1. ᠭᠦᠭᠡ ᠲᠠᠷᠤᠰᠢ ᠪᠤᠷᠳᠤᠭ᠎ᠠ ᠭᠡᠵᠤ ᠶᠠᠭᠤ ᠶᠢ ᠵᠢᠭᠠᠵᠤ ᠪᠠᠶᠢᠬᠤ ᠪᠤᠢ︖
ᠭᠦᠭᠡ ᠲᠠᠷᠤᠰᠢ ᠲᠡᠵᠢᠭᠡᠯ ᠪᠤᠷᠳᠤᠭ᠎ᠠ ᠭᠡᠳᠡᠭ ᠨᠢ ᠭᠦᠭᠡ ᠨᠤᠭᠤᠭᠠᠨ ᠰᠢᠭᠦᠰᠤ ᠶᠡᠭᠡᠳᠡᠢ ᠪᠤᠷᠳᠤᠭ᠎ᠠ ᠶᠢ ᠬᠠᠳᠤᠵᠤ ᠬᠤᠷᠢᠶ᠋ᠬᠠᠰᠠᠨ ᠤ ᠰᠡᠭᠦᠯᠡᠷ ᠰᠢᠭᠤᠳ ᠭᠡᠰᠡᠭᠯᠡᠨ ᠭᠡᠷᠴᠢᠵᠤ᠂ ᠨᠢᠠᠠᠳᠠ ᠪᠢᠳᠡᠭᠦᠮᠵᠢ ᠲᠠᠢ ᠵᠤᠭᠤᠷᠢᠨ ᠳᠤ ᠬᠠᠳᠠᠭᠠᠯᠠᠵᠤ᠂ ᠭᠦᠴᠢᠯᠳᠦ᠋ᠷᠦᠭᠴᠢ ᠵᠢᠭᠰᠢᠭᠦ ᠤᠷᠴᠢᠨ ᠳᠤ ᠰᠦᠨ ᠭᠦᠴᠢᠯ ᠤᠨ ᠢᠰᠭᠡᠯᠳᠡ ᠶᠢᠨ ᠦᠢᠯᠡᠳᠦᠯ ᠢᠶᠠᠷ ᠲᠠᠮᠵᠢᠭᠤᠯᠤᠨ ᠰᠢᠢᠳᠪᠤᠷᠢᠯᠡᠭᠰᠡᠨ ᠲᠠᠵᠢᠭᠡᠯ ᠪᠤᠷᠳᠤᠭ᠎ᠠ ᠶᠢ ᠭᠡᠯᠡᠵᠤ ᠪᠠᠶᠢᠨ᠎ᠠ᠃ ᠲᠠᠷᠤᠰᠢ ᠲᠠᠵᠢᠭᠡᠯ ᠪᠤᠷᠳᠤᠭ᠎ᠠ ᠶᠢ ᠭᠡᠪᠴᠢᠶᠡᠵᠢᠭᠰᠡᠨ ᠦᠭᠡᠷ ᠬᠤᠨᠢ ᠲᠡᠵᠢᠭᠡᠨ ᠪᠤᠷᠳᠤᠬᠤ ᠲᠠᠯᠠᠪᠠᠢ ᠪᠤᠯᠤᠨ ᠠᠶᠢᠯ ᠡᠷᠦᠭᠡ ᠶᠢᠨ ᠭᠤᠤᠯ ᠪᠤᠯᠬᠤ ᠪᠦᠳᠦᠭᠦᠯᠢᠭ ᠲᠡᠵᠢᠭᠡᠯ ᠪᠤᠷᠳᠤᠭ᠎ᠠ ᠪᠤᠯᠭᠠᠵᠤ ᠪᠤᠯᠤᠨ᠎ᠠ᠃
2. ᠭᠦᠭᠡ ᠲᠠᠷᠤᠰᠢ ᠪᠤᠷᠳᠤᠭ᠎ᠠ ᠶᠢᠨ ᠲᠦᠭᠦᠭᠡᠢ ᠮᠠᠲ᠋ᠧᠷᠢᠶᠠᠯ ᠳᠤ ᠶᠠᠮᠠᠷ ᠶᠠᠰᠤ ᠴᠢᠨᠠᠷ ᠤᠨ ᠱᠠᠭᠠᠷᠳᠠᠯᠭ᠎ᠠ ᠲᠠᠢ ᠪᠤᠢ︖
ᠭᠦᠭᠡ ᠲᠠᠷᠤᠰᠢ ᠪᠤᠷᠳᠤᠭ᠎ᠠ ᠶᠢᠨ ᠲᠦᠭᠦᠭᠡᠢ ᠮᠠᠲ᠋ᠧᠷᠢᠶᠠᠯ ᠳᠤ ᠲᠤᠤᠷᠠᠭᠢ ᠮᠡᠳᠤ ᠭᠡᠳᠦᠨ ᠵᠦᠢᠯ ᠤᠨ ᠶᠠᠰᠤ ᠴᠢᠨᠠᠷ ᠤᠨ ᠱᠠᠭᠠᠷᠳᠠᠯᠭ᠎ᠠ ᠲᠠᠢ ᠪᠠᠶᠢᠳᠠᠭ᠃
︵1︶ ᠤᠰᠤᠨ ᠤ ᠠᠭᠤᠯᠤᠭᠳᠠᠴᠨ᠄ ᠭᠦᠭᠡ ᠲᠠᠷᠤᠰᠢ ᠶᠢᠨ ᠲᠦᠭᠦᠭᠡᠢ ᠮᠠᠲ᠋ᠧᠷᠢᠶᠠᠯ ᠤᠨ ᠤᠰᠤᠨ ᠤ ᠠᠭᠤᠯᠤᠭᠳᠠᠴᠨ ᠶᠢᠨ ᠨᠤᠷᠮ᠎ᠠ ᠨᠢ 65%~75% ᠪᠠᠶᠢᠬᠤ ᠭᠡᠷᠡᠭᠳᠡᠢ᠃ ᠤᠰᠤᠨ ᠤ ᠠᠭᠤᠯᠤᠭᠳᠠᠴᠨ ᠶᠢᠨ ᠨᠤᠷᠮ᠎ᠠ ᠶᠢ ᠪᠦᠳᠦᠭᠦᠪᠴᠢᠯᠡᠨ ᠵᠢᠱᠢᠭᠦ ᠠᠷᠭ᠎ᠠ ᠪᠤᠯ᠄ ᠭᠡᠷᠴᠢᠮᠡᠯ ᠲᠦᠭᠦᠭᠡᠢ ᠮᠠᠲ᠋ᠧᠷᠢᠶᠠᠯ ᠢ ᠭᠠᠷ ᠲᠠᠭᠠᠨ ᠴᠢᠩᠭ᠎ᠠ ᠠᠳᠬᠤᠬᠤ ᠳᠤ ᠤᠰᠤ ᠲᠤᠰᠤᠯᠠᠵᠤ ᠪᠠᠶᠢᠪᠠᠯ ᠲᠡᠭᠦᠨ ᠤ ᠤᠰᠤᠨ ᠤ ᠠᠭᠤᠯᠤᠭᠳᠠᠴᠨ ᠶᠢᠨ ᠨᠤᠷᠮ᠎ᠠ ᠨᠢ 80% ᠠᠴᠠ ᠲᠡᠭᠡᠭᠰᠢ ᠪᠠᠶᠢᠬᠤ︔ ᠬᠤᠷᠤᠭᠤᠨ ᠵᠠᠪᠰᠠᠷ ᠢᠶᠠᠷ ᠰᠢᠭᠦᠰᠤ ᠨᠠᠪᠴᠢᠵᠤ ᠪᠠᠶᠢᠪᠠᠯ ᠲᠡᠭᠦᠨ ᠤ ᠤᠰᠤᠨ ᠤ ᠠᠭᠤᠯᠤᠭᠳᠠᠴᠨ ᠶᠢᠨ ᠨᠤᠷᠮ᠎ᠠ ᠨᠢ 70% ᠤᠷᠴᠢᠮ ᠪᠠᠶᠢᠬᠤ︔ ᠬᠤᠷᠤᠭᠤᠨ ᠵᠠᠪᠰᠠᠷ ᠢᠶᠠᠷ ᠰᠢᠭᠦᠰᠤ ᠨᠡᠪᠴᠢᠭᠦ ᠦᠭᠡᠢ ᠪᠠᠶᠢᠬᠤ ᠪᠤᠯᠪᠠᠴᠤ ᠠᠳᠬᠤᠬᠤ ᠪᠠᠨ ᠰᠤᠯᠠᠷᠠᠭᠤᠯᠬᠤ ᠳᠤ ᠠᠯᠠᠭᠠᠨ ᠲᠡᠭᠡᠷ᠎ᠡ ᠮᠠᠰᠢ ᠢᠯᠡᠷᠭᠡᠢ ᠤᠰᠤ ᠲᠠᠢ ᠪᠠᠶᠢᠪᠠᠯ ᠲᠡᠭᠦᠨ ᠤ ᠤᠰᠤᠨ ᠤ ᠠᠭᠤᠯᠤᠭᠳᠠᠴᠨ ᠶᠢᠨ ᠨᠤᠷᠮ᠎ᠠ ᠨᠢ 60% ᠤᠷᠴᠢᠮ ᠪᠠᠶᠢᠬᠤ︔ ᠠᠯᠠᠭᠠᠨ ᠲᠡᠭᠡᠷ᠎ᠡ ᠤᠰᠤ ᠲᠠᠢ ᠭᠡᠷᠡᠯ ᠤᠶᠢᠵᠤ ᠪᠠᠶᠢᠪᠠᠯ ᠲᠡᠭᠦᠨ ᠤ ᠤᠰᠤᠨ ᠤ ᠠᠭᠤᠯᠤᠭᠳᠠᠴᠨ ᠶᠢᠨ ᠨᠤᠷᠮ᠎ᠠ ᠨᠢ ᠪᠠᠷᠤᠭ 50% ᠤᠷᠴᠢᠮ ᠪᠠᠶᠢᠬᠤ ᠶᠢ ᠵᠢᠱᠢᠵᠤ ᠪᠤᠯᠤᠨ᠎ᠠ᠃ ᠤᠰᠤᠨ ᠤ ᠠᠭᠤᠯᠤᠭᠳᠠᠴᠨ ᠶᠢ ᠤᠨᠤᠪᠴᠢᠳᠠᠢ ᠭᠡᠮᠵᠢᠨ ᠲᠤᠠᠠᠳᠠᠭᠠᠬᠤ ᠳᠤ ᠤᠯᠤᠰ ᠤᠨ ᠬᠠᠤᠯᠢ ᠶᠢᠨ ᠪᠠᠷᠢᠮᠵᠢᠶᠠᠨ ᠤ ᠦᠯᠢᠭᠡᠷ ᠭᠡᠪ ᠠᠪᠬᠤ ᠪᠡ ᠤᠰᠤ ᠶᠢ ᠭᠡᠮᠵᠢᠨ ᠲᠤᠠᠠᠳᠠᠭᠠᠬᠤ ᠶᠢ ᠭᠡᠷᠡᠭᠯᠡᠭᠦ ᠴᠢᠬᠤᠯᠠ ᠲᠠᠢ᠃ ᠤᠰᠤᠨ ᠤ ᠠᠭᠤᠯᠤᠭᠳᠠᠴᠨ ᠶᠢᠨ ᠨᠤᠷᠮ᠎ᠠ ᠭᠡᠳᠦᠷᠭᠡᠢ ᠦᠨᠳᠤᠷ ᠦᠶᠡᠰ ᠲᠦᠭᠦᠭᠡᠢ ᠮᠠᠲ᠋ᠧᠷᠢᠶᠠᠯ ᠢᠶᠠᠨ ᠰᠡᠭᠦᠳᠡᠷ ᠲᠤ ᠬᠠᠳᠠᠭᠠᠬᠤ ᠪᠤᠶᠤ ᠵᠤᠭᠢᠰᠳᠡᠢ ᠬᠠᠭᠤᠷᠠᠢ ᠡᠪᠡᠰᠤ ᠨᠡᠮᠡᠵᠤ ᠪᠤᠯᠤᠨ᠎ᠠ᠃ ᠤᠰᠤᠨ ᠤ ᠠᠭᠤᠯᠤᠭᠳᠠᠴᠨ ᠨᠢ ᠲᠤᠤᠷ᠎ᠠ ᠦᠶᠡᠰ ᠨᠠᠮᠠᠯᠳᠡ ᠶᠢᠨ ᠭᠡᠮᠵᠢᠶ᠎ᠠ ᠶᠢ ᠪᠤᠳᠤᠨ ᠲᠦᠰᠦᠭᠡᠯᠡᠵᠤ᠂ ᠵᠢᠭᠳᠡ ᠳᠤᠨᠢ ᠤᠰᠤ ᠰᠠᠴᠤᠵᠤ᠂ ᠲᠦᠭᠦᠭᠡᠢ ᠮᠠᠲ᠋ᠧᠷᠢᠶᠠᠯ ᠤᠨ ᠤᠰᠤᠨ ᠤ ᠠᠭᠤᠯᠤᠭᠳᠠᠴᠨ ᠶᠢᠨ ᠨᠤᠷᠮ᠎ᠠ ᠶᠢ ᠱᠠᠭᠠᠷᠳᠠᠯᠭ᠎ᠠ ᠳᠤ ᠭᠦᠷᠦᠭᠦᠯᠵᠤ ᠪᠤᠯᠤᠨ᠎ᠠ᠃
︵2︶ ᠠᠭᠤᠰᠤᠮᠠᠬᠠᠢ ᠴᠢᠨᠠᠷ ᠤᠨ ᠨᠡᠭᠦᠷᠡᠰᠤ ᠤᠰᠤᠨ ᠤ ᠨᠢᠭᠡᠳᠪᠤᠷᠢ ᠶᠢᠨ ᠠᠭᠤᠯᠤᠭᠳᠠᠴᠨ᠄ ᠬᠦᠬᠡ ᠲᠠᠷᠤᠰᠢ ᠪᠤᠷᠳᠤᠭ᠎ᠠ ᠶᠢᠨ ᠲᠤᠭᠢᠷᠠᠮᠵᠢᠳᠡᠢ ᠲᠦᠭᠦᠭᠡᠢ ᠮᠠᠲ᠋ᠧᠷᠢᠶᠠᠯ ᠤᠨ ᠠᠭᠤᠰᠤᠮᠠᠬᠠᠢ ᠴᠢᠨᠠᠷ ᠤᠨ ᠨᠡᠭᠦᠷᠡᠰᠤ ᠤᠰᠤᠨ ᠤ ᠨᠢᠭᠡᠳᠪᠤᠷᠢ ᠡᠳ᠋ ᠨᠢ ᠶᠠᠷᠦᠩᠭᠡᠢ ᠳᠡᠭᠡᠨ ᠲᠠᠵᠢᠭᠡᠯ ᠪᠤᠷᠳᠤᠭᠠᠨ ᠤ ᠬᠠᠭᠤᠷᠠᠢ ᠡᠳ᠋ ᠤᠨ 10% ᠠᠴᠠ ᠲᠡᠭᠡᠭᠰᠢᠭᠢ ᠶᠢ ᠡᠵᠡᠯᠡᠭᠦ ᠪᠤᠶᠤ ᠨᠦᠢᠳᠡᠨ ᠤ ᠭᠦᠨᠳᠤ ᠨᠢ 3% ᠠᠴᠠ ᠲᠡᠭᠡᠭᠰᠢ ᠪᠠᠶᠢᠬᠤ ᠭᠡᠷᠡᠭᠳᠡᠢ᠃
︵3︶ ᠲᠦᠭᠦᠭᠡᠢ ᠮᠠᠲ᠋ᠧᠷᠢᠶᠠᠯ ᠤᠨ ᠴᠢᠨᠠᠷ ᠤᠨ ᠲᠠᠯ᠎ᠠ ᠪᠠᠷ ᠲᠠᠷᠤᠰᠢᠭᠤᠯᠤᠯ ᠤᠨ ᠲᠦᠭᠦᠭᠡᠢ ᠮᠠᠲ᠋ᠧᠷᠢᠶᠠᠯ ᠨᠢ ᠪᠤᠭᠢᠷᠳᠤᠯ ᠦᠭᠡᠢ᠂ ᠢᠯᠵᠠᠷᠠᠯ ᠦᠭᠡᠢ᠂ ᠰᠢᠪᠠᠷ ᠰᠢᠷᠤᠢ ᠦᠭᠡᠢ ᠪᠠᠶᠢᠬᠤ ᠭᠡᠷᠡᠭᠳᠡᠢ᠃
3. ᠭᠦᠭᠡ ᠲᠠᠷᠤᠰᠢ ᠪᠤᠷᠳᠤᠭ᠎ᠠ ᠶᠢᠨ ᠲᠦᠭᠦᠭᠡᠢ ᠮᠠᠲ᠋ᠧᠷᠢᠶᠠᠯ ᠳᠤ ᠭᠡᠳᠦᠨ ᠲᠦᠷᠦᠯ ᠵᠦᠢᠯ ᠪᠠᠶᠢᠬᠤ ᠪᠤᠢ︖
ᠬᠦᠬᠡ ᠲᠠᠷᠤᠰᠢ ᠪᠤᠷᠳᠤᠭ᠎ᠠ ᠭᠢᠵᠤ ᠪᠤᠯᠬᠤ ᠲᠦᠭᠦᠭᠡᠢ ᠮᠠᠲ᠋ᠧᠷᠢᠶᠠᠯ ᠳᠤ ᠮᠠᠰᠢ ᠤᠯᠠᠨ ᠲᠦᠷᠦᠯ ᠵᠦᠢᠯ ᠪᠠᠶᠢᠨ᠎ᠠ᠃ ᠪᠠᠶᠢᠡᠭᠭᠤ ᠭᠡᠷᠡᠭᠯᠡᠳᠡᠭ ᠨᠢ ᠭᠤᠤᠯ ᠨᠢ ᠲᠤᠤᠷᠠᠭᠢ ᠮᠡᠳᠤ ᠭᠡᠳᠦᠨ ᠲᠦᠷᠦᠯ ᠪᠤᠯᠤᠨ᠎ᠠ᠃
︵1︶ ᠦᠶᠡᠳᠤ ᠤᠷᠭᠤᠮᠠᠯ ᠤᠨ ᠢᠵᠠᠭᠤᠷ ᠤᠨ ᠠᠮᠤ ᠪᠤᠳᠠᠭᠠᠨ ᠤ ᠲᠠᠷᠢᠮᠡᠯ ᠵᠢᠴᠢ ᠡᠰᠢ ᠭᠤᠤᠷᠰᠤ᠄ ᠡᠭᠦᠨ ᠳᠤ ᠠᠷᠪᠡᠢ᠂ ᠪᠤᠭᠤᠳᠠᠢ᠂ ᠲᠤᠳᠤᠷᠭ᠎ᠠ᠂ ᠪᠦᠭᠦᠯᠢ ᠡᠰᠢᠳᠤ ᠡᠷᠳᠡᠨᠢ ᠰᠢᠰᠢ᠂ ᠰᠢᠰᠢ᠂ ᠡᠷᠳᠡᠨᠢ ᠰᠢᠰᠢ ᠶᠢᠨ ᠡᠰᠢ᠂ ᠰᠢᠰᠢ ᠶᠢᠨ ᠭᠤᠤᠷᠰᠤ ᠵᠡᠷᠭᠡ ᠪᠠᠭᠳᠠᠨ᠎ᠠ᠃
︵2︶ ᠦᠶᠡᠳᠤ ᠤᠷᠭᠤᠮᠠᠯ ᠤᠨ ᠢᠵᠠᠭᠤᠷ ᠤᠨ ᠡᠪᠡᠰᠤ᠄ ᠡᠭᠦᠨ ᠳᠤ ᠬᠠᠷ᠎ᠠ ᠪᠤᠭᠤᠳᠠᠢ ᠶᠢᠨ ᠰᠦᠷᠡᠯ᠂ ᠭᠢᠶᠠᠭ᠂ ᠰᠦᠳᠡᠨ ᠡᠪᠡᠰᠤ ᠵᠡᠷᠭᠡ ᠪᠠᠭᠳᠠᠨ᠎ᠠ᠃
︵3︶ ᠪᠤᠷᠴᠠᠭ ᠤᠨ ᠢᠵᠠᠭᠤᠷ ᠤᠨ ᠡᠪᠡᠰᠤ᠄ ᠡᠭᠦᠨ ᠳᠤ ᠴᠠᠷᠭᠠᠰᠤ᠂ ᠬᠤᠰᠢᠶᠠᠩᠭᠤᠷ᠂ ᠬᠦᠴᠢᠩᠬᠢ᠂ ᠮᠤᠷᠢᠨ ᠬᠤᠨᠴᠢᠷ ᠵᠡᠷᠭᠡ ᠪᠠᠭᠳᠠᠨ᠎ᠠ᠃ ᠪᠤᠷᠴᠠᠭ ᠤᠨ ᠢᠵᠠᠭᠤᠷ ᠤᠨ ᠡᠪᠡᠰᠤ ᠶᠢ ᠲᠠᠩ ᠢᠶᠠᠷ ᠨᠢ ᠲᠠᠷᠤᠰᠢᠭᠤᠯᠵᠤ ᠪᠤᠯᠬᠤ ᠦᠭᠡᠢ᠂ ᠡᠷᠭᠡᠪᠰᠢ ᠦᠶᠡᠳᠤ ᠤᠷᠭᠤᠮᠠᠯ ᠤᠨ ᠢᠵᠠᠭᠤᠷ ᠤᠨ ᠡᠪᠡᠰᠤ ᠪᠤᠶᠤ ᠠᠮᠤ ᠪᠤᠳᠠᠭᠠᠨ ᠤ ᠲᠠᠷᠢᠮᠡᠯ ᠲᠠᠢ ᠬᠤᠯᠢᠨ ᠲᠠᠷᠤᠰᠢᠭᠤᠯᠵᠤ᠂ ᠬᠤᠯᠢᠨ ᠲᠠᠷᠤᠰᠢᠭᠤᠯᠬᠤ ᠬᠠᠷᠢᠴᠠᠯ ᠢ ᠨᠢ ᠨᠢᠭᠡ ᠬᠤᠪᠢ ᠪᠤᠷᠴᠠᠭ ᠤᠨ ᠢᠵᠠᠭᠤᠷ ᠤᠨ ᠡᠪᠡᠰᠤ᠂ 2 ᠬᠤᠪᠢ ᠦᠶᠡᠳᠤ ᠤᠷᠭᠤᠮᠠᠯ ᠤᠨ ᠢᠵᠠᠭᠤᠷ ᠤᠨ ᠡᠪᠡᠰᠤ ᠪᠤᠶᠤ ᠠᠮᠤ ᠪᠤᠳᠠᠭᠠᠨ ᠤ ᠲᠠᠷᠢᠮᠠᠯ ᠪᠠᠶᠢᠯᠭᠠᠬᠤ ᠭᠡᠷᠡᠭᠳᠡᠢ᠃
︵4︶ ᠨᠤᠭᠤᠭ᠎ᠠ ᠴᠠᠭ᠎ᠠ᠄ ᠵᠢᠱᠢᠶᠡᠯᠡᠪᠡᠯ ᠪᠦᠭᠡᠷᠡᠩᠬᠡᠢ ᠡᠰᠢᠳᠤ ᠨᠤᠭᠤᠭ᠎ᠠ᠂ ᠰᠢᠷ᠎ᠠ ᠯᠤᠤᠪᠠᠩ᠂ ᠰᠢᠷ᠎ᠠ ᠯᠤᠤᠪᠠᠩ ᠤᠨ ᠨᠠᠪᠴᠢ᠂ ᠴᠠᠭᠠᠨ ᠨᠤᠭᠤᠭ᠎ᠠ ᠶᠢᠨ ᠨᠠᠪᠴᠢ᠂ ᠠᠮᠳᠠᠳᠤ ᠲᠦᠮᠦᠰᠤᠨ ᠤ ᠤᠷᠢᠶᠠᠩᠭᠤ ᠵᠡᠷᠭᠡ ᠪᠤᠢ᠃ ᠨᠤᠭᠤᠭ᠎ᠠ ᠴᠠᠭ᠎ᠠ ᠶᠢᠨ ᠲᠦᠷᠦᠯ ᠤᠨ ᠲᠠᠷᠤᠰᠢᠭᠤᠯᠤᠯ ᠤᠨ ᠲᠦᠭᠦᠭᠡᠢ ᠮᠠᠲ᠋ᠧᠷᠢᠶᠠᠯ ᠨᠢ ᠶᠠᠷᠦᠩᠭᠡᠢ ᠳᠡᠭᠡᠨ ᠤᠰᠤᠨ ᠤ ᠠᠭᠤᠯᠤᠭᠳᠠᠴᠨ ᠶᠢᠨ ᠭᠡᠮᠵᠢᠶ᠎ᠠ ᠨᠢ ᠶᠡᠭᠡ ᠪᠠᠶᠢᠳᠠᠭ ᠪᠤᠯᠬᠤᠷ ᠡᠭ᠍ᠰᠢᠬᠡᠭᠦ ᠪᠤᠶᠤ ᠤᠰᠤᠨ ᠤ ᠠᠭᠤᠯᠤᠭᠳᠠᠴᠨ ᠪᠠᠷ ᠨᠡᠯᠢᠶᠡᠳ ᠪᠠᠭ᠎ᠠ ᠲᠦᠭᠦᠭᠡᠢ ᠮᠠᠲ᠋ᠧᠷᠢᠶᠠᠯ ᠵᠢᠱᠢᠶᠡᠯᠡᠪᠡᠯ ᠠᠭ᠎ᠠ ᠭᠡᠪᠡᠭ᠂ ᠬᠠᠭᠤᠷᠠᠢ ᠡᠪᠡᠰᠤᠨ ᠤ ᠭᠡᠮᠭᠡᠳᠡᠭ᠂ ᠬᠠᠭᠤᠷᠠᠢ ᠡᠰᠢ ᠭᠤᠤᠷᠰᠤ ᠶᠢᠨ ᠵᠦᠢᠯ ᠢ ᠨᠡᠮᠡᠭᠦ ᠭᠡᠷᠡᠭᠳᠡᠢ᠃
ᠡᠭᠦᠨ ᠠᠴᠠ ᠭᠠᠳᠠᠨ᠎ᠠ ᠬᠦᠬᠡ ᠲᠠᠷᠤᠰᠢ ᠶᠢᠨ ᠲᠦᠭᠦᠭᠡᠢ ᠮᠠᠲ᠋ᠧᠷᠢᠶᠠᠯ ᠤᠨ ᠵᠠᠷᠢᠮ ᠲᠤᠳᠠᠮᠠᠭ ᠲᠠᠯ᠎ᠠ ᠶᠢ ᠨᠦᠭᠦᠪᠤᠷᠢᠯᠡᠵᠤ᠂ ᠬᠦᠬᠡ ᠲᠠᠷᠤᠰᠢ ᠪᠤᠷᠳᠤᠭ᠎ᠠ ᠶᠢᠨ ᠶᠠᠰᠤ ᠴᠢᠨᠠᠷ ᠢ ᠪᠠᠳᠤᠯᠠᠬᠤ ᠶᠢᠨ ᠲᠤᠰᠠᠳᠠ ᠨᠠᠶᠢᠷᠠᠭᠤᠯᠬᠤ ᠶᠠᠪᠤᠴᠠ ᠳᠠᠭᠠᠨ ᠰᠦᠨ ᠭᠦᠴᠢᠯ᠂ ᠢᠰᠭᠡᠭᠦᠷ ᠡᠳ᠋ ᠵᠡᠷᠭᠡ ᠢᠰᠭᠡᠯᠳᠡ ᠠᠭᠢᠭᠤᠯᠬᠤ ᠡᠳ᠋ ᠢ ᠨᠡᠮᠡᠵᠤ᠂ ᠢᠳᠡᠭᠡᠨ ᠤ ᠲᠠᠪᠤᠰᠤ ᠵᠡᠷᠭᠡ ᠢᠰᠦᠯᠳᠡ ᠶᠢ ᠬᠤᠷᠢᠠᠠᠯᠠᠬᠤ ᠡᠳ᠋ ᠪᠤᠯᠤᠨ ᠡᠷᠤᠳᠡᠰᠤᠨ ᠪᠤᠳᠠᠰ ᠵᠡᠷᠭᠡ ᠰᠢᠮ᠎ᠠ ᠲᠡᠵᠢᠭᠡᠯ ᠤᠨ ᠡᠳ᠋ ᠢ ᠨᠡᠮᠡᠭᠦ ᠭᠡᠷᠡᠭᠳᠡᠢ᠃ ᠡᠨᠡ ᠪᠤᠯ ᠲᠠᠷᠤᠰᠢᠭᠤᠯᠤᠯ ᠤᠨ ᠨᠡᠮᠡᠯᠳᠡ ᠡᠳ᠋ ᠪᠤᠯᠤᠨ᠎ᠠ᠃
4. ᠭᠦᠭᠡ ᠲᠠᠷᠤᠰᠢ ᠪᠤᠷᠳᠤᠭ᠎ᠠ ᠶᠢᠨ ᠲᠦᠭᠦᠭᠡᠢ ᠮᠠᠲ᠋ᠧᠷᠢᠶᠠᠯ ᠢ ᠴᠠᠭ ᠲᠤᠬᠠᠢ ᠳᠤᠨᠢ ᠲᠤᠭᠢᠷᠠᠭᠤᠯᠤᠨ ᠬᠤᠷᠢᠶᠠᠬᠤ ᠨᠢ ᠶᠠᠮᠠᠷ ᠠᠴᠢ ᠬᠤᠯᠪᠤᠠᠠᠳᠠᠯ ᠲᠠᠢ ᠪᠤᠢ︖ ᠭᠡᠳᠦᠢ ᠳᠤ ᠬᠠᠳᠤᠵᠤ ᠬᠤᠷᠢᠶᠠᠪᠠᠯ ᠲᠤᠭᠢᠷᠠᠮᠵᠢᠳᠡᠢ ᠪᠤᠢ︖
ᠭᠦᠭᠡ ᠲᠠᠷᠤᠰᠢ ᠪᠤᠷᠳᠤᠭ᠎ᠠ ᠶᠢᠨ ᠲᠦᠭᠦᠭᠡᠢ ᠮᠠᠲ᠋ᠧᠷᠢᠶᠠᠯ ᠢ ᠴᠠᠭ ᠲᠤᠨᠢ ᠲᠤᠭᠢᠷᠠᠭᠤᠯᠤᠨ ᠬᠠᠳᠤᠬᠤ ᠨᠢ ᠲᠠᠯᠠᠪᠠᠢ ᠨᠢᠭᠡᠴᠢ ᠶᠢᠨ ᠬᠠᠮᠤᠭ ᠤᠨ ᠶᠡᠭᠡ ᠰᠢᠮ᠎ᠠ ᠲᠡᠵᠢᠭᠡᠯ ᠤᠨ ᠪᠤᠳᠠᠰ ᠤᠨ ᠭᠠᠷᠤᠯᠳᠠ ᠶᠢ ᠲᠡᠭᠡᠭᠰᠢᠯᠡᠭᠦᠯᠭᠦ ᠮᠦᠷᠳᠡᠭᠡᠨ ᠪᠠᠰᠠ ᠤᠰᠤᠨ ᠤ ᠭᠡᠮᠵᠢᠶ᠎ᠠ ᠪᠤᠯᠤᠨ ᠠᠭᠤᠰᠤᠮᠠᠬᠠᠢ ᠴᠢᠨᠠᠷ ᠤᠨ ᠨᠡᠭᠦᠷᠡᠰᠤ ᠤᠰᠤᠨ ᠤ ᠨᠢᠭᠡᠳᠪᠤᠷᠢ ᠡᠳ᠋ ᠤᠨ ᠲᠤᠭᠢᠳᠡᠢ ᠠᠭᠤᠯᠤᠭᠳᠠᠴᠨ ᠶᠢ ᠪᠠᠳᠤᠯᠠᠵᠤ᠂ ᠰᠦᠨ ᠭᠦᠴᠢᠯ ᠤᠨ ᠮᠦᠭᠦ ᠶᠢᠨ ᠦᠷᠡᠵᠢᠯ ᠳᠤ ᠠᠰᠢᠠᠠᠳᠠᠢ ᠪᠦᠭᠡᠳ ᠰᠢᠯᠢᠳᠡᠭ ᠴᠢᠨᠠᠷ ᠤᠨ ᠲᠠᠷᠤᠰᠢᠭᠤᠯᠤᠯ ᠪᠤᠷᠳᠤᠭ᠎ᠠ ᠶᠢ ᠠᠮᠠᠷᠬᠠᠨ ᠭᠢᠵᠤ ᠴᠢᠳᠠᠨ᠎ᠠ᠃ ᠵᠠᠷᠴᠢᠮ ᠨᠢ ᠭᠡᠪᠡᠯ ᠤᠷᠢᠳᠴᠢᠯᠠᠬᠤ ᠠᠴᠠ ᠪᠢᠰᠢ ᠬᠤᠵᠢᠮᠳᠠᠭᠤᠯᠬᠤ ᠦᠭᠡᠢ᠂ ᠬᠠᠳᠤᠮᠬᠠᠴᠠ ᠪᠠᠨ ᠲᠠᠷᠤᠰᠢᠭᠤᠯᠬᠤ ᠭᠡᠷᠡᠭᠳᠡᠢ᠃
︵1︶ ᠪᠦᠭᠦᠯᠢ ᠡᠰᠢᠳᠤ ᠡᠷᠳᠡᠨᠢ ᠰᠢᠰᠢ᠄ ᠡᠨᠡ ᠨᠢ ᠲᠦᠷᠦᠭᠦᠤ ᠪᠤᠯᠤᠨ ᠡᠰᠢ ᠶᠢ ᠨᠢ ᠴᠦᠮ ᠭᠦᠭᠡ ᠲᠠᠷᠤᠰᠢ ᠪᠤᠷᠳᠤᠭ᠎ᠠ ᠶᠢᠨ ᠲᠦᠭᠦᠭᠡᠢ ᠮᠠᠲ᠋ᠧᠷᠢᠶᠠᠯ ᠪᠤᠯᠭᠠᠬᠤ ᠶᠢ ᠵᠢᠭᠠᠵᠤ ᠪᠠᠶᠢᠨ᠎ᠠ᠃ ᠲᠤᠭᠢᠷᠠᠮᠵᠢᠳᠡᠢ ᠬᠠᠳᠤᠬᠤ ᠬᠤᠭᠤᠴᠠᠭ᠎ᠠ ᠨᠢ ᠪᠤᠯ ᠡᠷᠳᠡᠨᠢ ᠰᠢᠰᠢ ᠶᠢᠨ ᠲᠦᠷᠦᠭᠦᠤ ᠨᠢ ᠴᠠᠶᠢᠷᠠᠨ ᠪᠤᠯᠪᠠᠰᠤᠷᠠᠬᠤ ᠶᠢᠨ ᠰᠡᠭᠦᠯᠴᠢ ᠶᠢᠨ ᠬᠤᠭᠤᠴᠠᠭ᠎ᠠ ᠪᠤᠶᠤ ᠰᠢᠷᠠᠯᠠᠨ ᠪᠤᠯᠪᠠᠰᠤᠷᠠᠬᠤ ᠶᠢᠨ ᠡᠮᠦᠨᠡᠭᠢ ᠬᠤᠭᠤᠴᠠᠭᠠᠨ ᠳᠤ ᠬᠠᠳᠤᠪᠠᠯ ᠮᠠᠰᠢ ᠰᠠᠶᠢᠨ᠃ ᠶᠠᠷᠦᠩᠭᠡᠢ ᠳᠡᠭᠡᠨ ᠡᠷᠳᠡᠨᠢ ᠰᠢᠰᠢ ᠶᠢᠨ ᠮᠦᠭᠦᠯᠢᠭ ᠨᠢ ᠭᠦᠢᠴᠡᠳ ᠪᠤᠯᠪᠠᠰᠤᠷᠠᠬᠤ ᠠᠴᠠ 10~15 ᠡᠳᠤᠷ ᠤᠨ ᠡᠮᠦᠨ᠎ᠠ ᠬᠠᠳᠤᠨ᠎ᠠ᠃
︵2︶ ᠡᠷᠳᠡᠨᠢ ᠰᠢᠰᠢ ᠶᠢᠨ ᠡᠰᠢ ᠭᠤᠤᠷᠰᠤ᠄ ᠡᠷᠳᠡᠨᠢ ᠰᠢᠰᠢ ᠶᠢᠨ ᠦᠷ᠎ᠡ ᠮᠦᠭᠦᠯᠢᠭ ᠤᠨ ᠶᠠᠰᠤ ᠴᠢᠨᠠᠷ ᠢ ᠨᠦᠯᠦᠭᠡᠯᠡᠭᠦ ᠦᠭᠡᠢ ᠤᠷᠢᠳᠠᠯ ᠲᠤᠤᠷ᠎ᠠ ᠭᠡᠳᠦᠢ ᠡᠷᠳᠡ ᠬᠠᠳᠤᠪᠠᠯ ᠲᠠᠳᠦᠢ ᠰᠠᠶᠢᠨ ᠪᠠᠶᠢᠳᠠᠭ᠃
︵3︶ ᠦᠶᠡᠳᠤ ᠤᠷᠭᠤᠮᠠᠯ ᠤᠨ ᠢᠵᠠᠭᠤᠷ ᠤᠨ ᠡᠪᠡᠰᠤ ᠪᠤᠶᠤ ᠲᠠᠷᠢᠮᠠᠯ᠄ ᠲᠦᠷᠦᠭᠦᠳᠤᠬᠦ ᠬᠤᠭᠤᠴᠠᠭ᠎ᠠ ᠠᠴᠠ ᠲᠦᠷᠦᠭᠦᠤ ᠪᠦᠭᠡᠯᠵᠢᠭᠦ ᠬᠤᠭᠤᠴᠠᠭᠠᠨ ᠳᠤᠨᠢ ᠬᠠᠳᠤᠵᠤ ᠲᠠᠷᠤᠰᠢᠭᠤᠯᠤᠨ᠎ᠠ᠃
︵4︶ ᠠᠮᠳᠠᠳᠤ ᠲᠦᠮᠦᠰᠤ ᠶᠢᠨ ᠤᠷᠢᠶᠠᠩᠭᠤ᠄ ᠰᠢᠭᠦᠳᠡᠷᠢ ᠪᠠᠭᠤᠬᠤ ᠠᠴᠠ ᠡᠮᠦᠨ᠎ᠠ ᠪᠤᠶᠤ ᠠᠮᠳᠠᠳᠤ ᠲᠦᠮᠦᠰᠤ ᠶᠢ ᠬᠤᠷᠢᠶᠠᠬᠤ ᠠᠴᠠ ᠭᠡᠳᠦᠨ ᠡᠳᠤᠷ ᠤᠨ ᠡᠮᠦᠨ᠎ᠠ ᠬᠠᠳᠤᠵᠤ ᠲᠠᠷᠤᠰᠢᠭᠤᠯᠤᠨ᠎ᠠ᠃
︵5︶ ᠪᠤᠷᠴᠠᠭ ᠤᠨ ᠢᠵᠠᠭᠤᠷ ᠤᠨ ᠡᠪᠡᠰᠤ ᠠᠩᠬ᠎ᠠ ᠴᠡᠴᠡᠭᠯᠡᠭᠦ ᠦᠶ᠎ᠠ ᠳᠤᠨᠢ ᠬᠠᠳᠤᠨ᠎ᠠ᠃
5. ᠲᠠᠷᠤᠰᠢᠭᠤᠯᠬᠤ ᠳᠤ ᠶᠠᠮᠠᠷ ᠭᠤᠤᠯ ᠮᠡᠷᠭᠡᠵᠢᠯ ᠤᠨ ᠪᠡᠯᠡᠳᠭᠡᠮᠵᠢ ᠪᠠᠶᠢᠬᠤ ᠪᠤᠢ︖
ᠲᠠᠵᠢᠭᠡᠯ ᠪᠤᠷᠳᠤᠭ᠎ᠠ ᠲᠠᠷᠤᠰᠢᠭᠤᠯᠬᠤ ᠲᠠᠯᠠᠪᠤᠷ ᠢᠶᠠᠨ ᠢᠯᠴᠢ ᠰᠠᠶᠢᠳᠠᠢ ᠦᠨᠳᠤᠷ ᠬᠠᠭᠤᠷᠠᠢ᠂ ᠭᠦᠷᠦᠰᠤᠨ ᠤ ᠴᠢᠨᠠᠷ ᠨᠢ ᠬᠠᠳᠠᠭᠤᠯᠢᠭ᠂ ᠤᠰᠤᠨ ᠲᠦᠪᠰᠢᠨ ᠲᠤᠤᠷ᠎ᠠ᠂ ᠮᠠᠯ ᠤᠨ ᠬᠠᠰᠢᠶ᠎ᠠ ᠰᠠᠷᠠᠪᠴᠢ ᠠᠴᠠ ᠤᠶᠢᠷᠠᠬᠠᠨ᠂ ᠤᠰᠤᠨ ᠰᠤᠷᠪᠤᠯᠵᠢ ᠪᠤᠯᠤᠨ ᠵᠤᠷᠯᠤᠩ ᠠᠴᠠ ᠵᠠᠶᠢᠳᠠᠭᠤ ᠭᠠᠵᠠᠷ ᠲᠤ ᠪᠠᠶᠢᠭᠤᠯᠵᠤ᠂ ᠪᠠᠳᠤ ᠪᠠᠭᠢᠯᠢᠭ᠌᠂ ᠭᠡᠢ ᠤᠷᠤᠬᠤ ᠦᠭᠡᠢ᠂ ᠤᠰᠤ ᠭᠤᠭᠤᠵᠢᠬᠤ ᠦᠭᠡᠢ ᠪᠠᠶᠢᠯᠭᠠᠬᠤ ᠭᠡᠷᠡᠭᠳᠡᠢ᠃ ᠲᠤᠳᠤᠷᠠᠭᠢ ᠨᠢ ᠭᠦᠯᠢᠭᠡᠷ ᠲᠡᠭᠰᠢᠭᠡᠨ᠂ ᠵᠤᠭᠤᠷᠢ ᠶᠢᠨ ᠭᠡᠷᠡᠮ ᠨᠢ ᠵᠤᠭᠢᠬᠤ ᠵᠢᠰᠢᠭᠦᠤ ᠭᠡᠮᠵᠢᠶ᠎ᠠ ᠲᠠᠢ᠂ ᠲᠡᠭᠡᠷ᠎ᠡ ᠪᠠᠨ ᠦᠷᠭᠡᠨ᠂ ᠢᠷᠤᠭᠠᠷ ᠨᠢ ᠨᠠᠷᠢᠨ᠂ ᠰᠠᠭᠤᠷᠢ ᠨᠢ ᠡᠷᠭᠡᠪᠰᠢ ᠭᠠᠵᠠᠷ ᠲᠤᠤᠷᠠᠭᠢ ᠤᠰᠤᠨ ᠲᠦᠪᠰᠢᠨ ᠠᠴᠠ 0.5m ᠲᠡᠭᠡᠷ᠎ᠡ ᠪᠠᠶᠢᠯᠭᠠᠵᠤ᠂ ᠭᠠᠵᠠᠷ ᠲᠤᠤᠷᠠᠭᠢ ᠤᠰᠤ ᠰᠢᠮᠡᠳᠭᠦ ᠠᠴᠠ ᠰᠡᠷᠭᠡᠶᠢᠯᠡᠭᠦ ᠭᠡᠷᠡᠭᠳᠡᠢ᠃ ᠭᠤᠤᠯ ᠪᠤᠯᠬᠤ ᠮᠡᠷᠭᠡᠵᠢᠯ ᠤᠨ ᠪᠡᠯᠡᠳᠭᠡᠮᠵᠢ ᠨᠢ ᠭᠡᠪᠡᠯ ᠲᠤᠤᠷᠠᠭᠢ ᠮᠡᠳᠤ ᠭᠡᠳᠦᠨ ᠵᠦᠢᠯ ᠪᠠᠶᠢᠨ᠎ᠠ᠃
︵1︶ ᠲᠠᠷᠤᠰᠢᠭᠤᠯᠬᠤ ᠰᠤᠪᠤᠷᠭ᠎ᠠ᠄ ᠤᠯᠠᠩᠭᠢ ᠳᠠᠭᠠᠨ ᠲᠤᠭᠤᠰᠬ᠎ᠠ ᠴᠢᠯᠠᠭᠤ ᠪᠤᠯᠤᠨ ᠱᠦᠢᠨᠢ ᠪᠠᠷ ᠪᠦᠮᠪᠤᠭᠡᠨ ᠭᠡᠯᠪᠡᠷᠢ ᠶᠢᠨ ᠦᠨᠳᠤᠷ ᠰᠤᠪᠤᠷᠭ᠎ᠠ ᠪᠠᠷᠢᠨ᠎ᠠ᠃ ᠵᠢᠷᠢᠭᠯᠡᠬᠦ ᠭᠡᠷᠡᠮ ᠤᠨ ᠲᠤᠳᠤᠷ᠎ᠠ 3m ᠦᠨᠳᠤᠷ ᠪᠦᠭᠦᠢ ᠭᠠᠵᠠᠷ ᠪᠦᠷᠢ ᠪᠤᠯᠤᠳ ᠰᠢᠷᠪᠤᠰᠤᠨ ᠪᠦᠰᠡ ᠲᠠᠢ ᠪᠠᠶᠢᠯᠭᠠᠨ᠎ᠠ᠃ ᠰᠤᠪᠤᠷᠭ᠎ᠠ ᠶᠢᠨ ᠦᠨᠳᠤᠷ ᠨᠢ ᠶᠠᠷᠦᠩᠭᠡᠢ ᠳᠡᠭᠡᠨ 12~17m᠂ ᠳ᠋ᠢᠶᠠᠮᠧᠲᠷ ᠢ ᠨᠢ 3.6~6m ᠪᠤᠶᠤ 8~20m ᠪᠠᠶᠢᠯᠭᠠᠵᠤ᠂ ᠤᠷᠤᠢ ᠳᠤᠨᠢ ᠱᠦᠢᠨᠢ ᠬᠠᠪᠬᠠᠭᠠᠰᠤ ᠲᠠᠭᠠᠷᠠᠭᠤᠯᠵᠤ᠂ ᠰᠤᠪᠤᠷᠭᠠᠨ ᠤ 5m ᠦᠨᠳᠤᠷ ᠭᠡᠰᠡᠭ ᠲᠤ ᠡᠪᠡᠰᠤ ᠤᠷᠤᠭᠤᠯᠬᠤ ᠠᠮᠠᠰᠠᠷ ᠭᠠᠷᠭᠠᠨ᠎ᠠ᠃ ᠲᠠᠷᠤᠰᠢᠭᠤᠯᠬᠤ ᠰᠤᠪᠤᠷᠭ᠎ᠠ ᠶᠢᠨ ᠲᠠᠪᠠᠭᠤᠯᠢᠭ ᠲᠠᠯ᠎ᠠ ᠨᠢ ᠭᠡᠪᠡᠯ ᠪᠠᠳᠤ ᠪᠠᠭᠢ᠂ ᠪᠦᠭᠡᠯᠢᠭ ᠪᠠᠶᠢᠵᠤ᠂ ᠭᠡᠷᠡᠭᠯᠡᠯᠳᠡ ᠨᠢ 20 ᠵᠢᠯ ᠤᠷᠴᠢᠮ ᠪᠠᠶᠢᠳᠠᠭ᠃ ᠲᠠᠷᠤᠰᠢᠭᠤᠯᠤᠯ ᠡᠳ᠋ ᠤᠨ ᠢᠯᠵᠡᠷᠠᠵᠤ ᠡᠪᠳᠡᠷᠡᠬᠦ ᠬᠤᠭᠢᠷᠠᠯ ᠤᠨ ᠨᠤᠷᠮ᠎ᠠ ᠨᠢ ᠲᠤᠤᠷ᠎ᠠ᠂ ᠭᠡᠷᠡᠭᠯᠡᠭᠦ ᠲᠤᠮᠳᠠ ᠴᠠᠭ ᠠᠭᠤᠷ ᠤᠨ ᠨᠦᠯᠦᠭᠡ ᠭᠦᠷᠳᠡᠭᠦ ᠨᠢ ᠨᠡᠯᠢᠶᠡᠳ ᠪᠠᠭ᠎ᠠ ᠪᠠᠶᠢᠳᠠᠭ᠃ ᠲᠤᠳ᠋ᠬᠠᠳᠠᠯ ᠲᠠᠢ ᠲᠠᠯ᠎ᠠ ᠨᠢ ᠭᠡᠪᠡᠯ ᠰᠤᠪᠤᠷᠭ᠎ᠠ ᠪᠠᠶᠢᠭᠤᠯᠬᠤ ᠳᠤ ᠵᠠᠷᠦᠳᠠᠯ ᠶᠡᠭᠡ ᠤᠷᠤᠳᠠᠭ᠃
︵2︶ ᠲᠠᠷᠤᠰᠢᠭᠤᠯᠬᠤ ᠵᠤᠭᠤᠷᠢ᠄ ᠲᠤᠭᠤᠷᠢᠭ᠂ ᠤᠷᠳᠤᠯᠵᠢᠨ᠂ ᠭᠠᠵᠠᠷ ᠲᠡᠭᠡᠷ᠎ᠡ᠂ ᠭᠠᠵᠠᠷ ᠲᠤᠤᠷ᠎ᠠ᠂ ᠬᠠᠭᠠᠰ ᠨᠢ ᠭᠠᠵᠠᠷ ᠲᠤᠤᠷ᠎ᠠ ᠵᠡᠷᠭᠡ ᠤᠯᠠᠨ ᠶᠠᠩᠵᠤ ᠭᠡᠯᠪᠡᠷᠢ ᠲᠠᠢ ᠪᠠᠶᠢᠳᠠᠭ᠃ ᠤᠷᠳᠤᠯᠵᠢᠨ ᠭᠡᠯᠪᠡᠷᠢ ᠶᠢᠨ ᠵᠤᠭᠤᠷᠢ ᠶᠢᠨ ᠲᠦᠷᠪᠡᠨ ᠦᠨᠴᠦᠭ ᠢ ᠨᠢ ᠡᠷᠭᠡᠪᠰᠢ ᠲᠤᠭᠤᠷᠢᠭ ᠨᠤᠮᠤᠨ ᠭᠡᠯᠪᠡᠷᠢ ᠲᠠᠢ ᠪᠠᠶᠢᠯᠭᠠᠵᠤ᠂ ᠲᠠᠷᠤᠰᠢᠭᠤᠯᠬᠤ ᠡᠳ᠋ ᠲᠤᠷᠤᠠᠠᠰᠢ ᠰᠠᠭᠤᠠᠠᠳᠠᠵᠤ᠂ ᠦᠯᠡᠳᠡᠪᠤᠷᠢ ᠭᠡᠢ ᠪᠡᠶᠡᠳᠤ ᠭᠠᠳᠠᠭᠰᠢᠯᠠᠬᠤ ᠳᠤ ᠠᠰᠢᠠᠠᠳᠠᠢ ᠪᠤᠯᠭᠠᠬᠤ ᠭᠡᠷᠡᠭᠳᠡᠢ᠃ ᠭᠠᠵᠠᠷ ᠲᠤᠤᠷᠠᠭᠢ᠂ ᠬᠠᠭᠠᠰ ᠨᠢ ᠭᠠᠵᠠᠷ ᠲᠤᠤᠷᠠᠭᠢ ᠭᠡᠯᠪᠡᠷᠢ ᠶᠢᠨ ᠲᠠᠷᠤᠰᠢᠭᠤᠯᠬᠤ ᠵᠤᠭᠤᠷᠢ ᠶᠢᠨ ᠲᠤᠳᠤᠷ᠎ᠠ ᠭᠡᠷᠡᠮ ᠢ ᠵᠠᠪᠠᠯ ᠵᠢᠰᠢᠭᠦᠤ ᠪᠠᠶᠢᠯᠭᠠᠵᠤ᠂ ᠠᠮᠠᠰᠠᠷ ᠨᠢ ᠲᠤᠮᠤ ᠢᠷᠤᠭᠠᠷ ᠢ ᠨᠢ ᠨᠠᠷᠢᠨ ᠪᠠᠶᠢᠯᠭᠠᠵᠤ᠂ ᠵᠤᠭᠤᠷᠢ ᠶᠢᠨ ᠭᠡᠷᠡᠮ ᠨᠤᠷᠠᠬᠤ ᠠᠴᠠ ᠰᠡᠷᠭᠡᠶᠢᠯᠡᠭᠦ ᠭᠡᠷᠡᠭᠳᠡᠢ᠃ ᠵᠢᠱᠢᠶᠡᠯᠡᠪᠡᠯ ᠵᠤᠭᠤᠷᠢ ᠮᠠᠯᠳᠠᠬᠤ ᠳᠠᠭᠠᠨ ᠲᠡᠭᠡᠳᠤ ᠭᠡᠷᠡᠮ ᠤᠨ ᠵᠤᠵᠠᠭᠠᠨ ᠢ 1m᠂ ᠲᠤᠮᠳᠠ ᠭᠡᠰᠡᠭ ᠤᠨ ᠭᠡᠷᠡᠮ ᠤᠨ ᠵᠤᠵᠠᠭᠠᠨ ᠢ 1.5m᠂ ᠭᠡᠷᠡᠮ ᠤᠨ ᠦᠨᠳᠤᠷ ᠢ 2m ᠪᠠᠶᠢᠯᠭᠠᠨ᠎ᠠ᠃ ᠤᠷᠳᠤᠯᠵᠢᠨ ᠭᠡᠯᠪᠡᠷᠢ ᠶᠢᠨ ᠬᠢ ᠪᠤᠯ ᠤᠷᠳᠤ ᠦᠷᠭᠡᠨ ᠢ ᠨᠢ ᠭᠡᠷᠡᠭᠴᠡᠭᠡ ᠪᠠᠨ ᠦᠨᠳᠦᠰᠦᠯᠡᠨ ᠲᠤᠠᠠᠳᠠᠭᠠᠨ᠎ᠠ᠃ ᠵᠤᠭᠤᠷᠢ ᠶᠢᠨ ᠭᠡᠷᠡᠮ ᠤᠨ ᠨᠢᠭᠡᠨ ᠭᠡᠰᠡᠭ ᠲᠤ ᠨᠢ ᠠᠮᠠᠰᠠᠷ ᠭᠠᠷᠭᠠᠵᠤ᠂ ᠲᠠᠷᠤᠰᠢᠭᠤᠯᠬᠤ ᠶᠠᠪᠤᠴᠠ ᠳᠤ ᠤᠰᠤ ᠶᠢ ᠤᠷᠤᠰᠬᠠᠨ ᠭᠠᠷᠭᠠᠵᠤ᠂ ᠪᠤᠷᠳᠤᠭ᠎ᠠ ᠭᠡᠷᠡᠭᠯᠡᠭᠦ ᠦᠶᠡᠰ ᠪᠤᠷᠳᠤᠭ᠎ᠠ ᠪᠠᠨ ᠭᠠᠷᠭᠠᠵᠤ ᠠᠪᠬᠤ ᠳᠤ ᠭᠡᠷᠡᠭᠯᠡᠨ᠎ᠡ᠃ ᠵᠤᠭᠤᠷᠢ ᠶᠢᠨ ᠤᠷᠤᠢ ᠶᠢ ᠰᠦᠯᠢᠶᠤᠤ ᠪᠦᠰ ᠢᠶᠠᠷ ᠨᠢᠠᠠᠳᠠ ᠪᠦᠳᠡᠭᠡᠵᠤ᠂ ᠰᠢᠷᠤᠢ ᠪᠠᠷ ᠴᠢᠩᠭ᠎ᠠ ᠲᠠᠷᠤᠨ᠎ᠠ᠃ ᠵᠤᠭᠤᠷᠢ ᠪᠠᠨ ᠤᠰᠤᠨ ᠲᠦᠪᠰᠢᠨ ᠠᠴᠠ 0.5m ᠠᠴᠠ ᠲᠡᠭᠡᠭᠰᠢᠭᠢ ᠦᠨᠳᠤᠷ ᠭᠠᠵᠠᠷ ᠰᠤᠩᠭᠤᠬᠤ ᠪᠠ ᠭᠤᠤᠯ ᠰᠤᠪᠠᠭ᠂ ᠴᠦᠭᠦᠷᠤᠮ ᠲᠠᠳᠠᠭᠠᠯ᠂ ᠲᠤᠮᠤ ᠮᠤᠳᠤᠨ ᠤ ᠦᠨᠳᠤᠰᠤ ᠠᠴᠠ ᠵᠠᠶᠢᠳᠠᠭᠤ ᠭᠠᠵᠠᠷ ᠢ ᠰᠤᠩᠭᠤᠬᠤ ᠪᠦᠭᠡᠳ ᠤᠰᠤ ᠭᠡᠢ ᠭᠤᠭᠤᠵᠢᠬᠤ ᠪᠤᠶᠤ ᠨᠤᠷᠠᠵᠤ ᠤᠨᠠᠬᠤ ᠠᠴᠠ ᠰᠡᠷᠭᠡᠶᠢᠯᠡᠭᠦ ᠭᠡᠷᠡᠭᠳᠡᠢ᠃ ᠵᠤᠭᠤᠷᠢ ᠪᠠᠶᠢᠭᠤᠯᠬᠤ ᠶᠢᠨ ᠲᠠᠪᠠᠭᠤᠯᠢᠭ ᠲᠠᠯ᠎ᠠ ᠨᠢ ᠭᠡᠪᠡᠯ ᠦᠪᠠᠷ ᠤᠨ ᠦᠷᠳᠡᠭ ᠨᠢ ᠲᠤᠤᠷ᠎ᠠ᠂ ᠮᠡᠷᠭᠡᠵᠢᠯ ᠤᠨ ᠱᠠᠭᠠᠷᠳᠠᠯᠭ᠎ᠠ ᠨᠢ ᠴᠤ ᠦᠨᠳᠤᠷ ᠪᠢᠰᠢ ᠪᠠᠶᠢᠳᠠᠭ᠃ ᠲᠤᠳ᠋ᠬᠠᠳᠠᠯ ᠲᠠᠢ ᠲᠠᠯ᠎ᠠ ᠨᠢ ᠭᠡᠪᠡᠯ ᠵᠤᠭᠤᠷᠢᠨ ᠳᠤ ᠲᠠᠷᠤᠰᠢᠭᠤᠯᠤᠠᠠᠰᠠᠨ ᠪᠤᠷᠳᠤᠭ᠎ᠠ ᠶᠢᠨ ᠬᠤᠷᠤᠠᠠᠳᠠᠯ ᠤᠨ ᠨᠤᠷᠮ᠎ᠠ ᠨᠢ ᠦᠨᠳᠤᠷ᠂ ᠶᠠᠷᠦᠩᠭᠡᠢ ᠳᠡᠭᠡᠨ 8%~12% ᠤᠨ ᠬᠤᠷᠤᠠᠠᠳᠠᠯ ᠲᠠᠢ ᠪᠠᠶᠢᠵᠤ᠂ ᠵᠤᠭᠤᠷᠢ ᠶᠢᠨ ᠬᠡᠷᠡᠭᠯᠡᠯᠳᠡ ᠶᠢᠨ ᠴᠠᠭ ᠨᠢ ᠴᠤ ᠤᠬᠤᠷ ᠪᠦᠭᠡᠳ ᠪᠠᠷᠤᠭ ᠬᠤᠶᠠᠷ ᠭᠤᠷᠪᠡᠨ ᠵᠢᠯ ᠯᠡ ᠭᠡᠷᠡᠭᠯᠡᠳᠡᠭ᠃
︵3︶ ᠲᠠᠷᠤᠰᠢᠭᠤᠯᠬᠤ ᠭᠤᠤ᠄ ᠶᠠᠷᠦᠩᠭᠡᠢ ᠳᠡᠭᠡᠨ ᠠᠭᠤᠯᠠ ᠶᠢᠨ ᠭᠢᠷ᠎ᠠ ᠲᠠᠭᠠᠤ ᠮᠠᠯᠳᠠᠳᠠᠭ᠃ ᠭᠡᠷᠪᠡ ᠨᠦᠭᠦᠴᠡᠯ ᠲᠠᠢ ᠪᠤᠯ ᠢᠷᠤᠭᠠᠷ ᠪᠤᠯᠤᠨ ᠲᠦᠷᠪᠡᠨ ᠬᠠᠨ᠎ᠠ ᠶᠢ ᠨᠢ ᠱᠦᠢᠨᠢ ᠪᠠᠷ ᠢᠯᠢᠵᠤ᠂ ᠢᠷᠤᠭᠠᠷ ᠤᠨ ᠨᠢᠭᠡ ᠭᠡᠰᠡᠭ ᠢ ᠨᠢ ᠵᠢᠰᠢᠭᠦᠤ ᠪᠠᠶᠢᠯᠭᠠᠵᠤ᠂ ᠤᠰᠤ ᠵᠠᠯᠠᠬᠤ ᠳᠤ ᠠᠰᠢᠠᠠᠳᠠᠢ ᠪᠤᠯᠭᠠᠬᠤ ᠭᠡᠷᠡᠭᠳᠡᠢ᠃ ᠶᠠᠷᠦᠩᠭᠡᠢ ᠳᠡᠭᠡᠨ 1.5~3.5m ᠭᠦᠨ ᠮᠠᠯᠳᠠᠵᠤ᠂ ᠤᠷᠳᠤ ᠦᠷᠭᠡᠨ ᠢ ᠨᠢ ᠭᠡᠷᠡᠭᠴᠡᠭᠡ ᠪᠠᠨ ᠦᠨᠳᠦᠰᠦᠯᠡᠨ ᠲᠤᠠᠠᠳᠠᠭᠠᠨ᠎ᠠ᠃ ᠨᠡᠯᠢᠶᠡᠳ ᠲᠡᠭᠰᠢᠭᠡᠨ ᠭᠠᠵᠠᠷ ᠪᠤᠯ ᠬᠦᠢᠬᠡᠨ ᠭᠤᠤ ᠮᠠᠯᠳᠠᠵᠤ ᠲᠠᠷᠤᠰᠢᠭᠤᠯᠤᠨ᠎ᠠ᠃ ᠭᠤᠤ ᠶᠢᠨ ᠢᠶᠠᠨ ᠠᠮᠠᠰᠠᠷ ᠢ ᠰᠦᠯᠢᠶᠤᠤ ᠪᠦᠷᠭᠦᠭᠦᠯ ᠢᠶᠠᠷ ᠪᠢᠳᠡᠭᠦᠮᠵᠢᠯᠡᠨ ᠨᠢᠠᠠᠳᠠ ᠲᠠᠷᠤᠬᠤ ᠭᠡᠷᠡᠭᠳᠡᠢ᠃ ᠲᠡᠭᠦᠨ ᠤ ᠲᠠᠪᠠᠭᠤᠯᠢᠭ ᠨᠢ ᠭᠡᠪᠡᠯ ᠪᠠᠶᠢᠭᠤᠯᠬᠤ ᠮᠡᠷᠭᠡᠵᠢᠯ ᠨᠢ ᠲᠦᠭᠦᠮ᠂ ᠦᠪᠠᠷ ᠤᠨ ᠦᠷᠳᠡᠭ ᠨᠢ ᠲᠤᠤᠷ᠎ᠠ ᠪᠠᠶᠢᠳᠠᠭ᠃ ᠲᠤᠳ᠋ᠬᠠᠳᠠᠯ ᠲᠠᠢ ᠲᠠᠯ᠎ᠠ ᠨᠢ ᠭᠡᠪᠡᠯ ᠪᠤᠷᠳᠤᠭᠠᠨ ᠤ ᠬᠤᠷᠤᠠᠠᠳᠠᠯ ᠤᠨ ᠨᠤᠷᠮ᠎ᠠ ᠨᠢ ᠦᠨᠳᠤᠷ ᠪᠠᠶᠢᠳᠠᠭ᠃
︵4︶ ᠤᠭᠤᠳᠠᠯᠠᠨ ᠲᠠᠷᠤᠰᠢᠭᠤᠯᠬᠤ᠄ ᠶᠠᠷᠦᠩᠭᠡᠢ ᠳᠡᠭᠡᠨ ᠲᠠᠷᠤᠰᠢᠭᠤᠯᠬᠤ ᠡᠳ᠋ ᠢᠶᠠᠨ ᠭᠡᠷᠴᠢᠨ ᠬᠡᠮᠬᠡᠯᠵᠤ᠂ ᠤᠭᠤᠳᠠᠨ ᠳᠤ ᠴᠢᠩᠭ᠎ᠠ ᠴᠢᠭᠢᠵᠤ᠂ ᠠᠮᠠ ᠶᠢ ᠨᠢ ᠴᠢᠩᠭ᠎ᠠ ᠪᠤᠭᠤᠵᠤ᠂ ᠭᠡᠢ ᠨᠡᠪᠳᠡᠷᠡᠭᠦ ᠦᠭᠡᠢ ᠪᠠᠶᠢᠬᠤ ᠶᠢ ᠪᠠᠳᠤᠯᠬᠠᠰᠠᠨ ᠤ ᠰᠡᠭᠦᠯᠡᠷ ᠰᠡᠭᠦᠳᠡᠷ ᠭᠠᠵᠠᠷ ᠲᠤ ᠤᠪᠤᠭᠠᠯᠠᠨ ᠲᠠᠯᠪᠢᠨ᠎ᠠ᠃ ᠤᠭᠤᠳᠠᠯᠠᠬᠤ ᠠᠴᠠ ᠪᠠᠨ ᠡᠮᠦᠨ᠎ᠠ ᠲᠦᠭᠦᠭᠡᠢ ᠮᠠᠲ᠋ᠧᠷᠢᠶᠠᠯ ᠢᠶᠠᠨ 2cm ᠠᠴᠠ ᠤᠬᠤᠷ ᠭᠡᠷᠴᠢᠨᠠ᠃ ᠤᠭᠤᠳᠠᠯᠠᠵᠤ ᠲᠠᠷᠤᠰᠢᠭᠤᠯᠬᠤ ᠳᠤ ᠴᠢᠭᠢᠭ ᠲᠠᠢ ᠲᠠᠷᠤᠰᠢᠭᠤᠯᠬᠤ᠂ ᠬᠠᠭᠠᠰ ᠬᠠᠭᠤᠷᠠᠢ ᠲᠠᠷᠤᠰᠢᠭᠤᠯᠬᠤ ᠪᠠ ᠰᠢᠷ᠎ᠠ ᠪᠠᠷ ᠲᠠᠷᠤᠰᠢᠭᠤᠯᠬᠤ ᠭᠡᠵᠤ ᠭᠤᠷᠪᠡᠨ ᠵᠦᠢᠯ ᠪᠠᠶᠢᠳᠠᠭ᠃ ᠴᠢᠭᠢᠭ ᠲᠠᠢ ᠲᠠᠷᠤᠰᠢᠭᠤᠯᠬᠤ ᠡᠳ᠋ ᠤᠨ ᠤᠭᠤᠳᠠᠯᠬᠠᠰᠠᠨ ᠭᠦᠨᠳᠤ ᠶᠢ ᠪᠠᠷᠤᠭ ᠲᠡᠭᠰᠢ ᠲᠦᠷᠪᠠᠯᠵᠢᠨ ᠮᠧᠲᠷ ᠪᠦᠷᠢ 740kg ᠪᠠᠶᠢᠯᠭᠠᠵᠤ᠂ ᠤᠰᠤᠨ ᠤ ᠠᠭᠤᠯᠤᠭᠳᠠᠴᠨ ᠶᠢᠨ ᠨᠤᠷᠮ᠎ᠠ ᠶᠢ 75% ᠠᠴᠠ ᠲᠡᠭᠡᠭᠰᠢ ᠪᠠᠶᠢᠯᠭᠠᠨ᠎ᠠ᠃ ᠬᠠᠭᠠᠰ ᠬᠠᠭᠤᠷᠠᠢ ᠲᠠᠷᠤᠰᠢᠭᠤᠯᠬᠤ ᠡᠳ᠋ ᠤᠨ ᠭᠦᠨᠳᠤ ᠶᠢ ᠪᠠᠷᠤᠭ ᠲᠡᠭᠰᠢ ᠲᠦᠷᠪᠠᠯᠵᠢᠨ ᠮᠧᠲᠷ ᠪᠦᠷᠢ 350kg᠂ ᠤᠰᠤᠨ ᠤ ᠠᠭᠤᠯᠤᠭᠳᠠᠴᠨ ᠶᠢᠨ ᠨᠤᠷᠮ᠎ᠠ ᠶᠢ 60% ᠤᠷᠴᠢᠮ ᠪᠠᠶᠢᠯᠭᠠᠨ᠎ᠠ᠃ ᠰᠢᠷ᠎ᠠ ᠪᠠᠷ ᠲᠠᠷᠤᠰᠢᠭᠤᠯᠬᠤ ᠭᠡᠳᠡᠭ ᠪᠤᠯ ᠡᠷᠳᠡᠨᠢ ᠰᠢᠰᠢ ᠶᠢᠨ ᠡᠰᠢ ᠪᠠᠷ ᠭᠤᠤᠯ ᠪᠤᠯᠭᠠᠵᠤ᠂ ᠤᠭᠤᠳᠠᠯᠠᠨ ᠲᠠᠷᠤᠰᠢᠭᠤᠯᠬᠤ ᠶᠢ ᠭᠡᠯᠡᠨ᠎ᠡ᠃ ᠶᠠᠷᠦᠩᠭᠡᠢ ᠳᠡᠭᠡᠨ ᠵᠤᠭᠢᠬᠤ ᠭᠡᠮᠵᠢᠶᠠᠨ ᠤ ᠤᠭᠤᠷᠬᠠᠳᠤ ᠪᠤᠰᠤ ᠠᠽᠤᠲ ᠵᠢᠱᠢᠶᠡᠯᠡᠪᠡᠯ ᠰᠢᠭᠡᠰᠦᠯᠢᠭ ᠡᠳ᠋ 0.5% ᠪᠠᠷ᠂ ᠭᠦᠭᠦᠷ ᠭᠦᠴᠢᠯ ᠤᠨ ᠠᠮᠮᠤᠨᠢ ᠶᠢ 0.7% ᠪᠤᠶᠤ ᠨᠡᠭᠦᠷᠡᠰᠤ ᠭᠦᠴᠢᠯ ᠤᠨ ᠠᠮᠮᠤᠨᠢ ᠶᠢ 1% ᠪᠠᠷ ᠨᠡᠮᠡᠵᠤ᠂ ᠤᠭᠤᠳᠠ ᠪᠦᠷᠢ ᠶᠢᠨ ᠭᠦᠨᠳᠤ ᠶᠢ 80kg ᠤᠷᠴᠢᠮ ᠪᠠᠶᠢᠯᠭᠠᠨ᠎ᠠ᠃ ᠤᠭᠤᠳᠠᠯᠠᠨ ᠲᠠᠷᠤᠰᠢᠭᠤᠯᠬᠤ ᠶᠢᠨ ᠲᠠᠪᠠᠭᠤᠯᠢᠭ ᠲᠠᠯ᠎ᠠ ᠨᠢ ᠭᠡᠪᠡᠯ ᠲᠠᠷᠤᠰᠢᠭᠤᠯᠤᠯ ᠡᠳ᠋ ᠤᠨ ᠶᠠᠰᠤ ᠴᠢᠨᠠᠷ ᠨᠢ ᠰᠠᠶᠢᠨ᠂ ᠰᠢᠮ᠎ᠠ ᠲᠡᠵᠢᠭᠡᠯ ᠢ ᠨᠢ 85% ᠠᠴᠠ ᠲᠡᠭᠡᠭᠰᠢ ᠬᠠᠳᠠᠭᠠᠯᠠᠵᠤ ᠲᠠᠶᠢᠯᠳᠡᠭ᠃ ᠪᠤᠷᠳᠤᠭᠠᠨ ᠤ ᠬᠤᠷᠤᠠᠠᠳᠠᠯ ᠪᠠᠭ᠎ᠠ᠂ ᠭᠦᠮᠦᠨ ᠤ ᠭᠦᠴᠤ ᠪᠠᠷ ᠵᠦᠭᠡᠭᠡᠪᠤᠷᠢᠯᠡᠭᠦ ᠪᠠ ᠭᠠᠷᠭᠠᠵᠤ ᠠᠪᠬᠤ ᠳᠤ ᠲᠦᠭᠦᠮ ᠪᠦᠭᠡᠳ ᠲᠠᠸᠠᠷᠴᠢᠯᠠᠨ ᠦᠢᠯᠡᠳᠪᠤᠷᠢᠯᠡᠵᠤ ᠪᠤᠯᠳᠠᠭ᠃ ᠲᠤᠳ᠋ᠬᠠᠳᠠᠯ ᠲᠠᠢ ᠲᠠᠯ᠎ᠠ ᠨᠢ ᠭᠡᠪᠡᠯ ᠰᠦᠯᠢᠶᠤᠤ ᠤᠭᠤᠳᠠ ᠶᠢᠨ ᠦᠪᠠᠷ ᠤᠨ ᠦᠷᠳᠡᠭ ᠨᠢ ᠦᠨᠳᠤᠷ ᠪᠦᠭᠡᠳ ᠪᠠᠰᠠ ᠴᠢᠭᠵᠢᠨ ᠰᠠᠪᠠᠯᠠᠬᠤ ᠮᠠᠰᠢᠨ ᠭᠡᠷᠡᠭᠴᠡᠭᠡ ᠲᠠᠢ ᠪᠠᠶᠢᠳᠠᠭ᠃
︵5︶ ᠪᠤᠭᠤᠵᠢᠯᠠᠨ ᠲᠠᠷᠤᠰᠢᠭᠤᠯᠬᠤ᠄ ᠡᠨᠡ ᠪᠤᠯ ᠤᠰᠤᠨ ᠤ ᠠᠭᠤᠯᠤᠭᠳᠠᠴᠨ ᠶᠢᠨ ᠨᠤᠷᠮ᠎ᠠ ᠨᠢ 70% ᠠᠴᠠ ᠲᠤᠷᠤᠠᠠᠰᠢᠭᠢ ᠲᠠᠷᠤᠰᠢᠭᠤᠯᠤᠯ ᠪᠤᠷᠳᠤᠭ᠎ᠠ ᠦᠢᠯᠡᠳᠪᠤᠷᠢᠯᠡᠭᠦ ᠨᠢᠭᠡᠨ ᠵᠦᠢᠯ ᠤᠨ ᠠᠷᠭ᠎ᠠ ᠪᠤᠯᠤᠨ᠎ᠠ᠃ ① ᠤᠭᠤᠳᠠᠯᠠᠬᠤ ᠭᠡᠯᠪᠡᠷᠢ ᠪᠦᠭᠦᠢ ᠪᠤᠭᠤᠵᠢᠯᠠᠨ ᠲᠠᠷᠤᠰᠢᠭᠤᠯᠬᠤ ᠨᠢ ᠬᠠᠳᠤᠠᠠᠰᠠᠨ ᠡᠪᠡᠰᠤ ᠪᠠᠨ ᠰᠢᠯᠢᠵᠤ ᠰᠤᠩᠭᠤᠨ ᠴᠢᠩᠭ᠎ᠠ ᠪᠤᠭᠤᠵᠢᠯᠠᠨ ᠨᠢᠠᠠᠳᠠ ᠴᠢᠩᠭ᠎ᠠ ᠲᠤᠮᠤ ᠪᠦᠮᠪᠤᠭᠡᠨ ᠪᠤᠭᠤᠵᠢ ᠪᠤᠯᠭᠠᠵᠤ᠂ ᠪᠤᠭᠤᠵᠢ ᠪᠦᠷᠢ ᠪᠠᠨ ᠠᠰ ᠢᠶᠠᠷ ᠨᠢ ᠰᠦᠯᠢᠶᠤᠤ ᠤᠭᠤᠳᠠᠨ ᠳᠤ ᠰᠠᠪᠠᠯᠠᠵᠤ᠂ ᠲᠠᠷᠠᠭ᠎ᠠ ᠪᠠᠷ ᠨᠢ ᠪᠤᠭᠤᠵᠢ ᠰᠠᠪᠠᠯᠬᠠᠰᠠᠨ ᠤᠭᠤᠳᠠ ᠪᠠᠨ ᠬᠠᠳᠠᠭᠤ ᠪᠦᠷᠭᠦᠭᠦᠯ ᠲᠡᠭᠡᠷ᠎ᠡ ᠵᠡᠷᠭᠡᠴᠡᠭᠦᠯᠦᠨ ᠤᠪᠤᠭᠠᠯᠠᠵᠤ᠂ ᠤᠭᠤᠳᠠ ᠪᠦᠷᠢ ᠶᠢᠨ ᠠᠮᠠ ᠶᠢ ᠴᠢᠩᠭ᠎ᠠ ᠪᠤᠭᠤᠵᠤ᠂ ᠲᠠᠭᠢᠨ ᠰᠦᠯᠢᠶᠤᠤ ᠪᠦᠰ ᠢᠶᠠᠷ ᠪᠦᠳᠡᠭᠡᠵᠤ᠂ ᠭᠦᠪᠡᠭᠡ ᠵᠠᠬ᠎ᠠ ᠶᠢ ᠨᠢ ᠰᠢᠷᠤᠢ ᠪᠠᠷ ᠨᠢᠠᠠᠳᠠ ᠴᠢᠩᠭ᠎ᠠ ᠲᠠᠷᠤᠨ᠎ᠠ᠃ ᠲᠠᠪᠠᠭᠤᠯᠢᠭ ᠲᠠᠯ᠎ᠠ ᠨᠢ ᠭᠡᠪᠡᠯ ᠲᠠᠸᠠᠷ ᠤᠨ ᠴᠢᠨᠠᠷ ᠲᠠᠢ ᠬᠠᠳᠠᠭᠠᠯᠠᠵᠤ ᠪᠤᠯᠤᠨ᠎ᠠ᠃ ᠲᠤᠳ᠋ᠬᠠᠳᠠᠯ ᠲᠠᠢ ᠲᠠᠯ᠎ᠠ ᠨᠢ ᠭᠡᠪᠡᠯ ᠪᠤᠭᠤᠵᠢᠯᠠᠬᠤ ᠮᠠᠰᠢᠨ ᠬᠤᠳᠠᠯᠳᠤᠨ ᠠᠪᠬᠤ ᠴᠢᠬᠤᠯᠠ ᠲᠠᠢ ᠪᠠᠶᠢᠳᠠᠭ᠃ ② ᠤᠷᠢᠶᠠᠬᠤ ᠭᠡᠯᠪᠡᠷᠢ ᠪᠦᠭᠦᠢ ᠪᠤᠭᠤᠵᠢᠯᠠᠨ ᠲᠠᠷᠤᠰᠢᠭᠤᠯᠬᠤ ᠬᠡᠯᠪᠡᠷᠢ᠂ ᠡᠨᠡ ᠪᠤᠯ ᠰᠢᠨ᠎ᠠ ᠪᠠᠷ ᠭᠦᠭᠵᠢᠵᠤ ᠪᠠᠶᠢᠭ᠎ᠠ ᠲᠠᠷᠤᠰᠢᠭᠤᠯᠬᠤ ᠤᠷ᠎ᠠ ᠮᠡᠷᠭᠡᠵᠢᠯ ᠪᠤᠯᠤᠨ᠎ᠠ᠃ ᠠᠷᠭ᠎ᠠ ᠨᠢ ᠭᠡᠪᠡᠯ 0.0023mm ᠵᠤᠵᠠᠭᠠᠨ ᠲᠠᠨᠢᠢᠯᠳᠡ ᠰᠠᠶᠢᠳᠡᠢ ᠰᠦᠯᠢᠶᠤᠤ ᠪᠠᠷ ᠪᠤᠭᠤᠵᠢ ᠲᠠᠢ ᠡᠪᠡᠰᠤ ᠪᠠᠨ ᠤᠷᠢᠶᠠᠵᠤ᠂ ᠡᠪᠡᠰᠤᠨ ᠪᠤᠭᠤᠵᠢ ᠪᠠᠨ ᠭᠠᠳᠠᠭᠠᠳᠤ ᠠᠭᠠᠷ ᠠᠴᠠ ᠰᠠᠯᠭᠠᠨ᠎ᠠ᠃ ᠡᠨᠡ ᠨᠢ ᠪᠤᠭᠤᠵᠢᠯᠠᠬᠤ ᠮᠠᠰᠢᠨ ᠤ ᠰᠠᠭᠤᠷᠢᠨ ᠲᠡᠭᠡᠷ᠎ᠡ ᠶᠠᠪᠤᠠᠠᠳᠠᠬᠤ ᠪᠦᠭᠡᠳ ᠪᠠᠰᠠ ᠤᠷᠢᠶᠠᠬᠤ ᠮᠠᠰᠢᠨ ᠬᠤᠳᠠᠯᠳᠤᠨ ᠠᠪᠬᠤ ᠴᠢᠬᠤᠯᠠ ᠲᠠᠢ ᠪᠠᠶᠢᠳᠠᠭ᠃
︵6︶ ᠤᠪᠤᠭᠠᠯᠠᠬᠤ ᠭᠡᠯᠪᠡᠷᠢ ᠪᠦᠭᠦᠢ ᠲᠤᠮᠤ ᠪᠤᠭᠤᠵᠢᠯᠡᠨ ᠲᠠᠷᠤᠰᠢᠭᠤᠯᠬᠤ᠄ ᠲᠤᠮᠤ ᠡᠪᠡᠰᠤᠨ ᠪᠤᠭᠤᠵᠢ ᠪᠠᠨ ᠰᠦᠯᠢᠶᠤᠤ ᠪᠦᠷᠭᠦᠭᠦᠯ ᠲᠡᠭᠡᠷ᠎ᠡ ᠨᠢᠠᠠᠳᠠ ᠵᠡᠷᠭᠡᠴᠡᠭᠦᠯᠦᠨ ᠤᠪᠤᠭᠠᠯᠠᠵᠤ᠂ ᠲᠠᠭᠢᠨ ᠰᠦᠯᠢᠶᠤᠤ ᠪᠦᠰ ᠢᠶᠠᠷ ᠢᠶᠠᠨ ᠴᠢᠩᠭ᠎ᠠ ᠪᠤᠭᠤᠵᠤ᠂ ᠭᠡᠢ ᠨᠡᠪᠳᠡᠷᠡᠭᠦ ᠦᠭᠡᠢ ᠪᠤᠯᠭᠠᠨ᠂ ᠤᠷᠤᠢ ᠶᠢᠨ ᠭᠡᠰᠡᠭ ᠢ ᠨᠢ ᠰᠢᠷᠤᠢ ᠪᠤᠶᠤ ᠰᠠᠶᠢᠷ ᠢᠶᠠᠷ ᠨᠢᠠᠠᠳᠠ ᠲᠠᠷᠤᠨ᠎ᠠ᠃ ᠭᠤᠤᠯ ᠮᠧᠬᠠᠨᠢᠭ ᠤᠨ ᠪᠡᠯᠡᠳᠭᠡᠮᠵᠢ ᠨᠢ ᠭᠡᠪᠡᠯ ᠲᠤᠮᠤ ᠪᠤᠭᠤᠵᠢᠯᠠᠬᠤ ᠮᠠᠰᠢᠨ ᠪᠤᠯᠤᠨ᠎ᠠ᠂ ᠶᠠᠷᠦᠩᠭᠡᠢ ᠳᠡᠭᠡᠨ ᠨᠢᠭᠡ ᠪᠤᠭᠤᠵᠢ ᠶᠢ ᠵᠠᠳᠠᠯᠪᠠᠯ ᠨᠢᠭᠡ ᠭᠠᠷᠠᠭ ᠤᠨ ᠲᠤᠳᠤᠷ᠎ᠠ ᠲᠡᠵᠢᠭᠡᠵᠤ ᠪᠠᠷᠠᠭᠠᠬᠤ ᠭᠡᠷᠡᠭᠳᠡᠢ᠃
︵7︶ ᠡᠷᠳᠡᠨᠢ ᠰᠢᠰᠢ ᠶᠢᠨ ᠡᠰᠢ ᠶᠢ ᠲᠦᠷᠪᠡᠯᠵᠢᠯᠡᠨ ᠪᠤᠭᠤᠵᠢᠯᠠᠵᠤ ᠲᠠᠷᠤᠰᠢᠭᠤᠯᠬᠤ᠄ ᠡᠷᠳᠡᠨᠢ ᠰᠢᠰᠢ ᠶᠢᠨ ᠡᠰᠢ ᠶᠢ ᠲᠠᠷᠤᠰᠢᠭᠤᠯᠬᠤ ᠳᠤ ᠬᠠᠳᠤᠬᠤ ᠠᠴᠠ ᠪᠠᠨ 15 ᠡᠳᠤᠷ ᠤᠨ ᠡᠮᠦᠨ᠎ᠠ ᠲᠦᠷᠦᠭᠦᠤ ᠶᠢ ᠨᠢ ᠲᠡᠭᠦᠨ ᠠᠪᠴᠤ᠂ ᠡᠰᠢ ᠶᠢ ᠨᠢ ᠨᠢᠠᠠᠳᠠ ᠲᠦᠷᠪᠡᠯᠵᠢᠨ ᠪᠤᠭᠤᠵᠢᠯᠠᠵᠤ᠂ ᠪᠤᠭᠤᠵᠢᠨ ᠤ ᠤᠰᠤᠨ ᠤ ᠠᠭᠤᠯᠤᠭᠳᠠᠴᠨ ᠶᠢᠨ ᠨᠤᠷᠮ᠎ᠠ ᠶᠢ ᠪᠠᠷᠤᠭ 40%~55% ᠪᠠᠶᠢᠯᠭᠠᠨ᠂ ᠠᠽᠤᠲ ᠤᠨ ᠠᠭᠤᠯᠤᠭᠳᠠᠴᠨ ᠲᠠᠢ 46% ᠶᠢᠨ ᠰᠢᠭᠡᠰᠦᠯᠢᠭ ᠡᠳ᠋᠂ ᠢᠳᠡᠰᠢᠨ ᠲᠠᠪᠤᠰᠤ ᠲᠤᠰ ᠪᠦᠷᠢ 5% ᠪᠠᠷ ᠰᠦᠷᠴᠢᠨ ᠨᠡᠮᠡᠵᠤ ᠵᠤᠭᠤᠷᠢᠯᠠᠨᠠ᠃ ᠪᠤᠭᠤᠵᠢ ᠪᠤᠯᠤᠨ ᠪᠤᠭᠤᠵᠢᠨ ᠤ ᠬᠤᠭᠤᠷᠤᠨᠳᠤ ᠨᠢ ᠨᠦᠢᠳᠡᠨ ᠰᠤᠯᠠ ᠡᠪᠡᠰᠤ᠂ ᠰᠢᠭᠢᠷ ᠡᠪᠡᠰᠤᠨ ᠤ ᠨᠠᠮᠠᠭ᠎ᠠ ᠪᠤᠶᠤ ᠪᠤᠰᠤᠳ ᠭᠦᠭᠡ ᠨᠤᠭᠤᠭᠠᠨ ᠪᠤᠷᠳᠤᠭᠠᠨ ᠤ ᠡᠳ᠋ ᠢᠶᠠᠷ ᠴᠢᠭᠢᠵᠤ ᠲᠦᠭᠦᠷᠭᠡᠭᠦ ᠭᠡᠷᠡᠭᠳᠡᠢ᠃ 10m ᠤᠷᠳᠤ ᠪᠤᠯᠬᠤ ᠪᠦᠷᠢ ᠰᠦᠯᠢᠶᠤᠤ ᠪᠦᠰ ᠢᠶᠠᠷ ᠵᠠᠭᠠᠠᠠᠯᠠᠵᠤ᠂ ᠵᠤᠭᠤᠷᠢ ᠪᠠᠨ ᠨᠡᠭᠡᠭᠡᠵᠤ ᠪᠤᠷᠳᠤᠭ᠎ᠠ ᠪᠠᠨ ᠤᠬᠤᠷ ᠬᠤᠭᠤᠴᠠᠭᠠᠨ ᠲᠤᠳᠤᠷ᠎ᠡ ᠲᠡᠵᠢᠭᠡᠵᠤ ᠪᠠᠷᠠᠬᠤ ᠦᠭᠡᠢ ᠠᠴᠠ ᠪᠤᠯᠤᠭᠠᠳ ᠴᠢᠨᠠᠷ ᠨᠢ ᠬᠤᠪᠢᠷᠠᠬᠤ ᠠᠴᠠ ᠰᠡᠷᠭᠡᠶᠢᠯᠡᠭᠦ ᠭᠡᠷᠡᠭᠳᠡᠢ᠃ ᠲᠡᠭᠡᠭᠦᠷ ᠨᠢ ᠰᠦᠯᠢᠶᠤᠤ ᠪᠦᠷᠭᠦᠭᠦᠯ ᠪᠦᠳᠡᠭᠡᠵᠤ᠂ ᠪᠦᠷᠭᠦᠭᠦᠯ ᠲᠡᠭᠡᠷ᠎ᠡ ᠪᠠᠨ 20~30cm ᠡᠯᠡᠰᠤ ᠰᠢᠷᠤᠢ ᠪᠠᠷ ᠴᠢᠩᠭ᠎ᠠ ᠲᠠᠷᠤᠬᠤ ᠭᠡᠷᠡᠭᠳᠡᠢ᠃ ᠮᠠᠰᠢᠨ ᠪᠠᠭᠠᠵᠢ ᠶᠢᠨ ᠵᠦᠢᠯ ᠳᠤ 9KJ~1.4A ᠭᠡᠯᠪᠡᠷᠢ ᠶᠢᠨ ᠪᠤᠭᠤᠵᠢᠯᠠᠬᠤ ᠮᠠᠰᠢᠨ ᠪᠠ 9CKJ~80 ᠭᠡᠯᠪᠡᠷᠢ ᠶᠢᠨ ᠦᠨᠳᠤᠷ ᠨᠢᠠᠠᠳᠠᠴᠠᠳᠤ ᠲᠠᠷᠤᠵᠤ ᠪᠤᠭᠤᠵᠢᠯᠠᠬᠤ ᠮᠠᠰᠢᠨ ᠢ ᠭᠡᠷᠡᠭᠯᠡᠭᠦ ᠭᠡᠷᠡᠭᠳᠡᠢ᠃
6. ᠭᠦᠭᠡ ᠲᠠᠷᠤᠰᠢ ᠪᠤᠷᠳᠤᠭ᠎ᠠ ᠶᠢᠨ ᠡᠷᠳᠡᠨᠢ ᠰᠢᠰᠢ ᠲᠠᠷᠢᠬᠤ ᠳᠤ ᠰᠤᠷᠲ ᠢ ᠭᠡᠷᠭᠢᠨ ᠰᠤᠩᠭᠤᠬᠤ ᠪᠤᠢ︖
ᠤᠯᠤᠰ ᠤᠨ ᠲᠤᠳᠤᠭᠠᠳᠤ ᠶᠢᠨ ᠲᠠᠷᠤᠰᠢᠭᠤᠯᠬᠤ ᠡᠷᠳᠡᠨᠢ ᠰᠢᠰᠢ ᠶᠢᠨ ᠰᠤᠷᠲ ᠤᠨ ᠲᠦᠷᠦᠯ ᠢ ᠭᠤᠤᠯ ᠨᠢ ᠬᠤᠶᠠᠷ ᠲᠦᠷᠦᠯ ᠳᠤ ᠬᠤᠪᠢᠶᠠᠳᠠᠭ᠃ ︵1︶ ᠶᠠᠷᠤ ᠶᠢᠨ ᠲᠠᠷᠤᠰᠢᠭᠤᠯᠬᠤ ᠡᠷᠳᠡᠨᠢ ᠰᠢᠰᠢ᠂ ᠭᠤᠤᠯ ᠨᠢ ᠡᠰᠢ ᠰᠠᠭᠤᠷᠢ ᠨᠢ ᠲᠤᠮᠤ᠂ ᠤᠷᠭᠤᠯᠳᠠ ᠶᠢᠨ ᠭᠠᠷᠤᠯᠳᠠ ᠪᠤᠯᠤᠨ ᠦᠷ᠎ᠡ ᠮᠦᠭᠦᠯᠢᠭ ᠤᠨ ᠤᠨᠠᠯᠳᠠ ᠨᠢ ᠴᠦᠮ ᠨᠡᠯᠢᠶᠡᠳ ᠦᠨᠳᠤᠷ ᠪᠠᠶᠢᠳᠠᠭ ᠡᠷᠯᠢᠰᠡᠵᠢᠭᠦᠯᠦᠭᠰᠡᠨ ᠡᠭᠦᠯᠳᠡᠷ ᠢᠶᠠᠷ ᠭᠤᠤᠯ ᠪᠤᠯᠭᠠᠳᠠᠭ᠃ ︵2︶ ᠤᠨᠴᠠᠭᠠᠢ ᠲᠦᠷᠦᠯ ᠤᠨ ᠡᠷᠳᠡᠨᠢ ᠰᠢᠰᠢ᠂ ᠤᠳᠤᠬᠠᠨ ᠳᠤ ᠭᠤᠤᠯ ᠨᠢ ᠲᠤᠰᠤ ᠶᠡᠭᠡᠳᠡᠢ ᠲᠠᠷᠤᠰᠢᠭᠤᠯᠬᠤ ᠡᠷᠳᠡᠨᠢ ᠰᠢᠰᠢ ᠪᠠᠷ ᠭᠤᠤᠯ ᠪᠤᠯᠭᠠᠵᠤ ᠪᠠᠶᠢᠨ᠎ᠠ᠃ ᠡᠨᠡ ᠰᠤᠷᠲ ᠤᠨ ᠡᠷᠳᠡᠨᠢ ᠰᠢᠰᠢ ᠪᠤᠯ ᠨᠢᠭᠡᠨ ᠰᠢᠨ᠎ᠠ ᠭᠡᠯᠪᠡᠷᠢ ᠶᠢᠨ ᠰᠢᠯᠢᠳᠡᠭ ᠴᠢᠨᠠᠷ ᠪᠦᠭᠦᠢ ᠲᠠᠷᠤᠰᠢᠭᠤᠯᠤᠯ ᠤᠨ ᠡᠷᠳᠡᠨᠢ ᠰᠢᠰᠢ ᠶᠢᠨ ᠲᠦᠷᠦᠯ ᠭᠡᠯᠪᠡᠷᠢ ᠪᠤᠯᠤᠨ᠎ᠠ᠃ ᠮᠦᠭᠦᠯᠢᠭ ᠲᠠᠬᠢ ᠲᠤᠰᠤᠨ ᠤ ᠠᠭᠤᠯᠤᠭᠳᠠᠴᠨ ᠨᠢ ᠶᠠᠷᠦᠩᠭᠡᠢ ᠳᠡᠭᠡᠨ 7% ᠠᠴᠠ ᠲᠡᠭᠡᠭᠰᠢ ᠪᠠᠶᠢᠵᠤ᠂ ᠶᠠᠷᠤ ᠶᠢᠨ ᠡᠷᠳᠡᠨᠢ ᠰᠢᠰᠢ ᠶᠢᠨ ᠬᠢ ᠠᠴᠠ 1 ᠲᠠᠭᠢᠨ ᠢᠯᠡᠭᠦᠤ ᠪᠠᠶᠢᠵᠤ᠂ ᠤᠭᠤᠷᠬᠠᠳᠤ ᠡᠳ᠋ ᠴᠤ ᠨᠡᠯᠢᠶᠡᠳ ᠦᠨᠳᠤᠷ ᠠᠭᠤᠯᠤᠭᠳᠠᠵᠤ᠂ ᠰᠢᠮ᠎ᠠ ᠲᠡᠵᠢᠭᠡᠯ ᠪᠦᠷᠢᠨ᠂ ᠡᠨᠧᠷᠭᠢ ᠦᠨᠳᠤᠷ ᠵᠡᠷᠭᠡ ᠤᠨᠴᠠᠯᠢᠭ ᠲᠠᠢ ᠪᠠᠶᠢᠳᠠᠭ᠃ ᠡᠨᠡ ᠲᠦᠷᠦᠯ ᠤᠨ ᠲᠠᠷᠤᠰᠢᠭᠤᠯᠤᠯ ᠤᠨ ᠡᠷᠳᠡᠨᠢ ᠰᠢᠰᠢ ᠶᠢ ᠭᠡᠷᠡᠭᠯᠡᠪᠡᠯ ᠲᠡᠵᠢᠭᠡᠪᠤᠷᠢ ᠶᠢᠨ ᠦᠷ᠎ᠠ ᠪᠦᠳᠦᠮᠵᠢ ᠶᠢ ᠲᠡᠭᠡᠭᠰᠢᠯᠡᠭᠦᠯᠵᠤ ᠪᠤᠯᠬᠤ ᠪᠦᠭᠡᠳ ᠮᠢᠬ᠎ᠠ ᠰᠦᠨ ᠤ ᠴᠢᠨᠠᠷ ᠢ ᠰᠠᠶᠢᠵᠢᠷᠠᠭᠤᠯᠵᠤ ᠴᠢᠳᠠᠨ᠎ᠠ᠃ ᠤᠳᠤᠬᠠᠨ ᠳᠤ ᠲᠡᠯᠭᠡᠷᠡᠭᠦᠯᠵᠤ ᠪᠠᠶᠢᠬᠤ ᠲᠤᠰᠤ ᠶᠡᠭᠡᠳᠡᠢ ᠲᠠᠷᠤᠰᠢᠭᠤᠯᠤᠯ ᠤᠨ ᠡᠷᠳᠡᠨᠢ ᠰᠢᠰᠢ ᠶᠢᠨ ᠰᠤᠷᠲ ᠭᠡᠪᠡᠯ ᠴᠢᠩᠶ᠋ᠢᠦ ︵青油︶ 1 ᠨᠤᠮᠧᠷᠳᠤ᠂ ᠴᠢᠩᠶ᠋ᠢᠤ ︵青油︶ 2 ᠨᠤᠮᠧᠷᠳᠤ᠂ ᠶᠢᠤᠰᠧ ︵油饲︶ 67 ᠨᠤᠮᠧᠷᠳᠦ ᠵᠡᠷᠭᠡ ᠪᠤᠢ᠃
ᠭᠦᠭᠡ ᠲᠠᠷᠤᠰᠢ ᠶᠢᠨ ᠡᠷᠳᠡᠨᠢ ᠰᠢᠰᠢ ᠶᠢᠨ ᠰᠤᠷᠲ ᠨᠢ ᠭᠡᠮᠳᠤᠯ ᠢ ᠡᠰᠡᠷᠭᠦᠴᠡᠭᠦ ᠨᠡᠯᠢᠶᠡᠳ ᠴᠢᠩᠭ᠎ᠠ ᠴᠢᠳᠠᠯ ᠪᠠ ᠨᠡᠯᠢᠶᠡᠳ ᠰᠠᠶᠢᠨ ᠨᠤᠭᠤᠭᠠᠨ ᠢ ᠬᠠᠳᠠᠭᠠᠯᠠᠬᠤ ᠴᠢᠨᠠᠷ ᠲᠠᠢ ᠪᠠᠶᠢᠪᠠᠯ ᠵᠤᠭᠢᠨ᠎ᠠ᠃
7. ᠬᠦᠬᠡ ᠲᠠᠷᠤᠰᠢ ᠪᠤᠷᠳᠤᠭ᠎ᠠ ᠶᠢᠨ ᠡᠷᠳᠡᠨᠢ ᠰᠢᠰᠢ ᠲᠠᠷᠢᠬᠤ ᠳᠤ ᠶᠠᠮᠠᠷ ᠮᠡᠷᠭᠡᠵᠢᠯ ᠤᠨ ᠭᠤᠤᠯᠳᠠᠯᠭ᠎ᠠ ᠶᠢ ᠡᠵᠡᠮᠰᠢᠭᠦ ᠪᠤᠢ︖
ᠲᠠᠷᠤᠰᠢᠭᠤᠯᠬᠤ ᠡᠷᠳᠡᠨᠢ ᠰᠢᠰᠢ ᠶᠢ ᠲᠠᠷᠢᠬᠤ ᠮᠡᠷᠭᠡᠵᠢᠯ ᠤᠨ ᠭᠤᠤᠯᠳᠠᠯᠭ᠎ᠠ ᠳᠤ ᠲᠤᠤᠷᠠᠭᠢ ᠭᠡᠳᠦᠨ ᠵᠦᠢᠯ ᠪᠠᠭᠳᠠᠨ᠎ᠠ᠃
︵1︶ ᠲᠠᠷᠢᠬᠤ᠄ ᠴᠠᠭ ᠲᠤᠨᠢ ᠲᠤᠭᠢᠷᠠᠭᠤᠯᠤᠨ ᠲᠠᠷᠢᠨ᠎ᠠ᠃ 5~10cm ᠤᠨ ᠭᠠᠵᠠᠷ ᠲᠤᠤᠷᠠᠭᠢ ᠲᠤᠯᠠᠭᠠᠨ ᠤ ᠭᠡᠮᠵᠢᠶ᠎ᠠ ᠨᠢ 10℃~12℃ ᠲᠤ ᠲᠤᠠᠠᠳᠠᠪᠤᠷᠢᠵᠢᠠᠠᠰᠠᠨ ᠦᠶ᠎ᠠ ᠳᠤ ᠲᠠᠷᠢᠪᠠᠯ ᠲᠤᠭᠢᠷᠠᠮᠵᠢᠳᠡᠢ ᠶᠤᠮ᠃ ᠲᠠᠷᠢᠬᠤ ᠭᠡᠮᠵᠢᠶ᠎ᠠ ᠨᠢ ᠭᠡᠪᠡᠯ ᠭᠠᠷ ᠢᠶᠠᠷ ᠲᠠᠷᠢᠬᠤ ᠳᠤ ᠮᠤ᠋ ᠪᠦᠷᠢ 3kg᠂ ᠮᠠᠰᠢᠨ ᠢᠶᠠᠷ ᠲᠠᠷᠢᠬᠤ ᠳᠤ 2kg ᠭᠡᠷᠡᠭᠯᠡᠨ᠎ᠡ᠃ ᠲᠠᠷᠢᠬᠤ ᠭᠦᠨᠴᠡ ᠶᠢ 3cm ᠪᠠᠶᠢᠯᠭᠠᠨ᠎ᠠ᠃ ᠲᠠᠷᠤᠰᠢᠭᠤᠯᠤᠯ ᠤᠨ ᠡᠷᠳᠡᠨᠢ ᠰᠢᠰᠢ ᠶᠢ ᠨᠡᠯᠢᠶᠡᠳ ᠶᠡᠭᠡ ᠲᠠᠯᠠᠪᠠᠢ ᠪᠠᠷ ᠲᠠᠷᠢᠬᠤ ᠭᠠᠵᠠᠷ ᠤᠷᠤᠨ ᠪᠤᠯ ᠲᠠᠷᠢᠬᠤ ᠲᠤᠭᠢᠳᠡᠢ ᠬᠤᠭᠤᠴᠠᠭᠠᠨ ᠤ ᠭᠡᠪᠴᠢᠶᠠᠨ ᠲᠤᠳᠤᠷ᠎ᠡ ᠬᠤᠭᠤᠴᠠᠭ᠎ᠠ ᠬᠤᠪᠢᠶᠠᠨ ᠲᠠᠷᠢᠵᠤ ᠪᠤᠯᠬᠤ ᠪᠤᠶᠤ ᠡᠷᠳᠡ᠂ ᠲᠤᠮᠳᠠ᠂ ᠤᠷᠤᠢ ᠪᠤᠯᠪᠠᠰᠤᠷᠠᠯᠳᠠ ᠶᠢᠨ ᠰᠤᠷᠲ ᠢ ᠰᠤᠩᠭᠤᠨ ᠵᠤᠭᠢᠰᠳᠡᠢ ᠲᠤᠭᠢᠷᠠᠭᠤᠯᠤᠨ ᠲᠠᠷᠢᠵᠤ᠂ ᠬᠤᠭᠤᠴᠠᠭ᠎ᠠ ᠬᠤᠪᠢᠶᠠᠨ ᠬᠠᠳᠤᠵᠤ ᠪᠤᠯᠪᠠᠰᠤᠷᠠᠭᠤᠯᠵᠤ ᠪᠤᠯᠤᠨ᠎ᠠ᠃ ᠲᠠᠷᠢᠬᠤ ᠠᠴᠠ ᠪᠠᠨ ᠡᠮᠦᠨ᠎ᠠ ᠨᠢᠭᠡ ᠤᠳᠠᠭ᠎ᠠ ᠭᠦᠢᠴᠡᠳ ᠰᠠᠭᠤᠷᠢ ᠪᠤᠷᠳᠤᠭᠤᠷ ᠤᠷᠤᠭᠤᠯᠬᠤ ᠶᠢᠨ ᠬᠠᠮᠳᠤ ᠴᠠᠭ ᠲᠤᠬᠠᠢ ᠳᠤᠨᠢ ᠪᠤᠷᠳᠤᠭᠤᠷ ᠨᠡᠮᠡᠵᠤ᠂ 3~4 ᠨᠠᠪᠴᠢᠯᠠᠬᠤ ᠦᠶᠡᠰ ᠲᠤ 10% ᠶᠢᠨ ᠠᠽᠤᠲ ᠪᠤᠷᠳᠤᠭᠤᠷ ᠤᠷᠤᠭᠤᠯᠵᠤ᠂ ᠦᠶᠡᠳᠤᠭᠦ ᠬᠤᠭᠤᠴᠠᠭᠠᠨ ᠳᠤᠨᠢ 5~10 ᠡᠳᠤᠷ ᠲᠤ 45%~50% ᠠᠽᠤᠲ ᠪᠤᠷᠳᠤᠭᠤᠷ ᠴᠤᠨᠤᠠᠠᠯᠠᠨ ᠨᠦᠭᠦᠵᠤ ᠤᠷᠤᠭᠤᠯᠤᠨ᠂ ᠰᠢᠷᠭᠡᠭ ᠪᠦᠭᠡᠯᠵᠢᠭᠦ ᠦᠶ᠎ᠠ ᠳᠤ 10%~15% ᠶᠢᠨ ᠠᠽᠤᠲ ᠪᠤᠷᠳᠤᠭᠤᠷ ᠨᠦᠭᠦᠨ ᠤᠷᠤᠭᠤᠯᠤᠨ᠎ᠠ᠃
︵2︶ ᠠᠷᠠᠴᠢᠯᠠᠬᠤ᠄ ᠲᠠᠷᠢᠬᠤ ᠨᠢᠠᠠᠳᠠᠴᠠ ᠶᠢ ᠮᠤ᠋ ᠪᠦᠷᠢ 4000~5000 ᠰᠠᠭᠤᠷᠢ ᠪᠠᠶᠢᠯᠭᠠᠵᠤ᠂ ᠤᠰᠤ ᠪᠤᠷᠳᠤᠭᠤᠷ ᠤᠨ ᠨᠦᠭᠦᠴᠡᠯ ᠲᠠᠢ ᠪᠤᠯ ᠨᠢᠠᠠᠳᠠᠴᠠ ᠶᠢ ᠲᠠᠭᠢᠨ ᠢᠶᠠᠷ ᠨᠢᠠᠠᠳᠠᠷᠠᠭᠤᠯᠵᠤ ᠪᠤᠯᠤᠨ᠎ᠠ᠃ ᠲᠠᠷᠢᠬᠤ ᠠᠴᠠ ᠪᠠᠨ ᠡᠮᠦᠨ᠎ᠠ ᠨᠢᠭᠡ ᠤᠳᠠᠭ᠎ᠠ ᠭᠦᠢᠴᠡᠳ ᠰᠠᠭᠤᠷᠢ ᠪᠤᠷᠳᠤᠭᠤᠷ ᠤᠷᠤᠭᠤᠯᠬᠤ ᠶᠢᠨ ᠬᠠᠮᠳᠤ ᠴᠠᠭ ᠲᠤᠬᠠᠢ ᠳᠤᠨᠢ ᠪᠤᠷᠳᠤᠭᠤᠷ ᠨᠡᠮᠡᠵᠤ᠂ 3~4 ᠨᠠᠪᠴᠢᠯᠠᠬᠤ ᠳᠤᠨᠢ 10% ᠶᠢᠨ ᠠᠽᠤᠲ ᠪᠤᠷᠳᠤᠭᠤᠷ ᠤᠷᠤᠭᠤᠯᠵᠤ᠂ ᠦᠶᠡᠳᠤᠭᠦ ᠬᠤᠭᠤᠴᠠᠭᠠᠨ ᠳᠤᠨᠢ 5~10 ᠡᠳᠤᠷ ᠪᠦᠷᠢ 45%~50% ᠶᠢᠨ ᠠᠽᠤᠲ ᠪᠤᠷᠳᠤᠭᠤᠷ ᠴᠤᠨᠤᠠᠠᠯᠠᠨ ᠨᠦᠭᠦᠨ ᠤᠷᠤᠭᠤᠯᠵᠤ᠂ ᠰᠢᠷᠭᠡᠭ ᠪᠦᠭᠡᠯᠵᠢᠭᠦ ᠦᠶᠡᠰ 10%~15% ᠶᠢᠨ ᠠᠽᠤᠲ ᠪᠤᠷᠳᠤᠭᠤᠷ ᠨᠦᠭᠦᠨ ᠤᠷᠤᠭᠤᠯᠤᠨ᠎ᠠ᠃
8. ᠡᠷᠳᠡᠨᠢ ᠰᠢᠰᠢ ᠶᠢ ᠭᠦᠭᠡ ᠪᠠᠷ ᠲᠠᠷᠤᠰᠢᠭᠤᠯᠵᠤ ᠪᠤᠯᠪᠠᠰᠤᠷᠠᠭᠤᠯᠵᠤ ᠠᠰᠢᠠᠠᠯᠠᠬᠤ ᠳᠤ ᠶᠠᠮᠠᠷ ᠭᠡᠳᠦᠨ ᠮᠡᠷᠭᠡᠵᠢᠯ ᠤᠨ ᠵᠠᠩᠭᠢᠯᠠᠭ᠎ᠠ ᠪᠠᠶᠢᠬᠤ ᠪᠤᠢ︖
ᠡᠷᠳᠡᠨᠢ ᠰᠢᠰᠢ ᠶᠢ ᠲᠠᠷᠤᠰᠢᠭᠤᠯᠬᠤ᠂ ᠪᠤᠯᠪᠠᠰᠤᠷᠠᠭᠤᠯᠬᠤ᠂ ᠠᠰᠢᠠᠠᠯᠠᠬᠤ ᠮᠡᠷᠭᠡᠵᠢᠯ ᠤᠨ ᠵᠠᠩᠭᠢᠯᠠᠭ᠎ᠠ ᠭᠡᠪᠡᠯ ᠲᠤᠤᠷᠠᠭᠢ ᠮᠡᠳᠤ ᠭᠡᠳᠦᠨ ᠵᠦᠢᠯ ᠪᠠᠶᠢᠨ᠎ᠠ᠃
︵1︶ ᠬᠠᠳᠤᠵᠤ ᠬᠤᠷᠢᠶᠠᠬᠤ ᠴᠠᠭ ᠬᠤᠭᠤᠴᠠᠭ᠎ᠠ᠄ ᠪᠦᠭᠦᠯᠢ ᠰᠠᠭᠤᠷᠢ ᠶᠢᠨ ᠡᠷᠳᠡᠨᠢ ᠰᠢᠰᠢ ᠶᠢ ᠪᠤᠯ ᠡᠷᠳᠡᠨᠢ ᠰᠢᠰᠢ ᠤᠷᠭᠤᠭᠠᠳ ᠴᠠᠶᠢᠷᠠᠨ ᠪᠤᠯᠪᠠᠰᠤᠷᠠᠬᠤ ᠰᠡᠭᠦᠯᠴᠢ ᠶᠢᠨ ᠬᠤᠭᠤᠴᠠᠭ᠎ᠠ ᠪᠤᠶᠤ ᠰᠢᠷᠭᠠᠯᠳᠤᠨ ᠪᠤᠯᠪᠠᠰᠤᠷᠠᠬᠤ ᠡᠭᠢᠨ ᠤ ᠬᠤᠭᠤᠴᠠᠭᠠᠨ ᠤ ᠬᠤᠭᠤᠷᠤᠨᠳᠤ ᠬᠠᠳᠤᠵᠤ ᠬᠤᠷᠢᠶᠠᠨ᠎ᠠ᠃ ᠶᠠᠷᠦᠩᠭᠡᠢ ᠳᠡᠭᠡᠨ ᠦᠷ᠎ᠡ ᠮᠦᠭᠦᠯᠢᠭ ᠤᠨ ᠴᠠᠶᠢᠷᠠᠯ ᠱᠤᠭᠤᠮ ᠨᠢ ᠬᠤᠶᠠᠷ ᠤᠨ ᠨᠢᠭᠡ ᠪᠤᠶᠤ ᠲᠦᠷᠪᠡᠨ ᠤ ᠭᠤᠷᠪᠡ ᠪᠤᠯᠬᠤ ᠦᠶᠡᠰ ᠪᠤᠯ ᠬᠠᠳᠤᠵᠤ ᠬᠤᠷᠢᠶᠠᠬᠤ ᠬᠠᠮᠤᠭ ᠤᠨ ᠲᠤᠭᠢᠷᠠᠮᠵᠢᠳᠡᠢ ᠬᠤᠭᠤᠴᠠᠭ᠎ᠠ ᠪᠤᠯᠤᠨ᠎ᠠ᠃
︵2︶ ᠲᠠᠷᠤᠰᠢᠭᠤᠯᠬᠤ᠄ ᠬᠠᠳᠤᠵᠤ ᠬᠤᠷᠢᠶᠠᠬᠤ ᠳᠠᠭᠠᠨ ᠶᠠᠷᠦᠩᠭᠡᠢ ᠳᠡᠭᠡᠨ ᠬᠠᠮ ᠬᠠᠳᠤᠬᠤ ᠮᠠᠰᠢᠨ ᠢ ᠭᠡᠷᠡᠭᠯᠡᠨ ᠲᠠᠷᠢᠶᠠᠨ ᠭᠠᠵᠠᠷ ᠲᠠᠭᠠᠨ ᠬᠠᠳᠤᠬᠤ ᠶᠢᠨ ᠲᠠᠭᠠᠤ ᠭᠡᠰᠡᠭᠯᠡᠨ ᠭᠡᠷᠴᠢᠵᠤ᠂ ᠲᠡᠭᠡᠭᠡᠵᠤ ᠠᠪᠴᠢᠷᠠᠮᠬᠠᠴᠠ ᠪᠠᠨ ᠵᠤᠭᠤᠷᠢᠯᠠᠬᠤ ᠭᠡᠷᠡᠭᠳᠡᠢ᠃ ᠲᠠᠷᠤᠰᠢᠭᠤᠯᠤᠯ ᠡᠳ᠋ ᠢ ᠴᠠᠭ ᠲᠠᠷᠤᠢ ᠳᠤᠨᠢ ᠰᠠᠪᠠᠯᠡᠨ ᠲᠦᠭᠦᠷᠭᠡᠵᠤ᠂ ᠴᠠᠭ ᠬᠤᠭᠤᠴᠠᠭ᠎ᠠ ᠶᠢ ᠠᠯᠢ ᠴᠢᠳᠠᠬᠤ ᠪᠠᠷ ᠪᠤᠭᠤᠨᠢᠰᠬᠠᠵᠤ᠂ ᠰᠠᠪᠠᠯᠠᠬᠤ ᠶᠢᠨ ᠲᠠᠭᠠᠤ ᠲᠷᠠᠺᠲ᠋ᠤᠷ ᠵᠡᠷᠭᠡ ᠮᠠᠰᠢᠨ ᠢᠶᠠᠷ ᠨᠢᠴᠠᠯᠤᠨ ᠲᠠᠷᠤᠵᠤ᠂ ᠭᠡᠢ ᠠᠭᠠᠷ ᠢ ᠨᠢ ᠭᠠᠳ᠋ᠬᠠᠰᠢᠯᠠᠭᠤᠯᠵᠤ᠂ ᠢᠯᠵᠠᠷᠠᠵᠤ ᠴᠢᠨᠠᠷ ᠨᠢ ᠬᠤᠪᠢᠷᠠᠬᠤ ᠪᠠ ᠲᠠᠷᠤᠰᠢᠭᠤᠯᠪᠠᠯ ᠪᠦᠳᠦᠮᠵᠢ ᠦᠭᠡᠢ ᠪᠤᠯᠬᠤ ᠠᠴᠠ ᠰᠡᠷᠭᠡᠶᠢᠯᠡᠭᠦ ᠭᠡᠷᠡᠭᠳᠡᠢ᠃ ᠨᠢᠠᠠᠳᠠ ᠴᠢᠩᠭ᠎ᠠ ᠪᠢᠳᠡᠭᠦᠮᠵᠢᠯᠡᠵᠤ᠂ ᠤᠰᠤ ᠨᠠᠪᠴᠢᠭᠦ᠂ ᠠᠭᠠᠷ ᠤᠷᠤᠬᠤ ᠠᠴᠠ ᠰᠡᠷᠭᠡᠶᠢᠯᠡᠭᠦ ᠶᠢᠨ ᠲᠤᠰᠠᠳᠠ ᠵᠤᠭᠤᠷᠢᠨ ᠤ ᠲᠦᠷᠪᠡᠨ ᠲᠠᠯ᠎ᠠ ᠪᠠᠷ ᠨᠢ ᠰᠦᠯᠢᠶᠤᠤ ᠲᠠᠪᠢᠰᠴᠤ ᠪᠤᠯᠤᠨ᠎ᠠ᠃ ᠲᠠᠷᠤᠰᠢᠭᠤᠯᠬᠤ ᠡᠳ᠋ ᠢ ᠰᠠᠪᠠᠯᠠᠬᠤ ᠳᠠᠭᠠᠨ ᠲᠠᠪᠬᠤᠷᠭ᠎ᠠ ᠲᠠᠷᠠᠭᠠᠯᠠᠨ ᠰᠠᠪᠠᠯᠠᠬᠤ ᠭᠡᠷᠡᠭᠳᠡᠢ᠃ ᠲᠠᠪᠬᠤᠷᠭ᠎ᠠ ᠪᠦᠷᠢ ᠶᠢ 15~20cm ᠵᠤᠵᠠᠭᠠᠨ ᠪᠠᠶᠢᠯᠭᠠᠵᠤ᠂ ᠲᠷᠠᠺᠲ᠋ᠤᠷ ᠪᠤᠶᠤ ᠪᠤᠰᠤᠳ ᠵᠦᠢᠯ ᠤᠨ ᠮᠠᠰᠢᠨ ᠢᠶᠠᠷ ᠨᠢᠠᠠᠳᠠ ᠲᠠᠷᠤᠠᠠᠰᠠᠨ ᠤ ᠲᠠᠷᠠᠭ᠎ᠠ ᠪᠠᠷ ᠲᠠᠭᠢᠨ ᠰᠠᠪᠠᠯᠠᠵᠤ᠂ ᠢᠯᠠᠩᠭᠤᠶ᠎ᠠ ᠲᠦᠷᠪᠡᠨ ᠦᠨᠴᠦᠭ ᠪᠤᠯᠤᠨ ᠬᠠᠨ᠎ᠠ ᠲᠠᠭᠠᠤ ᠭᠡᠰᠡᠭ ᠢ ᠨᠢᠠᠠᠳᠠ ᠴᠢᠩᠭ᠎ᠠ ᠲᠠᠷᠤᠬᠤ ᠭᠡᠷᠡᠭᠳᠡᠢ᠃
ᠵᠤᠭᠤᠷᠢ ᠪᠠᠨ ᠨᠢᠠᠠᠳᠠ ᠪᠢᠳᠡᠭᠦᠮᠵᠢᠯᠡᠭᠦ ᠪᠠ ᠤᠰᠤ ᠭᠡᠢ ᠭᠤᠭᠤᠵᠢᠬᠤ ᠠᠴᠠ ᠰᠡᠷᠭᠡᠶᠢᠯᠡᠭᠦ ᠪᠤᠯ ᠴᠢᠨᠠᠷ ᠰᠠᠶᠢᠳᠠᠢ ᠲᠠᠷᠤᠰᠢᠭᠤᠯᠤᠯ ᠢ ᠨᠠᠶᠢᠷᠠᠭᠤᠯᠬᠤ ᠶᠢᠨ ᠴᠢᠬᠤᠯᠠ ᠵᠠᠩᠭᠢᠯᠠᠭ᠎ᠠ ᠪᠤᠯᠤᠨ᠎ᠠ᠃ ᠡᠰᠢ ᠭᠤᠤᠷᠰᠤ ᠶᠢ ᠰᠠᠪᠠᠯᠠᠭᠠᠳ ᠵᠤᠭᠤᠷᠢᠨ ᠤ ᠠᠮᠠᠰᠠᠷ ᠠᠴᠠ 60cm ᠠᠴᠠ ᠲᠡᠭᠡᠭᠰᠢᠭᠢ ᠳᠤ ᠭᠦᠷᠭᠦ ᠦᠶᠡᠰ ᠲᠠᠷᠦ᠋ᠢᠬᠠᠨ ᠪᠢᠳᠡᠭᠦᠮᠵᠢᠯᠡᠭᠦ ᠭᠡᠷᠡᠭᠳᠡᠢ᠃ ᠤᠷᠢᠳ ᠢᠶᠠᠷ ᠨᠢᠭᠡᠨ ᠲᠠᠪᠬᠤᠷ ᠤᠬᠤᠷ ᠭᠡᠷᠴᠢᠮᠡᠯ ᠤᠨ ᠡᠰᠢ ᠭᠤᠤᠷᠰᠤ ᠪᠤᠶᠤ ᠵᠦᠭᠡᠯᠡᠨ ᠡᠪᠡᠰᠤ ᠪᠠᠷ ᠬᠤᠴᠢᠵᠤ᠂ ᠲᠡᠭᠡᠭᠦᠷ ᠨᠢ ᠰᠦᠯᠢᠶᠤᠤ ᠪᠦᠷᠭᠦᠭᠦᠯ ᠢᠶᠠᠨ ᠪᠦᠳᠡᠭᠡᠵᠤ᠂ ᠲᠠᠭᠢᠨ 30~50cm ᠵᠤᠵᠠᠭᠠᠨ ᠰᠢᠷᠤᠢ ᠪᠠᠷ ᠨᠢᠠᠠᠳᠠ ᠲᠠᠷᠤᠵᠤ᠂ ᠶᠠᠭ ᠮᠠᠠᠳᠠᠤ ᠶᠢᠨ ᠭᠡᠯᠪᠡᠷᠢ ᠲᠠᠢ ᠪᠤᠯᠭᠠᠵᠤ᠂ ᠵᠤᠭᠤᠷᠢᠨ ᠤ ᠲᠦᠷᠪᠡᠨ ᠲᠠᠯ᠎ᠠ ᠪᠠᠷ 1m ᠵᠠᠶᠢᠳᠠᠢ ᠭᠠᠵᠠᠷ ᠲᠤ ᠤᠰᠤ ᠵᠠᠯᠠᠬᠤ᠂ ᠰᠤᠪᠠᠭ ᠮᠠᠯᠳᠠᠵᠤ᠂ ᠪᠤᠷᠤᠭᠠᠨ ᠤ ᠤᠰᠤ ᠵᠤᠭᠤᠷᠢᠨ ᠳᠤ ᠨᠠᠪᠴᠢᠨ ᠤᠷᠤᠬᠤ ᠶᠢ ᠰᠡᠷᠭᠡᠶᠢᠯᠡᠨ᠎ᠡ᠃ ᠲᠠᠷᠠᠴᠢᠯᠡᠨ ᠦᠷᠭᠦᠯᠵᠢ ᠪᠠᠶᠢᠴᠠᠭᠠᠨ ᠦᠵᠡᠭᠦ ᠭᠡᠷᠡᠭᠳᠡᠢ᠃ ᠤᠷᠤᠢ ᠲᠡᠭᠡᠷ᠎ᠡ ᠨᠢ ᠠᠩ ᠴᠠᠪᠠ ᠭᠠᠷᠪᠠᠯ ᠲᠠᠷᠦ᠋ᠢᠬᠠᠨ ᠰᠢᠷᠤᠢ ᠪᠠᠷ ᠲᠠᠷᠤᠵᠤ᠂ ᠪᠤᠷᠤᠭᠠᠨ ᠤ ᠤᠰᠤ ᠤᠷᠤᠬᠤ ᠠᠴᠠ ᠰᠡᠷᠭᠡᠶᠢᠯᠡᠭᠦ ᠭᠡᠷᠡᠭᠳᠡᠢ᠃ ᠲᠠᠷᠤᠰᠢᠭᠤᠯᠤᠠᠠᠰᠠᠨ ᠤ ᠰᠡᠭᠦᠯᠡᠷ 40 ᠬᠤᠨᠤᠭ ᠤᠨ ᠲᠠᠷᠠᠭ᠎ᠠ ᠵᠤᠭᠤᠷᠢ ᠪᠠᠨ ᠨᠡᠭᠡᠭᠡᠨ ᠭᠡᠷᠡᠭᠯᠡᠵᠤ ᠪᠤᠯᠤᠨ᠎ᠠ᠃ ᠭᠡᠭᠦ ᠳᠡᠭᠡᠨ ᠰᠢᠭᠦᠳᠡᠷᠢ ᠪᠠᠭᠤᠬᠤ᠂ ᠡᠪᠤᠯ ᠤᠨ ᠠᠭᠤᠷ ᠠᠴᠠ ᠬᠤᠶᠢᠰᠢ ᠨᠡᠭᠡᠭᠡᠪᠡᠯ ᠬᠠᠮᠤᠭ ᠤᠨ ᠰᠠᠶᠢᠨ ᠪᠦᠭᠡᠳ ᠠᠪᠬᠤ ᠶᠢᠨ ᠲᠠᠭᠠᠤ ᠲᠡᠵᠢᠭᠡᠵᠤ ᠠᠪᠤᠠᠠᠰᠠᠨ ᠤ ᠪᠠᠨ ᠰᠠᠭᠦᠯᠡᠷ ᠠᠮᠠᠰᠠᠷ ᠢ ᠨᠢ ᠨᠢᠠᠠᠳᠠ ᠪᠢᠳᠡᠭᠦᠮᠵᠢᠯᠡᠭᠦ ᠭᠡᠷᠡᠭᠳᠡᠢ᠃
9. ᠭᠦᠭᠡ ᠲᠠᠷᠤᠰᠢ ᠪᠤᠷᠳᠤᠭᠠᠨ ᠤ ᠵᠢᠯ ᠤᠨ ᠭᠡᠷᠡᠭᠴᠡᠭᠡᠨ ᠤ ᠭᠡᠮᠵᠢᠶ᠎ᠠ ᠶᠢ ᠭᠡᠷᠭᠢᠨ ᠪᠤᠳᠤᠬᠤ ᠪᠤᠢ︖
ᠶᠠᠷᠤ ᠶᠢᠨ ᠪᠠᠶᠢᠳᠠᠯ ᠲᠤᠤᠷ᠎ᠠ ᠰᠠᠭᠠᠯᠢ ᠶᠢᠨ ᠦᠨᠢᠶ᠎ᠠ ᠨᠢ ᠪᠦᠳᠦᠭᠦᠨ ᠦᠨᠢᠶ᠎ᠠ ᠪᠤᠯ ᠵᠢᠯ ᠳᠤ 6000~8000kg ᠭᠦᠭᠡ ᠲᠠᠷᠤᠰᠢ ᠪᠤᠷᠳᠤᠭ᠎ᠠ ᠭᠡᠷᠡᠭᠰᠡᠵᠤ᠂ ᠵᠠᠯᠠᠭᠤ ᠦᠨᠢᠶ᠎ᠠ ᠪᠤᠯ ᠵᠢᠯ ᠳᠤ 2500~3000kg ᠭᠡᠷᠡᠭᠰᠡᠵᠤ᠂ ᠲᠤᠭᠤᠯ ᠪᠤᠯ 1800~2000kg ᠭᠡᠷᠡᠭᠰᠡᠨ᠎ᠠ᠃
ᠮᠢᠬᠠᠨ ᠤ ᠦᠭᠡᠷ᠄ ᠨᠢᠭᠡ ᠬᠤᠸᠠ ᠦᠭᠡᠷ ᠪᠤᠯ ᠵᠢᠯ ᠳᠤ ᠪᠠᠷᠤᠭ 4000kg ᠭᠡᠷᠡᠭᠰᠡᠨ᠎ᠠ᠃ ᠪᠤᠳᠠᠳᠠᠢ ᠪᠠᠷ ᠭᠡᠯᠡᠪᠡᠯ᠄
︵1︶ ᠨᠠᠰᠤ ᠭᠦᠢᠴᠡᠭᠰᠡᠨ ᠰᠠᠭᠠᠯᠢ ᠶᠢᠨ ᠦᠨᠢᠶ᠎ᠠ᠄ ᠦᠨᠢᠶ᠎ᠠ ᠪᠦᠷᠢ ᠵᠢᠯ ᠳᠤ ᠲᠤᠮᠳᠠᠴᠢ ᠪᠠᠷ 2200~2500kg ᠨᠠᠷᠢᠯᠢᠬ ᠪᠤᠷᠳᠤᠭ᠎ᠠ ᠭᠡᠷᠡᠭᠰᠡᠨ᠎ᠠ᠃
ᠭᠢᠶᠠᠭ ᠢ ᠦᠨᠢᠶ᠎ᠠ ᠪᠦᠷᠢ ᠵᠢᠯ ᠳᠤ ᠲᠤᠮᠳᠠᠴᠢ ᠪᠠᠷ 1500~2000kg ᠭᠡᠷᠡᠭᠰᠡᠨ᠎ᠠ᠃
ᠴᠠᠷᠭᠠᠰᠤᠨ ᠤ ᠬᠠᠳ᠋ᠬᠠᠰᠠᠨ ᠡᠪᠡᠰᠤ ᠶᠢ ᠦᠨᠢᠶ᠎ᠠ ᠪᠦᠷᠢ ᠵᠢᠯ ᠳᠤ ᠲᠤᠮᠳᠠᠴᠢ ᠪᠠᠷ 1100~1500kg ᠭᠡᠷᠡᠭᠰᠡᠨ᠎ᠠ᠃
ᠲᠠᠷᠤᠰᠢᠭᠤᠯᠤᠠᠠᠰᠠᠨ ᠡᠷᠳᠡᠨᠢ ᠰᠢᠰᠢ ᠶᠢ ᠦᠨᠢᠶ᠎ᠠ ᠪᠦᠷᠢ ᠵᠢᠯ ᠳᠤ ᠲᠤᠮᠳᠠᠴᠢ ᠪᠠᠷ 6000~8000kg ᠭᠡᠷᠡᠭᠰᠡᠨ᠎ᠠ᠃
ᠠᠭ᠎ᠠ ᠭᠡᠪᠡᠭ ᠤᠨ ᠲᠦᠷᠦᠯ ᠢ ᠦᠨᠢᠶ᠎ᠠ ᠪᠦᠷᠢ ᠵᠢᠯ ᠳᠤ ᠲᠤᠮᠳᠠᠴᠢ ᠪᠠᠷ 2000~3000kg ᠭᠡᠷᠡᠭᠰᠡᠨ᠎ᠠ᠃
ᠦᠨᠳᠤᠰᠤ᠂ ᠡᠰᠢ ᠶᠢᠨ ᠲᠦᠷᠦᠯ ᠢ ᠦᠨᠢᠶ᠎ᠠ ᠪᠦᠷᠢ ᠵᠢᠯ ᠳᠤ ᠲᠤᠮᠳᠡᠴᠢ ᠪᠠᠷ 500~1000kg ᠭᠡᠷᠡᠭᠰᠡᠨ᠎ᠠ᠃
︵2︶ ᠵᠠᠯᠠᠭᠤ ᠰᠠᠭᠠᠯᠢ ᠶᠢᠨ ᠦᠨᠢᠶ᠎ᠠ᠄
ᠨᠠᠷᠢᠯᠢᠬ ᠪᠤᠷᠳᠤᠭ᠎ᠠ ᠶᠢ ᠦᠨᠢᠶ᠎ᠠ ᠪᠦᠷᠢ ᠵᠢᠯ ᠳᠤ ᠲᠤᠮᠳᠠᠴᠢ ᠪᠠᠷ 1000~1200kg ᠭᠡᠷᠡᠭᠰᠡᠨ᠎ᠠ᠃
ᠭᠢᠶᠠᠭ ᠡᠪᠡᠰᠤ ᠶᠢ ᠦᠨᠢᠶ᠎ᠠ ᠪᠦᠷᠢ ᠵᠢᠯ ᠳᠤ ᠲᠤᠮᠳᠡᠴᠢ ᠪᠠᠷ 1500~2200kg ᠭᠡᠷᠡᠭᠰᠡᠨ᠎ᠠ᠃
ᠬᠠᠳ᠋ᠬᠠᠰᠠᠨ ᠴᠠᠷᠭᠠᠰᠤ ᠡᠪᠡᠰᠤ ᠶᠢ ᠦᠨᠢᠶ᠎ᠠ ᠪᠦᠷᠢ ᠵᠢᠯ ᠳᠤ ᠲᠤᠮᠳᠡᠴᠢ ᠪᠠᠷ 400~600kg ᠭᠡᠷᠡᠭᠰᠡᠨ᠎ᠠ᠃
ᠲᠠᠷᠤᠰᠢᠭᠤᠯᠤᠠᠠᠰᠠᠨ ᠡᠷᠳᠡᠨᠢ ᠰᠢᠰᠢ ᠶᠢ ᠦᠨᠢᠶ᠎ᠠ ᠪᠦᠷᠢ ᠵᠢᠯ ᠳᠤ ᠲᠤᠮᠳᠡᠴᠢ ᠪᠠᠷ 2500~3000kg ᠭᠡᠷᠡᠭᠰᠡᠨ᠎ᠠ᠃
ᠭᠤᠨᠵᠢ᠄
ᠨᠠᠷᠢᠯᠢᠬ ᠪᠤᠷᠳᠤᠭ᠎ᠠ ᠶᠢ ᠭᠤᠨᠵᠢ ᠪᠦᠷᠢ ᠵᠢᠯ ᠳᠤ ᠲᠤᠮᠳᠡᠴᠢ ᠪᠠᠷ 900~1000kg ᠭᠡᠷᠡᠭᠰᠡᠨ᠎ᠠ᠃
ᠭᠢᠶᠠᠭ ᠡᠪᠡᠰᠤ ᠶᠢ ᠭᠤᠨᠵᠢ ᠪᠦᠷᠢ ᠵᠢᠯ ᠳᠤ ᠲᠤᠮᠳᠡᠴᠢ ᠪᠠᠷ 1000~1400kg ᠭᠡᠷᠡᠭᠰᠡᠨ᠎ᠠ᠃
ᠲᠠᠷᠤᠰᠢᠭᠤᠯᠤᠠᠠᠰᠠᠨ ᠡᠷᠳᠡᠨᠢ ᠰᠢᠰᠢ ᠶᠢ ᠭᠤᠨᠵᠢ ᠪᠦᠷᠢ ᠵᠢᠯ ᠳᠤ ᠲᠤᠮᠳᠠᠴᠢ ᠪᠠᠷ 1800~2000kg ᠭᠡᠷᠡᠭᠰᠡᠨ᠎ᠠ᠃
︵3︶ ᠲᠤᠭᠤᠯ᠄
ᠨᠠᠷᠢᠯᠢᠬ ᠪᠤᠷᠳᠤᠭ᠎ᠠ ᠶᠢ ᠲᠤᠭᠤᠯ ᠪᠦᠷᠢ 6 ᠰᠠᠷ᠎ᠠ ᠳᠤ ᠲᠤᠮᠳᠠᠴᠢ ᠪᠠᠷ 300~330kg ᠭᠡᠷᠡᠭᠰᠡᠨ᠎ᠠ᠃
ᠭᠢᠶᠠᠭ ᠡᠪᠡᠰᠤ ᠶᠢ ᠲᠤᠭᠤᠯ ᠪᠦᠷᠢ 6 ᠰᠠᠷ᠎ᠠ ᠳᠤ ᠲᠤᠮᠳᠡᠴᠢ ᠪᠠᠷ 300~400kg ᠭᠡᠷᠡᠭᠰᠡᠨ᠎ᠠ᠃
ᠰᠦ ᠪᠤᠯ ᠲᠤᠭᠤᠯ ᠪᠦᠷᠢ 6 ᠰᠠᠷ᠎ᠠ ᠳᠤ ᠲᠤᠮᠳᠡᠴᠢ ᠪᠠᠷ 300~400kg ᠭᠡᠷᠡᠭᠰᠡᠨ᠎ᠠ᠃
ᠲᠡᠭᠡᠷ᠎ᠡ ᠲᠤᠷᠠᠳᠤᠠᠠᠰᠠᠨ ᠲᠤᠭ᠎ᠠ ᠪᠠᠷᠢᠮᠳᠠ ᠶᠢ ᠵᠢᠯ ᠤᠨ ᠰᠦᠨ ᠤ ᠭᠠᠷᠤᠯᠳᠠ ᠨᠢ 5000kg ᠠᠴᠠ ᠲᠡᠭᠡᠭᠰᠢᠭᠢ ᠦᠨᠢᠶᠠᠨ ᠳᠤ ᠭᠡᠷᠡᠭᠯᠡᠭᠦ ᠳᠤ ᠲᠤᠭᠢᠷᠠᠨ᠎ᠠ᠃ ᠡᠭᠦᠨ ᠳᠤ ᠨᠠᠷᠢᠯᠢᠬ ᠪᠤᠷᠳᠤᠭ᠎ᠠ ᠶᠢᠨ ᠲᠤᠳᠤᠷ᠎ᠡ ᠡᠨᠧᠷᠭᠢ ᠶᠢᠨ ᠪᠤᠷᠳᠤᠭ᠎ᠠ ᠶᠢ 55%~65% ᠶᠢ ᠡᠵᠡᠯᠡᠭᠦᠯᠦᠨ᠎ᠠ᠃ ᠤᠭᠤᠷᠬᠠᠳᠤ ᠡᠳ᠋ ᠤᠨ ᠪᠤᠷᠳᠤᠭ᠎ᠠ ᠶᠢ 25%~35% ᠶᠢ ᠡᠵᠡᠯᠡᠭᠦᠯᠦᠨ᠎ᠠ᠃
ᠨᠡᠶᠢᠯᠡᠮᠡᠯ ᠬᠤᠯᠢᠮᠠᠭ ᠪᠤᠷᠳᠤᠭ᠎ᠠ ᠶᠢ 4%~5% ᠶᠢ ᠡᠵᠡᠯᠡᠭᠦᠯᠦᠨ᠎ᠠ᠃
10. ᠪᠦᠭᠦᠯᠢ ᠰᠠᠭᠤᠷᠢ ᠶᠢᠨ ᠡᠷᠳᠡᠨᠢ ᠰᠢᠰᠢ ᠶᠢᠨ ᠭᠦᠭᠡ ᠲᠠᠷᠤᠰᠢ ᠪᠤᠷᠳᠤᠭ᠎ᠠ ᠭᠡᠵᠤ ᠶᠠᠭᠤ ᠶᠢ ᠵᠢᠭᠠᠵᠤ ᠪᠠᠶᠢᠬᠤ ᠪᠤᠢ︖
ᠪᠦᠭᠦᠯᠢ ᠰᠠᠭᠤᠷᠢ ᠶᠢᠨ ᠡᠷᠳᠡᠨᠢ ᠰᠢᠰᠢ ᠶᠢᠨ ᠲᠠᠷᠤᠰᠢᠭᠤᠯᠤᠯ ᠪᠤᠯ ᠭᠦᠭᠡ ᠲᠠᠷᠤᠰᠢ ᠪᠤᠷᠳᠤᠭ᠎ᠠ ᠶᠢᠨ ᠴᠢᠨᠠᠷ ᠪᠠ ᠲᠠᠵᠢᠭᠡᠪᠤᠷᠢ ᠶᠢᠨ ᠦᠷ᠎ᠠ ᠠᠰᠢᠭ ᠢ ᠲᠠᠭᠡᠭᠰᠢᠯᠡᠭᠦᠯᠭᠦ ᠵᠠᠩᠭᠢᠯᠠᠭ᠎ᠠ ᠪᠤᠯᠤᠨ᠎ᠠ᠃ ᠡᠷᠳᠡᠨᠢ ᠰᠢᠰᠢ ᠶᠢᠨ ᠦᠷ᠎ᠡ ᠮᠦᠭᠦᠯᠢᠭ ᠪᠤᠯᠤᠨ ᠨᠤᠭᠤᠭᠠᠨ ᠡᠰᠢ ᠭᠤᠤᠷᠰᠤ ᠶᠢ ᠬᠠᠮᠳᠤ ᠳᠤᠨᠢ ᠭᠡᠷᠴᠢᠵᠤ ᠬᠤᠳᠬᠤᠨ ᠲᠠᠷᠤᠰᠢᠭᠤᠯᠪᠠᠯ᠂ ᠲᠠᠷᠤᠰᠢᠭᠤᠯᠤᠯ ᠲᠡᠵᠢᠭᠡᠯ ᠪᠤᠷᠳᠤᠭ᠎ᠠ ᠶᠢᠨ ᠲᠤᠳᠤᠷᠠᠭᠢ ᠡᠨᠧᠷᠭᠢ ᠪᠤᠯᠤᠨ ᠤᠭᠤᠷᠠᠭ ᠤᠨ ᠠᠭᠤᠯᠤᠭᠳᠠᠴᠨ ᠶᠢ ᠨᠡᠮᠡᠭᠳᠡᠭᠦᠯᠵᠤ᠂ ᠰᠢᠮ᠎ᠠ ᠲᠡᠵᠢᠭᠡᠯ ᠨᠢ ᠴᠤ ᠮᠠᠰᠢ ᠲᠡᠩᠴᠡᠭᠦᠷᠢᠳᠡᠢ ᠪᠤᠯᠳᠠᠭ᠃ ᠪᠦᠭᠦᠯᠢ ᠰᠠᠭᠤᠷᠢ ᠶᠢᠨ ᠲᠠᠷᠤᠰᠢᠭᠤᠯᠤᠯ ᠢ ᠲᠡᠯᠭᠡᠷᠡᠭᠦᠯᠭᠦ ᠨᠢ ᠲᠠᠷᠤᠰᠢᠭᠤᠯᠤᠯ ᠲᠡᠵᠢᠭᠡᠯ ᠪᠤᠷᠳᠤᠭ᠎ᠠ ᠶᠢᠨ ᠰᠢᠮ᠎ᠠ ᠲᠡᠵᠢᠭᠡᠯ ᠤᠨ ᠪᠦᠷᠢᠯᠳᠦᠭᠦᠨ ᠢ ᠶᠡᠭᠡ ᠪᠠᠷ ᠲᠡᠭᠡᠭᠰᠢᠯᠡᠭᠦᠯᠵᠤ᠂ ᠲᠠᠷᠤᠰᠢᠭᠤᠯᠬᠤ ᠡᠷᠳᠡᠨᠢ ᠰᠢᠰᠢ ᠶᠢᠨ ᠴᠢᠨᠠᠷ ᠢ ᠰᠠᠶᠢᠵᠢᠷᠠᠭᠤᠯᠵᠤ᠂ ᠲᠦᠷᠦᠭᠦᠤ ᠦᠭᠡᠢ ᠲᠠᠷᠤᠰᠢᠭᠤᠯᠤᠯ ᠢ ᠪᠤᠳᠤᠪᠠᠯ᠂ ᠪᠦᠭᠦᠯᠢ ᠰᠠᠭᠤᠷᠢ ᠶᠢᠨ ᠡᠷᠳᠡᠨᠢ ᠰᠢᠰᠢ ᠶᠢᠨ ᠲᠠᠷᠤᠰᠢᠭᠤᠯᠤᠯ ᠲᠠᠵᠢᠭᠡᠯ ᠪᠤᠷᠳᠤᠭ᠎ᠠ ᠨᠢ ᠮᠢᠬᠠᠨ ᠤ ᠭᠠᠷᠤᠯᠳᠠ ᠶᠢ 10% ᠠᠴᠠ ᠲᠡᠭᠡᠭᠰᠢ ᠨᠡᠮᠡᠭᠳᠡᠭᠦᠯᠵᠤ᠂ ᠰᠦᠨ ᠤ ᠭᠠᠷᠤᠯᠳᠠ ᠶᠢ 10%~20% ᠠᠴᠠ ᠲᠡᠭᠡᠭᠰᠢ ᠨᠡᠮᠡᠭᠳᠡᠭᠦᠯᠳᠡᠭ᠃
ᠲᠤᠰ ᠮᠡᠷᠭᠡᠵᠢᠯ ᠢ ᠪᠦᠭᠦ ᠤᠯᠤᠰ ᠤᠨ ᠡᠯ᠎ᠡ ᠰᠦ᠂ ᠮᠢᠬᠠᠨ ᠤ ᠦᠢᠯᠡᠳᠪᠤᠷᠢᠯᠡᠯ ᠤᠨ ᠤᠷᠤᠨ ᠳᠤ ᠲᠡᠯᠭᠡᠷᠡᠭᠦᠯᠭᠦ ᠳᠤ ᠲᠤᠭᠢᠷᠠᠨ᠎ᠠ᠃