︵ᠨᠢᠬᠡ︶ ᠴᠠᠷᠭᠠᠰᠤ ᠶᠢᠨ ᠭᠡᠮ ᠬᠤᠷᠤᠬᠠᠢ ᠶᠢᠨ ᠭᠦᠨᠦᠭᠡᠯ ᠢ ᠰᠡᠷᠭᠡᠶᠢᠯᠡᠨ ᠵᠠᠰᠠᠬᠤ
ᠨᠡᠶᠢᠲᠡᠯᠡᠭᠰᠡᠨ ᠴᠠᠭ᠄
2015/11/13

        1. ᠭᠤᠤᠯ ᠭᠡᠮ ᠤᠨ ᠭᠦᠨᠦᠭᠡᠯ ᠵᠢᠴᠢ ᠰᠡᠷᠭᠡᠶᠢᠯᠡᠨ ᠵᠠᠰᠠᠬᠤ

         ︵1︶ ᠪᠠᠺᠲ᠋ᠧᠷᠢᠳᠤ ᠴᠢᠨᠠᠷ ᠲᠠᠢ ᠦᠭᠦᠰᠢᠷᠡᠭᠦ ᠭᠡᠮ

        ᠭᠡᠮ ᠤᠨ ᠢᠯᠡᠷᠡᠯ᠄ ᠪᠦᠭᠦ ᠰᠠᠭᠤᠷᠢ ᠪᠠᠷ ᠢᠶᠠᠨ ᠪᠤᠭᠤᠨᠢᠰᠬᠤ ᠪᠠ ᠨᠠᠪᠴᠢ ᠨᠢ ᠰᠢᠷᠠᠯᠠᠵᠤ᠂ ᠨᠠᠪᠴᠢᠨ ᠤ ᠨᠤᠭᠤᠭᠠᠨ ᠨᠢ ᠤᠨᠠᠵᠤ᠂ ᠴᠤᠮᠪᠤᠩ ᠭᠡᠯᠪᠡᠷᠢᠳᠡᠢ ᠪᠤᠯᠤᠨ᠎ᠠ᠃ ᠬᠠᠯᠠᠭᠤᠨ ᠲᠤᠯᠠᠭᠠᠨ᠂ ᠭᠠᠩ ᠬᠠᠭᠤᠷᠠᠢ ᠠᠭᠤᠷ ᠠᠮᠢᠰᠬᠤᠯ ᠲᠤᠤᠷ᠎ᠠ ᠰᠠᠯᠠᠭ᠎ᠠ ᠮᠦᠴᠢᠷ ᠤᠨ ᠲᠦᠷᠦᠭᠦᠤ ᠨᠢ ᠵᠤᠯᠭᠠᠷᠠᠵᠤ᠂ ᠰᠡᠭᠦᠯᠡᠷ ᠨᠢ ᠠᠳᠠᠯᠢ ᠪᠤᠰᠤ ᠭᠡᠮᠵᠢᠶ᠎ᠠ ᠪᠠᠷ ᠪᠦᠭᠦᠨ ᠢᠶᠠᠷ ᠢᠶᠠᠨ ᠵᠤᠯᠭᠠᠷᠠᠨ ᠦᠭᠦᠰᠢᠷᠡᠭᠡᠳ ᠦᠭᠦᠳᠡᠭ᠃ ᠬᠠᠳ᠋ᠬᠠᠰᠠᠨ ᠤ ᠰᠡᠭᠦᠯᠡᠷ ᠲᠠᠭᠢᠵᠤ ᠤᠷᠭᠤᠬᠤ ᠳᠠᠭᠠᠨ ᠨᠠᠩ ᠪᠤᠭᠤᠨᠢ ᠪᠤᠯᠵᠤ᠂ ᠭᠦᠨᠳᠤ ᠭᠡᠮ ᠲᠠᠢ ᠡᠰᠢ ᠨᠢ ᠡᠪᠤᠯ ᠠᠮᠠᠷᠬᠠᠨ ᠭᠦᠯᠳᠡᠵᠤ ᠦᠭᠦᠳᠡᠭ᠃ ᠭᠤᠤᠯ ᠦᠨᠳᠤᠰᠤᠨ ᠤ ᠭᠢᠨᠢ ᠬᠤᠪᠢᠷᠠᠯᠳᠠ ᠪᠠᠷ ᠲᠤᠰ ᠭᠡᠮ ᠢ ᠲᠤᠳᠤᠯᠠᠵᠤ ᠪᠤᠯᠤᠨ᠎ᠠ᠃ ᠢᠳᠡᠷᠡᠭᠦᠨ ᠦᠨᠳᠤᠰᠤ ᠲᠠᠢ ᠶᠢᠨ ᠭᠢᠨᠢ ᠦᠡᠭᠭᠡ ᠨᠢ ᠰᠦᠨ ᠴᠠᠭᠠᠨ ᠪᠠᠶᠢᠵᠤ᠂ ᠭᠡᠮ ᠲᠠᠢ ᠶᠢᠨ ᠭᠢᠨᠢ ᠤᠯᠠᠪᠤᠷ ᠰᠢᠷ᠎ᠠ ᠪᠠ ᠴᠠᠶᠢᠪᠤᠷ ᠭᠦᠷᠡᠩ ᠪᠠᠶᠢᠳᠠᠭ᠃

       ᠭᠡᠮ ᠤᠨ ᠤᠨᠴᠠᠯᠢᠭ᠄ ᠡᠨᠡ ᠨᠢ ᠨᠢᠭᠡᠨ ᠵᠦᠢᠯ ᠤᠨ ᠰᠦᠨᠦᠭᠡᠭᠦ ᠴᠢᠨᠠᠷ ᠲᠠᠢ ᠭᠡᠮ ᠤᠨ ᠭᠦᠨᠦᠭᠡᠯ ᠪᠤᠯᠬᠤ ᠪᠦᠭᠡᠳ ᠦᠷ᠎ᠠ ᠪᠠᠷ ᠲᠠᠮᠵᠢᠨ ᠬᠠᠯᠳᠠᠪᠤᠷᠢᠯᠠᠳᠠᠭ᠃ ᠰᠡᠷᠢᠭᠦᠭᠡᠨ᠂ ᠲᠤᠯᠠᠭᠠᠨ ᠠᠭᠤᠷ ᠠᠮᠢᠰᠬᠤᠯ ᠳᠤ ᠡᠨᠡ ᠭᠡᠮ ᠤᠨ ᠲᠡᠯᠭᠡᠷᠡᠭᠦ ᠪᠡ ᠭᠦᠨᠦᠭᠡᠭᠦ ᠭᠦᠴᠤᠨ ᠨᠢ ᠨᠡᠩ ᠴᠢᠩᠭᠠᠷᠠᠳᠠᠭ᠃ ᠭᠡᠮ ᠡᠭᠦᠰᠭᠡᠭᠴᠢ ᠪᠠᠺᠲ᠋ᠧᠷᠢ ᠨᠢ
21℃~27℃ ᠲᠤ 3 ᠵᠢᠯ ᠬᠠᠳᠠᠭᠠᠯᠬᠠᠰᠠᠨ ᠴᠠᠷᠭᠠᠰᠤ ᠶᠢᠨ ᠦᠷ᠎ᠠ ᠳᠤ ᠮᠦᠨ ᠭᠦ ᠠᠮᠢᠳᠤᠷᠠᠵᠤ ᠪᠠᠶᠢᠳᠠᠭ᠃ ᠭᠦᠯᠳᠡᠵᠤ ᠰᠢᠷᠬᠠᠳᠤᠠᠠᠰᠠᠨ᠂ ᠬᠤᠷᠤᠬᠠᠢ ᠳᠤ ᠰᠢᠷᠬᠠᠳᠤᠠᠠᠰᠠᠨ ᠪᠠ ᠮᠧᠬᠠᠨᠢᠭ ᠲᠤ ᠰᠢᠷᠬᠠᠳᠤᠠᠠᠰᠠᠨ ᠰᠢᠷᠬ᠎ᠠ ᠰᠤᠷᠪᠢ ᠪᠠᠷ ᠪᠠᠺᠲ᠋ᠧᠷᠢ ᠤᠷᠤᠵᠤ᠂ ᠦᠨᠳᠤᠰᠤ ᠨᠢ ᠢᠯᠵᠡᠷᠡᠬᠤ ᠦᠶᠡᠰ᠂ ᠤᠶᠢᠷ᠎ᠠ ᠬᠠᠪᠢ ᠶᠢᠨ ᠭᠦᠷᠤᠰᠤ ᠰᠢᠷᠤᠢ ᠳᠤ ᠨᠡᠪᠴᠢᠳᠡᠭ᠃

       ᠰᠡᠷᠭᠡᠶᠢᠯᠡᠨ ᠵᠠᠰᠠᠬᠤ ᠠᠷᠭ᠎ᠠ᠄ ① ᠭᠦᠷᠤᠰᠤ ᠰᠢᠷᠤᠢ ᠶᠢ ᠭᠦᠢᠴᠡᠳ ᠦᠩ ᠰᠢᠮᠡᠯᠢᠭ ᠪᠠᠶᠢᠯᠭᠠᠬᠤ᠂ ᠢᠯᠠᠩᠭᠤᠶ᠎ᠠ ᠺᠠᠯᠢ ᠪᠤᠯᠤᠨ ᠹᠤᠰᠹᠤᠷ ᠢ ᠡᠯᠪᠡᠭ ᠪᠠᠶᠢᠯᠭᠠᠬᠤ ᠭᠡᠷᠡᠭᠳᠡᠢ᠃ ② ᠦᠨᠳᠤᠰᠤ ᠪᠠ ᠰᠠᠴᠤᠭ ᠤᠨ ᠭᠡᠰᠡᠭ ᠰᠢᠷᠬᠠᠳᠤᠬᠤ ᠠᠴᠠ ᠰᠡᠷᠭᠡᠶᠢᠯᠡᠭᠦ ᠭᠡᠷᠡᠭᠳᠡᠢ᠃ ③ ᠡᠰᠢ ᠨᠢ ᠬᠠᠳ᠋ᠬᠠᠰᠠᠨ ᠤ ᠰᠡᠭᠦᠯᠡᠷ ᠬᠠᠳᠤᠬᠤ ᠭᠡᠷᠡᠭᠳᠡᠢ᠃ ④ ᠭᠡᠮ ᠲᠠᠢ ᠡᠪᠡᠰᠤ ᠶᠢ ᠬᠠᠳᠤᠬᠤ ᠠᠴᠠ ᠡᠮᠦᠨ᠎ᠠ ᠵᠦᠭᠡᠯᠡᠨ ᠨᠢᠯᠬ᠎ᠠ ᠢᠳᠡᠷᠡᠭᠦᠨ ᠡᠪᠡᠰᠤ ᠶᠢ ᠬᠠᠳᠤᠵᠤ ᠪᠤᠯᠬᠤ ᠦᠭᠡᠢ᠃ ⑤ ᠭᠡᠮ ᠲᠠᠢ ᠦᠨᠳᠤᠰᠤ ᠨᠢ ᠭᠦᠢᠴᠡᠳ ᠢᠯᠵᠠᠷᠠᠬᠤ ᠠᠴᠠ ᠡᠮᠦᠨ᠎ᠠ᠂ ᠬᠠᠭᠤᠴᠢᠨ ᠴᠠᠷᠭᠠᠰᠤ ᠲᠠᠷᠢᠠᠠᠰᠠᠨ ᠭᠠᠵᠠᠷ ᠲᠤ ᠰᠢᠨ᠎ᠠ ᠪᠠᠷ ᠲᠠᠷᠢᠵᠤ ᠪᠤᠯᠬᠤ ᠦᠭᠡᠢ᠃ ⑥ ᠭᠡᠮ ᠲᠠᠢ ᠤᠷᠤᠨ ᠤ ᠤᠰᠤ ᠪᠠᠷ ᠤᠰᠤᠯᠬᠠᠰᠠᠨ ᠭᠠᠵᠠᠷ ᠲᠠᠷᠢᠵᠤ ᠪᠤᠯᠬᠤ ᠦᠭᠡᠢ᠃ ⑦ ᠤᠬᠤᠷ ᠬᠤᠭᠤᠴᠠᠭ᠎ᠠ ᠪᠠᠷ ᠡᠭᠡᠯᠵᠢᠯᠡᠨ ᠲᠠᠷᠢᠬᠤ ᠭᠡᠷᠡᠭᠳᠡᠢ᠃

        ︵2︶ ᠭᠦᠷᠡᠩ ᠲᠤᠯᠪᠤᠳᠤ ᠭᠡᠮ ᠢ ᠪᠠᠰᠠ ᠡᠩ ᠤᠨ ᠨᠠᠪᠴᠢᠨ ᠲᠤᠯᠪᠤᠳᠤ ᠭᠡᠮ ᠭᠡᠳᠡᠭ᠃

       ᠲᠤᠰ ᠭᠡᠮ ᠤᠨ ᠭᠦᠨᠦᠭᠡᠯ ᠪᠤᠯ ᠲᠡᠯᠡᠭᠡᠢ ᠶᠢᠨ ᠡᠯ᠎ᠡ ᠭᠠᠵᠠᠷ ᠲᠤ ᠴᠦᠮ ᠦᠷᠭᠡᠨ ᠢᠶᠠᠷ ᠡᠭᠦᠰᠳᠡᠭ᠃

       ᠭᠡᠮ ᠤᠨ ᠢᠯᠡᠷᠡᠯ᠄ ᠲᠤᠰ ᠭᠡᠮ ᠨᠢ ᠤᠷᠭᠤᠮᠠᠯ ᠢ ᠦᠭᠦᠭᠦᠯᠳᠡᠭ ᠦᠭᠡᠢ᠃ ᠭᠡᠪᠡᠴᠤ ᠴᠠᠷᠭᠠᠰᠤᠨ ᠤ ᠨᠡᠮᠠᠭ᠎ᠠ ᠶᠢ ᠶᠡᠭᠡ ᠪᠠᠷ ᠤᠨᠠᠭᠠᠵᠤ᠂ ᠠᠮᠢᠵᠢᠷᠠᠯ ᠤᠨ ᠭᠦᠴᠤᠨ ᠢ ᠨᠢ ᠪᠠᠭᠤᠷᠠᠭᠤᠯᠵᠤ᠂ ᠬᠠᠭᠤᠷᠠᠢ ᠡᠪᠡᠰᠤᠨ ᠤ ᠪᠦᠳᠦᠭᠡᠭᠳᠡᠭᠦᠨ ᠤ ᠶᠠᠰᠤ ᠴᠢᠨᠠᠷ ᠢ ᠨᠢ ᠮᠠᠭᠤᠳᠠᠭᠤᠯᠳᠠᠭ᠃ ᠵᠢᠵᠢᠭ ᠨᠠᠪᠴᠢᠨ ᠲᠡᠭᠡᠷ᠎ᠡ ᠨᠢ ᠳ᠋ᠢᠶᠠᠮᠧᠲᠷ ᠨᠢ ᠪᠠᠷᠤᠭ 2mm ᠵᠢᠵᠢᠭ ᠲᠤᠭᠤᠷᠢᠭ ᠲᠤᠯᠪᠤ ᠰᠠᠭᠤᠵᠤ᠂ ᠠᠷᠠᠭᠠᠴᠢᠯᠬᠠᠰᠠᠨ ᠭᠦᠪᠡᠭᠡ ᠲᠠᠢ ᠪᠠᠶᠢᠵᠤ ᠭᠡᠮ ᠤᠨ ᠲᠤᠯᠪᠤ ᠨᠢ ᠪᠤᠯᠪᠠᠰᠤᠷᠬᠠᠰᠠᠨ ᠤ ᠰᠡᠭᠦᠯᠡᠷ ᠲᠤᠮᠳᠠᠭᠤᠷ ᠢᠶᠠᠨ ᠵᠤᠵᠠᠭᠠᠷᠠᠵᠤ᠂ ᠴᠠᠶᠢᠪᠤᠷ ᠭᠦᠷᠡᠩ ᠦᠡᠭᠭᠡ ᠲᠠᠢ ᠭᠦᠳᠦ᠋ᠢᠭᠰᠡᠨ ᠵᠢᠵᠢᠭ ᠭᠡᠯᠪᠡᠷᠢ ᠲᠠᠢ ᠪᠤᠯᠳᠠᠭ᠃ ᠡᠨᠡ ᠬᠦ ᠤᠨᠴᠠᠯᠢᠭ ᠪᠤᠯᠤᠨ ᠠᠷᠠᠭᠠᠯᠢᠭ ᠭᠦᠪᠡᠭᠡ ᠪᠠᠷ ᠨᠢ ᠡᠨᠡ ᠭᠡᠮ ᠤᠨ ᠲᠤᠯᠪᠤ ᠪᠤᠯᠤᠨ ᠡᠰᠢ ᠬᠠᠷᠠᠯᠠᠬᠤ ᠡᠪᠡᠳᠴᠢᠨ ᠠᠴᠠ ᠪᠤᠯᠤᠠᠠᠰᠠᠨ ᠭᠡᠮ ᠤᠨ ᠲᠤᠯᠪᠤ ᠶᠢ ᠢᠯᠭᠠᠵᠤ ᠪᠤᠯᠤᠨ᠎ᠠ᠃

       ᠭᠡᠮ ᠤᠨ ᠤᠨᠴᠠᠯᠢᠭ᠄ ᠤᠷᠭᠤᠯᠳᠠ ᠶᠢᠨ ᠪᠦᠭᠦ᠋ᠢᠯᠡ ᠤᠯᠠᠷᠢᠯ ᠳᠤ᠂ ᠪᠦᠷᠢᠮᠦᠰᠤᠨ ᠪᠤᠯᠪᠠᠰᠤᠷᠬᠠᠰᠠᠨ ᠨᠠᠪᠴᠢᠨ ᠤ ᠦᠡᠭᠭᠡᠨ ᠲᠠᠯ᠎ᠠ ᠳᠤ ᠴᠦᠮ ᠰᠫᠤᠷ ᠤᠨ ᠤᠭᠤᠳᠠᠨ ᠲᠠᠪᠠᠭ ᠲᠠᠢ ᠪᠠᠶᠢᠳᠠᠭ᠃ ᠰᠫᠤᠷ ᠨᠢ ᠤᠭᠤᠳᠠᠨ ᠲᠠᠪᠠᠭ ᠠᠴᠠ ᠬᠠᠷᠪᠤᠨ ᠭᠠᠷᠴᠤ ᠢᠷᠡᠭᠦ ᠪᠦᠭᠡᠳ ᠰᠠᠯᠭᠢᠨ ᠪᠤᠯᠤᠨ ᠪᠤᠷᠤᠭᠠᠨ ᠤ ᠤᠰᠤ ᠪᠠᠷ ᠬᠠᠯᠳᠠᠪᠤᠷᠢᠯᠠᠳᠠᠭ᠃ ᠦᠷ᠎ᠠ ᠪᠠᠷ ᠬᠠᠯᠳᠠᠪᠤᠷᠢᠯᠠᠳᠠᠭ ᠪᠢᠰᠢ᠃ ᠠᠳᠠᠯᠢ ᠪᠤᠰᠤ ᠴᠠᠷᠭᠠᠰᠤ ᠳᠤ ᠬᠠᠯᠳᠠᠪᠤᠷᠢᠯᠬᠠᠰᠠᠨ ᠪᠠᠶᠢᠳᠠᠯ ᠢ ᠦᠨᠳᠦᠰᠦᠯᠡᠪᠡᠯ ᠡᠶᠢᠮᠤ ᠪᠠᠺᠲ᠋ᠧᠷᠢ ᠲᠦᠷᠪᠡᠨ ᠵᠦᠢᠯ ᠪᠠᠶᠢᠨ᠎ᠠ᠃

      ︵3︶ ᠵᠢᠪᠡᠷᠡᠭᠦ ᠭᠡᠮ

      ᠴᠠᠷᠭᠠᠰᠤ ᠶᠢ ᠭᠦᠨᠦᠭᠡᠳᠡᠭ᠃

      ᠭᠡᠮ ᠤᠨ ᠢᠯᠡᠷᠡᠯ᠄ ᠴᠦᠪᠤᠷᠢᠭᠦᠳᠤᠭᠦ ᠲᠤᠮᠳᠠ ᠤᠯᠠᠪᠤᠷ ᠭᠦᠷᠡᠩ ᠦᠡᠭᠭᠡ ᠲᠠᠢ᠂ ᠰᠫᠤᠷ ᠤᠨ ᠤᠪᠤᠭ᠎ᠠ ᠪᠤᠢ ᠪᠤᠯᠵᠤ᠂ ᠵᠢᠵᠢᠭ ᠨᠠᠪᠴᠢ᠂ ᠨᠠᠪᠴᠢᠨ ᠤ ᠪᠠᠷᠢᠭᠤᠯ ᠪᠤᠯᠤᠨ ᠡᠰᠢ ᠶᠢᠨ ᠬᠠᠯᠢᠰᠤ ᠶᠢ ᠡᠪᠳᠡᠳᠡᠭ᠃ ᠵᠢᠪᠡᠷᠡᠭᠦ ᠭᠡᠮ ᠤᠨ ᠰᠫᠤᠷ ᠤᠨ ᠤᠪᠤᠭ᠎ᠠ ᠶᠡᠭᠡ ᠭᠡᠮᠵᠢᠶ᠎ᠠ ᠪᠠᠷ ᠬᠠᠳᠠᠭᠠᠯᠬᠠᠳᠠᠬᠤ ᠦᠶᠡᠰ ᠨᠠᠪᠴᠢ ᠨᠢ ᠦᠷᠴᠶᠢᠨ ᠠᠪᠴᠢᠬᠤ ᠪᠦᠭᠡᠳ ᠤᠷᠢᠳ ᠢᠶᠠᠷ ᠵᠤᠯᠭᠠᠷᠠᠳᠠᠭ᠃ ᠬᠠᠳᠤᠬᠤ ᠨᠢ ᠤᠷᠦ᠋ᠢᠳᠠᠪᠠᠯ ᠡᠰᠢᠨ ᠤ ᠭᠡᠰᠡᠭ ᠲᠤ ᠨᠢ ᠴᠤ ᠭᠦᠨᠳᠤ ᠨᠤᠴᠢᠳᠡᠢ ᠬᠠᠯᠳᠠᠪᠤᠷᠢᠯᠠᠳᠠᠭ᠃ ᠵᠤᠨ ᠤ ᠰᠫᠤᠷ ᠪᠤᠯᠤᠨ ᠡᠪᠤᠯ ᠤᠨ ᠰᠫᠤᠷ ᠤᠨ ᠤᠪᠤᠭ᠎ᠠ ᠨᠢ ᠨᠠᠪᠴᠢᠨ ᠲᠡᠭᠡᠷ᠎ᠡ ᠢᠯᠡᠷᠡᠭᠦ ᠳᠡᠭᠡᠨ ᠭᠡᠵᠢᠶᠡᠳᠡ ᠠᠳᠠᠯᠢ ᠨᠢᠭᠡᠨ ᠴᠦᠪᠤᠷᠢᠭᠦᠤ ᠲᠡᠭᠡᠷ᠎ᠡ ᠢᠯᠡᠷᠡᠳᠡᠭ᠃ ᠡᠮᠤᠨᠡᠳᠤ ᠤᠷᠤᠨ ᠳᠤ ᠪᠤᠯ ᠡᠪᠤᠯᠵᠢᠴᠢᠭᠡᠳᠡᠭ᠃

      ᠲᠠᠷᠬᠠᠯᠳᠠ ᠨᠢ ᠭᠡᠪᠡᠯ ᠪᠦᠭᠦ ᠪᠦᠮᠪᠤᠷᠴᠡᠭ ᠤᠨ ᠴᠢᠨᠠᠷ ᠲᠠᠢ ᠴᠠᠷᠭᠠᠰᠤ ᠶᠢᠨ ᠭᠡᠮ ᠤᠨ ᠭᠦᠨᠦᠭᠡᠯ ᠪᠤᠯᠤᠨ᠎ᠠ᠃

      ︵4︶ ᠴᠠᠭᠠᠨ ᠭᠦᠭᠡᠴᠤ ᠶᠢᠨ ᠭᠡᠮ

      ᠭᠡᠮ ᠤᠨ ᠢᠯᠡᠷᠡᠯ᠄ ᠭᠡᠮ ᠲᠠᠢ ᠰᠠᠯᠠᠭ᠎ᠠ ᠨᠠᠮᠠᠭ᠎ᠠ ᠨᠢ ᠭᠦᠢᠭᠡᠨ ᠨᠤᠭᠤᠭᠠᠨ ᠪᠤᠶᠤ ᠰᠢᠷᠭᠠᠯ ᠦᠡᠭᠭᠡ ᠲᠠᠢ ᠪᠠᠶᠢᠵᠤ᠂ ᠦᠶ᠎ᠠ ᠶᠢᠨ ᠵᠠᠢ ᠨᠢ ᠪᠤᠭᠤᠨᠢᠰᠬᠤ ᠪᠠ ᠠᠪᠴᠢᠬᠤ ᠠᠴᠠ ᠪᠤᠯᠤᠭᠠᠳ᠂ ᠨᠠᠪᠴᠢᠨ ᠤ ᠦᠡᠭᠭᠡ ᠨᠢ ᠪᠦᠭᠦᠨ ᠢᠶᠠᠷ ᠢᠶᠠᠨ ᠪᠤᠶᠤ ᠭᠡᠰᠡᠭ ᠵᠠᠷᠢᠮ ᠨᠢ ᠪᠠᠭᠤᠷᠠᠵᠤ᠂ ᠨᠠᠪᠴᠢ ᠨᠢ ᠲᠠᠯᠪᠠᠶᠢᠵᠤ᠂ ᠠᠷᠤᠠᠰᠢ ᠪᠠᠨ ᠮᠢᠳᠠᠷᠠᠨ ᠠᠪᠴᠢᠳᠠᠭ᠃ ᠨᠦᠭᠦᠴᠡᠯ ᠨᠢ ᠲᠤᠭᠢᠷᠠᠮᠵᠢᠳᠡᠢ ᠦᠶᠡᠰ ᠭᠡᠮ ᠲᠠᠢ ᠨᠠᠪᠴᠢᠨ ᠤ ᠠᠷᠤ ᠲᠠᠯ᠎ᠠ ᠳᠤᠨᠢ ᠭᠦᠢᠭᠡᠨ ᠪᠤᠷᠤ ᠪᠤᠶᠤ ᠪᠤᠷᠤ ᠦᠡᠭᠭᠡ ᠶᠢᠨ ᠭᠦᠭᠡᠴᠤ ᠶᠢᠨ ᠲᠠᠪᠬᠤᠷᠭ᠎ᠠ ᠡᠭᠦᠰᠳᠡᠭ᠃ ᠡᠨᠡ ᠪᠤᠯ ᠲᠤᠰ ᠭᠡᠮ ᠤᠨ ᠨᠡᠶᠢᠳᠡᠯᠢᠭ ᠰᠢᠠᠵᠢ ᠪᠤᠯᠤᠨ᠎ᠠ᠃ ᠵᠠᠯᠭᠠᠭᠠᠳ ᠭᠡᠮ ᠲᠠᠢ ᠨᠠᠪᠴᠢ ᠨᠢ ᠨᠠᠪᠴᠢᠨ ᠤ ᠦᠵᠦᠭᠦᠷ ᠪᠤᠶᠤ ᠭᠦᠪᠡᠭᠡ ᠠᠴᠠ ᠪᠠᠨ ᠡᠭᠢᠯᠡᠨ ᠭᠦᠢᠭᠡᠨ ᠨᠤᠭᠤᠭᠠᠨ ᠪᠤᠶᠤ ᠰᠢᠷᠭᠠᠯ ᠦᠡᠭᠭᠡ ᠲᠠᠢ ᠲᠤᠯᠪᠤᠰᠢᠷᠠᠵᠤ᠂ ᠭᠡᠯᠪᠡᠷᠢ ᠲᠦᠷᠰᠤ ᠨᠢ ᠵᠢᠷᠤᠮᠵᠢᠯᠡᠯ ᠦᠭᠡᠢ ᠪᠠᠶᠢᠵᠤ᠂ ᠵᠢᠵᠢᠭ ᠨᠠᠪᠴᠢ᠂ ᠨᠡᠶᠢᠯᠡᠮᠡᠯ ᠨᠠᠪᠴᠢ ᠴᠢᠨ᠋ᠬᠠᠰᠢᠯᠠᠪᠠᠯ ᠪᠦᠭᠦ᠋ᠢᠯᠡ ᠰᠠᠯᠠᠭ᠎ᠠ ᠨᠠᠮᠠᠭ᠎ᠠ ᠶᠢ ᠠᠭᠠᠵᠢᠮ ᠢᠶᠠᠷ ᠭᠦᠨᠦᠭᠡᠳᠡᠭ᠃

       ᠲᠠᠷᠬᠠᠯᠳᠠ ᠶᠢᠨ ᠤᠷᠤᠨ ᠨᠢ ᠭᠡᠪᠡᠯ ᠪᠦᠬᠦ ᠪᠦᠮᠪᠤᠷᠴᠡᠭ ᠤᠨ ᠴᠢᠨᠠᠷ ᠲᠠᠢ ᠪᠠᠶᠢᠨ᠎ᠠ᠃

       ᠭᠡᠮ ᠤᠨ ᠤᠨᠴᠠᠯᠢᠭ᠄ ᠲᠤᠯᠠᠭᠠᠨ ᠪᠦᠯᠢᠶᠠᠨ ᠴᠢᠭᠢᠭ ᠨᠦᠢᠳᠠᠨ ᠠᠭᠤᠷ ᠠᠮᠢᠰᠬᠤᠯ ᠤᠨ ᠨᠦᠭᠦᠴᠡᠯ ᠲᠤᠤᠷ᠎ᠠ ᠲᠡᠯᠭᠡᠷᠡᠳᠡᠭ ᠪᠦᠭᠡᠳ ᠮᠠᠨ ᠤ ᠤᠯᠤᠰ ᠤᠨ ᠪᠠᠷᠠᠭᠤᠨ ᠬᠤᠶᠢᠳᠤ ᠶᠢᠨ ᠦᠨᠳᠦᠷᠯᠢᠭ ᠭᠠᠩ ᠬᠠᠭᠤᠷᠠᠢ ᠪᠠ ᠬᠠᠭᠠᠰ ᠭᠠᠩ ᠬᠠᠭᠤᠷᠠᠢ ᠭᠠᠵᠠᠷ ᠤᠷᠤᠨ ᠳᠤ ᠭᠡᠨᠡᠳᠳᠡ ᠡᠭᠦᠰᠴᠤ ᠭᠠᠮᠰᠢᠭ ᠪᠤᠯᠳᠠᠭ᠃ ᠲᠤᠰ ᠭᠡᠮ ᠪᠤᠯ ᠦᠷ᠎ᠡ ᠪᠠᠷ ᠲᠠᠮᠵᠢᠨ ᠬᠠᠯᠳᠠᠪᠤᠷᠢᠯᠠᠳᠠᠭ᠃ ᠴᠠᠭᠠᠨ ᠭᠦᠭᠡᠴᠤ ᠭᠡᠮ ᠤᠨ ᠰᠠᠯᠠᠭᠠᠯᠠᠬᠤ ᠰᠫᠤᠷ ᠨᠢ ᠰᠠᠯᠭᠢ ᠪᠠᠷ ᠲᠠᠮᠵᠢᠨ ᠬᠠᠯᠳᠠᠪᠤᠷᠢᠯᠠᠵᠤ᠂ ᠢᠴᠡᠭᠡᠯᠡᠭᠦ ᠰᠫᠤᠷ ᠨᠢ ᠡᠪᠤᠯ ᠭᠡᠮ ᠤᠨ ᠨᠡᠭᠡᠳᠡᠰᠤ ᠳᠤ ᠢᠴᠡᠭᠡᠯᠡᠭᠡᠳ ᠬᠠᠪᠤᠷ ᠭᠦᠪᠤᠷᠡᠵᠤ᠂ ᠭᠡᠮ ᠤᠨ ᠡᠭᠦᠰᠪᠤᠷᠢ ᠪᠠᠺᠲ᠋ᠧᠷᠢ ᠨᠢ ᠮᠦᠭᠦ ᠶᠢᠨ ᠰᠢᠷᠭᠡᠭ ᠢᠶᠠᠷ ᠤᠷᠭᠤᠮᠠᠯ ᠤᠨ ᠪᠠᠶ᠎ᠠ ᠳᠤ ᠡᠪᠤᠯᠵᠢᠳᠡᠭ᠃ ᠭᠦᠨᠳᠤ ᠨᠤᠴᠢᠳᠡᠢ ᠭᠡᠮᠳᠦᠭᠰᠡᠨ ᠤᠷᠭᠤᠮᠠᠯ ᠢ ᠲᠠᠷᠦ᠋ᠢᠬᠠᠨ ᠬᠠᠳᠤᠵᠤ ᠠᠷᠢᠯᠭᠠᠪᠠᠯ᠂ ᠠᠭᠤᠷ ᠠᠮᠢᠰᠬᠤᠯ ᠲᠤᠯᠠᠭᠠᠷᠬᠠᠰᠠᠨ ᠤ ᠰᠡᠭᠦᠯᠡᠷ ᠰᠢᠨ᠎ᠠ ᠪᠠᠷ ᠤᠷᠭᠤᠬᠤ ᠡᠪᠡᠰᠤᠨ ᠳᠤ ᠭᠡᠮ ᠲᠤᠰᠳᠠᠭ ᠦᠭᠡᠢ᠃

      ︵5︶ ᠴᠠᠷᠭᠠᠰᠤ ᠶᠢᠨ ᠰᠢᠷ᠎ᠠ ᠲᠤᠯᠪᠤᠳᠤ ᠭᠡᠮ

      ᠭᠡᠮ ᠤᠨ ᠢᠯᠡᠷᠡᠯ᠄ ᠡᠭᠢᠯᠡᠭᠡᠳ ᠨᠠᠪᠴᠢᠨ ᠤ ᠦᠡᠭᠭᠡᠨ ᠲᠠᠯ᠎ᠠ ᠶᠢᠨ ᠰᠤᠳᠠᠰᠤ ᠲᠠᠭᠠᠨ ᠲᠠᠷᠬᠠᠵᠤ᠂ ᠨᠢᠭᠡᠨ ᠭᠡᠰᠡᠭ ᠪᠤᠶᠤ ᠵᠢᠵᠢᠭ ᠬᠠᠷ᠎ᠠ ᠲᠤᠯᠪᠤ ᠶᠢᠨ ᠰᠦᠷᠦᠭᠯᠡᠯ ᠪᠤᠯᠵᠤ ᠲᠦᠪᠯᠡᠷᠡᠨ᠎ᠡ᠃ ᠡᠳᠡᠭᠡᠷ ᠵᠢᠵᠢᠭ ᠬᠠᠷ᠎ᠠ ᠲᠤᠯᠪᠤ ᠪᠤᠯ ᠲᠠᠷᠤᠢ ᠭᠡᠮ ᠤᠨ ᠡᠭᠦᠰᠪᠤᠷᠢ ᠪᠠᠺᠲ᠋ᠧᠷᠢ ᠨᠢ ᠪᠡᠯᠭᠡ ᠶᠢᠨ ᠪᠤᠰᠤ ᠦᠷᠡᠵᠢᠭᠦ ᠳᠡᠭᠡᠨ ᠰᠠᠯᠠᠭᠠᠯᠠᠬᠤ ᠰᠫᠤᠷ ᠤᠨ ᠪᠠᠭᠠᠵᠢ ᠪᠤᠯᠳᠠᠭ᠃ ᠵᠢᠵᠢᠭ ᠬᠠᠷ᠎ᠠ ᠲᠤᠯᠪᠤ ᠲᠦᠪᠯᠡᠷᠡᠭᠰᠡᠨ ᠭᠡᠰᠡᠭ ᠲᠤ ᠨᠠᠪᠴᠢᠨ ᠤ ᠦᠡᠭᠭᠡ ᠪᠠᠭ᠋ᠠᠨ ᠭᠦᠢᠭᠡᠨ ᠪᠤᠯᠵᠤ᠂ ᠵᠠᠯᠭᠠᠭᠠᠳ ᠭᠦᠷᠡᠩ ᠪᠤᠶᠤ ᠬᠠᠷ᠎ᠠ ᠭᠦᠷᠡᠩ ᠦᠡᠭᠭᠡ ᠲᠠᠢ ᠨᠡᠯᠢᠶᠡᠳ ᠲᠤᠮᠤ ᠭᠡᠯᠪᠡᠷᠢ ᠶᠢᠨ ᠬᠠᠳᠠᠮᠠᠯ ᠲᠤᠯᠪᠤ ᠪᠤᠯᠵᠤ ᠬᠤᠪᠢᠷᠠᠳᠠᠭ᠃ ᠭᠡᠮ ᠤᠨ ᠲᠤᠯᠪᠤ ᠨᠢ ᠮᠡᠳᠡᠭᠳᠡᠮ᠎ᠠ ᠭᠦᠪᠡᠭᠡ ᠦᠭᠡᠢ᠂ ᠲᠤᠠᠠᠳᠠᠮᠠᠯ ᠭᠡᠯᠪᠡᠷᠢ ᠲᠦᠷᠰᠤ ᠦᠭᠡᠢ᠂ ᠤᠯᠠᠩᠭᠢ ᠨᠢ ᠨᠠᠪᠴᠢᠨ ᠤ ᠰᠤᠳᠠᠰᠤ ᠶᠢ ᠲᠠᠭᠠᠠᠠᠰᠠᠨ ᠨᠡᠯᠢᠶᠡᠳ ᠦᠷᠭᠡᠨ ᠵᠤᠷᠪᠤᠰ ᠲᠤᠯᠪᠤ ᠪᠠᠶᠢᠵᠤ᠂ ᠵᠠᠷᠢᠮ ᠨᠢ ᠪᠠᠰᠠ ᠲᠠᠪᠢᠭᠦᠷ ᠤᠨ ᠭᠡᠯᠪᠡᠷᠢᠳᠤ ᠲᠤᠯᠪᠤ ᠪᠤᠶᠤ ᠲᠤᠭᠤᠷᠢᠭ ᠲᠤᠯᠪᠤ ᠲᠠᠢ ᠪᠠᠶᠢᠵᠤ᠂ ᠡᠭᠦᠨ ᠢᠶᠠᠷ ᠲᠠᠮᠵᠢᠨ ᠭᠡᠮ ᠲᠠᠢ ᠨᠠᠪᠴᠢ ᠨᠢ ᠬᠠᠳᠠᠵᠤ ᠬᠤᠮᠦ᠋ᠢᠵᠤ᠂ ᠶᠡᠭᠡ ᠪᠠᠷ ᠵᠤᠯᠭᠠᠷᠠᠨ ᠤᠨᠠᠳᠠᠭ ᠪᠠᠶᠢᠨ᠎ᠠ᠃

       ᠲᠠᠷᠬᠠᠴᠠ ᠨᠢ ᠭᠡᠪᠡᠯ ᠲᠠᠯᠠᠭᠡᠢ ᠲᠠᠶᠠᠭᠠᠷ ᠲᠦᠭᠡᠵᠤ ᠪᠠᠶᠢᠨ᠎ᠠ᠃

       ᠭᠡᠮ ᠤᠨ ᠤᠠᠴᠠᠯᠢᠭ᠄ ᠭᠡᠮ ᠤᠨ ᠭᠦᠨᠦᠭᠡᠯ ᠨᠢ ᠵᠠᠷᠢᠮ ᠦᠶ᠎ᠠ ᠳᠤ ᠪᠡᠯᠭᠡ ᠶᠢᠨ ᠤᠭᠤᠳᠠᠳᠤ ᠰᠫᠤᠷ ᠲᠤ ᠲᠦᠰᠢᠭᠯᠡᠨ ᠬᠠᠯᠳᠠᠪᠤᠷᠢᠯᠠᠵᠤ᠂ ᠬᠠᠪᠤᠷ ᠤᠨ ᠰᠡᠭᠦᠯᠴᠢ ᠪᠠᠷ ᠰᠫᠤᠷ ᠤᠨ ᠤᠭᠤᠳᠠᠳᠤ ᠲᠠᠪᠠᠭ ᠠᠴᠠ ᠦᠨᠳᠡᠭᠡᠨ ᠭᠡᠯᠪᠡᠷᠢ ᠲᠠᠢ᠂ ᠦᠡᠭᠭᠡ ᠦᠭᠡᠢ ᠰᠫᠤᠷ ᠭᠠᠷᠭᠠᠵᠤ᠂ ᠡᠨᠡ ᠨᠢ ᠰᠠᠯᠭᠢᠨ ᠢ ᠲᠠᠭᠠᠨ ᠬᠠᠯᠳᠠᠪᠤᠷᠢᠯᠠᠳᠠᠭ᠃ ᠪᠤᠰᠤᠳ ᠨᠠᠪᠴᠢᠨ ᠤ ᠭᠡᠮ ᠲᠠᠢ ᠡᠪᠡᠰᠤ ᠶᠢ ᠰᠢᠢᠳᠪᠤᠷᠢᠯᠡᠭᠦ ᠲᠠᠢ ᠠᠳᠠᠯᠢ ᠪᠠᠷ ᠨᠠᠪᠴᠢ ᠨᠢ ᠶᠡᠭᠡ ᠪᠠᠷ ᠵᠤᠯᠭᠠᠷᠠᠬᠤ ᠠᠴᠠ ᠨᠢ ᠡᠮᠦᠨ᠎ᠠ ᠬᠠᠳᠤᠬᠤ ᠪᠤᠶᠤ ᠮᠠᠯ ᠪᠠᠯᠴᠢᠭᠡᠷᠯᠡᠭᠦᠯᠪᠡᠯ᠂ ᠲᠠᠭᠢᠨ ᠤᠷᠭᠤᠬᠤ ᠡᠪᠡᠰᠤᠨ ᠤ ᠭᠡᠮᠳᠤᠬᠦ ᠨᠤᠷᠮ᠎ᠠ ᠶᠢ ᠪᠠᠭᠤᠷᠠᠭᠤᠯᠬᠤ ᠳᠤ ᠲᠤᠰᠠᠳᠠᠢ ᠶᠤᠮ᠃

        ︵6︶ ᠴᠠᠷᠭᠠᠰᠤ ᠶᠢᠨ ᠮᠦᠭᠦ ᠶᠢᠨ ᠪᠦᠭᠡᠮ ᠭᠡᠮ

        ᠭᠡᠮ ᠤᠨ ᠢᠯᠠᠷᠠᠯ᠄ ᠭᠤᠤᠯ ᠨᠢ ᠨᠠᠪᠴᠢᠨ ᠤ ᠭᠦᠪᠡᠭᠡ ᠠᠴᠠ ᠡᠭᠢᠯᠡᠨ ᠵᠢᠷᠤᠮᠵᠢᠯ ᠦᠭᠡᠢ ᠪᠠᠷ
ᠤᠰᠤᠳᠤᠵᠤ᠂ ᠠᠭᠠᠵᠢᠮ ᠢᠶᠠᠷ ᠲᠤᠭᠤᠷᠢᠭ ᠪᠤᠶᠤ ᠵᠢᠷᠤᠮᠵᠢᠯᠠᠯ ᠦᠭᠡᠢ ᠲᠤᠯᠪᠤ ᠪᠤᠯᠵᠤ᠂ ᠲᠤᠯᠪᠤ ᠶᠢᠨ ᠲᠤᠮᠳᠠ ᠨᠢ ᠴᠠᠶᠢᠪᠤᠷ ᠭᠦᠷᠡᠩ ᠪᠤᠶᠤ ᠬᠠᠷ᠎ᠠ ᠭᠦᠷᠡᠩ ᠦᠡᠭᠭᠡ ᠭᠠᠷᠴᠤ᠂ ᠦᠨᠳᠤᠰᠤ ᠡᠰᠢ ᠵᠢᠴᠢ ᠦᠨᠳᠤᠰᠤᠨ ᠰᠢᠰᠲ᠋ᠧᠮ ᠨᠢ ᠤᠰᠤᠳᠤᠵᠦ ᠢᠯᠵᠠᠷᠠᠵᠤ᠂ ᠦᠨᠳᠤᠰᠤ ᠡᠰᠢ ᠶᠢᠨ ᠭᠡᠮ ᠤᠨ ᠬᠤᠪᠢᠷᠠᠯ ᠤᠨ ᠭᠡᠰᠡᠭ ᠲᠤᠨᠢ 3~7cm ᠤᠨ ᠴᠠᠭᠠᠨ ᠦᠡᠭᠭᠡ ᠲᠠᠢ ᠤᠡᠭᠭᠠᠷᠢᠯᠯᠢᠬ ᠮᠦᠭᠦ ᠶᠢᠨ ᠰᠢᠷᠭᠡᠭ ᠤᠨ ᠴᠤᠠᠠᠴᠠ ᠲᠠᠢ ᠪᠤᠯᠳᠠᠭ᠃

      ᠭᠡᠮ ᠤᠨ ᠤᠨᠴᠠᠯᠢᠭ᠄ ᠮᠦᠭᠦ ᠶᠢᠨ ᠪᠦᠭᠡᠮ ᠤᠨ ᠭᠡᠮ ᠪᠤᠯ ᠤᠯᠠᠩᠭᠢ ᠳᠠᠭᠠᠨ ᠪᠦᠷᠭᠦᠭ ᠪᠤᠷᠤᠭᠠᠨ ᠦᠷᠭᠦᠯᠵᠢᠯᠡᠭᠰᠡᠨ ᠬᠠᠪᠤᠷ ᠡᠭᠦᠰᠴᠤ᠂ ᠭᠡᠮᠳᠤᠬᠦ ᠨᠢ ᠲᠦᠷᠭᠡᠨ᠂ ᠭᠦᠨᠦᠭᠡᠯ ᠨᠢ ᠶᠡᠭᠡ ᠪᠠᠶᠢᠳᠠᠭ᠃ ᠡᠨᠡ ᠭᠡᠮ ᠪᠤᠯ ᠦᠷ᠎ᠡ ᠪᠠᠷ ᠲᠠᠮᠵᠢᠨ ᠬᠠᠯᠳᠠᠪᠤᠷᠢᠯᠠᠳᠠᠭ ᠪᠤᠯᠬᠤᠷ ᠦᠷ᠎ᠡ ᠰᠤᠩᠭᠤᠬᠤ ᠪᠤᠭᠤᠮᠳᠠ ᠶᠢ ᠰᠠᠶᠢᠳᠤᠷ ᠠᠳᠬᠤᠬᠤ ᠨᠢ ᠲᠤᠰ ᠭᠡᠮ ᠢ ᠰᠡᠷᠭᠡᠶᠢᠯᠡᠨ ᠵᠠᠰᠠᠬᠤ ᠶᠢᠨ ᠵᠠᠩᠭᠢᠯᠠᠭ᠎ᠠ ᠪᠤᠯᠤᠨ᠎ᠠ᠃

       ︵7︶ ᠴᠠᠷᠭᠠᠰᠤ ᠶᠢᠨ ᠦᠨᠳᠤᠰᠤ ᠢᠯᠵᠡᠷᠡᠬᠤ ᠭᠡᠮ

       ᠭᠡᠮ ᠤᠨ ᠢᠯᠡᠷᠡᠯ᠄ ᠶᠠᠷᠤ ᠳᠡᠭᠡᠨ ᠡᠪᠤᠯᠵᠢᠭᠡᠳ ᠲᠠᠭᠢᠵᠤ ᠨᠤᠭᠤᠭᠠᠷᠬᠠᠰᠠᠨ ᠠᠴᠠ ᠬᠤᠶᠢᠰᠢ ᠦᠭᠦᠭᠰᠡᠨ ᠤᠷᠭᠤᠮᠠᠯ ᠪᠤᠶᠤ ᠬᠠᠭᠠᠰ ᠦᠭᠦᠭᠰᠡᠨ ᠤᠷᠭᠤᠮᠠᠯ ᠤᠨ ᠲᠡᠭᠡᠷ᠎ᠡ ᠠᠴᠠ ᠲᠤᠰ ᠭᠡᠮ ᠢ ᠤᠯᠵᠤ ᠬᠠᠷᠠᠳᠠᠭ᠃ ᠡᠪᠡᠳᠴᠢᠯᠡᠭᠦ ᠭᠡᠰᠡᠭ ᠨᠢ ᠤᠯᠠᠩᠭᠢ ᠳᠠᠭᠠᠨ ᠦᠨᠳᠤᠰᠤᠨ ᠭᠡᠰᠡᠭ ᠪᠠ ᠦᠨᠳᠤᠰᠤ ᠶᠢᠨ ᠭᠦᠵᠦᠭᠦᠨ ᠭᠡᠰᠡᠭ ᠲᠤ ᠢᠯᠡᠷᠡᠳᠡᠭ᠃ ᠭᠡᠮ ᠲᠠᠢ ᠡᠰᠢ ᠶᠢᠨ ᠰᠢᠨ᠎ᠠ ᠰᠠᠯᠠᠭ᠎ᠠ ᠨᠢ ᠪᠠᠭᠠᠰᠴᠤ᠂ ᠨᠠᠪᠴᠢ ᠨᠢ ᠵᠢᠵᠢᠭᠷᠡᠵᠤ᠂ ᠭᠡᠨᠡᠳᠳᠡ ᠦᠨᠳᠤᠰᠤᠨ ᠤ ᠲᠦᠪ ᠭᠡᠰᠡᠭ ᠨᠢ ᠢᠯᠵᠠᠷᠠᠭᠠᠳ ᠭᠦᠨᠳᠡᠢ ᠪᠤᠯᠳᠠᠭ᠃ ᠭᠡᠮ ᠲᠠᠢ ᠦᠨᠳᠤᠰᠤ ᠪᠤᠯᠤᠨ ᠦᠨᠳᠤᠰᠤᠨ ᠤ ᠭᠦᠵᠦᠭᠦᠨ ᠭᠡᠰᠡᠭ ᠲᠤ᠂ ᠵᠠᠷᠢᠮ ᠦᠶ᠎ᠠ ᠳᠤ ᠴᠠᠭᠠᠨ ᠦᠡᠭᠭᠡ ᠶᠢᠨ ᠭᠦᠭᠡᠴᠤ ᠢᠯᠠᠷᠠᠵᠤ᠂ ᠵᠤᠯᠭᠠᠭᠠᠵᠤ ᠠᠪᠬᠤ ᠳᠤ ᠠᠮᠠᠷᠬᠠᠨ ᠪᠠᠶᠢᠳᠠᠭ᠃ ᠲᠤᠰ ᠭᠡᠮ ᠪᠤᠯ ᠲᠤᠳᠤᠷᠭ᠎ᠠ ᠶᠢᠨ ᠴᠤᠬᠤᠷᠳᠤ ᠭᠡᠮ ᠤᠨ ᠮᠦᠭᠦ᠂ ᠬᠠᠳᠤᠭᠤᠷ ᠮᠦᠭᠦ ᠶᠢᠨ ᠲᠦᠷᠦᠯ ᠳᠤ ᠬᠠᠷᠢᠶᠠᠯᠬᠠᠳᠠᠨ᠎ᠠ᠃

       ᠰᠡᠷᠭᠡᠶᠢᠯᠡᠨ ᠵᠠᠰᠠᠬᠤ ᠠᠷᠭ᠎ᠠ ᠨᠢ 3% ᠶᠢᠨ ᠭᠤᠸᠠᠩ ᠺᠦ᠋ ᠯᠢᠩ ︵广枯灵︶ ᠤᠰᠤᠨ ᠡᠮ ᠢ ᠭᠡᠷᠡᠭᠯᠡᠨ᠎ᠠ᠃

      ︵8︶ ᠡᠰᠢ ᠬᠠᠷᠠᠯᠠᠬᠤ ᠭᠡᠮ

       ᠭᠡᠮ ᠤᠨ ᠢᠯᠠᠷᠠᠯ᠄ ᠲᠤᠰ ᠭᠡᠮ ᠪᠤᠯ ᠡᠰᠢᠨ ᠤ ᠭᠡᠰᠡᠭ ᠲᠤ ᠮᠠᠰᠢ ᠢᠯᠡᠷᠭᠡᠢ ᠪᠠᠶᠢᠵᠤ᠂ ᠶᠠᠷᠦᠩᠭᠡᠢ ᠳᠡᠭᠡᠨ ᠤᠷᠳᠤᠯᠵᠢᠨ ᠪᠤᠶᠤ ᠵᠢᠷᠤᠮᠵᠢᠯ ᠦᠭᠡᠢ ᠭᠡᠯᠪᠡᠷᠢ ᠪᠦᠭᠦᠢ ᠲᠤᠯᠪᠤᠷᠠᠵᠤ᠂ ᠭᠦᠪᠡᠭᠡ ᠨᠢ ᠲᠤᠳᠤᠷᠬᠠᠢ᠂ ᠭᠦᠨ ᠭᠦᠷᠡᠩ᠂ ᠬᠠᠷ᠎ᠠ ᠦᠡᠭᠭᠡ ᠲᠠᠢ᠂ ᠰᠡᠭᠦᠯ ᠤᠨ ᠦᠶ᠎ᠠ ᠳᠤ ᠲᠤᠯᠪᠤ ᠶᠢᠨ ᠲᠤᠮᠳᠡᠭᠢ ᠨᠢ ᠴᠠᠶᠢᠪᠤᠷ ᠪᠤᠯᠵᠤ᠂ ᠴᠠᠶᠢᠪᠤᠷ ᠪᠤᠶᠤ ᠴᠠᠭᠠᠨ ᠦᠡᠭᠭᠡ ᠲᠠᠢ ᠪᠤᠯᠵᠤ ᠬᠤᠪᠢᠷᠠᠳᠠᠭ᠃ ᠵᠠᠷᠢᠮ ᠦᠶ᠎ᠠ ᠳᠤ ᠲᠤᠯᠪᠤ ᠶᠢᠨ ᠲᠤᠮᠳᠠ ᠭᠡᠰᠡᠭ ᠲᠤ ᠵᠢᠵᠢᠭ ᠬᠠᠷ᠎ᠠ ᠴᠡᠭ ᠭᠠᠷᠴᠤ᠂ ᠲᠤᠬᠠᠶᠢᠯᠠᠪᠠᠯ ᠭᠡᠮ ᠡᠭᠦᠰᠭᠡᠭᠴᠢ ᠪᠠᠺᠲ᠋ᠧᠷᠢ ᠶᠢᠨ ᠰᠠᠯᠠᠭᠠᠯᠠᠬᠤ ᠰᠫᠤᠷ ᠤᠨ ᠰᠠᠪᠠ ᠪᠤᠯᠵᠤ᠂ ᠨᠠᠪᠴᠢᠨ ᠤ ᠪᠠᠷᠢᠭᠤᠯ ᠨᠢ ᠴᠤ ᠭᠦᠷᠡᠩ ᠪᠤᠶᠤ ᠬᠠᠷ᠎ᠠ ᠦᠡᠭᠭᠡ ᠶᠢᠨ ᠲᠤᠯᠪᠤ ᠲᠠᠢ ᠪᠤᠯᠵᠤ᠂ ᠨᠠᠪᠴᠢᠨ ᠲᠡᠭᠡᠷ᠎ᠠ ᠨᠢ ᠶᠡᠭᠡ ᠭᠡᠮᠵᠢᠶᠠᠨ ᠤ ᠰᠠᠯᠠᠭᠠᠯᠠᠬᠤ ᠰᠫᠤᠷ ᠤᠨ ᠰᠠᠪᠠ ᠪᠤᠢ ᠪᠤᠯᠳᠠᠭ᠃ ᠬᠤᠸᠠᠷ ᠨᠢ ᠭᠡᠮᠳᠦᠭᠰᠡᠨ ᠤ ᠰᠡᠭᠦᠯᠡᠷ ᠬᠠᠷ᠎ᠠ ᠭᠦᠷᠡᠩ ᠦᠡᠭᠭᠡ ᠶᠢᠨ ᠲᠤᠯᠪᠤᠨ ᠭᠡᠰᠡᠭ ᠲᠠᠢ ᠪᠤᠯᠵᠤ᠂ ᠭᠦᠨᠳᠦᠷᠡᠭᠦ ᠦᠶᠡᠰ ᠬᠤᠸᠠᠷ ᠴᠡᠴᠡᠭ ᠨᠢ ᠬᠠᠳᠠᠵᠤ ᠦᠭᠦᠳᠡᠭ᠃

      ᠭᠡᠮ ᠤᠨ ᠤᠨᠴᠠᠯᠢᠭ᠄ ᠲᠤᠰ ᠭᠡᠮ ᠪᠤᠯ ᠦᠷ᠎ᠡ ᠪᠠᠷ ᠲᠠᠮᠵᠢᠨ ᠬᠠᠯᠳᠠᠪᠤᠷᠢᠯᠠᠳᠠᠭ᠃ ᠭᠡᠮ ᠤᠨ ᠪᠠᠺᠲ᠋ᠧᠷᠢ ᠨᠢ ᠲᠠᠷᠢᠶᠠᠨ ᠲᠤᠮᠳᠠ ᠢᠴᠡᠭᠡᠯᠡᠭᠰᠡᠨ ᠮᠦᠭᠦ ᠶᠢᠨ ᠰᠢᠷᠭᠡᠭᠳᠤ ᠪᠡᠶ᠎ᠠ ᠪᠤᠶᠤ ᠰᠠᠯᠠᠭᠠᠯᠠᠬᠤ ᠰᠫᠤᠷ ᠤᠨ ᠰᠠᠪᠠ ᠶᠢᠨ ᠭᠡᠯᠪᠡᠷᠢ ᠪᠠᠷ ᠵᠡᠷᠡᠮᠳᠡᠭ ᠪᠡᠶ᠎ᠡ ᠲᠡᠭᠡᠷ᠎ᠡ ᠡᠪᠤᠯᠵᠢᠳᠡᠭ᠃ ᠤᠰᠤᠯᠠᠯᠳᠠ ᠪᠠ ᠪᠤᠷᠤᠭᠠᠨ ᠤ ᠤᠰᠤ ᠪᠠᠷ ᠴᠤ ᠲᠠᠮᠵᠢᠨ ᠬᠠᠯᠳᠠᠪᠤᠷᠢᠯᠠᠳᠠᠭ ᠪᠠᠶᠢᠨ᠎ᠠ᠃

      ᠰᠠᠷᠭᠡᠶᠢᠯᠡᠨ ᠵᠠᠰᠠᠬᠤ ᠠᠷᠭ᠎ᠠ ᠭᠡᠪᠡᠯ ᠤᠷᠢᠳᠴᠢᠯᠠᠨ ᠬᠠᠳᠤᠬᠤ ᠪᠤᠯ ᠲᠤᠰ ᠭᠡᠮ ᠢ ᠰᠡᠷᠭᠡᠶᠢᠯᠡᠨ ᠵᠠᠰᠠᠬᠤ ᠶᠢᠨ ᠪᠦᠳᠦᠮᠵᠢᠳᠡᠢ ᠠᠷᠭ᠎ᠠ ᠵᠠᠮ ᠪᠤᠯᠤᠨ᠎ᠠ᠃

       ︵9︶ ᠭᠦᠭᠡᠴᠤᠳᠤ ᠨᠠᠪᠴᠢ ᠲᠤᠯᠪᠤᠰᠢᠷᠠᠬᠤ ᠭᠡᠮ

      ᠭᠡᠮ ᠤᠨ ᠢᠯᠠᠷᠠᠯ᠄ ᠨᠠᠪᠴᠢ ᠨᠢ ᠶᠡᠭᠡ ᠭᠡᠮᠵᠢᠶ᠎ᠠ ᠪᠠᠷ ᠵᠤᠯᠭᠠᠷᠠᠨ ᠤᠨᠠᠨ᠎ᠠ᠃ ᠨᠠᠪᠴᠢᠨ ᠤ ᠪᠠᠷᠢᠭᠤᠯ᠂ ᠡᠰᠢ᠂ ᠪᠠᠭ ᠴᠡᠴᠡᠭ ᠪᠤᠯᠤᠨ ᠪᠤᠭᠤᠷᠴᠠᠭ ᠤᠨ ᠭᠡᠰᠡᠭ ᠨᠢ ᠴᠦᠮ ᠨᠡᠷᠪᠡᠭᠳᠡᠳᠡᠭ᠃ ᠨᠠᠪᠴᠢᠨ ᠤ ᠭᠡᠰᠡᠭ ᠤᠨ ᠭᠡᠮ ᠤᠨ ᠲᠤᠯᠪᠤ ᠨᠢ ᠵᠤᠤᠪᠠᠩ ᠭᠡᠯᠪᠡᠷᠢ ᠲᠠᠢ᠂ ᠪᠠᠬ᠎ᠠ ᠰᠢᠭᠢᠳᠴᠤ᠂ ᠭᠦᠷᠡᠩ ᠦᠡᠭᠭᠡ ᠲᠠᠢ᠂ ᠲᠦᠪ ᠭᠡᠰᠡᠭ ᠤᠨ ᠦᠡᠭᠭᠡ ᠨᠢ ᠪᠠᠭ᠋ᠠᠨ ᠴᠠᠶᠢᠪᠤᠷ᠂ ᠭᠦᠪᠡᠭᠡ ᠨᠢ ᠲᠤᠳᠤᠷᠬᠠᠢ ᠦᠭᠡᠢ ᠪᠠᠶᠢᠳᠠᠭ᠃ ᠨᠡᠯᠢᠶᠡᠳ ᠠᠷᠬᠠᠭ ᠲᠤᠯᠪᠤ ᠨᠢ ᠴᠠᠭᠠᠷᠢᠭ ᠠᠷ ᠤᠨ ᠭᠡᠯᠪᠡᠷᠢ ᠲᠠᠢ᠃ ᠭᠡᠯᠪᠡᠷᠢ ᠨᠢ ᠵᠢᠷᠤᠮᠵᠢᠯ ᠦᠭᠡᠢ ᠪᠠᠶᠢᠳᠠᠭ᠃ ᠤᠷᠭᠤᠯᠳᠠ ᠶᠢᠨ ᠡᠭᠢᠨ ᠤ ᠬᠤᠭᠤᠴᠠᠭᠠᠨ ᠳᠤ ᠭᠡᠮ ᠲᠠᠢ ᠭᠡᠰᠡᠭ ᠨᠢ ᠰᠢᠷᠭᠠᠯ ᠦᠡᠭᠭᠡ ᠲᠠᠢ ᠪᠠᠶᠢᠵᠤ᠂ ᠲᠡᠭᠦᠨ ᠤ ᠲᠡᠭᠡᠷ᠎ᠡ ᠮᠠᠰᠢ ᠤᠯᠠᠨ ᠬᠠᠭᠤᠷᠮᠠᠭ ᠰᠫᠤᠷ ᠤᠨ ᠤᠭᠤᠳᠠ ᠲᠠᠢ ᠪᠠᠶᠢᠵᠤ᠂ ᠵᠤᠨ ᠤ ᠡᠭᠢᠨ ᠠᠴᠠ ᠬᠤᠶᠢᠰᠢ ᠭᠡᠵᠢᠶᠡᠳᠡ ᠬᠠᠷ᠎ᠠ ᠦᠡᠭᠭᠡ ᠶᠢᠨ ᠭᠦᠭᠡᠴᠤ ᠡᠳ᠋ ᠪᠤᠯᠳᠠᠭ᠃ ᠭᠡᠮ ᠲᠠᠢ ᠨᠠᠪᠴᠢ ᠨᠢ ᠡᠭᠢᠨ ᠳᠡᠭᠡᠨ ᠦᠡᠭᠭᠡ ᠨᠢ ᠤᠨᠠᠵᠤ᠂ ᠦᠨᠡᠰᠤᠨ ᠦᠡᠭᠭᠡ ᠲᠠᠢ ᠪᠤᠯᠵᠤ᠂ ᠵᠠᠯᠭᠠᠭᠠᠳ ᠵᠤᠯᠭᠠᠷᠠᠵᠤ ᠦᠭᠦᠳᠡᠭ᠃ ᠡᠰᠢ ᠪᠤᠯᠤᠨ ᠨᠠᠪᠴᠢᠨ ᠤ ᠪᠠᠷᠢᠭᠤᠯ ᠤᠨ ᠭᠡᠮ ᠤᠨ ᠲᠤᠯᠪᠤ ᠨᠢ ᠵᠤᠨ ᠤ ᠡᠭᠢᠨ ᠳᠤ ᠢᠯᠡᠷᠡᠵᠤ᠂ ᠬᠠᠷ᠎ᠠ ᠦᠡᠭᠭᠡ ᠶᠢᠨ ᠤᠳᠠᠰᠤᠯᠢᠭ ᠭᠡᠯᠪᠡᠷᠢ ᠲᠠᠢ ᠪᠠᠶᠢᠵᠤ᠂ ᠴᠢᠭᠢᠭ ᠨᠦᠢᠳᠡᠨ ᠤᠯᠠᠷᠢᠯ ᠳᠤ ᠲᠤᠯᠪᠤ ᠨᠢ ᠶᠡᠭᠡᠳᠴᠤ᠂ ᠡᠰᠢ ᠨᠢ ᠨᠢᠴᠦᠭᠦᠷᠡᠵᠤ᠂ ᠦᠭᠦᠵᠤ ᠰᠦᠢᠳᠳᠡᠭ᠃

      ᠭᠡᠮ ᠤᠨ ᠤᠨᠴᠠᠯᠢᠭ᠄ ᠲᠤᠯᠠᠭᠠᠨ ᠴᠢᠭᠢᠭᠯᠢᠭ ᠨᠠᠮᠤᠷ ᠵᠤᠨ ᠤ ᠤᠯᠠᠷᠢᠯ ᠳᠤ ᠭᠡᠵᠢᠶᠡᠳᠡ ᠭᠦᠨᠳᠤ ᠨᠤᠴᠢᠳᠡᠢ ᠬᠤᠭᠢᠷᠠᠯ ᠤᠴᠠᠷᠠᠭᠤᠯᠳᠠᠭ᠃ ᠤᠷᠭᠤᠯᠳᠠ ᠶᠢᠨ ᠰᠡᠭᠦᠯᠴᠢ ᠶᠢᠨ ᠬᠤᠭᠤᠴᠠᠭᠠᠨ ᠳᠤ ᠭᠡᠮ ᠡᠭᠦᠰᠭᠡᠭᠴᠢ ᠪᠠᠺᠲ᠋ᠧᠷᠢ ᠨᠢ ᠪᠠᠭ ᠴᠡᠴᠡᠭ ᠵᠢᠴᠢ ᠦᠷ᠎ᠡ ᠳᠤ ᠬᠠᠯᠳᠠᠪᠤᠷᠢᠯᠠᠵᠤ᠂ ᠨᠡᠶᠢᠳᠡᠯᠢᠭ ᠪᠤᠭᠤᠷᠴᠠᠭ ᠤᠨ ᠬᠠᠯᠳᠠᠪᠤᠷᠢᠯᠠᠯ ᠨᠢ ᠪᠤᠭᠤᠷᠴᠠᠭ ᠢ ᠰᠤᠨᠢᠨ ᠭᠡᠯᠪᠡᠷᠢ ᠲᠠᠢ ᠪᠤᠯᠭᠠᠳᠠᠭ᠃ ᠬᠠᠯᠳᠠᠪᠤᠷᠢᠯᠬᠠᠳ᠋ᠬᠠᠰᠠᠨ ᠦᠷ᠎ᠡ ᠨᠢ ᠵᠠᠷᠢᠮ ᠳᠠᠭᠠᠨ ᠪᠠᠰᠠ ᠠᠪᠴᠢᠵᠤ ᠦᠷᠴᠶᠢᠨ ᠬᠠᠷ᠎ᠠ ᠦᠡᠭᠭᠡ ᠲᠠᠢ ᠪᠤᠯᠳᠠᠭ ᠪᠤᠯᠪᠠᠴᠤ ᠤᠯᠠᠩᠭᠢ ᠶᠢᠨ ᠭᠢᠨᠢ ᠭᠠᠳᠠᠷ ᠪᠠᠶᠢᠳᠠᠯ ᠨᠢ ᠲᠤᠳᠤ ᠦᠭᠡᠢ ᠪᠠᠶᠢᠳᠠᠭ᠃
      ᠭᠡᠮ ᠤᠨ ᠭᠦᠨᠦᠭᠡᠯ ᠲᠠᠢ ᠲᠠᠷᠢᠶᠠᠨ ᠭᠠᠵᠠᠷ ᠤᠨ ᠭᠤᠤᠯ ᠨᠢ ᠰᠠᠯᠭᠢ ᠪᠤᠷᠤᠭᠠᠨ ᠢᠶᠠᠷ ᠬᠠᠯᠳᠠᠪᠤᠷᠢᠯᠠᠵᠤ᠂ ᠵᠢᠩᠭᠢᠨᠢ ᠮᠦᠭᠦ ᠲᠠᠢ ᠦᠷ᠎ᠡ ᠪᠤᠯ ᠭᠡᠮ ᠤᠨ ᠭᠦᠨᠦᠭᠡᠯ ᠬᠤᠯᠠ ᠠᠴᠠ ᠬᠠᠯᠳᠠᠪᠤᠷᠢᠯᠠᠳᠠᠭ ᠤᠨ ᠭᠤᠤᠯ ᠭᠡᠯᠪᠡᠷᠢ ᠪᠤᠯᠤᠨ᠎ᠠ᠃

      ᠰᠡᠷᠭᠡᠶᠢᠯᠡᠨ ᠵᠠᠰᠠᠬᠤ ᠠᠷᠭ᠎ᠠ᠄ ᠭᠡᠮ ᠢ ᠲᠠᠷᠤᠬᠤ ᠰᠤᠷᠲ ᠢ ᠰᠤᠩᠭᠤᠬᠤ ᠶᠢᠨ ᠬᠠᠮᠳᠤ ᠭᠡᠮ ᠲᠠᠢ ᠤᠷᠭᠤᠮᠠᠯ ᠢᠶᠠᠨ ᠲᠠᠷᠦ᠋ᠢᠬᠠᠨ ᠬᠠᠳᠤᠬᠤ ᠭᠡᠷᠡᠭᠳᠡᠢ᠃

       ︵10︶ ᠴᠠᠷᠭᠠᠰᠤ ᠶᠢᠨ ᠴᠠᠭᠠᠨ ᠲᠤᠭᠤᠰᠤᠳᠤ ᠭᠡᠮ

       ᠭᠡᠮ ᠤᠨ ᠢᠯᠠᠷᠠᠯ᠄ ᠭᠡᠮ ᠲᠠᠢ ᠤᠷᠭᠤᠮᠠᠯ ᠤᠨ ᠨᠠᠪᠴᠢᠨ ᠤ ᠬᠤᠶᠠᠷ ᠲᠠᠯ᠎ᠠ᠂ ᠡᠰᠢ ᠶᠢᠨ ᠭᠡᠰᠡᠭ᠂ ᠨᠠᠪᠴᠢᠨ ᠤ ᠪᠠᠷᠢᠭᠤᠯ ᠪᠤᠯᠤᠨ ᠪᠤᠭᠤᠷᠴᠠᠭ ᠤᠨ ᠲᠡᠭᠡᠷ᠎ᠡ ᠴᠠᠭᠠᠨ ᠲᠤᠭᠤᠰᠤᠨ ᠮᠠᠨᠠᠨ ᠲᠠᠪᠬᠤᠷᠭ᠎ᠠ ᠰᠠᠭᠤᠵᠤ᠂ ᠠᠭᠠᠯᠵᠢ ᠶᠢᠨ ᠲᠤᠤᠷ ᠰᠢᠬ ᠪᠠᠶᠢᠳᠠᠭ᠃ ᠠᠩᠬ᠎ᠠ ᠢᠯᠡᠷᠡᠭᠦ ᠳᠡᠭᠡᠨ ᠵᠢᠵᠢᠭ ᠲᠤᠭᠤᠷᠢᠭ ᠭᠡᠯᠪᠡᠷᠢ ᠲᠠᠢ ᠪᠠᠶᠢᠵᠤ᠂ ᠭᠡᠮ ᠨᠢ ᠭᠦᠨᠳᠦᠷᠡᠭᠦ ᠶᠢ ᠲᠠᠭᠠᠯᠳᠤᠨ ᠠᠭᠠᠵᠢᠮ ᠢᠶᠠᠷ ᠪᠦᠭᠦ ᠨᠠᠪᠴᠢ ᠶᠢ ᠪᠦᠷᠭᠦᠵᠤ᠂ ᠰᠡᠭᠦᠯ ᠤᠨ ᠦᠶ᠎ᠠ ᠳᠡᠭᠡᠨ ᠰᠠᠯᠠᠭᠠᠯᠠᠬᠤ ᠰᠫᠤᠷ ᠢᠯᠡᠷᠡᠵᠤ᠂ ᠭᠡᠮ ᠤᠨ ᠲᠤᠯᠪᠤ ᠨᠢ ᠴᠠᠭᠠᠨ ᠲᠤᠭᠤᠰᠤᠨ ᠭᠡᠯᠪᠡᠷᠢ ᠲᠠᠢ ᠪᠤᠯᠵᠤ᠂ ᠰᠡᠭᠦᠯ ᠤᠨ ᠬᠤᠭᠤᠴᠠᠭ᠎ᠠ ᠪᠤᠯᠬᠤ ᠳᠤ ᠭᠦᠭᠡᠴᠤ ᠶᠢᠨ ᠲᠠᠪᠬᠤᠷᠭ᠎ᠠ ᠨᠢ ᠬᠦᠢᠬᠡᠨ ᠭᠦᠷᠡᠩ ᠪᠤᠶᠤ ᠦᠨᠡᠰᠤᠨ ᠦᠡᠭᠭᠡ ᠲᠠᠢ ᠪᠤᠯᠬᠤ ᠶᠢᠨ ᠲᠠᠭᠠᠤ ᠤᠯᠠᠪᠤᠷ ᠰᠢᠷ᠎ᠠ ᠪᠤᠶᠤ ᠬᠠᠷ᠎ᠠ ᠦᠡᠭᠭᠡ ᠶᠢᠨ ᠵᠢᠵᠢᠭ ᠲᠤᠰᠤᠯ ᠪᠤᠢ ᠪᠤᠯᠵᠤ᠂ ᠭᠡᠮ ᠡᠭᠦᠰᠭᠡᠭᠴᠢ ᠪᠠᠺᠲ᠋ᠧᠷᠢ ᠶᠢᠨ ᠪᠢᠳᠡᠭᠦᠤ ᠰᠫᠤᠷ ᠤᠨ ᠤᠭᠤᠳᠠᠳᠤ ᠪᠡᠶ᠎ᠠ ᠪᠤᠯᠳᠠᠭ᠃

      ᠲᠠᠷᠬᠠᠯᠳᠠ ᠶᠢᠨ ᠤᠷᠤᠨ ᠨᠢ ᠪᠤᠯ ᠦᠪᠤᠷ ᠮᠤᠩᠭᠤᠯ᠂ ᠭᠢᠷᠢᠨ ᠵᠡᠷᠭᠡ ᠭᠠᠵᠠᠷ ᠤᠷᠤᠨ ᠳᠤ ᠦᠷᠭᠦᠯᠵᠢ ᠲᠡᠯᠭᠡᠷᠡᠳᠡᠭ᠃

       ᠭᠡᠮ ᠤᠨ ᠤᠨᠴᠠᠯᠢᠭ᠄ ᠨᠠᠷᠠᠨ ᠤ ᠭᠡᠷᠡᠯ ᠭᠦᠢᠴᠡᠳ᠂ ᠭᠦᠷᠦᠰᠤ ᠰᠢᠷᠤᠢ ᠭᠠᠨᠭ᠍ᠳᠠᠮᠠᠯ᠂ ᠡᠳᠤᠷ ᠰᠦᠨᠢ ᠶᠢᠨ ᠲᠤᠯᠠᠭᠠᠨ ᠤ ᠵᠦᠷᠢᠶ᠎ᠠ ᠶᠡᠭᠡ᠂ ᠰᠠᠯᠭᠢ ᠤᠯᠠᠠᠳᠠᠢ ᠵᠡᠷᠭᠡ ᠨᠦᠭᠦᠴᠡᠯ ᠲᠤᠤᠷ᠎ᠠ ᠠᠮᠠᠷᠬᠠᠨ ᠡᠭᠦᠰᠳᠡᠭ᠃

      ᠲᠤᠰ ᠭᠡᠮ ᠨᠢ ᠪᠢᠳᠡᠭᠦᠤ ᠰᠫᠤᠷ ᠤᠨ ᠤᠭᠤᠳᠠᠳᠤ ᠪᠠᠶ᠎ᠠ ᠪᠤᠶᠤ ᠢᠴᠡᠭᠡᠯᠡᠭᠰᠡᠨ ᠮᠦᠭᠦ ᠶᠢᠨ ᠰᠢᠷᠭᠡᠭ ᠤᠨ ᠭᠡᠮᠳᠦᠭᠰᠡᠨ ᠵᠡᠷᠡᠮᠳᠡᠭ ᠪᠠᠶ᠎ᠠ ᠶᠢ ᠲᠦᠰᠢᠭᠯᠡᠨ ᠡᠪᠤᠯᠵᠢᠵᠤ᠂ ᠲᠠᠷᠠᠭ᠎ᠠ ᠵᠢᠯ ᠤᠨ ᠭᠢᠨᠢ ᠬᠠᠪᠤᠷ ᠰᠠᠯᠠᠭᠠᠯᠠᠬᠤ ᠰᠫᠤᠷ ᠪᠤᠶᠤ ᠤᠭᠤᠳᠠᠳᠤ ᠰᠫᠤᠷ ᠢᠶᠠᠷ ᠬᠠᠯᠳᠠᠪᠤᠷᠢᠯᠠᠳᠠᠭ᠃

       ︵11︶ ᠪᠤᠳᠤᠷᠠᠬᠤ ᠭᠡᠮ

       ᠲᠤᠰ ᠭᠡᠮ ᠪᠤᠯ ᠹᠢᠽᠢᠤᠯᠦᠭᠢ ᠶᠢᠨ ᠴᠢᠨᠠᠷ ᠲᠠᠢ ᠭᠡᠮ ᠤᠨ ᠭᠦᠨᠦᠭᠡᠯ ᠳᠤ ᠬᠠᠷᠢᠶᠠᠯᠬᠠᠳᠠᠨ᠎ᠠ᠃

       ᠭᠡᠮ ᠤᠨ ᠢᠯᠠᠷᠠᠯ᠄ ᠭᠦᠷᠤᠰᠤᠨ ᠤ ᠭᠠᠳᠠᠷᠭᠤ ᠳᠠᠬᠢ ᠡᠰᠢᠨ ᠲᠡᠭᠡᠷ᠎ᠡ ᠲᠤᠮᠤ ᠪᠤᠶᠤ ᠰᠢᠭᠢᠳᠦᠭᠰᠡᠨ ᠭᠡᠮ ᠲᠠᠢ ᠲᠤᠯᠪᠤ ᠭᠠᠷᠴᠤ᠂ ᠰᠡᠭᠦᠯ ᠳᠡᠭᠡᠨ ᠨᠢᠭᠡ ᠪᠤᠶᠤ ᠤᠯᠠᠨ ᠰᠠᠯᠠᠭ᠎ᠠ ᠮᠦᠴᠢᠷ ᠨᠢ ᠨᠢᠴᠦᠭᠦᠷᠡᠨ ᠦᠭᠦᠳᠡᠭ᠃ ᠵᠤᠨ ᠪᠤᠶᠤ ᠨᠠᠮᠤᠷ᠂ ᠭᠦᠨ ᠨᠤᠭᠤᠭᠠᠨ ᠮᠦᠴᠢᠷ ᠤᠨ ᠬᠤᠭᠤᠷᠤᠨᠳᠤ ᠡᠪᠡᠰᠤᠨ ᠦᠡᠭᠭᠡ ᠪᠤᠶᠤ ᠴᠠᠶᠢᠪᠤᠷ ᠦᠡᠭᠭᠡ ᠲᠠᠢ ᠦᠭᠦᠯ ᠤᠨ ᠨᠡᠭᠡᠳᠡᠰᠤ ᠤᠷᠤᠰᠢᠵᠤ ᠪᠠᠶᠢᠳᠠᠭ᠃ ᠲᠤᠰ ᠭᠡᠮ ᠤᠨ ᠦᠨᠳᠤᠰᠤ ᠡᠰᠢ ᠶᠢᠨ ᠢᠯᠵᠠᠷᠠᠬᠤ ᠱᠠᠳᠤᠨ ᠤ ᠤᠨᠴᠠᠯᠢᠭ ᠨᠢ ᠪᠤᠯ ᠭᠡᠮᠳᠤᠭ᠍ᠰᠡᠨ ᠨᠡᠭᠡᠳᠡᠰᠤ ᠨᠢ ᠬᠠᠷ᠎ᠠ ᠪᠤᠶᠤ ᠭᠦᠭᠡ ᠲᠤᠯᠪᠤ ᠲᠠᠢ ᠪᠤᠯᠳᠠᠭ᠃

      ᠭᠡᠮ ᠤᠨ ᠪᠠᠶᠢᠳᠠᠯ᠄ ᠵᠤᠩᠭᠢᠯᠠᠬᠤ ᠤᠯᠠᠨ ᠤᠷᠭᠤᠮᠠᠯ ᠪᠤᠯ ᠭᠡᠮ ᠤᠨ ᠰᠢᠨᠵᠢ ᠦᠭᠡᠢ᠂ ᠭᠡᠮ ᠬᠤᠷᠤᠬᠠᠢ ᠶᠢᠨ ᠰᠢᠨᠵᠢ ᠢᠯᠡᠷᠡᠭᠦ ᠦᠶᠡᠰ᠂ ᠭᠦᠡᠭᠭᠡᠨ ᠨᠢ ᠨᠠᠪᠴᠢᠨ ᠤ ᠭᠡᠰᠡᠭ ᠲᠤᠯᠪᠤᠰᠢᠷᠠᠬᠤ ᠪᠠ ᠰᠤᠳᠠᠰᠤ ᠶᠢᠨ ᠨᠡᠭᠡᠳᠡᠰᠤ ᠶᠢᠨ ᠦᠡᠭᠭᠡ ᠨᠢ ᠤᠨᠠᠵᠤ᠂ ᠵᠠᠷᠢᠮ ᠦᠶ᠎ᠠ ᠳᠤ ᠦᠭᠦᠳᠡᠭ᠃ ᠰᠢᠨ᠎ᠠ ᠪᠠᠷ ᠨᠠᠭᠢᠶᠠᠯᠠᠬᠤ ᠨᠠᠪᠴᠢ ᠨᠢ ᠵᠢᠵᠢᠭᠷᠡᠵᠤ᠂ ᠠᠪᠴᠢᠨ ᠦᠷᠴᠶᠢᠭᠦ ᠪᠠ ᠵᠠᠷᠡᠮᠳᠡᠭ ᠪᠤᠯᠳᠠᠭ᠃ ᠵᠠᠷᠢᠮ ᠤᠷᠭᠤᠮᠠᠯ ᠨᠢ ᠤᠳᠦ᠋ᠢᠵᠤ ᠦᠭᠦᠳᠡᠭ᠃

      ᠭᠡᠮ ᠤᠨ ᠤᠨᠴᠠᠯᠢᠭ᠄ ᠭᠤᠤᠯ ᠨᠢ ᠴᠠᠷᠭᠠᠰᠤ ᠶᠢᠨ ᠨᠠᠪᠴᠢᠨ ᠤ ᠭᠡᠮ ᠪᠤᠯᠤᠨ᠎ᠠ᠃ ᠪᠦᠭᠦ ᠲᠡᠯᠡᠭᠡᠢ ᠶᠢᠨ ᠴᠠᠷᠭᠠᠰᠤ ᠲᠠᠷᠢᠵᠤ ᠪᠦᠭᠦᠢ ᠭᠠᠵᠠᠷ ᠤᠷᠤᠨ ᠳᠤ ᠴᠦᠮ ᠢᠯᠡᠷᠡᠳᠡᠭ ᠪᠦᠭᠡᠳ ᠴᠠᠷᠭᠠᠰᠤ ᠶᠢᠨ ᠡᠪᠡᠰᠤᠨ ᠳᠤ ᠲᠡᠯᠭᠡᠷᠡᠳᠡᠭ᠃ ᠲᠤᠰ ᠭᠡᠮ ᠤᠨ ᠬᠤᠤᠷ ᠨᠢ ᠮᠧᠬᠠᠨᠢᠭ ᠪᠤᠶᠤ ᠪᠠᠭᠠᠷᠠᠩ ᠬᠤᠷᠤᠬᠠᠢ ᠪᠠᠷ ᠬᠠᠯᠳᠠᠪᠤᠷᠢᠯᠠᠳᠠᠭ ᠪᠠ ᠦᠷ᠎ᠡ ᠪᠠᠷ ᠴᠤ ᠬᠠᠯᠳᠠᠪᠤᠷᠢᠯᠠᠳᠠᠭ᠃

      ︵12︶ ᠤᠳᠠᠰᠤᠯᠢᠭ ᠬᠤᠷᠤᠬᠠᠢ ᠠᠴᠠ ᠡᠭᠦᠰᠭᠦ ᠭᠡᠮ ᠤᠨ ᠭᠦᠨᠦᠭᠡᠯ

      ᠭᠡᠮ ᠤᠨ ᠢᠯᠠᠷᠠᠯ᠄ ᠡᠰᠢᠨ ᠤ ᠤᠳᠠᠰᠤᠯᠢᠭ ᠬᠤᠷᠤᠬᠠᠢ ᠪᠤᠯ ᠴᠢᠬᠤᠯᠠ ᠤᠳᠠᠰᠤᠯᠢᠭ ᠬᠤᠷᠤᠬᠠᠢ ᠶᠢᠨ ᠨᠢᠭᠡ ᠨᠢ ᠪᠤᠯᠤᠨ᠎ᠠ᠃ ᠭᠤᠤᠯ ᠨᠢ ᠦᠨᠳᠤᠰᠤ ᠰᠠᠴᠤᠭ ᠲᠠᠢ ᠰᠠᠯᠠᠭ᠎ᠠ ᠮᠦᠴᠢᠷ ᠤᠨ ᠤᠭ ᠲᠤ ᠢᠳᠡᠰᠢᠯᠡᠳᠡᠭ ᠪᠠ ᠦᠷᠡᠵᠢᠵᠤ᠂ ᠡᠪᠡᠳᠴᠢᠯᠡᠭᠰᠡᠨ ᠤᠷᠭᠤᠮᠠᠯ ᠤᠨ ᠦᠨᠳᠤᠰᠤ ᠨᠠᠭᠢᠶ᠎ᠠ ᠨᠢ ᠲᠤᠮᠤᠷᠠᠵᠤ᠂ ᠴᠠᠶᠢᠷᠠᠵᠤ᠂ ᠰᠡᠶᠢᠮᠡᠭᠡᠶᠢᠯᠢᠭ ᠪᠤᠯᠵᠤ ᠠᠮᠠᠷᠬᠠᠨ ᠬᠤᠭᠤᠷᠠᠵᠤ ᠲᠠᠰᠤᠷᠠᠳᠠᠭ᠃ ᠡᠰᠢᠨ ᠤ ᠤᠳᠠᠰᠤᠯᠢᠭ ᠬᠤᠷᠤᠬᠠᠢ ᠠᠴᠠ ᠡᠭᠦᠰᠦᠭᠰᠡᠨ ᠨᠡᠭᠡᠳᠡᠰᠤ ᠨᠢ ᠲᠠᠯᠠᠵᠤ᠂ ᠲᠡᠭᠦᠨ ᠤ ᠤᠨᠴᠠᠯᠢᠭ ᠨᠢ ᠭᠡᠪᠡᠯ ᠬᠠᠯᠢᠰᠤᠨ ᠲᠠᠪᠬᠤᠷᠭ᠎ᠠ ᠶᠢᠨ ᠨᠢᠮᠭᠡᠨ ᠬᠠᠨ᠎ᠠ ᠶᠢᠨ ᠨᠡᠭᠡᠳᠡᠰᠤ ᠨᠢ ᠪᠦᠳᠦᠭᠦᠷᠡᠨ ᠲᠤᠮᠤᠷᠠᠵᠤ᠂ ᠲᠤᠮᠳᠠ ᠴᠠᠪᠠᠤᠯᠢᠭ ᠲᠠᠪᠬᠤᠷᠭ᠎ᠠ ᠨᠢ ᠵᠠᠳᠠᠷᠠᠵᠤ᠂ ᠡᠰ ᠨᠢ ᠲᠤᠮᠤᠷᠠᠵᠤ ᠶᠡᠬᠡᠰᠳᠡᠭ ᠪᠠᠶᠢᠨ᠎ᠠ᠃ ᠭᠡᠮ ᠲᠠᠢ ᠨᠠᠭᠢᠶ᠎ᠠ ᠠᠴᠠ ᠤᠷᠭᠤᠠᠠᠰᠠᠨ ᠰᠠᠯᠠᠭ᠎ᠠ ᠨᠠᠮᠠᠭ᠎ᠠ ᠨᠢ ᠭᠦᠨᠳᠤ ᠨᠤᠴᠢᠳᠡᠢ ᠤᠳᠦ᠋ᠢᠷᠠᠵᠤ᠂ ᠦᠶ᠎ᠠ ᠨᠢ ᠪᠦᠳᠦᠭᠦᠷᠡᠵᠤ᠂ ᠦᠶ᠎ᠠ ᠶᠢᠨ ᠵᠠᠢ ᠨᠢ ᠪᠤᠭᠤᠨᠢᠰᠳᠠᠭ᠃

       ᠭᠡᠮ ᠤᠨ ᠤᠨᠴᠠᠯᠢᠭ᠄ ᠡᠰᠢᠨ ᠤ ᠤᠳᠠᠰᠤᠯᠢᠭ ᠬᠤᠷᠤᠬᠠᠢ ᠪᠤᠯ 15℃~20℃ ᠤᠨ ᠲᠤᠯᠠᠭᠠᠨ ᠳᠤ ᠬᠠᠯᠳᠠᠪᠤᠷᠢᠯᠠᠳᠠᠭ ᠪᠦᠭᠡᠳ ᠦᠷᠡᠵᠢᠵᠤ᠂ ᠭᠦᠨᠦᠭᠡᠯ ᠶᠡᠭᠡᠳᠡᠢ ᠪᠦᠭᠡᠳ ᠦᠷ᠎ᠡ ᠪᠠᠷ ᠲᠠᠮᠵᠢᠨ ᠬᠠᠯᠳᠠᠪᠤᠷᠢᠯᠠᠳᠠᠭ᠃

      ︵13︶ ᠯᠢᠰᠯᠢᠭ ᠭᠡᠮ

      ᠲᠤᠰ ᠭᠡᠮ ᠪᠤᠯ ᠹᠢᠽᠢᠤᠯᠤᠭᠢ ᠶᠢᠨ ᠴᠢᠨᠠᠷ ᠲᠠᠢ ᠭᠡᠮᠳᠦᠯ ᠤᠨ ᠭᠦᠨᠦᠭᠡᠯ ᠳᠤ ᠬᠠᠷᠢᠶᠠᠯᠬᠠᠳᠠᠨ᠎ᠠ᠃

      ᠭᠡᠯᠪᠡᠷᠢ ᠲᠦᠷᠰᠤ ᠶᠢᠨ ᠤᠨᠴᠠᠯᠢᠭ᠄ ᠵᠤᠨ ᠤ ᠬᠤᠭᠤᠴᠠᠭᠠᠨ ᠳᠤ ᠡᠯ᠎ᠡ ᠵᠦᠢᠯ ᠤᠨ ᠴᠠᠷᠭᠠᠰᠤ ᠨᠢ ᠴᠦᠮ ᠠᠳᠠᠯᠢ ᠪᠤᠰᠤ ᠭᠡᠮᠵᠢᠶ᠎ᠠ ᠪᠠᠷ ᠭᠡᠮᠳᠦᠵᠤ᠂ ᠤᠮᠠᠷᠠᠳᠤ ᠤᠷᠤᠨ ᠤ ᠴᠠᠷᠭᠠᠰᠤ ᠶᠢᠨ ᠤᠯᠠᠩᠭᠢ ᠨᠢ 7 ᠳ᠋ᠤᠭᠠᠷ ᠰᠠᠷ᠎ᠠ ᠶᠢᠨ ᠡᠴᠦᠰ ᠠᠴᠠ 8 ᠳ᠋ᠤᠭᠠᠷ ᠰᠠᠷ᠎ᠠ ᠶᠢᠨ ᠡᠴᠤᠰ ᠲᠤ ᠦᠭᠦᠵᠤ᠂ ᠬᠠᠷᠢᠨ ᠬᠤᠸᠠᠢ ᠢᠩ ‍ᠤᠨ‌‍ᠴᠠᠷᠭᠠᠰᠤ ᠨᠢ 7 ᠳ᠋ᠤᠭᠠᠷ ᠰᠠᠷ᠎ᠠ ᠶᠢᠨ ᠡᠴᠦᠰ ᠲᠤ ᠴᠦᠭᠡᠨ ᠦᠭᠦᠵᠤ᠂ ᠦᠭᠦᠭᠰᠡᠨ ᠤᠷᠭᠤᠮᠠᠯ ᠤᠨ ᠦᠨᠳᠤᠰᠤ ᠶᠢᠨ ᠭᠡᠰᠡᠭ ᠨᠢ ᠢᠯᠵᠡᠷᠡᠵᠤ᠂ ᠦᠭᠳᠡᠭᠡᠭᠦ ᠳᠤ ᠲᠦᠭᠦᠮ ᠪᠤᠯᠵᠤ᠂ ᠮᠤᠳᠤᠯᠢᠭ ᠭᠡᠰᠡᠭ ᠨᠢ ᠭᠦᠷᠡᠩ ᠦᠡᠭᠭᠡ ᠲᠠᠢ ᠪᠤᠯᠵᠤ᠂ ᠸᠠᠯᠬᠠᠰᠠᠨ ᠦᠨᠤᠷ ᠲᠠᠢ ᠪᠠᠶᠢᠳᠠᠭ᠃

      ︵14︶ ᠭᠦᠯᠳᠡᠭᠦ

       ᠭᠦᠯᠳᠡᠭᠦ ᠨᠢ ᠹᠢᠽᠢᠤᠯᠤᠭᠢ ᠶᠢᠨ ᠴᠢᠨᠠᠷ ᠲᠠᠢ ᠭᠡᠮᠳᠦᠯ ᠤᠨ ᠭᠦᠨᠦᠭᠡᠯ ᠳᠤ ᠬᠠᠷᠢᠶᠠᠯᠬᠠᠳᠠᠨ᠎ᠠ᠃

       ᠭᠡᠯᠪᠡᠷᠢ ᠲᠦᠷᠰᠤ ᠶᠢᠨ ᠤᠨᠴᠠᠯᠢᠭ᠄ ᠲᠤᠤᠷ᠎ᠠ ᠲᠤᠯᠠᠭᠠᠨ ᠤ ᠭᠡᠮᠵᠢᠶ᠎ᠠ ᠪᠤᠯ ᠴᠠᠷᠭᠠᠰᠤ ᠶᠢᠨ ᠤᠷᠭᠤᠴᠠ ᠶᠢ ᠭᠢᠵᠠᠭᠠᠷᠯᠠᠳᠠᠭ ᠭᠦᠴᠤᠨ ᠵᠦᠢᠯ ᠪᠤᠯᠤᠨ᠎ᠠ᠃ ᠭᠦᠯᠳᠡᠭᠦ ᠨᠢ ᠴᠠᠷᠭᠠᠰᠤ ᠶᠢᠨ ᠦᠢᠯᠡᠳᠪᠤᠷᠢᠯᠡᠯ ᠤᠨ ᠲᠠᠯ᠎ᠠ ᠪᠠᠷ ᠨᠠᠶᠢᠳᠡᠮ ᠤᠷᠤᠰᠢᠵᠤ ᠪᠦᠭᠦᠢ ᠠᠰᠠᠭᠤᠳᠠᠯ ᠪᠤᠯᠤᠨ᠎ᠠ᠃ ᠠᠳᠠᠯᠢ ᠪᠤᠰᠤ ᠲᠤᠯᠭᠤᠷ ᠪᠢᠴᠢᠭ ᠲᠤ ᠴᠠᠷᠭᠠᠰᠤ ᠶᠢᠨ ᠦᠯᠴᠢᠷ ᠴᠢᠨᠠᠷ ᠢ ᠠᠳᠠᠯᠢ ᠪᠤᠰᠤ ᠪᠠᠷ ᠲᠠᠨᠢᠯᠴᠠᠭᠤᠯᠤᠠᠠᠰᠠᠨ ᠪᠠᠶᠢᠳᠠᠭ᠃ ᠶᠠᠷᠦᠩᠭᠡᠢ ᠳᠤᠨᠢ ᠠᠪᠴᠤ ᠭᠡᠯᠡᠪᠡᠯ ᠤᠮᠠᠷᠠᠳᠤ ᠶᠢᠨ ᠭᠠᠵᠠᠷ ᠤᠷᠤᠨ ᠤ ᠬᠠᠪᠤᠷ ᠤᠨ ᠰᠤᠶᠤᠭᠠᠯᠠᠬᠤ ᠬᠤᠭᠤᠴᠠᠭ᠎ᠠ ᠳᠤ ᠲᠡᠭ ᠠᠴᠠ ᠲᠤᠷᠤᠠᠠᠰᠢ 16℃ ᠲᠤ ᠭᠦᠡᠭᠭᠡᠨ ᠭᠦᠯᠳᠡᠵᠤ᠂ ᠲᠡᠭ ᠠᠴᠠ ᠲᠤᠷᠤᠠᠠᠰᠢ 18℃ ᠲᠤ ᠲᠤᠮᠳᠠ ᠵᠡᠷᠭᠡ ᠭᠦᠯᠳᠡᠵᠤ᠂ ᠲᠡᠭ ᠠᠴᠠ ᠲᠤᠷᠤᠠᠠᠰᠢ 20℃ ᠲᠤ ᠭᠦᠨᠳᠤ ᠨᠤᠴᠢᠳᠡᠢ ᠭᠦᠯᠳᠡᠵᠤ᠂ ᠲᠡᠭ ᠠᠴᠠ ᠲᠤᠷᠤᠠᠠᠰᠢ 22℃ ᠢᠶᠠᠷ
ᠨᠢᠭᠡ ᠴᠠᠭ ᠦᠷᠭᠦᠯᠵᠢᠯᠡᠭᠦ ᠳᠤ ᠰᠦᠢᠷᠠᠯᠳᠠ ᠶᠢᠨ ᠴᠢᠨᠠᠷ ᠲᠠᠢ ᠭᠦᠯᠳᠡᠳᠡᠭ᠃ ᠭᠦᠨᠦᠭᠡᠯ ᠳᠤ ᠤᠴᠠᠷᠠᠭᠤᠯᠤᠠᠠᠰᠠᠨ ᠤ ᠰᠡᠭᠦᠯᠡᠷᠭᠢ ᠲᠤᠯᠠᠭᠠᠨ ᠤ ᠭᠡᠮᠵᠢᠶ᠎ᠠ ᠶᠢᠨ ᠡᠳᠤᠷ ᠤᠨ ᠬᠤᠪᠢᠷᠠᠯᠳᠠ ᠶᠢᠨ ᠭᠡᠮᠵᠢᠶ᠎ᠠ ᠶᠢᠨ ᠶᠡᠭᠡ ᠪᠠᠭ᠎ᠠ ᠪᠠᠶᠢᠬᠤ ᠨᠢ ᠭᠦᠯᠳᠡᠭᠰᠡᠨ ᠭᠡᠮᠵᠢᠶ᠎ᠠ ᠶᠢ ᠭᠡᠴᠡᠭᠦᠳᠡᠭᠦᠯᠭᠦ ᠪᠡ ᠨᠠᠮᠳᠠᠭᠤᠯᠬᠤ ᠶᠢᠨ ᠤᠷᠢᠳᠠᠯ ᠨᠦᠭᠦᠴᠡᠯ ᠮᠦᠨ᠃ ᠰᠤᠳᠤᠯᠤᠯ ᠢᠶᠠᠷ ᠲᠠᠮᠵᠢᠨ ᠭᠡᠷᠡᠴᠢᠯᠡᠭᠰᠡᠨ ᠢᠶᠠᠷ ᠪᠤᠯ ᠶᠡᠭᠡ ᠭᠡᠮᠵᠢᠶ᠎ᠠ ᠪᠠᠷ ᠲᠠᠷᠢᠠᠠᠰᠠᠨ ᠪᠤᠷᠤ ᠴᠠᠷᠭᠠᠰᠤ ᠳᠤ ᠨᠠᠮᠤᠷ ᠤᠨ ᠰᠡᠭᠦᠯᠴᠢ ᠪᠠᠷ ᠰᠢᠷᠤᠢ ᠨᠡᠮᠡᠭᠦ ᠪᠡ ᠭᠦᠯᠳᠡᠭᠦ ᠠᠴᠠ ᠡᠮᠦᠨ᠎ᠠ ᠤᠰᠤᠯᠠᠬᠤ ᠠᠷᠭ᠎ᠠ ᠶᠢ ᠠᠪᠤᠪᠠᠯ᠂ ᠲᠡᠭᠦᠨ ᠤ ᠡᠪᠤᠯᠵᠢᠭᠦ ᠴᠢᠳᠠᠪᠤᠷᠢ ᠶᠢ ᠨᠢ ᠲᠡᠭᠡᠭᠰᠢᠯᠡᠭᠦᠯᠵᠤ ᠪᠤᠯᠤᠨ᠎ᠠ᠃

        ︵15︶ ᠠᠽᠤᠲ ᠲᠤᠳ᠋ᠬᠠᠳᠠᠬᠤ ᠭᠡᠮ

       ᠹᠢᠽᠢᠤᠯᠤᠭᠢ ᠶᠢᠨ ᠴᠢᠨᠠᠷ ᠲᠤ ᠬᠠᠷᠢᠶᠠᠯᠬᠠᠳᠠᠨ᠎ᠠ᠃

       ᠭᠡᠯᠪᠡᠷᠢ ᠲᠦᠷᠰᠤ ᠶᠢᠨ ᠤᠨᠴᠠᠯᠢᠭ᠄ ᠴᠠᠷᠭᠠᠰᠤ ᠶᠢᠨ ᠤᠷᠭᠤᠮᠠᠯ ᠳᠤ ᠠᠽᠤᠲ ᠤᠨ ᠭᠡᠮᠵᠢᠶ᠎ᠠ ᠨᠡᠯᠢᠶᠡᠳ ᠦᠨᠳᠤᠷ ᠠᠭᠤᠯᠤᠭᠳᠠᠵᠤ᠂ ᠴᠡᠴᠡᠭ ᠲᠡᠯᠭᠡᠷᠡᠭᠦ ᠬᠤᠭᠤᠴᠠᠭᠠᠨ ᠳᠤ ᠢᠳᠡᠷᠡᠭᠦᠨ ᠴᠠᠷᠭᠠᠰᠤ ᠶᠢᠨ ᠠᠷᠪᠡᠨ ᠤ ᠨᠢᠭᠡ ᠳᠤᠨᠢ 3% ᠠᠴᠠ ᠲᠡᠭᠡᠭᠰᠢ ᠠᠽᠤᠲ ᠠᠭᠤᠯᠤᠭᠳᠠᠵᠤ ᠪᠠᠶᠢᠳᠠᠭ᠃ ᠤᠷᠭᠤᠮᠠᠯ ᠤᠨ ᠲᠤᠳᠤᠷ᠎ᠠ ᠠᠽᠤᠲ ᠶᠢᠨ ᠲᠠᠷᠬᠠᠯᠳᠠ ᠠᠳᠠᠯᠢ ᠦᠭᠡᠢ ᠪᠠᠶᠢᠳᠠᠭ ᠲᠤᠯᠠ ᠲᠠᠭᠢᠨ ᠰᠢᠨ᠎ᠠ ᠪᠠᠷ ᠲᠠᠷᠬᠠᠵᠤ᠂ ᠨᠢᠯᠬ᠎ᠠ ᠭᠡᠰᠡᠭ ᠤᠨ ᠬᠢ ᠨᠢ ᠦᠳᠡᠯᠦᠭᠰᠡᠨ ᠭᠡᠰᠡᠭ ᠤᠨ ᠬᠢ ᠠᠴᠠ ᠦᠨᠳᠤᠷ ᠪᠤᠯᠳᠠᠭ ᠪᠠᠶᠢᠨ᠎ᠠ᠃ ᠡᠶᠢᠮᠤ ᠠᠴᠠ ᠠᠽᠤᠲ ᠲᠤᠳ᠋ᠬᠠᠳᠠᠬᠤ ᠦᠶᠡᠰ ᠭᠦᠭᠰᠢᠨ ᠨᠠᠪᠴᠢᠨ ᠳᠠᠬᠢ ᠠᠽᠤᠲ ᠨᠢ ᠨᠢᠯᠬ᠎ᠠ ᠨᠠᠪᠴᠢᠨ ᠳᠤ ᠰᠢᠯᠵᠢᠭᠡᠳ᠂ ᠭᠦᠭᠰᠢᠨ ᠨᠠᠪᠴᠢ ᠨᠢ ᠭᠦᠨᠦᠭᠡᠯ ᠳᠤ ᠤᠴᠠᠷᠠᠳᠠᠭ᠃ ᠴᠠᠷᠭᠠᠰᠤ ᠨᠢ ᠦᠨᠳᠤᠰᠤᠨ ᠪᠡᠳᠡᠭᠢ ᠶᠢᠨ ᠪᠠᠺᠲ᠋ᠧᠷᠢ ᠲᠠᠢ ᠴᠤᠭ ᠤᠷᠭᠤᠳᠠᠭ ᠪᠤᠯᠬᠤᠷ᠂ ᠤᠷᠭᠠᠨᠢᠭ ᠪᠤᠳᠠᠰ ᠤᠨ ᠠᠭᠤᠯᠤᠭᠳᠠᠴᠨ ᠪᠠᠷ ᠪᠠᠭ᠎ᠠ ᠭᠦᠷᠤᠰᠤ ᠰᠢᠷᠤᠢ ᠳᠤ ᠲᠤᠤᠷ᠎ᠠ ᠬᠠᠷᠢᠴᠠᠯ ᠤᠨ ᠠᠽᠤᠲ ᠢ ᠤᠷᠤᠭᠤᠯᠪᠠᠯ ᠦᠨᠳᠤᠰᠤᠨ ᠪᠡᠳᠡᠭᠢ ᠶᠢᠨ ᠪᠠᠺᠲ᠋ᠧᠷᠢ ᠪᠤᠢ ᠪᠤᠯᠵᠤ᠂ ᠴᠠᠷᠭᠠᠰᠤ ᠶᠢᠨ ᠨᠢᠯᠬ᠎ᠠ ᠴᠢᠭᠢ ᠶᠢᠨ ᠤᠷᠭᠤᠯᠳᠠ ᠳᠤ ᠠᠰᠢᠭ ᠲᠠᠢ ᠪᠠᠶᠢᠳᠠᠭ᠃

       ︵16︶ ᠹᠤᠰᠹᠤᠷ ᠲᠤᠳ᠋ᠬᠠᠳᠠᠬᠤ ᠭᠡᠮ

       ᠹᠢᠽᠢᠤᠯᠤᠭᠢ ᠶᠢᠨ ᠴᠢᠨᠠᠷ ᠲᠤ ᠬᠠᠷᠢᠶᠠᠯᠬᠠᠳᠠᠨ᠎ᠠ᠃

       ᠭᠡᠯᠪᠡᠷᠢ ᠲᠦᠷᠰᠤ ᠶᠢᠨ ᠤᠨᠴᠠᠯᠢᠭ᠄ ᠹᠤᠰᠹᠤᠷ ᠤᠨ ᠤᠷᠭᠤᠮᠠᠯ ᠤᠨ ᠪᠡᠶ᠎ᠠ ᠳᠠᠬᠢ ᠲᠠᠷᠬᠠᠯᠳᠠ ᠨᠢ ᠲᠡᠭᠰᠢ ᠦᠭᠡᠢ᠂ ᠢᠳᠡᠷᠡᠭᠦᠨ ᠤᠷᠭᠤᠵᠤ ᠪᠦᠭᠦᠢ ᠰᠠᠯᠠᠭᠠᠯᠠᠬᠤ ᠨᠡᠭᠡᠳᠡᠰᠤ ᠶᠢᠨ ᠹᠤᠰᠹᠤᠷ ᠤᠨ ᠠᠭᠤᠯᠤᠭᠳᠠᠴᠨ ᠨᠢ ᠦᠨᠳᠤᠷ ᠪᠠᠶᠢᠳᠠᠭ᠃ ᠴᠠᠷᠭᠠᠰᠤ ᠨᠢ ᠤᠷᠭᠤᠯᠳᠠ ᠶᠢᠨ ᠡᠭᠢᠨ ᠤ ᠦᠶ᠎ᠡ ᠳᠡᠭᠡᠨ ᠹᠤᠰᠹᠤᠷ ᠢ ᠰᠢᠩᠭᠡᠭᠡᠨ ᠠᠪᠬᠤ ᠨᠢ ᠴᠤ ᠮᠠᠰᠢ ᠶᠡᠭᠡ ᠪᠠᠶᠢᠳᠠᠭ᠃ ᠮᠡᠳᠡᠭᠡᠯᠡᠯ ᠢ ᠦᠨᠳᠦᠰᠦᠯᠡᠪᠡᠯ᠂ ᠬᠠᠭᠤᠷᠠᠢ ᠪᠤᠳᠠᠰ ᠤᠨ ᠭᠦᠨᠳᠤ ᠨᠢ ᠪᠠᠶ᠎ᠠ ᠪᠦᠳᠦᠭᠰᠡᠨ ᠤᠷᠭᠤᠮᠠᠯ ᠤᠨ ᠶᠠᠷᠦᠩᠭᠡᠢ ᠬᠠᠳᠠᠮᠠᠯ ᠤᠨ ᠭᠦᠨᠳᠤ ᠶᠢᠨ ᠲᠦᠷᠪᠡᠨ ᠤ ᠨᠢᠭᠡ ᠳᠤ ᠭᠦᠷᠭᠦ ᠦᠶᠡᠰ ᠤᠨ ᠨᠢᠯᠬ᠎ᠠ ᠤᠷᠭᠤᠮᠠᠯ ᠤᠨ ᠹᠤᠰᠹᠤᠷ ᠤᠨ ᠠᠭᠤᠯᠤᠭᠳᠠᠴᠨ ᠶᠢᠨ ᠭᠡᠮᠵᠢᠶ᠎ᠠ ᠨᠢ ᠪᠠᠶ᠎ᠠ ᠪᠦᠳᠦᠭᠰᠡᠨ ᠤᠷᠭᠤᠮᠠᠯ ᠤᠨ ᠶᠠᠷᠦᠩᠭᠡᠢ ᠹᠤᠰᠹᠤᠷ ᠤᠨ ᠭᠡᠮᠵᠢᠶᠠᠨ ᠤ ᠲᠦᠷᠪᠡᠨ ᠤ ᠭᠤᠷᠪᠡ ᠳᠤ ᠭᠦᠷᠳᠡᠭ ᠪᠠᠶᠢᠨ᠎ᠠ᠃ ᠹᠤᠰᠹᠤᠷ ᠤᠨ ᠭᠦᠳᠡᠯᠭᠡᠭᠡᠨ ᠤ ᠴᠢᠨᠠᠷ ᠨᠢ ᠠᠽᠤᠲ ᠲᠠᠢ ᠠᠳᠠᠯᠢ ᠮᠠᠰᠢ ᠴᠢᠩᠭ᠎ᠠ ᠪᠠᠶᠢᠵᠤ᠂ ᠠᠭᠤᠯᠤᠭᠳᠠᠴᠨ ᠶᠢᠨ ᠭᠡᠮᠵᠢᠶ᠎ᠠ ᠨᠢ ᠬᠤᠮᠰᠠᠳᠤᠬᠤ ᠦᠶ᠎ᠠ ᠳᠤ ᠭᠦᠭᠰᠢᠨ ᠨᠡᠭᠡᠳᠡᠰᠤ ᠶᠢᠨ ᠹᠤᠰᠹᠤᠷ ᠨᠢ ᠨᠢᠯᠬ᠎ᠠ ᠨᠡᠭᠡᠳᠡᠰᠤ ᠳᠤ ᠰᠢᠯᠵᠢᠳᠡᠭ ᠪᠠᠶᠢᠨ᠎ᠠ᠃ ᠡᠶᠢᠮᠤ ᠠᠴᠠ ᠹᠤᠰᠹᠤᠷ ᠲᠤᠳ᠋ᠬᠠᠳᠠᠬᠤ ᠦᠶᠡᠰ ᠭᠦᠭᠰᠢᠨ ᠨᠠᠪᠴᠢᠨ ᠳᠤ ᠭᠡᠮ ᠤᠨ ᠬᠤᠪᠢᠷᠠᠯ ᠡᠭᠦᠰᠳᠡᠭ᠃ ᠴᠠᠷᠭᠠᠰᠤ ᠳᠤ ᠹᠤᠰᠹᠤᠷ ᠲᠤᠳ᠋ᠬᠠᠳᠠᠪᠠᠯ ᠠᠽᠤᠲ ᠤᠨ ᠠᠰᠢᠠᠠᠯᠠᠯᠳᠠ ᠨᠢ ᠪᠠᠭᠤᠷᠠᠭᠠᠳ᠂ ᠬᠠᠭᠤᠷᠠᠢ ᠪᠤᠳᠠᠰ ᠤᠨ ᠠᠭᠤᠯᠤᠭᠳᠠᠴᠨ ᠶᠢᠨ ᠭᠡᠮᠵᠢᠶ᠎ᠠ ᠨᠢ ᠪᠠᠭᠤᠷᠠᠳᠠᠭ ᠪᠠᠶᠢᠨ᠎ᠠ᠃

       ︵17︶ ᠺᠠᠯᠢ ᠲᠤᠳ᠋ᠬᠠᠳᠠᠬᠤ ᠭᠡᠮ

       ᠹᠢᠽᠢᠤᠯᠤᠭᠢ ᠶᠢᠨ ᠴᠢᠨᠠᠷ ᠲᠤ ᠬᠠᠷᠢᠶᠠᠯᠬᠠᠳᠠᠨ᠎ᠠ᠃

      ᠭᠡᠯᠪᠡᠷᠢ ᠲᠦᠷᠰᠤ ᠶᠢᠨ ᠤᠨᠴᠠᠯᠢᠭ᠄ ᠠᠽᠤᠲ ᠢ ᠭᠠᠷᠭᠠᠪᠠᠯ᠂ ᠴᠠᠷᠭᠠᠰᠤ ᠶᠢᠨ ᠲᠤᠳᠤᠷ᠎ᠠ ᠺᠠᠯᠢ ᠶᠢᠨ ᠠᠭᠤᠯᠤᠭᠳᠠᠴᠨ ᠬᠠᠮᠤᠭ ᠤᠨ ᠦᠨᠳᠤᠷ ᠪᠠᠶᠢᠳᠠᠭ᠃ ᠴᠠᠷᠭᠠᠰᠤ ᠶᠢᠨ ᠺᠠᠯᠢ ᠶᠢᠨ ᠭᠡᠷᠡᠭᠴᠡᠭᠡ ᠴᠤ ᠮᠠᠰᠢ ᠶᠡᠭᠡ ᠪᠠᠶᠢᠳᠠᠭ᠃

      ᠴᠠᠷᠭᠠᠰᠤ ᠶᠢᠨ ᠬᠠᠭᠤᠷᠠᠢ ᠡᠪᠡᠰᠤ ᠨᠢ 227kg ᠺᠠᠯᠢ ᠰᠢᠩᠭᠡᠭᠡᠨ ᠠᠪᠬᠤ ᠭᠡᠷᠡᠭᠴᠡᠭᠡ ᠲᠠᠢ᠃ ᠴᠠᠷᠭᠠᠰᠤ ᠺᠠᠯᠢ ᠲᠤᠳ᠋ᠬᠠᠳᠠᠬᠤ ᠦᠶᠡᠰ᠂ ᠵᠢᠵᠢᠭ ᠨᠠᠪᠴᠢ ᠶᠢᠨ ᠭᠦᠪᠡᠭᠡ ᠪᠠᠷ ᠴᠠᠭᠠᠨ ᠲᠤᠯᠪᠤ ᠢᠯᠡᠷᠡᠵᠤ᠂ ᠰᠢᠩᠭᠡᠭᠡᠨ ᠠᠪᠤᠠᠠᠰᠠᠨ ᠠᠽᠤᠲ ᠨᠢ ᠤᠷᠭᠤᠮᠠᠯ ᠲᠤᠳᠤᠷ᠎ᠠ ᠤᠭᠤᠷᠬᠠᠳᠤ ᠪᠤᠰᠤ ᠠᠽᠤᠲ ᠤᠨ ᠬᠤᠷᠠᠮᠳᠤᠯ ᠪᠤᠯᠤᠨ ᠪᠦᠷᠢᠯᠳᠦᠵᠤ᠂ ᠠᠮᠢᠨᠤ᠋ ᠭᠦᠴᠢᠯ ᠨᠢ ᠤᠭᠤᠷᠬᠠᠳᠤ ᠡᠳ᠋ ᠪᠤᠯᠵᠤ ᠴᠢᠳᠠᠬᠤ ᠦᠭᠡᠢ ᠪᠤᠯᠤᠭᠠᠳ᠂ ᠡᠭᠦᠨ ᠠᠴᠠ ᠪᠤᠯᠵᠤ ᠤᠭᠤᠷᠬᠠᠳᠤ ᠡᠳ᠋ ᠤᠨ ᠠᠭᠤᠯᠤᠭᠳᠠᠴᠨ ᠨᠢ ᠪᠠᠭᠤᠷᠠᠳᠠᠭ ᠪᠠᠶᠢᠨ᠎ᠠ᠃

       ︵18︶ ᠭᠦᠭᠦᠷ ᠲᠤᠳ᠋ᠬᠠᠳᠠᠬᠤ ᠭᠡᠮ

      ᠭᠡᠯᠪᠡᠷᠢ ᠲᠦᠷᠰᠤ ᠶᠢᠨ ᠤᠨᠴᠠᠯᠢᠭ᠄ ᠤᠷᠢᠳ ᠢᠶᠠᠷ ᠨᠢᠯᠬ᠎ᠠ ᠨᠡᠭᠡᠳᠡᠰᠤᠨ ᠳᠤ ᠡᠭᠦᠰᠴᠤ᠂ ᠴᠠᠷᠭᠠᠰᠤᠨ ᠳᠤ ᠪᠤᠯ ᠤᠷᠢᠳ ᠢᠶᠠᠷ ᠤᠷᠭᠤᠮᠠᠯ ᠤᠨ ᠲᠦᠷᠦᠭᠦᠨ ᠭᠡᠰᠡᠭ ᠲᠤ ᠡᠭᠦᠰᠴᠤ᠂ ᠨᠠᠪᠴᠢ ᠨᠢ ᠨᠤᠭᠤᠭᠠᠨ ᠦᠡᠭᠭᠡ ᠠᠴᠠ ᠪᠠᠨ ᠰᠢᠷᠭᠠᠯ ᠪᠤᠯᠵᠤ ᠲᠠᠭᠢᠭᠠᠳ ᠰᠢᠷ᠎ᠡ ᠦᠡᠭᠭᠡ ᠲᠠᠢ ᠪᠤᠯᠳᠠᠭ᠃ ᠭᠦᠭᠦᠷ ᠲᠤᠳ᠋ᠬᠠᠳᠠᠬᠤ ᠨᠢ ᠤᠭᠤᠷᠬᠠᠳᠤ ᠡᠳ᠋ ᠤᠨ ᠨᠡᠶᠢᠯᠡᠯ ᠢ ᠬᠠᠷᠰᠢᠯᠠᠵᠤ᠂ ᠦᠨᠳᠤᠰᠤᠨ ᠪᠡᠳᠡᠭᠢ ᠪᠤᠯᠤᠨ ᠠᠽᠤᠲ ᠤᠨ ᠲᠤᠠᠠᠳᠠᠯ ᠳᠤ ᠴᠤ ᠨᠦᠯᠦᠭᠡ ᠪᠤᠯᠳᠠᠭ᠃ ᠭᠦᠨᠳᠤ ᠨᠤᠴᠢᠳᠠᠢ ᠭᠦᠭᠦᠷ ᠲᠤᠳ᠋ᠬᠠᠳ᠋ᠬᠠᠰᠠᠨ ᠦᠶ᠎ᠠ ᠳᠤ ᠤᠭᠤᠷᠬᠠᠳᠤ ᠡᠳ᠋ ᠤᠨ ᠨᠠᠶᠢᠯᠡᠯ ᠤᠨ ᠪᠠᠭᠤᠷᠠᠯᠳᠠ ᠠᠴᠠ ᠲᠠᠪᠠᠵᠤ᠂ ᠤᠭᠤᠷᠬᠠᠳᠤ ᠪᠤᠰᠤ ᠠᠽᠤᠲ ᠤᠨ ᠬᠤᠷᠠᠮᠳᠤᠯ ᠪᠤᠯᠳᠠᠭ᠃ ᠲᠤᠮᠳᠠ ᠭᠡᠮᠵᠢᠶ᠎ᠠ ᠪᠠᠷ ᠭᠦᠭᠦᠷ ᠲᠤᠳ᠋ᠬᠠᠳᠠᠪᠠᠯ ᠤᠭᠤᠷᠬᠠᠳᠤ ᠡᠳ᠋ ᠤᠨ ᠨᠡᠶᠢᠯᠡᠯ ᠢ ᠭᠢᠵᠠᠭᠠᠷᠯᠠᠳᠠᠭ ᠪᠦᠭᠡᠳ ᠤᠨᠠᠯᠳᠠ ᠨᠢ 20% ᠪᠠᠷ ᠬᠠᠰᠤᠠᠠᠳᠠᠳᠠᠭ ᠪᠠᠶᠢᠨ᠎ᠠ᠃

     2. ᠭᠤᠤᠯ ᠬᠤᠷᠤᠬᠠᠢ ᠶᠢᠨ ᠭᠦᠨᠦᠭᠡᠯ

      ︵1︶ ᠨᠢᠭᠦᠯᠳᠦ ᠴᠠᠷᠴᠠᠬᠠᠢ

      ᠲᠦᠷᠰᠤ ᠶᠢᠨ ᠤᠨᠴᠠᠯᠢᠭ᠄ ᠲᠤᠯᠤᠭᠠᠢ ᠶᠢᠨ ᠭᠡᠰᠡᠭ ᠨᠢ ᠪᠤᠭᠤᠨᠢ ᠪᠦᠳᠦᠭᠦᠨ᠂ ᠲᠡᠮᠳᠡᠷᠢᠭᠦᠯ ᠨᠢ ᠤᠬᠤᠷ᠂ ᠶᠠᠷᠦᠩᠭᠡᠢ ᠳᠡᠭᠡᠨ ᠪᠠᠶ᠎ᠠ ᠶᠢᠨ ᠢᠶᠠᠨ ᠬᠠᠭᠠᠰ ᠠᠴᠠ ᠲᠠᠪᠠᠳᠠᠭ ᠦᠭᠡᠢ᠃ ᠵᠠᠵᠢᠯᠬᠤ ᠡᠷᠭᠡᠳᠡᠨ ᠲᠠᠢ᠂ ᠭᠤᠷᠪᠡᠨ ᠲᠠᠩ ᠨᠢᠳᠤ ᠲᠠᠢ᠂ ᠬᠤᠤᠰ ᠲᠠᠪᠬᠤᠷ ᠨᠢᠳᠤ ᠲᠠᠢ᠂ ᠡᠮᠦᠨ᠎ᠠ ᠴᠡᠭᠡᠵᠢᠨ ᠤ ᠠᠷᠤ ᠬᠠᠪᠳᠠᠰᠤ ᠨᠢ ᠪᠠᠳᠠᠷᠠᠩᠭᠤᠢ᠂ ᠴᠡᠭᠡᠵᠢᠨ ᠭᠡᠰᠡᠭ ᠤᠨ ᠠᠷᠤ ᠲᠠᠯ᠎ᠠ ᠪᠤᠯᠤᠨ ᠬᠤᠶᠠᠷ ᠲᠠᠯ᠎ᠠ ᠪᠠᠨ ᠬᠠᠯᠬᠠᠯᠠᠵᠤ ᠪᠠᠶᠢᠳᠠᠭ᠃ ᠡᠮᠦᠨ᠎ᠠ ᠲᠠᠯᠠᠪᠴᠢ ᠨᠢ ᠨᠠᠷᠢᠨ ᠤᠷᠳᠤ᠂ ᠨᠠᠯᠢᠶᠡᠳ ᠵᠤᠵᠠᠭᠠᠨ᠂ ᠬᠤᠶᠢᠳᠤ ᠲᠠᠯᠠᠪᠴᠢ ᠨᠢ ᠦᠷᠭᠡᠨ᠂ ᠭᠤᠷᠪᠡᠯᠵᠢᠨ ᠭᠡᠯᠪᠡᠷᠢ ᠲᠠᠢ᠂ ᠬᠠᠯᠢᠰᠤᠯᠢᠭ ᠪᠠᠶᠢᠳᠠᠭ᠃ ᠵᠤᠠᠠᠰᠤᠩᠭᠤᠢ ᠪᠠᠶᠢᠳᠠᠯ ᠳᠤ ᠲᠡᠪᠢᠭᠦᠷᠯᠢᠭ ᠭᠡᠯᠪᠡᠷᠢ ᠪᠠᠷ ᠤᠷᠳᠤᠯᠵᠢᠨ ᠠᠳᠤᠷᠢᠵᠤ᠂ ᠡᠮᠦᠨ᠎ᠠ ᠲᠠᠯᠠᠪᠴᠢᠨ ᠳᠠᠭᠠᠨ ᠬᠠᠯᠬᠠᠯᠬᠠᠳᠠᠵᠤ᠂ ᠵᠠᠷᠢᠮ ᠴᠦᠭᠡᠨ ᠲᠤᠭᠠᠨ ᠤ ᠲᠦᠷᠦᠯ ᠤᠨ ᠭᠢᠨᠢ ᠡᠮᠦᠨ᠎ᠠ ᠬᠤᠶᠢᠳᠤ ᠲᠠᠯᠠᠪᠴᠢ ᠨᠢ ᠪᠠᠳᠠᠷᠠᠩᠭᠤᠢ ᠪᠢᠰᠢ ᠪᠤᠶᠤ ᠲᠠᠯᠠᠪᠴᠢ ᠪᠠᠶᠢᠳᠠᠭ ᠦᠭᠡᠢ᠃ ᠬᠤᠶᠢᠳᠤ ᠭᠦᠯ ᠨᠢ ᠲᠤᠮᠤ᠂ ᠦᠰᠤᠷᠴᠤ ᠲᠡᠭᠳᠡᠭᠦ ᠨᠢ ᠰᠠᠶᠢᠨ᠂ ᠰᠢᠯᠪᠢ ᠨᠢ ᠭᠤᠷᠪᠡᠨ ᠦᠶ᠎ᠠ ᠲᠠᠢ᠂ ᠡᠴᠤᠰ ᠤᠨ ᠭᠡᠰᠡᠭ ᠲᠡᠭᠡᠨ ᠭᠢᠮᠤᠰᠤ ᠲᠠᠢ᠂ ᠨᠢᠭᠤᠷ ᠲᠠᠯ᠎ᠠ ᠨᠢ ᠪᠠᠭᠠᠨᠠᠯᠢᠭ ᠭᠡᠯᠪᠡᠷᠢ ᠲᠠᠢ᠂ ᠨᠢᠭᠡᠳᠦᠭᠡᠷ ᠦᠶ᠎ᠠ ᠶᠢᠨ ᠠᠷᠤ ᠬᠠᠪᠳᠠᠰᠤᠨ ᠤ ᠬᠤᠶᠠᠷ ᠲᠠᠯ᠎ᠠ ᠳᠤ ᠨᠢᠭᠡᠨ ᠬᠤᠤᠰ ᠰᠤᠨᠤᠷ ᠤᠨ ᠡᠷᠭᠡᠳᠡᠨ ᠲᠠᠢ᠃ ᠨᠢᠭᠤᠷ ᠤᠨ ᠡᠴᠤᠰ ᠤᠨ ᠭᠡᠰᠡᠭ ᠲᠡᠭᠡᠨ ᠨᠠᠯᠢᠶᠠᠳ ᠤᠬᠤᠷ ᠰᠡᠭᠦᠯ ᠤᠨ ᠰᠠᠬᠠᠯ ᠲᠠᠢ᠂ ᠱᠤᠷᠤᠯᠵᠢᠨ ᠭᠡᠯᠪᠡᠷᠢ ᠲᠠᠢ᠂ ᠡᠮ᠎ᠠ ᠬᠤᠷᠤᠬᠠᠢ ᠶᠢᠨ ᠭᠡᠪᠡᠯᠢ ᠶᠢᠨ ᠬᠤᠶᠢᠳᠤ ᠭᠡᠰᠡᠭ ᠤᠨ ᠲᠤᠤᠷ᠎ᠠ ᠲᠠᠯ᠎ᠠ ᠳᠤ ᠨᠢᠭᠡᠨ ᠬᠤᠤᠰ ᠦᠨᠳᠡᠭᠡ ᠭᠠᠷᠭᠠᠬᠤ ᠲᠠᠯᠪᠢ ᠲᠠᠢ᠃

       ᠤᠨᠴᠠᠯᠢᠭ ᠨᠢ ᠭᠡᠪᠡᠯ ᠨᠢᠭᠦᠯᠳᠦ ᠴᠠᠷᠴᠠᠬᠠᠢ ᠦᠨᠳᠡᠭᠡᠯᠡᠭᠦ ᠳᠡᠭᠡᠨ ᠲᠡᠳ᠋ ᠪᠡᠯᠭᠡ ᠶᠢᠨ ᠪᠤᠯᠴᠢᠷᠬᠠᠢ ᠠᠴᠠ ᠨᠢᠭᠡᠨ ᠵᠦᠢᠯ ᠤᠨ ᠨᠠᠭᠠᠯᠳᠤᠩᠬᠠᠢ ᠰᠢᠩᠭᠡᠨ‌‍ᠱᠦ᠋ᠭᠦᠷᠡᠬᠦᠯᠵᠤ᠂ ᠦᠨᠳᠡᠭᠡᠨ ᠮᠦᠭᠦᠯᠢᠭ ᠢ ᠬᠠᠷᠢᠯᠴᠠᠨ ᠨᠢᠭᠡ ᠲᠤᠤᠷ᠎ᠠ ᠨᠠᠭᠠᠯᠳᠤᠭᠤᠯᠵᠤ᠂ ᠦᠨᠳᠡᠭᠡᠨ ᠮᠦᠭᠦᠯᠢᠭ ᠤᠨ ᠡᠷᠭᠢᠨ ᠲᠤᠭᠤᠷᠢᠨ ᠤ ᠨᠠᠭᠠᠯᠳᠤᠩᠬᠠᠢ ᠰᠢᠩᠭᠡᠨ ᠨᠢ ᠰᠢᠷᠤᠢ᠂ ᠬᠠᠶᠢᠷ ᠲᠠᠢ ᠬᠤᠯᠢᠯᠳᠤᠵᠤ᠂ ᠨᠢᠭᠡᠨ ᠲᠠᠪᠬᠤᠷᠭ᠎ᠠ ᠭᠠᠳᠠᠷ ᠪᠠᠭᠢᠯᠡᠯᠳᠡ ᠪᠤᠯᠳᠠᠭ᠃ ᠡᠨᠡ ᠮᠡᠳᠤ ᠦᠨᠳᠡᠭᠡᠨ ᠮᠦᠭᠦᠯᠢᠭ ᠢ ᠬᠠᠮᠠᠭᠠᠯᠠᠬᠤ᠂ ᠤᠰᠤ ᠨᠡᠪᠴᠢᠭᠦ ᠶᠢ ᠰᠡᠷᠭᠡᠶᠢᠯᠡᠭᠦ ᠪᠦᠷᠢᠳᠦᠯ ᠢ ᠦᠨᠳᠡᠭᠡᠨ ᠤᠭᠤᠳᠠ ᠭᠡᠳᠡᠭ᠃ ᠦᠨᠳᠡᠭᠡᠨ ᠤᠭᠤᠳᠠ ᠶᠢᠨ ᠪᠦᠷᠢᠳᠦᠯ᠂ ᠭᠡᠯᠪᠡᠷᠢ ᠨᠢ ᠴᠠᠷᠴᠠᠬᠠᠢ ᠶᠢᠨ ᠲᠦᠷᠦᠯ ᠤᠨ ᠠᠳᠠᠯᠢ ᠪᠤᠰᠤ ᠶᠢ ᠲᠠᠭᠠᠯᠳᠤᠨ ᠠᠳᠠᠯᠢ ᠦᠭᠡᠢ ᠪᠠᠶᠢᠵᠤ᠂ ᠤᠯᠠᠩᠭᠢ ᠨᠢ ᠤᠷᠳᠤᠯᠵᠢᠨ ᠤᠭᠤᠳᠠᠨ ᠭᠡᠯᠪᠡᠷᠢ ᠲᠠᠢ ᠪᠠᠶᠢᠳᠠᠭ᠃ ᠴᠠᠷᠴᠠᠬᠠᠢ ᠶᠢᠨ ᠦᠨᠳᠡᠭᠡ ᠨᠢ ᠶᠠᠷᠦᠩᠭᠡᠢ ᠳᠡᠭᠡᠨ ᠬᠤᠶᠠᠷ ᠦᠵᠦᠭᠦᠷ ᠨᠢ ᠲᠤᠭᠤᠷᠢᠭ ᠤᠷᠳᠤᠯᠵᠢᠨ ᠪᠠᠭᠠᠨ᠎ᠠ ᠶᠢᠨ ᠭᠡᠯᠪᠡᠷᠢ ᠲᠠᠢ᠂ ᠪᠠᠭ᠎ᠠ ᠨᠤᠮᠤᠳ᠋ᠬᠠᠰᠠᠨ 3~10mm ᠤᠷᠳᠤ᠂ ᠳ᠋ᠢᠶᠠᠮᠧᠲᠷ ᠨᠢ 0.5~0.8mm ᠪᠠᠶᠢᠳᠠᠭ᠃ ᠪᠡᠶᠡᠯᠡᠭᠰᠡᠨ ᠬᠤᠷᠤᠬᠠᠢ ᠶᠢᠨ ᠭᠡᠯᠪᠡᠷᠢ ᠲᠦᠷᠰᠤ ᠨᠢ ᠤᠯᠠᠨ ᠶᠠᠩᠵᠤ ᠲᠠᠢ ᠪᠠᠶᠢᠳᠠᠭ᠃ ᠨᠢᠭᠦᠯᠳᠦ ᠴᠠᠷᠴᠠᠬᠠᠢ ᠪᠤᠯ ᠵᠢᠯ ᠳᠤ ᠨᠢᠭᠡ ᠤᠳᠠᠭ᠎ᠠ ᠦᠷᠡᠵᠢᠳᠡᠭ᠂ ᠵᠠᠷᠢᠮ ᠭᠠᠵᠠᠷ ᠲᠤ ᠬᠤᠶᠠᠷ ᠤᠳᠠᠭ᠎ᠠ ᠦᠷᠡᠵᠢᠳᠡᠭ ᠪᠤᠢ᠃ ᠡᠪᠤᠯᠵᠢᠭ᠍ᠰᠡᠨ ᠦᠨᠳᠡᠭᠡ ᠨᠢ ᠶᠡᠭᠡ ᠲᠦᠯᠤᠪ ᠲᠠᠪᠤ᠂ ᠵᠢᠷᠭᠤᠭᠠᠨ ᠰᠠᠷ᠎ᠠ ᠳᠤ ᠨᠠᠪᠴᠢᠵᠤ᠂ ᠨᠢᠯᠬ᠎ᠠ ᠲᠠᠪᠭᠡᠷᠭᠡ ᠨᠢ 30~40 ᠬᠤᠨᠤᠭ ᠲᠤ ᠪᠤᠶᠢᠵᠢᠵᠤ᠂ ᠠᠷᠠᠰᠤ ᠨᠢ ᠭᠡᠳᠦᠨᠳᠡ ᠬᠤᠨ᠋ᠠᠵᠢᠷᠠᠵᠤ ᠪᠡᠶᠡᠯᠡᠭᠰᠡᠨ ᠬᠤᠷᠤᠬᠠᠢ ᠪᠤᠯᠳᠠᠭ᠃ 7~8 ᠳ᠋ᠤᠭᠠᠷ ᠰᠠᠷ᠎ᠠ ᠳᠤ ᠪᠡᠶᠡᠯᠡᠭᠰᠡᠨ ᠬᠤᠷᠤᠬᠠᠢ ᠨᠢ ᠪᠡᠯᠭᠡ ᠬᠠᠷᠢᠴᠠᠬᠤ ᠪᠠᠷ ᠲᠠᠮᠵᠢᠨ ᠦᠨᠳᠡᠭᠡᠯᠡᠵᠤ
ᠲᠠᠷᠠᠭ᠎ᠠ ᠪᠠᠷ ᠨᠢ ᠦᠭᠦᠴᠢᠭᠡᠳᠡᠭ᠃ ᠴᠠᠷᠴᠠᠬᠠᠢ ᠶᠢᠨ ᠪᠡᠶᠡᠵᠢᠭᠦ ᠬᠤᠭᠤᠴᠠᠭ᠎ᠠ ᠨᠢ ᠶᠠᠷᠦᠩᠭᠡᠢ ᠳᠡᠭᠡᠨ 30~50 ᠬᠤᠨᠤᠭ ᠪᠠᠶᠢᠳᠠᠭ᠃ ᠨᠢᠭᠦᠯᠳᠦ ᠴᠠᠷᠴᠠᠬᠠᠢ ᠶᠢᠨ ᠲᠦᠷᠦᠯ ᠨᠢ ᠮᠠᠰᠢ ᠤᠯᠠᠨ᠂ ᠡᠯ᠎ᠡ ᠭᠠᠵᠠᠷ ᠤᠨ ᠤᠷᠴᠢᠨ ᠲᠤᠭᠤᠷᠢᠨ ᠪᠤᠳᠤᠯᠢᠶᠠᠠᠳᠠᠢ᠂ ᠠᠭᠤᠷ ᠠᠮᠢᠰᠬᠤᠯ ᠤᠨ ᠵᠦᠷᠢᠶ᠎ᠠ ᠴᠤ ᠶᠡᠭᠡ ᠪᠠᠶᠢᠳᠠᠭ ᠪᠤᠯᠬᠤᠷ ᠡᠯ᠎ᠡ ᠭᠠᠵᠠᠷ ᠲᠤ ᠨᠢᠭᠦᠯᠳᠦ ᠴᠠᠷᠴᠠᠬᠠᠢ ᠶᠢᠨ ᠢᠯᠡᠷᠡᠭᠦ ᠴᠠᠭ ᠬᠤᠭᠤᠴᠠᠭ᠎ᠠ ᠨᠢ ᠪᠦᠷᠢᠮᠦᠰᠤᠨ ᠠᠳᠠᠯᠢ ᠦᠭᠡᠢ ᠶᠤᠮ᠃ ᠦᠷᠭᠦᠯᠵᠢ ᠭᠡᠷᠡᠭᠯᠡᠭᠦ ᠡᠮ ᠪᠤᠯ ᠷᠦᠢ ᠶᠢᠨ ᠲᠧ ︵锐劲特︶᠂ ᠮᠠᠶᠢᠰᠢᠶᠤᠨ ︵马拉硫磷︶ ᠵᠡᠷᠭᠡ ᠡᠮ ᠪᠤᠯᠤᠨ᠎ᠠ᠃

       ︵2︶ ᠨᠠᠪᠴᠢᠨ ᠦᠳᠤ

      ᠭᠦᠨᠦᠭᠡᠯ ᠤᠨ ᠰᠢᠨᠵᠢ᠄ ᠨᠠᠪᠴᠢᠨ ᠦᠳᠤ ᠪᠤᠯ ᠨᠠᠪᠴᠢᠨ ᠤ ᠭᠠᠳᠠᠷ ᠬᠠᠯᠢᠰᠤᠨ ᠤ ᠲᠤᠤᠷ᠎ᠠ ᠨᠢᠭᠤᠠᠠᠳᠠᠨ ᠮᠠᠷᠠᠨ ᠢᠳᠡᠵᠤ᠂ ᠨᠠᠪᠴᠢ ᠶᠢ ᠬᠠᠵᠠᠨ ᠰᠢᠷᠠᠯᠠᠭᠤᠯᠵᠤ᠂ ᠭᠡᠷᠡᠯ ᠤᠨ ᠨᠡᠶᠢᠯᠡᠯᠭᠡ ᠶᠢᠨ ᠦᠢᠯᠡᠳᠦᠯ ᠢ ᠨᠦᠯᠦᠭᠡᠯᠡᠵᠤ᠂ ᠬᠤᠷᠢᠶᠠᠯᠳᠠ ᠶᠢ ᠬᠠᠰᠤᠠᠠᠳᠠᠭᠤᠯᠳᠠᠭ᠃ ᠡᠨᠡ ᠪᠤᠯ ᠦᠷᠭᠦᠯᠵᠢ ᠬᠠᠷᠬᠠᠳᠠᠳᠠᠭ ᠴᠠᠷᠭᠠᠰᠤ ᠶᠢᠨ ᠭᠦᠨᠦᠭᠡᠯᠳᠤ ᠬᠤᠷᠤᠬᠠᠢ ᠶᠢᠨ ᠨᠢᠭᠡ ᠨᠢ ᠪᠤᠯᠤᠨ᠎ᠠ᠃ ᠢᠯᠠᠩᠭᠤᠶ᠎ᠠ ᠸᠠᠨᠳ᠋ᠸᠤ ᠶᠢᠨ ᠨᠠᠪᠴᠢᠨ ᠦᠳᠤ ᠪᠤᠯ 4~5 ᠳ᠋ᠤᠭᠠᠷ ᠰᠠᠷ᠎ᠠ ᠳᠤ ᠪᠤᠷᠤ ᠴᠠᠷᠭᠠᠰᠤ ᠶᠢ ᠭᠦᠨᠦᠭᠡᠭᠦ ᠨᠢ ᠲᠤᠩ ᠭᠦᠨᠳᠤ ᠨᠤᠴᠢᠳᠠᠢ ᠪᠠᠶᠢᠵᠤ᠂ ᠰᠠᠭᠤᠷᠢ ᠶᠢ ᠭᠦᠨᠦᠭᠡᠭᠰᠡᠨ ᠨᠤᠷᠮ᠎ᠠ ᠨᠢ 15%~20% ᠳᠤ ᠭᠦᠷᠳᠡᠭ ᠪᠠᠶᠢᠨ᠎ᠠ᠃

      ᠭᠡᠮ ᠤᠨ ᠤᠠᠴᠠᠯᠢᠭ ᠨᠢ᠄ ᠪᠡᠶᠡᠯᠡᠭᠰᠡᠨ ᠦᠳᠤ ᠨᠢ ᠨᠠᠪᠴᠢᠨ ᠤ ᠨᠡᠭᠡᠳᠡᠰᠤᠨ ᠳᠤ ᠦᠨᠳᠡᠭᠡᠯᠡᠵᠤ᠂ ᠨᠢᠯᠭ᠎ᠠ ᠦᠳᠤ ᠨᠢ ᠨᠠᠪᠴᠢᠨ ᠤ ᠭᠠᠳᠠᠷ ᠬᠠᠯᠢᠰᠤᠨ ᠳᠤ ᠢᠳᠡᠰᠢ ᠡᠷᠢᠳᠡᠭ᠃ ᠡᠨᠡ ᠮᠡᠳᠤ ᠮᠡᠷᠡᠵᠤ ᠢᠳᠡᠭᠦ ᠨᠢ ᠨᠠᠪᠴᠢᠨ ᠤ ᠮᠢᠬ᠎ᠠ ᠶᠢ ᠵᠢᠵᠢᠭ ᠴᠠᠭᠠᠨ ᠮᠤᠭᠠᠢ ᠶᠢᠨ ᠭᠡᠯᠪᠡᠷᠢ ᠶᠢᠨ ᠵᠠᠮ ᠲᠠᠢ ᠪᠤᠯᠭᠠᠳᠠᠭ᠃ ᠠᠪᠠᠭᠠᠯᠳᠠᠢ ᠨᠢ ᠶᠠᠷᠦᠳᠡ ᠪᠠᠨ ᠭᠦᠷᠤᠰᠤᠨ ᠳᠤ ᠭᠡᠤᠭᠡᠯᠳᠡᠶᠢᠵᠢᠵᠤ᠂ ᠵᠠᠷᠢᠮ ᠭᠠᠵᠠᠷ ᠤᠷᠤᠨ ᠳᠤ ᠲᠠᠷᠠ ᠨᠢ ᠨᠠᠪᠴᠢᠨ ᠤ ᠵᠠᠮ ᠳᠤ ᠭᠡᠤᠭᠡᠯᠳᠡᠶᠢᠵᠢᠳᠡᠭ ᠪᠠᠶᠢᠨ᠎ᠠ᠃ ᠵᠢᠯ ᠳᠤ ᠭᠡᠳᠤ ᠤᠳᠠᠭ᠎ᠠ ᠦᠷᠡᠵᠢᠵᠤ᠂ ᠮᠠᠰᠢ ᠭᠦᠨᠳᠤ ᠭᠦᠨᠦᠭᠡᠯ ᠲᠠᠢ ᠶᠤᠮ᠃ ᠵᠠᠷᠢᠮ ᠮᠡᠳᠡᠭᠡᠯᠡᠯ ᠢ ᠦᠨᠳᠦᠰᠦᠯᠡᠪᠡᠯ ᠮᠢᠩᠭᠠᠨ ᠰᠠᠭᠤᠷᠢ ᠴᠠᠷᠭᠠᠰᠤ ᠶᠢᠨ ᠭᠠᠵᠠᠷ ᠲᠤ ᠲᠡᠭᠦᠨ ᠤ ᠨᠠᠪᠴᠢᠨ ᠤ ᠭᠦᠨᠦᠭᠡᠯ ᠤᠨ ᠨᠤᠷᠮ᠎ᠠ ᠨᠢ ᠲᠤᠮᠳᠠᠴᠢ ᠪᠠᠷ 37% ᠳᠤ ᠭᠦᠷᠴᠡᠢ᠃

      ︵3︶ ᠤᠯᠠᠭᠠᠨ ᠲᠤᠯᠤᠭᠠᠶᠢᠳᠤ ᠴᠤᠬᠤ᠂ ᠪᠠᠰᠠ ᠪᠤᠷᠴᠠᠭ ᠤᠨ ᠵᠢᠶᠠᠩᠴᠠ ᠭᠡᠳᠡᠭ᠃

      ᠡᠨᠡ ᠬᠤᠷᠤᠬᠠᠢ ᠶᠢᠨ ᠪᠡᠶ᠎ᠠ ᠶᠢᠨ ᠤᠷᠳᠤ ᠨᠢ ᠪᠠᠷᠤᠭ 1.27~2.5cm ᠤᠷᠳᠤ᠂ ᠬᠠᠷ᠎ᠠ᠂ ᠪᠤᠷᠤ᠂ ᠭᠦᠷᠡᠩ ᠦᠡᠭᠭᠡ ᠲᠠᠢ᠂ ᠵᠠᠷᠢᠮ ᠨᠢ ᠤᠳᠠᠰᠤᠨ ᠠᠷ ᠲᠠᠢ ᠪᠠᠶᠢᠳᠠᠭ᠃ ᠪᠦᠷ ᠯᠡ ᠨᠠᠷᠢᠨ ᠤᠷᠳᠤ᠂ ᠪᠠᠭᠠᠨ᠎ᠠ ᠶᠢᠨ ᠭᠡᠯᠪᠡᠷᠢ ᠲᠠᠢ᠂ ᠪᠡᠶ᠎ᠠ ᠨᠢ ᠵᠦᠭᠡᠯᠡᠨ ᠪᠤᠯᠪᠠᠷᠠᠢ ᠴᠤᠬᠤ ᠶᠢᠨ ᠲᠦᠷᠦᠯ ᠪᠤᠯᠬᠤ ᠪᠦᠭᠡᠳ ᠪᠠᠶ᠎ᠠ ᠭᠢᠭᠡᠳ ᠲᠤᠯᠤᠭᠠᠢ ᠶᠢᠨ ᠵᠠᠭᠠᠠᠠᠯᠠᠯ ᠨᠢ ᠲᠤᠳᠤᠷᠬᠠᠢ ᠪᠠᠶᠢᠳᠠᠭ᠃

      ᠭᠦᠨᠦᠭᠡᠯ ᠤᠨ ᠰᠢᠨᠵᠢ᠄ ᠪᠡᠶᠡᠯᠡᠭᠰᠡᠨ ᠴᠤᠬᠤ ᠪᠤᠯ 6~8 ᠳ᠋ᠤᠭᠠᠷ ᠰᠠᠷ᠎ᠠ ᠳᠤ ᠪᠤᠷᠴᠠᠭ ᠤᠨ ᠢᠵᠠᠭᠤᠷ ᠤᠨ ᠡᠪᠡᠰᠤ ᠪᠡᠯᠴᠢᠭᠡᠷ ᠢ ᠭᠦᠨᠳᠤ ᠨᠤᠴᠢᠳᠠᠢ ᠭᠦᠨᠦᠭᠡᠵᠤ᠂ ᠨᠠᠪᠴᠢ᠂ ᠪᠤᠭᠤᠷᠴᠠᠭ ᠢ ᠢᠳᠡᠵᠤ᠂ ᠦᠷᠡᠯᠡᠭᠦ ᠦᠭᠡᠢ ᠪᠤᠯᠭᠠᠳᠠᠭ᠃ ᠪᠡᠶᠡᠯᠡᠭᠰᠡᠨ ᠴᠤᠬᠤ ᠨᠢ ᠴᠠᠷᠭᠠᠰᠤ ᠪᠤᠯᠤᠨ ᠪᠤᠰᠤᠳ ᠮᠠᠰᠢ ᠤᠯᠠᠨ ᠲᠠᠷᠢᠮᠠᠯ ᠤᠨ ᠴᠡᠴᠡᠭ ᠨᠠᠪᠴᠢ ᠶᠢ ᠢᠳᠡᠭᠡᠳ᠂ ᠤᠷᠭᠤᠮᠠᠯ ᠢ ᠰᠦᠢᠷᠡᠮᠡᠳᠡᠬᠡᠢ᠂ ᠤᠳᠤᠢ ᠭᠡᠯᠪᠡᠷᠢ ᠲᠠᠢ ᠪᠤᠯᠭᠠᠵᠤ᠂ ᠵᠠᠷᠢᠮ ᠳᠠᠭᠠᠨ ᠶᠡᠭᠡ ᠭᠡᠮᠵᠢᠶᠠᠨ ᠤ ᠴᠤᠬᠤ ᠨᠢ ᠤᠷᠭᠤᠮᠠᠯ ᠤᠨ ᠨᠠᠪᠴᠢ ᠶᠢ ᠬᠤᠷᠤᠮᠬᠠᠨ ᠵᠠᠭᠤᠷ᠎ᠠ ᠢᠳᠡᠵᠤ ᠲᠠᠭᠤᠰᠬᠠᠳᠠᠭ᠃

      ᠤᠨᠴᠠᠯᠢᠭ ᠨᠢ ᠭᠡᠪᠡᠯ ᠨᠢᠯᠬ᠎ᠠ ᠴᠤᠬᠤ ᠨᠢ ᠭᠦᠷᠦᠰᠤᠨ ᠳᠤ ᠡᠪᠤᠯᠵᠢᠵᠤ᠂ ᠭᠡᠤᠭᠡᠯᠳᠡᠶᠢᠵᠢᠵᠤ᠂ ᠲᠠᠷᠠᠭ᠎ᠠ ᠵᠢᠯ ᠤᠨ ᠬᠠᠪᠤᠷ ᠦᠨᠳᠡᠭᠡᠯᠡᠭᠡᠳ ᠪᠡᠶᠡᠯᠡᠭᠰᠡᠨ ᠴᠤᠬᠤ ᠪᠤᠯᠳᠠᠭ᠃ ᠡᠮ᠎ᠠ ᠴᠤᠬᠤ ᠨᠢ 50 ᠠᠴᠠ ᠭᠡᠳᠦᠨ ᠵᠠᠭᠤᠨ ᠮᠦᠭᠦᠯᠢᠭ ᠦᠨᠳᠡᠭᠡᠯᠡᠵᠤ᠂ ᠶᠠᠷᠦᠳᠡ ᠪᠠᠨ ᠭᠦᠷᠤᠰᠤ ᠰᠢᠷᠤᠢ ᠶᠢᠨ ᠵᠠᠢ ᠵᠠᠪᠰᠠᠷ ᠲᠤ ᠦᠨᠳᠡᠭᠡᠯᠡᠳᠡᠭ᠃ ᠦᠨᠳᠡᠭᠡ ᠨᠢ ᠨᠠᠪᠴᠢᠭᠡᠳ ᠮᠠᠰᠢ ᠭᠦᠭᠵᠢᠶᠡᠨ ᠲᠠᠢ ᠮᠢᠬᠠᠨ ᠢᠳᠡᠰᠢ ᠲᠠᠢ ᠨᠢᠯᠬ᠎ᠠ ᠴᠤᠬᠤ ᠪᠤᠯᠵᠤ᠂ ᠵᠠᠷᠢᠮ ᠲᠦᠷᠦᠯ ᠤᠨ ᠨᠢᠯᠬ᠎ᠠ ᠴᠤᠬᠤ ᠨᠢ ᠴᠠᠷᠴᠠᠬᠠᠢ ᠪᠤᠯᠤᠨ ᠭᠦᠷᠡᠯᠵᠡᠭᠡᠨ᠎ᠡ ᠶᠢᠨ ᠦᠨᠳᠡᠭᠡ ᠶᠢ ᠢᠳᠡᠳᠡᠭ ᠪᠤᠯᠬᠤᠷ ᠪᠠᠰᠠ ᠪᠠᠭ᠎ᠠ ᠰᠠᠭ᠎ᠠ ᠲᠤᠰᠠᠳᠠᠢ ᠪᠠᠶᠢᠳᠠᠭ᠃

      ︵4︶ ᠴᠠᠷᠭᠠᠰᠤ ᠶᠢᠨ ᠴᠠᠭᠠᠨ ᠡᠷᠪᠡᠭᠡᠢ

     ᠭᠡᠯᠪᠡᠷᠢ ᠲᠦᠷᠰᠤ ᠨᠢ ᠭᠡᠪᠡᠯ ᠪᠡᠶᠡᠯᠡᠭᠰᠡᠨ ᠡᠷᠪᠡᠭᠡᠢ ᠨᠢ ᠰᠢᠷ᠎ᠠ᠂ ᠲᠠᠯᠠᠪᠴᠢ ᠨᠢ ᠬᠠᠷ᠎ᠠ ᠨᠤᠭᠤᠭᠠᠨ ᠦᠡᠭᠭᠡ ᠲᠠᠢ᠂ ᠡᠮ᠎ᠡ ᠡᠷᠪᠡᠭᠡᠢ ᠪᠦᠷᠢ ᠨᠢ ᠨᠠᠪᠴᠢᠨ ᠤ ᠭᠠᠳᠠᠷᠭᠤ ᠳᠤ 500 ᠮᠦᠭᠦᠯᠢᠭ ᠦᠨᠳᠡᠭᠡᠯᠡᠳᠡᠭ᠃

      ᠬᠡᠮ ᠤᠨ ᠤᠨᠴᠠᠯᠢᠭ᠄ ᠨᠢᠯᠬ᠎ᠠ ᠠᠪᠠᠭᠠᠯᠳᠠᠢ ᠨᠢ ᠨᠠᠪᠴᠢ ᠢᠳᠡᠵᠤ ᠨᠠᠪᠴᠢᠨ ᠭᠡᠰᠡᠭ ᠢ ᠨᠦᠭᠡᠯᠡᠳᠡᠭ᠃ ᠨᠢᠯᠬ᠎ᠠ ᠡᠷᠪᠡᠭᠡᠢ ᠨᠢ ᠪᠡᠶᠡᠯᠡᠭᠰᠡᠨ ᠤ ᠰᠡᠭᠦᠯᠡᠷ ᠨᠠᠪᠴᠢ ᠶᠢ ᠨᠢᠴᠦᠭᠦᠷᠡᠳᠡᠯ᠎ᠠ ᠢᠳᠡᠴᠢᠭᠡᠳᠡᠭ᠃
      2~3 ᠬᠤᠨᠤᠭ ᠲᠤ ᠦᠨᠳᠡᠭᠡ ᠨᠢ ᠨᠠᠪᠴᠢᠵᠤ᠂ ᠪᠠᠶ᠎ᠠ ᠶᠢᠨ ᠤᠷᠳᠤ ᠨᠢ 0.27cm᠂ ᠭᠦᠨ ᠨᠤᠭᠤᠭᠠᠨ ᠦᠡᠭᠭᠡ ᠲᠠᠢ ᠬᠤᠨ ᠭᠠᠯᠠᠭᠤᠨ ᠤ ᠨᠤᠯᠤᠤᠷ ᠤᠨ ᠭᠡᠯᠪᠡᠷᠢ ᠲᠠᠢ ᠪᠠᠶᠢᠳᠠᠭ ᠪᠦᠭᠡᠳ ᠪᠡᠶ᠎ᠡ ᠪᠠᠨ ᠲᠠᠭᠠᠭᠠᠳ ᠴᠠᠭᠠᠨ ᠰᠤᠳᠠᠰᠤ ᠲᠠᠢ ᠪᠠᠶᠢᠵᠤ᠂ ᠰᠡᠭᠦᠯᠡᠷ ᠨᠢ ᠰᠢᠷᠭᠠᠯ ᠨᠤᠭᠤᠭᠠᠨ ᠦᠡᠭᠭᠡ ᠲᠠᠢ ᠪᠤᠯᠵᠤ ᠬᠤᠪᠢᠷᠬᠠᠰᠠᠨ ᠨᠢᠴᠦᠭᠦᠨ ᠭᠡᠤᠭᠡᠯᠳᠡᠢ ᠨᠢ ᠤᠷᠭᠤᠮᠠᠯ ᠤᠨ ᠡᠰᠢᠨ ᠲᠡᠭᠡᠷ᠎ᠡ ᠨᠠᠭᠠᠯᠳᠤᠵᠤ᠂ ᠶᠠᠷᠦᠳᠡ ᠪᠠᠨ ᠡᠨᠡ ᠬᠦ ᠭᠡᠪ ᠢᠶᠠᠷ ᠢᠶᠠᠨ ᠡᠪᠤᠯᠵᠢᠳᠡᠭ ᠪᠠᠶᠢᠨ᠎ᠠ᠃ ᠭᠡᠪᠡᠴᠤ ᠵᠠᠷᠢᠮ ᠭᠠᠵᠠᠷ ᠤᠷᠤᠨ ᠳᠤ ᠵᠢᠯ ᠲᠤᠵᠢ ᠵᠠᠷᠢᠮ ᠨᠢᠯᠬ᠎ᠠ ᠡᠷᠪᠡᠭᠡᠢ ᠪᠡ ᠪᠡᠶᠡᠯᠡᠭᠰᠡᠨ ᠡᠷᠪᠡᠭᠡᠢ ᠶᠢ ᠤᠯᠵᠤ ᠬᠠᠷᠠᠳᠠᠭ ᠪᠦᠭᠡᠳ ᠠᠭᠤᠷ ᠠᠮᠢᠰᠬᠤᠯ ᠤᠨ ᠨᠦᠭᠦᠴᠡᠯ ᠢᠶᠠᠷ ᠵᠢᠯ ᠳᠤ 2~7 ᠤᠳᠠᠭ᠎ᠠ ᠦᠷᠡᠵᠢᠳᠡᠭ ᠶᠠᠪᠤᠳᠠᠯ ᠴᠤ ᠪᠤᠢ᠃

       ︵5︶ ᠨᠤᠭᠤᠭᠠᠨ ᠤ ᠵᠢᠵᠢᠭ ᠡᠷᠪᠡᠭᠡᠢ

      ᠭᠡᠯᠪᠡᠷᠢ ᠲᠦᠷᠰᠤ᠄ ᠪᠡᠶᠡᠯᠡᠭᠰᠡᠨ ᠡᠷᠪᠡᠭᠡᠢ ᠨᠢ ᠬᠠᠷ᠎ᠠ ᠦᠡᠭᠭᠡ ᠲᠠᠢ᠂ ᠪᠡᠶ᠎ᠠ ᠶᠢᠨ ᠤᠷᠳᠤ ᠨᠢ 6~7mm᠂ ᠲᠠᠯᠠᠪᠴᠢ ᠨᠢ 12~15mm ᠦᠷᠭᠡᠨ᠂ ᠡᠮᠦᠨ᠎ᠠ ᠬᠤᠶᠢᠨ᠎ᠠ ᠲᠠᠯᠠᠪᠴᠢ ᠨᠢ ᠴᠦᠮ ᠨᠠᠷᠢᠨ ᠤᠷᠳᠤᠯᠵᠢᠨ ᠭᠡᠯᠪᠡᠷᠢ ᠲᠠᠢ ᠪᠦᠭᠡᠳ ᠲᠠᠯᠠᠪᠴᠢᠨ ᠤ ᠭᠠᠳᠠᠷ ᠭᠦᠪᠡᠭᠡ ᠨᠢ ᠨᠡᠯᠢᠶᠡᠳ ᠤᠷᠳᠤ ᠨᠤᠭᠤᠭᠠᠨ ᠦᠰᠤ ᠲᠠᠢ᠂ ᠢᠯᠠᠩᠭᠤᠶ᠎ᠠ ᠲᠠᠯᠠᠪᠴᠢ ᠶᠢᠨ ᠭᠦᠪᠡᠭᠡᠨ ᠤ ᠦᠰᠤ ᠨᠢ ᠨᠡᠩ ᠤᠷᠳᠤ ᠪᠠᠶᠢᠳᠠᠭ᠃ ᠪᠡᠶᠡᠯᠡᠭᠰᠡᠨ ᠡᠷᠪᠡᠭᠡᠢ ᠵᠤᠠᠠᠰᠤᠩᠭᠤᠢ ᠦᠶ᠎ᠠ ᠳᠡᠭᠡᠨ ᠬᠤᠶᠠᠷ ᠲᠠᠯᠠᠪᠴᠢ ᠨᠢ ᠪᠠᠶ᠎ᠠ ᠪᠠᠨ ᠭᠡᠷ ᠤᠨ ᠲᠠᠭᠡᠪᠤᠷ ᠤᠨ ᠭᠡᠯᠪᠡᠷᠢ ᠲᠠᠢ ᠪᠦᠷᠭᠦᠵᠤ᠂ ᠡᠮᠦᠨ᠎ᠠ ᠲᠠᠯᠠᠪᠴᠢᠨ ᠤ ᠭᠦᠪᠡᠭᠡ ᠶᠢᠨ ᠦᠰᠤ ᠨᠢ ᠰᠡᠭᠯᠡᠶᠢᠵᠤ᠂ ᠬᠤᠶᠠᠷ ᠲᠠᠯᠠᠪᠴᠢᠨ ᠤ ᠠᠭᠤᠯᠵᠠᠭᠤᠷ ᠭᠠᠵᠠᠷ ᠨᠢ ᠠᠯᠢ ᠤᠯᠠᠨ ᠲᠦᠷᠪᠡᠯᠵᠢᠨ ᠲᠤᠯᠪᠤ ᠲᠠᠢ ᠪᠠᠶᠢᠳᠠᠭ᠃ ᠨᠢᠯᠬ᠎ᠠ ᠡᠷᠪᠡᠭᠡᠢ ᠨᠢ ᠢᠭ ᠭᠡᠯᠪᠡᠷᠢ ᠲᠠᠢ᠂ ᠬᠦᠢᠬᠡᠨ ᠨᠤᠭᠤᠭᠠᠨ ᠦᠡᠭᠭᠡ ᠲᠠᠢ᠂ ᠪᠡᠶ᠎ᠠ ᠶᠢᠨ ᠤᠷᠳᠤ ᠨᠢ 10~12mm᠂ ᠴᠡᠭᠡᠵᠢᠨ ᠤ ᠠᠷᠤ ᠬᠠᠪᠳᠠᠰᠤᠨ ᠲᠡᠭᠡᠷ᠎ᠡ ᠨᠢ ᠬᠦᠢᠬᠡᠨ ᠨᠤᠭᠤᠭᠠᠨ ᠪᠠ ᠦᠡᠭᠭᠡ ᠦᠭᠡᠢ ᠵᠢᠵᠢᠭ ᠴᠡᠭ ᠢᠶᠠᠷ ᠪᠦᠷᠢᠯᠳᠦᠭᠰᠡᠨ ᠬᠤᠶᠠᠷ ᠰᠤᠳᠠᠰᠤ ᠲᠠᠢ ᠪᠠᠶᠢᠳᠠᠭ᠃ ᠪᠠᠶ᠎ᠠ ᠶᠢᠨ ᠡᠯ᠎ᠡ ᠦᠶ᠎ᠠ ᠨᠢ ᠤᠷᠳᠤ ᠮᠦᠷᠳᠡᠭᠡᠨ ᠨᠠᠷᠢᠨ ᠦᠰᠤ ᠲᠠᠢ᠂ ᠭᠦᠯ ᠤᠨ ᠰᠤᠨᠤᠯᠳᠠ ᠨᠢ ᠤᠷᠤᠠᠠᠰᠢ ᠬᠤᠶᠢᠰᠢ ᠪᠡᠶ᠎ᠡ ᠠᠴᠠ ᠪᠠᠨ ᠭᠡᠳᠦᠷᠡᠵᠤ ᠪᠠᠶᠢᠳᠠᠭ᠃

   ᠭᠡᠮ ᠤᠨ ᠤᠨᠴᠠᠯᠢᠭ᠄ ᠬᠠᠷᠠᠮᠦ᠋ᠷᠡᠨ ᠳᠤ ᠵᠢᠯ ᠳᠤ 3~4 ᠤᠳᠠᠭ᠎ᠠ ᠦᠷᠡᠵᠢᠵᠤ᠂ ᠠᠪᠠᠭᠠᠯᠳᠠᠢ ᠨᠢ ᠨᠠᠷᠨ ᠲᠤᠰᠬᠤ ᠵᠡᠷᠡᠮᠳᠡᠭ ᠤᠷᠭᠤᠮᠠᠯ ᠤᠨ ᠨᠠᠪᠴᠢ ᠪᠤᠶᠤ ᠰᠤᠯᠠ ᠡᠪᠡᠰᠤᠨ ᠳᠤ ᠡᠪᠤᠯᠵᠢᠳᠡᠭ ᠪᠠᠶᠢᠨ᠎ᠠ᠃ ᠲᠠᠷᠠᠭ᠎ᠠ ᠬᠠᠪᠤᠷ ᠨᠢ ᠭᠡᠤᠭᠡᠯᠳᠡᠢ ᠨᠢ ᠨᠠᠪᠴᠢᠨ ᠬᠤᠷᠤᠬᠠᠢ ᠪᠦᠳᠦᠭᠡᠳ ᠪᠡᠶᠡᠯᠡᠭᠰᠡᠨ ᠬᠤᠷᠤᠬᠠᠢ ᠨᠢ 5 ᠳ᠋ᠤᠭᠠᠷ ᠰᠠᠷ᠎ᠠ ᠶᠢᠨ ᠲᠤᠮᠳᠠᠴᠢ ᠪᠠᠷ ᠢᠯᠡᠷᠡᠵᠤ ᠭᠠᠷᠳᠠᠭ᠂ ᠪᠡᠶᠡᠯᠡᠭᠰᠡᠨ ᠬᠤᠷᠤᠬᠠᠢ ᠶᠢᠨ ᠨᠢᠰᠭᠦ ᠭᠦᠴᠤᠨ ᠨᠢ ᠪᠠᠭᠤᠷᠠᠢ ᠵᠦᠪᠭᠡᠨ ᠤᠷᠭᠤᠮᠠᠯ ᠤᠨ ᠬᠤᠭᠤᠷᠤᠨᠳᠤ ᠲᠤᠤᠭᠤᠷ ᠤᠬᠤᠷᠬᠠᠨ ᠵᠠᠢ ᠳᠤ ᠨᠢᠰᠳᠡᠭ᠃ ᠡᠮ᠎ᠡ ᠡᠷᠪᠡᠭᠡᠢ ᠨᠢ ᠨᠠᠪᠴᠢᠨ ᠤ ᠠᠷᠤ ᠪᠤᠶᠤ ᠵᠢᠷᠦᠭᠡᠨ ᠨᠠᠪᠴᠢᠨ ᠲᠡᠭᠡᠷ᠎ᠡ ᠦᠨᠳᠡᠭᠡᠯᠡᠵᠤ᠂ ᠦᠨᠳᠡᠭᠡ ᠨᠢ 3~5 ᠬᠤᠨᠤᠭ ᠲᠤ ᠨᠠᠪᠴᠢᠨ ᠨᠢᠯᠬ᠎ᠠ ᠡᠷᠪᠡᠭᠡᠢ ᠪᠤᠯᠳᠠᠭ᠃ ᠨᠤᠭᠤᠭᠠᠨ ᠤ ᠵᠢᠵᠢᠭ ᠡᠷᠪᠡᠭᠡᠢ ᠨᠢ ᠤᠯᠠᠨ ᠭᠡᠯᠪᠡᠷᠢ ᠲᠦᠷᠰᠤ ᠲᠠᠢ ᠪᠠᠶᠢᠳᠠᠭ ᠪᠦᠭᠡᠳ ᠭᠦᠨᠦᠭᠡᠯ ᠤᠨ ᠬᠤᠭᠤᠴᠠᠭ᠎ᠠ ᠨᠢ ᠴᠤ ᠮᠠᠰᠢ ᠤᠷᠳᠤ ︵6~8 ᠰᠠᠷ᠎ᠠ ᠶᠢᠨ ᠬᠤᠭᠤᠷᠤᠨᠳᠦ︶ ᠪᠠᠶᠢᠳᠠᠭ᠃ ᠲᠠᠷᠠᠴᠢᠯᠡᠨ ᠲᠤᠰ ᠡᠷᠪᠡᠭᠡᠢ ᠪᠤᠯ ᠬᠠᠷ᠎ᠠ ᠳ᠋ᠧᠩ᠂ ᠴᠡᠭᠡᠨ ᠳ᠋ᠧᠩ ᠤᠨ ᠭᠡᠷᠡᠯ ᠳᠤ ᠮᠠᠰᠢ ᠰᠡᠳᠤᠯᠳᠡ ᠲᠠᠢ ᠪᠠᠶᠢᠳᠠᠭ᠃

        ︵6︶ ᠴᠠᠷᠭᠠᠰᠤᠨ ᠢᠳᠤᠭᠠᠨ

       ᠭᠡᠯᠪᠡᠷᠢ ᠲᠦᠷᠰᠤ ᠶᠢᠨ ᠤᠨᠴᠠᠯᠢᠭ᠄ ᠪᠡᠶ᠎ᠠ ᠶᠢᠨ ᠤᠷᠳᠤ ᠨᠢ 15mm᠂ ᠲᠠᠯᠠᠪᠴᠢ ᠶᠢᠨ ᠲᠡᠯᠭᠡᠴᠡ ᠨᠢ 30~35mm᠂ ᠡᠮᠦᠨ᠎ᠠ ᠲᠠᠯᠠᠪᠴᠢ ᠨᠢ ᠰᠢᠷᠭᠠᠯ ᠨᠤᠭᠤᠭᠠᠨ᠂ ᠵᠠᠷᠢᠮ ᠦᠶ᠎ᠠ ᠳᠤ ᠴᠠᠶᠢᠪᠤᠷ ᠭᠦᠷᠡᠩ᠂ ᠲᠤᠮᠳᠠ ᠭᠡᠰᠡᠭ ᠨᠢ ᠦᠷᠭᠡᠨ ᠪᠦᠭᠡᠳ ᠭᠦᠨ ᠭᠦᠨᠳᠡᠯᠡᠨ ᠵᠢᠷᠤᠭᠠᠰᠤ ᠲᠠᠢ᠂ ᠪᠦᠭᠡᠷ᠎ᠡ ᠶᠢᠨ ᠭᠡᠯᠪᠡᠷᠢ ᠪᠦᠭᠦᠢ ᠰᠤᠳᠠᠰᠤ ᠨᠢ ᠭᠦᠨ ᠦᠡᠭᠭᠡ ᠲᠠᠢ ᠪᠠᠶᠢᠳᠠᠭ᠃ ᠬᠤᠶᠢᠨ᠎ᠠ ᠲᠠᠯᠠᠪᠴᠢ ᠨᠢ ᠰᠢᠷᠭᠠᠯ᠂ ᠭᠦᠪᠡᠭᠡ ᠶᠢᠨ ᠭᠡᠰᠡᠭ ᠨᠢ ᠬᠠᠷ᠎ᠠ᠂ ᠵᠢᠷᠦᠭᠡᠨ ᠭᠡᠯᠪᠡᠷᠢ ᠪᠦᠭᠦᠢ ᠭᠦᠷᠡᠩ ᠲᠤᠯᠪᠤ ᠲᠠᠢ᠂ ᠲᠠᠯᠠᠪᠴᠢᠨ ᠤ ᠤᠭ ᠨᠢ ᠬᠠᠷ᠎ᠠ᠂ ᠲᠤᠮᠳᠠ ᠨᠢ ᠬᠠᠷ᠎ᠠ ᠲᠤᠯᠪᠤ ᠲᠠᠢ᠂ ᠭᠦᠪᠡᠭᠡ ᠶᠢᠨ ᠦᠰᠤ ᠨᠢ ᠰᠢᠷᠠᠪᠳᠤᠷ ᠦᠡᠭᠭᠡ ᠲᠠᠢ᠂ ᠠᠩᠬ᠎ᠠ ᠦᠨᠳᠡᠭᠡᠯᠡᠭᠰᠡᠨ ᠦᠨᠳᠡᠭᠡ ᠨᠢ ᠴᠠᠭᠠᠨ ᠪᠠᠶᠢᠵᠤ ᠰᠡᠭᠦᠯᠳᠡᠭᠡᠳ ᠰᠢᠷᠭᠠᠯ ᠪᠤᠯᠵᠤ ᠪᠦᠮᠪᠤᠷᠢᠭᠡᠨ ᠭᠡᠯᠪᠡᠷᠢ ᠲᠠᠢ ᠪᠦᠭᠡᠳ ᠰᠠᠭᠤᠷᠢ ᠨᠢ ᠲᠡᠭᠰᠢ᠂ ᠲᠤᠭᠤᠷᠢᠭᠠᠳ ᠭᠤᠯᠳᠤ ᠭᠡ ᠪᠠ ᠭᠦᠨᠳᠡᠯᠡᠨ ᠵᠢᠷᠤᠭᠠᠰᠤ ᠲᠠᠢ ᠪᠠᠶᠢᠳᠠᠭ᠃ ᠨᠢᠯᠬ᠎ᠠ ᠢᠳᠤᠭᠠᠨ ᠤ ᠲᠤᠯᠤᠭᠠᠢ ᠨᠢ ᠰᠢᠷ᠎ᠠ ᠪᠦᠭᠡᠳ ᠬᠠᠷ᠎ᠠ ᠲᠤᠯᠪᠤ ᠲᠠᠢ᠂ 5~7 ᠲᠤᠯᠪᠤ ᠨᠢ ᠨᠢᠭᠡᠨ ᠪᠦᠯᠦᠭ ᠪᠤᠯᠵᠤ᠂ ᠲᠤᠮᠳᠡᠭᠢ ᠲᠤᠯᠪᠤ ᠨᠤᠭᠤᠳ ᠨᠢ ᠭᠢᠳᠡᠳ ᠦᠰᠦᠭ ᠤᠨ ᠨᠡᠢᠮᠡ ᠶᠢᠨ ᠭᠡᠯᠪᠡᠷᠢ ᠲᠠᠢ ᠪᠠᠶᠢᠳᠠᠭ᠃ ᠪᠡᠶ᠎ᠠ ᠶᠢᠨ ᠦᠡᠭᠭᠡ ᠶᠢᠨ ᠬᠤᠪᠢᠷᠠᠯᠳᠠ ᠨᠢ ᠶᠡᠭᠡ᠂ ᠭᠡᠪᠡᠴᠤ ᠶᠠᠷᠦᠩᠭᠡᠢ ᠳᠡᠭᠡᠨ ᠰᠢᠷ᠎ᠠ ᠨᠤᠭᠤᠭᠠᠨ ᠦᠡᠭᠭᠡ ᠪᠠᠷ ᠭᠤᠤᠯᠯᠠᠵᠤ᠂ ᠲᠡᠭᠡᠷ᠎ᠡ ᠨᠢ ᠬᠠᠷ᠎ᠠ ᠦᠡᠭᠭᠡ ᠶᠢᠨ ᠭᠤᠯᠳᠤ ᠵᠢᠷᠤᠭᠠᠰᠤ ᠲᠠᠢ᠂ ᠨᠢᠯᠬ᠎ᠠ ᠢᠳᠤᠭᠠᠨ ᠤ ᠪᠡᠶ᠎ᠠ ᠶᠢᠨ ᠤᠷᠳᠤ ᠨᠢ 40mm᠂ ᠭᠡᠤᠭᠡᠯᠳᠡᠢ ᠨᠢ ᠬᠦᠢᠬᠡᠨ ᠭᠦᠷᠡᠩ ᠦᠡᠭᠭᠡ ᠲᠠᠢ᠂ ᠰᠡᠭᠦᠯ ᠤᠨ ᠭᠡᠰᠡᠭ ᠨᠢ ᠦᠰᠤ ᠲᠠᠢ᠂ ᠵᠢᠯ ᠪᠦᠷᠢ ᠳᠤ ᠬᠤᠶᠠᠷ ᠤᠳᠠᠭ᠎ᠠ ᠦᠷᠡᠵᠢᠵᠤ᠂ ᠭᠡᠤᠭᠡᠯᠳᠡᠢ ᠨᠢ ᠭᠦᠷᠦᠰᠤᠨ ᠳᠤ ᠡᠪᠤᠯᠵᠢᠵᠤ᠂ ᠠᠩᠬᠠᠳ᠋ᠬᠠᠴᠢ ᠪᠡᠶᠡᠯᠡᠭᠰᠡᠨ ᠢᠳᠤᠭᠠᠨ ᠨᠢ ᠬᠠᠪᠤᠷ ᠤᠨ ᠰᠡᠭᠦᠯᠴᠢ ᠵᠤᠨ ᠤ ᠡᠭᠢᠨ ᠢᠶᠠᠷ ᠭᠦᠳᠡᠯᠵᠤ᠂ ᠡᠯ᠎ᠡ ᠲᠦᠷᠦᠯ ᠤᠨ ᠤᠷᠭᠤᠮᠠᠯ ᠤᠨ ᠨᠠᠪᠴᠢ ᠪᠠ ᠴᠠᠴᠡᠭ ᠤᠨ ᠲᠡᠭᠡᠷ᠎ᠠ ᠦᠨᠳᠡᠭᠡᠯᠡᠳᠡᠭ᠃ ᠨᠢᠯᠬ᠎ᠠ ᠢᠳᠤᠭᠠᠨ ᠨᠢ ᠪᠤᠯ ᠰᠤᠴᠢᠮᠠᠳᠠᠭᠠᠢ ᠪᠦᠭᠡᠳ ᠦᠰᠤᠷᠴᠤ ᠲᠡᠭᠳᠡᠳᠡᠭ᠃

       ︵7︶ ᠰᠢᠷᠤᠢ ᠶᠢᠨ ᠭᠦᠷᠢ

       ᠭᠦᠨᠦᠭᠡᠯ ᠤᠨ ᠰᠢᠨᠵᠢ᠄ ᠤᠷᠭᠤᠮᠠᠯ ᠤᠨ ᠡᠰᠢ ᠪᠠ ᠨᠠᠪᠴᠢᠨ ᠪᠠᠷᠢᠭᠤᠯ ᠢ ᠭᠡᠮᠡᠯᠢᠵᠤ ᠮᠡᠷᠡᠭᠦ ᠶᠢᠨ ᠬᠠᠮᠳᠤ ᠦᠨᠳᠤᠰᠤᠨ ᠤ ᠲᠡᠭᠡᠷ᠎ᠡ ᠲᠠᠯ᠎ᠠ ᠳᠤ ᠡᠭᠦᠷᠯᠡᠳᠡᠭ᠃ ᠬᠠᠶᠢᠷᠰᠤᠳᠤ ᠲᠠᠯᠠᠪᠴᠢᠳᠡᠨ ᠤ ᠪᠠᠭ ᠤᠨ
ᠢᠳᠤᠭᠠᠨ ᠤ ᠢᠵᠠᠭᠤᠷ ᠲᠤ ᠬᠠᠷᠢᠶᠠᠯᠬᠠᠳᠠᠨ᠎ᠠ᠃

       ᠤᠨᠴᠠᠯᠢᠭ᠄ ᠡᠳᠡᠭᠡᠷ ᠢᠳᠤᠭᠠᠨ ᠤ ᠲᠦᠷᠦᠯ ᠨᠢ ᠶᠠᠷᠦᠳᠡ ᠪᠠᠨ ᠭᠡᠷᠡᠯ ᠳᠤ ᠲᠠᠳ᠋ᠬᠠᠳᠠᠵᠤ᠂ ᠠᠪᠠᠭᠠᠯᠳᠠᠢ ᠨᠢ ᠵᠠᠭᠠᠨ ᠤ ᠰᠢᠨᠵᠢ ᠲᠠᠢ᠂ ᠤᠷᠳᠤ ᠨᠢ 2.5~3.8cm᠂  ᠭᠦᠯᠢᠭᠡᠷ᠂ ᠭᠦᠷᠡᠩ᠂ ᠦᠨᠡᠰᠤᠨ ᠦᠡᠭᠭᠡ ᠪᠡ ᠬᠠᠷᠠᠪᠳᠤᠷ ᠦᠡᠭᠭᠡ ᠲᠠᠢ ᠪᠠᠶᠢᠵᠤ᠂ ᠰᠤᠳᠠᠰᠤ ᠪᠤᠶᠤ ᠲᠤᠯᠪᠤ ᠲᠠᠢ ᠪᠠᠶᠢᠳᠠᠭ᠃ ᠤᠯᠠᠩᠭᠢ ᠰᠢᠷᠤᠢ ᠶᠢᠨ ᠭᠦᠷᠢ ᠨᠢ ᠨᠢᠯᠬ᠎ᠠ ᠭᠦᠷᠢ ᠶᠢᠨ ᠪᠤᠶᠢᠵᠢᠯᠳᠡ ᠶᠢᠨ ᠦᠶ᠎ᠠ ᠳᠡᠭᠡᠨ ᠡᠪᠤᠯᠵᠢᠵᠤ᠂ ᠲᠠᠷᠠᠭ᠎ᠠ ᠬᠠᠪᠤᠷ ᠨᠢ ᠦᠷᠭᠦᠯᠵᠢᠯᠡᠨ ᠢᠳᠡᠰᠢ ᠡᠷᠢᠳᠡᠭ᠃ ᠠᠪᠠᠭᠠᠯᠳᠠᠢ ᠨᠢ ᠤᠯᠠᠩᠭᠢ ᠳᠠᠭᠠᠨ ᠰᠦᠨᠢ ᠢᠳᠡᠰᠢ ᠡᠷᠢᠵᠤ᠂ ᠡᠳᠤᠷ ᠨᠢ ᠵᠡᠷᠡᠮᠳᠡᠭ ᠰᠠᠯᠠᠭ᠎ᠠ ᠮᠦᠴᠢᠷ ᠤᠨ ᠨᠠᠪᠴᠢᠨ ᠲᠤᠤᠷ᠎ᠠ ᠨᠢᠭᠤᠠᠠᠳᠠᠳᠠᠭ᠃ ᠵᠠᠷᠢᠮ ᠨᠢ ᠵᠦᠪᠭᠡᠨ ᠨᠠᠪᠴᠢ ᠶᠢ ᠨᠢ ᠢᠳᠡᠳᠡᠭ᠃ ᠶᠠᠷᠦᠩᠭᠡᠢ ᠳᠡᠭᠡᠨ ᠵᠢᠯ ᠳᠤ ᠨᠢᠬᠡ ᠯᠠ ᠤᠳᠠᠭ᠎ᠠ ᠦᠷᠡᠵᠢᠵᠤ᠂ ᠰᠢᠷ᠎ᠠ ᠭᠦᠷᠢ ᠪᠤᠯ ᠵᠢᠯ ᠳᠤ 2~3 ᠤᠳᠠᠭ᠎ᠠ ᠦᠷᠡᠵᠢᠳᠡᠭ ᠪᠠᠶᠢᠨ᠎ᠠ᠃

       ︵8︶ ᠨᠢᠶᠠᠨ ᠢᠳᠤᠭᠠᠨ

      ᠭᠡᠯᠪᠡᠷᠢ ᠲᠦᠷᠰᠤ ᠶᠢᠨ ᠤᠨᠴᠠᠯᠢᠭ᠄ ᠪᠠᠶᠡᠯᠡᠭᠰᠡᠨ ᠢᠳᠤᠭᠠᠨ᠂ ᠦᠨᠳᠡᠭᠡ᠂ ᠠᠪᠠᠭᠠᠯᠳᠠᠢ ᠪᠠ ᠭᠡᠤᠭᠡᠯᠳᠡᠢ ᠵᠡᠷᠭᠡ ᠲᠦᠷᠪᠡᠨ ᠲᠦᠷᠰᠤ ᠲᠠᠢ ᠪᠠᠶᠢᠵᠤ᠂ ᠬᠤᠯᠠ ᠨᠢᠰᠭᠦ ᠵᠠᠩᠰᠢᠯ ᠲᠠᠢ ᠪᠦᠭᠡᠳ ᠨᠢᠰᠦᠯᠳᠡ ᠶᠢᠨ ᠵᠠᠢ ᠨᠢ 1200km ᠲᠤ ᠭᠦᠷᠳᠡᠭ᠃ ᠦᠷᠡᠵᠢᠯ ᠤᠨ ᠴᠢᠳᠠᠪᠤᠷᠢ ᠪᠠᠷ ᠰᠠᠶᠢᠨ᠂ ᠨᠢᠭᠡᠨ ᠡᠮ᠎ᠡ ᠢᠳᠤᠭᠠᠨ 1000~2000 ᠦᠨᠳᠡᠭᠡᠯᠡᠨ᠎ᠡ᠃ ᠬᠠᠷ᠎ᠠ ᠦᠡᠭᠭᠡ ᠶᠢᠨ ᠳ᠋ᠧᠩ ᠤᠨ ᠭᠡᠷᠡᠯ ᠳᠤ ᠡᠭᠡᠯᠢᠳᠡᠢ᠃ ᠰᠢᠭᠢᠷ᠂ ᠠᠷᠢᠭᠢ᠂ ᠭᠦᠴᠢᠯ ᠤᠨ ᠰᠢᠩᠭᠡᠨ ᠳᠤ ᠲᠤᠷᠠᠳᠠᠢ᠂ ᠡᠪᠡᠰᠤ ᠲᠠᠷᠢᠶᠠᠨ ᠳᠤ ᠪᠠᠬ᠎ᠠ ᠲᠠᠢ ᠪᠦᠭᠡᠳ ᠲᠡᠭᠦᠨ ᠤ ᠲᠡᠭᠡᠷ᠎ᠡ ᠦᠨᠳᠡᠭᠡᠯᠡᠭᠦ ᠵᠠᠩᠰᠢᠯ ᠲᠠᠢ᠂ ᠠᠪᠠᠭᠠᠯᠳᠠᠢ ᠨᠢ 6 ᠰᠠᠷ᠎ᠠ ᠶᠢᠨ ᠬᠤᠭᠤᠴᠠᠭ᠎ᠠ ᠲᠠᠢ᠂ ᠲᠦᠷᠦᠭᠦᠤ ᠭᠤᠷᠪᠡᠨ ᠰᠠᠷ᠎ᠠ ᠳᠠᠭᠠᠨ ᠪᠦᠯᠦᠭᠯᠡᠨ ᠭᠦᠨᠦᠭᠡᠯ ᠲᠠᠷᠢᠵᠤ᠂ ᠵᠢᠷᠭᠤᠭᠠᠨ ᠰᠠᠷ᠎ᠠ ᠶᠢᠨ ᠲᠠᠷᠠᠭ᠎ᠠ ᠭᠦᠷᠦᠰᠤᠨ ᠳᠤ ᠰᠢᠷᠭᠤᠵᠤ
ᠭᠡᠤᠭᠡᠯᠳᠡᠶᠢᠵᠢᠳᠡᠭ᠃ ᠶᠡᠭᠡᠨᠭᠭᠢ ᠡᠪᠡᠰᠤ ᠪᠠᠯᠴᠢᠭᠡᠷ ᠲᠤ ᠭᠢᠭᠰᠡᠨ ᠪᠠᠶᠢᠴᠠᠭᠠᠯᠳᠠ ᠶᠢ ᠦᠨᠳᠦᠰᠦᠯᠡᠪᠡᠯ 6~7 ᠳ᠋ᠤᠭᠠᠷ ᠰᠠᠷ᠎ᠠ ᠪᠤᠯ ᠬᠤᠶᠠᠳᠤᠭᠠᠷ ᠦᠶ᠎ᠠ ᠶᠢᠨ ᠨᠢᠶᠠᠨ ᠢᠳᠤᠭᠠᠨ ᠤ ᠭᠦᠨᠦᠭᠡᠯ ᠢᠶᠠᠷ ᠬᠠᠮᠤᠭ ᠤᠨ ᠭᠦᠨᠳᠤ ᠨᠤᠴᠢᠳᠡᠢ ᠬᠤᠭᠤᠴᠠᠭ᠎ᠠ ᠪᠤᠯᠤᠨ᠎ᠠ᠃

      ᠲᠤᠰ ᠢᠳᠤᠭᠠᠨ ᠪᠤᠯ ᠬᠠᠶᠢᠷᠰᠤᠳᠤ ᠲᠠᠯᠠᠪᠴᠢᠳᠡᠨ ᠤ ᠪᠠᠭ᠂ ᠢᠳᠤᠭᠠᠨ ᠤ ᠢᠵᠠᠭᠤᠷ ᠲᠤ ᠬᠠᠷᠢᠶᠠᠯᠬᠠᠳᠠᠨ᠎ᠠ᠃

      ᠭᠡᠮ ᠤᠨ ᠤᠨᠴᠠᠯᠢᠭ᠄ ᠨᠢᠶᠠᠨ ᠢᠳᠤᠭᠠᠨ ᠨᠠᠪᠴᠢᠭ᠍ᠰᠡᠨ ᠤ ᠪᠠᠨ ᠲᠠᠷᠠᠭ᠎ᠠ ᠲᠠᠷᠦ᠋ᠢᠬᠠᠨ ᠭᠠᠳ᠋ᠬᠠᠰᠢ ᠰᠢᠯᠵᠢᠵᠤ᠂ ᠲᠤᠬᠠᠢ ᠶᠢᠨ ᠭᠠᠵᠠᠷ ᠤᠨ ᠡᠪᠤᠯᠵᠢᠭ᠍ᠰᠡᠨ ᠨᠢᠶᠠᠨ ᠢᠳᠤᠭᠠᠨ ᠪᠤᠯᠤᠨ ᠨᠢᠰᠴᠤ ᠢᠷᠡᠭᠰᠡᠨ ᠨᠢᠶᠠᠨ ᠢᠳᠤᠭᠠᠨ ᠲᠠᠢ ᠬᠤᠯᠢᠯᠳᠤᠭᠠᠳ᠂ ᠢᠳᠤᠭᠠᠨ ᠤ ᠦᠨᠳᠡᠭᠡ ᠨᠢ ᠠᠳᠠᠯᠢ ᠬᠤᠭᠤᠴᠠᠭᠠᠨ ᠳᠤ ᠬᠠᠮᠤᠭ ᠤᠨ ᠶᠡᠭᠡ ᠢᠯᠡᠷᠡᠳᠡᠭ᠃ ᠮᠠᠨ ᠤᠨ ᠤᠯᠤᠰ ᠤᠨ ᠡᠮᠦᠨᠡᠳᠤ ᠤᠷᠤᠨ 6~7 ᠳ᠋ᠤᠭᠠᠷ ᠰᠠᠷ᠎ᠠ ᠳᠤ ᠲᠤᠯᠠᠭᠠᠨ ᠤ ᠭᠡᠮᠵᠢᠶ᠎ᠠ ᠦᠨᠳᠤᠷ᠂ ᠴᠢᠭᠢᠭ ᠶᠡᠭᠡᠳᠡᠢ ᠪᠠᠶᠢᠳᠠᠭ ᠪᠤᠯᠬᠤᠷ ᠨᠢᠶᠠᠨ ᠢᠳᠤᠭᠠᠨ ᠡᠭᠦᠰᠭᠦ ᠳᠤ ᠮᠠᠰᠢ ᠠᠰᠢᠠᠠᠳᠠᠢ ᠪᠠᠶᠢᠳᠠᠭ ᠪᠦᠭᠡᠳ ᠡᠭᠦᠨ ᠤ ᠲᠡᠭᠡᠷ᠎ᠡ ᠲᠠᠷᠠ ᠦᠶᠡᠰ ᠡᠪᠡᠰᠤ ᠨᠤᠭᠤᠭ᠎ᠠ ᠵᠦᠭᠡᠯᠡᠨ᠂ ᠨᠢᠠᠠᠳᠠᠴᠠ ᠨᠢ ᠶᠡᠭᠡ ᠪᠠᠶᠢᠵᠤ᠂ ᠨᠢᠶᠠᠨ ᠢᠳᠤᠭᠠᠨ ᠡᠪᠡᠰᠤᠨ ᠳᠤ ᠨᠢᠭᠤᠠᠠᠳᠠᠨ ᠭᠦᠨᠦᠭᠡᠯ ᠲᠠᠷᠢᠵᠤ᠂ ᠨᠢᠶᠠᠨ ᠢᠳᠤᠭᠠᠨ ᠳᠤ ᠢᠳᠡᠭᠳᠡᠭᠰᠡᠨ ᠡᠪᠡᠰᠤ ᠪᠡᠯᠴᠢᠭᠡᠷ ᠬᠤᠭᠢᠷᠠᠯ ᠳᠤ ᠤᠴᠠᠷᠠᠳᠠᠭ ᠪᠠᠶᠢᠨ᠎ᠠ᠃ ᠢᠳᠤᠭᠠᠨ ᠳᠤ ᠭᠦᠨᠦᠭᠡᠭᠳᠡᠭᠰᠡᠨ ᠡᠪᠡᠰᠤ ᠪᠡᠯᠴᠢᠭᠡᠷ ᠢ ᠰᠠᠶᠢᠳᠤᠷ ᠬᠠᠮᠢᠶᠠᠷᠳᠠᠭ ᠯᠡ ᠶᠤᠮ ᠪᠤᠯ ᠡᠪᠡᠰᠤᠨ ᠤ ᠪᠦᠷᠭᠦᠴᠠ 30 ᠬᠤᠨᠤᠭ ᠲᠤ ᠦᠨᠳᠤᠰᠤᠨ ᠳᠡᠭᠡᠨ ᠰᠡᠷᠭᠦᠵᠤ᠂ ᠲᠤᠰ ᠵᠢᠯ ᠳᠡᠭᠡᠨ ᠮᠠᠰᠢ ᠰᠠᠶᠢᠨ ᠬᠤᠷᠢᠶᠠᠯᠳᠠ ᠠᠪᠴᠤ ᠪᠤᠯᠤᠨ᠎ᠠ᠃

      ︵9︶ ᠪᠡᠯᠴᠢᠭᠡᠷ ᠤᠨ ᠮᠢᠩ ᠬᠤᠷᠤᠬᠠᠢ

      ᠭᠡᠯᠪᠡᠷᠢ ᠲᠦᠷᠰᠤ ᠶᠢᠨ ᠤᠨᠴᠠᠯᠢᠭ᠄ ᠪᠡᠶᠡᠯᠡᠭᠰᠡᠨ ᠬᠤᠷᠤᠬᠠᠢ ᠨᠢ ᠭᠦᠷᠡᠩ᠂ ᠪᠡᠶ᠎ᠠ ᠶᠢᠨ ᠤᠷᠳᠤ ᠨᠢ 8~12mm᠂ ᠲᠠᠯᠠᠪᠴᠢᠨ ᠤ ᠲᠡᠯᠭᠡᠴᠡ ᠨᠢ 15~26mm᠂  ᠡᠮᠦᠨ᠎ᠠ ᠲᠠᠯᠠᠪᠴᠢ ᠨᠢ ᠭᠦᠷᠡᠩ᠂ ᠪᠦᠳᠡᠩᠭᠢ ᠭᠦᠷᠡᠩ ᠲᠤᠯᠪᠤ ᠲᠠᠢ᠂ ᠭᠠᠳᠠᠷ ᠭᠦᠪᠡᠭᠡ ᠨᠢ ᠰᠢᠷᠭᠠᠯ ᠵᠤᠷᠪᠤᠰ ᠲᠠᠢ᠂ ᠲᠠᠯᠠᠪᠴᠢᠨ ᠤ ᠲᠤᠮᠳᠠ ᠭᠡᠰᠡᠭ ᠲᠤᠨᠢ ᠨᠢᠭᠡᠨ ᠨᠡᠯᠢᠶᠡᠳ ᠲᠤᠮᠤ ᠰᠢᠷᠭᠠᠯ ᠲᠤᠯᠪᠤ ᠲᠠᠢ ᠪᠦᠭᠡᠳ ᠤᠷᠳᠤᠯᠵᠢᠨ ᠭᠡᠯᠪᠡᠷᠢ ᠲᠠᠢ᠂ ᠲᠠᠯᠠᠪᠴᠢ ᠨᠢ ᠦᠨᠡᠰᠤᠨ ᠦᠡᠭᠭᠡ ᠲᠠᠢ᠂ ᠠᠪᠠᠭᠠᠯᠳᠠᠢ ᠶᠢᠨ ᠤᠷᠳᠤ ᠨᠢ 21mm᠂ ᠲᠤᠯᠤᠭᠠᠢ ᠨᠢ ᠬᠠᠷ᠎ᠠ ᠪᠠᠰᠠ ᠴᠠᠭᠠᠨ ᠲᠤᠯᠪᠤ ᠲᠠᠢ᠂ ᠴᠠᠭᠡᠵᠢ᠂ ᠭᠡᠪᠡᠯᠢ ᠶᠢᠨ ᠭᠡᠰᠡᠭ ᠨᠢ ᠨᠤᠭᠤᠭᠠᠨ ᠪᠤᠶᠤ ᠰᠢᠷ᠎ᠠ ᠨᠤᠭᠤᠭᠠᠨ᠂ ᠪᠦᠳᠡᠭᠢ ᠤᠷᠳᠤᠯᠵᠢᠨ ᠰᠤᠳᠠᠰᠤ ᠲᠠᠢ᠂ ᠪᠦᠭᠦ ᠪᠡᠶ᠎ᠠ ᠳᠡᠭᠡᠨ ᠪᠡᠳᠡᠭᠢ ᠲᠠᠢ᠃

      ᠭᠡᠮ ᠤᠨ ᠰᠢᠨᠵᠢ᠄ ᠠᠪᠠᠭᠠᠯᠳᠠᠢ ᠠᠴᠠ ᠪᠠᠨ ᠭᠦᠨᠦᠭᠡᠯ ᠲᠠᠢ ᠪᠦᠭᠡᠳ ᠠᠪᠠᠭᠠᠯᠳᠠᠢ ᠨᠢ ᠤᠯᠠᠩᠭᠢ ᠳᠠᠭᠠᠨ ᠤᠷᠭᠤᠮᠠᠯ ᠤᠨ ᠵᠦᠭᠡᠯᠡᠨ ᠨᠠᠮᠠᠭᠠᠨ ᠲᠡᠭᠡᠷ᠎ᠡ ᠲᠦᠪᠯᠡᠷᠡᠵᠤ᠂ ᠨᠠᠪᠴᠢᠨ ᠤ ᠮᠢᠬ᠎ᠠ ᠶᠢ ᠢᠳᠡᠵᠤ᠂ ᠭᠤᠷᠪᠡᠨ ᠰᠠᠷ᠎ᠠ ᠦᠡᠭᠭᠡᠷᠡᠪᠡᠯ ᠢᠯᠠᠩᠭᠤᠶ᠎ᠠ ᠶᠡᠭᠡ ᠪᠠᠷ ᠲᠡᠯᠭᠡᠷᠡᠭᠦ ᠵᠢᠯ ᠳᠤ ᠪᠦᠭᠦ ᠨᠠᠪᠴᠢᠰ ᠢ ᠴᠦᠮ ᠢᠳᠡᠨ ᠲᠠᠭᠤᠰᠬᠠᠵᠤ᠂ ᠨᠠᠪᠴᠢᠨ ᠰᠤᠳᠠᠰᠤ ᠶᠢ ᠯᠡ ᠦᠯᠡᠳᠡᠭᠡᠵᠤ᠂ ᠪᠦᠭᠦ ᠤᠷᠭᠤᠮᠠᠯ ᠢ ᠬᠠᠳᠠᠵᠤ ᠦᠭᠦᠭᠦᠯᠳᠡᠭ᠃

      ᠲᠤᠰ ᠬᠤᠷᠤᠬᠠᠢ ᠪᠤᠯ ᠬᠠᠯᠢᠰᠤᠳᠤ ᠲᠠᠯᠠᠪᠴᠢᠳᠡᠨ ᠤ ᠪᠠᠭ᠂ ᠮᠢᠩ ᠡᠷᠪᠡᠭᠡᠢ ᠶᠢᠨ ᠢᠵᠠᠭᠤᠷ ᠲᠤ ᠬᠠᠷᠢᠶᠠᠯᠬᠠᠳᠠᠨ᠎ᠠ᠃

      ᠭᠡᠮ ᠤᠨ ᠤᠨᠴᠠᠯᠢᠭ᠄ ᠪᠠᠯᠴᠢᠭᠡᠷ ᠤᠨ ᠮᠢᠩ ᠬᠤᠷᠤᠬᠠᠢ ᠪᠤᠯ ᠦᠪᠤᠷ ᠮᠤᠩᠭᠤᠯ ᠤᠨ ᠰᠢᠯᠢ ᠶᠢᠨ ᠭᠤᠤᠯ ᠠᠶᠢᠮᠠᠭ ᠤᠨ ᠨᠡᠶᠢᠳᠡᠯᠢᠭ ᠲᠠᠯ᠎ᠠ ᠨᠤᠳᠤᠭ ᠤᠨ ᠤᠷᠤᠨ ᠳᠤ ᠵᠢᠯ ᠳᠤ ᠬᠤᠶᠠᠷ ᠤᠳᠠᠭ᠎ᠠ ᠦᠷᠡᠵᠢᠵᠤ᠂ ᠤᠯᠠᠩᠭᠢ ᠠᠪᠠᠭᠠᠯᠳᠠᠢ ᠨᠢ 9 ᠳ᠋ᠤᠭᠡᠷ ᠰᠡᠷ᠎ᠠ ᠠᠴᠠ ᠡᠭᠢᠯᠡᠨ ᠤᠷᠤᠢ ᠲᠠᠷᠢᠠᠠᠰᠠᠨ ᠴᠠᠷᠭᠠᠰᠤ ᠶᠢᠨ ᠤᠷᠴᠢᠮ ᠳᠠᠬᠢ ᠭᠠᠵᠠᠷ ᠤᠨ ᠭᠠᠳᠠᠷᠭᠤ ᠶᠢᠨ ᠡᠰᠢ ᠨᠠᠪᠴᠢᠨ ᠳᠤ ᠨᠢᠭᠤᠠᠠᠳᠠᠵᠤ᠂ ᠰᠤᠴᠢᠭᠠᠵᠤ ᠦᠷᠭᠦᠭᠡᠪᠡᠯ ᠨᠠᠪᠴᠢᠨ ᠲᠤᠤᠷ᠎ᠠ ᠲᠠᠯᠳᠠᠯᠠᠵᠤ᠂ ᠠᠭᠠᠵᠢᠮ ᠢᠶᠠᠷ ᠤᠷᠴᠢᠮ ᠤᠨ ᠰᠤᠯᠠ ᠰᠢᠷᠤᠢ ᠳᠤ ᠪᠠᠷᠤᠭ 20cm ᠭᠦᠨ ᠳᠤ ᠡᠪᠤᠯᠵᠢᠳᠡᠭ᠃ ᠪᠡᠶᠡᠯᠡᠭᠰᠡᠨ ᠬᠤᠷᠤᠬᠠᠢ ᠨᠢ ᠤᠯᠠᠩᠭᠢ ᠳᠠᠭᠠᠨ ᠰᠦᠨᠢ ᠤᠷᠤᠢ ᠭᠡᠤᠭᠡᠯᠳᠡᠶᠢᠵᠢᠵᠤ᠂ ᠶᠠᠷᠦᠩᠭᠡᠢ ᠳᠡᠭᠡᠨ 10~20 ᠮᠢᠨᠦ᠋ᠲ ᠭᠡᠷᠡᠭᠰᠡᠳᠡᠭ᠃ ᠭᠡᠪᠡᠴᠤ ᠭᠡᠤᠭᠡᠯᠳᠡᠶᠢᠵᠢᠭᠦ ᠴᠠᠭ ᠬᠤᠭᠤᠴᠠᠭ᠎ᠠ ᠨᠢ ᠶᠠᠭ ᠠᠳᠠᠯᠢ ᠪᠢᠰᠢ᠃ ᠡᠶᠢᠮᠤ ᠠᠴᠠ ᠠᠳᠠᠯᠢ ᠨᠢᠭᠡᠨ ᠬᠤᠭᠤᠴᠠᠭᠠᠨ ᠳᠤ ᠨᠢᠭᠡᠳᠦᠭᠡᠷ ᠦᠶ᠎ᠠ ᠶᠢᠨ ᠲᠦᠷᠪᠡᠨ ᠲᠦᠷᠦᠯ ᠤᠨ ᠬᠤᠷᠤᠬᠠᠢ ᠶᠢᠨ ᠲᠦᠷᠰᠤ ᠪᠤᠶᠤ ᠬᠤᠶᠠᠳᠤᠭᠠᠷ ᠦᠶ᠎ᠠ ᠶᠢᠨ ᠠᠳᠠᠯᠢ ᠨᠢᠭᠡᠨ ᠬᠤᠷᠤᠬᠠᠢ ᠶᠢᠨ ᠲᠦᠷᠰᠤ ᠲᠠᠢ ᠪᠠᠶᠢᠵᠤ᠂ ᠦᠶ᠎ᠠ ᠰᠤᠯᠢᠠᠠᠳᠠᠯ ᠨᠢ ᠮᠠᠰᠢ ᠪᠤᠳᠤᠯᠢᠶᠠᠨ ᠲᠠᠢ ᠪᠠᠶᠢᠳᠠᠭ᠃ ᠪᠡᠶᠡᠯᠡᠭᠰᠡᠨ ᠬᠤᠷᠤᠬᠠᠢ ᠨᠢ 7 ᠳ᠋ᠤᠭᠠᠷ ᠰᠠᠷ᠎ᠠ ᠶᠢᠨ ᠰᠡᠭᠦᠯᠴᠢ ᠠᠴᠠ 8 ᠳ᠋ᠤᠭᠠᠷ ᠰᠠᠷ᠎ᠠ ᠶᠢᠨ ᠲᠤᠮᠳᠡᠴᠢ ᠭᠦᠷᠳᠡᠯ᠎ᠠ ᠤᠷᠤᠢ ᠪᠦᠷᠦᠢ ᠪᠤᠶᠤ ᠦᠷᠯᠦᠭᠡ ᠡᠷᠳᠡ ᠴᠠᠷᠭᠠᠰᠤ ᠶᠢᠨ ᠴᠡᠴᠡᠭ ᠤᠨ ᠲᠡᠭᠡᠷ᠎ᠡ ᠰᠠᠭᠤᠵᠤ᠂ ᠪᠠᠯ ᠢ ᠨᠢ ᠢᠳᠡᠵᠤ ᠡᠳᠤᠷ ᠲᠤ ᠬᠤᠶᠠᠷ ᠲᠠᠭᠢᠳᠠᠭ᠃ ᠠᠪᠠᠭᠠᠯᠳᠠᠢ ᠨᠢ ᠲᠠᠪᠤᠨ ᠰᠠᠷ᠎ᠠ ᠶᠢᠨ ᠬᠤᠭᠤᠴᠠᠭ᠎ᠠ ᠲᠠᠢ ᠪᠠᠶᠢᠵᠤ᠂ ᠲᠦᠷᠦᠭᠦᠤ ᠭᠤᠷᠪᠡᠨ ᠰᠠᠷ᠎ᠠ ᠳᠠᠭᠠᠨ ᠴᠠᠷᠭᠠᠰᠤ ᠶᠢᠨ ᠨᠠᠪᠴᠢ ᠶᠢ ᠢᠳᠡᠵᠤ᠂ ᠨᠠᠪᠴᠢ ᠶᠢ ᠵᠡᠷᠡᠮᠳᠡᠭ ᠪᠤᠶᠤ ᠪᠦᠭᠦᠨ ᠢ ᠢᠳᠡᠵᠤ ᠪᠠᠷᠠᠭᠠᠳ ᠪᠦᠯᠦᠭᠯᠡᠨ ᠰᠢᠯᠵᠢᠳᠡᠭ᠃ ᠡᠭᠦᠨ ᠠᠴᠠ ᠪᠤᠯᠤᠭᠠᠳ ᠡᠪᠡᠰᠤ ᠪᠡᠯᠴᠢᠭᠡᠷ ᠭᠡᠰᠡᠭ ᠭᠡᠰᠡᠭ ᠢᠶᠠᠷ ᠬᠠᠯᠴᠠᠭᠠᠶᠢᠷᠠᠳᠠᠭ᠃

       ︵10︶ ᠴᠠᠷᠭᠠᠰᠤᠨ ᠤ ᠴᠤᠬᠤ

       ᠭᠡᠯᠪᠡᠷᠢ ᠲᠦᠷᠰᠤ ᠶᠢᠨ ᠤᠴᠠᠯᠢᠭ᠄ ᠪᠡᠶᠡᠯᠡᠭᠰᠡᠨ ᠴᠤᠬᠤ ᠨᠢ ᠭᠦᠷᠡᠩ ᠦᠡᠭᠭᠡ ᠲᠠᠢ᠂ 4.75mm ᠤᠷᠳᠤ᠂ ᠨᠢᠷᠤᠭᠤ ᠪᠠᠷ ᠢᠶᠠᠨ ᠭᠦᠨ ᠦᠡᠭᠭᠡ ᠶᠢᠨ ᠵᠤᠷᠪᠤᠰ ᠲᠠᠢ᠂ ᠨᠢᠷᠤᠭᠤ ᠶᠢᠨ ᠤᠷᠳᠤ ᠨᠢ ᠪᠡᠶ᠎ᠠ ᠶᠢᠨ ᠭᠢᠨᠢ ᠬᠠᠭᠠᠰ ᠭᠢᠷᠢ ᠪᠠᠶᠢᠳᠠᠭ᠃ ᠦᠳᠡᠯᠭᠦ ᠶᠢ ᠨᠢ ᠲᠠᠭᠠᠯᠳᠤᠨ ᠤᠯᠠᠩᠭᠢ ᠪᠡᠶᠡᠯᠡᠭᠰᠡᠨ ᠴᠤᠬᠤ ᠨᠢ ᠨᠢᠬᠡ ᠯᠠ ᠠᠳᠠᠯᠢ ᠭᠦᠨ ᠭᠦᠷᠡᠩ ᠦᠡᠭᠭᠡ ᠲᠠᠢ ᠪᠤᠯᠳᠠᠭ᠃ ᠡᠮ᠎ᠠ ᠪᠡᠶᠡᠯᠡᠭᠰᠡᠨ ᠬᠤᠷᠤᠬᠠᠢ ᠨᠢ ᠤᠪᠤᠭᠠᠯᠠᠨ ᠦᠨᠳᠡᠭᠡᠯᠡᠵᠤ᠂ ᠤᠪᠤᠭ᠎ᠠ ᠪᠦᠷᠢ ᠨᠢ 1~30 ᠮᠦᠭᠦᠯᠢᠭ  ᠨᠢᠮᠪᠡᠭᠡ ᠶᠢᠨ ᠦᠡᠭᠭᠡ ᠲᠠᠢ ᠦᠨᠳᠡᠭᠡ ᠲᠠᠢ ᠪᠠᠶᠢᠵᠤ᠂ ᠤᠷᠳᠤ ᠨᠢ ᠪᠠᠷᠤᠭ 0.52mm ᠪᠠᠶᠢᠵᠤ᠂ ᠴᠠᠷᠭᠠᠰᠤᠨ ᠤ ᠡᠰᠢ ᠶᠢᠨ ᠢᠳᠡᠭᠳᠡᠭᠰᠡᠨ ᠨᠦᠭᠡᠨ ᠳᠤ ᠦᠨᠳᠡᠭᠡᠯᠡᠳᠡᠭ᠃ ᠨᠠᠪᠴᠢᠭᠦ ᠠᠴᠠ ᠪᠠᠨ ᠡᠮᠦᠨ᠎ᠠ ᠦᠨᠳᠡᠭᠡ ᠨᠢ ᠭᠦᠷᠡᠩ ᠦᠡᠭᠭᠡ ᠲᠠᠢ ᠪᠠᠶᠢᠳᠠᠭ᠃ ᠠᠭᠤᠷ ᠠᠮᠢᠰᠬᠤᠯ ᠲᠤᠯᠠᠭᠠᠨ ᠪᠦᠯᠢᠶᠠᠨ ᠦᠶ᠎ᠠ ᠳᠤ 1~2 ᠭᠠᠷᠠᠭ ᠲᠤ ᠨᠠᠪᠴᠢᠵᠤ᠂ ᠠᠭᠤᠷ ᠠᠮᠢᠰᠬᠤᠯ ᠭᠦᠢᠳᠡᠨ ᠦᠶ᠎ᠠ ᠳᠤ ᠨᠡᠪᠴᠢᠭᠦ ᠬᠤᠭᠤᠴᠠᠭ᠎ᠠ ᠨᠢ ᠨᠡᠯᠢᠶᠡᠳ ᠤᠷᠳᠤ ᠪᠠᠶᠢᠳᠠᠭ᠃ ᠠᠪᠠᠭᠠᠯᠳᠠᠢ ᠶᠢᠨ ᠡᠭᠢᠨ ᠤ ᠤᠷᠳᠤ ᠨᠢ ᠪᠠᠷᠤᠭ 1.27mm᠂ ᠰᠢᠷᠭᠠᠯ ᠦᠡᠭᠭᠡ ᠲᠠᠢ᠂ ᠬᠠᠷ᠎ᠠ ᠲᠤᠯᠤᠭᠠᠢ ᠲᠠᠢ ᠪᠦᠭᠡᠳ ᠭᠦᠯᠢᠭᠡᠷ᠂ 3~4 ᠭᠠᠷᠠᠭ ᠪᠤᠯᠤᠠᠠᠰᠠᠨ ᠠᠪᠠᠭᠠᠯᠳᠠᠢ ᠶᠢᠨ ᠤᠷᠳᠤ ᠨᠢ 9.53mm ᠪᠤᠯᠵᠤ᠂ ᠬᠦᠢᠬᠡᠨ ᠨᠤᠭᠤᠭᠠᠨ ᠦᠡᠭᠭᠡ ᠲᠠᠢ᠂ ᠬᠠᠷ᠎ᠠ ᠲᠤᠯᠤᠭᠠᠢ ᠪᠠ ᠨᠢᠷᠤᠭᠤᠨ ᠳᠠᠭᠠᠨ ᠴᠠᠭᠠᠨ ᠰᠤᠳᠠᠰᠤ ᠲᠠᠢ ᠪᠤᠯᠳᠠᠭ᠃ ᠲᠤᠤᠷᠯᠢᠭ ᠭᠦᠷᠢ ᠶᠢᠨ ᠲᠤᠳᠤᠷ᠎ᠠ ᠭᠡᠤᠭᠡᠯᠳᠡᠶᠢᠵᠢᠵᠤ᠂ 1~2 ᠭᠠᠷᠠᠭ ᠤᠨ ᠬᠤᠶᠢᠨ᠎ᠠ ᠲᠠᠯᠠᠪᠴᠢᠯᠠᠳᠠᠭ᠃ ᠤᠯᠠᠩᠭᠢ ᠭᠠᠵᠠᠷ ᠤᠷᠤᠨ ᠤ ᠴᠠᠷᠭᠠᠰᠤᠨ ᠴᠤᠬᠤ ᠨᠢ ᠵᠢᠯ ᠳᠤ ᠨᠢᠬᠡ ᠯᠠ ᠤᠳᠠᠭ᠎ᠠ ᠦᠷᠡᠵᠢᠵᠤ᠂ ᠪᠡᠶᠡᠯᠡᠭᠰᠡᠨ ᠴᠤᠬᠤ ᠪᠤᠯᠵᠤ ᠡᠪᠤᠯᠵᠢᠳᠡᠭ᠃ ᠵᠤᠨ ᠤ ᠡᠭᠢᠨ ᠳᠤ ᠤᠯᠠᠩᠭᠢ ᠠᠪᠠᠭᠠᠯᠳᠠᠢ ᠨᠢ ᠪᠤᠯᠪᠠᠰᠤᠷᠠᠵᠤ᠂ ᠭᠡᠤᠭᠡᠯᠳᠡᠢ ᠪᠤᠯᠤᠠᠠᠰᠠᠨ ᠤ ᠪᠠᠨ ᠬᠤᠶᠢᠨ᠎ᠠ ᠪᠡᠶᠡᠯᠡᠭᠰᠡᠨ ᠴᠤᠬᠤ ᠪᠤᠯᠳᠠᠭ᠃

       ᠭᠦᠨᠦᠭᠡᠯ ᠤᠨ ᠰᠢᠨᠵᠢ᠄ ᠠᠪᠠᠭᠠᠯᠳᠠᠢ ᠨᠢ ᠬᠠᠮᠤᠭ ᠤᠨ ᠭᠤᠤᠯ ᠭᠦᠨᠦᠭᠡᠯ ᠲᠠᠷᠢᠳᠠᠭ᠃ ᠲᠠᠷᠠ ᠨᠢ ᠤᠷᠭᠤᠮᠠᠯ ᠤᠨ ᠤᠷᠤᠢ ᠳᠤ ᠠᠩᠬ᠎ᠠ ᠲᠡᠯᠭᠡᠭᠰᠡᠨ ᠨᠠᠪᠴᠢᠨ ᠲᠡᠭᠡᠷ᠎ᠡ ᠢᠳᠡᠰᠢᠯᠡᠵᠤ᠂ ᠰᠡᠭᠦᠯᠡᠷ ᠨᠢ ᠲᠤᠤᠷ᠎ᠡ ᠭᠡᠰᠡᠭ ᠤᠨ ᠨᠠᠪᠴᠢᠨ ᠲᠡᠭᠡᠷ᠎ᠡ ᠢᠳᠡᠰᠢᠯᠡᠳᠡᠭ᠃

     ᠭᠦᠨᠳᠤ ᠨᠤᠴᠢᠳᠡᠢ ᠦᠶᠡᠰ᠂ ᠭᠤᠤᠯ ᠰᠤᠳᠠᠰᠤ ᠠᠴᠠ ᠪᠤᠰᠤᠳ ᠢ ᠨᠢ ᠴᠦᠮ ᠢᠳᠡᠵᠤ ᠲᠠᠭᠤᠰᠬᠠᠭᠠᠳ᠂ ᠭᠦᠨᠦᠭᠡᠭᠳᠡᠭᠰᠡᠨ ᠡᠪᠡᠰᠤ ᠴᠦᠮ ᠰᠢᠷᠠᠯᠠᠵᠤ᠂ ᠦᠵᠡᠭᠦ ᠶᠢᠨ ᠠᠷᠭ᠎ᠠ ᠦᠭᠡᠢ ᠪᠤᠯᠭᠠᠳᠠᠭ᠃

      ︵11︶ ᠪᠠᠭᠠᠷᠠᠩ ᠬᠤᠷᠤᠬᠠᠢ

      ᠭᠡᠯᠪᠡᠷᠢ ᠲᠦᠷᠰᠤ ᠶᠢᠨ ᠤᠨᠴᠠᠯᠢᠭ᠄ ᠪᠠᠭᠠᠷᠠᠩ ᠬᠤᠷᠤᠬᠠᠢ ᠶᠢᠨ ᠪᠡᠶ᠎ᠠ ᠪᠢᠴᠢᠬᠠᠨ᠂ ᠵᠦᠭᠡᠯᠡᠨ᠂ ᠲᠡᠮᠳᠡᠷᠢᠭᠦᠯ ᠨᠢ ᠤᠷᠳᠤ᠂ 3~6 ᠦᠶ᠎ᠠ ᠲᠠᠢ᠂ ᠶᠠᠷᠤ ᠳᠡᠭᠡᠨ 6 ᠦᠶ᠎ᠠ ᠲᠠᠢ᠂ ᠡᠴᠤᠰ ᠤᠨ ᠦᠶ᠎ᠠ ᠶᠢᠨ ᠭᠡᠰᠡᠭ ᠪᠤᠯᠤᠨ ᠡᠴᠤᠰ ᠤᠨ ᠡᠮᠦᠨ᠎ᠠ ᠦᠶ᠎ᠠ ᠶᠢᠨ ᠦᠵᠦᠭᠦᠷ ᠲᠤᠨᠢ ᠲᠤᠰ ᠲᠤᠰ ᠨᠢᠭᠡᠨ ᠲᠤᠭᠤᠷᠢᠭ ᠭᠡᠯᠪᠡᠷᠢ ᠪᠦᠭᠦᠢ ᠲᠦᠷᠦᠯᠭᠢ ᠰᠠᠷᠠᠯ ᠤᠨ ᠰᠦᠪᠡ ᠲᠠᠢ᠂ ᠡᠮᠦᠨ᠎ᠠ ᠲᠠᠯᠠᠪᠴᠢ ᠨᠢ ᠲᠤᠮᠤ᠂ ᠬᠤᠶᠢᠨ᠎ᠠ ᠲᠠᠯᠠᠪᠴᠢ ᠨᠢ ᠪᠠᠭ᠎ᠠ᠂ ᠡᠮᠦᠨ᠎ᠠ ᠲᠠᠯᠠᠪᠴᠢ ᠨᠢ ᠨᠢᠭᠡᠨ ᠭᠦᠨᠳᠡᠯᠡᠨ ᠰᠤᠳᠠᠰᠤ ᠲᠠᠢ ᠪᠠᠶᠢᠳᠠᠭ᠂ ᠪᠠᠭᠠᠷᠠᠩ ᠬᠤᠷᠤᠬᠠᠢ ᠶᠠᠷᠦ ᠳᠡᠭᠡᠨ ᠮᠡᠰᠢ ᠤᠯᠠᠨ ᠦᠶ᠎ᠠ ᠦᠷᠡᠵᠢᠵᠤ᠂ ᠵᠠᠷᠢᠮ ᠨᠢ 20~30 ᠦᠶ᠎ᠠ ᠦᠷᠡᠵᠢᠳᠡᠭ᠃ ᠠᠮᠢᠳᠤᠷᠠᠯ ᠤᠨ ᠨᠦᠭᠦᠴᠡᠯ ᠨᠢ ᠰᠠᠶᠢᠨ ᠦᠶᠡᠰ ᠶᠠᠷᠦᠩᠭᠡᠢ ᠳᠡᠭᠡᠨ ᠲᠠᠯᠠᠪᠴᠢ ᠦᠭᠡᠢ ᠬᠤᠷᠤᠬᠠᠢ ᠦᠷᠡᠵᠢᠵᠤ᠂ ᠠᠮᠢᠳᠤᠷᠠᠯ ᠤᠨ ᠤᠷᠴᠢᠨ ᠲᠤᠭᠤᠷᠢᠨ ᠪᠤᠶᠤ ᠰᠢᠮ᠎ᠠ ᠲᠡᠵᠢᠭᠡᠯ ᠨᠢ ᠮᠠᠭᠤᠳ᠋ᠬᠠᠰᠠᠨ ᠦᠶᠡᠰ ᠲᠠᠯᠠᠪᠴᠢ ᠲᠠᠢ ᠬᠤᠷᠤᠬᠠᠢ ᠦᠷᠡᠵᠢᠳᠡᠭ᠃ ᠪᠠᠭᠠᠷᠠᠩ ᠬᠤᠷᠤᠬᠠᠢ ᠨᠢ ᠵᠤᠨ ᠨᠠᠮᠤᠷ ᠤᠨ ᠤᠯᠠᠷᠢᠯ ᠳᠤ ᠲᠠᠩ ᠪᠡᠯᠭᠡᠳᠤ ᠪᠠᠷ ᠦᠷᠡᠵᠢᠳᠡᠭ ᠪᠠ ᠨᠠᠮᠤᠷ ᠤᠨ ᠡᠴᠦᠰ ᠲᠤ ᠡᠷ᠎ᠠ ᠬᠤᠷᠤᠬᠠᠢ ᠢᠯᠡᠷᠡᠵᠤ ᠬᠤᠤᠰ ᠪᠡᠯᠭᠡᠳᠤ ᠪᠠᠷ ᠦᠨᠳᠡᠭᠡᠯᠡᠵᠤ᠂ ᠦᠨᠳᠡᠭᠡ ᠪᠠᠷ ᠢᠶᠠᠨ ᠡᠪᠤᠯᠵᠢᠳᠡᠭ᠃ ᠪᠠᠭᠠᠷᠠᠩ ᠬᠤᠷᠤᠬᠠᠢ ᠶᠢᠨ ᠲᠠᠩ ᠪᠡᠯᠭᠡᠳᠤ ᠦᠷᠡᠵᠢᠯ ᠪᠠ ᠬᠤᠤᠰ ᠪᠡᠯᠭᠡᠳᠤ ᠦᠷᠡᠵᠢᠯ ᠤᠨ ᠰᠤᠯᠢᠠᠠᠳᠠᠯ ᠢ ᠦᠶ᠎ᠠ ᠰᠤᠯᠢᠠᠠᠳᠠᠯ ᠭᠡᠳᠡᠭ᠃

     ᠭᠡᠮ ᠤᠨ ᠤᠨᠴᠠᠯᠢᠭ᠄ ᠪᠠᠭᠠᠷᠠᠩ ᠬᠤᠷᠤᠬᠠᠢ ᠡᠭᠦᠰᠭᠦ ᠶᠢᠨ ᠵᠢᠮ᠎ᠠ ᠶᠤᠰᠤ ᠨᠢ ᠮᠦᠯᠵᠢᠭᠦᠷ ᠤᠷᠭᠤᠮᠠᠯ ᠤᠨ ᠪᠤᠶᠢᠵᠢᠯᠳᠡ ᠶᠢᠨ ᠱᠠᠳᠤ ᠦᠶ᠎ᠠ ᠲᠠᠢ ᠨᠢᠠᠠᠳᠠ ᠬᠤᠯᠪᠤᠭ᠎ᠠ ᠲᠠᠢ ᠪᠠᠶᠢᠳᠠᠭ᠃ ᠭᠡᠭᠦ ᠳᠡᠭᠡᠨ ᠮᠦᠯᠵᠢᠭᠦᠷ ᠤᠷᠭᠤᠮᠠᠯ ᠪᠤᠯ ᠪᠡᠶᠡᠨ ᠳᠠᠬᠢ ᠹᠢᠽᠢᠤᠯᠤᠭᠢ ᠶᠢᠨ ᠬᠤᠪᠢᠷᠠᠯᠳᠠ ᠭᠢᠭᠡᠳ ᠰᠢᠨ᠎ᠠ ᠬᠠᠭᠤᠴᠢᠨ ᠤ ᠰᠤᠯᠢᠠᠠᠳᠠᠯ ᠤᠨ ᠦᠢᠯᠡᠳᠦᠯ ᠤᠨ ᠬᠤᠪᠢᠷᠠᠯᠳᠠ ᠪᠠᠷ ᠨᠦᠭᠦᠴᠡᠯ ᠪᠤᠯᠭᠠᠵᠤ᠂ ᠤᠷᠴᠢᠨ ᠠᠬᠤᠢ ᠶᠢᠨ ᠲᠤᠯᠠᠭᠠᠨ ᠴᠢᠭᠢᠭ ᠤᠨ ᠭᠡᠮᠵᠢᠶ᠎ᠠ᠂ ᠭᠡᠷᠡᠯ ᠰᠠᠴᠤᠷᠠᠯ ᠲᠠᠢ ᠬᠤᠯᠪᠤᠠᠠᠳᠠᠳᠠᠭ᠃ ᠤᠷᠭᠤᠮᠠᠯ ᠨᠢ ᠵᠤᠭᠢᠬᠤ ᠤᠯᠠᠷᠢᠯ ᠳᠤ ᠭᠦᠷᠪᠡᠯ᠂ ᠶᠡᠭᠡ ᠭᠡᠮᠵᠢᠶᠠᠨ ᠤ ᠪᠠᠭᠠᠷᠠᠩ ᠬᠤᠷᠤᠬᠠᠢ ᠶᠢᠨ ᠨᠡᠭᠦᠳᠡᠯᠯᠡᠭᠦ ᠦᠵᠡᠭᠳᠡᠯ ᠢ ᠪᠤᠢ ᠪᠤᠯᠭᠠᠳᠠᠭ᠃ ᠪᠠᠭᠠᠷᠠᠩ ᠬᠤᠷᠤᠬᠠᠢ ᠶᠢᠨ ᠲᠤᠭᠠᠨ ᠤ ᠭᠡᠮᠵᠢᠶᠠᠨ ᠤ ᠨᠡᠮᠡᠭᠳᠡᠯ ᠬᠠᠰᠤᠠᠠᠳᠠᠯ ᠨᠢ ᠠᠭᠤᠷ ᠠᠮᠢᠰᠬᠤᠯ ᠤᠨ ᠡᠯᠧᠮᠧᠨ᠋ᠲ ᠤᠨ ᠨᠦᠯᠦᠭᠡ ᠶᠢ ᠭᠦᠷᠳᠡᠭᠦ ᠠᠴᠠ ᠭᠠᠳᠠᠨ᠎ᠠ ᠪᠠᠰᠠ ᠲᠦᠷᠦᠯᠭᠢ ᠲᠠᠶᠢᠰᠤᠨ ᠤ ᠪᠠᠨ ᠭᠢᠵᠠᠭᠠᠷᠯᠠᠯ ᠢ ᠭᠦᠯᠢᠶᠡᠳᠡᠭ᠃ ᠡᠭᠦᠨ ᠳᠤ ᠭᠠᠷᠮᠠᠭᠠᠢ ᠲᠦᠷᠦᠯᠭᠢ ᠲᠠᠶᠢᠰᠤᠨ ᠨᠢ ᠭᠡᠪᠡᠯ ᠬᠠᠳᠠᠭᠤ ᠲᠠᠯᠠᠪᠴᠢᠳᠡᠨ ᠤ ᠪᠠᠭ ᠤᠨ ᠰᠢᠭᠦᠷ ᠬᠤᠷᠤᠬᠠᠢ᠂ ᠰᠤᠳᠠᠰᠤᠯᠢᠭ ᠲᠠᠯᠠᠪᠴᠢᠳᠡᠨ ᠤ ᠪᠠᠭ ᠤᠨ ᠲᠠᠯ᠎ᠠ ᠶᠢᠨ ᠦᠷᠦᠮ᠎ᠠ ᠶᠢᠨ ᠬᠤᠯᠠᠭᠠᠶᠢᠴᠢ᠂ ᠬᠤᠤᠰ ᠲᠠᠯᠠᠪᠴᠢᠳᠡᠨ ᠤ ᠪᠠᠭ ᠤᠨ ᠪᠠᠭᠠᠷᠠᠩᠴᠢ ᠱᠤᠩᠬᠤᠷ ᠢᠯᠠᠭ᠎ᠠ ᠪᠤᠯᠤᠨ ᠬᠠᠯᠢᠰᠤᠯᠢᠭ ᠲᠠᠯᠠᠪᠴᠢᠨ ᠤ ᠪᠠᠭ ᠤᠨ ᠪᠠᠭᠠᠷᠠᠩᠴᠢ ᠵᠦᠭᠡᠢ ᠵᠡᠷᠭᠡ ᠰᠢᠮᠡᠭᠦᠷ ᠵᠦᠭᠡᠢ ᠪᠠᠶᠢᠨ᠎ᠠ᠃

       ︵ 12︶ ᠨᠠᠪᠴᠢᠳᠤ ᠲᠠᠷᠴᠠ

       ᠭᠦᠨᠦᠭᠡᠯ ᠤᠨ ᠰᠢᠨᠵᠢ᠄ ᠪᠡᠶᠡᠯᠡᠭᠰᠡᠨ ᠬᠤᠷᠤᠬᠠᠢ ᠪᠤᠯᠤᠨ ᠠᠪᠠᠭᠠᠯᠳᠠᠢ ᠪᠤᠯ ᠴᠦᠮ ᠨᠠᠪᠴᠢ ᠪᠤᠯᠤᠨ ᠡᠰᠢ ᠶᠢ ᠬᠠᠳᠬᠤᠨ ᠴᠤᠭᠤᠯᠵᠤ᠂ ᠰᠢᠭᠦᠰᠤ ᠶᠢ ᠨᠢ ᠰᠤᠷᠤᠳᠠᠭ ᠨᠢᠭᠡᠨ ᠵᠦᠢᠯ ᠤᠨ ᠭᠦᠨᠦᠭᠡᠯᠳᠤ ᠬᠤᠷᠤᠬᠠᠢ ᠪᠤᠯᠤᠨ᠎ᠠ᠃

       ᠬᠠᠳᠬᠤᠨ ᠰᠤᠷᠤᠬᠤ ᠨᠢ ᠨᠡᠭᠦᠷᠡᠰᠤ ᠤᠰᠤᠨ ᠤ ᠨᠢᠭᠡᠳᠪᠤᠷᠢ ᠶᠢᠨ ᠤᠯᠠᠷᠢᠯᠳᠠ ᠶᠢ ᠬᠠᠷᠰᠢᠯᠠᠵᠤ᠂ ᠨᠠᠪᠴᠢ ᠶᠢ ᠰᠢᠷᠠᠯᠠᠭᠤᠯᠬᠤ ᠪᠠ ᠤᠯᠠᠭᠠᠨ ᠪᠤᠯᠤᠨ ᠶᠠᠭᠠᠨ ᠦᠡᠭᠭᠡ ᠪᠠᠷ ᠲᠤᠯᠪᠤᠷᠠᠨ ᠤᠨᠠᠵᠤ᠂ ᠭᠦᠨᠦᠭᠡᠯ ᠳᠤ ᠤᠴᠠᠷᠬᠠᠰᠠᠨ ᠤᠷᠭᠤᠮᠠᠯ ᠨᠢ ᠤᠳᠦ᠋ᠢᠵᠢᠵᠤ᠂ ᠲᠡᠵᠢᠭᠡᠯ ᠪᠤᠷᠳᠤᠭᠠᠨ ᠤ ᠤᠨᠠᠯᠳᠠ ᠬᠠᠰᠤᠠᠠᠳᠠᠵᠤ᠂ ᠡᠪᠡᠰᠤ ᠪᠡᠯᠴᠢᠭᠡᠷ ᠤᠨ ᠴᠢᠨᠠᠷ ᠪᠠ ᠭᠢᠮᠢ ᠶᠢᠨ ᠪᠦᠷᠢᠯᠳᠦᠭᠦᠨ ᠨᠢ ᠴᠤ ᠨᠦᠯᠦᠭᠡᠯᠡᠭᠳᠡᠵᠦ᠂ ᠴᠠᠷᠭᠠᠰᠤᠨ ᠳᠤ ᠨᠡᠩ ᠶᠡᠭᠡ ᠭᠦᠨᠦᠭᠡᠯ ᠲᠠᠢ ᠪᠠᠶᠢᠳᠠᠭ᠃

        ᠭᠡᠮ ᠤᠨ ᠤᠨᠴᠠᠯᠢᠭ᠄ ᠪᠡᠶᠡᠯᠡᠭᠰᠡᠨ ᠲᠠᠷᠴᠠ ᠨᠢ ᠱᠠᠭᠠᠠᠳᠠᠭ ᠭᠡᠯᠪᠡᠷᠢ ᠲᠠᠢ ᠴᠠᠶᠢᠪᠤᠷ ᠨᠤᠭᠤᠭᠠᠨ ᠦᠡᠭᠭᠡ ᠲᠠᠢ ᠰᠢᠪᠠᠵᠢ ᠬᠤᠷᠤᠬᠠᠢ ᠪᠤᠯᠬᠤ ᠪᠦᠭᠡᠳ ᠤᠷᠳᠤ ᠪᠠᠷ ᠢᠶᠠᠨ 3.18mm᠂ ᠠᠪᠠᠭᠠᠯᠳᠠᠢ ᠨᠢ ᠪᠡᠶᠡᠯᠡᠭᠰᠡᠨ ᠬᠤᠷᠤᠬᠠᠢ ᠲᠠᠢ ᠠᠳᠠᠯᠢᠪᠳᠤᠷ ᠪᠦᠭᠡᠳ ᠪᠡᠶ᠎ᠠ ᠨᠢ ᠪᠠᠭ᠎ᠠ᠂ ᠲᠠᠯᠠᠪᠴᠢ ᠦᠭᠡᠢ ᠪᠠᠶᠢᠵᠤ᠂ ᠮᠠᠰᠢ ᠭᠦᠷ ᠭᠦᠭᠵᠢᠶᠠᠨ ᠲᠠᠢ ᠪᠠ ᠴᠤᠪᠤᠭᠤ ᠰᠡᠷᠭᠦᠯᠡᠩ ᠪᠠᠶᠢᠵᠤ᠂ ᠬᠤᠶᠢᠰᠢ ᠤᠷᠤᠠᠠᠰᠢ ᠵᠡᠭᠦᠨᠰᠢ ᠪᠠᠷᠠᠭᠤᠠᠰᠢ ᠵᠤᠠᠠᠰᠤᠯ ᠦᠭᠡᠢ ᠲᠡᠭᠳᠡᠵᠤ ᠪᠠᠶᠢᠳᠠᠭ᠃ ᠡᠮ᠎ᠠ ᠬᠤᠷᠤᠬᠠᠢ ᠨᠢ ᠴᠠᠷᠭᠠᠰᠤ ᠪᠤᠯᠤᠨ ᠪᠤᠰᠤᠳ ᠲᠠᠷᠢᠮᠠᠯ ᠤᠨ ᠨᠠᠷᠢᠨ ᠡᠰᠢ ᠪᠤᠯᠤᠨ ᠨᠠᠪᠴᠢᠨ ᠰᠤᠳᠠᠰᠤᠨ ᠲᠤᠮᠳᠠ ᠦᠨᠳᠡᠭᠡᠯᠡᠵᠤ᠂ 6~9 ᠬᠤᠨᠤᠭ ᠤᠨ ᠲᠠᠷᠠᠭ᠎ᠠ ᠨᠠᠪᠴᠢᠭᠡᠳ ᠴᠠᠭᠠᠨ ᠦᠡᠭᠭᠡ ᠶᠢᠨ ᠠᠪᠠᠭᠠᠯᠳᠠᠢ ᠪᠠᠶᠢᠠᠠᠰᠠᠨ ᠠᠴᠠ ᠪᠠᠨ ᠮᠠᠰᠢ ᠬᠤᠷᠳᠤᠨ ᠰᠢᠷᠭᠠᠯ ᠦᠡᠭᠭᠡ ᠲᠠᠢ ᠪᠤᠯᠳᠠᠭ᠃ ᠦᠨᠳᠡᠭᠡ ᠶᠢᠨ ᠪᠡᠶᠡᠯᠡᠭᠰᠡᠨ ᠬᠤᠷᠤᠬᠠᠢ ᠪᠤᠯᠵᠤ ᠪᠤᠶᠢᠵᠢᠬᠤ ᠶᠠᠪᠤᠴᠠ ᠨᠢ ᠪᠠᠷᠤᠭ 3 ᠭᠠᠷᠠᠭ ᠪᠠᠶᠢᠵᠤ᠂ ᠨᠢᠭᠡ ᠤᠯᠠᠷᠢᠯ ᠳᠤ ᠭᠡᠳᠦᠨᠳᠡ ᠦᠷᠡᠵᠢᠳᠡᠭ᠃ ᠴᠠᠷᠭᠠᠰᠤ ᠶᠢᠨ ᠲᠡᠭᠡᠷ᠎ᠡ ᠪᠠᠰᠠ ᠮᠠᠰᠢ ᠤᠯᠠᠨ ᠪᠤᠰᠤᠳ ᠲᠦᠷᠦᠯ ᠤᠨ ᠨᠠᠪᠴᠢᠳᠤ ᠲᠠᠷᠴᠠ ᠬᠠᠷᠬᠠᠳᠠᠵᠤ ᠪᠠᠶᠢᠳᠠᠭ᠃

        ︵13︶ ᠬᠠᠯᠢᠰᠤᠯᠢᠭ ᠲᠡᠯᠠᠪᠴᠢᠳᠤ ᠬᠤᠰᠢᠭᠤᠳᠤ ᠲᠠᠷᠴᠠ

       ᠭᠡᠯᠪᠡᠷᠢ ᠲᠦᠷᠰᠤ ᠶᠢᠨ ᠤᠠᠴᠠᠯᠢᠭ᠄ ᠪᠡᠶᠡᠯᠡᠭᠰᠡᠨ ᠬᠤᠷᠤᠬᠠᠢ ᠨᠢ ᠭᠤᠷᠪᠡᠯᠵᠢᠨ ᠭᠡᠯᠪᠡᠷᠢ ᠲᠠᠢ᠂ ᠨᠤᠭᠤᠭᠠᠪᠳᠤᠷ ᠦᠡᠭᠭᠡ ᠲᠠᠢ᠂ ᠪᠠᠷᠤᠭ 6.35mm ᠤᠷᠳᠤ ᠪᠠᠶᠢᠳᠠᠭ᠃ ᠠᠪᠠᠭᠠᠯᠳᠠᠢ ᠨᠢ ᠪᠡᠶᠡᠯᠡᠭᠰᠡᠨ ᠬᠤᠷᠤᠬᠠᠢ ᠲᠠᠢ ᠪᠠᠨ ᠠᠳᠠᠯᠢᠪᠳᠤᠷ᠂ ᠭᠡᠪᠡᠴᠤ ᠡᠪᠡᠰᠤᠨ ᠦᠡᠭᠭᠡ ᠪᠤᠶᠤ ᠬᠦᠢᠬᠡᠨ ᠨᠤᠭᠤᠭᠠᠨ ᠦᠡᠭᠭᠡ ᠲᠠᠢ ᠪᠦᠭᠡᠳ ᠰᠤᠷ ᠦᠰᠤ ᠨᠢ ᠮᠡᠳᠡᠭᠳᠡᠮ᠎ᠠ ᠰᠠᠷᠡᠶᠢᠵᠤ ᠪᠠᠶᠢᠳᠠᠭ᠃ ᠬᠤᠰᠢᠭᠤᠳᠤ ᠲᠠᠷᠴᠠ ᠪᠤᠯ ᠪᠡᠶᠡᠯᠡᠭᠰᠡᠨ ᠬᠤᠷᠤᠬᠠᠢ ᠪᠠᠷ ᠡᠪᠤᠯᠵᠢᠵᠤ᠂ ᠡᠮᠦᠨᠡᠳᠤ ᠤᠷᠤᠨ ᠤ ᠲᠤᠯᠭᠠᠨ ᠡᠪᠤᠯ ᠵᠢᠯ ᠲᠤᠵᠢ ᠭᠦᠭᠵᠢᠶᠠᠨ ᠲᠠᠢ ᠪᠠᠶᠢᠳᠠᠭ᠃ ᠡᠮ᠎ᠠ ᠬᠤᠷᠤᠬᠠᠢ ᠨᠢ ᠴᠠᠷᠭᠠᠰᠤᠨ ᠤ ᠭᠠᠳᠠᠷ ᠬᠠᠯᠢᠰᠤᠨ ᠲᠤᠤᠷ᠎ᠡ ᠦᠨᠳᠡᠭᠡᠯᠡᠵᠤ᠂ ᠦᠨᠳᠡᠭᠡ ᠨᠢ ᠤᠷᠳᠤᠯᠵᠢᠨ ᠴᠠᠭᠠᠨ ᠦᠡᠭᠭᠡ ᠲᠠᠢ ᠪᠠᠶᠢᠵᠤ᠂ ᠵᠤᠨ ᠤ ᠤᠯᠠᠷᠢᠯ ᠳᠤ 12~17 ᠬᠤᠨᠤᠭ ᠲᠤ ᠨᠠᠪᠴᠢᠵᠤ᠂ ᠠᠪᠠᠭᠠᠯᠳᠠᠢ ᠶᠢᠨ ᠬᠤᠭᠤᠴᠠᠭ᠎ᠠ ᠨᠢ 22~27 ᠬᠤᠨᠤᠭ ᠪᠠᠶᠢᠵᠤ᠂ ᠦᠨᠳᠡᠭᠡ ᠠᠴᠠ ᠠᠪᠤᠭᠠᠳ ᠪᠡᠶᠡᠯᠡᠭᠰᠡᠨ ᠬᠤᠷᠤᠬᠠᠢ ᠪᠤᠯᠬᠤ ᠪᠦᠭᠦ ᠬᠤᠭᠤᠴᠠᠭ᠎ᠠ ᠨᠢ ᠪᠠᠷᠤᠭ ᠲᠠᠪᠢᠭᠠᠳ ᠬᠤᠨᠤᠭ ᠪᠤᠯᠳᠠᠭ᠃

        ᠭᠦᠨᠦᠭᠡᠯ ᠤᠨ ᠰᠢᠨᠵᠢ᠄ ᠪᠡᠶᠡᠯᠡᠭᠰᠡᠨ ᠬᠤᠷᠤᠬᠠᠢ ᠪᠠ ᠠᠪᠠᠭᠠᠯᠳᠠᠢ ᠨᠢ ᠴᠦᠮ ᠤᠷᠭᠤᠮᠠᠯ ᠤᠨ ᠰᠢᠭᠦᠰᠤ ᠶᠢ ᠰᠤᠷᠤᠵᠤ᠂ ᠲᠠᠰᠢᠷᠠᠮ ᠡᠷᠢᠭᠦ ᠪᠤᠶᠤ ᠵᠢᠷᠤᠮᠵᠢᠯ ᠲᠠᠢ ᠪᠠᠷ ᠤᠳᠠᠰᠤᠯᠢᠭ ᠭᠡᠯᠪᠡᠷᠢ ᠶᠢᠨ ᠭᠡᠰᠡᠭ ᠲᠤ ᠡᠰᠢ ᠶᠢ ᠬᠠᠳᠬᠤᠨ ᠴᠤᠭᠤᠯᠵᠤ᠂ ᠰᠢᠭᠦᠰᠤ ᠶᠢ ᠨᠢ ᠰᠤᠷᠤᠭᠠᠳ᠂ ᠰᠠᠭᠤᠷᠢ ᠶᠢᠨ ᠭᠡᠰᠡᠭ ᠢ ᠴᠦᠮ ᠮᠦᠯᠵᠢᠳᠡᠭ᠃ ᠵᠡᠮᠳᠡᠭᠷᠡᠭᠰᠡᠨ ᠡᠰᠢᠨ ᠭᠡᠰᠡᠭ ᠨᠢ ᠭᠡᠵᠢᠶᠠᠳᠡ ᠪᠡᠳᠡᠭᠢ ᠪᠤᠯᠵᠤ᠂ ᠲᠡᠭᠡᠳᠤ ᠭᠡᠰᠡᠭ ᠤᠨ ᠡᠷᠭᠢᠯᠳᠡ ᠶᠢ ᠲᠠᠰᠤᠯᠳᠠᠭᠤᠯᠳᠠᠭ᠃ ᠮᠠᠰᠢ ᠤᠯᠠᠨ ᠤᠷᠭᠤᠮᠠᠯ ᠰᠢᠷᠠᠯᠠᠵᠤ ᠬᠤᠮᠦ᠋ᠢᠵᠤ᠂ ᠬᠠᠭᠠᠷᠠᠬᠤ ᠪᠤᠶᠤ ᠦᠭᠦᠳᠡᠭ᠃ ᠲᠠᠷᠠᠴᠢᠯᠡᠨ ᠪᠦᠭᠦ᠋ᠢᠯᠡ ᠡᠪᠡᠰᠤ ᠪᠡᠯᠴᠢᠭᠡᠷ ᠤᠨ ᠴᠤᠮᠤᠷᠯᠢᠭ ᠨᠢ ᠤᠨᠠᠳᠠᠭ᠃

       ︵14︶ ᠬᠠᠴᠢᠭ

        ᠠᠭᠠᠯᠵᠢᠨ ᠭᠡᠯᠪᠡᠷᠢᠳᠤ ᠶᠢᠨ ᠠᠩᠭᠢ ᠳᠤ ᠬᠠᠷᠢᠶᠠᠯᠬᠠᠳᠠᠨ᠎ᠠ᠃

       ᠭᠡᠮ ᠤᠨ ᠤᠨᠴᠠᠯᠢᠭ᠄ ᠬᠠᠴᠢᠭ ᠤᠨ ᠴᠠᠷᠭᠠᠰᠤᠨ ᠤ ᠭᠦᠨᠦᠭᠡᠯ ᠨᠢ ᠭᠡᠪᠡᠯ ᠭᠤᠤᠯ ᠨᠢ ᠨᠠᠪᠴᠢ ᠪᠤᠯᠤᠨ ᠪᠤᠭᠤᠷᠴᠠᠭ ᠢᠶᠠᠷ ᠲᠠᠮᠵᠢᠨ᠂ ᠰᠢᠭᠦᠰᠤ ᠶᠢ ᠨᠢ ᠰᠤᠷᠤᠵᠤ᠂ ᠭᠡᠵᠢᠶᠡᠳᠡ ᠨᠠᠪᠴᠢᠨ ᠲᠤᠤᠷ᠎ᠠ ᠬᠠᠷᠬᠠᠳᠠᠳᠠᠭ ᠪᠦᠭᠡᠳ ᠠᠳᠡ ᠲᠡᠨᠳᠡ ᠰᠢᠷᠭᠡᠭ ᠪᠦᠭᠡᠯᠵᠢᠵᠤ᠂ ᠰᠢᠷᠭᠡᠭᠯᠢᠭ ᠲᠤᠤᠷ ᠲᠠᠳᠠᠵᠤ᠂ ᠪᠡᠶ᠎ᠠ ᠪᠠᠨ ᠬᠠᠮᠠᠭᠠᠯᠠᠳᠠᠭ᠃ ᠭᠦᠨᠦᠭᠡᠯ ᠳᠤ ᠤᠴᠠᠷᠬᠠᠰᠠᠨ ᠨᠠᠪᠴᠢ ᠨᠢ ᠲᠤᠯᠪᠤᠷᠠᠵᠤ ᠭᠦᠷᠡᠩᠳᠦᠵᠤ᠂ ᠪᠤᠭᠤᠷᠴᠠᠭ ᠨᠢ ᠴᠤ ᠭᠦᠷᠡᠩᠳᠤᠵᠤ ᠬᠠᠳᠠᠭᠠᠳ ᠲᠦᠭᠦᠷᠡᠩ ᠦᠷᠡᠯᠡᠵᠤ ᠴᠢᠳᠠᠳᠠᠭ ᠦᠭᠡᠢ ᠪᠤᠯᠳᠠᠭ᠃ ᠪᠡᠶᠡᠯᠡᠭᠰᠡᠨ ᠬᠤᠷᠤᠬᠠᠢ ᠨᠢ ᠭᠠᠵᠠᠷ ᠲᠡᠭᠡᠷᠡᠭᠢ ᠬᠤᠭ ᠨᠤᠪᠰᠢᠨ ᠳᠤ ᠡᠪᠤᠯᠵᠢᠵᠤ᠂ ᠬᠠᠪᠤᠷ ᠪᠤᠯᠤᠮᠬᠠᠴᠠ ᠶᠠᠭ ᠤᠷᠭᠤᠵᠤ ᠪᠠᠶᠢᠭ᠎ᠠ ᠤᠷᠭᠤᠮᠠᠯ ᠳᠤ ᠰᠢᠯᠵᠢᠳᠡᠭ ᠪᠠᠶᠢᠨ᠎ᠠ᠃

       ︵15︶ ᠮᠠᠢ ᠶᠢᠨ ᠴᠤᠬᠤ

      ᠭᠡᠯᠪᠡᠷᠢ ᠲᠦᠷᠰᠤ ᠶᠢᠨ ᠤᠠᠴᠠᠯᠢᠭ᠄ ᠪᠡᠶᠡᠯᠡᠭᠰᠨᠨ ᠬᠤᠷᠤᠬᠠᠢ ᠶᠢᠨ ᠪᠡᠶ᠎ᠠ ᠶᠢᠨ ᠤᠷᠳᠤ ᠨᠢ 7~9mm᠂ ᠦᠷᠭᠡᠨ ᠨᠢ 4.5~5mm᠂ ᠬᠠᠷ᠎ᠠ ᠭᠦᠷᠡᠩ ᠪᠤᠶᠤ ᠪᠤᠷᠤ ᠦᠡᠭᠭᠡ ᠲᠠᠢ ᠪᠠᠶᠢᠳᠠᠭ᠃ ᠬᠠᠳᠠᠭᠤ ᠲᠠᠯᠠᠪᠴᠢ ᠨᠢ ᠬᠤᠨ ᠭᠠᠯᠠᠭᠤᠨ ᠤ ᠨᠤᠯᠤᠤᠷ ᠠᠳᠠᠯᠢ ᠭᠢᠯᠳᠠᠭᠠᠨᠠᠵᠤ᠂ ᠲᠡᠮᠳᠡᠷᠢᠭᠦᠯ ᠨᠢ ᠭᠦᠷᠡᠩ᠂ 9 ᠦᠶ᠎ᠠ ᠲᠠᠢ᠂ ᠵᠠᠯᠮᠠᠭᠠᠢ ᠨᠢ 3 ᠦᠶ᠎ᠠ ᠲᠠᠢ᠃ ᠬᠠᠳᠠᠭᠤ ᠲᠠᠯᠠᠪᠴᠢᠨ ᠲᠡᠭᠡᠷ᠎ᠡ ᠨᠢ ᠨᠠᠷᠢᠨ ᠦᠰᠤ ᠲᠠᠢ᠂ ᠲᠠᠯᠠᠪᠴᠢ ᠪᠦᠷᠢ ᠨᠢ ᠭᠤᠷᠪᠡᠨ ᠵᠤᠷᠪᠤᠰ ᠠᠳᠤᠷᠢᠶᠠᠰᠤ ᠲᠠᠢ᠂ ᠭᠦᠪᠡᠭᠡ ᠨᠢ ᠦᠷᠭᠡᠰᠤ ᠲᠠᠢ᠂ ᠡᠮᠦᠨ᠎ᠠ ᠭᠦᠯ ᠤᠨ ᠭᠠᠳᠠᠷ ᠭᠦᠪᠡᠭᠡᠨ ᠳᠤ ᠬᠤᠶᠠᠷ ᠠᠷᠠᠭ᠎ᠠ ᠲᠠᠢ᠂ ᠠᠪᠠᠭᠠᠯᠳᠠᠢ ᠶᠢ ᠨᠢ ᠦᠳᠦᠭ ᠬᠤᠷᠤᠬᠠᠢ ᠭᠡᠳᠡᠭ᠃ ᠪᠡᠶ᠎ᠠ ᠶᠢᠨ ᠤᠷᠳᠤ ᠨᠢ 15mm ᠤᠷᠴᠢᠮ᠂ ᠲᠠᠯ᠎ᠠ ᠰᠠᠷᠠᠨ ᠭᠡᠯᠪᠡᠷᠢ ᠲᠠᠢ ᠴᠠᠭᠠᠷᠢᠠᠠᠯᠠᠵᠤ᠂ ᠲᠤᠯᠤᠭᠠᠢ ᠨᠢ ᠰᠢᠷᠭᠠᠯ ᠭᠦᠷᠡᠩ᠂ ᠭᠡᠭᠦᠳᠡᠭ ᠨᠢ ᠰᠦᠨ ᠴᠠᠭᠠᠨ ᠦᠡᠭᠭᠡ ᠲᠠᠢ ᠪᠠᠶᠢᠳᠠᠭ᠃ ᠨᠢᠴᠦᠭᠦᠨ ᠭᠡᠤᠭᠡᠯᠳᠡᠢ ᠨᠢ 8 mm ᠤᠷᠴᠢᠮ ᠤᠷᠳᠤ᠂ ᠭᠦᠷᠡᠩ ᠦᠡᠭᠭᠡ ᠲᠠᠢ᠂ ᠲᠠᠪᠬᠤᠷ ᠨᠢᠳᠤ ᠨᠢ ᠬᠠᠷ᠎ᠠ᠂ ᠡᠯ᠎ᠠ ᠨᠢᠷᠤᠭᠤᠨ ᠦᠶ᠎ᠠ ᠨᠢ ᠭᠦᠳᠦᠬᠦᠷ᠂ ᠦᠵᠦᠭᠦᠷ ᠤᠨ ᠭᠡᠰᠡᠭ ᠲᠤ ᠨᠢ ᠬᠤᠶᠠᠷ ᠰᠡᠭᠦᠯ ᠤᠨ ᠦᠷᠭᠡᠰᠤ ᠲᠠᠢ᠃ ᠦᠨᠳᠡᠭᠡ ᠨᠢ 1.2mm ᠤᠷᠳᠤ᠂ ᠵᠤᠤᠪᠠᠩ ᠭᠡᠯᠪᠡᠷᠢ ᠲᠠᠢ᠂ ᠠᠩᠬ᠎ᠠ ᠦᠨᠳᠡᠭᠡᠯᠡᠮᠡᠭᠴᠡ ᠪᠠᠨ ᠴᠠᠭᠠᠨ ᠦᠡᠭᠭᠡ ᠲᠠᠢ᠂ ᠬᠠᠯᠢᠰᠤ ᠨᠢ ᠭᠦᠯᠢᠭᠡᠷ ᠪᠠᠶᠢᠵᠤ᠂ ᠰᠡᠭᠦᠯᠡᠷ ᠨᠢ ᠰᠢᠷᠭᠠᠯ ᠪᠤᠯᠵᠤ᠂ ᠨᠡᠪᠴᠢᠭᠦ ᠦᠶ᠎ᠠ ᠳᠡᠭᠡᠨ ᠭᠦᠷᠡᠩ ᠪᠤᠯᠳᠠᠭ᠃

      ᠬᠦᠨᠦᠭᠡᠯ ᠤᠨ ᠰᠢᠨᠵᠢ᠄ ᠪᠡᠶᠡᠯᠡᠭᠰᠡᠨ ᠬᠤᠷᠤᠬᠠᠢ ᠨᠢ ᠭᠦᠷᠦᠰᠤᠨ ᠲᠤᠤᠷ᠎ᠠ 30~40cm ᠭᠦᠨ ᠳᠤ ᠡᠪᠤᠯᠵᠢᠵᠤ᠂ ᠡᠪᠤᠯᠵᠢᠭ᠍ᠰᠡᠨ ᠬᠤᠷᠤᠬᠠᠢ ᠨᠢ ᠭᠠᠷᠴᠤ ᠢᠷᠡᠭᠰᠡᠨ ᠤ ᠪᠠᠨ ᠰᠡᠭᠦᠯᠡᠷ ᠭᠤᠤᠯᠳᠠᠭᠤ ᠲᠠᠷᠢᠶᠠᠨ ᠲᠠᠯᠠᠩ ᠤᠨ ᠭᠦᠪᠡᠭᠡ ᠳᠠᠬᠢ ᠡᠪᠡᠰᠤᠨ ᠳᠤ ᠢᠳᠡᠰᠢ ᠡᠷᠢᠵᠤ᠂ ᠡᠪᠡᠰᠤ ᠪᠡᠯᠴᠢᠭᠡᠷ ᠨᠡᠭᠢᠶᠠᠯᠬᠠᠰᠠᠨ ᠤ ᠰᠡᠭᠦᠯᠡᠷ ᠠᠭᠠᠵᠢᠮ ᠢᠶᠠᠷ ᠡᠪᠡᠰᠤᠨ ᠳᠤ ᠰᠢᠯᠵᠢᠵᠤ ᠭᠦᠨᠦᠭᠡᠯ ᠲᠠᠷᠢᠳᠠᠭ᠃ ᠡᠳᠤᠷ ᠲᠠᠯᠳᠠᠯᠠᠵᠤ ᠰᠦᠨᠢ ᠭᠦᠳᠡᠯᠵᠤ᠂ ᠦᠭᠦᠭᠰᠡᠨ ᠢᠶᠠᠷ ᠤᠪᠯᠠᠬᠤ ᠴᠢᠨᠠᠷ ᠲᠠᠢ᠂ ᠡᠮ᠎ᠡ ᠬᠤᠷᠤᠬᠠᠢ ᠨᠢ ᠭᠦᠷᠦᠰᠤᠨ ᠳᠤ 9cm ᠭᠦᠨ ᠳᠤ ᠤᠷᠭᠤᠮᠠᠯ ᠤᠨ ᠦᠨᠳᠤᠰᠤᠨ ᠤ ᠤᠷᠴᠢᠮ ᠳᠤ ᠦᠨᠳᠡᠭᠡᠯᠡᠳᠡᠭ᠃ ᠵᠢᠯ ᠳᠤ ᠤᠯᠠᠨ ᠤᠳᠠᠭ᠎ᠠ ᠦᠷᠡᠵᠢᠵᠤ᠂ ᠠᠪᠠᠭᠠᠯᠳᠠᠢ ᠶᠢᠨ ᠬᠤᠭᠤᠴᠠᠭ᠎ᠠ ᠨᠢ 70~80 ᠬᠤᠨᠤᠭ᠂ ᠭᠡᠤᠭᠡᠯᠳᠡᠢ ᠶᠢᠨ ᠬᠤᠭᠤᠴᠠᠭ᠎ᠠ ᠨᠢ 23 ᠬᠤᠨᠤᠭ ᠪᠠᠶᠢᠳᠠᠭ᠃

       ︵16︶ ᠬᠤᠰᠢᠶᠠᠩᠭᠤᠷ ᠦᠨᠳᠤᠰᠤᠨ ᠪᠡᠳᠡᠭᠢ ᠶᠢᠨ ᠴᠤᠬᠤ

       ᠭᠡᠯᠪᠡᠷᠢ ᠲᠦᠷᠰᠤ ᠶᠢᠨ ᠤᠨᠴᠠᠯᠢᠭ᠄ ᠪᠠᠶᠡᠯᠡᠭᠰᠡᠨ ᠬᠤᠷᠤᠬᠠᠢ ᠨᠢ ᠬᠠᠷ᠎ᠠ ᠪᠤᠷᠤ ᠬᠠᠳᠠᠭᠤ ᠬᠤᠶᠠᠭ ᠲᠠᠢ ᠬᠤᠷᠤᠬᠠᠢ ᠪᠤᠯᠤᠨ᠎ᠠ᠃ ᠤᠷᠳᠤ ᠪᠠᠷ ᠢᠶᠠᠨ 4.75mm ᠪᠠᠶᠢᠳᠠᠭ᠃

       ᠭᠦᠨᠦᠭᠡᠯ ᠤᠨ ᠰᠢᠨᠵᠢ᠄ ᠭᠤᠤᠯᠳᠠᠭᠤ ᠨᠠᠪᠴᠢ ᠶᠢ ᠢᠳᠡᠵᠤ᠂ ᠨᠠᠪᠴᠢᠨ ᠤ ᠭᠦᠪᠡᠭᠡ ᠶᠢ ᠵᠢᠷᠤᠮᠵᠢᠯ ᠦᠭᠡᠢ ᠪᠠᠷ ᠨᠦᠭᠡᠯᠡᠳᠡᠭ᠃ ᠭᠡᠪᠡᠴᠤ ᠭᠤᠤᠯ ᠭᠦᠨᠦᠭᠡᠯ ᠨᠢ ᠭᠡᠪᠡᠯ ᠠᠪᠠᠭᠠᠯᠳᠠᠢ ᠨᠢ ᠦᠨᠳᠤᠰᠤᠨ ᠭᠡᠰᠡᠭ ᠢ ᠢᠳᠡᠭᠦ ᠳᠤ ᠪᠤᠢ᠃ ᠠᠪᠠᠭᠠᠯᠳᠠᠢ ᠨᠢ ᠪᠠᠭ᠎ᠠ ᠳᠠᠭᠠᠨ ᠵᠢᠵᠢᠭ ᠪᠦᠭᠡᠳ ᠨᠠᠷᠢᠨ ᠦᠨᠳᠤᠰᠤ ᠶᠢ ᠢᠳᠡᠵᠤ᠂ ᠨᠡᠯᠢᠶᠡᠳ ᠪᠦᠳᠦᠭᠦᠨ ᠨᠢ ᠭᠤᠤᠯ ᠦᠨᠳᠤᠰᠤ ᠶᠢ ᠲᠠᠯ᠎ᠠ ᠠᠴᠠ ᠨᠢ ᠮᠡᠷᠡᠵᠤ ᠭᠦᠨᠳᠡᠶᠢᠷᠡᠭᠦᠯᠳᠡᠭ᠃ ᠨᠢᠯᠬ᠎ᠠ ᠵᠦᠭᠡᠯᠡᠨ ᠴᠠᠷᠭᠠᠰᠤ ᠶᠢ ᠨᠡᠩ ᠭᠦᠨᠳᠤ ᠨᠤᠴᠢᠳᠡᠢ ᠭᠦᠨᠦᠭᠡᠳᠡᠭ ᠪᠦᠭᠡᠳ ᠠᠪᠠᠭᠠᠯᠳᠠᠢ ᠶᠢᠨ ᠲᠠᠷᠢᠠᠠᠰᠠᠨ ᠭᠦᠨᠦᠭᠡᠯ ᠨᠢ ᠴᠠᠷᠭᠠᠰᠤᠨ ᠤ ᠭᠦᠯᠳᠡᠭᠦ ᠶᠢ ᠨᠡᠩ ᠭᠦᠨᠳᠦᠷᠡᠭᠦᠯᠳᠡᠭ ᠪᠠᠶᠢᠨ᠎ᠠ᠃

       ᠭᠡᠮ ᠤᠨ ᠤᠨᠴᠠᠯᠢᠭ᠄ ᠲᠤᠰ ᠴᠤᠬᠤ ᠨᠢ ᠭᠦᠷᠦᠰᠤᠨ ᠭᠠᠳᠠᠷᠭᠤ ᠳᠠᠬᠢ ᠵᠡᠷᠡᠮᠳᠡᠭ ᠤᠷᠭᠤᠮᠠᠯ ᠪᠤᠶᠤ ᠬᠠᠶ᠋ᠬᠠᠳᠠᠮᠠᠯ ᠡᠳ᠋ ᠤᠨ ᠲᠡᠭᠡᠷ᠎ᠡ ᠡᠪᠤᠯᠵᠢᠵᠤ᠂ ᠲᠤᠯᠠᠭᠠᠨ ᠪᠦᠯᠢᠶᠠᠨ ᠡᠪᠤᠯ ᠤᠨ ᠡᠳᠤᠷ ᠪᠠᠰᠠ ᠬᠠᠶᠠ ᠳᠠᠭᠠᠨ ᠭᠦᠳᠡᠯᠭᠡᠭᠡᠨ ᠭᠢᠳᠡᠭ ᠪᠠᠶᠢᠨ᠎ᠠ᠃ ᠡᠮ᠎ᠡ ᠬᠤᠷᠤᠬᠠᠢ ᠨᠢ ᠬᠠᠪᠤᠷ ᠡᠷᠳᠡ ᠨᠠᠪᠴᠢᠨ ᠭᠡᠰᠡᠭ ᠪᠤᠶᠤ ᠭᠦᠷᠦᠰᠤᠨ ᠳᠤ ᠦᠨᠳᠡᠭᠡᠯᠡᠵᠤ᠂ ᠦᠨᠳᠡᠭᠡ ᠨᠢ ᠵᠢᠵᠢᠭ ᠪᠦᠭᠡᠳ ᠴᠠᠭᠠᠨ ᠦᠡᠭᠭᠡ ᠲᠠᠢ ᠪᠠᠶᠢᠵᠤ᠂ ᠰᠡᠭᠦᠯᠳᠡᠵᠤ ᠢᠷᠡᠭᠡᠳ ᠦᠳᠳᠡᠷ ᠲᠦᠷᠭᠡᠨ ᠨᠡᠭᠦᠷᠡᠰᠤᠨ ᠭᠦᠷᠡᠩ ᠦᠡᠭᠭᠡ ᠲᠠᠢ ᠪᠤᠯᠵᠤ᠂ 2 ᠭᠠᠷᠠᠭ ᠤᠨ ᠲᠤᠳᠤᠷ᠎ᠠ ᠨᠠᠪᠴᠢᠵᠤ᠂ ᠠᠪᠠᠭᠠᠯᠳᠠᠢ ᠶᠢᠨ ᠬᠤᠭᠤᠴᠠᠭ᠎ᠠ ᠨᠢ 3 ᠭᠠᠷᠠᠭ ᠤᠷᠴᠢᠮ ᠪᠠᠶᠢᠳᠠᠭ᠃ ᠪᠡᠶᠡᠯᠡᠭᠰᠡᠨ ᠲᠤᠮᠤ ᠬᠤᠷᠤᠬᠠᠢ ᠨᠢ 6.25mm ᠤᠷᠳᠤ᠂ ᠴᠠᠭᠠᠨ ᠦᠡᠭᠭᠡ ᠲᠠᠢ᠂ ᠭᠦᠯ ᠦᠭᠡᠢ᠂ ᠲᠤᠯᠤᠭᠠᠢ ᠨᠢ ᠴᠤᠺᠤᠯᠠᠳ᠋ ᠤᠨ ᠦᠡᠭᠭᠡ ᠲᠠᠢ᠂ ᠭᠡᠤᠭᠡᠯᠳᠡᠢ ᠶᠢᠨ ᠬᠤᠭᠤᠴᠠᠭ᠎ᠠ ᠪᠠᠨ ᠭᠦᠷᠦᠰᠤᠨ ᠲᠤᠳᠤᠷ᠎ᠡ ᠦᠡᠭᠭᠡᠷᠡᠭᠦᠯᠵᠤ᠂ 8~10 ᠬᠤᠨᠤᠭ ᠪᠤᠯᠵᠦ᠂ ᠵᠢᠯ ᠳᠤ ᠨᠢᠬᠡ ᠯᠠ ᠤᠳᠠᠭ᠎ᠠ ᠦᠷᠡᠵᠢᠳᠡᠭ᠃

       ︵ 7︶ ᠴᠠᠷᠭᠠᠰᠤᠨ ᠤ ᠪᠤᠭᠤᠨᠢ ᠬᠤᠰᠢᠭᠤᠳᠤ ᠴᠤᠬᠤ

       ᠭᠡᠯᠪᠡᠷᠢ ᠲᠦᠷᠰᠤ ᠶᠢᠨ ᠤᠨᠴᠠᠯᠢᠭ᠄ ᠪᠡᠶᠡᠯᠡᠭᠰᠡᠨ ᠬᠤᠷᠤᠬᠠᠢ ᠨᠢ 9.53~12.7mm ᠤᠷᠳᠤ᠃ ᠬᠠᠷ᠎ᠠ ᠦᠡᠭᠭᠡ ᠲᠠᠢ ᠪᠦᠭᠡᠳ ᠰᠤᠪᠤᠳᠯᠢᠭ ᠪᠤᠷᠤ ᠲᠤᠯᠪᠤ ᠲᠠᠢ᠂ ᠬᠠᠳᠠᠭᠤ ᠲᠠᠯᠠᠪᠴᠢ ᠨᠢ ᠬᠤᠮᠢᠭᠠᠰᠤᠳᠠᠢ᠃ ᠨᠢᠰᠴᠤ ᠴᠢᠳᠠᠳᠠᠭ ᠦᠭᠡᠢ᠃ 5~9 ᠰᠠᠷ᠎ᠠ ᠳᠤ ᠭᠦᠷᠦᠰᠤᠨ ᠳᠤ ᠲᠠᠩ ᠢᠶᠠᠷ ᠦᠨᠳᠡᠭᠡᠯᠡᠵᠤ᠂ ᠪᠠᠷᠤᠭ ᠬᠤᠶᠠᠷ ᠭᠠᠷᠠᠭ ᠪᠤᠯᠪᠠᠯ ᠨᠠᠪᠴᠢᠵᠤ᠂ ᠠᠪᠠᠭᠠᠯᠳᠠᠢ ᠨᠢ ᠭᠦᠷᠦᠰᠤᠨ ᠳᠤ ᠰᠢᠷᠭᠤᠵᠤ᠂ ᠤᠷᠢᠳ ᠢᠶᠠᠷ ᠴᠠᠷᠭᠠᠰᠤᠨ ᠤ ᠰᠠᠯᠠᠭ᠎ᠠ ᠦᠨᠳᠤᠰᠤ ᠶᠢ ᠢᠳᠡᠵᠤ᠂ ᠰᠡᠭᠦᠯᠡᠷ ᠨᠢ ᠭᠤᠤᠯ ᠦᠨᠳᠤᠰᠤ ᠶᠢ ᠢᠳᠡᠵᠤ᠂ ᠭᠦᠨᠳᠤ ᠨᠤᠴᠢᠳᠡᠢ ᠭᠦᠨᠦᠭᠡᠳᠡᠭ᠃

      ᠭᠦᠨᠦᠭᠡᠯ ᠤᠨ ᠰᠢᠨᠵᠢ᠄ ᠭᠤᠤᠯ ᠨᠢ ᠠᠪᠠᠭᠠᠯᠳᠠᠢ ᠶᠢᠨ ᠭᠦᠨᠦᠭᠡᠯ ᠪᠤᠯᠤᠨ᠎ᠠ᠃ ᠦᠨᠳᠤᠰᠤᠨ ᠤ ᠲᠤᠳᠤᠷ᠎ᠡ ᠮᠡᠷᠡᠭᠰᠡᠭᠡᠷ ᠪᠠᠶᠢᠭᠠᠳ ᠭᠦᠨ ᠬᠤᠪᠢᠯ ᠭᠠᠷᠭᠠᠳᠠᠭ᠃ ᠭᠦᠨᠳᠤ ᠨᠤᠴᠢᠳᠡᠢ ᠭᠦᠨᠦᠭᠡᠭᠳᠡᠭᠰᠡᠨ ᠲᠠᠷᠢᠶᠠᠨ ᠤ ᠨᠠᠪᠴᠢ ᠨᠢ ᠰᠢᠷᠠᠯᠠᠵᠤ᠂ ᠭᠠᠩ ᠲᠠᠢ ᠦᠶᠡᠰ ᠨᠡᠩ ᠨᠤᠴᠢᠳᠡᠢ ᠭᠦᠨᠦᠭᠡᠳᠡᠭ᠃

      ︵18︶ ᠴᠠᠷᠭᠠᠰᠤᠨ ᠰᠤᠬᠤᠷ ᠪᠠᠷᠰ

      ᠭᠡᠯᠪᠡᠷᠢ ᠲᠦᠷᠰᠤ ᠶᠢᠨ ᠤᠨᠴᠠᠯᠢᠭ᠄ ᠪᠡᠶᠡᠯᠡᠭᠰᠨᠨ ᠬᠤᠷᠤᠬᠠᠢ ᠶᠢᠨ ᠪᠡᠶ᠎ᠠ ᠶᠢᠨ ᠤᠷᠳᠤ ᠨᠢ 7.5mm᠂ ᠪᠠᠶ᠎ᠠ ᠨᠢ ᠰᠢᠷᠭᠠᠯ ᠭᠦᠷᠡᠩ᠂ ᠲᠤᠯᠤᠭᠠᠢ ᠨᠢ ᠭᠦᠷᠡᠩ᠂ ᠴᠠᠭᠡᠵᠢ ᠨᠢᠷᠤᠭᠤ ᠨᠢ ᠰᠢᠷᠭᠠᠯ᠂ ᠠᠷᠤ ᠭᠦᠪᠡᠭᠡ ᠨᠢ ᠬᠤᠶᠠᠷ ᠬᠠᠷ᠎ᠠ ᠲᠤᠯᠪᠤ ᠲᠠᠢ᠂ ᠬᠤᠶᠠᠭ ᠨᠢ ᠭᠤᠷᠪᠡᠯᠵᠢᠨ᠂ ᠲᠡᠭᠡᠷ᠎ᠡ ᠨᠢ ᠵᠢᠭᠳᠡ ᠬᠠᠷ᠎ᠠ ᠲᠤᠯᠪᠤ ᠲᠠᠢ᠃ ᠠᠪᠠᠭᠠᠯᠳᠠᠢ ᠨᠢ ᠨᠢᠭᠡᠳᠦᠭᠡᠷ ᠬᠤᠭᠤᠴᠠᠭᠠᠨ ᠳᠠᠭᠠᠨ ᠨᠤᠭᠤᠭᠠᠨ᠂ ᠲᠠᠪᠬᠤᠷ ᠨᠢᠳᠤ ᠨᠢ ᠤᠯᠠᠭᠠᠨ᠂ ᠲᠠᠮᠳᠡᠷᠢᠭᠦᠯ ᠨᠢ ᠲᠦᠷᠪᠡᠨ ᠦᠶ᠎ᠠ ᠲᠠᠢ᠂ ᠪᠡᠶ᠎ᠠ ᠶᠢᠨ ᠤᠷᠳᠤ ᠨᠢ 1.5mm ᠤᠷᠴᠢᠮ᠂ ᠬᠤᠶᠠᠳᠤᠭᠠᠷ ᠬᠤᠭᠤᠴᠠᠭᠠᠨ ᠳᠠᠭᠠᠨ ᠲᠠᠪᠬᠤᠷ ᠨᠢᠳᠤ ᠭᠢᠭᠡᠳ ᠲᠠᠮᠳᠡᠷᠢᠭᠦᠯ ᠨᠢ ᠤᠯᠠᠭᠠᠨ᠂ ᠲᠠᠪᠤᠳᠤᠭᠠᠷ ᠬᠤᠭᠤᠴᠠᠭᠠᠨ ᠳᠠᠭᠠᠨ ᠪᠡᠶ᠎ᠠ ᠨᠢ ᠰᠢᠷᠭᠠᠯ ᠨᠤᠭᠤᠭᠠᠨ ᠪᠤᠯᠵᠤ᠂ ᠲᠠᠪᠬᠤᠷ ᠨᠢᠳᠤ ᠨᠢ ᠪᠤᠷᠤᠪᠳᠤᠷ᠂ ᠲᠠᠮᠳᠡᠷᠢᠭᠦᠯ ᠨᠢ ᠭᠦᠷᠡᠩᠳᠤᠷ᠂ ᠪᠠᠶᠠᠨ ᠳᠤᠨᠢ ᠲᠤᠯᠪᠤ ᠨᠢᠠᠠᠳᠠᠷᠠᠵᠤ᠂ ᠪᠡᠶ᠎ᠠ ᠶᠢᠨ ᠤᠷᠳᠤ ᠨᠢ 5mm ᠪᠤᠯᠳᠠᠭ᠃ ᠵᠢᠯ ᠳᠤ 3~4 ᠤᠳᠠᠭ᠎ᠠ ᠦᠷᠡᠵᠢᠵᠤ᠂ ᠦᠨᠳᠡᠭᠡ ᠨᠢ ᠴᠠᠷᠭᠠᠰᠤ ᠵᠢᠴᠢ ᠪᠤᠰᠤᠳ ᠮᠦᠯᠵᠢᠭᠦᠷ ᠤᠷᠭᠤᠮᠠᠯ ᠤᠨ ᠡᠰᠢᠨ ᠳᠤ ᠡᠪᠤᠯᠵᠢᠵᠤ᠂ ᠲᠠᠷᠠᠭ᠎ᠠ ᠵᠢᠯ ᠤᠨ 4 ᠳ᠋ᠤᠭᠡᠷ ᠰᠠᠷ᠎ᠠ ᠶᠢᠨ ᠡᠭᠢ ᠪᠤᠶᠤ ᠲᠤᠮᠳᠠᠴᠢ ᠪᠠᠷ ᠲᠤᠯᠠᠭᠠᠨ ᠤ ᠭᠡᠮᠵᠢᠶ᠎ᠠ 17℃ ᠪᠤᠯᠬᠤ ᠦᠶᠡᠰ ᠨᠠᠪᠴᠢᠵᠤ᠂ 5 ᠳ᠋ᠤᠭᠠᠷ ᠰᠠᠷ᠎ᠠ ᠶᠢᠨ ᠲᠤᠮᠳᠡᠴᠢ ᠪᠠᠷ ᠨᠢᠭᠡᠳᠦᠭᠡᠷ ᠦᠶ᠎ᠠ ᠨᠢ ᠪᠡᠶᠡᠯᠡᠭᠰᠡᠨ ᠬᠤᠷᠤᠬᠠᠢ ᠪᠤᠯᠳᠠᠭ᠃ ᠭᠡᠤᠭᠡᠯᠳᠡᠶᠢᠵᠢᠭᠦ ᠬᠤᠭᠤᠴᠠᠭ᠎ᠠ ᠨᠢ 1 ᠰᠠᠷ᠎ᠠ ᠪᠠᠶᠢᠵᠦ ᠡᠷᠳᠡ ᠭᠡᠤᠭᠡᠯᠳᠡᠶᠢᠵᠢᠭᠰᠡᠨ ᠨᠢ ᠴᠠᠷᠭᠠᠰᠤ ᠶᠢᠨ ᠭᠠᠵᠠᠷ ᠲᠤ ᠦᠷᠭᠦᠯᠵᠢᠯᠡᠨ ᠦᠨᠳᠡᠭᠡᠯᠡᠵᠤ᠂ ᠤᠷᠤᠢ ᠭᠡᠤᠭᠡᠯᠳᠡᠶᠢᠵᠢᠭᠰᠡᠨ ᠨᠢ ᠴᠠᠷᠭᠠᠰᠤ ᠦᠳᠡᠯᠦᠭᠰᠡᠨ ᠠᠴᠠ ᠪᠤᠯᠤᠭᠠᠳ ᠪᠤᠰᠤᠳ ᠤᠷᠭᠤᠮᠠᠯ ᠲᠡᠭᠡᠷ᠎ᠡ ᠦᠨᠳᠡᠭᠡᠯᠡᠳᠡᠭ᠃ ᠵᠢᠷᠭᠤᠳᠤᠭᠠᠷ ᠰᠠᠷ᠎ᠠ ᠶᠢᠨ ᠲᠤᠮᠳᠠᠴᠢ ᠪᠠᠷ ᠬᠤᠶᠠᠳᠤᠭᠠᠷ ᠦᠶ᠎ᠠ ᠶᠢᠨ ᠪᠡᠶᠡᠯᠡᠭᠰᠡᠨ ᠬᠤᠷᠤᠬᠠᠢ ᠨᠢ ᠶᠡᠭᠡ ᠪᠠᠷ ᠢᠯᠡᠷᠡᠵᠤ᠂ 6 ᠳ᠋ᠤᠭᠠᠷ ᠰᠠᠷ᠎ᠠ ᠶᠢᠨ ᠲᠤᠮᠳᠠᠴᠢ ᠪᠤᠶᠤ ᠰᠡᠭᠦᠯᠴᠢ ᠪᠠᠷ ᠬᠤᠶᠠᠳᠤᠭᠠᠷ ᠦᠶ᠎ᠠ ᠨᠢ ᠭᠡᠤᠭᠡᠯᠳᠡᠶᠢᠵᠢᠳᠡᠭ᠃ 7 ᠳ᠋ᠤᠭᠠᠷ ᠰᠠᠷ᠎ᠠ ᠪᠤᠯ ᠭᠤᠷᠪᠡᠳᠤᠭᠠᠷ ᠦᠶ᠎ᠠ ᠶᠢᠨ ᠬᠤᠷᠤᠬᠠᠢ ᠶᠢᠨ ᠭᠦᠨᠦᠭᠡᠯ ᠤᠨ ᠬᠤᠭᠤᠴᠠᠭ᠎ᠠ ᠪᠤᠯᠤᠨ᠎ᠠ᠃ 7 ᠳ᠋ᠤᠭᠠᠷ ᠰᠠᠷ᠎ᠠ ᠶᠢᠨ ᠰᠡᠭᠦᠯᠴᠢ ᠪᠠᠷ ᠭᠤᠷᠪᠡᠳᠤᠭᠠᠷ ᠦᠶ᠎ᠠ ᠶᠢᠨ ᠪᠡᠶᠡᠯᠡᠭᠰᠡᠨ ᠬᠤᠷᠤᠬᠠᠢ ᠭᠡᠤᠭᠡᠯᠳᠡᠶᠢᠵᠢᠳᠡᠭ᠃ 9 ᠳ᠋ᠤᠭᠡᠷ ᠰᠠᠷ᠎ᠠ ᠶᠢᠨ ᠲᠤᠮᠳᠡᠴᠢ ᠪᠠᠷ ᠲᠦᠷᠪᠡᠳᠦᠭᠡᠷ ᠦᠶ᠎ᠠ ᠨᠢ ᠭᠡᠤᠭᠡᠯᠳᠡᠶᠢᠵᠢᠵᠤ᠂ ᠴᠠᠷᠭᠠᠰᠤ ᠵᠡᠷᠭᠡ ᠪᠤᠷᠴᠠᠬ ᠤᠨ ᠢᠵᠠᠭᠤᠷ ᠤᠨ ᠤᠷᠭᠤᠮᠠᠯ ᠤᠨ ᠡᠰᠢᠨ ᠳᠤ ᠡᠪᠤᠯᠵᠢᠳᠡᠭ ᠪᠠᠶᠢᠨ᠎ᠠ᠃ ᠭᠦᠨᠦᠭᠡᠯ ᠨᠢ ᠭᠡᠪᠡᠯ ᠪᠡᠶᠡᠯᠡᠭᠰᠡᠨ ᠬᠤᠷᠤᠬᠠᠢ ᠪᠠ ᠠᠪᠠᠭᠠᠯᠳᠠᠢ ᠨᠢ ᠴᠦᠮ ᠤᠷᠭᠤᠮᠠᠯ ᠤᠨ ᠵᠦᠭᠡᠯᠡᠨ ᠡᠰᠢ᠂ ᠨᠠᠭᠢᠶ᠎ᠠ᠂ ᠨᠠᠪᠴᠢ ᠪᠤᠯᠤᠨ ᠴᠡᠴᠡᠭ ᠤᠨ ᠰᠢᠭᠦᠰᠤ ᠶᠢ ᠰᠤᠷᠤᠵᠤ᠂ ᠲᠡᠭᠦᠨ ᠢ ᠬᠠᠳᠠᠭᠠᠵᠤ ᠦᠭᠦᠭᠦᠯᠳᠡᠭ ᠶᠤᠮ᠃

      ︵19︶ ᠡᠪᠡᠰᠤ ᠪᠡᠯᠴᠢᠭᠡᠷ ᠤᠨ ᠰᠤᠬᠤᠷ ᠪᠢᠰ

      ᠭᠡᠯᠪᠡᠷᠢ ᠲᠦᠷᠰᠤ ᠶᠢᠨ ᠤᠠᠴᠠᠯᠢᠭ᠄ ᠪᠡᠶ᠎ᠠ ᠶᠢᠨ ᠤᠷᠳᠤ ᠨᠢ 6mm᠂ ᠦᠷᠭᠡᠨ ᠨᠢ 3mm᠂ ᠪᠦᠭᠦ ᠪᠡᠶ᠎ᠠ ᠨᠢ ᠨᠤᠭᠤᠭᠠᠨ ᠭᠦᠷᠡᠩ᠂ ᠲᠤᠯᠤᠭᠠᠢ᠂ ᠲᠡᠮᠳᠡᠷᠢᠭᠦᠯ ᠨᠢ ᠭᠦᠷᠡᠩ᠂ ᠲᠠᠪᠬᠤᠷ ᠨᠢᠳᠤ ᠨᠢ ᠬᠤᠶᠠᠷ ᠲᠠᠯ᠎ᠠ ᠵᠦᠭ ᠢᠶᠠᠨ ᠭᠦᠳᠦᠭᠦᠷ᠂ ᠬᠠᠷ᠎ᠠ ᠭᠦᠷᠡᠩ ᠦᠡᠭᠭᠡ ᠲᠠᠢ᠃ ᠵᠢᠯ ᠳᠤ ᠪᠠᠷᠤᠭ ᠬᠤᠶᠠᠷ ᠦᠶ᠎ᠠ ᠦᠷᠡᠵᠢᠵᠤ᠂ ᠪᠡᠶᠡᠯᠡᠭᠰᠡᠨ ᠪᠡᠶ᠎ᠠ ᠪᠠᠷ ᠡᠪᠤᠯᠵᠢᠳᠡᠭ᠃ ᠬᠠᠪᠤᠷ ᠡᠷᠳᠡ ᠰᠠᠯᠠᠭ᠎ᠠ ᠨᠠᠮᠠᠭ᠎ᠠ ᠪᠤᠶᠤ ᠨᠠᠪᠴᠢᠨ ᠤ ᠨᠡᠭᠡᠳᠡᠰᠤᠨ ᠳᠤ ᠦᠨᠳᠡᠭᠡᠯᠡᠵᠤ᠂ ᠵᠦᠭᠡᠯᠡᠨ ᠨᠠᠪᠴᠢᠨ ᠲᠡᠭᠡᠷ᠎ᠡ ᠦᠨᠳᠡᠭᠡᠯᠡᠭᠰᠡᠨ ᠭᠠᠵᠠᠷ ᠨᠢ ᠵᠢᠭᠠᠬᠠᠨ ᠤᠯᠠᠭᠠᠪᠳᠤᠷ ᠪᠠᠶᠢᠵᠤ᠂ ᠡᠮ᠎ᠠ ᠬᠤᠷᠤᠬᠠᠢ ᠪᠦᠷᠢ ᠨᠢ 36~80 ᠦᠨᠳᠡᠭᠡᠯᠡᠳᠡᠭ᠃

      ᠭᠦᠨᠦᠭᠡᠯ ᠤᠨ ᠰᠢᠨᠵᠢ ᠨᠢ ᠭᠡᠪᠡᠯ ᠠᠪᠠᠭᠠᠯᠳᠠᠢ ᠨᠢ ᠰᠢᠭᠦᠰᠤ ᠶᠢ ᠰᠤᠷᠤᠵᠤ᠂ ᠨᠠᠪᠴᠢ ᠪᠤᠯᠤᠨ ᠵᠢᠮᠢᠰ ᠢ ᠦᠡᠭᠭᠡ ᠠᠯᠳᠠᠭᠤᠯᠤᠨ ᠦᠷᠴᠶᠢᠵᠤ ᠬᠤᠷᠪᠤᠶᠢᠯᠭᠠᠨ ᠲᠦᠷᠰᠤ ᠠᠯᠳᠠᠭᠤᠯᠳᠠᠭ᠃

      ︵20︶ ᠴᠠᠷᠭᠠᠰᠤᠨ ᠤ ᠦᠷᠭᠡᠨ ᠮᠦᠷᠳᠤ ᠵᠢᠵᠢᠭ ᠵᠦᠭᠡᠢ

      ᠭᠡᠯᠪᠡᠷᠢ ᠲᠦᠷᠰᠤ ᠶᠢᠨ ᠤᠨᠴᠠᠯᠢᠭ᠄ ᠪᠡᠶᠡᠯᠡᠭᠰᠡᠨ ᠵᠢᠵᠢᠭ ᠵᠦᠭᠡᠢ ᠶᠢᠨ ᠪᠡᠶ᠎ᠠ ᠶᠢᠨ ᠤᠷᠳᠤ ᠨᠢ 1.8~2mm᠂ ᠬᠠᠷ᠎ᠠ ᠦᠡᠭᠭᠡ ᠲᠠᠢ᠂ ᠭᠠᠭᠴᠠ ᠭᠦᠯ ᠨᠢ ᠰᠢᠷᠭᠠᠯ ᠭᠦᠷᠡᠩ ᠪᠠᠶᠢᠳᠠᠭ᠃ ᠦᠨᠳᠡᠭᠡ ᠨᠢ ᠦᠡᠭᠭᠡ ᠦᠭᠡᠢ᠂ ᠠᠪᠠᠭᠠᠯᠳᠠᠢ ᠨᠢ ᠭᠦᠯ ᠦᠭᠡᠢ ᠮᠤᠰᠭᠢᠯᠳᠤᠵᠦ᠂ ᠬᠠᠭᠠᠰ ᠲᠤᠭᠤᠷᠢᠭ ᠭᠡᠯᠪᠡᠷᠢ ᠲᠠᠢ ᠲᠤᠯᠤᠭᠠᠢ ᠨᠢ ᠲᠤᠳᠤ ᠦᠭᠡᠢ᠂ ᠨᠢᠴᠦᠭᠦᠨ ᠭᠡᠤᠭᠡᠯᠳᠡᠢ ᠨᠢ ᠴᠠᠭᠠᠨ᠂ ᠭᠡᠪᠡᠴᠤ ᠠᠭᠠᠵᠢᠮ ᠢᠶᠠᠷ ᠬᠠᠷᠠᠪᠳᠤᠷ ᠪᠤᠯᠵᠤ᠂ ᠭᠡᠤᠭᠡᠯᠳᠡᠶᠢᠵᠢᠭᠦ ᠦᠶ᠎ᠠ ᠳᠡᠭᠡᠨ ᠬᠠᠷ᠎ᠠ ᠪᠤᠯᠳᠠᠭ᠃ ᠦᠨᠳᠡᠭᠡ ᠶᠢᠨ ᠨᠡᠪᠴᠢᠭᠦ ᠬᠤᠭᠤᠴᠠᠭ᠎ᠠ ᠨᠢ 4~10 ᠡᠳᠤᠷ ᠪᠠᠶᠢᠵᠤ᠂ ᠠᠪᠠᠭᠠᠯᠳᠠᠢ ᠨᠢ ᠪᠦᠷᠢᠮᠦᠰᠤᠨ ᠪᠤᠶᠢᠵᠢᠬᠤ ᠳᠤ ᠪᠠᠷᠤᠭ 12~13 ᠬᠤᠨᠤᠭ ᠭᠡᠷᠡᠭᠯᠡᠨ᠎ᠡ᠃ ᠠᠪᠠᠭᠠᠯᠳᠠᠢ ᠨᠢ ᠦᠷ᠎ᠡ ᠶᠢᠨ ᠲᠤᠮᠳᠠ ᠭᠡᠤᠭᠡᠯᠳᠡᠶᠢᠵᠢᠵᠤ᠂ ᠵᠤᠨ ᠤ ᠭᠡᠤᠭᠡᠯᠳᠡᠶᠢᠵᠢᠭᠦ ᠬᠤᠭᠤᠴᠠᠭ᠎ᠠ ᠨᠢ 6~10 ᠬᠤᠨᠤᠭ ᠪᠠᠶᠢᠳᠠᠭ᠃ ᠪᠡᠶᠡᠯᠡᠭᠦ ᠬᠤᠷᠤᠬᠠᠢ ᠨᠢ ᠦᠷ᠎ᠡ ᠶᠢᠨ ᠬᠠᠯᠢᠰᠤ ᠶᠢ ᠭᠡᠮᠡᠯᠢᠨ ᠲᠤᠭᠤᠷᠢᠭ ᠨᠦᠭᠡ ᠭᠠᠷᠭᠠᠨ ᠭᠡᠤᠭᠡᠯᠳᠡᠶᠢᠵᠢᠨ ᠭᠠᠷᠴᠤ ᠢᠷᠡᠭᠡᠳ ᠵᠢᠯ ᠳᠤ ᠭᠡᠳᠦᠨ ᠦᠶ᠎ᠠ ᠦᠷᠡᠵᠢᠳᠡᠭ᠃

      ᠭᠦᠨᠦᠭᠡᠯ ᠨᠢ ᠭᠡᠪᠡᠯ ᠵᠢᠵᠢᠭ ᠵᠦᠭᠡᠢ ᠪᠤᠯ ᠪᠤᠷᠴᠠᠭ ᠤᠨ ᠢᠵᠠᠭᠤᠷ ᠤᠨ ᠡᠪᠡᠰᠤ ᠪᠡᠯᠴᠢᠭᠡᠷ ᠢ ᠭᠦᠨᠦᠭᠡᠳᠡᠭ ᠭᠤᠤᠯ ᠭᠦᠨᠦᠭᠡᠯᠳᠤ ᠬᠤᠷᠤᠬᠠᠢ ᠪᠤᠯᠤᠨ᠎ᠠ᠃ ᠦᠷ᠎ᠡ ᠶᠢᠨ ᠲᠤᠳᠤᠷ᠎ᠡ ᠰᠢᠮᠡᠳᠭᠦ ᠨᠤᠷᠮ᠎ᠠ ᠨᠢ 30%~50% ᠳᠤ ᠭᠦᠷᠳᠡᠭ᠃ ᠡᠮ᠎ᠠ ᠵᠦᠭᠡᠢ ᠨᠢ ᠦᠨᠳᠡᠬᠡᠪᠴᠢ ᠪᠠᠨ ᠪᠤᠭᠤᠷᠴᠠᠭ ᠪᠤᠶᠤ ᠶᠠᠭ ᠦᠷᠡᠯᠡᠵᠤ ᠪᠦᠭᠦᠢ ᠦᠷ᠎ᠡ ᠶᠢᠨ ᠲᠤᠳᠤᠷ᠎ᠠ ᠬᠠᠳᠬᠤᠨ ᠤᠷᠤᠭᠤᠯᠵᠤ᠂ ᠶᠠᠷᠦ ᠳᠡᠭᠡᠨ ᠨᠢᠭᠡ ᠮᠦᠭᠦᠯᠢᠭ ᠦᠷ᠎ᠡ ᠳᠤ ᠨᠢᠭᠡ ᠦᠨᠳᠡᠭᠡᠯᠡᠵᠤ᠂ ᠠᠪᠠᠭᠠᠯᠳᠠᠢ ᠶᠢᠨ ᠪᠤᠶᠢᠵᠢᠯᠳᠡ ᠶᠢ ᠲᠠᠭᠠᠯᠳᠤᠨ ᠦᠷ᠎ᠡ ᠶᠢᠨ ᠴᠦᠮ᠎ᠠ ᠶᠢ ᠴᠦᠮ ᠢᠳᠡᠵᠤ ᠲᠠᠭᠤᠰᠬᠠᠭᠠᠳ᠂ ᠵᠦᠪᠭᠡᠨ ᠬᠠᠯᠢᠰᠤ ᠶᠢ ᠨᠢ ᠦᠯᠡᠳᠡᠭᠡᠳᠡᠭ ᠪᠠᠶᠢᠨ᠎ᠠ᠃

      ︵21︶ ᠵᠢᠮᠡ ᠬᠤᠷᠤᠬᠠᠢ

      ᠭᠦᠨᠦᠭᠡᠯ ᠤᠨ ᠰᠢᠨᠵᠢ᠄ ᠵᠢᠮᠡ ᠬᠤᠷᠤᠬᠠᠢ ᠶᠢᠨ ᠪᠡᠶᠡᠯᠡᠭᠰᠡᠨ ᠬᠤᠷᠤᠬᠠᠢ ᠪᠤᠯᠤᠨ ᠠᠪᠠᠭᠠᠯᠳᠠᠢ ᠨᠢ ᠭᠤᠤᠯ ᠨᠢ ᠴᠠᠷᠭᠠᠰᠤ ᠶᠢᠨ ᠨᠢᠯᠬ᠎ᠠ ᠨᠡᠭᠡᠳᠡᠰᠤ ᠶᠢ ᠢᠳᠡᠵᠤ᠂ ᠴᠢᠭᠢᠯᠡᠭᠦ ᠪᠡ ᠰᠠᠯᠠᠭᠠᠯᠠᠬᠤ ᠦᠶ᠎ᠠ ᠳᠤ ᠭᠤᠤᠯ ᠨᠠᠪᠴᠢ ᠪᠠ ᠨᠢᠯᠬ᠎ᠠ ᠨᠠᠪᠴᠢ ᠶᠢ ᠭᠦᠨᠦᠭᠡᠵᠤ᠂ ᠴᠠᠴᠡᠭ ᠲᠡᠯᠭᠡᠷᠡᠭᠦ ᠪᠡ ᠦᠷᠡᠯᠡᠭᠦ ᠦᠶᠡᠰ ᠭᠤᠤᠯ ᠨᠢ ᠴᠡᠴᠡᠭ ᠢ ᠭᠦᠨᠦᠭᠡᠳᠡᠭ᠃ ᠴᠡᠴᠡᠭ ᠤᠨ ᠲᠤᠳᠤᠷ᠎ᠡ ᠢᠳᠡᠰᠢ ᠡᠷᠢᠭᠦ ᠳᠡᠭᠡᠨ ᠴᠡᠴᠡᠭ ᠢ ᠨᠢᠴᠠᠯᠤᠨ ᠲᠠᠯᠬᠠᠳᠠᠵᠤ᠂ ᠲᠤᠯᠭᠠᠭᠤᠷᠢ ᠶᠢ ᠨᠢ ᠡᠪᠳᠡᠵᠤ᠂ ᠴᠡᠴᠡᠭ ᠤᠨ ᠰᠢᠮ᠎ᠠ ᠶᠢ ᠨᠢ ᠰᠤᠷᠤᠵᠤ᠂ ᠴᠠᠴᠡᠭ ᠪᠡ ᠪᠤᠭᠤᠷᠴᠠᠭ ᠢ ᠤᠨᠠᠭᠠᠵᠤ᠂ ᠦᠷ᠎ᠠ ᠶᠢᠨ ᠭᠠᠷᠤᠯᠳᠠ ᠶᠢ ᠪᠠᠭᠤᠷᠠᠭᠤᠯᠳᠠᠭ᠃ ᠵᠢᠮᠡ ᠬᠤᠷᠤᠬᠠᠢ ᠶᠢᠨ ᠭᠦᠨᠦᠭᠡᠯ ᠢᠶᠠᠷ ᠴᠠᠷᠭᠠᠰᠤ ᠶᠢᠨ ᠬᠠᠭᠤᠷᠠᠢ ᠡᠪᠡᠰᠤᠨ ᠤ ᠤᠨᠠᠯᠳᠠ ᠪᠠᠭᠤᠷᠠᠵᠤ᠂ ᠰᠢᠮ᠎ᠠ ᠲᠡᠵᠢᠭᠡᠯ ᠤᠨ ᠪᠦᠷᠢᠯᠳᠦᠭᠦᠨ ᠨᠢ ᠶᠡᠭᠡ ᠪᠠᠷ ᠬᠠᠰᠤᠠᠠᠳᠠᠵᠤ᠂ ᠪᠦᠳᠦᠭᠦᠯᠢᠭ ᠰᠢᠷᠭᠡᠭᠯᠢᠭ ᠤᠨ ᠠᠭᠤᠯᠤᠭᠳᠠᠴᠨ ᠲᠡᠭᠡᠭᠰᠢᠯᠡᠵᠤ᠂ ᠠᠽᠤᠲ ᠭᠦᠴᠢᠯ ᠤᠨ ᠶᠠᠷᠦᠩᠭᠡᠢ ᠭᠡᠮᠵᠢᠶ᠎ᠠ ᠪᠠᠭᠤᠷᠠᠵᠤ᠂ ᠡᠴᠤᠰ ᠲᠡᠭᠡᠨ ᠴᠠᠷᠭᠠᠰᠤᠨ ᠤ ᠴᠢᠨᠠᠷ ᠨᠢ ᠭᠦᠨᠳᠤ ᠨᠤᠴᠢᠳᠡᠢ ᠮᠠᠭᠤᠳᠠᠳᠠᠭ᠃

      ᠤᠨᠴᠠᠯᠢᠭ᠄ ᠵᠢᠮᠡ ᠬᠤᠷᠤᠬᠠᠢ ᠪᠤᠯ ᠭᠡᠤᠭᠡᠯᠳᠡᠢ ᠪᠠᠷ ᠢᠶᠠᠨ 5~10cm ᠭᠦᠨ ᠭᠦᠷᠦᠰᠤᠨ ᠳᠤ ᠡᠪᠤᠯᠵᠢᠵᠤ᠂ 4 ᠳ᠋ᠤᠬᠡᠷ ᠰᠠᠷ᠎ᠠ ᠶᠢᠨ ᠲᠤᠮᠳᠠᠴᠢ ᠪᠠᠷ ᠲᠤᠮᠳᠠᠴᠢ ᠲᠤᠯᠭᠠᠨ ᠤ ᠭᠡᠮᠵᠢᠶ᠎ᠠ 8℃ ᠠᠴᠠ ᠲᠡᠭᠡᠭᠰᠢ ᠪᠤᠯᠬᠤ ᠦᠶ᠎ᠠ ᠳᠤ ᠭᠡᠤᠭᠡᠯᠳᠡᠢ ᠨᠢ ᠪᠡᠶᠡᠯᠡᠭᠰᠡᠨ ᠬᠤᠷᠤᠬᠠᠢ ᠪᠤᠯᠤᠭᠠᠳ ᠤᠷᠭᠤᠵᠤ ᠪᠠᠶᠢᠭ᠎ᠠ ᠤᠷᠭᠤᠮᠠᠯ ᠤᠨ ᠵᠦᠭ ᠨᠡᠭᠦᠳᠡᠯᠯᠡᠳᠡᠭ᠃ 10 ᠳ᠋ᠤᠭᠠᠷ ᠰᠠᠷ᠎ᠠ ᠶᠢᠨ ᠲᠤᠮᠳᠡᠴᠢ ᠪᠡ ᠲᠤᠮᠳᠠᠴᠢ ᠲᠤᠯᠠᠭᠠᠨ ᠤ ᠭᠡᠮᠵᠢᠶ᠎ᠠ 7℃ ᠪᠤᠯᠵᠤ ᠪᠠᠭᠤᠷᠠᠬᠤ ᠦᠶᠡᠰ ᠭᠡᠤᠭᠡᠯᠳᠡᠢ ᠨᠢ ᠭᠦᠷᠦᠰᠤᠨ ᠳᠤ ᠤᠷᠤᠵᠤ ᠡᠪᠤᠯᠵᠢᠳᠡᠭ᠃ ᠵᠢᠮᠡ ᠬᠤᠷᠤᠬᠠᠢ ᠶᠢᠨ ᠪᠡᠶ᠎ᠠ ᠶᠢᠨ ᠤᠷᠳᠤ ᠨᠢ 1~1.8mm ᠪᠠᠶᠢᠵᠤ᠂ ᠭᠦᠷᠡᠩ ᠦᠡᠭᠭᠡ ᠲᠠᠢ᠂ ᠵᠢᠯ ᠳᠤ ᠪᠠᠷᠤᠭ ᠲᠠᠪᠤᠨ ᠦᠶ᠎ᠠ ᠦᠷᠡᠵᠢᠳᠡᠭ᠃ ᠲᠠᠭᠦᠨ ᠤ ᠦᠰᠴᠤ ᠦᠷᠡᠵᠢᠭᠦ ᠬᠠᠮᠤᠭ ᠤᠨ ᠲᠤᠭᠢᠷᠠᠮᠵᠢᠳᠡᠢ ᠲᠤᠮᠳᠡᠴᠢ ᠲᠤᠯᠠᠭᠠᠨ ᠤ ᠭᠡᠮᠵᠢᠶ᠎ᠠ ᠨᠢ ᠪᠤᠯ 20℃~25℃ ᠪᠤᠯᠤᠨ᠎ᠠ᠃ ᠬᠠᠷᠢᠴᠠᠩᠭᠤᠢ ᠴᠢᠭᠢᠭ ᠤᠨ ᠭᠡᠮᠵᠢᠶ᠎ᠠ ᠨᠢ 60%~70% ᠪᠤᠯᠤᠨ᠎ᠠ᠃ ᠢᠯᠡᠳᠳᠡ ᠪᠤᠯᠪᠠᠷᠠᠢ ᠪᠠᠶᠢᠵᠤ᠂ ᠭᠤᠤᠯ ᠨᠢ ᠲᠡᠯᠭᠡᠷᠡᠭᠡᠳᠦᠢ ᠴᠡᠴᠡᠭ ᠤᠨ ᠲᠤᠮᠳᠠ ᠦᠨᠳᠡᠭᠡᠯᠡᠳᠡᠭ ᠪᠠᠶᠢᠨ᠎ᠠ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
Baidu
map