠡᠭᠰᠢᠯᠡᠭᠦᠯᠵᠤ᠂ ᠡᠮ ᠰᠦᠷᠴᠢᠭᠦ ᠤᠳᠠᠭ᠎ᠠ ᠲᠤᠭ᠎ᠠ ᠪᠠ ᠰᠦᠷᠴᠢᠭᠦ ᠡᠮ ᠤᠨ ᠭᠡᠮᠵᠢᠶ᠎ᠠ ᠶᠢ ᠪᠠᠭᠠᠰᠬᠠᠬᠤ ᠪᠤᠯᠤᠨ᠎ᠠ᠃

      ᠤᠷᠭᠤᠮᠠᠯ ᠤᠨ ᠬᠠᠮᠠᠭᠠᠯᠠᠯᠳᠠ ᠶᠢ ᠮᠠᠰᠢᠠᠴᠢᠯᠠᠬᠤ ᠳᠤ ᠲᠤᠤᠷᠠᠭᠢ ᠭᠡᠳᠦᠨ ᠵᠦᠢᠯ ᠢ ᠠᠩᠬᠠᠷᠤᠨ᠎ᠠ ᠤᠤ︕

       ︵1︶ ᠡᠭᠦᠷᠭᠦ ᠭᠡᠯᠪᠡᠷᠢ ᠶᠢᠨ ᠰᠦᠷᠴᠢᠭᠦᠷ ᠮᠠᠰᠢᠨ ᠤ ᠡᠮ ᠤᠨ ᠰᠢᠩᠭᠡᠨ ᠤ ᠬᠠᠶᠢᠷᠴᠠᠭ ᠢ ᠭᠡᠳᠦᠷᠭᠡᠢ ᠲᠦᠭᠦᠷᠳᠡᠯ᠎ᠠ ᠨᠢ ᠰᠠᠪᠠᠯᠠᠵᠤ ᠪᠤᠯᠬᠤ ᠦᠭᠡᠢ᠃ ᠪᠦᠭᠦ᠋ᠢᠭᠦ ᠦᠶᠡᠰ ᠡᠮ ᠤᠨ ᠰᠢᠩᠭᠡᠨ ᠨᠢ ᠠᠮᠠᠰᠠᠷ ᠢᠶᠠᠷ ᠨᠢ ᠬᠠᠯᠢᠨ ᠭᠠᠷᠴᠤ ᠪᠠᠶᠠᠨ ᠳᠤ ᠭᠦᠷᠭᠦ ᠶᠢ ᠰᠡᠷᠭᠡᠶᠢᠯᠡᠭᠦ ᠭᠡᠷᠡᠭᠳᠡᠢ᠃

       ︵2︶ ᠡᠮ ᠰᠦᠷᠴᠢᠭᠴᠢᠳ ᠲᠤᠰᠬᠠᠢ ᠭᠡᠷᠡᠭᠯᠡᠭᠡᠨ ᠤ ᠬᠤᠪᠴᠠᠰᠤ ᠬᠤᠨᠠᠷ ᠪᠤᠯᠤᠨ ᠠᠮᠠᠪᠴᠢ ᠵᠡᠭᠦᠵᠤ᠂ ᠠᠷᠠᠰᠤ ᠮᠢᠬ᠎ᠠ ᠲᠠᠷᠢᠶᠠᠨ ᠡᠮ ᠳᠤ
ᠬᠦᠷᠤᠯᠴᠡᠬᠦ ᠠᠴᠠ ᠠᠯᠢ ᠴᠢᠳᠠᠬᠤ ᠪᠠᠷ ᠵᠠᠶᠢᠯᠠᠰᠭᠢᠭᠦ ᠭᠡᠷᠡᠭᠳᠡᠢ᠃

       ︵3︶ ᠡᠮ ᠰᠦᠷᠴᠢᠵᠤ ᠪᠠᠶᠢᠬᠤ ᠶᠠᠪᠤᠴᠠ ᠳᠠᠭᠠᠨ ᠶᠠᠭᠤᠮ᠎ᠠ ᠢᠳᠡᠵᠤ᠂ ᠲᠠᠮᠠᠭᠢ ᠲᠠᠳᠠᠵᠤ᠂ ᠤᠰᠤ ᠤᠤᠭᠤᠵᠤ ᠤᠠᠠᠳᠤ ᠪᠤᠯᠬᠤ ᠦᠭᠡᠢ᠃

       ︵4︶ ᠶᠠᠷᠦᠩᠭᠡᠢ ᠳᠡᠭᠡᠨ ᠰᠠᠯᠭᠢᠨ ᠤ ᠴᠢᠭᠯᠡᠯ ᠢ ᠦᠨᠳᠤᠰᠦᠯᠡᠨ ᠵᠠᠮ ᠴᠢᠭᠯᠡᠯ ᠢᠶᠠᠨ ᠲᠤᠠᠠᠳᠠᠭᠠᠨ᠎ᠠ᠃ ᠡᠮ ᠰᠦᠷᠴᠢᠭᠦ ᠴᠢᠭᠯᠡᠯ ᠢ ᠠᠯᠢ ᠴᠢᠳᠠᠬᠤ ᠪᠠᠷ ᠰᠠᠯᠭᠢᠨ ᠤ ᠴᠢᠭᠯᠡᠯ ᠲᠠᠢ ᠠᠳᠠᠯᠢᠬᠠᠨ ᠪᠠᠶᠢᠯᠭᠠᠵᠤ᠂ ᠡᠮ ᠰᠦᠷᠴᠢᠭᠴᠢᠳ ᠤᠨ ᠬᠤᠤᠷᠳᠠᠯ ᠳᠤ ᠤᠴᠠᠷᠠᠬᠤ ᠶᠢ ᠰᠡᠷᠭᠡᠶᠢᠯᠡᠵᠤ᠂ ᠡᠮ ᠰᠦᠷᠴᠢᠭᠴᠢᠳ ᠤᠨ ᠶᠠᠪᠤᠬᠤ ᠴᠢᠭᠯᠡᠯ ᠨᠢ ᠰᠠᠯᠭᠢᠨ ᠤ ᠴᠢᠭᠯᠡᠯ ᠯᠦᠭᠡ ᠡᠭ᠍ᠴᠡᠯᠡᠵᠤ ᠪᠠᠶᠢᠬᠤ ᠭᠡᠷᠡᠭᠳᠡᠢ᠃

       ︵5︶ ᠵᠢᠮᠢᠰ ᠤᠨ ᠭᠦᠷᠢᠶᠡᠯᠡᠩ ᠳᠤ ᠪᠠᠳᠠᠷᠠᠯ ᠤᠨ ᠴᠢᠨᠠᠷᠳᠡᠢ ᠰᠢᠷᠦᠭᠦᠨ ᠬᠤᠤᠷᠳᠤ ᠡᠮ ᠰᠦᠷᠴᠢᠭᠦ ᠳᠤ ᠮᠤᠳᠤᠨ ᠤ ᠨᠠᠪᠴᠢ ᠬᠠᠯᠬᠠᠯᠠᠨ᠂ ᠰᠠᠯᠭᠢ ᠨᠡᠪᠳᠡᠷᠡᠭᠦ ᠨᠢ ᠠᠨᠠᠢ ᠪᠠᠶᠢᠳᠠᠭ ᠲᠤᠯᠠ ᠡᠮ ᠰᠦᠷᠴᠢᠭᠴᠢᠳ ᠠᠮᠤᠷ ᠲᠦᠪᠰᠢᠨ ᠢᠶᠠᠨ ᠤᠨᠴᠠ ᠠᠩᠬᠠᠷᠴᠤ᠂ ᠬᠤᠤᠷᠳ᠋ᠬᠠᠳᠠᠬᠤ ᠠᠴᠠ ᠰᠡᠷᠭᠡᠶᠢᠯᠡᠭᠦ ᠶᠢ ᠠᠩᠬᠠᠷᠤᠨ᠎ᠠ᠃ ᠭᠡᠷᠪᠡ ᠲᠤᠯᠤᠭᠠᠢ ᠡᠷᠭᠢᠭᠦ᠂ ᠤᠠᠠᠰᠢᠭᠤᠰᠤ ᠭᠦᠷᠭᠦ᠂ ᠲᠤᠷ᠎ᠠ ᠪᠤᠯᠭᠢᠬᠤ ᠵᠡᠷᠭᠡ ᠬᠤᠤᠷᠳᠠᠯ ᠤᠨ ᠢᠯᠡᠷᠡᠯ ᠭᠠᠷᠪᠠᠯ ᠲᠠᠷᠦ᠋ᠢᠬᠠᠨ ᠠᠵᠢᠯᠯᠠᠬᠤ ᠪᠠᠨ ᠵᠤᠠᠠᠰᠤᠵᠤ᠂ ᠡᠮᠨᠡᠯᠭᠡ ᠳᠤ ᠭᠦᠷᠴᠤ ᠪᠠᠶᠢᠴᠠᠭᠠᠯᠭᠠᠬᠤ ᠭᠡᠷᠡᠭᠳᠡᠢ᠃

       8. ᠵᠢᠮᠢᠰ ᠤᠨ ᠭᠦᠷᠢᠶᠠᠯᠡᠩ ᠤᠨ ᠰᠢᠨ᠎ᠠ ᠭᠡᠯᠪᠡᠷᠢ ᠶᠢᠨ ᠤᠷᠭᠤᠮᠠᠯ ᠤᠨ ᠬᠠᠮᠠᠭᠠᠯᠠᠯᠳᠠ ᠶᠢᠨ ᠮᠠᠰᠢᠨ ᠤ ᠰᠢᠨᠡᠴᠢᠯᠡᠯ ᠵᠢᠴᠢ ᠲᠦᠭᠦᠷ ᠮᠠᠷᠭᠡᠵᠢᠯ ᠨᠢ ᠶᠠᠮᠠᠷ ᠤᠨᠴᠠᠯᠢᠭ ᠲᠠᠢ ᠪᠤᠢ︖

      ᠵᠢᠮᠢᠰ ᠤᠨ ᠭᠦᠷᠢᠶᠡᠯᠡᠩ ᠤᠨ ᠰᠢᠨ᠎ᠠ ᠭᠡᠯᠪᠡᠷᠢ ᠶᠢᠨ ᠡᠮ ᠰᠦᠷᠴᠢᠭᠦ ᠮᠠᠰᠢᠨ ᠢ ᠭᠡᠷᠡᠭᠯᠡᠭᠰᠡᠨ ᠤ ᠰᠡᠭᠦᠯᠡᠷ ᠰᠦᠷᠴᠢᠭᠦᠷ ᠫᠤᠤ ᠶᠢᠨ ᠠᠮᠠᠨ ᠠᠴᠠ ᠭᠠᠷᠴᠤ ᠢᠷᠡᠭᠦ ᠨᠢ ᠤᠰᠤᠨ ᠲᠤᠰᠤᠯ ᠪᠢᠰᠢ ᠬᠠᠷᠢᠨ ᠮᠠᠨᠠᠠᠰᠢᠭᠤᠯᠤᠠᠠᠰᠠᠨ ᠦᠷ᠎ᠡ ᠪᠦᠳᠦᠮᠵᠢ ᠰᠠᠶᠢᠳᠠᠢ ᠮᠠᠨᠠᠨ ᠲᠤᠰᠤᠯ ᠪᠤᠯᠤᠨ᠎ᠠ᠃ ᠡᠭᠦᠨ ᠠᠴᠠ ᠪᠤᠯᠵᠤ ᠲᠠᠷᠢᠶᠠᠨ ᠡᠮ ᠤᠨ ᠭᠦᠷᠦᠰᠤ ᠰᠢᠷᠤᠢ ᠪᠤᠯᠤᠨ ᠵᠢᠮᠢᠰ ᠲᠠᠬᠢ ᠪᠤᠭᠢᠷᠳᠤᠯ ᠢ ᠶᠡᠭᠡ ᠪᠠᠷ ᠪᠠᠭᠤᠷᠠᠭᠤᠯᠵᠠᠢ᠃ ᠡᠭᠦᠨ ᠤ ᠬᠠᠮᠳᠤ ᠵᠢᠮᠢᠰ ᠤᠨ ᠭᠦᠷᠢᠶᠡᠯᠡᠩ ᠤᠨ ᠰᠢᠨ᠎ᠠ ᠭᠡᠯᠪᠡᠷᠢ ᠶᠢᠨ ᠰᠦᠷᠴᠢᠭᠦᠷ ᠮᠠᠰᠢᠨ ᠤ ᠲᠠᠷᠤᠯᠳᠡ ᠨᠢ ᠦᠨᠳᠤᠷ ᠪᠠᠶᠢᠳᠠᠭ ᠤᠴᠢᠷ ᠠᠴᠠ ᠪᠠᠰᠠ ᠵᠢᠮᠢᠰ ᠤᠨ ᠮᠤᠳᠤᠨ ᠲᠡᠭᠡᠷ᠎ᠡ ᠨᠠᠭᠠᠯᠳᠤᠵᠤ ᠪᠠᠶᠢᠭ᠎ᠠ ᠬᠤᠷᠤᠬᠠᠢ ᠰᠢᠪᠠᠵᠢ ᠶᠢ ᠰᠦᠷᠴᠢᠨ ᠤᠨᠠᠭᠠᠵᠤ᠂ ᠵᠢᠮᠢᠰ ᠤᠨ ᠮᠤᠳᠤᠨ ᠤ ᠭᠡᠮ ᠬᠤᠷᠤᠬᠠᠢ ᠶᠢᠨ ᠭᠦᠨᠦᠭᠡᠯ ᠢ ᠪᠦᠳᠦᠮᠵᠢᠳᠡᠢ ᠪᠠᠷ ᠪᠠᠭᠠᠰᠬᠠᠵᠤ ᠴᠢᠳᠠᠳᠠᠭ ᠪᠠᠶᠢᠨ᠎ᠠ᠃ ᠡᠶᠢᠮᠤ ᠠᠴᠠ ᠵᠢᠮᠢᠰ ᠤᠨ ᠲᠦᠷᠦᠯ ᠵᠦᠢᠯ ᠤᠨ ᠶᠠᠰᠤ ᠴᠢᠨᠠᠷ ᠢ ᠶᠡᠭᠡ ᠭᠡᠮᠵᠢᠶ᠎ᠠ ᠪᠠᠷ ᠲᠡᠭᠡᠭᠰᠢᠯᠡᠭᠦᠯᠭᠦ ᠪᠤᠯᠤᠨ᠎ᠠ᠃ ᠵᠢᠮᠢᠰ ᠤᠨ ᠭᠦᠷᠢᠶᠡᠯᠡᠩ ᠤᠨ ᠰᠢᠨ᠎ᠠ ᠬᠠᠭᠤᠴᠢᠨ ᠰᠦᠷᠴᠢᠭᠦᠷ ᠮᠠᠰᠢᠨ ᠢ ᠠᠳᠠᠯᠢᠳᠬᠠᠬᠤ ᠲᠤᠷᠰᠢᠯᠳᠡ ᠵᠢᠴᠢ ᠲᠤᠷᠰᠢᠯᠳᠡ ᠶᠢᠨ ᠲᠤᠭ᠎ᠠ ᠪᠠᠷᠢᠮᠳᠡ ᠶᠢᠨ ᠵᠠᠳᠠᠯᠤᠯᠳᠠ ᠪᠠᠷ ᠲᠠᠮᠵᠢᠨ ᠡᠶᠢᠮᠤ ᠨᠢᠭᠡᠨ ᠲᠤᠷᠰᠢᠯᠳᠡ ᠶᠢᠨ ᠳ᠋ᠦᠩ ᠢ ᠭᠠᠷᠭᠠᠠᠠᠰᠠᠨ ᠪᠠᠶᠢᠨ᠎ᠠ᠃ ᠵᠢᠮᠢᠰ ᠤᠨ ᠭᠦᠷᠢᠶᠡᠯᠡᠩ ᠤᠨ ᠰᠢᠨᠡᠴᠢᠯᠡᠭᠰᠡᠨ ᠰᠦᠷᠴᠢᠭᠦᠷ ᠮᠠᠰᠢᠨ ᠢ ᠭᠡᠷᠡᠭᠯᠡᠭᠦ ᠨᠢ ᠨᠡᠯᠢᠶᠡᠳ ᠤᠨ ᠵᠢᠯ ᠪᠤᠯᠵᠤ ᠬᠠᠭᠤᠴᠢᠷᠬᠠᠰᠠᠨ ᠰᠦᠷᠴᠢᠭᠦᠷ ᠮᠠᠰᠢᠨ ᠢ ᠭᠡᠷᠡᠭᠯᠡᠭᠦ ᠶᠢ ᠪᠤᠳᠤᠪᠠᠯ ᠲᠠᠷᠢᠶᠠᠨ ᠡᠮ ᠢ ᠲᠤᠮᠳᠠᠴᠢ ᠪᠠᠷ 31.6% ᠠᠷᠪᠢᠯᠡᠵᠤ᠂ ᠲᠤᠮᠳᠠᠴᠢ ᠪᠠᠷ 45.1% ᠶᠢᠨ ᠲᠤᠰᠤ ᠠᠷᠪᠢᠯᠠᠵᠤ᠂ ᠲᠤᠮᠳᠠᠴᠢ ᠪᠠᠷ 20.2% ᠴᠠᠭ ᠠᠷᠪᠢᠯᠠᠵᠤ ᠲᠠᠶᠢᠯᠦᠨ᠎ᠠ᠃

      9. ᠵᠢᠮᠢᠰ ᠤᠨ ᠭᠦᠷᠢᠶᠡᠯᠡᠩ ᠤᠨ ᠤᠷᠭᠤᠮᠠᠯ ᠤᠨ ᠬᠠᠮᠠᠭᠠᠯᠠᠯᠳᠠ ᠶᠢᠨ ᠰᠢᠨ᠎ᠠ ᠭᠡᠯᠪᠡᠷᠢ ᠶᠢᠨ

      ᠮᠠᠰᠢᠨ ᠤ ᠰᠢᠨᠡᠴᠢᠯᠡᠯᠳᠡ ᠵᠢᠴᠢ ᠲᠦᠭᠦᠷ ᠮᠡᠷᠭᠡᠵᠢᠯ ᠨᠢ ᠶᠠᠮᠠᠷ ᠭᠤᠤᠯᠳᠠᠯᠭ᠎ᠠ ᠲᠠᠢ ᠪᠤᠢ︖

      ᠵᠢᠮᠢᠰ ᠤᠨ ᠭᠦᠷᠢᠶᠡᠯᠡᠩ ᠤᠨ ᠤᠷᠭᠤᠮᠠᠯ ᠤᠨ ᠬᠠᠮᠠᠭᠠᠯᠠᠯᠳᠠ ᠶᠢᠨ ᠰᠢᠨ᠎ᠠ ᠭᠡᠯᠪᠡᠷᠢ ᠶᠢᠨ ᠮᠠᠰᠢᠨ ᠤ ᠰᠢᠨᠡᠴᠢᠯᠡᠯᠳᠡ ᠵᠢᠴᠢ ᠲᠦᠭᠦᠷ ᠮᠡᠷᠭᠡᠵᠢᠯ ᠤᠨ ᠭᠤᠤᠯᠳᠠᠯᠭ᠎ᠠ ᠳᠤ ᠲᠤᠤᠷᠠᠭᠢ ᠭᠡᠳᠦᠨ ᠵᠦᠢᠯ ᠪᠠᠭᠳᠠᠨ᠎ᠠ᠃

      ︵1︶ ᠵᠢᠮᠢᠰ ᠤᠨ ᠭᠦᠷᠢᠶᠡᠯᠡᠩ ᠤᠨ ᠡᠮ ᠰᠦᠷᠴᠢᠭᠦ ᠮᠠᠰᠢᠨ ᠤ ᠠᠵᠢᠯ ᠤᠨ ᠦᠨᠳᠦᠰᠦᠯᠡᠯ ᠪᠤᠯᠤᠨ ᠠᠵᠢᠯᠯᠠᠬᠤ ᠠᠷᠭ᠎ᠠ ᠳᠤ ᠵᠠᠩᠭᠢᠯᠠᠭ᠎ᠠ ᠶᠢᠨ ᠲᠤᠨᠤᠭ ᠤᠨ ᠡᠮ ᠤᠨ ᠭᠦᠭᠡᠷᠭᠡ᠂ ᠭᠤᠤᠷᠰᠤ ᠱᠤᠭᠤᠮ ᠪᠤᠯᠤᠨ ᠲᠤᠭᠢᠷᠠᠭᠤᠯᠵᠤ ᠪᠤᠯᠬᠤ ᠰᠦᠷᠴᠢᠭᠦᠷ ᠤᠨ ᠠᠵᠢᠯ ᠤᠨ ᠦᠨᠳᠦᠰᠦᠯᠡᠯ᠂ ᠤᠨᠤᠪᠴᠢᠳᠡᠢ ᠭᠡᠷᠡᠭᠯᠡᠭᠦ ᠠᠷᠭ᠎ᠠ᠂ ᠦᠷᠭᠦᠯᠵᠢ ᠲᠤᠭᠢᠶᠠᠯᠳᠤᠳᠠᠭ ᠰᠠᠭᠠᠳᠡᠯ ᠵᠢᠴᠢ ᠰᠠᠯᠪᠢᠨ ᠵᠠᠰᠠᠬᠤ ᠬᠠᠮᠠᠭᠠᠯᠠᠬᠤ ᠮᠡᠳᠡᠯᠭᠡ ᠵᠡᠷᠭᠡ ᠪᠠᠭᠳᠠᠨ᠎ᠠ᠃

       ︵2︶ ᠠᠶᠤᠯ ᠦᠬᠡᠢ ᠪᠠᠷ ᠡᠮ ᠰᠦᠷᠴᠢᠭᠦ ᠨᠠᠷᠢᠨ ᠮᠡᠷᠭᠡᠵᠢᠯ ᠳᠤ ᠲᠠᠷᠢᠶᠠᠨ ᠡᠮ ᠤᠨ ᠦᠢᠯᠡᠳᠦᠯ ᠤᠨ ᠠᠷᠭ᠎ᠠ ᠭᠡᠯᠪᠡᠷᠢ ᠵᠢᠴᠢ ᠰᠦᠷᠴᠢᠯᠳᠡ ᠶᠢᠨ ᠦᠷ᠎ᠡ ᠪᠦᠳᠦᠮᠵᠢ ᠵᠡᠷᠭᠡ ᠪᠠᠭᠳᠠᠨ᠎ᠠ᠃

      ︵3︶ ᠡᠮ ᠭᠡᠷᠡᠭᠯᠡᠭᠦ ᠠᠶᠤᠯ ᠦᠬᠡᠢ ᠶᠢᠨ ᠮᠡᠷᠭᠡᠵᠢᠯ ᠳᠤ ᠲᠠᠷᠢᠶᠠᠨ ᠡᠮ ᠢ ᠬᠠᠳᠠᠭᠠᠯᠠᠬᠤ᠂ ᠨᠠᠶᠢᠷᠠᠭᠤᠯᠬᠤ᠂ ᠡᠮ ᠰᠦᠷᠴᠢᠭᠦ ᠠᠵᠢᠯ ᠢ ᠵᠤᠭᠢᠶᠠᠨ ᠪᠠᠶᠢᠭᠤᠯᠬᠤ ᠵᠢᠴᠢ ᠡᠮ ᠭᠡᠷᠡᠭᠯᠡᠭᠰᠡᠨ ᠤ ᠰᠡᠭᠦᠯᠡᠷ ᠲᠦᠭᠦᠭᠡᠷᠤᠮᠵᠢ ᠶᠢ ᠤᠭᠢᠶᠠᠨ ᠴᠡᠪᠡᠷᠯᠡᠵᠤ ᠰᠢᠢᠳᠪᠤᠷᠢᠯᠡᠭᠦ ᠪᠡ ᠪᠡᠶ᠎ᠠ ᠶᠢᠨ ᠰᠡᠷᠭᠡᠶᠢᠯᠡᠯᠳᠡ ᠬᠠᠮᠠᠭᠠᠯᠠᠯᠳᠠ ᠶᠢᠨ ᠠᠷᠭ᠎ᠠ ᠵᠡᠷᠭᠡ ᠪᠠᠭᠳᠠᠨ᠎ᠠ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
Baidu
map