︵ᠠᠷᠪᠠᠨ ᠭᠤᠷᠪᠠ︶ ᠲᠠᠷᠠᠭ ᠢᠰᠭᠡᠭᠦ ᠠᠷᠭ᠎ᠠ
ᠨᠡᠶᠢᠲᠡᠯᠡᠭᠰᠡᠨ ᠴᠠᠭ᠄
2015/11/13

     1. ᠲᠠᠷᠠᠭ ᠭᠡᠳᠡᠭ ᠨᠢ ᠶᠠᠭᠤ ᠶᠢ ᠭᠡᠯᠡᠵᠤ ᠪᠠᠶᠢᠬᠤ ᠪᠤᠢ︖

      ᠲᠠᠷᠠᠭ ᠭᠡᠳᠡᠭ ᠪᠤᠯ ᠰᠦ᠂ ᠴᠠᠭᠠᠨ ᠢᠳᠡᠭᠡᠨ ᠢᠶᠠᠷ ᠭᠤᠤᠯ ᠲᠦᠭᠦᠭᠡᠢ ᠮᠠᠲ᠋ᠧᠷᠢᠶᠠᠯ ᠪᠤᠯᠭᠠᠵᠤ᠂ ᠰᠦᠨ ᠭᠦᠴᠢᠯ ᠤᠨ ᠪᠠᠺᠲ᠋ᠧᠷᠢ ᠪᠤᠯᠤᠨ ᠢᠰᠭᠡᠭᠦᠷ ᠭᠦᠷᠦᠩᠭᠡ ᠨᠡᠮᠡᠵᠤ᠂ ᠢᠰᠦᠭᠰᠡᠨ ᠤ ᠰᠡᠭᠦᠯᠡᠷ ᠡᠭᠡᠳᠡᠷᠡᠨ ᠪᠦᠭᠡᠮᠨᠡᠷᠡᠭᠰᠡᠨ ᠰᠢᠩᠭᠡᠨ ᠪᠡᠶᠡᠳᠤ ᠪᠤᠯᠵᠤ᠂ ᠦᠪᠡᠷᠮᠢᠴᠡ ᠠᠮᠳᠠ ᠰᠢᠮᠳᠡ ᠲᠠᠢ ᠪᠠᠶᠢᠳᠠᠭ ᠰᠦᠨ ᠤᠮᠳᠠᠭᠠᠨ ᠢ ᠵᠢᠭᠠᠵᠤ ᠪᠠᠶᠢᠨ᠎ᠠ᠃

      ᠰᠦᠨ ᠲᠠᠷᠠᠭ ᠤᠨ ᠪᠦᠷᠢᠳᠦᠯ ᠨᠢ ᠵᠠᠪᠠᠯ ᠵᠤᠭᠢᠬᠤ ᠪᠠᠷᠢᠮᠵᠢᠶ᠎ᠠ ᠳᠤ ᠭᠦᠷᠦᠭᠰᠡᠨ ᠤ ᠲᠠᠷᠠᠭ᠎ᠠ ᠰᠠᠶ᠋ᠢ ᠤᠤᠭᠤᠵᠤ ᠪᠤᠯᠤᠨ᠎ᠠ᠃ ᠲᠡᠭᠦᠨ ᠳᠤ ᠠᠭᠤᠯᠤᠠᠠᠳᠠᠵᠤ ᠪᠦᠭᠦᠢ ᠲᠤᠰᠤ ᠦᠭᠡᠢ ᠰᠦᠨ ᠤ ᠲᠤᠠᠠᠳᠠᠮᠠᠯ ᠭᠡᠯᠪᠡᠷᠢᠳᠤ ᠡᠳ᠋ ᠨᠢ 8% ᠠᠴᠠ ᠲᠡᠭᠡᠭᠰᠢ᠂ ᠰᠦᠨ ᠭᠦᠴᠢᠯ ᠤᠨ ᠪᠠᠺᠲ᠋ᠧᠷᠢ ᠨᠢ ᠮᠢᠯᠢᠯᠢᠲᠷ ᠪᠦᠷᠢ 1000 ᠲᠦᠮᠡ ᠠᠴᠠ ᠲᠡᠭᠡᠭᠰᠢ ᠪᠠᠶᠢᠵᠤ᠂ ᠪᠦᠳᠦᠭᠦᠨ ᠭᠡᠳᠡᠰᠤᠨ ᠤ ᠪᠠᠺᠲ᠋ᠧᠷᠢ ᠨᠢ ᠡᠷᠭᠡᠪᠰᠢ ᠪᠢᠯᠢᠭ ᠭᠡᠯᠪᠡᠷᠢ ᠲᠠᠢ ᠪᠠᠶᠢᠬᠤ ᠭᠡᠷᠡᠭᠳᠡᠢ᠃ ᠢᠡᠭᠭᠢᠪᠡᠯ ᠰᠦᠨ ᠭᠦᠴᠢᠯ ᠤᠨ ᠪᠠᠺᠲ᠋ᠧᠷᠢ ᠶᠢᠨ ᠠᠭᠤᠯᠤᠠᠠᠳᠠᠴᠠ ᠶᠢ ᠪᠠᠳᠤᠯᠠᠵᠤ᠂ ᠬᠤᠤᠷᠳᠤ ᠪᠠᠺᠲ᠋ᠧᠷᠢ ᠶᠢᠨ ᠬᠤᠤᠷᠳᠡᠯ ᠢ ᠰᠡᠷᠭᠡᠶᠢᠯᠡᠵᠤ ᠴᠢᠳᠠᠨ᠎ᠠ᠃

       2. ᠲᠠᠷᠠᠭ ᠨᠢ ᠶᠠᠮᠠᠷ ᠰᠢᠮ᠎ᠠ ᠲᠡᠵᠢᠭᠡᠯ ᠤᠨ ᠤᠨᠴᠠᠯᠢᠭ ᠲᠠᠢ ᠪᠤᠢ︖

      ᠲᠠᠷᠠᠭ ᠪᠤᠯ ᠲᠤᠤᠷᠠᠭᠢ ᠮᠡᠳᠤ ᠰᠢᠮ᠎ᠠ ᠲᠡᠵᠢᠭᠡᠯ ᠤᠨ ᠤᠨᠴᠠᠯᠢᠭ ᠲᠠᠢ ᠪᠠᠶᠢᠳᠠᠭ᠃

     ︵1︶ ᠪᠦᠳᠦᠭᠦᠨ ᠭᠡᠳᠡᠰᠤᠨ ᠤ ᠬᠤᠤᠷᠳᠤ ᠮᠢᠺᠷᠤᠪ ᠤᠨ ᠭᠦᠳᠡᠯᠭᠡᠭᠡᠨ ᠢ ᠬᠤᠷᠢᠠᠠᠯᠠᠳᠠᠭ᠃ ᠦᠷᠭᠦᠯᠵᠢ ᠲᠠᠷᠠᠭ ᠤᠤᠭᠤᠪᠠᠯ ᠪᠦᠳᠦᠭᠦᠨ ᠭᠡᠳᠡᠰᠤ ᠶᠢ ᠭᠦᠴᠢᠯᠯᠢᠭ ᠴᠢᠨᠠᠷ ᠲᠠᠢ ᠪᠤᠯᠭᠠᠵᠤ᠂ ᠪᠦᠳᠦᠭᠦᠨ ᠭᠡᠳᠡᠰᠤᠨ ᠳᠤ ᠢᠯᠵᠠᠷᠬᠠᠰᠠᠨ ᠮᠢᠺᠷᠤᠪ ᠡᠳ᠋ ᠤᠨ ᠦᠷᠡᠵᠢᠯᠳᠡ ᠶᠢ ᠬᠤᠷᠢᠠᠠᠯᠠᠵᠤ᠂ ᠲᠡᠭᠦᠨ ᠤ ᠡᠭᠦᠰᠭᠡᠭᠦ ᠶᠢ ᠰᠡᠷᠬᠡᠶᠢᠯᠡᠵᠦ᠂ ᠵᠢᠱᠢᠶᠡᠯᠡᠪᠡᠯ ᠢᠨᠳᠤᠯ᠂ ᠠᠮᠢᠨ ᠤ ᠲᠦᠷᠦᠯ ᠤᠨ ᠨᠡᠶᠢᠯᠡᠮᠡᠯ ᠡᠳ᠋ ᠢ ᠰᠡᠷᠭᠡᠶᠢᠯᠡᠵᠤ᠂ ᠪᠡᠶ᠎ᠠ ᠶᠢᠨ ᠡᠷᠡᠭᠦᠯ ᠮᠡᠨᠳᠤ ᠳᠤ ᠠᠰᠢᠠᠠᠳᠠᠢ ᠪᠠᠶᠢᠳᠠᠭ᠃

      ︵2︶ ᠰᠢᠩᠭᠡᠭᠡᠯᠳᠡ ᠶᠢᠨ ᠴᠢᠳᠠᠪᠤᠷᠢ ᠶᠢ ᠰᠠᠶᠢᠵᠢᠷᠠᠭᠤᠯᠳᠠᠭ᠃ ᠲᠠᠷᠠᠭ ᠤᠨ ᠢᠰᠭᠦᠯᠡᠩ ᠠᠮᠳᠠ ᠪᠤᠯᠤᠨ ᠠᠩᠭᠢᠯᠦᠮ᠎ᠠ ᠦᠨᠤᠷ ᠨᠢ ᠬᠤᠭᠤᠯᠠᠨ ᠤ ᠲᠤᠷᠠᠰᠢᠯ ᠳᠤ ᠰᠡᠳᠤᠯᠳᠡ ᠦᠭᠴᠤ᠂ ᠪᠠᠰᠠ ᠰᠢᠯᠦᠰᠤᠨ ᠱᠦᠭᠦᠷᠡᠯ ᠢ ᠠᠭᠢᠭᠤᠯᠤᠨ᠂ ᠭᠡᠳᠡᠰᠤᠨ ᠤ ᠭᠦᠷᠪᠡᠯᠵᠡᠯᠳᠡ ᠶᠢ ᠰᠠᠶᠢᠵᠢᠷᠠᠭᠤᠯᠤᠭᠠᠳ᠂ ᠰᠢᠩᠭᠡᠭᠡᠯᠳᠡ ᠳᠤ ᠲᠤᠰᠠᠯᠠᠮᠵᠢ ᠦᠵᠡᠭᠦᠯᠳᠡᠭ᠃ ᠲᠠᠷᠠᠴᠢᠯᠡᠨ ᠰᠦᠷᠡᠭᠡᠢ ᠰᠢᠷ᠎ᠠ ᠬᠤᠰᠤᠳᠠᠭ ᠭᠦᠮᠦᠨ ᠳᠤ ᠡᠮᠴᠢᠯᠡᠭᠡᠨ ᠤ ᠦᠢᠯᠡᠳᠦᠯ ᠲᠠᠢ ᠪᠠᠶᠢᠳᠠᠭ᠃

      ︵3︶ ᠪᠠᠺᠲ᠋ᠧᠷᠢ ᠡᠰᠡᠷᠭᠦᠴᠡᠬᠦ ᠡᠳ᠋ ᠡᠭᠦᠰᠭᠡᠳᠡᠭ᠃ ᠵᠢᠱᠢᠶᠡᠯᠡᠪᠡᠯ ᠰᠦᠨ ᠭᠦᠴᠢᠯ ᠤᠨ ᠰᠠᠪᠬᠠᠨᠴᠢᠷ ᠪᠠᠺᠲ᠋ᠧᠷᠢ ᠨᠢ ᠪᠠᠺᠲ᠋ᠧᠷᠢ ᠡᠰᠡᠷᠭᠦᠴᠡᠬᠦ ᠡᠳ᠋ ᠢ ᠪᠤᠢ ᠪᠤᠯᠭᠠᠵᠤ᠂ ᠠᠭᠤᠰᠭᠢᠨ ᠤ ᠦᠷᠪᠢᠰᠦᠯ᠂ ᠰᠦᠷᠢᠶ᠎ᠠ ᠡᠪᠡᠳᠴᠢᠨ ᠵᠢᠴᠢ ᠰᠠᠬᠤᠤ ᠡᠪᠡᠳᠴᠢᠨ ᠤ ᠡᠪᠡᠳᠴᠢᠨ ᠡᠭᠦᠰᠭᠡᠭᠴᠢ ᠶᠢ ᠲᠠᠷᠤᠬᠤ ᠦᠢᠯᠡᠳᠦᠯ ᠲᠠᠢ ᠪᠠᠶᠢᠳᠠᠭ᠃

     ᠡᠭᠦᠨ ᠠᠴᠠ ᠭᠠᠳᠠᠨ᠎ᠠ ᠤᠶᠢᠷ᠎ᠠ ᠶᠢᠨ ᠵᠢᠯ ᠤᠳ ᠲᠤ ᠶᠡᠭᠡ ᠭᠡᠮᠵᠢᠶᠠᠨ ᠤ ᠮᠠᠲ᠋ᠧᠷᠢᠶᠡᠯ ᠳᠤ ᠮᠡᠳᠡᠭᠡᠯᠡᠭᠰᠡᠨ ᠢᠶᠠᠷ ᠪᠤᠯ ᠲᠠᠷᠠᠭ ᠨᠢ ᠦᠮᠡᠨ ᠡᠪᠡᠳᠴᠢᠨ ᠢ ᠰᠡᠷᠭᠡᠶᠢᠯᠡᠭᠦ ᠪᠠ ᠵᠠᠰᠠᠬᠤ ᠦᠢᠯᠡᠳᠦᠯ ᠲᠠᠢ ᠭᠡᠵᠡᠢ᠃ ᠮᠡᠳᠡᠭᠡᠯᠡᠯ ᠢ ᠦᠨᠳᠦᠰᠦᠯᠡᠪᠡᠯ ᠠᠮᠧᠷᠢᠺᠠ ᠳᠤ ᠤᠶᠢᠷ᠎ᠠ ᠶᠢᠨ ᠲᠠᠪᠢᠭᠠᠳ ᠵᠢᠯ ᠳᠤ ᠡᠪᠡᠳᠴᠢᠨ ᠤᠯᠬᠤ ᠨᠤᠷᠮ᠎ᠠ ᠪᠠᠭᠤᠷᠬᠠᠰᠠᠨ ᠨᠢ ᠴᠦᠮ ᠲᠠᠷᠠᠭ ᠤᠤᠭᠤᠠᠠᠰᠠᠨ ᠲᠠᠢ ᠬᠤᠯᠪᠤᠭ᠎ᠠ ᠲᠠᠢ ᠭᠡᠨ᠎ᠠ᠃ ᠲᠠᠷᠠᠭ ᠪᠤᠯ ᠬᠠᠪᠤᠩᠳᠤ ᠦᠮᠡᠨ ᠢ ᠵᠠᠰᠠᠬᠤ ᠦᠢᠯᠡᠳᠦᠯ ᠲᠠᠢ ᠪᠠᠶᠢᠳᠠᠭ᠃ ᠡᠨᠡ ᠨᠢ ᠲᠠᠷᠠᠭ ᠪᠤᠯ ᠨᠢᠭᠡᠨ ᠵᠦᠢᠯ ᠤᠨ ᠲᠦᠢᠯ ᠤᠨ ᠰᠠᠶᠢᠨ ᠡᠷᠡᠭᠦᠯᠵᠢᠭᠦᠯᠭᠦ ᠢᠳᠡᠭᠡᠨ ᠤ ᠲᠦᠷᠦᠯ ᠮᠦᠨ ᠭᠡᠳᠡᠭ ᠢ ᠭᠡᠷᠡᠴᠢᠯᠡᠭᠰᠡᠨ ᠪᠠᠶᠢᠨ᠎ᠠ᠃

      ︵4︶ ᠰᠢᠮ᠎ᠠ ᠲᠡᠵᠢᠭᠡᠯ ᠰᠠᠶᠢᠳᠠᠢ᠂ ᠠᠮᠠᠷᠬᠠᠨ ᠰᠢᠩᠭᠡᠳᠡᠭ᠃ ᠲᠠᠷᠠᠭ ᠨᠢ ᠦᠨᠢᠶᠠᠨ ᠰᠦ ᠪᠠᠷ ᠲᠦᠭᠦᠭᠡᠢ ᠮᠠᠲ᠋ᠧᠷᠢᠶᠠᠯ ᠪᠤᠯᠭᠠᠠᠠᠰᠠᠨ ᠪᠤᠯᠬᠤᠷ ᠤᠭᠤᠷᠠᠭ᠂ ᠦᠭᠡᠭᠦ᠂ ᠰᠦᠨ ᠰᠢᠭᠢᠷ ᠵᠡᠷᠭᠡ ᠰᠢᠩᠭᠡᠭᠡᠯᠳᠡ ᠶᠢᠨ ᠡᠯᠧᠮᠧᠨ᠋ᠲ ᠢᠶᠠᠷ ᠮᠠᠰᠢ ᠡᠯᠪᠡᠭ ᠪᠠᠶᠢᠳᠠᠭ᠃ ᠲᠠᠷᠠᠭ ᠤᠨ ᠲᠤᠳᠤᠷᠠᠭᠢ ᠰᠦᠨ ᠭᠦᠴᠢᠯ ᠤᠨ ᠪᠠᠺᠲ᠋ᠧᠷᠢ ᠨᠢ B ᠪᠦᠯᠦᠭ ᠤᠨ ᠸᠢᠲ᠋ᠠᠮᠢᠨ ᠢ ᠪᠦᠷᠢᠳᠦᠭᠦᠯᠵᠤ᠂ ᠠᠷᠠᠰᠤᠨ ᠤ ᠡᠷᠡᠭᠦᠯ ᠮᠡᠨᠳᠤ ᠪᠠ ᠴᠢᠰᠤ ᠲᠤᠳᠠᠬᠤ ᠡᠪᠡᠳᠴᠢᠨ ᠢ ᠰᠡᠷᠭᠡᠶᠢᠯᠡᠭᠦ ᠳᠤ ᠠᠰᠢᠠᠠᠳᠠᠢ ᠪᠠᠶᠢᠳᠠᠭ᠃ ᠲᠠᠷᠠᠭ ᠲᠤ ᠦᠷᠭᠦᠯᠵᠢ ᠭᠡᠷᠡᠭᠯᠡᠳᠡᠭ ᠰᠦᠨ ᠭᠦᠴᠢᠯ ᠤᠨ ᠪᠠᠺᠲ᠋ᠧᠷᠢ ᠵᠢᠱᠢᠶᠡᠯᠡᠪᠡᠯ ᠰᠦᠨ ᠭᠦᠴᠢᠯ ᠤᠨ ᠰᠠᠪᠬᠠᠨᠴᠢᠷ ᠪᠠᠺᠲ᠋ᠧᠷᠢ᠂ ᠪᠤᠯᠭᠠᠷᠢᠶ᠎ᠠ ᠶᠢᠨ ᠰᠦᠨ ᠪᠠᠺᠲ᠋ᠧᠷᠢ ᠵᠡᠷᠭᠡ ᠨᠢ ᠤᠭᠤᠷᠠᠭ ᠢ ᠵᠠᠳᠠᠯᠵᠤ᠂ ᠲᠤᠤᠷ᠎ᠠ ᠮᠤᠯᠧᠺᠦ᠋ᠯᠳᠦ ᠭᠢᠮᠢ ᠶᠢᠨ ᠨᠡᠶᠢᠯᠡᠯ ᠡᠳ᠋ ᠪᠤᠯᠬᠤ ᠤᠭᠤᠷᠬᠠᠳᠤ ᠡᠳ᠋᠂ ᠰᠢᠪᠳᠤᠷᠳᠤ ᠭᠦᠴᠢᠯ ᠢ ᠪᠤᠢ ᠪᠤᠯᠭᠠᠬᠤ ᠴᠢᠳᠠᠯ ᠲᠠᠢ ᠪᠠᠶᠢᠳᠠᠭ᠃ ᠡᠶᠢᠮᠤ ᠠᠴᠠ ᠦᠨᠢᠶᠠᠨ ᠰᠦᠨ ᠤ ᠲᠠᠷᠠᠭ ᠨᠢ ᠦᠨᠢᠶᠠᠨ ᠰᠦ ᠠᠴᠠ ᠨᠡᠩ ᠠᠮᠠᠷᠬᠠᠨ ᠰᠢᠩᠭᠡᠳᠡᠭ ᠪᠠᠶᠢᠨ᠎ᠠ᠃

      ︵5︶ ᠵᠠᠷᠢᠮ ᠭᠦᠮᠦᠰ ᠤᠨ ᠰᠦᠨ ᠰᠢᠭᠢᠷ ᠲᠤ ᠦᠯᠤ ᠲᠤᠭᠢᠷᠠᠯᠴᠠᠬᠤ ᠡᠪᠡᠳᠴᠢᠨ ᠢ ᠲᠠᠪᠴᠢᠵᠤ ᠴᠢᠳᠠᠨ᠎ᠠ᠃ ᠵᠠᠷᠢᠮ ᠭᠦᠮᠦᠰ ᠰᠦᠨ ᠰᠢᠭᠢᠷ ᠤᠨ ᠢᠰᠭᠡᠭᠦᠷ ᠲᠤᠳ᠋ᠬᠠᠳᠠᠠᠰᠠᠨ ᠠᠴᠠ ᠪᠤᠯᠤᠭᠠᠳ ᠦᠨᠢᠶᠠᠨ ᠰᠦ ᠳᠠᠬᠢ ᠰᠦᠨ ᠰᠢᠭᠢᠷ ᠢ ᠰᠠᠶᠢᠨ ᠰᠢᠩᠭᠡᠭᠡᠵᠤ ᠲᠠᠶᠢᠯᠭᠦ ᠦᠭᠡᠢ ᠪᠤᠯᠵᠤ᠂ ᠭᠡᠳᠡᠰᠤ ᠭᠦᠶᠦᠯᠭᠡᠭᠦ ᠵᠡᠷᠭᠡ ᠡᠪᠡᠳᠴᠢᠨ ᠳᠤ ᠠᠮᠠᠷᠬᠠᠨ ᠨᠡᠷᠪᠡᠭᠳᠡᠳᠡᠭ᠃ ᠭᠡᠳᠡᠯ᠎ᠠ ᠲᠠᠷᠠᠭ ᠲᠠᠬᠢ 75% ᠶᠢᠨ ᠰᠦᠨ ᠰᠢᠭᠢᠷ ᠨᠢ ᠵᠠᠳᠠᠷᠠᠭᠠᠳ᠂ ᠰᠦᠨ ᠭᠦᠴᠢᠯ ᠪᠤᠯᠴᠢᠬᠠᠬᠤ ᠲᠤᠯᠠ ᠰᠦᠨ ᠰᠢᠭᠢᠷ ᠲᠤ ᠲᠤᠭᠢᠷᠠᠯᠴᠠᠬᠤ ᠦᠭᠡᠢ ᠡᠪᠡᠳᠴᠢᠨ ᠢ ᠨᠠᠮᠳᠠᠭᠤᠯᠬᠤ ᠦᠢᠯᠡᠳᠦᠯ ᠲᠠᠢ ᠪᠠᠶᠢᠳᠠᠭ ᠶᠤᠮ᠃

      3. ᠲᠠᠷᠠᠭ ᠢᠰᠭᠡᠭᠦ ᠳᠤ ᠶᠠᠮᠠᠷ ᠲᠦᠭᠦᠭᠡᠢ ᠮᠠᠲ᠋ᠧᠷᠢᠶᠠᠯ ᠭᠡᠷᠡᠭᠴᠡᠭᠡ ᠲᠠᠢ ᠪᠤᠢ︖

     ᠨᠢᠭᠡ ᠳᠤ᠂ ᠰᠦ ᠪᠠᠶᠢᠬᠤ ᠭᠡᠷᠡᠭᠳᠡᠢ᠃ ᠡᠩ ᠲᠠᠷᠢᠭᠦᠨ ᠳᠤ ᠴᠢᠨᠠᠷ ᠰᠠᠶᠢᠳᠠᠢ ᠰᠢᠨ᠎ᠠ ᠰᠦ ᠶᠢ ᠰᠤᠩᠭᠤᠬᠤ ᠭᠡᠷᠡᠭᠳᠡᠢ᠃ ᠡᠭᠦᠨ ᠳᠤ ᠰᠦᠨ ᠲᠤᠳᠤᠷᠠᠭᠢ ᠪᠠᠺᠲ᠋ᠧᠷᠢ ᠡᠰᠡᠷᠭᠦᠴᠡᠬᠦ ᠡᠳ᠋ ᠪᠠ ᠪᠤᠰᠤᠳ ᠵᠦᠢᠯ ᠤᠨ ᠬᠤᠤᠷᠳᠠᠢ ᠪᠠᠺᠲ᠋ᠧᠷᠢ ᠶᠢᠨ ᠵᠦᠢᠯ ᠤᠨ ᠬᠤᠯᠢᠴᠠ ᠦᠭᠡᠢ ᠪᠦᠭᠡᠳ ᠲᠤᠰᠤ ᠦᠭᠡᠢ ᠰᠦᠨ ᠬᠠᠳᠠᠭᠤ ᠲᠦᠯᠦᠪᠳᠤ ᠡᠳ᠋ ᠨᠢ 8.5% ᠠᠴᠠ ᠲᠡᠭᠡᠭᠰᠢ ᠪᠠᠶᠢᠬᠤ ᠶᠢ ᠱᠠᠭᠠᠷᠳᠠᠨ᠎ᠠ᠃ ᠴᠤᠯ ᠲᠠᠷᠠᠭ ᠤᠨ ᠰᠦᠨ ᠦᠭᠡᠭᠦ ᠨᠢ 0.5% ᠠᠴᠠ ᠲᠤᠤᠷ᠎ᠠ ᠪᠠᠶᠢᠬᠤ ᠭᠡᠷᠡᠭᠳᠡᠢ᠃ ᠰᠦᠨ ᠬᠠᠳᠠᠭᠤ ᠲᠦᠯᠦᠪᠳᠤ ᠡᠳ᠋ ᠢ ᠨᠡᠮᠡᠭᠳᠡᠭᠦᠯᠭᠦ ᠶᠢᠨ ᠲᠤᠰᠠᠳᠠ ᠦᠷᠭᠦᠯᠵᠢ 1%~3% ᠶᠢᠨ ᠲᠤᠰᠤ ᠰᠠᠯᠭᠠᠠᠠᠰᠠᠨ ᠰᠦᠨ ᠲᠠᠯᠬ᠎ᠠ ᠶᠢ ᠨᠡᠮᠡᠪᠡᠯ ᠰᠦᠨ ᠤ ᠢᠯᠭᠠᠷᠠᠯᠳᠠ ᠶᠢ ᠬᠤᠷᠢᠠᠠᠯᠠᠵᠤ᠂ ᠦᠨᠤᠷ ᠠᠮᠳᠠ ᠶᠢ ᠰᠠᠶᠢᠵᠢᠷᠠᠭᠤᠯᠬᠤ ᠵᠤᠷᠢᠯᠭ᠎ᠠ ᠳᠤ ᠭᠦᠷᠴᠤ ᠪᠤᠯᠤᠨ᠎ᠠ᠃ ᠭᠡᠪᠡᠴᠤ ᠰᠦᠨ ᠲᠠᠯᠬ᠎ᠠ ᠨᠡᠮᠡᠭᠰᠡᠨ ᠲᠤᠰᠤ ᠰᠠᠯᠭᠠᠠᠠᠰᠠᠨ ᠰᠦᠨ ᠲᠠᠯᠬ᠎ᠠ ᠨᠢ 3% ᠠᠴᠠ ᠭᠡᠳᠦᠷᠡᠭᠦ ᠳᠤ ᠭᠦᠷᠪᠡᠯ ᠰᠦᠨ ᠲᠠᠯᠬ᠎ᠠ ᠳᠤ ᠦᠨᠤᠷ ᠤᠷᠤᠳᠠᠭ᠃ ᠡᠶᠢᠮᠤ ᠠᠴᠠ ᠬᠤᠨᠢᠨ ᠤ ᠦᠳᠭᠡᠨ ᠰᠦ ᠪᠤᠶᠤ ᠪᠤᠯᠪᠠᠰᠤᠷᠠᠭᠤᠯᠤᠠᠠᠰᠠᠨ ᠰᠦ ᠨᠡᠮᠡᠪᠡᠯ ᠮᠠᠰᠢ ᠠᠮᠳᠠ ᠰᠢᠮᠳᠡ ᠲᠠᠢ ᠰᠠᠶᠢᠬᠠᠨ ᠪᠤᠯᠳᠠᠭ᠃

      ᠬᠤᠶᠠᠷ ᠲᠤ᠂ ᠠᠮᠳᠠ ᠰᠢᠮᠳᠡ ᠶᠢᠨ ᠮᠠᠲ᠋ᠧᠷᠢᠶᠠᠯ ᠪᠠᠶᠢᠬᠤ ᠭᠡᠷᠡᠭᠳᠡᠢ᠃ ᠱᠠᠳᠠᠩ᠂ ᠦᠵᠦᠮ ᠤᠨ ᠰᠢᠭᠢᠷ ᠪᠤᠶᠤ ᠵᠦᠭᠡᠢ ᠶᠢᠨ ᠪᠠᠯ ᠵᠡᠷᠭᠡ ᠶᠢ ᠭᠡᠷᠡᠭᠯᠡᠵᠤ ᠪᠤᠯᠤᠨ᠎ᠠ᠃ ᠶᠠᠷᠦᠩᠭᠡᠢ ᠳᠡᠭᠡᠨ 8%~10% ᠶᠢᠨ ᠭᠡᠮᠵᠢᠶ᠎ᠠ ᠪᠠᠷ ᠨᠠᠮᠡᠨ᠎ᠠ᠃ ᠭᠡᠷᠪᠡ ᠲᠠᠷᠠᠭ ᠤᠨ ᠢᠶᠠᠨ ᠭᠦᠴᠢᠯ ᠢ ᠨᠢ ᠲᠡᠭᠡᠭᠰᠢᠯᠡᠭᠦᠯᠦᠨ᠎ᠠ ᠭᠡᠪᠡᠯ ᠨᠡᠮᠡᠭᠦ ᠭᠡᠮᠵᠢᠶ᠎ᠠ ᠪᠠᠨ ᠲᠤᠭᠢᠳᠡᠢ ᠨᠡᠮᠡᠭᠳᠡᠭᠦᠯᠵᠤ ᠪᠤᠯᠤᠨ᠎ᠠ᠃

      ᠭᠤᠷᠪᠡ ᠳᠤ᠂ ᠬᠠᠳᠠᠭᠤᠷᠠᠭᠤᠯᠬᠤ ᠡᠳ᠋ ᠪᠠᠶᠢᠬᠤ ᠭᠡᠷᠡᠭᠳᠡᠢ᠃ ᠲᠠᠷᠠᠭ ᠢ ᠬᠠᠳᠠᠭᠤᠷᠠᠭᠤᠯᠤᠶ᠎ᠠ ᠭᠡᠪᠡᠯ ᠰᠦᠨ ᠤ ᠬᠠᠳᠠᠭᠤ ᠲᠦᠯᠦᠪᠳᠤ ᠪᠦᠷᠢᠯᠳᠦᠭᠦᠨ ᠢ ᠨᠡᠮᠡᠪᠡᠯ ᠬᠠᠮᠤᠭ ᠤᠨ ᠰᠠᠶᠢᠨ ᠪᠠᠶᠢᠳᠠᠭ᠃ ᠡᠭᠦᠨ ᠠᠴᠠ ᠭᠠᠳᠠᠨ᠎ᠠ ᠪᠠᠰᠠ ᠴᠠᠷᠴᠠᠮᠠᠯ ᠡᠳ᠋  0.05%~0.1%᠂ ᠲᠤᠩᠭᠠᠯᠠᠭ ᠴᠠᠪᠠᠤ 0.5% ᠪᠤᠶᠤ ᠴᠠᠷᠳᠠᠭᠤᠯ 0.3% ᠪᠠᠷ ᠨᠡᠮᠡᠪᠡᠯ᠂ ᠬᠠᠳᠠᠭᠤᠴᠠ ᠶᠢ ᠨᠢ ᠲᠡᠭᠡᠭᠰᠢᠯᠡᠭᠦᠯᠭᠦ ᠪᠦᠭᠡᠳ ᠵᠤᠭᠤᠰ ᠮᠦᠡᠭᠭᠦ ᠳᠤ ᠴᠤ ᠠᠷᠪᠢᠳᠡᠢ ᠶᠤᠮ᠃

      ᠲᠦᠷᠪᠡ ᠳᠤ᠂ ᠠᠮᠳᠠᠳᠤ ᠮᠠᠲ᠋ᠧᠷᠢᠶᠠᠯ᠂ ᠵᠢᠮᠢᠰ ᠤᠨ ᠮᠢᠬ᠎ᠠ ᠪᠠᠶᠢᠬᠤ ᠭᠡᠷᠡᠭᠳᠡᠢ᠃ ᠨᠢᠮᠪᠡᠭᠡ᠂ ᠰᠤᠪᠤᠳ ᠡᠪᠡᠰᠤ᠂ ᠵᠦᠷᠵᠢ ᠪᠠ ᠴᠤᠺᠤᠯᠠᠳ᠋ ᠵᠡᠷᠭᠡ ᠶᠢ ᠭᠡᠷᠡᠭᠯᠡᠵᠤ ᠪᠤᠯᠤᠨ᠎ᠠ᠃ ᠵᠢᠮᠢᠰ ᠤᠨ ᠮᠢᠬ᠎ᠠ ᠶᠢ ᠲᠠᠷᠠᠭ ᠲᠤ ᠭᠢᠭᠦ ᠳᠤ ᠵᠢᠮᠢᠰ ᠤᠨ ᠮᠢᠬ᠎ᠠ ᠪᠤᠶᠤ ᠪᠠᠶᠢᠭᠠᠯᠢᠯᠢᠬ ᠵᠢᠮᠢᠰ ᠤᠨ ᠰᠢᠭᠦᠰᠤ ᠶᠢ ᠰᠠᠪᠠᠨ ᠳᠤ ᠭᠢᠵᠤ ᠲᠠᠷᠠᠭ ᠲᠠᠢ ᠪᠠᠨ ᠬᠤᠯᠢᠨ᠎ᠠ᠃ ᠵᠢᠮᠢᠰ ᠤᠨ ᠮᠢᠬ᠎ᠠ ᠶᠢ 5%~8% ᠶᠢᠨ ᠭᠡᠮᠵᠢᠶ᠎ᠠ ᠪᠠᠷ ᠭᠡᠷᠡᠭᠯᠡᠨ᠎ᠠ᠃

      4. ᠲᠠᠷᠠᠭ ᠢᠰᠭᠡᠬᠦ ᠲᠦᠭᠦᠭᠡᠢ ᠮᠠᠲ᠋ᠧᠷᠢᠶᠠᠯ ᠢᠶᠠᠨ ᠶᠠᠭᠠᠭᠢᠵᠤ ᠲᠤᠭᠢᠷᠠᠭᠤᠯᠬᠤ ᠪᠠ ᠪᠠᠺᠲ᠋ᠧᠷᠢ ᠶᠢ ᠨᠢ ᠤᠰᠠᠳᠬᠠᠬᠤ ᠪᠤᠢ︖

      ᠨᠢᠭᠡ ᠳᠤ᠂ ᠨᠠᠶᠢᠷᠠᠭᠤᠯᠭ᠎ᠠ ᠶᠢᠨ ᠵᠤᠷ ᠢᠶᠠᠷ ᠢᠶᠠᠨ ᠴᠤᠯ ᠰᠦ᠂ ᠲᠤᠰᠤ ᠰᠠᠯᠭᠠᠠᠠᠰᠨᠨ ᠰᠦ᠂ ᠲᠤᠰᠤ ᠰᠠᠯᠭᠠᠠᠬᠰᠠᠨ ᠰᠦᠨ ᠲᠠᠯᠬ᠎ᠠ᠂ ᠱᠠᠳᠠᠩ ᠵᠡᠷᠭᠡ ᠪᠠᠨ ᠬᠤᠯᠢᠵᠤ᠂ 50℃~60℃ ᠬᠠᠯᠠᠭᠠᠭᠠᠳ ᠲᠠᠭᠢᠨ ᠱᠦᠭᠦᠯᠳᠡ ᠭᠢᠨ᠎ᠠ᠃ ᠭᠡᠭᠦ ᠳᠡᠭᠡᠨ ᠰᠦᠨ ᠲᠠᠯᠬ᠎ᠠ ᠶᠢᠨ ᠮᠠᠲ᠋ᠧᠷᠢᠶᠠᠯ ᠭᠡᠷᠡᠭᠯᠡᠭᠦ ᠳᠤ ᠭᠦᠷᠪᠡᠯ ᠰᠦᠨ ᠲᠠᠯᠬ᠎ᠠ ᠪᠠᠨ ᠠᠭᠤᠰᠬᠠᠨ ᠬᠠᠯᠠᠭᠠᠭᠠᠳ ᠦᠨᠢᠶᠠᠨ ᠰᠦ ᠰᠢᠭ ᠪᠤᠯᠭᠠᠠᠠᠰᠠᠨ ᠤ ᠰᠡᠭᠦᠯᠡᠷ ᠪᠤᠰᠤᠳ ᠰᠢᠩᠭᠡᠨ ᠪᠡᠶᠡᠳᠤ ᠮᠠᠲ᠋ᠧᠷᠢᠶᠠᠯ ᠲᠠᠢ ᠪᠠᠨ ᠬᠤᠯᠢᠨ᠎ᠠ᠃

     ᠬᠤᠶᠠᠷ ᠲᠤ᠂ ᠴᠠᠷᠴᠠᠮᠠᠯ ᠡᠳ᠋ ᠢᠶᠠᠨ ᠰᠦᠢᠷᠡᠭᠦᠯᠦᠭᠡᠳ ᠤᠰᠤᠨ ᠳᠤ ᠬᠠᠶᠢᠯᠤᠭᠤᠯᠤᠨ 3% ᠶᠢᠨ ᠠᠭᠤᠰᠤᠮᠠᠯ ᠰᠢᠩᠭᠡᠨ ᠪᠤᠯᠭᠠᠠᠠᠰᠠᠨ ᠤ ᠰᠡᠭᠦᠯᠡᠷ ᠬᠤᠯᠢᠴᠠ ᠮᠠᠲ᠋ᠧᠷᠢᠶᠠᠯ ᠳᠠᠭᠠᠨ ᠨᠡᠮᠡᠵᠤ ᠤᠷᠤᠭᠤᠯᠤᠨ᠎ᠠ᠃

      ᠭᠤᠷᠪᠡ ᠳᠤ᠂ ᠨᠠᠶᠢᠷᠠᠭᠤᠯᠬᠤ ᠳᠠᠭᠠᠨ ᠵᠠᠪᠠᠯ ᠰᠠᠶᠢᠳᠤᠷ ᠬᠤᠳᠬᠤᠨ ᠬᠤᠯᠢᠵᠤ᠂ ᠢᠰᠭᠡᠯᠳᠡ ᠶᠢᠨ ᠲᠤᠮᠳᠠ ᠰᠦᠨ ᠦᠭᠡᠭᠦ ᠨᠢ ᠵᠠᠳᠠᠷᠠᠬᠤ ᠠᠴᠠ ᠰᠡᠷᠭᠡᠶᠢᠯᠡᠭᠦ ᠭᠡᠷᠡᠭᠳᠡᠢ᠃ ᠶᠠᠷᠦᠩᠭᠡᠢ ᠳᠡᠭᠡᠨ ᠲᠠᠭᠢᠨᠳᠡ 50℃~60℃ ᠪᠤᠯᠳᠠᠯ᠎ᠠ ᠬᠠᠯᠠᠭᠠᠪᠠᠯ ᠵᠢᠭᠳᠡ ᠬᠤᠯᠢᠬᠤ ᠵᠤᠷᠢᠯᠭ᠎ᠠ ᠳᠤ ᠭᠦᠷᠴᠤ ᠴᠢᠳᠠᠨ᠎ᠠ᠃

      ᠲᠦᠷᠪᠡ ᠳᠤ᠂ ᠵᠢᠭᠳᠡ ᠰᠠᠶᠢᠬᠠᠨ ᠰᠢᠩᠭᠡᠯᠡᠭᠰᠡᠨ ᠤ ᠪᠠᠨ ᠰᠡᠭᠦᠯᠡᠷ ᠪᠠᠺᠲ᠋ᠧᠷᠢ ᠶᠢ ᠨᠢ ᠤᠰᠠᠳᠬᠠᠨ᠎ᠠ᠃ ᠪᠠᠺᠲ᠋ᠧᠷᠢ ᠤᠰᠠᠳᠬᠠᠬᠤ ᠬᠠᠯᠠᠭᠤᠨ ᠢ 90℃ ᠲᠤ ᠭᠦᠷᠭᠡᠵᠤ᠂ 30 ᠮᠢᠨᠦ᠋ᠲ ᠦᠷᠭᠦᠯᠵᠢᠯᠡᠭᠦᠯᠭᠦ ᠭᠡᠷᠡᠭᠳᠡᠢ᠃ ᠪᠠᠰᠠ ᠭᠡᠳᠤ ᠦᠨᠳᠤᠷ ᠬᠠᠯᠠᠭᠤᠨ ᠳᠤ ᠭᠱᠡᠨ ᠵᠠᠭᠤᠷ᠎ᠠ ᠪᠠᠺᠲ᠋ᠧᠷᠢ ᠤᠰᠠᠳᠬᠠᠬᠤ ᠠᠷᠭ᠎ᠠ ᠶᠢ ᠠᠪᠴᠤ ᠪᠤᠯᠤᠨ᠎ᠠ᠃ ᠲᠤᠬᠠᠶᠢᠯᠠᠪᠠᠯ 110℃ ᠬᠠᠯᠠᠭᠤᠨ ᠳᠤ 1 ᠮᠢᠨᠦ᠋ᠲ ᠪᠠᠶᠢᠯᠭᠠᠬᠤ ᠪᠤᠶᠤ 135℃ ᠬᠠᠯᠠᠭᠤᠨ ᠳᠤ 2 ᠰᠧᠺᠦ᠋ᠨ᠋ᠳ᠋ ᠪᠠᠶᠢᠯᠭᠠᠵᠤ ᠪᠤᠯᠤᠨ᠎ᠠ᠃

     ᠲᠠᠪᠤ ᠳᠤ᠂ ᠪᠠᠺᠲ᠋ᠧᠷᠢ ᠶᠢ ᠤᠰᠠᠳᠬᠠᠵᠤ ᠪᠠᠷᠠᠮᠬᠠᠴᠠ ᠪᠠᠨ ᠲᠤᠤᠷ᠎ᠠ ᠨᠢ 40℃ ᠪᠤᠯᠳᠠᠯ᠎ᠠ ᠭᠦᠷᠦᠭᠡᠭᠦ ᠭᠡᠷᠡᠭᠳᠡᠢ᠃
     5. ᠲᠠᠷᠠᠭ ᠢᠰᠭᠡᠬᠦ ᠲᠦᠭᠦᠭᠡᠢ ᠡᠳ᠋ ᠢᠶᠠᠨ ᠲᠤᠭᠢᠷᠠᠭᠤᠯᠵᠤ᠂ ᠪᠠᠺᠲ᠋ᠧᠷᠢ ᠶᠢ ᠨᠢ ᠤᠰᠠᠳᠬᠠᠠᠠᠰᠠᠨ ᠤ ᠰᠡᠭᠦᠯᠡᠷ ᠶᠠᠭᠠᠭᠢᠵᠤ ᠭᠢᠭᠦ ᠪᠤᠢ︖
      ᠵᠠᠯᠭᠠᠭᠠᠳ ᠭᠢᠭᠦ ᠠᠵᠢᠯ ᠪᠤᠯ ᠲᠠᠷᠤᠢ ᠢᠰᠭᠡᠭᠦ ᠪᠠ ᠭᠦᠢᠳᠡᠨ ᠢᠶᠠᠷ ᠬᠠᠳᠠᠭᠠᠯᠠᠬᠤ ᠠᠵᠢᠯ ᠪᠤᠯᠤᠨ᠎ᠠ᠃

      ᠨᠢᠭᠡ ᠳᠤ᠂ ᠤᠳᠤᠬᠠᠨ ᠳᠤ ᠢᠳᠡᠭᠡᠨ ᠤ ᠦᠢᠯᠡᠳᠪᠤᠷᠢ ᠳᠤ ᠤᠯᠠᠨ ᠭᠡᠷᠡᠭᠯᠡᠵᠤ ᠪᠦᠭᠦᠢ ᠮᠦᠭᠦ ᠪᠤᠯ ᠪᠤᠯᠭᠤᠠᠠᠰᠠᠨ ᠰᠦᠨ ᠰᠠᠪᠬᠠᠨᠴᠢᠷ ᠪᠠᠺᠲ᠋ᠧᠷᠢ ᠪᠤᠯᠤᠨ ᠪᠤᠯᠭᠠᠷᠢᠶ᠎ᠠ ᠶᠢᠨ ᠰᠦᠨ ᠪᠠᠺᠲ᠋ᠧᠷᠢ ᠶᠢᠨ ᠬᠤᠯᠢᠮᠠᠭ ᠢᠰᠭᠡᠭᠦᠷ ᠪᠤᠯᠤᠨ᠎ᠠ᠃ 2%~3% ᠭᠡᠮᠵᠢᠶ᠎ᠠ ᠪᠠᠷ ᠨᠡᠮᠡᠵᠤ᠂ ᠨᠡᠮᠡᠭᠰᠡᠨ ᠤ ᠰᠡᠭᠦᠯᠡᠷ ᠵᠢᠭᠳᠡ ᠬᠤᠯᠢᠨ ᠬᠤᠳᠬᠤᠨ᠎ᠠ᠃ 43℃ ᠲᠤ ᠬᠠᠮᠤᠭ ᠤᠨ ᠰᠠᠶᠢᠨ᠂ 3~4 ᠴᠠᠭ ᠢᠰᠭᠡᠨ᠎ᠡ᠃ ᠭᠡᠪᠡᠴᠤ ᠮᠦᠭᠦ ᠨᠢ ᠠᠳᠠᠯᠢ ᠦᠭᠡᠢ ᠠᠴᠠ ᠪᠤᠯᠤᠭᠠᠳ ᠢᠰᠭᠡᠭᠦ ᠴᠠᠭ ᠢ ᠠᠮᠢᠳᠤᠯᠢᠭ ᠡᠵᠡᠮᠰᠢᠭᠦ ᠭᠡᠷᠡᠭᠳᠡᠢ᠃ ᠭᠦᠷᠦᠩᠭᠡ ᠭᠢᠭᠦ ᠶᠢᠨ ᠬᠠᠮᠤᠭ ᠤᠨ ᠭᠤᠤᠯ ᠡᠯᠧᠮᠧᠨ᠋ᠲ ᠪᠤᠯ ᠢᠰᠭᠡᠭᠦᠷ ᠢ ᠰᠠᠶᠢᠳᠤᠷ ᠪᠤᠶᠢᠵᠢᠭᠤᠯᠬᠤ ᠶᠠᠪᠤᠳᠠᠯ ᠪᠤᠯᠤᠨ᠎ᠠ᠃ ᠲᠠᠷᠠᠴᠢᠯᠡᠨ ᠢᠰᠭᠡᠭᠦᠷ ᠤᠨ ᠶᠠᠰᠤ ᠴᠢᠨᠠᠷ ᠢ ᠰᠦᠨ ᠭᠦᠴᠢᠯ ᠤᠨ ᠪᠠᠺᠲ᠋ᠧᠷᠢ ᠠᠴᠠ ᠦᠭᠡᠷ᠎ᠡ ᠶᠠᠮᠠᠷ ᠴᠤ ᠬᠤᠯᠢᠴᠠ ᠦᠭᠡᠢ ᠪᠠᠶᠢᠬᠤ ᠶᠢ ᠱᠠᠭᠠᠷᠳᠠᠳᠠᠭ ᠪᠦᠭᠡᠳ ᠰᠦᠨ ᠭᠦᠴᠢᠯ ᠤᠨ ᠪᠠᠺᠲ᠋ᠧᠷᠢ ᠶᠢᠨ ᠠᠮᠢᠵᠢᠷᠠᠯ ᠨᠢ ᠦᠨᠳᠤᠷ ᠪᠠᠶᠢᠬᠤ ᠶᠢ ᠱᠠᠭᠠᠷᠳᠠᠳᠠᠭ᠃ ᠢᠰᠭᠡᠭᠦᠷ ᠪᠤᠶᠢᠵᠢᠭᠤᠯᠬᠤ ᠶᠠᠪᠤᠳᠠᠯ ᠢ ᠲᠤᠰᠬᠠᠢ ᠲᠤᠷᠰᠢᠯᠳᠡ ᠶᠢᠨ ᠦᠷᠦᠭᠡᠨ ᠳᠤ ᠭᠢᠵᠦ᠂ ᠶᠠᠷᠦᠩᠭᠡᠢ ᠳᠡᠭᠡᠨ ᠭᠤᠷᠪᠡᠨ ᠠᠯᠬᠤᠮ ᠬᠤᠪᠢᠶᠠᠨ ᠭᠢᠳᠡᠭ᠃ ᠲᠤᠬᠠᠶᠢᠯᠠᠪᠠᠯ ᠭᠤᠤᠷᠰᠤᠨ ᠳᠤ ᠮᠦᠭᠦ ᠪᠤᠶᠢᠵᠢᠭᠤᠯᠬᠤ᠂ ᠭᠤᠷᠪᠡᠯᠵᠢᠨ ᠯᠤᠩᠬᠤᠨ ᠳᠤ ᠮᠦᠭᠦ ᠪᠤᠶᠢᠵᠢᠭᠤᠯᠬᠤ᠂ ᠦᠢᠯᠡᠳᠪᠤᠷᠢᠯᠡᠯ ᠳᠤ ᠭᠡᠷᠡᠭᠯᠡᠭᠦ ᠢᠰᠭᠡᠭᠦᠷ ᠪᠤᠶᠢᠵᠢᠭᠤᠯᠬᠤ ᠪᠤᠯᠤᠨ᠎ᠠ᠃

       ᠨᠢᠭᠡᠳᠦᠭᠡᠷ ᠠᠯᠬᠤᠮ ᠳᠤ ᠬᠤᠷᠤᠭᠤ ᠰᠢᠯ ᠳᠤ ᠮᠦᠭᠦ ᠪᠤᠶᠢᠵᠢᠭᠤᠯᠬᠤ ᠳᠤ 100mL ᠰᠦ ᠪᠦᠷᠢ ᠳᠤ 5mL 5% ᠶᠢᠨ ᠯᠠᠺᠮᠦ᠋ᠰ ᠠᠭᠤᠰᠤᠮᠠᠯ ᠰᠢᠩᠭᠡᠨ ᠨᠡᠮᠡᠵᠤ᠂ ᠯᠠᠺᠮᠦ᠋ᠰ ᠦᠨᠢᠶᠠᠨ ᠰᠦ ᠪᠤᠯᠭᠠᠨ᠎ᠠ᠃ ᠲᠠᠷᠠᠭ᠎ᠠ ᠪᠠᠷ ᠨᠢ ᠬᠤᠷᠤᠭᠤ ᠰᠢᠯ ᠪᠦᠷᠢ ᠳᠤ 10~15mL ᠬᠤᠪᠢᠶᠠᠨ ᠭᠢᠵᠤ᠂ ᠦᠨᠳᠤᠷ ᠲᠠᠷᠤᠯᠳᠠᠳᠤ ᠲᠤᠭᠤᠭᠠᠨ ᠳᠤ 15 ᠮᠢᠨᠦ᠋ᠲ ᠪᠠᠶᠢᠯᠭᠠᠬᠤ ᠪᠤᠶᠤ ᠪᠠᠶᠢᠡᠭᠭᠤ ᠲᠠᠷᠤᠯᠳᠠᠳᠤ 100℃ ᠲᠤ 30 ᠮᠢᠨᠦ᠋ᠲ ᠪᠠᠶᠢᠯᠭᠠᠵᠤ᠂ ᠡᠳᠤᠷ ᠪᠦᠷᠢ ᠭᠤᠷᠪᠡ ᠤᠳᠠᠭ᠎ᠠ ᠨᠡᠶᠢᠳᠡ ᠭᠤᠷᠪᠡ ᠠᠯᠤᠰᠯᠠᠭᠤᠯᠤᠨ ᠭᠢᠵᠤ ᠪᠠᠺᠲ᠋ᠧᠷᠢ ᠶᠢ ᠨᠢ ᠤᠰᠠᠳᠬᠠᠨ᠎ᠠ᠃ ᠪᠠᠺᠲ᠋ᠧᠷᠢ ᠶᠢ ᠨᠢ ᠤᠰᠠᠳᠬᠠᠠᠠᠰᠠᠨ ᠯᠠᠺᠮᠦ᠋ᠰ ᠦᠨᠢᠶᠠᠨ ᠰᠦ ᠪᠠᠨ 37℃ ᠤᠨ ᠪᠤᠶᠢᠵᠢᠭᠤᠯᠬᠤ ᠬᠠᠶᠢᠷᠴᠠᠭ ᠲᠤ ᠭᠢᠵᠤ ᠭᠤᠷᠪᠡᠨ ᠬᠤᠨᠤᠭ ᠪᠤᠯᠪᠠᠰᠤᠷᠠᠭᠤᠯᠤᠨ᠎ᠠ᠃ ᠢᠡᠭᠭᠢᠭᠡᠳ ᠭᠡᠷᠪᠡ ᠪᠠᠺᠲ᠋ᠧᠷᠢ ᠦᠭᠡᠢ ᠪᠤᠯ ᠪᠤᠯᠪᠠᠰᠤᠷᠠᠭᠤᠯᠤᠯᠳᠠ ᠨᠢ ᠦᠨᠳᠤᠰᠤᠨ ᠳᠡᠭᠡᠨ ᠭᠢᠷᠢ ᠳᠤ ᠲᠡᠩᠴᠡᠭᠰᠡᠨ ᠳᠤ ᠲᠤᠭᠠᠴᠬᠠᠳᠠᠨ᠎ᠠ᠃ ᠤᠷᠢᠳ ᠢᠶᠠᠷ ᠴᠢᠬᠤᠯᠠ ᠪᠦᠭᠦᠢ ᠪᠠᠭᠠᠵᠢ ᠪᠠᠨ ᠰᠠᠶᠢᠳᠤᠷ ᠪᠡᠯᠡᠳᠭᠡᠵᠤ᠂ ᠴᠤᠬᠤᠢ ᠶᠢᠨ ᠭᠦᠴᠢᠯ ᠢᠶᠠᠷ ᠠᠷᠢᠭᠤᠳᠬᠠᠵᠤ᠂ ᠪᠠᠺᠲ᠋ᠧᠷᠢ ᠦᠭᠡᠢ ᠦᠷᠦᠭᠡ ᠳᠤ ᠬᠤᠳᠠᠯᠳᠤᠨ ᠠᠪᠴᠢᠷᠬᠠᠰᠠᠨ ᠮᠦᠭᠦ ᠪᠤᠶᠤ ᠢᠰᠭᠡᠭᠦᠷ ᠰᠢᠩᠭᠡᠨ ᠢᠶᠠᠨ ᠬᠤᠷᠤᠭᠤ ᠰᠢᠯ ᠳᠤ ᠭᠢᠵᠤ᠂ ᠪᠤᠶᠢᠵᠢᠭᠤᠯᠬᠤ ᠬᠠᠶᠢᠷᠴᠠᠭ ᠲᠠᠭᠠᠨ 37℃ ᠲᠤ ᠨᠢᠭᠡ ᠬᠤᠨᠤᠭ ᠪᠤᠶᠢᠵᠢᠭᠤᠯᠵᠤ᠂ ᠭᠡᠪ ᠤᠨ ᠪᠠᠶᠢᠳᠠᠯ ᠳᠠᠭᠠᠨ ᠪᠠᠶᠢᠪᠠᠯ ᠬᠤᠷᠤᠭᠤ ᠰᠢᠯ ᠤᠨ ᠮᠦᠭᠦ ᠪᠤᠯᠭᠠᠵᠤ᠂ 5℃ ᠲᠤᠯᠠᠭᠠᠨ ᠳᠤ 2~3 ᠭᠠᠷᠠᠭ ᠬᠠᠳᠠᠭᠠᠯᠠᠵᠤ ᠭᠡᠷᠡᠭᠯᠡᠭᠦ ᠳᠤ ᠪᠡᠯᠡᠳᠭᠡᠨ᠎ᠡ᠃

       ᠬᠤᠶᠠᠳᠤᠭᠠᠷ ᠠᠯᠬᠤᠮ ᠳᠤ ᠮᠦᠭᠦ ᠶᠢᠨ ᠭᠡᠮᠵᠢᠶ᠎ᠠ ᠪᠠᠨ ᠶᠡᠭᠡᠰᠭᠡᠭᠦ ᠶᠢᠨ ᠲᠤᠰᠠᠳᠠ ᠲᠠᠭᠢᠨ ᠭᠤᠷᠪᠡᠯᠵᠢᠨ ᠯᠤᠩᠬᠤᠨ ᠳᠤ ᠮᠦᠭᠦ ᠪᠤᠶᠢᠵᠢᠭᠤᠯᠤᠨ᠎ᠠ᠃ ᠪᠤᠶᠢᠵᠢᠭᠤᠯᠬᠤ ᠠᠷᠭ᠎ᠠ ᠨᠢ ᠬᠤᠷᠤᠭᠤ ᠰᠢᠯ ᠳᠤ ᠮᠦᠭᠦ ᠪᠤᠶᠢᠵᠢᠭᠤᠯᠤᠨ᠎ᠠ᠃ ᠪᠤᠶᠢᠵᠢᠭᠤᠯᠬᠤ ᠠᠷᠭ᠎ᠠ ᠨᠢ ᠬᠤᠷᠤᠭᠤ ᠰᠢᠯ ᠳᠤ ᠮᠦᠭᠦ ᠪᠤᠶᠢᠵᠢᠭᠤᠯᠬᠤ ᠲᠠᠢ ᠠᠳᠠᠯᠢ᠂ ᠰᠦ ᠪᠤᠯᠤᠨ ᠲᠤᠰᠤ ᠰᠠᠯᠭᠠᠠᠠᠰᠠᠨ ᠰᠦᠨ ᠲᠠᠯᠬ᠎ᠠ ᠳᠤ ᠯᠠᠺᠮᠦ᠋ᠰ ᠰᠢᠩᠭᠡᠨ ᠨᠡᠮᠡᠭᠦ ᠦᠭᠡᠢ᠃ 200mL ᠤᠨ ᠭᠤᠷᠪᠡᠯᠵᠢᠨ ᠯᠤᠩᠬᠤᠨ ᠳᠤ 150mL ᠪᠤᠯᠪᠠᠰᠤᠷᠠᠭᠤᠯᠤᠯᠳᠠ ᠶᠢᠨ ᠭᠦᠷᠦᠩᠭᠡ ᠪᠠᠨ ᠭᠢᠵᠤ᠂ ᠬᠤᠷᠤᠭᠤ ᠰᠢᠯ ᠤᠨ ᠮᠦᠭᠦ ᠲᠠᠢ ᠠᠳᠠᠯᠢ ᠪᠠᠺᠲ᠋ᠧᠷᠢ ᠶᠢ ᠤᠰᠠᠳᠬᠠᠨ᠎ᠠ᠃ ᠦᠨᠢᠶᠠᠨ ᠰᠦ ᠳᠠᠬᠢ ᠰᠢᠭᠢᠷ ᠨᠢ ᠬᠠᠯᠬᠠᠰᠠᠨ ᠠᠴᠠ ᠪᠤᠯᠤᠭᠠᠳ ᠵᠢᠭᠠᠬᠠᠨ ᠭᠦᠷᠡᠩ ᠦᠡᠭᠭᠡ ᠲᠠᠢ ᠪᠤᠯᠳᠠᠭ᠃ ᠪᠠᠺᠲ᠋ᠧᠷᠢ ᠶᠢ ᠤᠰᠠᠳᠬᠠᠵᠤ ᠭᠦᠷᠦᠭᠡᠭᠰᠡᠨ ᠤ ᠰᠡᠭᠦᠯᠡᠷ ᠬᠤᠷᠤᠭᠤ ᠰᠢᠯ ᠤᠨ ᠮᠦᠭᠦ ᠶᠢᠨ ᠢᠰᠭᠡᠭᠦᠷ ᠰᠢᠩᠭᠡᠨ ᠢᠶᠠᠨ 1.5mL ᠭᠢᠵᠤ᠂ ᠰᠠᠵᠢᠯᠠᠵᠤ ᠬᠤᠯᠢᠠᠠᠰᠠᠨ ᠤ ᠰᠡᠭᠦᠯᠡᠷ 3℃ ᠲᠤ 24 ᠴᠠᠭ ᠪᠤᠶᠢᠵᠢᠭᠤᠯᠵᠤ᠂ ᠭᠦᠴᠢᠯ ᠨᠢ 0.8%~1% ᠳᠤ ᠭᠦᠷᠪᠡᠯ ᠲᠠᠭᠢᠨ 5℃ ᠠᠴᠠ ᠲᠤᠷᠤᠠᠠᠰᠢ ᠲᠤᠯᠠᠭᠠᠨ ᠳᠤ 2~3 ᠭᠠᠷᠠᠭ ᠬᠠᠳᠠᠭᠠᠯᠠᠨ᠎ᠠ᠃

      ᠭᠤᠷᠪᠡᠳᠤᠭᠠᠷ ᠠᠯᠬᠤᠮ ᠳᠤ ᠦᠢᠯᠡᠳᠪᠤᠷᠢᠯᠡᠯ ᠳᠤ ᠭᠡᠷᠡᠭᠯᠡᠭᠦ ᠢᠰᠭᠡᠭᠦᠷ ᠡᠳ᠋ ᠢ ᠡᠨᠡ ᠮᠡᠳᠤ ᠦᠷᠬᠦᠯᠵᠢᠯᠡᠨ ᠶᠡᠭᠡᠰᠭᠡᠨ᠎ᠡ᠃ ᠲᠡᠭᠦᠨ ᠢ ᠪᠤᠶᠢᠵᠢᠭᠤᠯᠬᠤ ᠭᠦᠷᠦᠩᠭᠡ ᠨᠢ ᠭᠤᠷᠪᠡᠯᠵᠢᠨ ᠯᠤᠩᠬᠤᠨ ᠤ ᠮᠦᠭᠦ ᠲᠠᠢ ᠠᠳᠠᠯᠢ᠃ ᠪᠤᠶᠢᠵᠢᠭᠤᠯᠬᠤ ᠭᠦᠷᠦᠩᠭᠡ ᠶᠢᠨ ᠪᠠᠺᠲ᠋ᠧᠷᠢ ᠤᠰᠠᠳᠬᠠᠬᠤ ᠲᠤᠯᠠᠭᠠᠨ ᠤ ᠭᠡᠮᠵᠢᠶ᠎ᠠ 90℃ ᠲᠤ 60 ᠮᠢᠨᠦ᠋ᠲ ᠪᠤᠶᠤ 100℃ ᠲᠤ 30 ᠮᠢᠨᠦ᠋ᠲ ᠪᠠᠶᠢᠯᠭᠠᠨ᠎ᠠ᠃ ᠪᠠᠺᠲ᠋ᠧᠷᠢ ᠶᠢ ᠤᠰᠠᠳᠬᠠᠵᠤ ᠪᠠᠷᠠᠮᠬᠠᠴᠠ ᠪᠠᠨ ᠲᠠᠷᠦ᠋ᠢᠬᠠᠨ 30℃ ᠪᠤᠯᠳᠠᠯ᠎ᠠ ᠭᠦᠷᠦᠭᠡᠵᠤ᠂ ᠲᠠᠭᠢᠨ ᠭᠤᠷᠪᠡᠯᠵᠢᠨ ᠯᠤᠩᠬᠤᠨ ᠳᠤ ᠪᠦᠭᠦᠢ ᠮᠦᠭᠦ ᠶᠢᠨ ᠢᠰᠭᠡᠭᠦᠷ ᠰᠢᠩᠭᠡᠨ ᠳᠤ 1% ᠶᠢᠨ ᠭᠡᠮᠵᠢᠶ᠎ᠠ ᠪᠠᠷ ᠨᠡᠮᠡᠨ ᠤᠷᠤᠭᠤᠯᠵᠤ᠂ ᠰᠠᠶᠢᠳᠤᠷ ᠰᠠᠵᠢᠯᠠᠵᠤ ᠬᠤᠯᠢᠠᠠᠰᠠᠨ ᠤ ᠰᠡᠭᠦᠯᠡᠷ 35℃~40℃ ᠠᠴᠠ ᠲᠤᠷᠤᠠᠠᠰᠢᠭᠢ ᠲᠤᠯᠠᠭᠠᠨ ᠳᠤ ᠪᠤᠶᠢᠵᠢᠭᠤᠯᠤᠨ᠎ᠠ᠃ 24 ᠴᠠᠭ ᠤᠨ ᠲᠠᠷᠠᠭ᠎ᠠ ᠭᠦᠴᠢᠯ ᠨᠢ 1% ᠤᠷᠴᠢᠮ ᠳᠤ ᠭᠦᠷᠴᠤ᠂ ᠰᠦᠨ ᠭᠦᠴᠢᠯ ᠤᠨ ᠪᠠᠺᠲ᠋ᠧᠷᠢ ᠶᠢᠨ ᠲᠤᠭ᠎ᠠ ᠨᠢ ᠲᠡᠭᠡᠭᠰᠢᠯᠡᠪᠡᠯ 0℃~5℃ ᠲᠤ ᠬᠠᠳᠠᠭᠠᠯᠠᠨ ᠭᠡᠷᠡᠭᠯᠡᠭᠦ ᠳᠤ ᠪᠡᠯᠡᠳᠭᠡᠨ᠎ᠠ᠃ ᠦᠢᠯᠡᠳᠪᠤᠷᠢᠯᠡᠯ ᠳᠤ ᠭᠡᠷᠡᠭᠯᠡᠭᠦ ᠢᠰᠭᠡᠭᠦᠷ ᠢ ᠪᠤᠯ ᠶᠠᠷᠦᠩᠭᠡᠢ ᠳᠡᠭᠡᠨ ᠲᠤᠰ ᠡᠳᠤᠷ ᠲᠤᠨᠢ ᠭᠡᠷᠡᠭᠯᠡᠨ᠎ᠡ᠃ ᠤᠷᠢᠳ ᠢᠶᠠᠷ ᠵᠢᠭᠤᠷᠠᠵᠤ ᠬᠠᠳᠠᠭᠤ ᠰᠦ ᠪᠤᠯᠭᠠᠭᠠᠳ ᠪᠠᠺᠲ᠋ᠧᠷᠢ ᠦᠭᠡᠢ ᠱᠦᠭᠦᠯᠳᠡ ᠪᠦᠰ ᠢᠶᠠᠷ ᠱᠦᠭᠦᠭᠰᠡᠨ ᠤ ᠲᠠᠷᠠᠭ᠎ᠠ ᠰᠦᠨ ᠳᠡᠭᠡᠨ ᠭᠢᠵᠤ ᠤᠷᠤᠭᠤᠯᠤᠨ᠎ᠠ᠃

      ᠬᠤᠶᠠᠷ ᠲᠤ᠂ ᠰᠡᠷᠢᠭᠦᠨ ᠬᠠᠳᠠᠭᠠᠯᠠᠬᠤ᠃ ᠰᠦᠨ ᠤ ᠰᠢᠩᠭᠡᠨ ᠤ ᠵᠤᠭᠢᠬᠤ ᠭᠦᠴᠢᠯ ᠤᠨ ᠭᠡᠮᠵᠢᠶ᠎ᠠ ᠨᠢ 0.1%~0.8% ᠳᠤ ᠭᠦᠷᠭᠦ ᠦᠶᠡᠰ ᠲᠠᠷᠦ᠋ᠢᠬᠠᠨ ᠰᠠᠷᠢᠭᠦᠨ ᠭᠦᠮᠦᠷᠭᠡ ᠪᠤᠶᠤ ᠭᠦᠯᠳᠡᠭᠡᠭᠦᠷ ᠲᠤ ᠰᠢᠯᠵᠢᠭᠦᠯᠦᠨ 0℃~5℃ ᠲᠤ ᠲᠤᠤᠱᠳᠠᠢ ᠭᠦᠷᠦᠭᠡᠨ᠎ᠡ᠃ ᠭᠦᠷᠦᠭᠡᠵᠤ ᠬᠠᠳᠠᠭᠠᠯᠠᠠᠰᠠᠨ ᠦᠭᠡᠢ ᠲᠠᠷᠠᠭ ᠤᠨ ᠠᠮᠳᠠ ᠰᠢᠮᠳᠡ ᠨᠢ ᠪᠠᠷᠤᠠᠠᠳᠠᠢ ᠪᠠᠶᠢᠳᠠᠭ᠃ ᠲᠠᠷᠠᠭ ᠤᠨ ᠠᠮᠳᠠ ᠰᠢᠮᠳᠡ ᠶᠢ ᠨᠢ ᠲᠡᠭᠡᠭᠰᠢᠯᠡᠭᠦᠯᠭᠦ ᠶᠢᠨ ᠲᠤᠰᠠᠳᠠ ᠲᠠᠷᠠᠭ ᠢ 1~2 ᠭᠠᠷᠠᠭ ᠰᠡᠷᠢᠭᠦᠨ ᠬᠠᠳᠠᠭᠠᠯᠠᠪᠠᠯ ᠮᠠᠰᠢ ᠰᠠᠶᠢᠨ ᠪᠠᠶᠢᠳᠠᠭ᠃

      ᠭᠤᠷᠪᠡ ᠳᠤ᠂ ᠲᠠᠷᠠᠭ ᠢᠶᠠᠨ ᠤᠷᠳᠤ ᠬᠤᠭᠤᠴᠠᠭ᠎ᠠ ᠪᠠᠷ ᠬᠠᠳᠠᠭᠠᠯᠠᠬᠤ ᠪᠦᠭᠡᠳ ᠪᠠᠰᠠ ᠠᠯᠢᠮ᠎ᠠ ᠶᠢᠨ ᠠᠮᠳᠠᠳᠠᠢ ᠪᠤᠯᠭᠠᠶ᠎ᠠ ᠭᠡᠪᠡᠯ ᠺᠢᠯᠦᠭᠷᠠᠮ ᠪᠦᠷᠢ 0.3g ᠠᠯᠢᠮ᠎ᠠ ᠶᠢᠨ ᠰᠢᠭᠦᠰᠤ ᠭᠢᠪᠡᠯ ᠢᠯᠵᠠᠷᠠᠬᠤ ᠠᠴᠠ ᠰᠡᠷᠭᠡᠶᠢᠯᠡᠭᠦ ᠮᠦᠷᠳᠡᠭᠡᠨ ᠠᠮᠳᠠ ᠰᠢᠮᠳᠡ ᠲᠠᠢ ᠪᠤᠯᠭᠠᠵᠤ ᠪᠤᠯᠤᠨ᠎ᠠ᠃

      ᠲᠠᠭᠢᠪᠡᠯ ᠵᠠᠷᠢᠮ ᠠᠵᠤ ᠠᠬᠤᠶᠢᠯᠠᠯ ᠪᠠᠰᠠ ᠰᠢᠭᠢᠷᠳᠤ ᠲᠦᠮᠦᠰᠤ᠂ ᠦᠯᠵᠡᠶᠢᠳᠤ ᠭᠡᠮᠭᠡ᠂ ᠰᠠᠮᠤᠷ ᠤᠨ ᠨᠠᠶᠢᠷᠠᠯᠭ᠎ᠠ ᠲᠠᠢ ᠲᠠᠷᠠᠭ ᠭᠢᠵᠤ ᠪᠠᠶᠢᠨ᠎ᠠ᠃ ᠵᠢᠱᠢᠶᠡᠯᠡᠪᠡᠯ ︵1︶  ᠰᠢᠭᠢᠷᠳᠦ ᠲᠦᠮᠦᠰᠤᠳᠤ ᠲᠠᠷᠠᠭ᠃ ᠲᠠᠷᠠ ᠨᠢ ᠰᠢᠭᠢᠷ ᠲᠦᠮᠤᠰᠤ ᠶᠢ ᠦᠨᠢᠶᠠᠨ ᠰᠦ ᠲᠠᠢ ᠴᠤᠭ ᠲᠤᠨᠢ ᠢᠰᠭᠡᠭᠡᠳ ᠰᠢᠭᠢᠷᠳᠦ ᠲᠦᠮᠦᠰᠤᠳᠤ ᠲᠠᠷᠠᠭ ᠪᠤᠯᠭᠠᠳᠠᠭ᠃ ᠲᠠᠷᠠ ᠨᠢ ᠰᠢᠭᠢᠷᠳᠤ ᠲᠦᠮᠦᠰᠤ ᠶᠢᠨ ᠦᠪᠡᠷᠮᠢᠴᠡ ᠠᠮᠳᠠ ᠰᠢᠮᠳᠡ ᠲᠠᠢ ᠪᠠᠶᠢᠵᠤ᠂ ᠪᠠᠰᠠ ᠲᠠᠷᠠᠭ ᠤᠨ ᠰᠢᠷᠭᠡᠭᠯᠢᠭ ᠡᠳ᠋᠂ ᠸᠢᠲ᠋ᠠᠮᠢᠨ ᠢ ᠨᠡᠮᠡᠭᠳᠡᠭᠦᠯᠵᠤ᠂ ᠦᠭᠡᠭᠦᠨ ᠤ ᠠᠭᠤᠯᠤᠠᠠᠳᠠᠴᠠ ᠶᠢ ᠪᠠᠭᠠᠰᠬᠠᠵᠤ᠂ ᠠᠮᠢᠳᠠᠨ ᠤᠷᠭᠤᠮᠠᠯ ᠤᠨ ᠰᠢᠮ᠎ᠠ ᠲᠡᠵᠢᠭᠡᠯ ᠤᠨ ᠬᠠᠷᠢᠯᠴᠠᠨ ᠨᠦᠭᠦᠪᠤᠷᠢᠯᠡᠭᠦ ᠶᠢ ᠪᠡᠶᠡᠯᠡᠭᠦᠯᠦᠭᠰᠡᠨ ᠮᠦᠷᠳᠡᠭᠡᠨ ᠪᠠᠰᠠ ᠦᠢᠯᠡᠳᠪᠤᠷᠢᠯᠡᠯ ᠤᠨ ᠦᠪᠡᠷ ᠤᠨ ᠦᠷᠳᠡᠭ ᠢ ᠨᠢ ᠪᠠᠭᠤᠷᠠᠭᠤᠯᠤᠠᠠᠰᠠᠨ ᠪᠠᠶᠢᠳᠠᠭ᠃ ︵2︶ ᠦᠯᠵᠡᠶᠢᠳᠤ ᠭᠡᠮᠭᠡ ᠶᠢᠨ ᠨᠠᠶᠢᠷᠠᠯᠭ᠎ᠠ ᠲᠠᠢ ᠲᠠᠷᠠᠭ᠃ ᠲᠠᠷᠠ ᠨᠢ ᠦᠯᠵᠡᠶᠢᠳᠤ ᠭᠡᠮᠭᠡ ᠪᠠᠷ ᠭᠤᠤᠯ ᠮᠠᠲ᠋ᠧᠷᠢᠶᠠᠯ ᠪᠤᠯᠭᠠᠨ ᠰᠦᠨ ᠭᠦᠴᠢᠯ ᠢᠶᠠᠷ ᠢᠰᠭᠡᠭᠰᠡᠨ ᠪᠤᠯᠬᠤᠷ ᠰᠦᠨ ᠭᠦᠴᠢᠯ ᠤᠨ ᠠᠮᠳᠠ ᠰᠢᠮᠳᠡ ᠲᠠᠢ ᠮᠠᠰᠢ ᠰᠠᠶᠢᠨ ᠤᠮᠳᠠᠭᠠᠨ ᠲᠠᠷᠠᠭ ᠪᠤᠯᠤᠨ᠎ᠠ᠃  ︵3︶ ᠤᠶᠢᠷ᠎ᠠ ᠶᠢᠨ ᠵᠢᠯ ᠳᠤ ᠰᠠᠮᠤᠷ ᠤᠨ ᠤᠷᠭᠤᠮᠠᠯ ᠤᠨ ᠤᠭᠤᠷᠬᠠᠳᠤ ᠰᠦ ᠤᠯᠤᠰ ᠤᠨ ᠲᠤᠳᠤᠭᠠᠳᠤ ᠳᠤ ᠮᠠᠰᠢ ᠲᠦᠷᠭᠡᠨ ᠭᠦᠭᠵᠢᠭᠰᠡᠨ ᠪᠤᠯᠪᠠᠴᠤ᠂ ᠰᠦᠨ ᠭᠦᠴᠢᠯ ᠢᠶᠠᠷ ᠰᠠᠮᠤᠷ ᠤᠨ ᠤᠭᠤᠷᠠᠭ ᠢ ᠢᠰᠬᠡᠭᠰᠡᠨ ᠲᠠᠷᠠᠭ ᠤᠨ ᠦᠢᠯᠡᠳᠪᠤᠷᠢᠯᠠᠯ ᠪᠠᠰᠠ ᠨᠠᠯᠢᠶᠠᠳ ᠵᠠᠬ᠎ᠠ ᠲᠡᠯᠭᠡᠭᠦᠷ ᠤᠨ ᠤᠷᠤᠨ ᠵᠠᠢ ᠲᠠᠢ ᠪᠠᠶᠢᠨ᠎ᠠ᠃ ᠰᠧᠴᠤᠸᠠᠨ ᠮᠤᠵᠢ ᠶᠢᠨ ᠴᠢᠩ ᠱᠧᠩ ᠰᠢᠶᠠᠨ ᠤ ᠽᠦᠢ ᠸᠧᠢ ᠢᠳᠡᠭᠡᠨ ᠤ ᠭᠢᠵᠠᠭᠠᠷᠳᠤ ᠬᠠᠷᠢᠭᠤᠴᠠᠯᠭ᠎ᠠ ᠶᠢᠨ ᠺᠤᠮᠪᠠᠨᠢ ᠤᠯᠠᠨ ᠵᠢᠯ ᠤᠨ ᠲᠤᠷᠰᠢᠯᠳᠡ ᠪᠠᠷ ᠲᠠᠮᠵᠢᠨ᠂ ᠰᠦᠨ ᠭᠦᠴᠢᠯ ᠤᠨ ᠪᠠᠺᠲ᠋ᠧᠷᠢ ᠪᠠᠷ ᠰᠠᠮᠤᠷ ᠤᠨ ᠤᠭᠤᠷᠠᠭ ᠢ ᠢᠰᠭᠡᠨ ᠲᠠᠷᠠᠭ ᠭᠢᠭᠦ ᠰᠢᠨ᠎ᠠ ᠮᠡᠷᠭᠡᠵᠢᠯ ᠢ ᠰᠤᠳᠤᠯᠤᠨ ᠡᠭᠦᠳᠴᠠᠢ᠃ ᠡᠨᠡ ᠬᠦ ᠰᠠᠮᠤᠷ ᠤᠨ ᠤᠭᠤᠷᠬᠠᠳᠤ ᠲᠠᠷᠠᠭ ᠨᠢ ᠰᠢᠩᠭᠡᠭᠡᠯᠳᠡ ᠶᠢ ᠠᠭᠢᠭᠤᠯᠵᠤ᠂ ᠭᠡᠳᠡᠰᠤᠨ ᠵᠠᠮ ᠤᠨ ᠬᠤᠤᠷ ᠲᠠᠢ ᠪᠠᠺᠲ᠋ᠧᠷᠢ ᠶᠢ ᠬᠤᠷᠢᠠᠠᠯᠠᠬᠤ ᠪᠠ ᠰᠢᠮ᠎ᠠ ᠲᠡᠵᠢᠭᠡᠯ ᠤᠨ ᠦᠨ᠎ᠠ ᠦᠷᠳᠡᠭ ᠢᠶᠠᠷ ᠴᠤ ᠦᠨᠳᠤᠷ ᠪᠠᠶᠢᠳᠠᠭ ᠤᠨᠴᠠᠯᠢᠭ ᠲᠠᠢ ᠪᠦᠭᠡᠳ ᠲᠡᠭᠡᠭᠡᠵᠤ ᠵᠦᠭᠡᠭᠡᠪᠤᠷᠢᠯᠡᠭᠦ ᠪᠠ ᠪᠤᠷᠤᠯᠠᠭᠤᠯᠬᠤ ᠳᠤ ᠴᠤ ᠲᠦᠭᠦᠮ ᠲᠦᠳᠡ ᠪᠠᠶᠢᠳᠠᠭ᠃

      6. ᠵᠢᠮᠢᠰ ᠤᠨ ᠮᠢᠬ᠎ᠠ ᠲᠠᠢ ᠲᠠᠷᠠᠭ ᠢ ᠶᠠᠭᠠᠭᠢᠵᠤ ᠢᠰᠭᠡᠭᠦ ᠪᠤᠢ︖

      ᠵᠢᠮᠢᠰ ᠤᠨ ᠮᠢᠬ᠎ᠠ ᠲᠠᠢ ᠲᠠᠷᠠᠭ ᠭᠢᠭᠦ ᠠᠷᠭ᠎ᠠ ᠭᠡᠪᠡᠯ ᠤᠷᠢᠳ ᠢᠶᠠᠷ ᠵᠢᠮᠢᠰ ᠤᠨ ᠮᠢᠬ᠎ᠠ ᠲᠤᠬᠠᠶᠢᠯᠠᠪᠠᠯ ᠵᠦᠷᠵᠢ᠂ ᠠᠯᠮᠤᠷᠠᠳ᠂ ᠭᠦᠢᠯᠡᠰᠤ᠂ ᠲᠤᠭᠤᠷ᠂ ᠪᠠᠷᠮᠠᠢ ᠵᠢᠮᠢᠰ ᠵᠡᠷᠭᠡ ᠶᠢ ᠭᠡᠷᠴᠢᠵᠤ᠂ ᠰᠢᠩᠭᠡᠨ ᠰᠢᠭᠢᠷ ᠭᠢᠭᠡᠳ ᠰᠦ ᠪᠠᠨ ᠭᠢᠵᠤ ᠰᠠᠶᠢᠳᠤᠷ ᠬᠤᠯᠢᠵᠤ ᠨᠠᠶᠢᠷᠠᠭᠤᠯᠤᠠᠠᠰᠠᠨ ᠤ ᠲᠠᠷᠠᠭ᠎ᠠ᠂ ᠦᠨᠳᠤᠷ ᠬᠠᠯᠠᠭᠤᠨ ᠳᠤ ᠪᠠᠺᠲ᠋ᠧᠷᠢ ᠶᠢ ᠨᠢ ᠤᠰᠠᠳᠬᠠᠭᠠᠳ᠂ 42℃~43℃ ᠲᠤ ᠭᠦᠷᠦᠭᠡᠵᠤ᠂ ᠬᠤᠯᠢᠮᠠᠭ ᠢᠰᠭᠡᠭᠦᠷ ᠡᠳ᠋ ᠢ 2%~3% ᠶᠢᠨ ᠭᠡᠮᠵᠢᠶ᠎ᠠ ᠪᠠᠷ ᠨᠡᠮᠡᠵᠤ᠂ ᠲᠠᠷᠠᠭ᠎ᠠ ᠪᠠᠷ ᠢᠰᠭᠡᠭᠦ ᠰᠠᠪᠠᠨ ᠳᠤ ᠭᠢᠵᠤ ᠢᠰᠭᠡᠭᠡᠳ᠂ ᠭᠦᠴᠢᠯ ᠤᠨ ᠭᠡᠮᠵᠢᠶ᠎ᠠ ᠨᠢ 0.9% ᠳᠤ ᠭᠦᠷᠦᠭᠰᠡᠨ ᠤ ᠰᠡᠭᠦᠯᠡᠷ ᠲᠠᠷᠦ᠋ᠢᠬᠠᠨ 10℃~ 20℃ ᠲᠤ ᠭᠦᠷᠦᠭᠡᠵᠤ ᠲᠠᠯᠪᠢᠨ᠎ᠠ᠃ ᠢᠡᠭᠭᠢᠪᠡᠯ ᠭᠦᠴᠢᠯ ᠤᠨ ᠭᠡᠮᠵᠢᠶ᠎ᠠ ᠨᠢ ᠠᠯᠭᠤᠷ ᠢᠶᠠᠷ ᠭᠦᠷᠦᠭᠡᠭᠦ ᠶᠠᠪᠤᠴᠠ ᠳᠤ ᠦᠷᠭᠦᠯᠵᠢᠯᠡᠨ ᠲᠡᠭᠡᠭᠰᠢᠯᠡᠭᠦ ᠦᠭᠡᠢ ᠪᠤᠯᠤᠨ᠎ᠠ᠃ ᠭᠦᠷᠦᠭᠡᠭᠰᠡᠨ ᠵᠢᠮᠢᠰ ᠤᠨ ᠮᠢᠬᠠᠳᠤ ᠲᠠᠷᠠᠭ ᠢᠶᠠᠨ ᠪᠠᠰᠠ ᠪᠦᠷᠢᠭᠦ ᠰᠠᠪᠠᠨ ᠳᠤ ᠭᠢᠵᠤ 10℃ ᠤᠨ ᠤᠷᠴᠢᠮ ᠳᠤ 12 ᠴᠠᠭ ᠪᠦᠷᠢᠵᠤ ᠲᠠᠯᠪᠢᠨ᠎ᠠ᠃ ᠢᠡᠭᠭᠢᠪᠡᠯ ᠦᠨᠤᠷ ᠠᠮᠳᠠ ᠪᠠ ᠴᠢᠨᠠᠷ ᠢ ᠨᠢ ᠶᠡᠭᠡᠳᠡ ᠲᠡᠭᠡᠭᠰᠢᠯᠡᠭᠦᠯᠭᠦ ᠪᠤᠯᠤᠨ᠎ᠠ᠃ ᠭᠡᠷᠪᠡ ᠭᠡᠳᠦᠷᠭᠡᠢ ᠬᠠᠯᠠᠭᠤᠨ ᠳᠤ ᠪᠦᠷᠢᠪᠡᠯ ᠨᠡᠩ ᠲᠦᠷᠭᠡᠨ ᠭᠦᠴᠢᠯᠳᠦᠭᠦ ᠪᠤᠯᠤᠨ᠎ᠠ᠃ ᠭᠠᠭᠴᠡ ᠬᠦ ᠲᠤᠭᠢᠳᠡᠢ ᠰᠠᠶᠢᠬᠠᠨ ᠪᠦᠷᠢᠭᠰᠡᠨ ᠤ ᠰᠡᠭᠦᠯᠡᠷ ᠦᠳᠭᠡᠴᠡ ᠨᠢ ᠭᠦᠷᠦᠭᠡᠭᠦ ᠦᠶ᠎ᠠ ᠶᠢᠨ ᠬᠢ ᠠᠴᠠ 2 ᠲᠠᠭᠢᠨ ᠤᠷᠴᠢᠮ ᠨᠡᠮᠡᠭᠳᠡᠨ᠎ᠠ᠃ ᠵᠢᠮᠢᠰ ᠤᠨ ᠮᠢᠬᠠᠳᠤ ᠲᠠᠷᠠᠭ ᠤᠨ ᠨᠡᠭᠡᠳᠡᠰᠤ ᠶᠢᠨ ᠪᠦᠷᠢᠯᠳᠦᠭᠦᠨ ᠳᠤ ᠪᠤᠯ ᠨᠢᠰᠢᠩᠭᠦ ᠶᠢᠨ ᠰᠢᠭᠢᠷ 10%~12%᠂ ᠵᠢᠮᠢᠰ ᠤᠨ ᠮᠢᠬ᠎ᠠ 5%~8% ᠪᠠᠶᠢᠯᠭᠠᠨ᠎ᠠ᠃ ᠤᠨᠴᠠ ᠠᠩᠬᠠᠷᠤᠭᠤᠰᠢᠳᠡᠢ ᠵᠦᠢᠯ ᠭᠡᠪᠡᠯ ᠪᠦᠷᠢᠭᠰᠡᠨ ᠲᠠᠷᠠᠭ ᠲᠠᠭᠠᠨ ᠵᠢᠮᠢᠰ ᠤᠨ ᠮᠢᠬ᠎ᠠ ᠭᠢᠭᠰᠡᠨ ᠤ ᠰᠡᠭᠦᠯᠡᠷ ᠵᠠᠪᠠᠯ ᠰᠠᠵᠢᠯᠠᠨ ᠭᠦᠳᠡᠯᠭᠡᠵᠤ ᠵᠢᠮᠢᠰ ᠤᠨ ᠮᠢᠬ᠎ᠠ ᠶᠢ ᠲᠠᠷᠠᠭ ᠤᠨ ᠲᠤᠳᠤᠷ᠎ᠠ ᠵᠢᠭᠳᠡ ᠳᠤᠨᠢ ᠬᠤᠯᠢᠬᠤ ᠭᠡᠷᠡᠭᠳᠡᠢ᠃

      7. ᠵᠢᠮᠢᠰ ᠤᠨ ᠮᠢᠬ᠎ᠠ ᠲᠠᠢ ᠲᠠᠷᠠᠭ ᠨᠢ ᠶᠠᠮᠠᠷ ᠤᠨᠴᠠᠯᠢᠭ ᠲᠠᠢ ᠪᠤᠢ︖

       ᠲᠡᠭᠦᠨ ᠤ ᠤᠨᠴᠠᠯᠢᠭ ᠨᠢ ᠭᠡᠪᠡᠯ ᠨᠢᠭᠡ ᠳᠤ᠂ ᠰᠦ ᠪᠤᠯᠤᠨ ᠰᠦᠨ ᠦᠢᠯᠡᠳᠭᠦᠨ ᠨᠢ ᠢᠰᠭᠡᠯᠳᠡ ᠪᠠᠷ ᠲᠠᠮᠵᠢᠨ ᠡᠭᠡᠳᠡᠭᠰᠡᠨ ᠰᠦ ᠪᠤᠯᠤᠠᠠᠰᠠᠨ ᠤ ᠰᠡᠭᠦᠯᠡᠷ ᠰᠢᠮ᠎ᠠ ᠲᠡᠵᠢᠭᠡᠯ ᠨᠢ ᠶᠡᠭᠡᠳᠡ ᠲᠡᠭᠡᠭᠰᠢᠯᠡᠳᠡᠭ᠃ ᠲᠠᠷᠠᠴᠢᠯᠠᠨ ᠭᠡᠳᠡᠰᠤ ᠬᠤᠳᠤᠭᠤᠳᠤ ᠶᠢ ᠴᠠᠪᠡᠷᠯᠡᠨ ᠤᠭᠢᠶᠠᠬᠤ ᠵᠢᠴᠢ ᠭᠡᠳᠡᠰᠤ ᠬᠤᠳᠤᠭᠤᠳᠤᠨ ᠤ ᠦᠷᠪᠢᠰᠦᠯ ᠢ ᠰᠡᠷᠭᠡᠶᠢᠯᠡᠨ ᠵᠠᠰᠠᠬᠤ ᠦᠢᠯᠡᠳᠦᠯ ᠲᠠᠢ᠃ ᠬᠤᠶᠠᠷ ᠲᠤ᠂ ᠡᠭᠡᠳᠡᠭᠰᠡᠨ ᠰᠦ ᠶᠢᠨ ᠲᠤᠳᠤᠷᠠᠭᠢ ᠤᠭᠤᠷᠬᠠᠳᠤ ᠡᠳ᠋ ᠨᠢ ᠠᠮᠠᠷᠬᠠᠨ ᠰᠢᠩᠭᠡᠵᠤ᠂ ᠡᠭᠦᠨ ᠳᠤ ᠰᠦᠨ ᠭᠦᠴᠢᠯ ᠨᠢ ᠭᠦᠮᠦᠰ ᠤᠨ ᠬᠤᠳᠤᠭᠤᠳᠤᠨ ᠤ ᠭᠦᠴᠢᠯ ᠤᠨ ᠱᠦᠭᠦᠷᠡᠯ ᠢ ᠪᠠᠭᠠᠰᠬᠠᠭᠠᠳ᠂ ᠬᠤᠳᠤᠭᠤᠳᠤᠨ ᠤ ᠡᠭᠦᠷᠭᠡᠯᠡᠯ ᠢ ᠭᠦᠡᠭᠭᠡᠯᠡᠵᠤ᠂ ᠰᠢᠩᠭᠡᠭᠡᠯᠳᠡ ᠶᠢ ᠰᠠᠶᠢᠵᠢᠷᠠᠭᠤᠯᠳᠠᠭ᠃ ᠭᠤᠷᠪᠡ ᠳᠤ᠂ ᠲᠠᠷᠠᠭ ᠨᠢ ᠭᠡᠳᠡᠰᠤᠨ ᠵᠠᠮ ᠤᠨ ᠲᠤᠳᠤᠷᠠᠭᠢ ᠶᠠᠷᠤ ᠪᠤᠰᠤ ᠶᠢᠨ ᠢᠰᠦᠯᠳᠡ ᠶᠢ ᠬᠤᠷᠢᠠᠠᠯᠠᠵᠤ᠂ ᠭᠡᠳᠡᠰᠤᠨ ᠵᠠᠮ ᠳᠠᠬᠢ ᠬᠤᠤᠷᠳᠤ ᠪᠠᠺᠲ᠋ᠧᠷᠢ ᠶᠢ ᠠᠯᠠᠵᠤ ᠤᠰᠠᠳᠬᠠᠳᠠᠭ᠃ ᠲᠦᠷᠪᠡ ᠳᠤ᠂ ᠡᠭᠡᠳᠡᠭᠰᠡᠨ ᠰᠦ ᠲᠤᠳᠤᠷᠠᠭᠢ ᠺᠠᠯᠼᠳᠦ ᠲᠠᠪᠤᠰᠤ ᠨᠢ ᠡᠩ ᠤᠨ ᠰᠦ ᠲᠤᠳᠤᠷᠠᠭᠢ ᠺᠠᠯᠼᠳᠦ ᠲᠠᠪᠤᠰᠤ ᠠᠴᠠ ᠨᠡᠩ ᠠᠮᠠᠷᠬᠠᠨ ᠰᠢᠩᠭᠡᠳᠡᠭ ᠪᠠᠶᠢᠨ᠎ᠠ᠃

      8. ᠠᠶᠢᠯ ᠭᠡᠷ ᠲᠤ ᠲᠠᠷᠠᠭ ᠢᠰᠭᠡᠭᠦ ᠲᠤᠬᠠᠢ

      ᠠᠶᠢᠯ ᠭᠡᠷ ᠲᠤ ᠲᠠᠷᠠᠭ ᠢᠰᠭᠡᠭᠦ ᠳᠤ ᠨᠢᠭᠡ ᠳᠤ᠂ ᠤᠷᠢᠳ ᠢᠶᠠᠷ ᠨᠢᠭᠡᠨ ᠯᠤᠩᠬᠤ ᠡᠭᠡᠳᠡᠭᠰᠡᠨ ᠰᠦ ᠬᠤᠳᠠᠯᠳᠤᠨ ᠠᠪᠴᠤ ᠭᠦᠷᠦᠩᠭᠡ ᠢᠰᠭᠡᠨ᠎ᠠ᠃ ᠨᠢᠭᠡ ᠯᠤᠩᠬᠤ ᠡᠭᠡᠳᠡᠭᠰᠡᠨ ᠰᠦ ᠶᠢ ᠲᠠᠪᠤᠨ ᠯᠤᠩᠬᠤ ᠰᠦᠨ ᠤ ᠭᠦᠷᠦᠩᠭᠡ ᠪᠤᠯᠭᠠᠵᠤ ᠪᠤᠯᠤᠨ᠎ᠠ᠃ ᠬᠤᠶᠠᠷ ᠲᠤ᠂ ᠰᠦᠨ ᠤ ᠲᠤᠭᠤᠭ᠎ᠠ ᠨᠢᠭᠡ᠂ ᠵᠢᠭᠤᠷᠠᠬᠤ ᠬᠠᠯᠪᠠᠭ᠎ᠠ ᠪᠤᠶᠤ ᠬᠤᠤᠰ ᠰᠠᠪᠬ᠎ᠠ᠂ ᠵᠤᠵᠠᠭᠠᠨ ᠱᠠᠭᠠᠵᠠᠩ ᠪᠤᠶᠤ ᠵᠤᠵᠠᠭᠠᠨ ᠰᠢᠯᠦᠨ ᠴᠤᠮᠤ ᠨᠡᠯᠢᠶᠡᠳ ᠢ ᠪᠡᠯᠡᠳᠭᠡᠨ᠎ᠡ᠃ ᠭᠤᠷᠪᠡ ᠳᠤ᠂ ᠰᠢᠨ᠎ᠠ ᠰᠦ ᠪᠠᠨ 5 ᠮᠢᠨᠦ᠋ᠲ ᠭᠢᠷᠢ ᠲᠠᠢ ᠤᠷᠭᠢᠭᠠᠨ᠎ᠠ᠃ ᠤᠷᠭᠢᠭᠠᠬᠤ ᠴᠠᠭ ᠢ ᠭᠡᠳᠦᠷᠭᠡᠢ ᠤᠬᠤᠷᠬᠠᠨ ᠪᠠᠶᠢᠯᠭᠠᠵᠤ ᠪᠤᠯᠬᠤ ᠦᠭᠡᠢ᠂ ᠭᠡᠷᠪᠡ ᠠᠮᠳᠠᠳᠠᠢ ᠭᠦᠴᠢᠯᠢᠭ ᠲᠠᠷᠠᠭ ᠤᠤᠭᠤᠬᠤ ᠲᠤᠷᠠᠳᠠᠢ ᠪᠤᠯ ᠤᠷᠭᠢᠭᠠᠬᠤ ᠦᠶ᠎ᠠ ᠳᠡᠭᠡᠨ ᠵᠤᠭᠢᠬᠤ ᠭᠡᠮᠵᠢᠶᠠᠨ ᠤ ᠴᠠᠭᠠᠨ ᠱᠠᠳᠠᠩ ᠨᠡᠮᠡᠨ᠎ᠠ᠃ ᠲᠦᠷᠪᠡ ᠳᠤ᠂ ᠤᠷᠭᠢᠭᠠᠵᠤ ᠪᠠᠺᠲ᠋ᠧᠷᠢ ᠶᠢ ᠨᠢ ᠤᠰᠠᠳᠬᠠᠠᠠᠰᠠᠨ ᠦᠨᠢᠶᠠᠨ ᠰᠦ ᠪᠠᠨ ᠤᠰᠤᠨ ᠳᠤ ᠭᠦᠷᠦᠭᠡᠭᠦ ᠪᠤᠶᠤ ᠠᠶᠠᠠᠳᠠᠭᠠᠨ ᠭᠦᠷᠦᠭᠡᠵᠤ 42℃ ᠤᠷᠴᠢᠮ ᠳᠤ ᠭᠦᠷᠦᠭᠦᠯᠦᠨ᠎ᠠ᠃ ᠭᠡᠷᠪᠡ ᠬᠠᠯᠠᠭᠤᠨ ᠤ ᠭᠡᠮᠵᠢᠭᠦᠷ ᠦᠭᠡᠢ ᠪᠤᠯ ᠯᠤᠩᠬᠤ ᠶᠢ ᠲᠡᠮᠳᠡᠷᠢᠵᠤ ᠦᠵᠡᠭᠦ ᠳᠤ ᠭᠠᠷ ᠢ ᠬᠠᠯᠠᠭᠠᠬᠤ ᠦᠭᠡᠢ ᠪᠠᠶᠢᠪᠠᠯ ᠲᠤᠭᠢᠷᠠᠮᠵᠢᠳᠡᠢ᠃ ᠲᠠᠪᠤ ᠳᠤ᠂ ᠬᠤᠳᠠᠯᠳᠤᠵᠤ ᠠᠪᠴᠢᠷᠬᠠᠰᠠᠨ ᠡᠭᠡᠳᠡᠭᠰᠡᠨ ᠰᠦ ᠪᠠᠨ ᠪᠠᠺᠲ᠋ᠧᠷᠢ ᠶᠢ ᠤᠰᠠᠳᠬᠠᠭᠰᠠᠨ ᠰᠠᠪᠠᠨ ᠳᠠᠭᠠᠨ ᠭᠢᠵᠤ᠂ ᠭᠦᠷᠦᠭᠡᠭᠰᠡᠨ ᠦᠨᠢᠶᠠᠨ ᠰᠦ ᠪᠠᠨ ᠲᠡᠭᠡᠷ᠎ᠡ ᠨᠢ ᠭᠦᠢᠴᠡᠳ ᠬᠤᠯᠢᠵᠤ ᠬᠤᠳᠬᠤᠨ᠎ᠠ᠃ ᠵᠢᠷᠭᠤᠭ᠎ᠠ ᠳᠤ᠂ ᠴᠤᠮᠤ ᠳᠤ ᠰᠠᠪᠠᠯᠠᠨ᠎ᠠ᠃ ᠭᠦᠷᠦᠭᠡᠭᠰᠡᠨ ᠰᠦ ᠪᠠᠨ ᠤᠷᠢᠳ ᠢᠶᠠᠷ ᠪᠡᠯᠡᠳᠭᠡᠭᠰᠡᠨ ᠴᠤᠮᠤᠨ ᠳᠠᠭᠠᠨ ᠬᠤᠪᠢᠶᠠᠨ ᠭᠢᠵᠤ᠂ ᠠᠮᠠᠰᠠᠷ ᠢ ᠨᠢ ᠲᠠᠭ ᠲᠠᠷᠤᠨ᠎ᠠ᠃ ᠲᠤᠯᠤᠭ᠎ᠠ ᠳᠤ ᠢᠰᠭᠡᠨ᠎ᠡ᠃ ᠰᠦ ᠰᠠᠪᠠᠯᠬᠠᠰᠨᠨ ᠴᠤᠮᠤ ᠪᠠᠨ 30℃ ᠠᠴᠠ 35℃ ᠤᠨ ᠬᠠᠯᠠᠭᠤᠨ ᠳᠤ ᠢᠰᠭᠡᠨ᠎ᠠ᠃ ᠢᠡᠭᠭᠢᠭᠡᠳ ᠪᠠᠷᠤᠭ 4~6 ᠴᠠᠭ ᠪᠤᠯᠪᠠᠯ ᠴᠠᠷᠴᠠᠮᠠᠯ ᠪᠦᠭᠡᠮ ᠪᠤᠯᠴᠢᠬᠠᠨ᠎ᠠ᠃ ᠡᠨᠡ ᠦᠶ᠎ᠠ ᠳᠤ ᠭᠠᠷᠭᠠᠵᠤ ᠠᠪᠤᠭᠠᠳ ᠢᠳᠡᠵᠤ ᠤᠤᠭᠤᠵᠤ ᠪᠤᠯᠤᠨ᠎ᠠ᠃

       ᠡᠭᠦᠨ ᠠᠴᠠ ᠭᠠᠳᠠᠨ᠎ᠠ᠂ ᠭᠡᠷᠪᠡ ᠦᠷᠭᠦᠯᠵᠢᠯᠡᠨ ᠲᠠᠷᠠᠭ ᠭᠢᠭᠦ ᠰᠠᠨᠠᠭ᠎ᠠ ᠲᠠᠢ ᠪᠤᠯ ᠦᠪᠠᠷ ᠤᠨ ᠲᠦᠷᠦᠭᠦᠤ ᠡᠳᠤᠷ ᠤᠨ ᠭᠢᠭᠰᠡᠨ ᠲᠠᠷᠠᠭ ᠢᠶᠠᠷ ᠢᠶᠠᠨ ᠭᠦᠷᠦᠩᠭᠡ ᠪᠤᠯᠭᠠᠪᠠᠯ ᠪᠤᠯᠴᠢᠬᠠᠨ᠎ᠠ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
Baidu
map