|
︵ᠬᠤᠶᠠᠷ︶ ᠪᠡᠯᠡᠳᠭᠡᠮᠵᠢᠳᠤ ᠢᠳᠡᠰᠢᠨ ᠨᠤᠭᠤᠭ᠎ᠠ ᠶᠢᠨ ᠦᠢᠯᠡᠳᠪᠤᠷᠢᠯᠡᠯ ᠤᠨ ᠭᠤᠤᠯ ᠭᠤᠤᠷᠰᠤ ᠵᠠᠯᠭᠠᠬᠤ | ᠲᠦᠷᠦᠯ ᠭᠡᠯᠪᠡᠷᠢ |
|
|
ᠨᠡᠶᠢᠲᠡᠯᠡᠭᠰᠡᠨ ᠴᠠᠭ᠄
2015/11/13
|
|
1. ᠵᠢᠯ ᠳᠤ ᠨᠢᠭᠡ ᠭᠤᠤᠷᠰᠤ ᠳᠤ ᠬᠡᠳᠤᠨ ᠲᠦᠷᠤᠯ ᠤᠨ ᠨᠤᠭᠤᠭ᠎ᠠ ᠲᠠᠷᠢᠵᠦ ᠪᠠᠶᠢᠬᠤ ᠪᠤᠢ︖ ᠪᠤᠳᠠᠳᠠᠢ ᠪᠠᠷ ᠶᠠᠭᠠᠭᠢᠵᠤ ᠲᠠᠷᠢᠬᠤ ᠪᠤᠢ︖ ᠲᠦᠷᠭᠡᠨ ᠤᠨᠠᠯᠳᠠ ᠶᠢᠨ ᠨᠤᠭᠤᠭᠠᠨ ᠨᠠᠪᠴᠢᠳᠤ ᠨᠤᠭᠤᠭ᠎ᠠ ᠳᠤ ᠦᠨᠤᠷᠳᠤ ᠨᠤᠭᠤᠭ᠎ᠠ᠂ ᠵᠢᠵᠢᠭ ᠰᠢᠯᠢᠮᠳᠡᠭ ︵ᠲᠤᠰᠤᠯᠢᠭ ᠨᠤᠭᠤᠭ᠎ᠠ︶᠂ ᠰᠢᠷᠠᠯᠵᠢ᠂ ᠵᠡᠯᠡᠯᠡᠯᠢᠭ ᠨᠤᠭᠤᠭ᠎ᠠ ᠪᠤᠯᠤᠨ ᠬᠠᠯᠤᠮᠠ ᠴᠡᠴᠡᠭ ᠵᠡᠷᠭᠡ ᠪᠠᠭᠳᠠᠨ᠎ᠠ᠃ ᠡᠳᠡᠭᠡᠷ ᠨᠤᠭᠤᠭ᠎ᠠ ᠶᠢᠨ ᠨᠢᠯᠬ᠎ᠠ ᠨᠠᠪᠴᠢ᠂ ᠨᠠᠪᠴᠢᠨ ᠪᠠᠷᠢᠭᠤᠯ᠂ ᠵᠦᠭᠡᠯᠡᠨ ᠡᠰᠢ ᠵᠡᠷᠭᠡ ᠢᠳᠡᠭᠡᠨ ᠳᠤ ᠭᠡᠷᠡᠭᠯᠡᠳᠡᠭ ᠭᠡᠰᠡᠭ ᠤᠨ ᠴᠢᠨᠠᠷ ᠨᠢ ᠰᠠᠶᠢᠨ᠂ ᠰᠤᠷᠭᠤᠭ ᠵᠦᠭᠡᠯᠡᠨ᠂ ᠰᠢᠮ᠎ᠠ ᠲᠡᠵᠢᠭᠡᠯ ᠰᠠᠶᠢᠳᠠᠢ ᠪᠠᠶᠢᠳᠠᠭ ᠪᠦᠭᠡᠳ ᠢᠳᠡᠭᠦ ᠠᠷᠭ᠎ᠠ ᠨᠢ ᠤᠯᠠᠨ ᠶᠠᠩᠵᠤ ᠭᠡᠯᠪᠡᠷᠢ ᠲᠠᠢ ᠪᠠᠶᠢᠳᠠᠭ᠃ ᠬᠤᠯᠠ ᠲᠡᠭᠡᠭᠡᠪᠤᠷᠢᠯᠡᠭᠦ ᠳᠤ ᠲᠠᠰᠪᠤᠷᠢ ᠮᠠᠭᠤᠳᠠᠢ ᠪᠤᠯᠬᠤᠷ᠂ ᠬᠤᠳᠠ ᠶᠢᠨ ᠲᠡᠭᠦᠷᠭᠡ ᠶᠢᠨ ᠭᠠᠵᠠᠷ ᠤᠷᠤᠨ ᠳᠤ ᠲᠠᠷᠢᠵᠤ ᠭᠦᠭᠵᠢᠭᠦᠯᠪᠡᠯ ᠮᠠᠰᠢ ᠲᠤᠭᠢᠷᠠᠮᠵᠢᠳᠡᠢ ᠪᠠᠶᠢᠳᠠᠭ᠃ ᠲᠡᠭᠦᠨ ᠤ ᠬᠠᠮᠳᠤ ᠶᠢᠨ ᠤᠨᠴᠠᠯᠢᠭ ᠨᠢ ᠭᠡᠪᠡᠯ ᠤᠷᠭᠤᠬᠤ ᠡᠷᠭᠢᠯᠳᠡ ᠶᠢᠨ ᠬᠤᠭᠤᠴᠠᠭ᠎ᠠ ᠨᠢ ᠤᠬᠤᠷ ᠪᠠᠶᠢᠵᠤ᠂ ᠶᠠᠷᠦᠩᠭᠡᠢ ᠳᠡᠭᠡᠨ ᠲᠠᠷᠢᠭᠠᠳ 30~40 ᠬᠤᠨᠤᠭ ᠪᠤᠯᠪᠠᠯ ᠬᠤᠷᠢᠶᠠᠵᠤ ᠪᠤᠯᠳᠠᠭ᠃ ᠨᠠᠷᠠᠯᠠᠭ ᠭᠦᠯᠡᠮᠵᠢᠨ ᠳᠤ ᠵᠢᠯ ᠲᠤᠵᠢ ᠲᠦᠷᠭᠡᠨ ᠤᠷᠭᠤᠯᠳᠠ ᠶᠢᠨ ᠨᠤᠭᠤᠭᠠᠨ ᠨᠠᠪᠴᠢᠳᠤ ᠨᠤᠭᠤᠭ᠎ᠠ ᠲᠠᠷᠢᠭᠠᠳ ᠮᠠᠰᠢ ᠦᠨᠳᠤᠷ ᠠᠵᠤ ᠠᠬᠤᠢ ᠶᠢᠨ ᠦᠷ᠎ᠡ ᠠᠰᠢᠭ ᠤᠯᠤᠠᠠᠰᠠᠨ ᠵᠢᠱᠢᠶ᠎ᠠ ᠤᠯᠠᠨ ᠪᠤᠢ᠃ ᠪᠤᠳᠠᠳᠠᠢ ᠭᠢᠭᠦ ᠠᠷᠭ᠎ᠠ ᠭᠡᠪᠡᠯ᠄ ᠠᠩᠬᠠᠳ᠋ᠬᠠᠴᠢ ᠭᠤᠤᠷᠰᠤ ᠳᠤ ᠵᠢᠵᠢᠭ ᠲᠤᠰᠤᠯᠢᠭ ᠨᠤᠭᠤᠭ᠎ᠠ ᠲᠠᠷᠢᠨ᠎ᠠ᠃ 9 ᠳ᠋ᠤᠭᠡᠷ ᠰᠠᠷ᠎ᠠ ᠶᠢᠨ 10 ᠠᠴᠠ ᠡᠭᠢᠯᠡᠨ ᠪᠦᠷᠭᠦᠭᠦᠯ ᠢᠶᠠᠨ ᠪᠦᠷᠭᠦᠵᠤ᠂ 9 ᠳ᠋ᠤᠭᠡᠷ ᠰᠠᠷ᠎ᠠ ᠶᠢᠨ 15 ᠳᠤ ᠲᠠᠷᠢᠨ᠎ᠠ᠃ ᠲᠠᠷᠢᠬᠤ ᠰᠤᠷᠲ ᠲᠤ ᠲᠠᠸᠠᠷᠵᠢᠯ ᠢᠶᠠᠷ ᠰᠠᠶᠢᠨ᠂ ᠢᠳᠡᠭᠦ ᠳᠤ ᠠᠮᠳᠠᠳᠠᠢ ᠡᠭᠦᠯᠳᠡᠷ ︽ᠡᠤ ᠶᠤᠸᠠᠢ ᠮᠠᠠ︾ ︵五月慢︶ ᠢ ᠰᠤᠩᠭᠤᠨ᠎ᠠ᠃ ᠡᠨᠡ ᠰᠤᠷᠲ ᠨᠢ ᠲᠤᠭᠢᠷᠠᠯᠴᠠᠬᠤ ᠴᠢᠨᠠᠷ ᠢᠶᠠᠷ ᠴᠢᠩᠭ᠎ᠠ᠂ 20cm ᠤᠷᠴᠢᠮ ᠦᠨᠳᠤᠷ ᠤᠷᠭᠤᠳᠠᠭ᠃ 10 ᠳ᠋ᠤᠭᠠᠷ ᠰᠠᠷ᠎ᠠ ᠶᠢᠨ 22 ᠤᠨ ᠡᠳᠤᠷ ᠵᠠᠯᠭᠠᠭ᠎ᠠ ᠪᠠᠷ ᠬᠤᠷᠢᠶᠠᠵᠤ ᠵᠠᠬ᠎ᠠ ᠳᠤ ᠭᠠᠷᠭᠠᠵᠤ ᠪᠤᠯᠤᠨ᠎ᠠ᠃ ᠬᠤᠶᠠᠷᠳᠡᠭᠢ ᠭᠤᠤᠷᠰᠤ ᠳᠤ᠂ ᠰᠢᠷᠠᠯᠵᠢ ᠲᠠᠷᠢᠨ᠎ᠠ᠃ 11 ᠳ᠋ᠤᠭᠡᠷ ᠰᠠᠷ᠎ᠠ ᠶᠢᠨ 5 ᠤ ᠡᠳᠤᠷ᠂ ᠰᠢᠷᠠᠯᠵᠢ ᠪᠠᠨ ᠲᠠᠷᠢᠵᠤ᠂ ᠡᠭᠦᠨ ᠳᠤ ᠵᠢᠵᠢᠭ ᠨᠠᠪᠴᠢᠳᠤ ᠰᠢᠷᠠᠯᠵᠢ ᠶᠢᠨ ᠰᠤᠷᠲ ᠢ ᠰᠤᠩᠭᠤᠨ᠎ᠠ᠃ ᠲᠤᠰ ᠰᠤᠷᠲ ᠤᠨ ᠤᠷᠭᠤᠯᠳᠠ ᠨᠢ ᠲᠦᠷᠭᠡᠨ᠂ ᠭᠦᠢᠳᠡᠨ ᠳᠤ ᠦᠯᠴᠢᠷ ᠪᠠᠶᠢᠵᠤ᠂ 12 ᠳ᠋ᠤᠭᠠᠷ ᠰᠠᠷ᠎ᠠ ᠶᠢᠨ 18 ᠤ ᠡᠳᠤᠷ ᠬᠤᠷᠢᠶᠠᠵᠤ ᠵᠠᠬ᠎ᠠ ᠳᠤ ᠭᠠᠷᠭᠠᠨ᠎ᠠ᠃ ᠭᠤᠷᠪᠡᠳᠡᠭᠢ ᠭᠤᠤᠷᠰᠤ ᠳᠤ᠂ ᠵᠢᠵᠢᠭ ᠴᠠᠭᠠᠨ ᠨᠤᠭᠤᠭ᠎ᠠ ᠲᠠᠷᠢᠨ᠎ᠠ᠃ 1 ᠳ᠋ᠤᠭᠡᠷ ᠰᠠᠷ᠎ᠠ ᠶᠢᠨ 2 ᠤᠨ ᠡᠳᠤᠷ ᠵᠢᠵᠢᠭ ᠴᠠᠭᠠᠨ ᠨᠤᠭᠤᠭ᠎ᠠ ᠪᠠᠨ ᠲᠠᠷᠢᠵᠤ᠂ 2 ᠳ᠋ᠤᠭᠠᠷ ᠰᠠᠷ᠎ᠠ ᠶᠢᠨ 6 ᠤ ᠡᠳᠤᠷ ᠬᠤᠷᠢᠶᠠᠨ ᠠᠪᠴᠤ ᠵᠠᠬ᠎ᠠ ᠳᠤ ᠭᠠᠷᠭᠠᠨ᠎ᠠ᠃ ᠲᠦᠷᠪᠡᠳᠡᠭᠢ ᠭᠤᠤᠷᠰᠤ ᠳᠤ᠂ ᠯᠤᠤᠯᠢ ᠨᠤᠭᠤᠭ᠎ᠠ ᠲᠠᠷᠢᠨ᠎ᠠ᠃ 2 ᠳ᠋ᠤᠭᠠᠷ ᠰᠠᠷ᠎ᠠ ᠶᠢᠨ 15 ᠳᠤ ᠲᠠᠷᠢᠵᠤ᠂ 5 ᠳ᠋ᠤᠭᠠᠷ ᠰᠠᠷ᠎ᠠ ᠶᠢᠨ 27 ᠤ ᠤᠷᠴᠢᠮ ᠢᠶᠠᠷ ᠬᠤᠷᠢᠶᠠᠨ ᠠᠪᠴᠤ ᠵᠠᠬ᠎ᠠ ᠳᠤ ᠭᠠᠷᠭᠠᠨ᠎ᠠ᠃ ᠲᠠᠪᠤᠳᠡᠭᠢ ᠭᠤᠤᠷᠰᠤ ᠳᠤ᠂ ᠦᠨᠤᠷᠳᠤ ᠨᠤᠭᠤᠭ᠎ᠠ ᠲᠠᠷᠢᠨ᠎ᠠ᠃ 4 ᠳ᠋ᠤᠭᠡᠷ ᠰᠠᠷ᠎ᠠ ᠶᠢᠨ 3 ᠳᠤ ᠲᠠᠷᠢᠵᠤ᠂ 5 ᠳ᠋ᠤᠭᠠᠷ ᠰᠠᠷ᠎ᠠ ᠶᠢᠨ 8 ᠠᠴᠠ ᠡᠭᠢᠯᠡᠨ ᠵᠠᠯᠭᠠᠭ᠎ᠠ ᠪᠠᠷ ᠬᠤᠷᠢᠶᠠᠵᠤ ᠵᠠᠬ᠎ᠠ ᠳᠤ ᠭᠠᠷᠭᠠᠨ᠎ᠠ᠃ ᠵᠢᠷᠭᠤᠭᠠᠳᠡᠭᠢ ᠭᠤᠤᠷᠰᠤ ᠳᠤ ᠬᠠᠯᠤᠮᠠ ᠴᠡᠴᠡᠭ᠂ ᠲᠡᠯᠳᠡᠤ ᠨᠤᠭᠤᠭ᠎ᠠ ᠲᠠᠷᠢᠨ᠎ᠠ᠃ 5 ᠳ᠋ᠤᠭᠠᠷ ᠰᠠᠷ᠎ᠠ ᠶᠢᠨ ᠲᠤᠮᠳᠡᠴᠢ ᠪᠠᠷ ᠲᠠᠷᠢᠵᠤ᠂ ᠴᠢᠭᠢ ᠨᠢ 15cm ᠦᠨᠳᠤᠷ ᠤᠷᠭᠤᠬᠤ ᠦᠶ᠎ᠠ ᠳᠤ 15~17cm ᠤᠨ ᠵᠠᠶᠢᠳᠠᠢ ᠪᠠᠷ ᠴᠢᠭᠢ ᠰᠠᠭᠤᠷᠢᠰᠢᠭᠤᠯᠤᠨ᠎ᠠ᠃ ᠴᠢᠭᠢ ᠨᠢ 30cm ᠪᠤᠯᠬᠤ ᠦᠶᠡᠰ ᠭᠤᠤᠯ ᠢ ᠨᠢ ᠠᠪᠴᠤ᠂ ᠲᠤᠤᠷᠠᠳᠤ ᠭᠡᠰᠡᠭ ᠤᠨ ᠨᠠᠪᠴᠢ ᠨᠢ ᠰᠤᠶᠤᠭᠠᠯᠠᠨ ᠬᠠᠵᠠᠭᠤ ᠶᠢᠨ ᠮᠦᠴᠢᠷ ᠪᠤᠯᠬᠤ ᠶᠢ ᠨᠢ ᠠᠭᠢᠭᠤᠯᠤᠨ᠎ᠠ᠃ ᠡᠨᠡ ᠦᠶ᠎ᠠ ᠳᠤ ᠵᠢᠶᠠᠰᠠ ᠪᠠᠨ ᠪᠤᠰᠬᠠᠵᠤ ᠪᠤᠯᠤᠨ᠎ᠠ᠃ ᠰᠡᠭᠦᠯᠡᠷ ᠨᠢ ᠨᠢᠯᠬ᠎ᠠ ᠲᠦᠷᠦᠭᠦᠤ᠂ ᠨᠢᠯᠬ᠎ᠠ ᠨᠠᠪᠴᠢ ᠶᠢ ᠵᠠᠯᠭᠠᠭ᠎ᠠ ᠪᠠᠷ ᠲᠡᠭᠦᠵᠤ ᠬᠤᠳᠠᠯᠳᠤᠨ᠎ᠠ᠃ ︵1︶ ᠵᠢᠯ ᠲᠤᠵᠢ ᠤᠯᠠᠷᠢᠯ ᠰᠦᠷᠦᠭᠦᠯᠦᠨ ᠬᠠᠰᠢ ᠪᠠ ᠲᠦᠪᠡᠳ ᠬᠠᠰᠢ ᠵᠠᠯᠭᠠᠵᠤ ᠲᠠᠷᠢᠬᠤ ᠡᠨᠧᠷᠭᠢ ᠠᠷᠪᠢᠯᠠᠬᠤ ᠵᠤᠵᠠᠭᠠᠨ ᠭᠡᠷᠡᠮ ᠲᠠᠢ ᠨᠠᠷᠠᠯᠠᠭ ᠭᠦᠯᠡᠮᠵᠢᠨ ᠳᠤ ᠤᠯᠠᠷᠢᠯ ᠰᠦᠷᠦᠭᠦᠯᠦᠨ ᠬᠠᠰᠢ ᠶᠢ ᠵᠠᠯᠭᠠᠵᠤ ᠲᠠᠷᠢᠨ᠎ᠠ᠃ ᠡᠨᠡ ᠨᠢ ᠵᠢᠯ ᠳᠤ 2 ᠲᠦᠮᠡᠨ kg ᠬᠠᠰᠢ ᠬᠤᠷᠢᠶᠠᠵᠤ᠂ 3 ᠲᠦᠮᠡᠨ ᠲᠦᠭᠦᠷᠢᠭ ᠠᠴᠠ ᠲᠡᠭᠡᠭᠰᠢ ᠴᠡᠪᠡᠷ ᠤᠷᠤᠯᠭ᠎ᠠ ᠤᠯᠵᠤ᠂ ᠮᠤ᠋ ᠪᠦᠷᠢ ᠶᠢᠨ ᠦᠷ᠎ᠡ ᠠᠰᠢᠭ ᠨᠢ ᠲᠦᠮᠡᠨ ᠲᠦᠭᠦᠷᠢᠭ ᠠᠴᠠ ᠲᠠᠪᠠᠨ᠎ᠠ᠃ ᠪᠤᠳᠠᠳᠠᠢ ᠲᠠᠷᠢᠬᠤ ᠠᠷᠭ᠎ᠠ ᠨᠢ ᠭᠡᠪᠡᠯ᠂ ᠡᠩ ᠲᠠᠷᠢᠭᠦᠨ ᠳᠤ ᠰᠤᠷᠲ ᠢ ᠰᠤᠩᠭᠤᠨ ᠲᠤᠠᠠᠳᠠᠭᠠᠨ᠎ᠠ᠃ ᠰᠤᠷᠲ ᠰᠤᠩᠭᠤᠬᠤ ᠳᠤ ᠦᠨᠳᠤᠷ ᠬᠤᠷᠢᠶᠠᠯᠳᠠ ᠲᠠᠢ᠂ ᠴᠢᠨᠠᠷ ᠰᠠᠶᠢᠳᠠᠢ᠂ ᠭᠡᠮ ᠢ ᠡᠰᠡᠷᠭᠦᠴᠡᠭᠦ ᠴᠢᠳᠠᠯ ᠲᠠᠢ᠂ ᠭᠦᠢᠳᠡᠨ ᠳᠤ ᠦᠯᠴᠢᠷ ᠪᠠᠶᠢᠳᠠᠭ ᠰᠢ ᠠᠨ ᠤ ᠨᠤᠭᠤᠭᠠᠨ ᠬᠠᠰᠢ ᠪᠠ ᠬᠤᠯᠠᠠᠳ᠋ ᠤᠨ ᠪᠦᠯᠢᠲ᠋ᠠ ︵布利塔︶ ᠶᠢ ᠰᠤᠩᠭᠤᠵᠤ᠂ ᠵᠠᠯᠭᠠᠳᠠᠰᠤ ᠶᠢᠨ ᠲᠦᠷᠦᠯ ᠳᠤ ᠶᠠᠫᠤᠨ ᠤ ᠲᠦᠸᠧ ᠯᠤ᠋ ᠪᠡ ᠶᠢᠨ ︵托鲁巴姻︶ ᠢ ᠰᠤᠩᠭᠤᠨ᠎ᠠ᠃ ᠲᠠᠷᠠᠭ᠎ᠠ ᠳᠤᠨᠢ ᠲᠠᠷᠢᠬᠤ ᠴᠠᠭ ᠢᠶᠠᠨ ᠲᠤᠠᠠᠳᠠᠭᠠᠨ᠎ᠠ᠃ ᠲᠤᠬᠠᠶᠢᠯᠠᠪᠠᠯ ᠵᠢᠯ ᠪᠦᠷᠢ ᠶᠢᠨ 6 ᠳ᠋ᠤᠭᠠᠷ ᠰᠠᠷ᠎ᠠ ᠶᠢᠨ ᠲᠤᠮᠳᠡᠴᠢ ᠪᠠᠷ ᠴᠢᠭᠢ ᠪᠤᠶᠢᠵᠢᠭᠤᠯᠤᠨ ᠲᠠᠷᠢᠵᠤ᠂ ᠴᠢᠭᠢ ᠨᠢ ᠰᠠᠷ᠎ᠠ ᠤᠷᠴᠢᠮ ᠤᠷᠭᠤᠠᠠᠰᠠᠨ ᠤ ᠰᠡᠭᠦᠯᠡᠷ ᠡᠭᠢᠯᠡᠨ ᠵᠠᠯᠭᠠᠵᠤ᠂ 30 ᠬᠤᠨᠤᠭ ᠤᠨ ᠲᠠᠷᠠᠭ᠎ᠠ ᠰᠠᠭᠤᠷᠢᠰᠢᠭᠤᠯᠤᠨ ᠲᠠᠷᠢᠨ᠎ᠠ᠃ 11 ᠳ᠋ᠤᠭᠡᠷ ᠰᠠᠷ᠎ᠠ ᠳᠤ ᠵᠠᠬ᠎ᠠ ᠳᠤ ᠭᠠᠷᠭᠠᠵᠤ᠂ ᠲᠠᠷᠠᠭ᠎ᠠ ᠵᠢᠯ ᠤᠨ ᠭᠢᠨᠢ 3 ᠳ᠋ᠤᠭᠠᠷ ᠰᠠᠷ᠎ᠠ ᠳᠤ ᠬᠤᠷᠢᠶᠠᠯᠳᠠ ᠶᠢᠨ ᠭᠦᠭ ᠦᠶ᠎ᠠ ᠪᠤᠯᠬᠤ ᠦᠶᠡᠰ ᠨᠢᠬᠡ ᠯᠠ ᠤᠳᠠᠭ᠎ᠠ 750kg ᠬᠤᠷᠢᠶᠠᠵᠤ ᠪᠤᠯᠬᠤ ᠪᠦᠭᠡᠳ ᠭᠠᠷᠠᠭ ᠪᠦᠷᠢ ᠨᠢᠭᠡ ᠤᠳᠠᠭ᠎ᠠ ᠬᠤᠷᠢᠶᠠᠵᠤ᠂ 7 ᠳ᠋ᠤᠭᠠᠷ ᠰᠠᠷ᠎ᠠ ᠳᠤ ᠬᠤᠷᠢᠶᠠᠵᠤ ᠲᠠᠭᠤᠰᠬᠠᠨ᠎ᠠ᠃ ︵2︶ ᠲᠦᠪᠡᠳ ᠬᠠᠰᠢ ~ ᠦᠷᠭᠡᠰᠤᠳᠤ ᠭᠡᠮᠭᠡ ᠲᠠᠷᠢᠬᠤ᠂ ᠲᠦᠪᠡᠳ ᠬᠠᠰᠢ ᠨᠢ ᠤᠤᠯ ᠨᠢ ᠡᠮᠦᠨᠡᠳᠤ ᠠᠮᠧᠷᠢᠺᠠ ᠲᠢᠪ ᠤᠨ ᠬᠠᠯᠠᠭᠤᠨ ᠪᠦᠰᠨ ᠶᠢᠨ ᠭᠠᠵᠠᠷ ᠤᠷᠤᠨ ᠳᠤ ᠤᠷᠭᠤᠵᠤ ᠪᠠᠶᠢᠠᠠᠰᠠᠨ ᠲᠤᠯᠠᠭᠠᠮᠠᠳᠠᠭᠠᠢ ᠢᠳᠡᠰᠢᠨ ᠨᠤᠭᠤᠭ᠎ᠠ ᠪᠤᠯᠤᠨ᠎ᠠ᠃ ᠲᠠᠷᠠ ᠨᠢ 15℃~29℃ ᠤᠨ ᠲᠤᠯᠠᠭᠠᠨ ᠳᠤ ᠤᠷᠭᠤᠳᠠᠭ ᠪᠦᠭᠡᠳ 22℃~24℃ ᠲᠤ ᠬᠠᠮᠤᠭ ᠤᠨ ᠲᠤᠭᠢᠷᠠᠮᠵᠢᠳᠡᠢ ᠪᠠᠶᠢᠳᠠᠭ᠃ 35℃ ᠠᠴᠠ ᠦᠨᠳᠤᠷ ᠪᠤᠶᠤ 10℃ ᠠᠴᠠ ᠲᠤᠤᠷ᠎ᠡ ᠲᠤᠯᠠᠭᠠᠨ ᠳᠤ ᠤᠷᠭᠤᠬᠤ ᠪᠠᠨ ᠪᠤᠯᠢᠳᠠᠭ᠃ ᠨᠠᠷᠠᠯᠠᠭ ᠭᠦᠯᠡᠮᠵᠢᠨ ᠳᠤ ᠤᠯᠠᠷᠢᠯ ᠢ ᠰᠦᠷᠤᠨ ᠲᠦᠪᠡᠳ ᠬᠠᠰᠢ ᠲᠠᠷᠢᠬᠤ ᠨᠢ ᠤᠷᠤᠭᠤᠯᠤᠯᠳᠠ ᠶᠡᠭᠡ ᠤᠷᠤᠭᠤᠯᠵᠤ᠂ ᠬᠤᠷᠢᠶᠠᠯᠳᠠ ᠡᠯᠪᠡᠭ ᠬᠤᠷᠢᠶᠠᠬᠤ ᠨᠢᠭᠡᠨ ᠲᠦᠷᠦᠯ ᠵᠦᠢᠯ ᠪᠤᠯᠤᠨ᠎ᠠ᠃ ᠬᠤᠳᠠ ᠭᠦᠳᠡᠭᠡ ᠶᠢᠨ ᠦᠷᠭᠡᠨ ᠠᠭᠤᠳᠠᠮ ᠢᠳᠡᠰᠢᠨ ᠨᠤᠭᠤᠭᠠᠨ ᠤ ᠤᠷᠤᠨ ᠳᠤ ᠴᠦᠮ ᠲᠡᠯᠭᠡᠷᠡᠭᠦᠯᠵᠤ ᠪᠤᠯᠤᠨ᠎ᠠ᠃ ᠨᠠᠮᠤᠷ ᠡᠪᠤᠯ ᠤᠨ ᠭᠤᠤᠷᠰᠤ ᠶᠢᠨ ᠲᠦᠪᠡᠳ ᠬᠠᠰᠢ ᠶᠢ ᠶᠠᠷᠦᠩᠭᠡᠢ ᠳᠡᠭᠡᠨ ᠵᠢᠯ ᠪᠦᠷᠢ ᠶᠢᠨ 6 ᠳ᠋ᠤᠭᠠᠷ ᠰᠠᠷ᠎ᠠ ᠶᠢᠨ ᠰᠡᠭᠦᠯᠴᠢ ᠠᠴᠠ 7 ᠳ᠋ᠤᠭᠠᠷ ᠰᠠᠷ᠎ᠠ ᠶᠢᠨ ᠡᠭᠢ ᠪᠠᠷ ᠲᠠᠷᠢᠵᠤ᠂ 8 ᠳ᠋ᠤᠭᠠᠷ ᠰᠠᠷ᠎ᠠ ᠶᠢᠨ ᠲᠤᠮᠳᠡᠴᠢ ᠪᠠᠷ ᠰᠠᠭᠤᠷᠢᠰᠢᠭᠤᠯᠤᠨ ᠲᠠᠷᠢᠨ᠎ᠠ᠃ 10 ᠳ᠋ᠤᠭᠠᠷ ᠰᠠᠷ᠎ᠠ ᠶᠢᠨ ᠰᠡᠭᠦᠯᠴᠢ ᠪᠠᠷ ᠡᠭᠢᠯᠡᠨ ᠬᠤᠷᠢᠶᠠᠵᠤ᠂ ᠰᠢᠨ᠎ᠠ ᠵᠢᠯ ᠠᠴᠠ ᠬᠤᠶᠢᠰᠢ ᠬᠤᠷᠢᠶᠠᠵᠤ ᠲᠠᠭᠤᠰᠬᠠᠨ᠎ᠠ᠃ ᠲᠠᠷᠠᠭ᠎ᠠ ᠶᠢᠨ ᠭᠤᠤᠷᠰᠤ ᠳᠤ ᠦᠷᠭᠡᠰᠤᠳᠤ ᠭᠡᠮᠭᠡ ᠲᠠᠷᠢᠬᠤ ᠳᠤ᠂ 11 ᠳ᠋ᠤᠭᠡᠷ ᠰᠠᠷ᠎ᠠ ᠶᠢᠨ ᠲᠤᠮᠳᠡᠴᠢ ᠪᠠᠷ ᠲᠠᠷᠢᠵᠤ᠂ ᠲᠠᠷᠢᠠᠠᠰᠠᠨ ᠤ ᠪᠠᠨ ᠰᠡᠭᠦᠯᠡᠷ 5~7 ᠬᠤᠨᠤᠭ ᠲᠤ ᠬᠠᠷ᠎ᠠ ᠮᠦᠭᠦᠯᠢᠭᠳᠦ ᠯᠠᠩᠭᠤᠸᠠ ᠶᠢᠨ ᠵᠠᠯᠭᠠᠳᠠᠰᠤ ᠶᠢ ᠲᠠᠷᠢᠵᠤ᠂ 12 ᠳ᠋ᠤᠭᠠᠷ ᠰᠠᠷ᠎ᠠ ᠶᠢᠨ ᠰᠡᠭᠦᠯᠴᠢ ᠳᠤ ᠵᠠᠯᠭᠠᠵᠤ᠂ ᠬᠠᠪᠤᠷ ᠤᠨ ᠠᠭᠤᠷ ᠤᠷᠤᠬᠤ ᠠᠴᠠ ᠡᠮᠦᠨ᠎ᠠ ᠬᠤᠶᠢᠭᠤᠷ ᠰᠠᠭᠤᠷᠢᠰᠢᠭᠤᠯᠤᠨ ᠲᠠᠷᠢᠨ᠎ᠠ᠃ ᠶᠠᠷᠦᠩᠭᠡᠢ ᠳᠡᠭᠡᠨ 3 ᠳ᠋ᠤᠭᠠᠷ ᠰᠠᠷ᠎ᠠ ᠶᠢᠨ ᠡᠭᠢ ᠪᠠᠷ ᠡᠭᠢᠯᠡᠨ ᠬᠤᠷᠢᠶᠠᠵᠤ᠂ 6 ᠳ᠋ᠤᠭᠠᠷ ᠰᠠᠷ᠎ᠠ ᠶᠢᠨ ᠰᠡᠭᠦᠯᠴᠢ ᠳᠤ ᠬᠤᠷᠢᠶᠠᠵᠤ ᠲᠠᠭᠤᠰᠬᠠᠨ᠎ᠠ᠃ 2. ᠵᠢᠯ ᠳᠤ ᠬᠤᠶᠠᠷ ᠭᠤᠤᠷᠰᠤ ᠲᠠᠷᠢᠬᠤ ᠲᠦᠷᠦᠯ ① ᠴᠤᠭᠤᠷ ᠨᠤᠭᠤᠭ᠎ᠠ ~ ᠴᠢᠨᠵᠤᠤ ᠴᠤᠭᠤᠷ ᠨᠤᠭᠤᠭ᠎ᠠ ︵ᠴᠢᠩᠽᠠᠢ︶ ᠪᠤᠯ ᠰᠢᠭᠦᠷ ᠤᠨ ᠭᠡᠯᠪᠡᠷᠢᠳᠤ ᠴᠡᠴᠡᠭ ᠤᠨ ᠢᠵᠠᠭᠤᠷ ᠤᠨ ᠡᠪᠡᠰᠦᠯᠢᠭ ᠤᠷᠭᠤᠮᠠᠯ ᠪᠤᠯᠤᠨ᠎ᠠ᠃ ᠭᠦᠢᠳᠡᠨ ᠳᠤ ᠦᠯᠴᠢᠷ ᠬᠠᠯᠠᠭᠤᠨ ᠳᠤ ᠲᠠᠰᠪᠤᠷᠢᠳᠡᠢ ᠨᠤᠭᠤᠭ᠎ᠠ ᠪᠤᠯᠬᠤ ᠪᠦᠭᠡᠳ ᠭᠤᠤᠯ ᠨᠢ ᠨᠠᠮᠤᠷ ᠡᠪᠤᠯ ᠤᠨ ᠭᠤᠤᠷᠰᠤ ᠪᠤᠶᠤ ᠪᠤᠰᠤᠳ ᠵᠦᠢᠯ ᠤᠨ ᠦᠨᠳᠤᠷ ᠡᠰᠢᠳᠤ ᠲᠠᠷᠢᠮᠠᠯ ᠲᠠᠢ ᠠᠯᠬᠠᠯᠠᠨ ᠲᠠᠷᠢᠬᠤ ᠪᠠᠷ ᠭᠤᠤᠯ ᠪᠤᠯᠭᠠᠳᠠᠭ᠃ ᠭᠦᠯᠡᠮᠵᠢᠨ ᠳᠤ ᠨᠠᠮᠤᠷ ᠡᠪᠤᠯ ᠤᠨ ᠴᠤᠭᠤᠷ ᠨᠤᠭᠤᠭ᠎ᠠ ᠶᠢᠨ ᠭᠤᠤᠷᠰᠤ ᠲᠠᠷᠢᠬᠤ ᠳᠤ ᠶᠠᠷᠦᠩᠭᠡᠢ ᠳᠡᠭᠡᠨ 6 ᠳ᠋ᠤᠭᠠᠷ ᠰᠠᠷ᠎ᠠ ᠶᠢᠨ ᠰᠡᠭᠦᠯᠴᠢ ᠪᠠᠷ ᠴᠢᠭᠢ ᠪᠤᠶᠢᠵᠢᠭᠤᠯᠵᠤ᠂ ᠲᠠᠷᠠᠭ᠎ᠠ ᠵᠢᠯ ᠤᠨ ᠬᠤᠶᠠᠳᠤᠭᠠᠷ ᠰᠠᠷ᠎ᠠ ᠶᠢᠨ ᠲᠤᠮᠳᠡᠴᠢ ᠪᠠᠷ ᠰᠠᠭᠤᠷᠢᠰᠢᠭᠤᠯᠤᠨ ᠲᠠᠷᠢᠵᠤ᠂ 3 ᠳ᠋ᠤᠭᠠᠷ ᠰᠠᠷ᠎ᠠ ᠶᠢᠨ ᠲᠤᠮᠳᠡᠴᠢ ᠠᠴᠠ ᠬᠤᠶᠢᠰᠢ ᠡᠭᠢᠯᠡᠨ ᠬᠤᠷᠢᠶᠠᠨ᠎ᠠ᠃ ② ᠭᠤᠭᠤᠳ ~ ᠦᠷᠭᠡᠰᠤᠳᠤ ᠭᠡᠮᠭᠡ ᠲᠠᠷᠢᠬᠤ 3 ᠳ᠋ᠤᠭᠠᠷ ᠰᠠᠷ᠎ᠠ ᠶᠢᠨ ᠲᠤᠮᠳᠡᠴᠢ ᠠᠴᠠ 4 ᠳ᠋ᠤᠭᠡᠷ ᠰᠠᠷ᠎ᠠ ᠶᠢᠨ ᠡᠭᠢᠨ ᠳᠤ ᠭᠤᠭᠤᠳ ᠢᠶᠠᠨ ᠰᠢᠭᠤᠳ ᠲᠠᠷᠢᠵᠤ᠂ 6 ᠳ᠋ᠤᠭᠠᠷ ᠰᠠᠷ᠎ᠠ ᠳᠤ ᠵᠠᠶᠢᠯᠠᠨ ᠲᠠᠷᠢᠵᠤ᠂ ᠵᠤᠨ ᠤ ᠴᠠᠭ ᠲᠤ ᠵᠠᠳᠠᠭᠠᠢ ᠭᠠᠵᠠᠷ ᠦᠨᠳᠤᠰᠤ ᠶᠢ ᠨᠢ ᠪᠤᠶᠢᠵᠢᠭᠤᠯᠵᠤ᠂ ᠡᠪᠤᠯ ᠤᠨ ᠠᠭᠤᠷ ᠤᠷᠤᠠᠠᠰᠠᠨ ᠤ ᠰᠡᠭᠦᠯᠡᠷ ᠭᠦᠯᠡᠮᠵᠢᠨ ᠳᠡᠭᠡᠨ ᠰᠢᠯᠵᠢᠭᠦᠯᠵᠤ᠂ ᠴᠠᠭᠠᠨ ᠰᠠᠷ᠎ᠠ ᠠᠴᠠ ᠡᠮᠦᠨ᠎ᠠ ᠵᠠᠬ᠎ᠠ ᠳᠤ ᠭᠠᠷᠭᠠᠨ᠎ᠠ᠃ ᠭᠤᠭᠤᠳ ᠢᠶᠠᠨ ᠬᠤᠶᠠᠷ ᠤᠳᠠᠭ᠎ᠠ ᠬᠠᠳᠤᠠᠠᠰᠠᠨ ᠤ ᠰᠡᠭᠦᠯᠡᠷ᠂ ᠦᠷᠭᠡᠰᠤᠳᠤ ᠭᠡᠮᠭᠡ ᠶᠢᠨ ᠵᠠᠯ᠎ᠠ ᠪᠠᠨ ᠭᠤᠭᠤᠳ ᠤᠨ ᠵᠤᠷᠠᠭ᠎ᠠ ᠳᠤ ᠰᠠᠭᠤᠷᠢᠰᠢᠭᠤᠯᠤᠨ ᠲᠠᠷᠢᠵᠤ᠂ ᠭᠤᠭᠤᠳ ᠢᠶᠠᠨ ᠭᠤᠷᠪᠡᠳᠡᠭᠢ ᠤᠳᠠᠭ᠎ᠠ ᠬᠠᠳᠤᠠᠠᠰᠠᠨ ᠤ ᠰᠡᠭᠦᠯᠡᠷ ᠦᠨᠳᠤᠰᠤ ᠶᠢ ᠨᠢ ᠮᠠᠯᠳᠠᠨ ᠬᠠᠶᠠᠨ᠎ᠠ᠃ 3 ᠳ᠋ᠤᠭᠠᠷ ᠰᠠᠷ᠎ᠠ ᠶᠢᠨ ᠰᠡᠭᠦᠯᠴᠢ ᠪᠠᠷ ᠦᠷᠭᠡᠰᠤᠳᠤ ᠭᠡᠮᠭᠡ ᠪᠠᠨ ᠵᠠᠬ᠎ᠠ ᠳᠤ ᠭᠠᠷᠭᠠᠵᠤ᠂ 6 ᠳ᠋ᠤᠭᠠᠷ ᠰᠠᠷ᠎ᠠ ᠶᠢᠨ ᠲᠤᠮᠳᠡᠴᠢ ᠪᠠᠷ ᠵᠡᠯ᠎ᠠ ᠪᠠᠨ ᠲᠠᠳᠠᠨ᠎ᠠ᠃ ᠡᠭᠦᠨ ᠳᠤ ᠮᠤ᠋ ᠪᠦᠷᠢ ᠠᠴᠠ 4000kg ᠭᠤᠭᠤᠳ᠂ 5000kg ᠦᠷᠭᠡᠰᠤᠳᠤ ᠭᠡᠮᠭᠡ ᠬᠤᠷᠢᠶᠠᠨ᠎ᠠ᠃ ᠲᠤᠰ ᠭᠤᠤᠷᠰᠤ ᠳᠤ ᠡᠪᠤᠯ ᠳᠡᠭᠡᠨ ᠭᠦᠢᠳᠡᠨ ᠳᠤ ᠦᠯᠴᠢᠷ ᠨᠤᠭᠤᠭ᠎ᠠ ᠶᠢ ᠰᠤᠩᠭᠤᠵᠤ᠂ ᠬᠠᠪᠤᠷ ᠵᠢᠮᠢᠰᠯᠢᠭ ᠨᠤᠭᠤᠭ᠎ᠠ ᠶᠢᠨ ᠲᠦᠷᠦᠯ ᠢ ᠲᠠᠷᠢᠵᠤ᠂ ᠦᠨᠳᠤᠷ ᠪᠤᠭᠤᠨᠢ ᠨᠢ ᠲᠡᠩᠴᠡᠭᠦᠤ᠂ ᠭᠤᠤᠷᠰᠤ ᠰᠤᠯᠢᠬᠤ ᠳᠤ ᠲᠤᠭᠢᠷᠠᠮᠵᠢᠳᠡᠢ ᠪᠠᠶᠢᠯᠭᠠᠪᠠᠯ᠂ ᠦᠷᠭᠡᠰᠤᠳᠤ ᠭᠡᠮᠭᠡ ᠶᠢᠨ ᠰᠢᠷᠤᠢ ᠠᠴᠠ ᠬᠠᠯᠳᠠᠪᠤᠷᠢᠯᠠᠬᠤ ᠭᠡᠮ ᠢ ᠰᠡᠷᠭᠡᠶᠢᠯᠡᠭᠦ ᠳᠤ ᠠᠰᠢᠠᠠᠳᠠᠢ ᠪᠦᠭᠡᠳ ᠭᠡᠷᠡᠯ ᠤᠨ ᠡᠨᠧᠷᠭᠢ᠂ ᠭᠠᠵᠠᠷ ᠰᠢᠷᠤᠢ᠂ ᠪᠡᠯᠡᠳᠭᠡᠮᠵᠢ ᠶᠢ ᠭᠦᠢᠴᠡᠳ ᠠᠰᠢᠠᠠᠯᠠᠨ᠂ ᠤᠨᠠᠯᠳᠠ ᠪᠠ ᠦᠨ᠎ᠠ ᠦᠷᠳᠡᠭ ᠢ ᠲᠡᠭᠡᠭᠰᠢᠯᠡᠭᠦᠯᠵᠤ ᠴᠢᠳᠠᠨ᠎ᠠ᠃ 3. ᠦᠷᠭᠡᠰᠦᠳᠤ ᠭᠡᠮᠭᠡ ᠲᠠᠷᠢᠬᠤ ︵1︶ ᠦᠷᠭᠡᠰᠤᠳᠤ ᠭᠡᠮᠭᠡ ᠨᠢ ᠭᠠᠳᠠᠭᠠᠳᠤ ᠨᠦᠭᠦᠴᠡᠯ ᠤᠨ ᠲᠠᠯ᠎ᠠ ᠪᠠᠷ ᠶᠠᠮᠠᠷ ᠱᠠᠭᠠᠷᠳᠠᠯᠭ᠎ᠠ ᠲᠠᠢ ᠪᠠᠶᠢᠳᠠᠭ ᠪᠤᠢ︖ ᠲᠤᠯᠠᠭᠠᠨ ᠤ ᠭᠡᠮᠵᠢᠶ᠎ᠠ ᠶᠢᠨ ᠲᠠᠯ᠎ᠠ ᠪᠠᠷ ᠦᠷᠭᠡᠰᠤᠳᠤ ᠭᠡᠮᠭᠡ ᠶᠢᠨ ᠦᠷ᠎ᠡ ᠶᠢᠨ ᠰᠤᠶᠤᠭᠠᠯᠠᠯᠳᠠ ᠶᠢᠨ ᠲᠤᠯᠠᠭᠠᠨ ᠤ ᠭᠡᠮᠵᠢᠶ᠎ᠠ ᠪᠤᠯ 12℃~40℃ ᠪᠠᠶᠢᠵᠤ᠂ 18℃ ᠠᠴᠠ ᠲᠤᠷᠤᠠᠠᠰᠢ ᠲᠤᠯᠠᠭᠠᠨ ᠳᠤ ᠰᠤᠶᠤᠭᠠᠯᠠᠵᠤ ᠲᠠᠶᠢᠯᠦᠨ᠎ᠠ᠃ ᠬᠠᠮᠤᠭ ᠤᠨ ᠲᠤᠭᠢᠷᠠᠮᠵᠢᠳᠡᠢ ᠲᠤᠯᠠᠭᠠᠨ ᠤ ᠭᠡᠮᠵᠢᠶ᠎ᠠ ᠪᠤᠯ 25℃~30℃ ᠪᠤᠯᠤᠨ᠎ᠠ᠃ 35℃ ᠠᠴᠠ ᠲᠡᠭᠡᠭᠰᠢ ᠪᠤᠯ ᠰᠤᠶᠤᠭᠠᠯᠠᠯᠳᠠ ᠶᠢᠨ ᠨᠤᠷᠮ᠎ᠠ ᠨᠢ ᠪᠠᠭᠤᠷᠠᠨ᠎ᠠ᠃ ᠤᠷᠭᠤᠯᠳᠠ ᠶᠢᠨ ᠬᠤᠭᠤᠴᠠᠭᠠᠨ ᠳᠤᠨᠢ 10℃~30℃ ᠪᠤᠯ ᠮᠠᠰᠢ ᠢᠳᠡᠷᠡᠭᠦᠨ ᠤᠷᠭᠤᠵᠤ᠂ ᠨᠠᠭᠢᠶᠠᠯᠠᠵᠤ ᠵᠠᠳᠠᠷᠠᠬᠤ ᠶᠢᠨ ᠬᠠᠮᠤᠭ ᠤᠨ ᠲᠤᠭᠢᠷᠠᠮᠵᠢᠳᠡᠢ ᠲᠤᠯᠠᠭᠠᠨ ᠪᠤᠯ ᠡᠳᠤᠷ ᠲᠡᠭᠡᠨ 25℃᠂ ᠰᠦᠨᠢ ᠳᠡᠭᠡᠨ 15℃᠂ ᠭᠠᠵᠠᠷ ᠤᠨ ᠲᠤᠯᠠᠭᠠᠨ ᠨᠢ 18℃ ᠪᠤᠯᠤᠨ᠎ᠠ᠃ ᠦᠷᠭᠡᠰᠤᠳᠤ ᠭᠡᠮᠭᠡ ᠶᠢᠨ ᠭᠡᠷᠡᠯ ᠤᠨ ᠨᠡᠶᠢᠯᠡᠯᠭᠡ ᠶᠢᠨ ᠦᠢᠯᠡᠳᠦᠯ ᠤᠨ ᠬᠠᠮᠤᠭ ᠤᠨ ᠲᠤᠭᠢᠷᠠᠮᠵᠢᠳᠡᠢ ᠲᠤᠯᠠᠭᠠᠨ ᠪᠤᠯ 25℃~30℃ ᠪᠠᠶᠢᠵᠤ᠂ 35℃ ᠲᠤ ᠭᠡᠷᠡᠯ ᠤᠨ ᠨᠡᠶᠢᠯᠡᠯᠭᠡ ᠶᠢᠨ ᠦᠢᠯᠡᠳᠦᠯ ᠤᠨ ᠬᠤᠷᠠᠮᠳᠤᠭᠤᠯᠭ᠎ᠠ ᠪᠤᠯᠤᠨ ᠬᠤᠷᠤᠠᠠᠳᠠᠯ ᠨᠢ ᠲᠡᠩᠴᠡᠭᠦᠨ ᠪᠠᠶᠢᠳᠠᠭ᠃ ᠡᠶᠢᠮᠤ ᠠᠴᠠ ᠭᠦᠯᠡᠮᠵᠢᠨ ᠳᠤ ᠦᠷᠭᠡᠰᠤᠳᠤ ᠭᠡᠮᠭᠡ ᠲᠠᠷᠢᠬᠤ ᠳᠤ 35℃ ᠠᠴᠠ ᠭᠡᠳᠦᠷᠡᠭᠦᠯᠵᠤ ᠪᠤᠯᠬᠤ ᠦᠭᠡᠢ᠃ 40℃ ᠠᠴᠠ ᠲᠡᠪᠠᠪᠠᠯ ᠭᠡᠷᠡᠯ ᠤᠨ ᠨᠡᠶᠢᠯᠡᠯᠭᠡ ᠶᠢᠨ ᠦᠢᠯᠡᠳᠦᠯ ᠨᠢ ᠰᠢᠷᠦᠭᠦᠨ ᠪᠠᠭᠤᠷᠠᠵᠤ᠂ ᠰᠤᠯᠢᠯᠴᠠᠭ᠎ᠠ ᠨᠢ ᠬᠠᠷᠰᠢᠯᠬᠠᠳᠠᠵᠤ᠂ ᠤᠷᠭᠤᠯᠳᠠ ᠨᠢ ᠵᠤᠠᠠᠰᠤᠵᠤ᠂ ᠴᠠᠴᠡᠭ ᠤᠨ ᠪᠠᠭ ᠨᠢ ᠤᠨᠠᠳᠠᠭ᠃ ᠦᠷᠭᠡᠰᠤᠳᠤ ᠭᠡᠮᠭᠡ ᠶᠢᠨ ᠤᠷᠭᠤᠯᠳᠠ ᠶᠢᠨ ᠬᠠᠮᠤᠭ ᠤᠨ ᠲᠤᠭᠢᠷᠠᠮᠵᠢᠳᠡᠢ ᠭᠠᠵᠠᠷ ᠤᠨ ᠲᠤᠯᠠᠭᠠᠨ ᠪᠤᠯ 20℃~23℃ ᠪᠤᠯᠤᠨ᠎ᠠ᠃ ᠦᠨᠳᠤᠰᠤᠨ ᠤ ᠰᠠᠬᠠᠯ ᠤᠨ ᠤᠷᠭᠤᠬᠤ ᠬᠠᠮᠤᠭ ᠤᠨ ᠲᠤᠤᠷ᠎ᠡ ᠲᠤᠯᠠᠭᠠᠨ ᠪᠤᠯ 12℃~14℃ ᠪᠤᠯᠤᠨ᠎ᠠ᠃ ᠭᠠᠵᠠᠷ ᠤᠨ ᠲᠤᠯᠠᠭᠠᠨ ᠨᠢ 12℃ ᠠᠴᠠ ᠪᠠᠭᠤᠷᠠᠬᠤ ᠦᠶ᠎ᠠ ᠳᠤ ᠦᠨᠳᠤᠰᠤᠨ ᠰᠢᠰᠲ᠋ᠧᠮ ᠨᠢ ᠤᠰᠤ ᠪᠠ ᠲᠠᠵᠢᠭᠡᠯ ᠭᠦᠷᠳᠡᠵᠤ ᠴᠢᠳᠠᠬᠤ ᠦᠭᠡᠢ ᠪᠤᠯᠳᠠᠭ᠃ ᠡᠶᠢᠮᠤ ᠠᠴᠠ ᠭᠦᠯᠡᠮᠵᠢᠨ ᠳᠤ ᠦᠷᠭᠡᠰᠤᠳᠤ ᠭᠡᠮᠭᠡ ᠲᠠᠷᠢᠬᠤ ᠳᠤ ᠭᠠᠵᠠᠷ ᠤᠨ ᠲᠤᠯᠠᠭᠠᠨ ᠨᠢ ᠡᠷᠭᠡᠪᠰᠢ 12℃ ᠠᠴᠠ ᠲᠡᠭᠡᠭᠰᠢ ᠪᠠᠶᠢᠬᠤ ᠭᠡᠷᠡᠭᠳᠡᠢ᠃ ᠦᠷᠭᠡᠰᠤᠳᠤ ᠭᠡᠮᠭᠡ ᠪᠤᠯ ᠲᠡᠭ ᠠᠴᠠ ᠲᠤᠷᠤᠠᠠᠰᠢ ᠲᠤᠯᠠᠭᠠᠨ ᠳᠤ ᠭᠦᠯᠳᠡᠭᠡᠳ ᠦᠭᠦᠴᠢᠭᠡᠳᠡᠭ᠃ ᠦᠯᠴᠢᠷᠵᠢᠭᠦᠯᠦᠭᠰᠡᠨ ᠦᠭᠡᠢ ᠨᠢᠯᠬ᠎ᠠ ᠴᠢᠭᠢ ᠪᠤᠯ 2℃~3℃ ᠤᠨ ᠲᠤᠯᠠᠭᠠᠨ ᠳᠤ ᠦᠭᠦᠴᠢᠭᠡᠳᠡᠭ᠂ ᠦᠯᠴᠢᠷᠵᠢᠭᠦᠯᠦᠭᠰᠡᠡ ᠨᠢᠯᠬ᠎ᠠ ᠴᠢᠭᠢ ᠪᠤᠯ 3℃ ᠲᠤ ᠲᠡᠰᠴᠤ ᠲᠠᠶᠢᠯᠦᠨ᠎ᠠ᠂ ᠤᠬᠤᠷ ᠴᠠᠭ ᠤᠨ 0℃ ᠲᠤ ᠭᠦᠯᠳᠡᠭᠦ ᠠᠴᠠ ᠪᠢᠰᠢ ᠦᠭᠦᠳᠡᠭ ᠦᠭᠡᠢ᠃ ᠦᠷᠭᠡᠰᠤᠳᠤ ᠭᠡᠮᠭᠡ ᠶᠢᠨ ᠦᠷᠡᠯᠡᠭᠦ ᠬᠤᠭᠤᠴᠠᠭᠠᠨ ᠳᠤ ᠡᠳᠤᠷ ᠤᠨ ᠲᠤᠯᠠᠭᠠᠨ ᠨᠢ 25℃~32℃ ᠪᠠᠶᠢᠵᠤ᠂ ᠭᠡᠷᠡᠯ ᠤᠨ ᠨᠡᠶᠢᠯᠡᠯᠭᠡ ᠶᠢᠨ ᠦᠢᠯᠡᠳᠦᠯ ᠢ ᠠᠭᠢᠭᠤᠯᠵᠤ᠂ ᠡᠮᠦᠨ᠎ᠠ ᠬᠠᠭᠠᠰ ᠰᠦᠨᠢ ᠶᠢᠨ ᠲᠤᠯᠠᠭᠠᠨ ᠨᠢ 16℃~20℃ ᠪᠠᠶᠢᠵᠤ᠂ ᠤᠷᠭᠤᠮᠠᠯ ᠤᠨ ᠰᠢᠮ᠎ᠠ ᠲᠡᠵᠢᠭᠡᠯᠳᠤ ᠡᠳ᠋ ᠨᠢ ᠨᠠᠪᠴᠢᠨ ᠠᠴᠠ ᠦᠷ᠎ᠡ ᠵᠢᠮᠢᠰ ᠲᠤ ᠰᠢᠯᠵᠢᠭᠦ ᠶᠢ ᠠᠭᠢᠭᠤᠯᠵᠤ᠂ ᠰᠡᠭᠦᠯ ᠤᠨ ᠬᠠᠭᠠᠰ ᠰᠦᠨᠢ ᠶᠢᠨ ᠲᠤᠯᠠᠭᠠᠨ ᠨᠢ 12℃~14℃ ᠪᠠᠶᠢᠵᠤ᠂ ᠠᠮᠢᠰᠬᠤᠯ ᠤᠨ ᠬᠤᠷᠤᠠᠠᠳᠠᠯ ᠢ ᠪᠠᠭᠤᠷᠠᠭᠤᠯᠬᠤ ᠭᠡᠷᠡᠭᠳᠡᠢ᠃ ᠵᠢᠮᠢᠰ ᠤᠨ ᠪᠤᠶᠢᠵᠢᠯᠳᠡ ᠶᠢᠨ ᠬᠠᠮᠤᠭ ᠤᠨ ᠲᠤᠭᠢᠷᠠᠮᠵᠢᠳᠡᠢ ᠲᠤᠯᠠᠭᠠᠨ ᠪᠤᠯ 23℃~28℃ ᠪᠤᠯᠤᠨ᠎ᠠ᠃ 20℃ ᠠᠴᠠ ᠲᠤᠷᠤᠠᠠᠰᠢᠯᠠᠬᠤ ᠪᠤᠶᠤ 30℃ ᠠᠴᠠ ᠲᠠᠪᠠᠵᠤ ᠪᠤᠯᠬᠤ ᠦᠭᠡᠢ᠃ ᠭᠡᠷᠡᠯ ᠤᠨ ᠲᠤᠰᠤᠯᠳᠠ ᠶᠢᠨ ᠲᠠᠯ᠎ᠠ ᠪᠠᠷ ᠦᠷᠭᠡᠰᠤᠳᠤ ᠭᠡᠮᠭᠡ ᠨᠢ ᠤᠷᠭᠤᠯᠳᠠ ᠶᠢᠨ ᠬᠤᠭᠤᠴᠠᠭᠠᠨ ᠳᠠᠭᠠᠨ ᠡᠳᠤᠷ ᠪᠦᠷᠢ 8 ᠴᠠᠭ ᠠᠴᠠ ᠲᠡᠭᠡᠭᠰᠢᠭᠢ ᠨᠠᠷᠠᠨ ᠤ ᠭᠡᠷᠡᠯ ᠤᠨ ᠲᠤᠰᠤᠯᠳᠠ ᠲᠠᠢ ᠪᠤᠯ ᠰᠠᠶ᠋ᠢ ᠦᠨᠳᠤᠷ ᠬᠤᠷᠢᠶᠠᠯᠳᠠ ᠶᠢ ᠪᠠᠳᠤᠯᠠᠵᠤ ᠴᠢᠳᠠᠨ᠎ᠠ᠃ ᠦᠪᠤᠷ ᠮᠤᠩᠭᠤᠯ ᠤᠷᠤᠨ ᠨᠢ 11 ᠳ᠋ᠤᠭᠡᠷ ᠰᠠᠷ᠎ᠠ ᠶᠢᠨ ᠲᠤᠮᠳᠡᠴᠢ ᠠᠴᠠ ᠲᠠᠷᠠᠭ᠎ᠠ ᠵᠢᠯ ᠤᠨ 2 ᠳ᠋ᠤᠭᠠᠷ ᠰᠠᠷ᠎ᠠ ᠭᠦᠷᠳᠡᠯᠡᠭᠢ ᠡᠳᠤᠷ ᠤᠨ ᠨᠠᠷᠠᠨ ᠤ ᠭᠡᠷᠡᠯ ᠨᠢ 7 ᠴᠠᠭ ᠭᠦᠷᠭᠦ ᠦᠭᠡᠢ᠂ ᠭᠡᠷᠡᠯ ᠤᠨ ᠡᠷᠴᠢᠮ ᠨᠢ ᠴᠤ ᠪᠠᠭᠤᠷᠠᠢ᠂ ᠠᠭᠤᠷ ᠠᠮᠢᠰᠬᠤᠯ ᠮᠠᠰᠢ ᠲᠤᠤᠷ᠎ᠠ ᠪᠠᠶᠢᠳᠠᠭ ᠪᠤᠯᠬᠤᠷ ᠦᠷᠭᠡᠰᠤᠳᠤ ᠭᠡᠮᠭᠡ ᠲᠠᠷᠢᠬᠤ ᠳᠤ ᠮᠠᠰᠢ ᠪᠡᠷᠭᠡ ᠲᠠᠢ ᠪᠠᠶᠢᠳᠠᠭ᠃ ᠤᠰᠤᠨ ᠤ ᠰᠢᠮ᠎ᠠ᠂ ᠦᠷᠭᠡᠰᠤᠳᠤ ᠭᠡᠮᠭᠡ ᠪᠤᠯ ᠬᠦᠢᠬᠡᠨ ᠦᠨᠳᠤᠰᠤ ᠲᠠᠢ ᠲᠠᠷᠢᠮᠠᠯ ᠪᠤᠯᠬᠤ ᠪᠦᠭᠡᠳ ᠭᠤᠤᠯ ᠦᠨᠳᠤᠰᠤᠨ ᠰᠢᠰᠲ᠋ᠧᠮ ᠨᠢ 30cm ᠤᠨ ᠭᠦᠷᠤᠰᠤᠨ ᠳᠤ ᠯᠡ ᠲᠠᠷᠬᠠᠵᠤ᠂ ᠤᠰᠤ ᠰᠢᠮᠡᠳᠭᠡᠭᠦ ᠨᠢ ᠨᠡᠯᠢᠶᠡᠳ ᠪᠠᠷᠤᠠᠠᠳᠠᠢ ᠪᠠᠶᠢᠳᠠᠭ᠃ ᠦᠷᠭᠡᠰᠤᠳᠤ ᠭᠡᠮᠭᠡ ᠶᠢᠨ ᠨᠠᠪᠴᠢ ᠨᠢ ᠲᠤᠮᠤ ᠪᠤᠯᠬᠤᠷ ᠤᠰᠤᠨ ᠤ ᠠᠭᠤᠷᠰᠢᠯᠳᠠ ᠨᠢ ᠮᠠᠰᠢ ᠶᠡᠭᠡ ᠪᠠᠶᠢᠵᠤ᠂ ᠤᠰᠤ ᠬᠤᠷᠤᠠᠠᠳᠠᠭᠤᠯᠬᠤ ᠨᠢ ᠴᠤ ᠶᠡᠭᠡ ᠪᠠᠶᠢᠳᠠᠭ᠃ ᠡᠶᠢᠮᠤ ᠠᠴᠠ ᠦᠷᠭᠡᠰᠤᠳᠤ ᠭᠡᠮᠭᠡ ᠨᠢ ᠭᠦᠷᠤᠰᠤ ᠰᠢᠷᠤᠢ ᠶᠢᠨ ᠴᠢᠭᠢᠭ ᠪᠤᠯᠤᠨ ᠠᠭᠤᠷ ᠠᠮᠢᠰᠬᠤᠯ ᠤᠨ ᠴᠢᠭᠢᠭ ᠤᠨ ᠲᠠᠯ᠎ᠠ ᠪᠠᠷ ᠬᠢ ᠱᠠᠭᠠᠷᠳᠠᠯᠭ᠎ᠠ ᠨᠢ ᠮᠠᠰᠢ ᠦᠨᠳᠤᠷ ᠪᠠᠶᠢᠳᠠᠭ᠃ ᠦᠨᠳᠤᠷ ᠬᠤᠷᠢᠶᠠᠯᠳᠠ ᠤᠯᠬᠤ ᠳᠤ ᠭᠦᠯᠡᠮᠵᠢᠨ ᠤ ᠦᠷᠭᠡᠰᠤᠳᠤ ᠭᠡᠮᠭᠡ ᠶᠢᠨ ᠭᠦᠷᠦᠰᠤᠨ ᠤ ᠴᠢᠭᠢᠭ ᠨᠢ 60%~70% ᠠᠴᠠ ᠲᠡᠭᠡᠭᠰᠢ ᠪᠠᠶᠢᠬᠤ ᠶᠢ ᠪᠠᠳᠤᠯᠠᠬᠤ ᠭᠡᠷᠡᠭᠳᠡᠢ᠃ 40%~50% ᠠᠴᠠ ᠲᠤᠤᠷ᠎ᠠ ᠪᠤᠯᠪᠠᠯ ᠭᠡᠷᠡᠯ ᠤᠨ ᠨᠡᠶᠢᠯᠡᠯᠭᠡ ᠶᠢᠨ ᠦᠢᠯᠡᠳᠦᠯ ᠨᠢ ᠪᠠᠭᠤᠷᠠᠨ᠎ᠠ᠃ ᠦᠷᠭᠡᠰᠤᠳᠤ ᠭᠡᠮᠭᠡ ᠶᠢᠨ ᠭᠦᠷᠦᠰᠤᠨ ᠤ ᠴᠢᠭᠢᠭ ᠨᠢ 70%~80% ᠠᠴᠠ ᠲᠡᠭᠡᠭᠰᠢ ᠪᠠᠶᠢᠵᠤ ᠪᠤᠯᠬᠤ ᠦᠭᠡᠢ᠃ ᠭᠦᠷᠦᠰᠤ ᠰᠢᠷᠤᠢ ᠨᠢ ᠭᠡᠳᠦᠷᠭᠡᠢ ᠴᠢᠭᠢᠭ ᠲᠠᠢ ᠪᠤᠯ ᠭᠡᠮ ᠬᠤᠷᠤᠬᠠᠢ ᠶᠢᠨ ᠭᠦᠨᠦᠭᠡᠯ ᠳᠤ ᠤᠴᠠᠷᠠᠬᠤ ᠪᠤᠯᠤᠨ᠎ᠠ᠃ ᠦᠷᠭᠡᠰᠤᠳᠤ ᠭᠡᠮᠭᠡ ᠨᠢ ᠠᠳᠠᠯᠢ ᠪᠤᠰᠤ ᠤᠷᠭᠤᠯᠳᠠ ᠶᠢᠨ ᠦᠶ᠎ᠠ ᠳᠡᠭᠡᠨ ᠤᠰᠤᠨ ᠤ ᠲᠠᠯ᠎ᠠ ᠪᠠᠷ ᠬᠢ ᠱᠠᠭᠠᠷᠳᠠᠯᠭ᠎ᠠ ᠨᠢ ᠴᠤ ᠠᠳᠠᠯᠢ ᠦᠭᠡᠢ ᠪᠠᠶᠢᠳᠠᠭ᠃ ᠨᠢᠯᠬ᠎ᠠ ᠴᠢᠭᠢᠨ ᠤ ᠬᠤᠭᠤᠴᠠᠭᠠᠨ ᠳᠤᠨᠢ ᠤᠰᠤ ᠶᠢ ᠭᠡᠳᠦᠷᠡᠭᠦᠯᠵᠤ ᠪᠤᠯᠬᠤ ᠦᠭᠡᠢ᠃ ᠲᠠᠶᠢᠮᠤ ᠪᠢᠰᠢ ᠪᠤᠯ ᠭᠠᠵᠠᠷ ᠤᠨ ᠲᠤᠯᠠᠭᠠᠨ ᠪᠠᠭᠤᠷᠠᠬᠤ ᠠᠴᠠ ᠪᠤᠯᠤᠭᠠᠳ ᠦᠨᠳᠤᠰᠤ ᠨᠢ ᠠᠮᠠᠷᠬᠠᠨ ᠤᠰᠤᠳᠤᠨ ᠦᠭᠦᠭᠦ ᠪᠤᠯᠤᠨ᠎ᠠ᠃ ᠤᠰᠤ ᠲᠤᠳ᠋ᠬᠠᠳᠠᠪᠠᠯ ᠨᠢᠯᠬ᠎ᠠ ᠴᠢᠭᠢ ᠨᠢ ᠠᠮᠠᠷᠬᠠᠨ ᠭᠦᠭᠰᠢᠷᠡᠵᠤ᠂ ᠡᠰᠢ ᠰᠠᠭᠤᠷᠢ ᠨᠢ ᠡᠷᠳᠡ ᠦᠳᠡᠯᠳᠡᠭ᠃ ᠠᠩᠬ᠎ᠠ ᠴᠡᠴᠡᠭᠯᠡᠭᠦ ᠦᠶ᠎ᠠ ᠳᠤᠨᠢ ᠢᠯᠡᠭᠦᠭᠡᠨ ᠤᠰᠤᠯᠠᠵᠤ᠂ ᠬᠦᠢᠬᠡᠨ ᠬᠠᠭᠠᠯᠪᠤᠷᠢᠯᠠᠨ ᠴᠢᠭᠢ ᠪᠠᠨ ᠴᠤᠨᠤᠠᠠᠯᠠᠨ ᠰᠠᠭᠤᠯᠭᠠᠵᠤ᠂ ᠦᠨᠳᠤᠰᠤᠨ ᠰᠢᠰᠲ᠋ᠧᠮ ᠤᠨ ᠤᠷᠭᠤᠯᠳᠠ ᠶᠢ ᠠᠭᠢᠭᠤᠯᠵᠤ᠂ ᠡᠰᠢ ᠨᠠᠪᠴᠢ ᠨᠢ ᠭᠡᠳᠤ ᠪᠠᠳᠠᠷᠠᠩᠭᠤᠢ ᠤᠷᠭᠤᠬᠤ ᠠᠴᠠ ᠰᠡᠷᠭᠡᠶᠢᠯᠡᠭᠦ ᠭᠡᠷᠡᠭᠳᠡᠢ᠃ ᠦᠷᠡᠯᠡᠭᠦ ᠬᠤᠭᠤᠴᠠᠭᠠᠨ ᠳᠤ ᠲᠡᠵᠢᠭᠡᠯ ᠤᠨ ᠤᠷᠭᠤᠯᠳᠠ ᠪᠠ ᠦᠷᠡᠵᠢᠯ ᠤᠨ ᠤᠷᠭᠤᠯᠳᠠ ᠨᠢ ᠬᠠᠮᠳᠤ ᠳᠠᠭᠠᠨ ᠶᠠᠪᠤᠠᠠᠳᠠᠬᠤ ᠲᠤᠯᠠ ᠨᠠᠪᠴᠢᠨ ᠤ ᠲᠠᠯᠠᠪᠠᠢ ᠨᠢ ᠲᠠᠰᠤᠷᠠᠯᠳᠠ ᠦᠭᠡᠢ ᠦᠷᠭᠡᠵᠢᠨ᠂ ᠨᠠᠪᠴᠢᠨ ᠤ ᠲᠤᠭ᠎ᠠ ᠨᠢ ᠤᠯᠠᠰᠢᠷᠠᠵᠤ᠂ ᠵᠢᠮᠢᠰ ᠤᠨ ᠪᠤᠶᠢᠵᠢᠯᠳᠡ ᠨᠢ ᠲᠦᠷᠭᠡᠳᠴᠤ᠂ ᠤᠰᠤᠨ ᠤ ᠱᠠᠭᠠᠷᠳᠠᠯᠭ᠎ᠠ ᠶᠡᠭᠡᠰᠭᠦ ᠲᠤᠯᠠ᠂ ᠤᠰᠤ ᠶᠢ ᠭᠦᠢᠴᠡᠳ ᠰᠠᠶᠢᠨ ᠬᠠᠨᠭ᠍ᠭᠠᠬᠤ ᠪᠤᠯ ᠡᠯᠪᠡᠭ ᠬᠤᠷᠢᠶᠠᠯᠳᠠ ᠤᠯᠬᠤ ᠶᠢᠨ ᠪᠠᠳᠤᠯᠠᠭ᠎ᠠ ᠮᠦᠨ᠃ ᠦᠷᠭᠡᠰᠤᠳᠤ ᠭᠡᠮᠭᠡ ᠶᠢᠨ ᠠᠭᠠᠷ ᠤᠨ ᠴᠢᠭᠢᠭ ᠤᠨ ᠬᠡᠮᠵᠢᠶ᠎ᠠ ᠨᠢ 80%~83% ᠪᠤᠯᠪᠠᠯ ᠢᠯᠵᠠᠷᠠᠬᠤ ᠭᠡᠮ ᠢ ᠡᠭᠦᠰᠭᠡᠳᠡᠭ᠃ ᠡᠶᠢᠮᠤ ᠠᠴᠠ ᠬᠠᠮᠠᠭᠠᠯᠠᠯᠳᠠ ᠶᠢᠨ ᠲᠠᠷᠢᠶᠠᠨ ᠤ ᠰᠦᠨᠢ ᠶᠢᠨ ᠠᠭᠠᠷ ᠤᠨ ᠴᠢᠭᠢᠭ ᠢ 80% ᠠᠴᠠ ᠲᠤᠷᠤᠠᠠᠰᠢ ᠪᠠᠶᠢᠯᠭᠠᠪᠠᠯ᠂ ᠢᠯᠵᠠᠷᠠᠬᠤ ᠭᠡᠮ ᠡᠭᠦᠰᠭᠦ ᠪᠡ ᠲᠡᠯᠭᠡᠷᠡᠭᠦ ᠶᠢ ᠪᠠᠭᠠᠰᠬᠠᠵᠤ ᠴᠢᠳᠠᠨ᠎ᠠ᠃ ᠭᠦᠷᠤᠰᠤ ᠰᠢᠷᠤᠢ ᠪᠡ ᠦᠩ ᠰᠢᠮ᠎ᠠ᠄ ᠦᠷᠭᠡᠰᠤᠳᠤ ᠭᠡᠮᠭᠡ ᠶᠢᠨ ᠭᠦᠷᠤᠰᠤ ᠰᠢᠷᠤᠢ ᠳᠤ ᠲᠤᠭᠢᠷᠠᠯᠴᠠᠬᠤ ᠭᠡᠪᠴᠢᠶ᠎ᠠ ᠨᠢ ᠨᠡᠯᠢᠶᠡᠳ ᠦᠷᠭᠡᠨ ᠪᠠᠶᠢᠵᠤ᠂ ᠪᠠᠭ᠎ᠠ ᠭᠦᠴᠢᠯᠯᠢᠭ ᠪᠤᠶᠤ ᠪᠠᠭ᠎ᠠ ᠬᠤᠵᠢᠷᠯᠢᠬ ᠭᠠᠵᠠᠷ ᠴᠦᠮ ᠲᠠᠷᠢᠵᠤ ᠪᠤᠯᠬᠤ ᠪᠦᠭᠡᠳ pH ᠤᠨ ᠭᠡᠮᠵᠢᠶ᠎ᠠ ᠨᠢ 5.5~7.6 ᠪᠠᠶᠢᠬᠤ ᠭᠡᠪᠴᠢᠶᠠᠨ ᠲᠤᠳᠤᠷ᠎ᠠ ᠴᠦᠮ ᠲᠤᠭᠢᠷᠠᠯᠴᠠᠬᠤ ᠪᠠ pH ᠤᠨ ᠭᠡᠮᠵᠢᠶ᠎ᠠ ᠨᠢ 6.5 ᠪᠠᠶᠢᠪᠠᠯ ᠬᠠᠮᠤᠭ ᠤᠨ ᠲᠤᠭᠢᠷᠠᠮᠵᠢᠳᠡᠢ᠃ ᠦᠷᠭᠡᠰᠤᠳᠤ ᠭᠡᠮᠭᠡ ᠨᠢ ᠬᠠᠯᠠᠭᠤᠨ ᠪᠦᠰᠡ ᠶᠢᠨ ᠤᠢ ᠰᠢᠭᠤᠶᠢᠳᠤ ᠭᠠᠵᠠᠷ ᠤᠷᠤᠨ ᠤ ᠢᠯᠵᠠᠷᠠᠮᠠᠯ ᠭᠠᠵᠠᠷ ᠲᠤ ᠤᠷᠭᠤᠵᠤ ᠪᠠᠶᠢᠠᠠᠰᠠᠨ ᠠᠴᠠ ᠦᠨᠳᠤᠰᠤᠨ ᠰᠢᠰᠲ᠋ᠧᠮ ᠨᠢ ᠬᠦᠢᠬᠡᠨ ᠪᠠᠶᠢᠵᠤ᠂ ᠭᠦᠴᠢᠯᠳᠦ᠋ᠷᠦᠭᠴᠢ ᠶᠢᠨ ᠲᠠᠯ᠎ᠠ ᠪᠠᠷ ᠮᠠᠰᠢ ᠴᠢᠩᠭ᠎ᠠ ᠱᠠᠭᠠᠷᠳᠠᠯᠭ᠎ᠠ ᠲᠠᠢ ᠪᠠᠶᠢᠳᠠᠭ᠃ ᠤᠷᠭᠠᠨᠢᠭ ᠪᠤᠷᠳᠤᠭᠤᠷ ᠨᠡᠮᠡᠨ ᠤᠷᠤᠭᠤᠯᠵᠤ᠂ ᠭᠦᠷᠦᠰᠤᠨ ᠤ ᠤᠷᠭᠠᠨᠢᠭ ᠪᠤᠳᠠᠰ ᠤᠨ ᠠᠭᠤᠯᠤᠭᠳᠠᠴᠨ ᠪᠠ ᠦᠩ ᠰᠢᠮ᠎ᠠ ᠶᠢ ᠲᠡᠭᠡᠭᠰᠢᠯᠡᠭᠦᠯᠵᠤ᠂ ᠭᠦᠷᠦᠰᠤᠨ ᠤ ᠭᠡᠢ ᠨᠡᠪᠳᠡᠷᠡᠯᠳᠡ ᠶᠢ ᠨᠡᠮᠡᠭᠳᠡᠭᠦᠯᠭᠦ ᠪᠤᠯ ᠡᠯᠪᠡᠭ ᠬᠤᠷᠢᠶᠠᠯᠳᠠ ᠤᠯᠬᠤ ᠶᠢᠨ ᠰᠠᠭᠤᠷᠢ ᠮᠦᠨ᠃ ᠮᠠᠲ᠋ᠧᠷᠢᠶᠠᠯ ᠤᠨ ᠮᠡᠳᠡᠭᠡᠯᠡᠯ ᠢ ᠦᠨᠳᠦᠰᠦᠯᠡᠪᠡᠯ ᠮᠤ᠋ ᠪᠦᠷ ᠠᠴᠠ 100kg ᠵᠢᠮᠢᠰ ᠬᠤᠷᠢᠶᠠᠬᠤ ᠳᠤ ᠶᠡᠭᠡ ᠲᠦᠯᠤᠪ ᠠᠽᠤᠲ 280g᠂ ᠹᠤᠰᠹᠤᠷ 90g᠂ ᠺᠠᠯᠢ 990g᠂ ᠺᠠᠯᠼ 310g᠂ ᠮᠠᠩᠭᠠᠨ 70g ᠭᠡᠷᠡᠭᠰᠡᠨ᠎ᠠ᠃ ᠡᠳᠡᠭᠡᠷ ᠰᠢᠮ᠎ᠠ ᠲᠡᠵᠢᠭᠡᠯ ᠢ ᠤᠷᠭᠠᠨᠢᠭ ᠪᠤᠷᠳᠤᠭᠤᠷ ᠭᠦᠢᠴᠡᠳ ᠰᠠᠶᠢᠨ ᠤᠷᠤᠭᠤᠯᠪᠠᠯ ᠰᠠᠶ᠋ᠢ ᠬᠠᠨᠭ᠍ᠭᠠᠵᠤ ᠲᠠᠶᠢᠯᠦᠨ᠎ᠠ᠃ ᠬᠠᠮᠠᠭᠠᠯᠠᠯᠳᠠ ᠶᠢᠨ ᠭᠠᠵᠠᠷ ᠦᠷᠭᠡᠰᠤᠳᠤ ᠭᠡᠮᠭᠡ ᠲᠠᠷᠢᠬᠤ ᠳᠤ ᠮᠤ᠋ ᠪᠦᠷᠢ 7500kg ᠴᠢᠨᠠᠷ ᠰᠠᠶᠢᠳᠠᠢ ᠤᠷᠭᠠᠨᠢᠭ ᠪᠤᠷᠳᠤᠭᠤᠷ ᠤᠷᠤᠭᠤᠯᠪᠠᠯ ᠰᠠᠶ᠋ᠢ ᠠᠽᠤᠲ᠂ ᠹᠤᠰᠹᠤᠷ᠂ ᠺᠠᠯᠢ᠂ ᠺᠠᠯᠼ᠂ ᠮᠠᠩᠭᠠᠨ ᠤ ᠭᠡᠷᠡᠭᠴᠡᠭᠡ ᠶᠢ ᠬᠠᠨᠭ᠍ᠭᠠᠵᠤ ᠲᠠᠶᠢᠯᠦᠨ᠎ᠠ᠃ ︵2︶ ᠶᠠᠮᠠᠷ ᠰᠤᠷᠲ ᠢ ᠰᠤᠩᠭᠤᠬᠤ ᠪᠤᠢ︖ ᠭᠦᠯᠡᠮᠵᠢᠨ ᠳᠤ ᠡᠪᠤᠯ ᠬᠠᠪᠤᠷ ᠤᠨ ᠭᠤᠤᠷᠰᠤ ᠲᠠᠷᠢᠬᠤ ᠳᠤ ᠭᠦᠢᠳᠡᠨ ᠳᠤ ᠲᠠᠰᠪᠤᠷᠢᠳᠡᠢ᠂ ᠤᠷᠭᠤᠯᠳᠠ ᠰᠠᠶᠢᠳᠠᠢ᠂ ᠦᠷᠭᠦᠯᠵᠢᠯᠡᠨ ᠵᠢᠮᠢᠰᠯᠡᠭᠦ ᠴᠢᠳᠠᠯ ᠲᠠᠢ᠂ ᠡᠷᠳᠡ ᠪᠤᠯᠪᠠᠰᠤᠷᠠᠳᠠᠭ ᠰᠤᠷᠲ ᠢ ᠰᠤᠩᠭᠤᠬᠤ ᠭᠡᠷᠡᠭᠳᠡᠢ᠃ ᠡᠭᠦᠨ ᠳᠤ ᠱᠧᠩ ᠱᠢ ᠴᠠᠩ ᠴᠦᠨ ︵盛世长春︶᠂ ᠵᠦᠩ ᠬᠤᠸᠠ ᠶᠢᠩ ᠰᠢᠶᠦ᠋ᠩ ︵中华英雄︶᠂ ᠪᠤᠤ ᠶᠢᠤ ︵保优︶ 80 ᠨᠤᠮᠧᠷᠳᠦ᠂ ᠶᠢᠨ ᠶᠢᠤ ︵津优︶ 2 ᠨᠤᠮᠧᠷᠳᠤ ᠵᠡᠷᠭᠡ ᠰᠤᠷᠲ ᠪᠠᠶᠢᠨ᠎ᠠ᠃ ︵3︶ ᠦᠷᠭᠡᠰᠤᠳᠤ ᠭᠡᠮᠭᠡ ᠶᠢᠨ ᠴᠢᠭᠢ ᠶᠢ ᠶᠠᠭᠠᠭᠢᠵᠤ ᠪᠤᠶᠢᠵᠢᠭᠤᠯᠬᠤ ᠪᠤᠢ︖ ᠴᠢᠭᠢ ᠪᠤᠶᠢᠵᠢᠭᠤᠯᠬᠤ ᠲᠦᠭᠦᠭᠡᠷᠤᠮᠵᠢ᠄ ᠬᠠᠪᠤᠷ ᠡᠷᠳᠡ ᠶᠢᠨ ᠭᠤᠤᠷᠰᠤᠨ ᠤ ᠦᠷᠭᠡᠰᠤᠳᠤ ᠭᠡᠮᠭᠡ ᠶᠢᠨ ᠴᠢᠭᠢ ᠪᠤᠶᠢᠵᠢᠭᠤᠯᠬᠤ ᠬᠤᠭᠤᠴᠠᠭ᠎ᠠ ᠨᠢ ᠶᠠᠭ ᠡᠪᠤᠯ ᠤᠨ ᠬᠠᠭᠢᠷ ᠭᠦᠢᠳᠡᠨ ᠪᠤᠯᠬᠤ 11 ᠳ᠋ᠤᠭᠡᠷ ᠰᠠᠷ᠎ᠠ ᠠᠴᠠ 1 ᠳ᠋ᠤᠭᠡᠷ ᠰᠠᠷ᠎ᠠ ᠲᠤᠭᠢᠶᠠᠯᠳᠤᠵᠤ᠂ ᠡᠨᠡ ᠦᠶ᠎ᠠ ᠳᠤ ᠲᠤᠯᠠᠭᠠᠨ ᠤ ᠭᠡᠮᠵᠢᠶ᠎ᠠ ᠲᠤᠤᠷ᠎ᠡ᠂ ᠭᠡᠷᠡᠯ ᠤᠨ ᠲᠤᠰᠤᠯᠳᠠ ᠪᠠᠭᠤᠷᠠᠢ ᠪᠤᠯᠬᠤᠷ ᠦᠷᠭᠡᠰᠤᠳᠤ ᠭᠡᠮᠭᠡ ᠶᠢᠨ ᠨᠢᠯᠬ᠎ᠠ ᠴᠢᠭᠢᠨ ᠤ ᠤᠷᠭᠤᠯᠳᠠ ᠳᠤ ᠠᠰᠢᠭ ᠦᠭᠡᠢ ᠪᠠᠶᠢᠳᠠᠭ᠃ ᠴᠢᠭᠢ ᠪᠤᠶᠢᠵᠢᠭᠤᠯᠬᠤ ᠳᠤ ᠰᠠᠶᠢᠨ ᠰᠠᠶᠢᠬᠠᠨ ᠤᠷᠴᠢᠨ ᠨᠦᠭᠦᠴᠡᠯ ᠪᠦᠷᠢᠳᠦᠭᠦᠯᠵᠤ ᠦᠭᠭᠦ ᠶᠢᠨ ᠲᠤᠰᠠᠳᠠ᠂ ᠴᠢᠭᠢ ᠪᠤᠶᠢᠵᠢᠭᠤᠯᠬᠤ ᠲᠤᠰᠬᠠᠢ ᠦᠷᠦᠭᠡ ᠪᠠᠶᠢᠭᠤᠯᠬᠤ ᠭᠡᠷᠡᠭᠳᠡᠢ᠃ ᠭᠦᠯᠡᠮᠵᠢᠨ ᠤ ᠪᠠᠨ ᠵᠡᠭᠦᠨ ᠲᠠᠯ᠎ᠠ ᠪᠤᠶᠤ ᠪᠠᠷᠠᠭᠤᠨ ᠲᠠᠯ᠎ᠠ ᠪᠠᠷ ᠪᠠᠷᠤᠭ 6~8m ᠤᠷᠳᠤ ᠪᠦᠭᠦᠢ ᠲᠤᠰᠠᠭᠠᠷᠯᠠᠬᠤ ᠭᠡᠷᠡᠮ ᠢ ᠬᠠᠭᠤᠴᠢᠨ ᠰᠦᠯᠢᠶᠤᠤ ᠪᠦᠰ ᠢᠶᠠᠷ ᠲᠠᠳᠠᠵᠤ ᠭᠦᠯᠡᠮᠵᠢ ᠠᠴᠠ ᠪᠠᠨ ᠲᠤᠰᠠᠭᠠᠷᠯᠠᠵᠤ᠂ ᠴᠢᠭᠢ ᠪᠤᠶᠢᠵᠢᠭᠤᠯᠬᠤ ᠵᠢᠵᠢᠭ ᠦᠷᠦᠭᠡ ᠭᠠᠷᠭᠠᠨ᠎ᠠ᠃ ᠴᠢᠭᠢ ᠪᠤᠶᠢᠵᠢᠭᠤᠯᠬᠤ ᠦᠷᠦᠭᠡᠨ ᠳᠡᠭᠡᠨ ᠭᠠᠯ ᠲᠦᠯᠡᠭᠦ ᠪᠡ ᠬᠠᠯᠠᠭᠤᠨ ᠭᠡᠷᠡᠮ᠂ ᠬᠤᠯᠠᠩ ᠭᠠᠷᠭᠠᠵᠤ᠂ ᠦᠷᠦᠭᠡ ᠪᠠᠨ ᠲᠤᠯᠠᠭᠠᠯᠠᠨ᠎ᠠ᠃ ᠴᠢᠭᠢ ᠪᠤᠶᠢᠵᠢᠭᠤᠯᠬᠤ ᠲᠠᠳᠠᠭᠠᠯ ᠤᠨ ᠢᠶᠠᠨ ᠲᠤᠤᠭᠤᠷ ᠲᠤᠯᠠᠭᠠᠯᠠᠯᠭ᠎ᠠ ᠶᠢᠨ ᠤᠳᠠᠰᠤ ᠲᠠᠳᠠᠨ᠎ᠠ᠃ ᠴᠢᠭᠢ ᠪᠤᠶᠢᠵᠢᠭᠤᠯᠬᠤ ᠲᠠᠳᠠᠭᠠᠯ ᠤᠨ ᠢᠶᠠᠨ ᠲᠡᠭᠡᠭᠦᠷ ᠰᠦᠯᠢᠶᠤᠤ ᠪᠦᠷᠭᠦᠭᠦᠯ ᠢᠶᠠᠷ ᠬᠤᠴᠢᠵᠤ᠂ ᠲᠤᠯᠠᠭᠠᠨ ᠢ ᠬᠠᠮᠠᠭᠠᠯᠠᠨ᠎ᠠ᠃ ᠰᠦᠯᠢᠶᠤᠤ ᠫᠸᠡᠭᠰᠡ ᠳᠤ ᠰᠢᠭᠤᠳ ᠲᠠᠷᠢᠵᠤ ᠴᠢᠭᠢ ᠪᠤᠶᠢᠵᠢᠭᠤᠯᠬᠤ᠄ 8~10cm ᠤᠨ ᠳ᠋ᠢᠶᠠᠮᠧᠲᠷ ᠲᠠᠢ ᠰᠦᠯᠢᠶᠤᠤ ᠫᠸᠡᠭᠰᠡᠨ ᠳᠤ ᠴᠢᠭᠢ ᠪᠤᠶᠢᠵᠢᠭᠤᠯᠪᠠᠯ᠂ ᠦᠷᠭᠡᠰᠤᠳᠤ ᠭᠡᠮᠭᠡ ᠶᠢᠨ ᠨᠢᠯᠬ᠎ᠠ ᠴᠢᠭᠢᠨ ᠤ ᠦᠨᠳᠤᠰᠤᠨ ᠰᠢᠰᠲ᠋ᠧᠮ ᠢ ᠭᠦᠭᠵᠢᠭᠦᠯᠵᠤ᠂ ᠵᠠᠶᠢᠯᠠᠬᠤ ᠦᠶ᠎ᠠ ᠳᠤ ᠦᠨᠳᠤᠰᠤ ᠶᠢ ᠰᠢᠷᠬᠠᠳᠤᠭᠤᠯᠬᠤ ᠦᠭᠡᠢ᠂ ᠰᠠᠭᠤᠷᠢᠰᠢᠭᠤᠯᠤᠨ ᠲᠠᠷᠢᠠᠠᠰᠠᠨ ᠤ ᠰᠡᠭᠦᠯᠡᠷ ᠴᠢᠭᠢᠯᠡᠭᠦ ᠨᠢ ᠲᠦᠷᠭᠡᠨ ᠪᠠᠶᠢᠵᠤ᠂ ᠦᠨᠳᠤᠰᠤ ᠨᠢ ᠦᠤᠭᠦ ᠦᠭᠡᠢ ᠪᠦᠭᠡᠳ ᠴᠢᠭᠢᠯᠡᠭᠦ ᠳᠡᠭᠡᠨ ᠨᠠᠯᠡᠵᠤ ᠤᠨᠠᠬᠤ ᠦᠭᠡᠢ ᠪᠠᠶᠢᠵᠤ᠂ ᠡᠷᠳ᠋ᠨ ᠪᠤᠯᠪᠠᠰᠤᠷᠠᠭᠤᠯᠤᠨ ᠡᠯᠪᠡᠭ ᠬᠤᠷᠢᠶᠠᠬᠤ ᠵᠤᠷᠢᠯᠭ᠎ᠠ ᠳᠤ ᠭᠦᠷᠴᠤ ᠴᠢᠳᠠᠨ᠎ᠠ᠃ ︵4︶ ᠦᠷᠭᠡᠰᠤᠳᠤ ᠭᠡᠮᠭᠡ ᠶᠢᠨ ᠦᠷ᠎ᠡ ᠶᠢ ᠭᠡᠷᠭᠢᠨ ᠰᠢᠢᠳᠪᠤᠷᠢᠯᠡᠵᠤ ᠶᠠᠮᠠᠷ ᠠᠷᠭ᠎ᠠ ᠪᠠᠷ ᠲᠠᠷᠢᠬᠤ ᠪᠤᠢ︖ ᠦᠷ᠎ᠡ ᠪᠠᠨ ᠲᠠᠪᠳᠦᠭᠡᠵᠤ ᠰᠤᠶᠤᠭᠠᠯᠠᠭᠤᠯᠤᠨ᠎ᠠ᠃ ᠦᠷᠭᠡᠰᠤᠳᠤ ᠭᠡᠮᠭᠡ ᠶᠢᠨ ᠦᠷ᠎ᠡ ᠪᠠᠨ 55℃ ᠤᠨ ᠤᠰᠤᠨ ᠳᠤ ᠲᠡᠪᠳᠦᠭᠡᠨ᠂ ᠲᠠᠰᠤᠷᠠᠯᠳᠠ ᠦᠭᠡᠢ ᠭᠦᠳᠡᠯᠭᠡᠵᠤ᠂ ᠤᠰᠤ ᠨᠢ ᠭᠦᠷᠦᠵᠤ 30℃ ᠪᠤᠯᠬᠤ ᠦᠶ᠎ᠠ ᠳᠤ 4 ᠴᠠᠭ ᠤᠷᠴᠢᠮ ᠲᠠᠪᠳᠦᠭᠡᠵᠤ᠂ ᠲᠠᠷᠠᠭ᠎ᠠ ᠪᠠᠷ ᠨᠢ ᠭᠤᠷᠪᠠᠨᠳᠠ ᠰᠠᠶᠢᠳᠤᠷ ᠤᠭᠢᠶᠠᠵᠤ᠂ ᠰᠠᠶᠢᠳᠤᠷ ᠠᠷᠴᠢᠨ ᠬᠠᠳᠠᠭᠠᠵᠤ᠂ ᠲᠠᠷᠠᠭ᠎ᠠ ᠨᠢ ᠨᠦᠢᠳᠡᠨ ᠭᠦᠪᠤᠩ ᠠᠯᠴᠢᠭᠤᠷ ᠲᠤ ᠪᠤᠭᠤᠵᠤ᠂ 28℃~30℃ ᠲᠤ ᠲᠠᠯᠪᠢᠵᠤ 24 ᠴᠠᠭ ᠰᠤᠶᠤᠭᠠᠯᠠᠭᠤᠯᠤᠨ᠎ᠠ᠃ ᠢᠡᠭᠭᠢᠭᠡᠳ ᠭᠡᠰᠡᠭ ᠦᠷ᠎ᠡ ᠨᠢ ᠴᠠᠭᠠᠨ ᠰᠤᠶᠤᠭ᠎ᠠ ᠴᠤᠬᠤᠶᠢᠬᠤ ᠦᠶᠡᠰ᠂ ᠦᠷ᠎ᠡ ᠪᠠᠨ 20℃~25℃ ᠤᠨ ᠬᠠᠯᠠᠭᠤᠨ ᠳᠤ 12~24 ᠴᠠᠭ ᠲᠠᠯᠪᠢᠪᠠᠯ ᠵᠢᠭᠳᠡ ᠰᠤᠶᠤᠭᠠᠯᠠᠬᠤ ᠪᠤᠯᠤᠨ᠎ᠠ᠃ ᠡᠨᠡ ᠦᠶᠡᠰ ᠦᠷ᠎ᠡ ᠪᠠᠨ 12℃~15℃ ᠤᠨ ᠬᠠᠯᠠᠭᠤᠨ ᠳᠤ ᠬᠠᠳᠠᠭᠠᠯᠠᠨ ᠲᠠᠯᠪᠢᠵᠤ ᠲᠠᠷᠢᠬᠤ ᠳᠤ ᠪᠡᠯᠡᠳᠭᠡᠨ᠎ᠡ᠃ ᠰᠢᠮᠡᠯᠢᠭ ᠰᠢᠷᠤᠢ ᠰᠠᠪᠠᠯᠬᠠᠰᠠᠨ ᠰᠦᠯᠢᠶᠤᠤ ᠫᠸᠡᠭᠰᠡ ᠪᠠᠨ ᠴᠢᠭᠢ ᠪᠤᠶᠢᠵᠢᠭᠤᠯᠬᠤ ᠲᠠᠳᠠᠭᠠᠯ ᠳᠠᠭᠠᠨ ᠨᠢᠠᠠᠳᠠ ᠵᠢᠭᠳᠡᠷᠡᠭᠦᠯᠦᠨ ᠲᠠᠯᠪᠢᠵᠤ᠂ ᠭᠦᠢᠴᠡᠳ ᠤᠰᠤᠯᠬᠠᠰᠠᠨ ᠤ ᠰᠡᠭᠦᠯᠡᠷ᠂ ᠰᠤᠶᠤᠭᠠᠯᠠᠭᠤᠯᠤᠠᠠᠰᠠᠨ ᠦᠷ᠎ᠡ ᠪᠠᠨ ᠫᠸᠡᠭᠰᠡ ᠪᠦᠷᠢ ᠳᠤ ᠨᠢᠭᠡ ᠰᠢᠷᠬᠡᠭ ᠰᠠᠭᠤᠯᠭᠠᠨ 1~1.5cm ᠰᠢᠷᠤᠢ ᠪᠠᠷ ᠬᠤᠴᠢᠵᠤ᠂ ᠲᠡᠭᠡᠭᠦᠷ ᠨᠢ ᠰᠦᠯᠢᠶᠤᠤ ᠪᠦᠷᠭᠦᠭᠦᠯ ᠢᠶᠠᠨ ᠬᠤᠴᠢᠵᠤ᠂ ᠴᠢᠭᠢᠭ ᠲᠤᠯᠠᠭᠠᠨ ᠢ ᠨᠡᠮᠡᠭᠳᠡᠭᠦᠯᠦᠨ᠂ ᠴᠢᠭᠢᠯᠡᠯᠳᠡ ᠶᠢ ᠨᠢ ᠠᠭᠢᠭᠤᠯᠤᠨ᠎ᠠ᠃ ︵5︶ ᠴᠢᠭᠢᠯᠡᠭᠦ ᠬᠤᠭᠤᠴᠠᠭᠠᠨ ᠳᠤᠨᠢ ᠶᠠᠭᠠᠭᠢᠵᠤ ᠠᠷᠠᠴᠢᠯᠠᠬᠤ ᠪᠤᠢ︖ ᠴᠢᠭᠢᠯᠡᠵᠤ ᠭᠠᠷᠤᠠᠠᠰᠠᠨ ᠤ ᠰᠡᠭᠦᠯᠡᠷ ᠡᠳᠤᠷ ᠤᠨ ᠲᠤᠯᠠᠭᠠᠨ ᠤ ᠭᠡᠮᠵᠢᠶ᠎ᠠ ᠶᠢ 25℃~30℃᠂ ᠰᠦᠨᠢ ᠶᠢᠨ ᠲᠤᠯᠠᠭᠠᠨ ᠤ ᠭᠡᠮᠵᠢᠶ᠎ᠠ ᠶᠢ 15℃~20℃ ᠪᠠᠶᠢᠯᠭᠠᠨ᠎ᠠ᠃ ᠨᠢᠯᠬ᠎ᠠ ᠴᠢᠭᠢ ᠨᠢ ᠴᠦᠮ ᠵᠢᠭᠳᠡ ᠴᠢᠭᠢᠯᠡᠭᠰᠡᠨ ᠤ ᠰᠡᠭᠦᠯᠡᠷ ᠲᠤᠯᠠᠭᠠᠨ ᠤ ᠭᠡᠮᠵᠢᠶ᠎ᠠ ᠶᠢ ᠪᠠᠭᠤᠷᠠᠭᠤᠯᠵᠤ᠂ ᠡᠳᠤᠷ ᠲᠡᠭᠡᠨ 18℃~22℃᠂ ᠰᠦᠨᠢ ᠳᠡᠭᠡᠨ 12℃~13℃ ᠪᠠᠶᠢᠯᠭᠠᠨ᠎ᠠ᠃ ᠠᠩᠬᠠᠳ᠋ᠬᠠᠴᠢ ᠨᠢᠭᠡᠨ ᠵᠢᠩᠭᠢᠨᠢ ᠨᠠᠪᠴᠢ ᠭᠠᠷᠬᠤ ᠦᠶᠡᠰ ᠡᠳᠤᠷ ᠤᠨ ᠲᠤᠯᠠᠭᠠᠨ ᠤ ᠭᠡᠮᠵᠢᠶ᠎ᠠ ᠶᠢ 20℃~25℃᠂ ᠰᠦᠨᠢ ᠶᠢᠨ ᠲᠤᠯᠠᠭᠠᠨ ᠤ ᠭᠡᠮᠵᠢᠶ᠎ᠠ ᠶᠢ 12℃~14℃ ᠪᠠᠶᠢᠯᠭᠠᠨ᠎ᠠ᠃ ᠤᠷᠭᠤᠭᠠᠳ ᠭᠤᠷᠪᠡᠨ ᠵᠢᠩᠭᠢᠨᠢ ᠨᠠᠪᠴᠢ ᠭᠠᠷᠤᠠᠠᠰᠠᠨ ᠤ ᠰᠡᠭᠦᠯᠡᠷ ᠤᠶᠢᠷ᠎ᠠ ᠤᠷᠴᠢᠮ ᠳᠤᠨᠢ ᠰᠠᠭᠤᠷᠢᠰᠢᠭᠤᠯᠤᠨ ᠲᠠᠷᠢᠵᠤ᠂ ᠡᠭᠢᠯᠡᠨ ᠪᠤᠯᠪᠠᠰᠤᠷᠠᠭᠤᠯᠵᠤ᠂ ᠡᠳᠤᠷ ᠤᠨ ᠲᠤᠯᠠᠭᠠᠨ ᠤ ᠭᠡᠮᠵᠢᠶ᠎ᠠ ᠶᠢ 18℃~20℃᠂ ᠰᠦᠨᠢ ᠶᠢᠨ ᠲᠤᠯᠠᠭᠠᠨ ᠤ ᠭᠡᠮᠵᠢᠶ᠎ᠠ ᠶᠢ 8℃~10℃ ᠪᠠᠶᠢᠯᠭᠠᠨ᠎ᠠ᠃ ᠰᠦᠯᠢᠶᠤᠤ ᠫᠸᠡᠭᠰᠡᠨ ᠳᠤ ᠴᠢᠭᠢ ᠪᠤᠶᠢᠵᠢᠭᠤᠯᠬᠤ ᠳᠤ ᠲᠤᠯᠠᠭᠠᠨ ᠢ ᠭᠢᠵᠠᠭᠠᠷᠯᠠᠨ᠂ ᠤᠰᠤ ᠶᠢ ᠦᠯᠤ ᠭᠢᠵᠠᠭᠠᠷᠯᠠᠬᠤ ᠵᠠᠷᠴᠢᠮ ᠢ ᠪᠠᠷᠢᠮᠳᠠᠯᠠᠵᠤ᠂ ᠤᠰᠤᠯᠠᠬᠤ ᠳᠠᠭᠠᠨ ᠤᠰᠤᠨ ᠤ ᠲᠤᠯᠠᠭᠠᠨ ᠢ ᠠᠩᠬᠠᠷᠬᠤ ᠭᠡᠷᠡᠭᠳᠡᠢ᠃ 16℃~18℃ ᠪᠠᠶᠢᠪᠠᠯ ᠲᠤᠭᠢᠷᠠᠮᠵᠢᠳᠡᠢ᠂ ᠤᠰᠤᠯᠠᠬᠤ ᠭᠡᠮᠵᠢᠶ᠎ᠠ ᠶᠢ ᠭᠡᠳᠦᠷᠭᠡᠢ ᠶᠡᠭᠡᠳᠡᠭᠦᠯᠵᠤ ᠪᠤᠯᠬᠤ ᠦᠭᠡᠢ᠂ ᠲᠤᠩᠭᠠᠯᠠᠭ ᠡᠳᠤᠷ ᠤᠨ ᠦᠳᠡ ᠶᠢᠨ ᠡᠮᠦᠨ᠎ᠠ ᠤᠰᠤᠯᠠᠪᠠᠯ ᠬᠠᠮᠤᠭ ᠤᠨ ᠰᠠᠶᠢᠨ ᠪᠠᠶᠢᠳᠠᠭ᠃ ︵6︶ ᠰᠠᠭᠤᠷᠢᠰᠢᠭᠤᠯᠤᠨ ᠲᠠᠷᠢᠬᠤ ᠠᠴᠠ ᠪᠠᠨ ᠡᠮᠦᠨ᠎ᠠ ᠶᠠᠮᠠᠷ ᠪᠡᠯᠡᠳᠭᠡᠯ ᠠᠵᠢᠯ ᠤᠳ ᠢ ᠭᠢᠭᠦ ᠪᠤᠢ︖ ᠨᠠᠮᠤᠷ ᠡᠪᠤᠯ ᠤᠨ ᠭᠤᠤᠷᠰᠤ ᠶᠢᠨ ᠨᠤᠭᠤᠭ᠎ᠠ ᠶᠢᠨ ᠲᠠᠷᠢᠮᠠᠯ ᠢ ᠬᠤᠷᠢᠶ᠋ᠬᠠᠰᠠᠨ ᠤ ᠰᠡᠭᠦᠯᠡᠷ᠂ ᠲᠠᠷᠢᠶᠠᠨ ᠭᠠᠵᠠᠷ ᠢᠶᠠᠨ ᠰᠠᠶᠢᠳᠤᠷ ᠴᠡᠪᠡᠷᠯᠡᠵᠤ᠂ ᠲᠦᠷᠦᠭᠦᠤ ᠲᠠᠷᠢᠠᠠᠰᠠᠨ ᠲᠠᠷᠢᠮᠠᠯ ᠤᠨ ᠡᠰᠢ ᠨᠠᠪᠴᠢ᠂ ᠦᠨᠳᠤᠰᠤᠨ ᠰᠢᠰᠲ᠋ᠧᠮ ᠵᠢᠴᠢ ᠰᠤᠯᠠ ᠡᠪᠡᠰᠤ ᠶᠢ ᠲᠦᠢᠯᠪᠤᠷᠢᠳᠡᠢ ᠴᠠᠪᠡᠷᠯᠡᠨ ᠠᠷᠢᠯᠭᠠᠵᠤ᠂ ᠰᠢᠳᠠᠭᠠᠬᠤ ᠪᠤᠶᠤ ᠭᠦᠨ ᠪᠤᠯᠠᠬᠤ ᠭᠡᠷᠡᠭᠳᠡᠢ᠃ ᠭᠠᠵᠠᠷ ᠢᠶᠠᠨ 25~30cm ᠭᠦᠨ ᠤᠷᠪᠠᠭᠤᠯᠵᠤ᠂ ᠮᠤ᠋ ᠪᠦᠷᠢ ᠴᠢᠨᠠᠷ ᠰᠠᠶᠢᠳᠠᠢ ᠤᠷᠭᠠᠨᠢᠭ ᠪᠤᠷᠳᠤᠭᠤᠷ 5000~7500kg᠂ ᠹᠤᠰᠹᠤᠷ ᠭᠦᠴᠢᠯ ᠤᠨ ᠬᠤᠶᠠᠷᠴᠢ ᠠᠮᠮᠤᠨᠢ 20~30kg ᠤᠷᠤᠭᠤᠯᠤᠨ᠎ᠠ᠃ ᠰᠠᠭᠤᠷᠢᠰᠢᠭᠤᠯᠤᠨ ᠲᠠᠷᠢᠬᠤ ᠠᠴᠠ ᠪᠠᠨ 20~30 ᠡᠳᠤᠷ ᠤᠨ ᠡᠮᠦᠨ᠎ᠠ ᠰᠦᠯᠢᠶᠤᠤ ᠪᠦᠷᠭᠦᠭᠦᠯ ᠢᠶᠠᠨ ᠪᠦᠳᠡᠭᠡᠵᠤ᠂ ᠭᠠᠵᠠᠷ ᠭᠡᠰᠦᠭᠰᠡᠨ ᠤ ᠰᠡᠭᠦᠯᠡᠷ ᠭᠠᠵᠠᠷ ᠢᠶᠠᠨ ᠨᠢᠭᠡ ᠠᠴᠠ ᠬᠤᠶᠠᠷ ᠤᠳᠠᠭ᠎ᠠ 20cm ᠭᠦᠨ ᠤᠷᠪᠠᠭᠤᠯᠵᠤ᠂ ᠭᠦᠷᠦᠰᠤ ᠰᠢᠷᠤᠢ ᠪᠠᠨ ᠲᠠᠷᠭᠤᠯᠠᠭᠤᠯᠤᠨ᠂ ᠭᠠᠵᠠᠷ ᠤᠨ ᠲᠤᠯᠠᠭᠠᠨ ᠢ ᠲᠡᠭᠡᠭᠰᠢᠯᠡᠭᠦᠯᠦᠨ᠂ ᠲᠠᠷᠠᠭ᠎ᠠ ᠪᠠᠷ ᠨᠢ ᠭᠠᠵᠠᠷ ᠢᠶᠠᠨ ᠲᠡᠭᠰᠢᠯᠡᠨ᠎ᠡ᠃ ︵7︶ ᠶᠠᠮᠠᠷ ᠦᠶ᠎ᠠ ᠳᠤ ᠰᠠᠭᠤᠷᠢᠰᠢᠭᠤᠯᠤᠨ ᠲᠠᠷᠢᠬᠤ ᠪᠤᠢ︖ ᠶᠠᠮᠠᠷ ᠠᠷᠭ᠎ᠠ ᠪᠠᠷ ᠠᠷᠠᠴᠢᠯᠠᠬᠤ ᠪᠤᠢ︖ ᠦᠪᠤᠷ ᠮᠤᠩᠭᠤᠯ ᠤᠷᠤᠨ ᠤ ᠴᠠᠭ ᠠᠭᠤᠷ ᠤᠨ ᠬᠤᠪᠢᠷᠠᠯᠳᠠ ᠶᠢᠨ ᠵᠢᠮ᠎ᠠ ᠶᠤᠰᠤ ᠶᠢ ᠦᠨᠳᠤᠰᠦᠯᠡᠵᠤ᠂ ᠭᠦᠯᠡᠮᠵᠢᠨ ᠤ ᠦᠷᠭᠡᠰᠤᠳᠤ ᠭᠡᠮᠭᠡ ᠶᠢ 2 ᠳ᠋ᠤᠭᠠᠷ ᠰᠠᠷ᠎ᠠ ᠶᠢᠨ ᠡᠭᠢ ᠪᠤᠶᠤ ᠲᠤᠮᠳᠡᠴᠢ ᠠᠴᠠ 3 ᠳ᠋ᠤᠭᠠᠷ ᠰᠠᠷ᠎ᠠ ᠶᠢᠨ ᠡᠭᠢᠨ ᠤ ᠬᠤᠭᠤᠴᠠᠭᠠᠨ ᠳᠤ ᠰᠠᠭᠤᠷᠢᠰᠢᠭᠤᠯᠤᠨ ᠲᠠᠷᠢᠨ᠎ᠠ᠃ ᠲᠠᠷᠢᠬᠤ ᠦᠶ᠎ᠠ ᠳᠤ ᠭᠠᠵᠠᠷ ᠤᠨ ᠲᠤᠯᠠᠭᠠᠨ ᠨᠢ 10℃~12℃ ᠠᠴᠠ ᠲᠡᠭᠡᠭᠰᠢ ᠳᠤ ᠲᠤᠠᠠᠳᠠᠪᠤᠷᠢᠵᠢᠵᠤ᠂ ᠬᠠᠮᠤᠭ ᠤᠨ ᠲᠤᠤᠷ᠎ᠡ ᠲᠤᠯᠠᠭᠠᠨ ᠤ ᠭᠡᠮᠵᠢᠶ᠎ᠠ ᠨᠢ 5℃ ᠠᠴᠠ ᠲᠡᠭᠡᠭᠰᠢ ᠳᠤ ᠲᠤᠠᠠᠳᠠᠪᠤᠷᠢᠵᠢᠵᠤ ᠪᠠᠶᠢᠪᠠᠯ᠂ ᠦᠷᠭᠡᠰᠤᠳᠤ ᠭᠡᠮᠭᠡ ᠶᠢᠨ ᠭᠡᠪ ᠤᠨ ᠤᠷᠭᠤᠯᠳᠠ ᠶᠢ ᠪᠠᠳᠤᠯᠠᠵᠤ᠂ ᠭᠦᠢᠳᠡᠨ ᠤ ᠭᠦᠨᠦᠭᠡᠯ ᠪᠠ ᠭᠦᠯᠳᠡᠭᠦ ᠠᠶᠤᠯ ᠠᠴᠠ ᠰᠡᠷᠭᠡᠶᠢᠯᠡᠵᠤ ᠴᠢᠳᠠᠨ᠎ᠠ᠃ ᠰᠠᠭᠤᠷᠢᠰᠢᠭᠤᠯᠤᠨ ᠲᠠᠷᠢᠬᠤ ᠠᠷᠭ᠎ᠠ ᠪᠠ ᠨᠢᠠᠠᠳᠠᠴᠠ᠄ ᠰᠠᠯᠭᠢ ᠨᠡᠪᠳᠡᠷᠡᠭᠦ ᠭᠡᠷᠡᠯ ᠲᠤᠰᠬᠤ ᠳᠤ ᠲᠦᠭᠦᠮ ᠦᠵᠡᠭᠦᠯᠵᠤ᠂ ᠭᠡᠮ ᠤᠨ ᠭᠦᠨᠦᠭᠡᠯ ᠢ ᠪᠠᠭᠠᠰᠬᠠᠬᠤ ᠪᠠ ᠲᠠᠷᠢᠶᠠᠨ ᠳᠤ ᠠᠵᠢᠯᠯᠠᠬᠤ ᠳᠤ ᠲᠦᠭᠦᠮ ᠪᠤᠯᠭᠠᠬᠤ ᠶᠢᠨ ᠲᠤᠰᠠᠳᠠ᠂ ᠲᠤᠮᠤ ᠨᠠᠷᠢᠨ ᠮᠦᠷ ᠢᠶᠠᠷ ᠲᠠᠷᠢᠬᠤ ᠠᠷᠭ᠎ᠠ ᠶᠢ ᠭᠡᠷᠡᠭᠯᠡᠨ᠎ᠡ᠃ ᠦᠨᠳᠤᠷ ᠲᠠᠳᠠᠭᠠᠯ ᠳᠤ ᠲᠠᠷᠢᠪᠠᠯ᠂ ᠲᠠᠯᠠᠩ ᠲᠡᠭᠡᠷ᠎ᠡ ᠪᠠᠨ ᠬᠤᠶᠠᠷ ᠮᠦᠷ ᠲᠠᠷᠢᠨ᠎ᠠ᠃ ᠮᠦᠷ ᠤᠨ ᠵᠠᠢ ᠶᠢ 40cm ᠪᠠᠶᠢᠯᠭᠠᠨ᠎ᠠ᠃ ᠲᠠᠷᠢᠠᠠᠰᠠᠨ ᠤ ᠪᠠᠨ ᠰᠡᠭᠦᠯᠡᠷ ᠰᠢᠷᠤᠢ ᠪᠠᠷ ᠬᠤᠴᠢᠵᠤ᠂ 2~3 ᠡᠳᠤᠷ ᠤᠨ ᠲᠠᠷᠠᠭ᠎ᠠ ᠤᠰᠤᠯᠠᠨ᠎ᠠ᠃ ᠲᠡᠭᠰᠢᠭᠡᠨ ᠲᠠᠳᠠᠭᠠᠯ ᠳᠤ ᠲᠠᠷᠢᠬᠤ ᠳᠤ ᠲᠠᠳᠠᠭᠠᠯ ᠤᠨ ᠲᠤᠳᠤᠷᠠᠭᠢ ᠮᠦᠷ ᠤᠨ ᠵᠠᠢ ᠶᠢ 40cm᠂ ᠲᠠᠳᠠᠭᠠᠯ ᠤᠨ ᠬᠤᠭᠤᠷᠤᠨᠳᠤᠭᠢ ᠵᠠᠢ ᠶᠢ 60cm ᠪᠠᠶᠢᠯᠭᠠᠨ᠎ᠠ᠃ ᠲᠠᠷᠢᠮᠬᠠᠴᠠ ᠪᠠᠨ ᠤᠰᠤᠯᠠᠵᠤ᠂ 2~3 ᠡᠳᠤᠷ ᠤᠨ ᠲᠠᠷᠠᠭ᠎ᠠ ᠴᠢᠭᠢᠯᠡᠯᠳᠡ ᠶᠢᠨ ᠤᠰᠤᠯᠠᠯᠳᠠ ᠭᠢᠨ᠎ᠠ᠃ ᠰᠠᠭᠤᠷᠢ ᠶᠢᠨ ᠵᠠᠢ ᠶᠢ 32~35cm ᠪᠠᠶᠢᠯᠭᠠᠵᠤ᠂ ᠮᠤ᠋ ᠪᠦᠷᠢ 3500~3600 ᠰᠠᠭᠤᠷᠢ ᠲᠠᠷᠢᠨ᠎ᠠ᠃ ᠴᠢᠭᠢᠭ ᠲᠤᠯᠠᠭᠠᠨ ᠢ ᠲᠡᠭᠡᠭᠰᠢᠯᠡᠭᠦᠯᠦᠨ ᠴᠢᠭᠢᠯᠡᠯᠳᠡ ᠶᠢ ᠠᠭᠢᠭᠤᠯᠤᠨ᠎ᠠ᠃ ᠲᠠᠷᠢᠠᠠᠰᠠᠨ ᠤ ᠲᠠᠷᠠᠭ᠎ᠠ ᠲᠠᠷᠢᠯᠳᠠ ᠶᠢᠨ ᠤᠰᠤᠯᠠᠯᠳᠠ ᠪᠠ ᠴᠢᠭᠢᠯᠡᠯᠳᠡ ᠶᠢᠨ ᠤᠰᠤᠯᠠᠯᠳᠠ ᠭᠢᠭᠰᠡᠨ ᠤ ᠰᠡᠭᠦᠯᠡᠷ᠂ ᠡᠳᠤᠷ ᠤᠨ ᠲᠤᠯᠠᠭᠠᠨ ᠤ ᠭᠡᠮᠵᠢᠶ᠎ᠠ ᠶᠢ 25℃~30℃᠂ ᠬᠠᠮᠤᠭ ᠤᠨ ᠦᠨᠳᠤᠷ ᠲᠡᠭᠡᠨ 35℃᠂ ᠰᠦᠨᠢ ᠶᠢᠨ ᠲᠤᠯᠠᠭᠠᠨ ᠤ ᠭᠡᠮᠵᠢᠶ᠎ᠠ ᠶᠢ 15℃ ᠪᠠᠶᠢᠯᠭᠠᠵᠤ᠂ 35℃ ᠠᠴᠠ ᠭᠡᠳᠦᠷᠡᠭᠦᠯᠭᠦ ᠦᠭᠡᠢ ᠪᠠᠶᠢᠯᠭᠠᠨ᠎ᠠ᠃ ᠰᠠᠯᠭᠢ ᠨᠡᠪᠳᠡᠷᠡᠭᠦᠯᠭᠦ ᠦᠭᠡᠢ 6~8 ᠬᠤᠨᠤᠵᠤ ᠨᠢᠯᠬ᠎ᠠ ᠴᠢᠭᠢ ᠨᠢ ᠰᠢᠨ᠎ᠠ ᠪᠠᠷ ᠦᠨᠳᠦᠰᠦᠯᠡᠭᠦ ᠦᠶ᠎ᠠ ᠳᠤ ᠰᠠᠯᠭᠢ ᠨᠡᠪᠳᠡᠷᠡᠭᠦᠯᠦᠨ ᠲᠤᠯᠠᠭᠠᠨ ᠢ ᠪᠠᠭᠤᠷᠠᠭᠤᠯᠵᠤ᠂ ᠡᠳᠤᠷ ᠤᠨ ᠲᠤᠯᠠᠭᠠᠨ ᠤ ᠭᠡᠮᠵᠢᠶ᠎ᠠ ᠶᠢ 22℃~25℃᠂ ᠰᠦᠨᠢ ᠶᠢᠨ ᠬᠢ ᠶᠢ 12℃~15℃ ᠪᠠᠶᠢᠯᠭᠠᠵᠤ᠂ ᠰᠢᠷ᠎ᠠ ᠨᠠᠪᠴᠢ ᠠᠴᠠ ᠪᠠᠨ ᠨᠤᠭᠤᠭᠠᠨ ᠨᠠᠪᠴᠢ ᠪᠤᠯᠬᠤ ᠶᠢ ᠨᠢ ᠠᠭᠢᠭᠤᠯᠤᠨ᠎ᠠ᠃ ᠲᠠᠩᠨᠠᠨ ᠠᠷᠴᠢᠵᠤ᠂ ᠴᠢᠭᠢ ᠲᠠᠷᠤᠰᠢᠭᠤᠯᠵᠤ ᠦᠨᠳᠤᠰᠤ ᠶᠢᠨ ᠤᠷᠭᠤᠯᠳᠠ ᠶᠢ ᠠᠭᠢᠭᠤᠯᠤᠨ᠎ᠠ᠃ ᠴᠢᠭᠢᠯᠡᠭᠰᠡᠨ ᠤ ᠰᠡᠭᠦᠯᠡᠷ ᠰᠠᠯᠭᠢ ᠨᠡᠪᠳᠡᠷᠡᠭᠦᠯᠦᠨ ᠲᠤᠯᠠᠭᠠᠨ ᠢ ᠪᠠᠭᠤᠷᠠᠭᠤᠯᠵᠤ᠂ ᠭᠠᠵᠠᠷ ᠲᠡᠭᠡᠷ᠎ᠡ ᠴᠠᠶᠢᠷᠠᠬᠤ ᠦᠶᠡᠰ᠂ ᠨᠢᠭᠡᠨ ᠤᠳᠠᠭ᠎ᠠ ᠲᠤᠮᠳᠠ ᠵᠡᠷᠭᠡ ᠤᠰᠤᠯᠠᠬᠤ ᠪᠠ ᠪᠤᠷᠳᠤᠭᠤᠷ ᠨᠦᠭᠦᠨ ᠤᠷᠤᠭᠤᠯᠤᠨ᠎ᠠ᠂ ᠮᠤ᠋ ᠪᠦᠷ 10kg ᠰᠢᠭᠡᠰᠦᠯᠢᠭ ᠡᠳ᠋ ᠪᠤᠶᠤ ᠭᠦᠮᠦᠨ ᠤ ᠪᠠᠭᠠᠰᠤ ᠰᠢᠭᠡᠰᠤ 500kg ᠤᠷᠤᠭᠤᠯᠤᠨ᠎ᠠ᠃ ᠲᠠᠷᠠᠭ᠎ᠠ ᠪᠠᠷ ᠨᠢ ᠬᠤᠶᠠᠷ ᠤᠳᠠᠭ᠎ᠠ ᠬᠦᠢᠬᠡᠨ ᠬᠠᠭᠠᠯᠪᠤᠷᠢᠯᠠᠵᠤ᠂ 5~7 ᠬᠤᠨᠤᠭ ᠴᠢᠭᠢ ᠲᠠᠷᠤᠰᠢᠭᠤᠯᠤᠨ᠂ ᠲᠠᠭᠢᠨᠳᠡ ᠨᠢᠭᠡ ᠤᠳᠠᠭ᠎ᠠ ᠤᠰᠤᠯᠠᠵᠤ᠂ 8~10cm ᠭᠦᠨ ᠠᠷᠴᠢᠵᠤ᠂ 7~8 ᠡᠳᠤᠷ ᠴᠢᠭᠢ ᠲᠠᠷᠤᠰᠢᠭᠤᠯᠤᠨ᠎ᠠ᠃ ᠰᠠᠭᠤᠷᠢ ᠶᠢ ᠲᠤᠭᠢᠷᠠᠭᠤᠯᠤᠨ᠎ᠠ᠃ ᠲᠠᠪᠤ ᠨᠠᠪᠴᠢᠯᠬᠠᠰᠠᠨ ᠠᠴᠠ ᠬᠤᠶᠢᠰᠢ ᠲᠠᠷᠦ᠋ᠢᠬᠠᠨ ᠵᠢᠶᠠᠰᠠ ᠪᠤᠰᠬᠠᠬᠤ ᠪᠠ ᠵᠠᠯ᠎ᠠ ᠲᠠᠳᠠᠨ᠎ᠠ᠃ ᠤᠳᠠᠭ᠎ᠠ ᠪᠦᠷᠢ ᠵᠠᠯ᠎ᠠ ᠪᠤᠭᠤᠬᠤ ᠪᠤᠶᠤ ᠵᠠᠯ᠎ᠠ ᠲᠠᠳᠠᠬᠤ ᠳᠠᠭᠠᠨ ᠤᠷᠭᠤᠮᠠᠯ ᠤᠨ ᠤᠷᠭᠤᠯᠳᠠ ᠶᠢᠨ ᠴᠡᠭ ᠢ ᠰᠠᠶᠢᠳᠤᠷ ᠲᠤᠭᠢᠷᠠᠭᠤᠯᠵᠤ᠂ ᠦᠨᠳᠤᠷ ᠤᠨ ᠭᠡᠮᠵᠢᠶ᠎ᠠ ᠶᠢ ᠨᠢ ᠠᠳᠠᠯᠢ ᠲᠦᠪᠰᠢᠨ ᠲᠠᠢ ᠪᠤᠯᠭᠠᠵᠤ᠂ ᠤᠷᠭᠤᠮᠠᠯ ᠨᠢ ᠬᠠᠷᠢᠯᠴᠠᠨ ᠭᠡᠷᠡᠯ ᠢ ᠬᠠᠯᠬᠠᠯᠠᠬᠤ ᠠᠴᠠ ᠰᠡᠷᠭᠡᠶᠢᠯᠡᠵᠤ᠂ ᠪᠦᠭᠡᠮ ᠢᠶᠠᠷ ᠢᠶᠠᠨ ᠵᠢᠭᠳᠡᠭᠡᠨ ᠤᠷᠭᠤᠬᠤ ᠶᠢ ᠨᠢ ᠪᠠᠳᠤᠯᠠᠨ᠎ᠠ᠃ ᠲᠤᠯᠠᠭᠠᠨ ᠤ ᠭᠡᠮᠵᠢᠶ᠎ᠠ ᠶᠢᠨ ᠬᠠᠮᠢᠶᠠᠷᠤᠯᠳᠠ᠄ ᠦᠷᠭᠡᠰᠤᠳᠤ ᠭᠡᠮᠭᠡ ᠨᠢ ᠦᠨᠳᠤᠷ ᠬᠤᠷᠢᠶᠠᠯᠳᠠ ᠶᠢᠨ ᠬᠤᠭᠤᠴᠠᠭᠠᠨ ᠳᠤ ᠤᠷᠤᠠᠠᠰᠠᠨ ᠤ ᠲᠠᠷᠠᠭ᠎ᠠ᠂ ᠲᠤᠯᠠᠭᠠᠨ ᠤ ᠭᠡᠮᠵᠢᠶ᠎ᠠ ᠶᠢ ᠰᠢᠨᠵᠢᠯᠡᠭᠦ ᠤᠬᠠᠭᠠᠠᠴᠢ ᠪᠠᠷ ᠬᠠᠮᠢᠶᠠᠷᠴᠤ᠂ ᠨᠠᠷᠨ ᠮᠠᠠᠳᠤᠠᠠᠰᠠᠨ ᠠᠴᠠ ᠠᠪᠤᠭᠠᠳ 14 ᠴᠠᠭ ᠪᠤᠯᠳᠠᠯᠠᠭᠢ ᠬᠤᠭᠤᠴᠠᠭ᠎ᠠ ᠪᠤᠯ ᠨᠠᠪᠴᠢ ᠨᠢ ᠭᠡᠷᠡᠯ ᠤᠨ ᠨᠡᠶᠢᠯᠡᠯᠭᠡ ᠶᠢᠨ ᠦᠢᠯᠡᠳᠦᠯ ᠢᠶᠠᠷ ᠰᠢᠮ᠎ᠠ ᠲᠡᠵᠢᠭᠡᠯ ᠭᠦᠷᠳᠡᠭᠦ ᠬᠠᠮᠤᠭ ᠰᠠᠶᠢᠨ ᠴᠠᠭ ᠬᠤᠭᠤᠴᠠᠭ᠎ᠠ ᠪᠤᠯᠬᠤᠷ ᠲᠤᠯᠠᠭᠠᠨ ᠤ ᠭᠡᠮᠵᠢᠶ᠎ᠠ ᠶᠢ 25℃~32℃ ᠪᠠᠶᠢᠯᠭᠠᠵᠤ᠂ 35℃ ᠠᠴᠠ ᠭᠡᠳᠦᠷᠡᠭᠦᠯᠭᠦ ᠦᠭᠡᠢ᠃ 14 ᠴᠠᠭ ᠠᠴᠠ 18 ᠴᠠᠭ ᠪᠤᠯᠳᠠᠯ᠎ᠠ ᠲᠤᠯᠠᠭᠠᠨ ᠤ ᠭᠡᠮᠵᠢᠶ᠎ᠠ ᠶᠢ 20℃~25℃ ᠪᠠᠶᠢᠯᠭᠠᠨ᠎ᠠ᠃ 18 ᠴᠠᠭ ᠠᠴᠠ ᠰᠦᠨᠢ ᠶᠢᠨ 24 ᠴᠠᠭ ᠪᠤᠯᠳᠠᠯ᠎ᠠ ᠲᠤᠯᠠᠭᠠᠨ ᠤ ᠭᠡᠮᠵᠢᠶ᠎ᠠ ᠶᠢ 16℃~20℃ ᠪᠠᠶᠢᠯᠭᠠᠵᠤ᠂ 24 ᠴᠠᠭ ᠠᠴᠠ ᠦᠷᠯᠦᠭᠡ ᠶᠢᠨ 6 ᠴᠠᠭ ᠪᠤᠯᠳᠠᠯ᠎ᠠ ᠲᠤᠯᠠᠭᠠᠨ ᠤ ᠭᠡᠮᠵᠢᠶ᠎ᠠ ᠶᠢ 12℃~14℃ ᠪᠠᠶᠢᠯᠭᠠᠨ᠎ᠠ᠃ ᠤᠰᠤ ᠪᠤᠷᠳᠤᠭᠤᠷ ᠤᠨ ᠬᠠᠮᠢᠶᠠᠷᠤᠯᠳᠠ᠄ ᠨᠢᠯᠬ᠎ᠠ ᠴᠢᠭᠢᠨ ᠤ ᠦᠶ᠎ᠠ ᠠᠴᠠ ᠵᠡᠯᠡᠯᠡᠭᠦ ᠬᠤᠭᠤᠴᠠᠭᠠᠨ ᠳᠤ ᠤᠰᠤ ᠪᠤᠷᠳᠤᠭᠤᠷ ᠤᠨ ᠲᠠᠯ᠎ᠠ ᠪᠠᠷ ᠭᠢᠵᠠᠭᠠᠷᠯᠠᠬᠤ ᠪᠠᠷ ᠭᠤᠤᠯ ᠪᠤᠯᠭᠠᠨ᠎ᠠ᠃ ᠰᠠᠭᠤᠷᠢᠰᠢᠭᠤᠯᠤᠨ ᠲᠠᠷᠢᠵᠤ ᠠᠮᠢᠳᠤᠷᠬᠠᠰᠠᠨ ᠤ ᠰᠡᠭᠦᠯᠡᠷ ᠴᠢᠭᠢ ᠲᠠᠷᠤᠰᠢᠭᠤᠯᠬᠤ᠂ ᠴᠢᠭᠢᠭ ᠢ ᠬᠠᠮᠠᠭᠠᠯᠠᠬᠤ ᠪᠠᠷ ᠭᠤᠤᠯ ᠪᠤᠯᠭᠠᠵᠤ᠂ ᠠᠷᠠᠴᠢᠯᠠᠯᠳᠠ ᠶᠢ ᠴᠢᠩᠭᠠᠳᠬᠠᠨ ᠭᠠᠵᠠᠷ ᠤᠨ ᠲᠤᠯᠠᠭᠠᠨ ᠢ ᠲᠡᠭᠡᠭᠰᠢᠯᠡᠭᠦᠯᠵᠤ᠂ ᠦᠨᠳᠦᠰᠦᠯᠡᠯᠳᠡ ᠶᠢ ᠨᠢ ᠠᠭᠢᠭᠤᠯᠵᠤ᠂ ᠭᠠᠵᠠᠷ ᠲᠡᠭᠡᠷᠡᠭᠢ ᠪᠡ ᠭᠠᠵᠠᠷ ᠲᠤᠤᠷᠠᠭᠢ ᠶᠢᠨ ᠤᠷᠭᠤᠯᠳᠠ ᠶᠢ ᠰᠠᠶᠢᠳᠤᠷ ᠲᠤᠭᠢᠷᠠᠭᠤᠯᠤᠨ ᠲᠡᠩᠴᠡᠭᠦᠯᠦᠨᠠ᠃ ᠵᠡᠯᠡᠯᠡᠭᠦ ᠬᠤᠭᠤᠴᠠᠭᠠᠨ ᠳᠤᠨᠢ ᠤᠰᠤ ᠪᠤᠷᠳᠤᠭᠤᠷ ᠢ ᠭᠢᠵᠠᠭᠠᠷᠯᠠᠵᠤ᠂ ᠦᠨᠳᠤᠷ ᠬᠤᠷᠢᠶᠠᠯᠳᠠ ᠶᠢᠨ ᠬᠤᠭᠤᠴᠠᠭᠠᠨ ᠳᠤ ᠤᠷᠤᠠᠠᠰᠠᠨ ᠦᠶ᠎ᠠ ᠳᠤ ᠤᠰᠤ ᠪᠤᠷᠳᠤᠭᠤᠷ ᠤᠨ ᠬᠠᠮᠢᠶᠠᠷᠤᠯᠳᠠ ᠶᠢ ᠴᠢᠩᠭᠠᠳᠬᠠᠵᠤ᠂ ᠶᠠᠷᠦᠩᠭᠡᠢ ᠳᠡᠭᠡᠨ 7~8 ᠡᠳᠤᠷ ᠪᠦᠷᠢ ᠨᠢᠭᠡ ᠤᠳᠠᠭ᠎ᠠ ᠤᠰᠤᠯᠠᠵᠤ᠂ ᠤᠳᠠᠭ᠎ᠠ ᠪᠦᠷᠢ ᠶᠢᠨ ᠤᠰᠤᠯᠠᠯᠳᠠ ᠲᠠᠢ ᠤᠶᠠᠯᠳᠤᠭᠤᠯᠤᠨ ᠪᠤᠷᠳᠤᠭᠤᠷ ᠨᠦᠭᠦᠵᠤ᠂ ᠮᠤ᠋ ᠪᠦᠷᠢ 10kg ᠰᠢᠭᠡᠰᠦᠯᠢᠭ ᠡᠳ᠋ ᠨᠦᠭᠦᠨ ᠤᠷᠤᠭᠤᠯᠤᠨ᠎ᠠ᠃ ︵8︶ ᠲᠡᠭᠦᠵᠤ ᠬᠤᠷᠢᠶᠠᠬᠤ ᠳᠤ ᠶᠠᠭᠤ ᠶᠢ ᠠᠩᠬᠠᠷᠬᠤ ᠪᠤᠢ︖ ᠬᠠᠪᠤᠷ ᠡᠷᠳᠡ ᠭᠦᠯᠡᠮᠵᠢᠨ ᠤ ᠦᠷᠭᠡᠰᠤᠳᠤ ᠭᠡᠮᠭᠡ ᠶᠢᠨ ᠤᠷᠭᠤᠯᠳᠠ ᠶᠢᠨ ᠪᠠᠶᠢᠳᠠᠯ ᠨᠢ ᠠᠨᠠᠢ᠂ ᠵᠡᠷᠡᠮᠳᠡᠭ ᠭᠡᠮᠭᠡ ᠴᠤ ᠨᠡᠯᠢᠶᠡᠳ ᠤᠯᠠᠨ ᠪᠠᠶᠢᠳᠠᠭ ᠪᠤᠯᠬᠤᠷ ᠡᠷᠳᠡᠭᠡᠨ ᠲᠡᠭᠦᠵᠤ ᠬᠤᠷᠢᠶᠠᠵᠤ᠂ ᠵᠠᠯ᠎ᠠ ᠨᠢ ᠤᠨᠠᠵᠤ ᠲᠡᠭᠡᠳᠤ ᠭᠡᠰᠡᠭ ᠤᠨ ᠵᠢᠮᠢᠰ ᠤᠨ ᠤᠷᠭᠤᠯᠳᠠ ᠶᠢ ᠨᠦᠯᠦᠭᠡᠯᠡᠭᠦ ᠠᠴᠠ ᠰᠡᠷᠭᠡᠶᠢᠯᠡᠭᠦ ᠭᠡᠷᠡᠭᠳᠡᠢ᠃ ᠬᠤᠷᠢᠶᠠᠯᠳᠠ ᠶᠢᠨ ᠭᠦᠭ ᠬᠤᠭᠤᠴᠠᠭᠠᠨ ᠳᠤ ᠤᠷᠤᠪᠠᠯ ᠵᠢᠮᠢᠰ ᠤᠨ ᠤᠷᠭᠤᠯᠳᠠ ᠨᠢ ᠲᠦᠷᠭᠡᠳᠭᠦ ᠲᠤᠯᠠ 3~5 ᠡᠳᠤᠷ ᠲᠤ ᠨᠢᠭᠡ ᠤᠳᠠᠭ᠎ᠠ ᠲᠡᠭᠦᠵᠤ ᠬᠤᠷᠢᠶᠠᠬᠤ ᠭᠡᠷᠡᠭᠳᠡᠢ᠃ ᠬᠤᠷᠢᠶᠠᠯᠳᠠ ᠶᠢᠨ ᠭᠦᠭ ᠦᠶ᠎ᠠ ᠳᠤ ᠨᠢᠭᠡ ᠬᠤᠶᠠᠷ ᠡᠳᠤᠷ ᠠᠯᠤᠰᠯᠠᠬᠤ ᠪᠦᠷᠢ ᠨᠢᠭᠡ ᠤᠳᠠᠭ᠎ᠠ ᠲᠡᠭᠦᠵᠤ ᠬᠤᠷᠢᠶᠠᠬᠤ ᠭᠡᠷᠡᠭᠳᠡᠢ᠃ ᠲᠡᠭᠦᠵᠤ ᠬᠤᠷᠢᠶᠠᠬᠤ ᠳᠠᠭᠠᠨ ᠨᠠᠷᠢᠨ ᠨᠢᠮᠪᠠᠢ ᠲᠡᠭᠦᠵᠤ ᠴᠡᠪᠡᠷᠭᠡᠨ ᠬᠤᠷᠢᠶᠠᠬᠤ ᠭᠡᠷᠡᠭᠳᠡᠢ᠃ ᠲᠡᠭᠦᠭᠦ ᠳᠡᠭᠡᠨ ᠦᠷᠯᠦᠭᠡ ᠡᠷᠳᠡ ᠲᠡᠭᠦᠭᠦ ᠭᠡᠷᠡᠭᠳᠡᠢ᠂ ᠡᠨᠡ ᠦᠶ᠎ᠠ ᠳᠤ ᠤᠷᠭᠤᠮᠠᠯ ᠤᠨ ᠤᠰᠤ ᠨᠢ ᠭᠦᠷᠦᠯᠴᠡᠭᠡ ᠲᠠᠢ᠂ ᠵᠢᠮᠢᠰ ᠨᠢ ᠰᠤᠷᠭᠤᠭ ᠵᠦᠭᠡᠯᠡᠨ᠂ ᠴᠢᠨᠠᠷ ᠰᠠᠶᠢᠳᠠᠢ ᠪᠠᠶᠢᠳᠠᠭ᠃ ᠲᠡᠭᠦᠭᠦ ᠳᠡᠭᠡᠨ ᠪᠠᠰᠠ ᠰᠠᠶᠢᠨ ᠪᠠ ᠮᠠᠭᠤ ᠶᠢ ᠨᠢ ᠢᠯᠭᠠᠨ ᠰᠠᠯᠭᠠᠵᠤ᠂ ᠬᠤᠳᠠᠯᠳᠤᠬᠤ ᠳᠤ ᠲᠦᠭᠦᠮ ᠪᠤᠯᠭᠠᠬᠤ ᠭᠡᠷᠡᠭᠳᠡᠢ᠃ 4. ᠲᠦᠪᠡᠳ ᠬᠠᠰᠢ ᠲᠠᠷᠢᠬᠤ ︵1︶ ᠲᠦᠪᠡᠳ ᠬᠠᠰᠢ ᠨᠢ ᠭᠠᠳᠠᠭᠠᠳᠤ ᠤᠷᠴᠢᠨ ᠨᠦᠭᠦᠴᠡᠯ ᠳᠤ ᠶᠠᠮᠠᠷ ᠱᠠᠭᠠᠷᠳᠠᠯᠭ᠎ᠠ ᠲᠠᠢ ᠪᠠᠶᠢᠳᠠᠭ ᠪᠤᠢ︖ ᠲᠦᠪᠡᠳ ᠬᠠᠰᠢ ᠢ ᠭᠠᠳᠠᠭᠠᠳᠤ ᠤᠷᠴᠢᠨ ᠨᠦᠭᠦᠴᠡᠯ ᠳᠤ ᠲᠤᠤᠷᠠᠭᠢ ᠮᠡᠳᠤ ᠱᠠᠭᠠᠷᠳᠠᠯᠭ᠎ᠠ ᠲᠠᠢ ᠪᠠᠶᠢᠳᠠᠭ᠃ ① ᠲᠤᠯᠠᠭᠠᠨ ᠤ ᠭᠡᠮᠵᠢᠶ᠎ᠠ᠄ ᠦᠷ᠎ᠡ ᠶᠢᠨ ᠰᠤᠶᠤᠭᠠᠯᠠᠯᠳᠠ ᠶᠢᠨ ᠬᠠᠮᠤᠭ ᠤᠨ ᠲᠤᠤᠷ᠎ᠠ ᠲᠤᠯᠠᠭᠠᠨ ᠤ ᠭᠡᠮᠵᠢᠶ᠎ᠠ ᠪᠤᠯ 12℃᠂ ᠬᠠᠮᠤᠭ ᠤᠨ ᠲᠤᠭᠢᠷᠠᠮᠵᠢᠳᠡᠢ ᠲᠤᠯᠠᠭᠠᠨ ᠤ ᠭᠡᠮᠵᠢᠶ᠎ᠠ ᠪᠤᠯ 28℃~30℃ ᠪᠤᠯᠤᠨ᠎ᠠ᠃ ᠴᠢᠭᠢ ᠪᠤᠶᠢᠵᠢᠭᠤᠯᠬᠤ ᠬᠤᠭᠤᠴᠠᠭᠠᠨ ᠤ ᠬᠠᠮᠤᠭ ᠤᠨ ᠲᠤᠭᠢᠷᠠᠮᠵᠢᠳᠡᠢ ᠲᠤᠯᠠᠭᠠᠨ ᠤ ᠭᠡᠮᠵᠢᠶ᠎ᠠ ᠪᠤᠯ ᠡᠳᠤᠷ ᠲᠡᠭᠡᠨ 20℃~25℃᠂ ᠰᠦᠨᠢ ᠳᠡᠭᠡᠨ 10℃~15℃ ᠪᠤᠯᠤᠨ᠎ᠠ᠃ ᠲᠤᠤᠷ᠎ᠠ ᠲᠤᠯᠠᠭᠠᠨ ᠳᠤ ᠪᠤᠯᠪᠠᠰᠤᠷᠠᠭᠤᠯᠬᠤ ᠲᠤᠯᠠᠭᠠᠨ ᠤ ᠭᠡᠮᠵᠢᠶ᠎ᠠ ᠪᠤᠯ 6℃~7℃ ᠪᠤᠯᠤᠨ᠎ᠠ᠃ ᠴᠢᠭᠢ ᠪᠤᠶᠢᠵᠢᠭᠤᠯᠬᠤ ᠬᠤᠭᠤᠴᠠᠭᠠᠨ ᠳᠤ 30℃ ᠠᠴᠠ ᠭᠡᠳᠦᠷᠡᠪᠡᠯ ᠠᠮᠠᠷᠬᠠᠨ ᠭᠡᠮ ᠲᠤᠰᠳᠠᠭ᠃ ᠴᠡᠴᠡᠭ ᠲᠡᠯᠭᠡᠷᠡᠵᠤ ᠵᠢᠮᠢᠰᠯᠡᠭᠦ ᠬᠤᠭᠤᠴᠠᠭᠠᠨ ᠤ ᠲᠤᠯᠠᠭᠠᠨ ᠤ ᠭᠡᠮᠵᠢᠶ᠎ᠠ ᠨᠢ ᠪᠤᠯ ᠡᠳᠤᠷ ᠲᠡᠭᠡᠨ 20℃~30℃᠂ ᠰᠦᠨᠢ ᠳᠡᠭᠡᠨ 15℃~20℃ ᠪᠤᠯᠤᠨ᠎ᠠ᠃ 15℃ ᠠᠴᠠ ᠲᠤᠷᠤᠠᠠᠰᠢ ᠪᠤᠶᠤ 30℃ ᠠᠴᠠ ᠭᠡᠳᠦᠷᠡᠪᠡᠯ ᠵᠡᠷᠡᠮᠳᠡᠭ ᠵᠢᠮᠢᠰ ᠰᠠᠭᠤᠵᠤ᠂ ᠲᠤᠭᠤᠰᠤᠳᠤᠬᠤ ᠨᠢ ᠮᠠᠭᠤ ᠪᠠᠶᠢᠳᠠᠭ᠃ ᠵᠢᠮᠢᠰ ᠨᠢ ᠲᠤᠮᠤᠷᠠᠬᠤ ᠬᠤᠭᠤᠴᠠᠭᠠᠨ ᠤ ᠲᠤᠯᠠᠭᠠᠨ ᠤ ᠭᠡᠮᠵᠢᠶ᠎ᠠ ᠨᠢ ᠪᠤᠯ ᠡᠳᠤᠷ ᠲᠡᠭᠡᠨ 25℃~28℃᠂ ᠰᠦᠨᠢ ᠳᠡᠭᠡᠨ 16℃~20℃ ᠪᠤᠯᠤᠨ᠎ᠠ᠃ ᠵᠢᠮᠢᠰ ᠨᠢ ᠤᠯᠠᠶᠢᠬᠤ ᠦᠶ᠎ᠠ ᠶᠢᠨ ᠲᠤᠯᠠᠭᠠᠨ ᠤ ᠭᠡᠮᠵᠢᠶ᠎ᠠ ᠨᠢ ᠪᠤᠯ 20℃~24℃ ᠪᠤᠯᠤᠨ᠎ᠠ᠃ 28℃~30℃ ᠪᠤᠯᠪᠠᠯ ᠵᠢᠮᠢᠰ ᠤᠨ ᠤᠯᠠᠶᠢᠬᠤ ᠶᠢ ᠨᠦᠯᠦᠭᠡᠯᠡᠨ᠎ᠡ᠃ ᠲᠦᠪᠡᠳ ᠬᠠᠰᠢ ᠶᠢᠨ ᠭᠠᠵᠠᠷ ᠤᠨ ᠲᠤᠯᠠᠭᠠᠨ ᠤ ᠲᠤᠭᠢᠷᠠᠬᠤ ᠭᠡᠪᠴᠢᠶ᠎ᠠ ᠨᠢ ᠪᠤᠯ 16℃~28℃᠂ ᠬᠠᠮᠤᠭ ᠤᠨ ᠲᠤᠭᠢᠷᠠᠮᠵᠢᠳᠡᠢ ᠨᠢ 20℃~23℃ ᠪᠤᠯᠤᠨ᠎ᠠ᠃ ᠭᠠᠵᠠᠷ ᠤᠨ ᠲᠤᠯᠠᠭᠠᠨ ᠤ ᠬᠠᠮᠤᠭ ᠤᠨ ᠲᠤᠤᠷ᠎ᠠ ᠵᠠᠭᠠᠭ ᠨᠢ 8℃~9℃᠂ ᠬᠠᠮᠤᠭ ᠤᠨ ᠦᠨᠳᠤᠷ ᠵᠠᠭᠠᠭ ᠨᠢ 29℃ ᠪᠤᠯᠤᠨ᠎ᠠ᠃ ② ᠭᠡᠷᠡᠯ ᠤᠨ ᠲᠤᠰᠤᠯᠳᠠ᠄ ᠲᠦᠪᠡᠳ ᠬᠠᠰᠢ ᠪᠤᠯ ᠬᠤᠷᠴᠡ ᠭᠡᠷᠡᠯ ᠳᠤ ᠰᠠᠳᠤᠯᠳᠡ ᠲᠠᠢ ᠪᠠᠶᠢᠳᠠᠭ᠃ ᠭᠡᠷᠡᠯ ᠤᠨ ᠬᠠᠨᠤᠯᠳᠠ ᠶᠢᠨ ᠴᠡᠭ ᠨᠢ 70000LX᠂ ᠭᠡᠷᠡᠯ ᠤᠨ ᠨᠦᠭᠦᠯᠳᠡ ᠶᠢᠨ ᠴᠡᠭ ᠨᠢ 1000LX ᠪᠤᠯᠤᠨ᠎ᠠ᠃ ᠲᠦᠪᠡᠳ ᠬᠠᠰᠢ ᠨᠢ ᠴᠡᠴᠡᠭ ᠲᠡᠯᠭᠡᠷᠡᠨ ᠦᠷᠡᠯᠡᠭᠦ ᠬᠤᠭᠤᠴᠠᠭᠠᠨ ᠳᠤ ᠡᠳᠤᠷ ᠪᠦᠷᠢ 7 ᠴᠠᠭ ᠠᠴᠠ ᠲᠡᠭᠡᠭᠰᠢᠭᠢ ᠭᠡᠷᠡᠯ ᠤᠨ ᠲᠤᠰᠤᠯᠳᠠ ᠶᠢ ᠭᠡᠷᠡᠭᠰᠡᠵᠤ᠂ ᠬᠤᠷᠴᠡ ᠭᠡᠷᠡᠯ ᠨᠢ 40000LX ᠠᠴᠠ ᠲᠡᠭᠡᠭᠰᠢ ᠪᠤᠯᠪᠠᠯ ᠰᠠᠶ᠋ᠢ ᠭᠡᠪ ᠤᠨ ᠬᠤᠷᠢᠶᠠᠯᠳᠠ ᠲᠠᠢ ᠪᠤᠯᠵᠤ ᠴᠢᠳᠠᠨ᠎ᠠ᠃ ③ ᠤᠰᠤ᠄ ᠲᠦᠪᠡᠳ ᠬᠠᠰᠢ ᠨᠢ ᠠᠳᠠᠯᠢ ᠪᠤᠰᠤ ᠤᠷᠭᠤᠯᠳᠠ ᠶᠢᠨ ᠦᠶ᠎ᠠ ᠳᠡᠭᠡᠨ ᠤᠰᠤᠨ ᠤ ᠱᠠᠭᠠᠷᠳᠠᠯᠭ᠎ᠠ ᠨᠢ ᠴᠤ ᠠᠳᠠᠯᠢ ᠦᠭᠡᠢ ᠪᠠᠶᠢᠳᠠᠭ᠃ ᠴᠢᠭᠢᠯᠡᠯᠳᠡ ᠶᠢᠨ ᠬᠤᠭᠤᠴᠠᠭᠠᠨ ᠳᠤ ᠤᠰᠤ ᠨᠡᠯᠢᠶᠡᠳ ᠶᠡᠭᠡ ᠭᠡᠷᠡᠭᠰᠡᠵᠤ᠂ ᠲᠠᠷᠢᠠᠠᠰᠠᠨ ᠤ ᠰᠡᠭᠦᠯᠡᠷ ᠭᠦᠷᠤᠰᠤ ᠰᠢᠷᠤᠢ ᠶᠢᠨ ᠬᠠᠷᠢᠴᠠᠩᠭᠤᠢ ᠴᠢᠭᠢᠭ ᠤᠨ ᠭᠡᠮᠵᠢᠶ᠎ᠠ ᠨᠢ 80% ᠪᠠᠶᠢᠬᠤ ᠶᠢ ᠱᠠᠭᠠᠷᠳᠠᠳᠠᠭ᠃ ᠨᠢᠯᠬ᠎ᠠ ᠴᠢᠭᠢᠨ ᠤ ᠬᠤᠭᠤᠴᠠᠭᠠᠨ ᠳᠤ ᠭᠦᠷᠤᠰᠤ ᠰᠢᠷᠤᠢ ᠶᠢᠨ ᠴᠢᠭᠢᠭ ᠤᠨ ᠭᠡᠮᠵᠢᠶ᠎ᠠ ᠨᠢ 65%~70% ᠪᠠᠶᠢᠬᠤ ᠶᠢ ᠱᠠᠭᠠᠷᠳᠠᠵᠤ᠂ ᠵᠢᠮᠢᠰᠯᠡᠭᠦ ᠬᠤᠭᠤᠴᠠᠭᠠᠨ ᠳᠤ ᠨᠡᠯᠢᠶᠡᠳ ᠶᠡᠭᠡ ᠤᠰᠤ ᠭᠡᠷᠡᠭᠰᠡᠵᠤ᠂ ᠶᠠᠷᠦᠩᠭᠡᠢ ᠳᠡᠭᠡᠨ ᠴᠢᠭᠢᠭ ᠤᠨ ᠭᠡᠮᠵᠢᠶ᠎ᠠ ᠨᠢ 75% ᠠᠴᠠ ᠲᠡᠭᠡᠭᠰᠢ ᠪᠠᠶᠢᠬᠤ ᠶᠢ ᠱᠠᠭᠠᠷᠳᠠᠳᠠᠭ᠃ ᠵᠢᠮᠢᠰ ᠨᠢ ᠲᠦᠷᠭᠡᠨ ᠲᠤᠮᠤᠷᠠᠬᠤ ᠦᠶ᠎ᠠ ᠳᠤ ᠭᠦᠷᠦᠰᠤᠨ ᠤ ᠴᠢᠭᠢᠭ ᠤᠨ ᠭᠡᠮᠵᠢᠶ᠎ᠠ ᠨᠢ 85%~90% ᠪᠠᠶᠢᠪᠠᠯ ᠮᠠᠰᠢ ᠲᠤᠭᠢᠷᠠᠮᠵᠢᠳᠡᠢ ᠪᠠᠶᠢᠳᠠᠭ᠃ ④ ᠭᠦᠷᠤᠰᠤ ᠰᠢᠷᠤᠢ ᠪᠠ ᠰᠢᠮ᠎ᠠ ᠲᠡᠵᠢᠭᠡᠯ᠄ ᠲᠦᠪᠡᠳ ᠬᠠᠰᠢ ᠶᠢᠨ ᠦᠨᠳᠤᠰᠤᠨ ᠰᠢᠰᠲ᠋ᠧᠮ ᠨᠢ ᠭᠦᠭᠵᠢᠩᠭᠦᠢ᠂ ᠭᠤᠤᠯ ᠦᠨᠳᠤᠰᠤᠨ ᠰᠦᠷᠦᠭ ᠨᠢ 30cm ᠬᠦᠨ ᠭᠦᠷᠦᠰᠤᠨ ᠳᠤ ᠲᠠᠷᠬᠠᠵᠤ᠂ ᠬᠠᠮᠤᠭ ᠤᠨ ᠭᠦᠨ ᠨᠢ 1.5m ᠲᠤ ᠭᠦᠷᠳᠡᠭ᠃ ᠦᠨᠳᠤᠰᠤᠨ ᠰᠢᠰᠲ᠋ᠧᠮ ᠤᠨ ᠭᠦᠨᠳᠡᠯᠡᠨ ᠲᠠᠷᠬᠠᠴᠠ ᠶᠢᠨ ᠳ᠋ᠢᠶᠠᠮᠧᠲᠷ ᠨᠢ 1.3~1.5m ᠪᠠᠶᠢᠳᠠᠭ᠃ ᠲᠦᠪᠡᠳ ᠬᠠᠰᠢ ᠶᠢᠨ ᠤᠷᠭᠤᠯᠳᠠ ᠳᠤ pH ᠤᠨ ᠭᠡᠮᠵᠢᠶ᠎ᠠ ᠨᠢ 6~7 ᠪᠦᠭᠦᠢ ᠡᠯᠡᠰᠦᠷᠭᠡᠭ ᠭᠦᠷᠦᠰᠤ ᠬᠠᠮᠤᠭ ᠤᠨ ᠲᠤᠭᠢᠷᠠᠮᠵᠢᠳᠡᠢ ᠪᠠᠶᠢᠳᠠᠭ᠃ ᠲᠦᠪᠡᠳ ᠬᠠᠰᠢ ᠨᠢ ᠹᠤᠰᠹᠤᠷ᠂ ᠺᠠᠯᠢ᠂ ᠠᠽᠤᠲ᠂ ᠺᠠᠯᠼ ᠤᠨ ᠰᠢᠮ᠎ᠠ ᠲᠡᠵᠢᠭᠡᠯ ᠤᠨ ᠡᠯᠧᠮᠧᠨ᠋ᠲ ᠲᠤ ᠮᠠᠰᠢ ᠰᠡᠷᠭᠡᠭ ᠪᠠᠶᠢᠵᠤ᠂ ᠨᠢᠯᠬ᠎ᠠ ᠴᠢᠭᠢᠨ ᠤ ᠬᠤᠭᠤᠴᠠᠭᠠᠨ ᠳᠤ ᠠᠽᠤᠲ ᠪᠤᠷᠳᠤᠭᠤᠷ ᠨᠡᠯᠢᠶᠡᠳ ᠪᠠᠭ᠎ᠠ ᠭᠡᠷᠡᠭᠰᠡᠵᠤ᠂ ᠴᠡᠴᠡᠭ ᠲᠡᠯᠭᠡᠷᠡᠵᠤ ᠵᠢᠮᠢᠰᠯᠡᠭᠦ ᠬᠤᠭᠤᠴᠠᠭᠠᠨ ᠳᠤ ᠶᠡᠭᠡᠳᠡ ᠭᠡᠷᠡᠭᠰᠡᠵᠤ᠂ ᠵᠢᠮᠢᠰ ᠨᠢ ᠲᠤᠮᠤᠷᠠᠬᠤ ᠦᠶ᠎ᠠ ᠳᠤ ᠠᠽᠤᠲ ᠪᠤᠷᠳᠤᠭᠤᠷ ᠮᠠᠰᠢ ᠶᠡᠭᠡ ᠭᠡᠷᠡᠭᠰᠡᠳᠡᠭ᠃ ᠦᠷᠡᠵᠢᠯ ᠤᠨ ᠡᠭᠢᠨ ᠤ ᠦᠶ᠎ᠠ ᠳᠤ ᠹᠤᠰᠹᠤᠷ ᠤᠨ ᠭᠡᠷᠡᠭᠴᠡᠭᠡ ᠨᠢ ᠨᠡᠮᠡᠭᠳᠡᠵᠤ᠂ ᠴᠢᠭᠢᠯᠡᠭᠦ ᠦᠶ᠎ᠠ ᠳᠤᠨᠢ ᠹᠤᠰᠹᠤᠷ ᠲᠤᠳ᠋ᠬᠠᠳᠠᠪᠠᠯ ᠰᠤᠶᠤᠭᠠᠯᠠᠨ ᠵᠠᠳᠠᠷᠠᠬᠤ ᠪᠠ ᠦᠨᠳᠤᠰᠤᠨ ᠰᠢᠰᠲ᠋ᠧᠮ ᠤᠨ ᠪᠤᠶᠢᠵᠢᠯᠳᠡ ᠶᠢ ᠨᠢ ᠨᠦᠯᠦᠭᠡᠯᠡᠳᠡᠭ᠃ ᠹᠤᠰᠹᠤᠷ ᠪᠤᠷᠳᠤᠭᠤᠷ ᠲᠤᠳ᠋ᠬᠠᠳᠠᠪᠠᠯ ᠵᠢᠮᠢᠰ ᠤᠨ ᠪᠤᠶᠢᠵᠢᠯᠳᠡ ᠨᠢ ᠮᠠᠭᠤᠳᠠᠵᠤ᠂ ᠦᠡᠭᠭᠡ ᠭᠠᠯᠪᠢᠷ ᠨᠢ ᠪᠠᠭᠤᠷᠠᠵᠤ᠂ ᠴᠢᠨᠠᠷ ᠨᠢ ᠴᠤ ᠮᠠᠭᠤᠳᠠᠳᠠᠭ᠃ ᠺᠠᠯᠢ ᠪᠤᠷᠳᠤᠭᠤᠷ ᠢ ᠦᠷᠡᠵᠢᠯ ᠤᠨ ᠭᠦᠭ ᠦᠶ᠎ᠠ ᠳᠡᠭᠡᠨ ᠶᠡᠭᠡᠳᠡ ᠭᠡᠷᠡᠭᠰᠡᠵᠤ᠂ ᠠᠩᠬᠠᠳ᠋ᠬᠠᠴᠢ ᠴᠡᠴᠡᠭ ᠤᠨ ᠪᠠᠭ ᠨᠢ ᠵᠢᠮᠢᠰᠯᠡᠭᠰᠡᠨ ᠤ ᠰᠡᠭᠦᠯᠡᠷ ᠺᠠᠯᠢ ᠶᠢᠨ ᠭᠡᠷᠡᠭᠴᠡᠭᠡ ᠨᠢ ᠰᠢᠭᠤᠳ ᠨᠡᠮᠡᠭᠳᠡᠳᠡᠭ᠃ ᠺᠠᠯᠢ ᠲᠤᠳ᠋ᠬᠠᠳᠠᠪᠠᠯ ᠭᠡᠮ ᠢ ᠡᠰᠡᠷᠭᠦᠴᠡᠭᠦ ᠴᠢᠳᠠᠯ ᠨᠢ ᠮᠠᠭᠤᠳᠠᠵᠤ᠂ ᠵᠢᠮᠢᠰ ᠤᠨ ᠰᠢᠭᠢᠷ ᠤᠨ ᠠᠭᠤᠯᠤᠭᠳᠠᠴᠨ ᠨᠢ ᠪᠠᠭᠤᠷᠠᠳᠠᠭ᠃ ᠴᠠᠴᠡᠭ ᠲᠡᠯᠭᠡᠷᠡᠵᠤ ᠵᠢᠮᠢᠰᠯᠡᠭᠦ ᠪᠠ ᠵᠢᠮᠢᠰ ᠨᠢ ᠲᠤᠮᠤᠷᠠᠬᠤ ᠦᠶ᠎ᠠ ᠳᠤ ᠺᠠᠯᠼ ᠶᠢ ᠶᠡᠭᠡ ᠪᠠᠷ ᠭᠡᠷᠡᠭᠰᠡᠵᠤ᠂ ᠺᠠᠯᠼ ᠲᠤᠳ᠋ᠬᠠᠳᠠᠪᠠᠯ ᠤᠷᠭᠤᠮᠠᠯ ᠤᠨ ᠤᠷᠭᠤᠯᠳᠠ ᠶᠢᠨ ᠴᠡᠭ ᠨᠢ ᠠᠮᠠᠷᠬᠠᠨ ᠬᠠᠳᠠᠵᠤ ᠦᠭᠦᠵᠤ᠂ ᠵᠢᠮᠢᠰ ᠲᠤᠨᠢ ᠭᠦᠢᠰᠤ ᠢᠯᠵᠠᠷᠠᠬᠤ ᠭᠡᠮ ᠠᠮᠠᠷᠬᠠᠨ ᠲᠤᠰᠳᠠᠭ᠃ ︵2︶ ᠲᠦᠪᠡᠳ ᠬᠠᠰᠢ ᠶᠢ ᠭᠦᠯᠡᠮᠵᠢᠨ ᠳᠤ ᠲᠠᠷᠢᠬᠤ ᠳᠤ ᠶᠠᠮᠠᠷ ᠰᠤᠷᠲ ᠢ ᠰᠤᠩᠭᠤᠬᠤ ᠪᠤᠢ︖ ᠭᠦᠯᠡᠮᠵᠢᠨ ᠳᠤ ᠲᠠᠷᠢᠬᠤ ᠳᠤ ᠲᠤᠭᠢᠷᠠᠬᠤ ᠲᠦᠪᠡᠳ ᠬᠠᠰᠢ ᠶᠢᠨ ᠰᠤᠷᠲ ᠭᠡᠪᠡᠯ᠄ ᠱᠢ ᠵᠢᠢ ᠹᠧᠨ ᠭᠤᠸᠠᠨ ︵世纪粉冠︶᠂ ᠪᠤᠤ ᠶᠢᠤ ︵保优︶ 100᠂ ᠪᠤᠤ ᠭᠤᠸᠠᠨ ︵宝冠︶᠂ ᠴᠤᠤ ᠵᠢᠢ ᠹᠧᠨ ᠭᠤᠸᠠᠨ ︵超级粉冠︶ ᠵᠡᠷᠭᠡ ᠰᠤᠷᠲ ᠤᠳ ᠪᠠᠶᠢᠨ᠎ᠠ᠃ ︵3︶ ᠲᠦᠪᠡᠳ ᠬᠠᠰᠢ ᠶᠢ ᠶᠠᠮᠠᠷ ᠦᠶ᠎ᠠ ᠳᠤ ᠲᠠᠷᠢᠬᠤ ᠪᠤᠢ︖ ᠲᠦᠪᠡᠳ ᠬᠠᠰᠢ ᠶᠢᠨ ᠲᠦᠷᠦᠭᠦᠤ ᠲᠠᠷᠢᠠᠠᠰᠠᠨ ᠭᠤᠤᠷᠰᠤ ᠨᠢ ᠭᠤᠸ᠎ᠠ ᠶᠢᠨ ᠲᠦᠷᠦᠯ᠂ ᠨᠤᠭᠤᠭᠠᠨ ᠨᠠᠪᠴᠢᠳᠤ ᠨᠤᠭᠤᠭ᠎ᠠ ᠶᠢᠨ ᠲᠦᠷᠦᠯ ᠪᠠᠶᠢᠪᠠᠯ ᠬᠠᠮᠤᠭ ᠤᠨ ᠰᠠᠶᠢᠨ᠂ ᠬᠠᠰᠢ ᠶᠢᠨ ᠲᠦᠷᠦᠯ ᠤᠨ ᠨᠤᠭᠤᠭ᠎ᠠ ᠶᠢ ᠦᠷᠭᠦᠯᠵᠢᠯᠡᠨ ᠲᠠᠷᠢᠬᠤ ᠪᠠ ᠤᠠᠠᠳᠤᠨ ᠲᠠᠷᠢᠬᠤ ᠶᠢ ᠴᠡᠭᠡᠷᠯᠡᠨ᠎ᠡ᠃ ᠬᠠᠪᠤᠷ ᠡᠷᠳᠡ ᠶᠢᠨ ᠭᠤᠤᠷᠰᠤᠨ ᠤ ᠭᠦᠯᠡᠮᠵᠢᠨ ᠤ ᠲᠦᠪᠡᠳ ᠬᠠᠰᠢ ᠶᠢ ᠪᠤᠯ 12 ᠳ᠋ᠤᠭᠠᠷ ᠰᠠᠷ᠎ᠠ ᠶᠢᠨ ᠡᠭᠢ ᠪᠠᠷ ᠴᠢᠭᠢ ᠪᠤᠶᠢᠵᠢᠭᠤᠯᠵᠤ᠂ ᠲᠠᠷᠠᠭ᠎ᠠ ᠵᠢᠯ ᠤᠨ ᠨᠢᠭᠡᠳᠦᠭᠡᠷ ᠰᠠᠷ᠎ᠠ ᠶᠢᠨ ᠲᠤᠮᠳᠡᠴᠢ ᠪᠠᠷ ᠰᠠᠭᠤᠷᠢᠰᠢᠭᠤᠯᠤᠨ ᠲᠠᠷᠢᠵᠤ᠂ 4 ᠳ᠋ᠤᠭᠡᠷ ᠰᠠᠷ᠎ᠠ ᠶᠢᠨ ᠲᠤᠮᠳᠡᠴᠢ ᠪᠠᠷ ᠡᠭᠢᠯᠡᠨ ᠬᠤᠷᠢᠶᠠᠵᠤ᠂ ᠵᠠᠬ᠎ᠠ ᠳᠤ ᠭᠠᠷᠭᠠᠨ᠂ 7 ᠳ᠋ᠤᠭᠠᠷ ᠰᠠᠷ᠎ᠠ ᠳᠤ ᠵᠡᠯ᠎ᠠ ᠲᠠᠳᠠᠨ᠎ᠠ᠃ ᠭᠡᠷᠡᠯ ᠲᠤᠯᠠᠭᠠᠨ ᠤ ᠨᠦᠭᠦᠴᠡᠯ ᠨᠢ ᠰᠠᠶᠢᠨ ᠪᠤᠯ ᠬᠤᠷᠢᠶᠠᠯᠳᠠ ᠨᠢ ᠴᠤ ᠦᠨᠳᠤᠷ ᠪᠠᠶᠢᠳᠠᠭ᠃ ᠨᠠᠮᠤᠷ ᠡᠪᠤᠯ ᠤᠨ ᠭᠤᠤᠷᠰᠤᠨ ᠤ ᠲᠦᠪᠡᠳ ᠬᠠᠰᠢ ᠶᠢ ᠰᠠᠭᠤᠷᠢᠰᠢᠭᠤᠯᠤᠨ ᠲᠠᠷᠢᠬᠤ ᠳᠤ ᠨᠡᠯᠢᠶᠡᠳ ᠴᠢᠩᠭ᠎ᠠ ᠱᠠᠭᠠᠷᠳᠠᠯᠭ᠎ᠠ ᠲᠠᠢ ᠪᠠᠶᠢᠵᠦ 7 ᠳ᠋ᠤᠭᠠᠷ ᠰᠠᠷ᠎ᠠ ᠶᠢᠨ 5 ᠤ ᠪᠠᠷᠤᠭ ᠢᠶᠠᠷ ᠰᠢᠭᠤᠳ ᠲᠠᠷᠢᠬᠤ ᠪᠤᠶᠤ ᠴᠢᠭᠢ ᠪᠤᠶᠢᠵᠢᠭᠤᠯᠵᠤ᠂ 8 ᠳ᠋ᠤᠭᠠᠷ ᠰᠠᠷ᠎ᠠ ᠳᠤ ᠰᠠᠭᠤᠷᠢᠰᠢᠭᠤᠯᠤᠨ ᠲᠠᠷᠢᠵᠤ᠂ 10 ᠳ᠋ᠤᠭᠠᠷ ᠰᠠᠷ᠎ᠠ ᠳᠤ ᠵᠠᠬ᠎ᠠ ᠳᠤ ᠭᠠᠷᠭᠠᠨ᠎ᠠ᠃ ᠭᠤᠴᠢᠭᠠᠳ ᠬᠤᠨᠤᠭ ᠪᠤᠯᠤᠠᠠᠰᠠᠨ ᠴᠢᠭᠢ ᠶᠢ 10 ᠳ᠋ᠤᠭᠠᠷ ᠰᠠᠷ᠎ᠠ ᠶᠢᠨ ᠲᠤᠮᠳᠡᠴᠢ ᠠᠴᠠ ᠡᠭᠢᠯᠡᠨ 5 ᠳ᠋ᠤᠭᠠᠷ ᠰᠠᠷ᠎ᠠ ᠪᠤᠯᠳᠠᠯ᠎ᠠ ᠶᠡᠭᠡ ᠪᠠᠷ ᠬᠤᠷᠢᠶᠠᠵᠤ ᠠᠪᠤᠪᠠᠯ᠂ ᠬᠤᠷᠢᠶᠠᠯᠳᠡ ᠨᠢ ᠦᠨᠳᠤᠷ᠂ ᠦᠷ᠎ᠡ ᠠᠰᠢᠭ ᠨᠢ ᠰᠠᠶᠢᠨ ᠪᠤᠯᠳᠠᠭ᠃ ︵4︶ ᠬᠠᠮᠠᠭᠠᠯᠠᠯᠳᠠ ᠶᠢᠨ ᠲᠠᠷᠢᠶᠠᠨ ᠳᠤ ᠲᠦᠪᠡᠳ ᠬᠠᠰᠢ ᠶᠢᠨ ᠴᠢᠭᠢ ᠶᠢ ᠢᠳᠡᠷᠡᠭᠦᠨ ᠪᠤᠶᠢᠵᠢᠭᠤᠯᠬᠤ ᠶᠠᠮᠠᠷ ᠠᠷᠭ᠎ᠠ ᠮᠡᠷᠭᠡᠵᠢᠯ ᠪᠠᠶᠢᠬᠤ ᠪᠤᠢ︖ ᠲᠤᠮᠤ ᠴᠢᠭᠢ᠂ ᠢᠳᠡᠷᠡᠭᠦᠨ ᠴᠢᠭᠢ ᠪᠤᠶᠢᠵᠢᠭᠤᠯᠬᠤ ᠪᠤᠯ ᠬᠠᠮᠠᠭᠠᠯᠠᠯᠳᠠ ᠶᠢᠨ ᠭᠠᠵᠠᠷ ᠲᠠᠬᠢ ᠲᠦᠪᠡᠳ ᠬᠠᠰᠢ ᠶᠢᠨ ᠡᠷᠳᠡ ᠪᠤᠯᠪᠠᠰᠤᠷᠠᠵᠤ ᠡᠯᠪᠡᠭ ᠬᠤᠷᠢᠶᠠᠬᠤ ᠶᠢᠨ ᠰᠠᠭᠤᠷᠢ ᠮᠦᠨ᠃ ᠰᠤᠷᠲ ᠢ ᠤᠨᠤᠪᠴᠢᠳᠡᠢ ᠰᠤᠩᠭᠤᠵᠤ᠂ ᠬᠠᠪᠤᠷ ᠡᠷᠳᠡ ᠶᠢᠨ ᠭᠤᠤᠷᠰᠤᠨ ᠤ ᠲᠦᠪᠡᠳ ᠬᠠᠰᠢ ᠶᠢᠨ ᠴᠢᠭᠢ ᠪᠤᠶᠢᠵᠢᠭᠤᠯᠤᠯᠳᠠ ᠶᠢ ᠵᠢᠷᠠᠭᠠᠳ ᠬᠤᠨᠤᠭ ᠲᠤ ᠭᠦᠷᠦᠭᠦᠯᠵᠤ᠂ ᠴᠢᠭᠢᠨ ᠤ ᠲᠠᠯᠠᠪᠠᠢ ᠶᠢᠨ ᠰᠢᠮ᠎ᠠ ᠲᠡᠵᠢᠭᠡᠯ ᠤᠨ ᠨᠦᠭᠦᠴᠡᠯ ᠢ ᠰᠠᠶᠢᠵᠢᠷᠠᠭᠤᠯᠵᠤ᠂ ᠴᠢᠭᠢ ᠰᠠᠭᠤᠯᠭᠠᠬᠤ ᠰᠠᠭᠤᠷᠢ ᠶᠢᠨ ᠵᠠᠢ ᠶᠢ 10~12cm ᠪᠠᠶᠢᠯᠭᠠᠵᠤ᠂ ᠴᠢᠭᠢᠯᠡᠯᠳᠡ ᠶᠢᠨ ᠬᠤᠭᠤᠴᠠᠭᠠᠨ ᠤ ᠴᠢᠭᠢᠭ ᠤᠨ ᠭᠡᠮᠵᠢᠶ᠎ᠠ ᠶᠢ ᠰᠢᠨᠵᠢᠯᠡᠭᠦ ᠤᠬᠠᠭᠠᠠᠴᠢ ᠪᠠᠷ ᠡᠵᠡᠮᠰᠢᠭᠦ ᠪᠤᠯ ᠢᠳᠡᠷᠡᠭᠦᠨ ᠢᠶᠠᠷ ᠪᠤᠶᠢᠵᠢᠭᠤᠯᠬᠤ ᠶᠢᠨ ᠵᠠᠩᠭᠢᠯᠠᠭ᠎ᠠ ᠪᠤᠯᠤᠨ᠎ᠠ᠃ ① ᠦᠷ᠎ᠡ ᠶᠢ ᠠᠷᠢᠭᠤᠳᠬᠠᠬᠤ ᠪᠠ ᠲᠡᠪᠳᠦᠭᠡᠭᠦ᠄ ᠲᠦᠪᠡᠳ ᠬᠠᠰᠢ ᠶᠢᠨ ᠦᠷ᠎ᠡ ᠶᠢᠨ ᠭᠠᠳᠠᠷ ᠲᠠᠯ᠎ᠠ ᠳᠤ ᠡᠷᠳᠡ ᠭᠢᠵᠢᠭᠷᠡᠭᠦ ᠭᠡᠮ᠂ ᠰᠢᠷᠬᠠᠯᠠᠭ᠎ᠠ ᠭᠡᠮ᠂ ᠲᠠᠮᠡᠭᠢᠨ ᠤ ᠨᠠᠪᠴᠢᠨ ᠤ ᠭᠡᠮ ᠤᠨ ᠬᠤᠤᠷ ᠵᠡᠷᠭᠡ ᠡᠪᠡᠳᠴᠢᠨ ᠡᠭᠦᠰᠭᠡᠭᠴᠢ ᠪᠠᠺᠲ᠋ᠧᠷᠢ ᠨᠠᠭᠠᠯᠳᠤᠵᠤ ᠪᠠᠶᠢᠳᠠᠭ᠃ 50℃~52℃ ᠤᠨ ᠤᠰᠤᠨ ᠳᠤ ᠦᠷ᠎ᠡ ᠪᠠᠨ 15~20 ᠮᠢᠨᠦ᠋ᠲ ᠲᠠᠪᠳᠦᠭᠡᠪᠡᠯ ᠶᠡᠭᠡᠨᠭᠭᠢ ᠵᠢᠩᠭᠢᠨᠢ ᠪᠠᠺᠲ᠋ᠧᠷᠢ ᠪᠠ ᠨᠠᠷᠢᠨ ᠪᠠᠺᠲ᠋ᠧᠷᠢ ᠶᠢ ᠤᠰᠠᠳᠬᠠᠵᠤ ᠲᠠᠶᠢᠯᠦᠨ᠎ᠠ᠃ 1% ᠶᠢᠨ ᠲᠡᠭᠡᠳᠤ ᠮᠠᠩᠭᠠᠨ ᠭᠦᠴᠢᠯ ᠤᠨ ᠺᠠᠯᠢ ︵高锰酸钾︶ ᠶᠢᠨ ᠡᠮ ᠤᠨ ᠰᠢᠩᠭᠡᠨ ᠳᠤ ᠦᠷ᠎ᠡ ᠪᠠᠨ 10~15 ᠮᠢᠨᠦ᠋ᠲ ᠲᠠᠪᠳᠦᠭᠡᠪᠡᠯ᠂ ᠡᠮ ᠤᠨ ᠭᠦᠴᠢᠯᠳᠦ᠋ᠷᠦᠭᠵᠢᠭᠦᠯᠭᠦ ᠦᠢᠯᠡᠳᠦᠯ ᠢ ᠠᠰᠢᠠᠠᠯᠠᠨ ᠦᠷ᠎ᠠ ᠶᠢᠨ ᠦᠡᠭᠭᠡᠨ ᠳᠠᠬᠢ ᠵᠢᠩᠭᠢᠨᠢ ᠪᠠᠺᠲ᠋ᠧᠷᠢ ᠶᠢ ᠤᠰᠠᠳᠬᠠᠬᠤ ᠪᠤᠯᠤᠨ᠎ᠠ᠃ 10% ᠶᠢᠨ ᠹᠤᠰᠹᠤᠷ ᠭᠦᠴᠢᠯ ᠤᠨ ᠭᠤᠷᠪᠡᠴᠢ ᠨᠠᠲᠷᠢ ᠶᠢᠨ ᠰᠢᠩᠭᠡᠨ ᠳᠤ ᠦᠷ᠎ᠡ ᠪᠠᠨ 15~20 ᠮᠢᠨᠦ᠋ᠲ ᠲᠠᠪᠳᠦᠭᠡᠵᠤ᠂ ᠲᠠᠷᠠᠭ᠎ᠠ ᠨᠢ 3~4 ᠤᠳᠠᠭ᠎ᠠ ᠤᠭᠢᠶᠠᠵᠤ᠂ ᠦᠷ᠎ᠡ ᠶᠢᠨ ᠦᠡᠭᠭᠡᠨ ᠳᠠᠬᠢ ᠡᠪᠡᠳᠴᠢᠨ ᠤ ᠬᠤᠤᠷ ᠢ ᠠᠷᠢᠯᠭᠠᠪᠠᠯ᠂ ᠲᠦᠪᠡᠳ ᠬᠠᠰᠢ ᠶᠢᠨ ᠦᠷ᠎ᠠ ᠨᠢ 4~5 ᠴᠠᠭ ᠲᠤ ᠤᠰᠤ ᠶᠢ ᠭᠦᠢᠴᠡᠳ ᠰᠢᠮᠡᠳᠭᠡᠵᠤ ᠴᠢᠳᠠᠨ᠎ᠠ᠃ ② ᠰᠤᠶᠤᠭᠠᠯᠠᠭᠤᠯᠬᠤ᠄ ᠲᠦᠪᠡᠳ ᠬᠠᠰᠢ ᠶᠢᠨ ᠦᠷ᠎ᠡ ᠪᠠᠨ ᠲᠠᠪᠳᠦᠭᠡᠵᠤ ᠠᠷᠢᠭᠤᠳᠬᠠᠠᠠᠰᠠᠨ ᠤ ᠰᠡᠭᠦᠯᠡᠷ᠂ ᠤᠭᠢᠶᠠᠵᠤ ᠬᠠᠳᠠᠭᠠᠭᠠᠳ᠂ ᠨᠦᠢᠳᠡᠨ ᠠᠯᠴᠢᠭᠤᠷ᠂ ᠱᠠ ᠪᠦᠰ ᠪᠤᠶᠤ ᠴᠡᠪᠡᠷᠭᠡᠨ ᠪᠦᠰ ᠲᠤ ᠪᠤᠭᠤᠵᠤ᠂ 25℃ ᠤᠨ ᠬᠠᠯᠠᠭᠤᠨ ᠳᠤ ᠰᠤᠶᠤᠭᠠᠯᠠᠭᠤᠯᠪᠠᠯ᠂ 2~3 ᠡᠳᠤᠷ ᠲᠤ ᠰᠤᠶᠤᠭᠠᠯᠠᠴᠢᠬᠠᠨᠠ᠃ 60% ᠶᠢᠨ ᠦᠷ᠎ᠠ ᠨᠢ ᠴᠠᠶᠢᠷᠬᠠᠰᠠᠨ ᠤ ᠰᠡᠭᠦᠯᠡᠷ ᠰᠠᠷᠢᠭᠦᠨ ᠭᠠᠵᠠᠷ ᠲᠤ ᠲᠠᠯᠪᠢᠨ ᠲᠠᠷᠢᠬᠤ ᠳᠤ ᠪᠡᠯᠡᠳᠭᠡᠨ᠎ᠡ᠃ ③ ᠲᠠᠷᠢᠬᠤ᠄ ᠲᠡᠭᠰᠢ ᠲᠦᠷᠪᠡᠯᠵᠢᠨ ᠮᠧᠲᠷ ᠲᠠᠯᠠᠪᠠᠢ ᠪᠦᠷᠢ ᠴᠢᠨᠠᠷ ᠰᠠᠶᠢᠳᠠᠢ ᠤᠷᠭᠠᠨᠢᠭ ᠪᠤᠷᠳᠤᠭᠤᠷ 25~30kg ᠤᠷᠤᠭᠤᠯᠵᠤ᠂ ᠬᠤᠶᠠᠷ ᠤᠳᠠᠭ᠎ᠠ ᠪᠠᠷᠤᠭ 15cm ᠭᠦᠨ ᠤᠷᠪᠠᠭᠤᠯᠬᠤ ᠪᠤᠶᠤ ᠭᠤᠷᠪᠡᠨ ᠤ ᠨᠢᠭᠡ ᠶᠢᠨ ᠪᠤᠷᠳᠤᠭᠤᠷᠳᠤ ᠬᠠᠰᠢᠶᠠᠨ ᠰᠢᠷᠤᠢ᠂ ᠭᠤᠷᠪᠡᠨ ᠤ ᠬᠤᠶᠠᠷ ᠤᠨ ᠰᠠᠶᠢᠵᠠᠳ᠋ᠬᠠᠰᠠᠨ ᠮᠤᠷᠢᠨ ᠤ ᠬᠤᠮᠤᠤᠯ ᠢ ᠰᠠᠶᠢᠳᠤᠷ ᠪᠠᠭᠰᠤᠷᠤᠨ ᠬᠤᠯᠢᠵᠤ᠂ 10cm ᠵᠤᠵᠠᠭᠠᠨ ᠲᠠᠪᠢᠰᠦᠨᠠ᠃ ᠴᠢᠭᠢ ᠶᠢᠨ ᠲᠠᠯᠠᠪᠠᠢ ᠪᠠᠨ ᠭᠦᠢᠴᠡᠳ ᠤᠰᠤᠯᠠᠵᠤ᠂ ᠤᠰᠤ ᠨᠢ ᠰᠢᠮᠡᠳᠦᠭᠰᠡᠨ ᠤ ᠲᠠᠷᠠᠭ᠎ᠠ ᠲᠠᠷᠢᠵᠤ᠂ 1cm ᠵᠤᠵᠠᠭᠠᠨ ᠰᠢᠷᠤᠢ ᠪᠠᠷ ᠬᠤᠴᠢᠨᠡ᠃ ᠲᠠᠷᠢᠠᠠᠰᠠᠨ ᠤ ᠰᠡᠭᠦᠯᠡᠷ ᠴᠢᠭᠢᠭ ᠲᠤᠯᠠᠭᠠᠨ ᠢ ᠬᠠᠳᠠᠭᠠᠯᠠᠬᠤ ᠶᠢᠨ ᠲᠤᠰᠠᠳᠠ ᠪᠦᠷᠭᠦᠭᠦᠯ ᠲᠠᠳᠡᠨ ᠵᠢᠵᠢᠭ ᠰᠠᠷᠠᠪᠴᠢ ᠭᠠᠷᠭᠠᠵᠤ᠂ 60% ᠶᠢᠨ ᠴᠢᠭᠢ ᠨᠢ ᠪᠤᠯᠳᠠᠶᠢᠠᠠᠰᠠᠨ ᠤ ᠰᠡᠭᠦᠯᠡᠷ ᠪᠦᠷᠭᠦᠭᠦᠯ ᠢᠶᠠᠨ ᠬᠤᠷᠢᠶᠠᠨ ᠠᠪᠴᠤ᠂ ᠰᠠᠯᠭᠢ ᠨᠡᠪᠳᠡᠷᠡᠭᠦᠯᠦᠨ ᠲᠤᠯᠠᠭᠠᠨ ᠢ ᠪᠠᠭᠤᠷᠠᠭᠤᠯᠵᠤ᠂ ᠴᠢᠭᠢ ᠶᠢ ᠪᠤᠯᠪᠠᠰᠤᠷᠠᠭᠤᠯᠤᠨ᠎ᠠ᠃ ④ ᠴᠢᠭᠢᠯᠡᠭᠦ ᠬᠤᠭᠤᠴᠠᠭᠠᠨ ᠤ ᠠᠷᠠᠴᠢᠯᠡᠯᠳᠡ᠄ ᠲᠠᠷᠢᠠᠠᠰᠠᠨ ᠤ ᠰᠡᠭᠦᠯᠡᠷ ᠴᠢᠭᠢ ᠨᠠᠪᠴᠢᠭᠦ ᠠᠴᠠ ᠡᠮᠦᠨ᠎ᠠ᠂ ᠲᠦᠷᠭᠡᠨ ᠴᠢᠭᠢᠯᠡᠭᠦᠯᠭᠦ ᠶᠢᠨ ᠲᠤᠰᠠᠳᠠ ᠲᠤᠯᠠᠭᠠᠨ ᠤ ᠭᠡᠮᠵᠢᠶ᠎ᠠ ᠶᠢ ᠡᠳᠤᠷ ᠲᠡᠭᠡᠨ 25℃~28℃ ᠪᠠᠶᠢᠯᠭᠠᠵᠤ᠂ ᠴᠢᠭᠢᠯᠡᠭᠰᠡᠨ ᠤ ᠭᠢᠨᠢ ᠰᠡᠭᠦᠯᠡᠷ ᠨᠢᠯᠬ᠎ᠠ ᠴᠢᠭᠢ ᠶᠢᠨ ᠲᠡᠨᠡᠭ ᠤᠷᠭᠤᠬᠤ ᠠᠴᠠ ᠰᠡᠷᠭᠡᠶᠢᠯᠡᠨ ᠲᠤᠯᠠᠭᠠᠨ ᠤ ᠭᠡᠮᠵᠢᠶ᠎ᠠ ᠶᠢ ᠪᠠᠭᠤᠷᠠᠭᠤᠯᠤᠨ᠂ ᠡᠳᠤᠷ ᠲᠡᠭᠡᠨ 16℃~20℃᠂ ᠰᠦᠨᠢ ᠳᠡᠭᠡᠨ 10℃~12℃ ᠪᠠᠶᠢᠯᠭᠠᠵᠤ᠂ ᠨᠢᠭᠡ ᠨᠠᠪᠴᠢᠯᠬᠠᠰᠠᠨ ᠠᠴᠠ ᠬᠤᠶᠢᠰᠢ ᠡᠳᠤᠷ ᠤᠨ ᠲᠤᠯᠠᠭᠠᠨ ᠤ ᠭᠡᠮᠵᠢᠶ᠎ᠠ ᠶᠢ 25℃~28℃᠂ ᠰᠦᠨᠢ ᠶᠢᠨ ᠬᠢ ᠶᠢ 14℃~15℃ ᠪᠠᠶᠢᠯᠭᠠᠵᠤ᠂ 16℃ ᠠᠴᠠ ᠭᠡᠳᠦᠷᠡᠭᠦᠯᠭᠦ ᠦᠭᠡᠢ ᠪᠠᠶᠢᠯᠭᠠᠨ᠎ᠠ᠃ ᠴᠢᠭᠢ ᠰᠠᠯᠭᠠᠬᠤ ᠠᠴᠠ ᠡᠮᠦᠨ᠎ᠠ ᠶᠠᠷᠦᠩᠭᠡᠢ ᠳᠡᠭᠡᠨ ᠤᠰᠤᠯᠠᠬᠤ ᠦᠭᠡᠢ᠃ ᠨᠢᠯᠬ᠎ᠠ ᠴᠢᠭᠢ ᠨᠢ 2~3 ᠨᠠᠪᠴᠢᠯᠠᠬᠤ ᠦᠶᠡᠰ ᠲᠠᠷᠦ᠋ᠢᠬᠠᠨ ᠴᠢᠭᠢ ᠶᠢ ᠰᠠᠯᠭᠠᠨ᠎ᠠ᠃ ᠴᠢᠭᠢ ᠶᠢ ᠭᠡᠳᠦᠷᠭᠡᠢ ᠤᠷᠤᠢ ᠰᠠᠯᠭᠠᠪᠠᠯ ᠦᠨᠳᠤᠰᠤ ᠶᠢ ᠠᠷᠪᠢᠨ ᠰᠢᠷᠬᠠᠳᠤᠭᠤᠯᠵᠤ᠂ ᠰᠤᠶᠤᠭᠠᠯᠠᠨ ᠵᠠᠳᠠᠷᠠᠬᠤ ᠶᠢ ᠨᠢ ᠨᠦᠯᠦᠭᠡᠯᠡᠨ᠎ᠡ᠃ ᠰᠠᠯᠭᠠᠠᠠᠰᠠᠨ ᠴᠢᠭᠢᠨ ᠤ ᠰᠠᠭᠤᠷᠢ ᠶᠢᠨ ᠵᠠᠢ ᠶᠢ 10~12cm ᠪᠠᠶᠢᠯᠭᠠᠵᠤ᠂ ᠭᠦᠨᠳᠡᠯᠡᠨ ᠭᠤᠯᠳᠤ ᠪᠠᠷ ᠲᠠᠷᠢ ᠲᠡᠭᠰᠢ ᠪᠠᠶᠢᠯᠭᠠᠨ᠎ᠠ᠂ ᠴᠢᠭᠢ ᠰᠠᠯᠭᠠᠬᠤ ᠠᠴᠠ ᠪᠠᠨ ᠨᠢᠭᠡ ᠡᠳᠤᠷ ᠤᠨ ᠡᠮᠦᠨ᠎ᠠ ᠴᠢᠭᠢ ᠶᠢᠨ ᠲᠠᠯᠠᠪᠠᠢ ᠪᠠᠨ ᠤᠰᠤᠯᠠᠵᠤ᠂ ᠰᠢᠯᠵᠢᠭᠦᠯᠭᠦ ᠳᠡᠭᠡᠨ ᠬᠠᠪᠳᠠᠭᠠᠢ ᠠᠷᠴᠢᠭᠤᠷ ᠢᠶᠠᠷ ᠴᠢᠭᠢ ᠪᠠᠨ ᠠᠪᠴᠤ᠂ ᠰᠢᠷᠤᠢ ᠲᠠᠢ ᠨᠢ ᠵᠠᠶᠢᠯᠠᠵᠤ᠂ ᠭᠤᠤ ᠭᠠᠷᠭᠠᠨ ᠲᠠᠯᠳᠠ ᠤᠰᠤ ᠪᠠᠷ ᠤᠰᠤᠯᠠᠵᠤ᠂ ᠭᠤᠤ ᠳᠠᠭᠠᠨ 10~12cm ᠤᠨ ᠵᠠᠶᠢᠳᠠᠢ ᠪᠠᠷ ᠰᠠᠭᠤᠯᠭᠠᠵᠤ᠂ ᠰᠢᠷᠤᠢ ᠪᠠᠷ ᠭᠤᠤ ᠪᠠᠨ ᠲᠠᠷᠤᠵᠤ᠂ ᠲᠠᠭᠢᠨ ᠲᠠᠷᠠᠭ᠎ᠠ ᠨᠢᠭᠡ ᠮᠦᠷ ᠢ ᠨᠢ ᠵᠠᠶᠢᠯᠠᠨ᠎ᠠ᠃ ᠪᠠᠰᠠ ᠰᠦᠯᠢᠶᠤᠤ ᠴᠤᠮᠤ ᠪᠤᠶᠤ ᠴᠠᠭᠠᠰᠤᠨ ᠬᠠᠶᠢᠷᠴᠠᠭ ᠲᠤ ᠰᠢᠮ᠎ᠠ ᠲᠡᠵᠢᠭᠡᠯᠳᠤ ᠰᠢᠷᠤᠢ ᠰᠠᠪᠠᠯᠠᠨ ᠴᠢᠭᠢ ᠰᠠᠯᠭᠠᠵᠤ ᠪᠤᠯᠤᠨ᠎ᠠ᠃ ᠴᠢᠭᠢ ᠰᠠᠯᠭᠠᠠᠠᠰᠠᠨ ᠤ ᠲᠠᠷᠠᠭ᠎ᠠ ᠴᠢᠭᠢᠯᠡᠭᠦ ᠶᠢ ᠨᠢ ᠠᠭᠢᠭᠤᠯᠬᠤ ᠶᠢᠨ ᠲᠤᠰᠠᠳᠠ ᠲᠤᠯᠠᠭᠠᠨ ᠤ ᠭᠡᠮᠵᠢᠶ᠎ᠠ ᠶᠢ ᠲᠡᠭᠡᠭᠰᠢᠯᠡᠭᠦᠯᠵᠤ᠂ ᠡᠳᠤᠷ ᠲᠡᠭᠡᠨ 25℃~28℃᠂ ᠰᠦᠨᠢ ᠳᠡᠭᠡᠨ 16℃~18℃ ᠪᠠᠶᠢᠯᠭᠠᠵᠤ᠂ ᠵᠢᠵᠢᠭ ᠰᠠᠷᠠᠪᠴᠢ ᠭᠠᠷᠭᠠᠨ ᠴᠢᠭᠢᠭ ᠲᠤᠯᠠᠭᠠᠨ ᠢ ᠬᠠᠳᠠᠭᠠᠯᠠᠨ᠂ ᠭᠠᠵᠠᠷ ᠤᠨ ᠲᠤᠯᠠᠭᠠᠨ ᠢ 20℃ ᠠᠴᠠ ᠲᠡᠭᠡᠭᠰᠢ ᠪᠠᠶᠢᠯᠭᠠᠨ᠎ᠠ᠃ ᠵᠢᠷᠦᠭᠡᠨ ᠨᠠᠪᠴᠢ ᠨᠢ ᠤᠷᠭᠤᠨ ᠴᠢᠭᠢᠯᠡᠭᠰᠡᠨ ᠤ ᠰᠡᠭᠦᠯᠡᠷ ᠲᠤᠯᠠᠭᠠᠨ ᠤ ᠭᠡᠮᠵᠢᠶ᠎ᠠ ᠶᠢ ᠲᠤᠭᠢᠳᠡᠢ ᠪᠠᠭᠤᠷᠠᠭᠤᠯᠵᠤ᠂ ᠡᠳᠤᠷ ᠲᠡᠭᠡᠨ 20℃~26℃᠂ ᠰᠦᠨᠢ ᠳᠡᠭᠡᠨ 12℃~13℃ ᠪᠠᠶᠢᠯᠭᠠᠨ᠎ᠠ᠃ ᠭᠠᠵᠠᠷ ᠬᠠᠳ᠋ᠬᠠᠰᠠᠨ ᠪᠤᠯ ᠴᠡᠯᠮᠡᠭ ᠡᠳᠤᠷ ᠢ ᠰᠤᠩᠭᠤᠨ ᠨᠢᠭᠡ ᠤᠳᠠᠭ᠎ᠠ ᠤᠰᠤᠯᠠᠨ᠂ ᠤᠰᠤᠯᠠᠮᠬᠠᠴᠠ ᠪᠠᠨ ᠲᠠᠮᠤᠷ ᠤᠳᠠᠰᠤᠨ ᠭᠤᠬ᠎ᠠ ᠪᠠᠷ ᠠᠷᠴᠢᠵᠤ᠂ ᠦᠨᠳᠤᠰᠤᠨ ᠰᠢᠰᠲ᠋ᠧᠮ ᠤᠨ ᠪᠤᠶᠢᠵᠢᠯᠳᠡ ᠶᠢ ᠨᠢ ᠠᠭᠢᠭᠤᠯᠤᠨ᠎ᠠ᠃ ᠰᠠᠭᠤᠷᠢᠰᠢᠭᠤᠯᠤᠨ ᠲᠠᠷᠢᠬᠤ ᠠᠴᠠ ᠪᠠᠨ 3~5 ᠡᠳᠤᠷ ᠤᠨ ᠡᠮᠦᠨ᠎ᠠ᠂ ᠨᠢᠯᠬ᠎ᠠ ᠴᠢᠭᠢ ᠪᠠᠨ ᠲᠤᠤᠷ᠎ᠡ ᠲᠤᠯᠠᠭᠠᠨ ᠳᠤ ᠪᠤᠯᠪᠠᠰᠤᠷᠠᠭᠤᠯᠵᠤ᠂ ᠡᠳᠤᠷ ᠲᠡᠭᠡᠨ 20℃ ᠠᠴᠠ ᠭᠡᠳᠦᠷᠡᠭᠦᠯᠭᠦ ᠦᠭᠡᠢ᠂ ᠰᠦᠨᠢ ᠳᠡᠭᠡᠨ 8℃~10℃ ᠪᠠᠶᠢᠯᠭᠠᠵᠤ᠂ ᠨᠢᠯᠬ᠎ᠠ ᠴᠢᠭᠢᠨ ᠤ ᠰᠦᠷᠭᠦ ᠴᠢᠨᠠᠷ ᠢ ᠨᠢ ᠲᠡᠭᠡᠭᠰᠢᠯᠡᠭᠦᠯᠦᠨ᠎ᠠ᠃ ᠨᠢᠯᠬ᠎ᠠ ᠴᠢᠭᠢ ᠨᠢ 4~5 ᠨᠠᠪᠴᠢᠯᠠᠬᠤ ᠦᠶ᠎ᠠ ᠳᠤ 500~1000ppm ᠢᠳᠡᠷᠡᠵᠢᠭᠦᠯᠭᠦ ᠡᠳ᠋ ᠢ ᠲᠠᠪᠤᠨ ᠡᠳᠤᠷ ᠠᠯᠤᠰᠯᠠᠭᠠᠳ ᠨᠢᠭᠡ ᠤᠳᠠᠭ᠎ᠠ ᠰᠦᠷᠴᠢᠵᠤ᠂ ᠨᠠᠶᠢᠳᠡ 3 ᠤᠳᠠᠭ᠎ᠠ ᠰᠦᠷᠴᠢᠪᠡᠯ ᠲᠠᠨᠡᠭ ᠤᠷᠭᠤᠯᠳᠠ ᠶᠢ ᠬᠤᠷᠢᠠᠠᠯᠠᠵᠤ᠂ ᠦᠨᠳᠤᠰᠤᠨ ᠴᠢᠭᠢ ᠶᠢ ᠨᠡᠮᠡᠭᠳᠡᠭᠦᠯᠵᠤ᠂ ᠴᠢᠭᠢ ᠶᠢ ᠢᠳᠡᠷᠡᠭᠦᠨ ᠪᠤᠯᠭᠠᠵᠤ ᠪᠤᠯᠤᠨ᠎ᠠ᠃ ᠡᠭᠦᠨ ᠠᠴᠠ ᠭᠠᠳᠠᠨ᠎ᠠ ᠪᠠᠰᠠ ᠨᠠᠪᠴᠢᠨ ᠳᠤᠨᠢ B9 ᠶᠢ 1000~2000ppm᠂ ᠳ᠋ᠦᠸᠧ ᠰᠢᠶᠤᠤ ᠽᠦᠸᠧ ︵多效唑︶ ᠡᠮ ᠢ 100~150ppm ᠰᠦᠷᠴᠢᠪᠡᠯ᠂ ᠲᠦᠪᠡᠳ ᠬᠠᠰᠢ ᠶᠢᠨ ᠨᠢᠯᠬ᠎ᠠ ᠴᠢᠭᠢᠨ ᠤ ᠲᠡᠨᠡᠭ ᠤᠷᠭᠤᠯᠳᠠ ᠶᠢ ᠬᠤᠷᠢᠠᠠᠯᠠᠵᠤ ᠴᠢᠳᠠᠨ᠎ᠠ᠃ ︵5︶ ᠨᠠᠮᠤᠷ ᠤᠨ ᠲᠦᠪᠡᠳ ᠬᠠᠰᠢ ᠶᠢᠨ ᠴᠢᠭᠢ ᠪᠤᠶᠢᠵᠢᠭᠤᠯᠬᠤ ᠳᠤ ᠶᠠᠮᠠᠷ ᠵᠠᠩᠭᠢᠯᠠᠭ᠎ᠠ ᠶᠢᠨ ᠮᠠᠷᠭᠡᠵᠢᠯ ᠪᠠᠶᠢᠬᠤ ᠪᠤᠢ︖ ᠵᠠᠩᠭᠢᠯᠠᠭ᠎ᠠ ᠶᠢᠨ ᠮᠡᠷᠭᠡᠵᠢᠯ ᠭᠡᠪᠡᠯ ᠴᠢᠭᠢ ᠶᠢᠨ ᠲᠠᠯᠠᠪᠠᠢ ᠪᠠᠨ ᠭᠠᠵᠠᠷ ᠤᠨ ᠲᠦᠪᠰᠢᠨ ᠨᠢ ᠦᠨᠳᠤᠷ ᠰᠢᠭ᠂ ᠤᠰᠤᠯᠠᠬᠤ ᠤᠰᠤ ᠵᠠᠯᠠᠬᠤ ᠳᠤ ᠲᠦᠭᠦᠮ᠂ ᠰᠠᠯᠭᠢ ᠰᠠᠶᠢᠨ ᠨᠡᠪᠳᠡᠷᠡᠭᠦ ᠭᠠᠵᠠᠷ ᠭᠡᠰᠡᠭ ᠲᠤ ᠰᠤᠩᠭᠤᠬᠤ ᠭᠡᠷᠡᠭᠳᠡᠢ᠃ ᠴᠢᠭᠢ ᠶᠢᠨ ᠲᠠᠯᠠᠪᠠᠢ ᠳᠠᠭᠠᠨ ᠤᠷᠤᠢ ᠶᠢᠨ ᠦᠨᠳᠤᠷ ᠨᠢ 1.5m ᠤᠷᠴᠢᠮ ᠤᠨ ᠵᠢᠵᠢᠭ ᠰᠠᠷᠠᠪᠴᠢ ᠭᠠᠷᠭᠠᠵᠤ᠂ ᠤᠷᠤᠢ ᠶᠢ ᠨᠢ ᠭᠡᠷᠡᠯ ᠤᠨ ᠬᠠᠯᠬᠠᠪᠴᠢ ᠪᠠ ᠰᠦᠯᠢᠶᠤᠤ ᠪᠦᠷᠭᠦᠭᠦᠯ ᠢᠶᠠᠷ ᠪᠦᠷᠢᠵᠤ ᠲᠠᠯᠪᠢᠪᠠᠯ᠂ ᠬᠤᠷᠴᠠ ᠭᠡᠷᠡᠯ ᠢ ᠬᠠᠯᠬᠠᠯᠠᠨ᠂ ᠦᠨᠳᠤᠷ ᠬᠠᠯᠠᠭᠤᠨ᠂ ᠰᠢᠷᠦᠭᠦᠨ ᠪᠤᠷᠤᠭᠠᠨ᠂ ᠲᠡᠨᠡᠭ ᠤᠷᠭᠤᠯᠳᠠ᠂ ᠪᠠᠭᠠᠷᠠᠩ ᠬᠤᠷᠤᠬᠠᠢ ᠶᠢ ᠰᠡᠷᠭᠡᠶᠢᠯᠡᠨ᠂ ᠭᠡᠮ ᠤᠨ ᠬᠤᠤᠷ ᠢ ᠰᠡᠷᠭᠡᠶᠢᠯᠡᠭᠦ ᠦᠢᠯᠡᠳᠦᠯ ᠦᠵᠡᠭᠦᠯᠵᠤ ᠪᠤᠯᠬᠤ ᠪᠦᠭᠡᠳ ᠲᠦᠷᠪᠡᠨ ᠲᠠᠯ᠎ᠠ ᠪᠠᠷ ᠢᠶᠠᠨ ᠰᠠᠯᠭᠢ ᠨᠠᠪᠳᠡᠷᠡᠵᠤ ᠲᠠᠶᠢᠯᠦᠨ᠎ᠠ᠃ ︵6︶ ᠨᠠᠮᠤᠷ ᠤᠨ ᠲᠦᠪᠡᠳ ᠬᠠᠰᠢ ᠶᠢᠨ ᠴᠢᠭᠢ ᠶᠢ ᠶᠠᠮᠠᠷ ᠠᠷᠭ᠎ᠠ ᠪᠠᠷ ᠪᠤᠶᠢᠵᠢᠭᠤᠯᠬᠤ ᠪᠤᠢ︖ ᠶᠠᠭᠠᠭᠢᠵᠤ ᠠᠷᠠᠴᠢᠯᠠᠬᠤ ᠪᠤᠢ︖ ᠰᠢᠮ᠎ᠠ ᠲᠡᠵᠢᠭᠡᠯᠳᠤ ᠰᠦᠯᠢᠶᠤᠤ ᠫᠸᠡᠭᠰᠡ ᠪᠠ ᠴᠠᠭᠠᠰᠤᠨ ᠬᠠᠶᠢᠷᠴᠠᠭ ᠲᠤ ᠰᠢᠭᠤᠳ ᠴᠢᠭᠢ ᠪᠤᠶᠢᠵᠢᠭᠤᠯᠤᠨ᠎ᠠ᠃ ᠡᠰᠡᠭᠦᠯ᠎ᠡ 1~2 ᠨᠠᠪᠴᠢᠯᠠᠬᠤ ᠦᠶ᠎ᠠ ᠳᠤ ᠡᠷᠳᠡᠭᠡᠨ ᠴᠢᠭᠢ ᠰᠠᠯᠭᠠᠵᠤ᠂ ᠰᠠᠭᠤᠷᠢ ᠶᠢᠨ ᠵᠠᠢ ᠶᠢ 8 × 8cm ᠪᠤᠶᠤ 9 × 9cm ᠪᠠᠶᠢᠯᠭᠠᠨ᠎ᠠ᠃ ᠴᠢᠭᠢ ᠶᠢ ᠤᠬᠤᠷ ᠴᠠᠭ ᠲᠤ ᠪᠤᠷᠤᠯᠠᠭᠤᠯᠬᠤ ᠳᠤ ᠶᠠᠷᠦᠩᠭᠡᠢ ᠳᠡᠭᠡᠨ ᠭᠤᠴᠢᠭᠠᠳ ᠬᠤᠨᠤᠭ ᠯᠡ ᠪᠠᠶᠢᠯᠭᠠᠵᠤ᠂ 7 ᠳ᠋ᠤᠭᠠᠷ ᠰᠠᠷ᠎ᠠ ᠶᠢᠨ ᠲᠤᠮᠳᠡᠴᠢ ᠪᠠᠷ ᠲᠠᠷᠢᠨ᠎ᠠ᠂ ᠴᠢᠭᠢ ᠪᠤᠶᠢᠵᠢᠭᠤᠯᠬᠤ ᠬᠤᠭᠤᠴᠠᠭᠠᠨ ᠳᠤ ᠦᠨᠳᠤᠷ ᠬᠠᠯᠠᠭᠤᠨ ᠢ ᠰᠡᠷᠭᠡᠶᠢᠯᠡᠵᠤ᠂ ᠡᠳᠤᠷ ᠲᠡᠭᠡᠨ 20℃~25℃᠂ 30℃ ᠠᠴᠠ ᠭᠡᠳᠦᠷᠡᠭᠦᠯᠭᠦ ᠦᠭᠡᠢ ᠪᠠᠶᠢᠵᠤ᠂ ᠰᠦᠨᠢ ᠳᠡᠭᠡᠨ 15℃~16℃ ᠪᠠᠶᠢᠯᠭᠠᠨ᠎ᠠ᠃ ᠲᠡᠨᠡᠭ ᠤᠷᠭᠤᠬᠤ ᠠᠴᠠ ᠰᠡᠷᠭᠡᠶᠢᠯᠡᠭᠦ ᠶᠢᠨ ᠲᠤᠰᠠᠳᠠ 3~4 ᠨᠠᠪᠴᠢᠯᠠᠬᠤ ᠦᠶ᠎ᠠ ᠳᠤᠨᠢ 500~1000 ppm ᠢᠳᠡᠷᠡᠵᠢᠭᠦᠯᠭᠦ ᠡᠳ᠋ ᠢ ᠰᠦᠷᠴᠢᠨ᠎ᠠ᠃ ᠤᠠᠠᠳᠤᠯᠤᠨ ᠰᠠᠭᠤᠯᠭᠠᠵᠤ ᠴᠢᠭᠢ ᠪᠤᠶᠢᠵᠢᠭᠤᠯᠬᠤ᠄ ᠲᠦᠪᠡᠳ ᠬᠠᠰᠢ ᠨᠢ ᠮᠠᠰᠢ ᠴᠢᠩᠭ᠎ᠠ ᠰᠠᠯᠠᠭᠠᠯᠠᠬᠤ ᠴᠢᠳᠠᠯ ᠪᠠ ᠦᠨᠳᠦᠰᠦᠯᠡᠭᠦ ᠴᠢᠳᠠᠯ ᠲᠠᠢ ᠪᠠᠶᠢᠳᠠᠭ ᠲᠤᠯᠠ ᠬᠠᠵᠠᠭᠤ ᠶᠢᠨ ᠰᠠᠯᠠᠭ᠎ᠠ ᠶᠢ ᠤᠠᠠᠳᠤᠯᠤᠨ ᠰᠠᠭᠤᠯᠭᠠᠵᠤ ᠴᠢᠭᠢ ᠪᠤᠶᠢᠵᠢᠭᠤᠯᠵᠤ ᠪᠤᠯᠤᠨ᠎ᠠ᠃ ᠲᠡᠬᠦᠨ ᠤ ᠤᠷᠭᠤᠯᠳᠠ ᠨᠢ ᠰᠠᠶᠢᠨ᠂ ᠭᠡᠮ ᠢ ᠡᠰᠡᠷᠭᠦᠴᠡᠭᠦ ᠴᠢᠳᠠᠯ ᠲᠠᠢ᠂ ᠴᠡᠴᠡᠭ ᠲᠡᠯᠭᠡᠷᠡᠵᠤ ᠵᠢᠮᠢᠰᠯᠡᠭᠦ ᠨᠢ ᠡᠷᠳᠡ ᠵᠡᠷᠭᠡ ᠤᠨᠴᠠᠯᠢᠭ ᠲᠠᠢ ᠲᠤᠯᠠ ᠨᠠᠮᠤᠷ ᠤᠨ ᠭᠤᠤᠷᠰᠤ ᠶᠢᠨ ᠭᠦᠯᠡᠮᠵᠢᠨ ᠳᠤ ᠲᠠᠷᠢᠬᠤ ᠳᠤ ᠭᠡᠷᠡᠭᠯᠡᠵᠤ ᠪᠤᠯᠤᠨ᠎ᠠ᠃ ᠤᠠᠠᠳᠤᠯᠤᠨ ᠰᠠᠭᠤᠯᠭᠠᠬᠤ ᠳᠤ ᠤᠷᠳᠤ ᠪᠠᠷ ᠢᠶᠠᠨ 8~12cm᠂ ᠦᠷ᠎ᠡ ᠨᠢ ᠤᠬᠤᠷ᠂ ᠪᠤᠵᠠᠭᠠᠢ ᠢᠳᠡᠷᠡᠭᠦᠨ᠂ ᠤᠷᠭᠤᠯᠳᠠ ᠨᠢ ᠭᠦᠭᠵᠢᠩᠭᠦᠢ ᠬᠠᠵᠠᠭᠤ ᠶᠢᠨ ᠰᠠᠯᠠᠭ᠎ᠠ ᠶᠢ ᠰᠤᠩᠭᠤᠪᠠᠯ ᠲᠤᠭᠢᠷᠠᠮᠵᠢᠳᠡᠢ᠃ ᠠᠩᠬᠠᠳ᠋ᠬᠠᠴᠢ ᠴᠡᠴᠡᠭ ᠤᠨ ᠪᠠᠭ ᠤᠨ ᠲᠤᠤᠷᠠᠭᠢ ᠬᠠᠵᠠᠭᠤ ᠶᠢᠨ ᠰᠠᠯᠠᠭ᠎ᠠ ᠬᠠᠮᠤᠭ ᠤᠨ ᠲᠤᠭᠢᠷᠠᠮᠵᠢᠳᠡᠢ ᠪᠠᠶᠢᠳᠠᠭ᠃ ᠤᠷᠭᠤᠮᠠᠯ ᠤᠨ ᠲᠡᠭᠡᠷ᠎ᠡ ᠠᠴᠠ ᠰᠠᠯᠠᠭ᠎ᠠ ᠶᠢ ᠨᠢ ᠠᠪᠤᠠᠠᠰᠠᠨ ᠤ ᠪᠠᠨ ᠰᠡᠭᠦᠯᠡᠷ ᠰᠠᠭᠤᠷᠢ ᠶᠢᠨ ᠰᠢᠷᠬ᠎ᠠ ᠲᠠᠢ ᠭᠡᠰᠡᠭ ᠢ ᠨᠢ ᠭᠢᠳᠤᠭ᠎ᠠ ᠪᠠᠷ ᠵᠤᠷᠭᠤᠨ ᠲᠡᠭᠰᠢᠯᠡᠵᠤ᠂ ᠰᠠᠭᠤᠷᠢ ᠶᠢᠨ ᠭᠡᠰᠡᠭ ᠤᠨ 3cm ᠤᠨ ᠭᠡᠰᠡᠭ ᠲᠠᠬᠢ ᠨᠠᠪᠴᠢ ᠶᠢ ᠠᠪᠴᠤ ᠬᠠᠶᠠᠠ᠂ ᠦᠷᠦᠭᠡᠨ ᠲᠤᠳᠤᠷ᠎ᠠ ᠲᠡᠯᠭᠡᠨ ᠲᠠᠯᠪᠢᠵᠤ᠂ ᠨᠠᠪᠴᠢ ᠨᠢ ᠦᠯᠬᠦᠰᠢᠭᠰᠡᠨ ᠤ ᠲᠠᠷᠠᠭ᠎ᠠ ᠪᠠᠭ᠎ᠠ ᠬᠠᠳᠠᠭᠠᠪᠠᠯ ᠰᠢᠷᠬ᠎ᠠ ᠨᠢ ᠡᠳᠡᠭᠡᠷᠡᠭᠦ ᠶᠢ ᠠᠭᠢᠭᠤᠯᠵᠤ ᠴᠢᠳᠠᠨ᠎ᠠ᠃ ᠦᠨᠳᠦᠰᠦᠯᠡᠭᠦ ᠶᠢ ᠨᠢ ᠠᠭᠢᠭᠤᠯᠬᠤ ᠶᠢᠨ ᠲᠤᠰᠠᠳᠠ᠂ 50ppm ᠨᠠᠹᠲ᠋ᠠᠯᠧᠨᠳᠦ ᠡᠲᠨ ᠭᠦᠴᠢᠯ ᠪᠤᠶᠤ 100ppm ᠢᠨᠳᠤᠯ ᠡᠲᠨ ᠭᠦᠴᠢᠯ᠂ ᠡᠰᠡᠭᠦᠯ᠎ᠠ ᠡᠨᠡ ᠬᠤᠶᠠᠭᠤᠯᠠ ᠶᠢᠨ ᠬᠤᠯᠢᠮᠠᠭ ᠰᠢᠩᠭᠡᠨ ᠳᠤ ᠰᠠᠭᠤᠯᠭᠠᠬᠤ ᠰᠠᠯᠠᠭ᠎ᠠ ᠪᠠᠨ 10 ᠮᠢᠨᠦ᠋ᠲ ᠤᠷᠴᠢᠮ ᠲᠡᠪᠳᠦᠭᠡᠵᠤ ᠰᠠᠶᠢᠳᠤᠷ ᠤᠭᠢᠶᠠᠭᠠᠳ᠂ ᠰᠠᠯᠠᠭ᠎ᠠ ᠪᠦᠷᠢ ᠶᠢ 8~10cm ᠵᠠᠶᠢᠳᠠᠢ ᠪᠠᠷ ᠴᠢᠭᠢ ᠪᠤᠶᠢᠵᠢᠭᠤᠯᠬᠤ ᠲᠠᠯᠠᠪᠠᠢ ᠳᠠᠭᠠᠨ ᠰᠠᠭᠤᠯᠭᠠᠨ᠎ᠠ᠃ ᠴᠢᠭᠢ ᠪᠤᠶᠢᠵᠢᠭᠤᠯᠬᠤ ᠲᠠᠯᠠᠪᠠᠢ ᠶᠢᠨ ᠰᠢᠷᠤᠢ ᠳᠤ ᠭᠤᠤᠯ ᠤᠨ ᠰᠠᠶᠢᠷ᠂ ᠡᠪᠡᠰᠤᠨ ᠤ ᠦᠨᠡᠰᠤ᠂ ᠦᠤᠯᠭᠡᠭᠰᠡᠨ ᠠᠳᠤᠭᠤᠨ ᠤ ᠬᠤᠮᠤᠤᠯ᠂ ᠵᠤᠤᠬᠠᠨ ᠤ ᠨᠠᠷᠢᠨ ᠦᠨᠡᠰᠤ ᠶᠢ ᠨᠢᠭᠡᠨ ᠤ ᠨᠢᠭᠡ ᠪᠠᠷ ᠨᠠᠶᠢᠷᠠᠭᠤᠯᠤᠨ ᠭᠡᠷᠡᠭᠯᠡᠨ᠎ᠡ᠃ ᠰᠠᠯᠠᠭ᠎ᠠ ᠪᠠᠨ ᠰᠠᠭᠤᠯᠭᠠᠠᠠᠰᠠᠨ ᠤ ᠰᠡᠭᠦᠯᠡᠷ ᠭᠦᠢᠴᠡᠳ ᠤᠰᠤᠯᠠᠵᠤ᠂ ᠵᠢᠵᠢᠭ ᠰᠠᠷᠠᠪᠴᠢ ᠪᠤᠰᠬᠠᠵᠤ᠂ ᠭᠡᠷᠡᠯ ᠢ ᠬᠠᠯᠬᠠᠯᠠᠨ ᠲᠤᠯᠠᠭᠠᠨ ᠢ ᠬᠠᠮᠠᠭᠠᠯᠠᠨ᠎ᠠ᠃ ᠲᠤᠯᠠᠭᠠᠨ ᠤ ᠭᠡᠮᠵᠢᠶ᠎ᠠ ᠶᠢ ᠡᠳᠤᠷ ᠲᠡᠭᠡᠨ 22℃~30℃᠂ ᠰᠦᠨᠢ ᠳᠡᠭᠡᠨ 15℃~18℃ ᠪᠠᠶᠢᠯᠭᠠᠪᠠᠯ᠂ ᠠᠷᠪᠡᠨ ᠡᠳᠤᠷ ᠪᠤᠯᠪᠠᠯ ᠡᠭᠢᠯᠡᠨ ᠦᠨᠳᠤᠰᠦᠯᠡᠵᠤ᠂ 15 ᠡᠳᠤᠷ ᠪᠤᠯᠪᠠᠯ ᠭᠡᠪ ᠤᠨ ᠶᠤᠰᠤᠭᠠᠷ ᠤᠷᠭᠤᠵᠤ ᠡᠭᠢᠯᠡᠨ᠎ᠡ᠃ ᠤᠠᠠᠳᠤᠯᠤᠨ ᠰᠠᠭᠤᠯᠭᠠᠵᠤ ᠴᠢᠭᠢ ᠪᠤᠶᠢᠵᠢᠭᠤᠯᠬᠤ ᠠᠵᠢᠯ ᠢ 6 ᠳ᠋ᠤᠭᠠᠷ ᠰᠠᠷ᠎ᠠ ᠶᠢᠨ ᠲᠤᠮᠳᠡᠴᠢ ᠠᠴᠠ 7 ᠳ᠋ᠤᠭᠠᠷ ᠰᠠᠷ᠎ᠠ ᠶᠢᠨ ᠡᠭᠢ ᠪᠠᠷ ᠭᠢᠵᠤ ᠪᠠᠷᠠᠭᠠᠨ᠎ᠠ᠃ ︵ 7︶ ᠰᠠᠭᠤᠷᠢᠰᠢᠭᠤᠯᠤᠨ ᠲᠠᠷᠢᠬᠤ ᠠᠴᠠ ᠪᠠᠨ ᠡᠮᠦᠨ᠎ᠠ ᠶᠠᠮᠠᠷ ᠪᠡᠯᠡᠳᠭᠡᠯ ᠠᠵᠢᠯ ᠤᠳ ᠢ ᠭᠢᠭᠦ ᠪᠤᠢ︖ ᠬᠠᠪᠤᠷ ᠤᠨ ᠭᠤᠤᠷᠰᠤ ᠶᠢᠨ ᠲᠦᠪᠡᠳ ᠬᠠᠰᠢ ᠪᠤᠯ ᠶᠠᠷᠦᠩᠭᠡᠢ ᠳᠡᠭᠡᠨ ᠮᠤ᠋ ᠪᠦᠷᠢ ᠳᠤ 5000kg ᠴᠢᠨᠠᠷ ᠰᠠᠶᠢᠳᠠᠢ ᠤᠷᠭᠠᠨᠢᠭ ᠪᠤᠷᠳᠤᠭᠤᠷ ᠤᠷᠤᠭᠤᠯᠤᠨ᠎ᠠ᠃ ᠲᠤᠷᠰᠢᠯᠭ᠎ᠠ ᠠᠴᠠ ᠦᠵᠡᠪᠡᠯ ᠤᠷᠭᠠᠨᠢᠭ ᠪᠤᠷᠳᠤᠭᠤᠷ ᠤᠨ ᠬᠠᠷᠢᠴᠠᠯ ᠢ ᠭᠠᠭ᠋ᠠᠢ ᠶᠢᠨ ᠪᠠᠭᠠᠰᠤ 50%᠂ ᠲᠠᠭᠢᠶᠠᠨ ᠪᠠᠭᠠᠰᠤ 15%᠂ ᠠᠳᠤᠭᠤᠨ ᠤ ᠬᠤᠮᠤᠤᠯ 35% ᠪᠠᠷ ᠲᠤᠰᠪᠤᠷᠢ ᠡᠵᠡᠯᠡᠭᠦᠯᠪᠡᠯ ᠬᠠᠮᠤᠭ ᠤᠨ ᠰᠠᠶᠢᠨ ᠪᠠᠶᠢᠳᠠᠭ᠃ ᠡᠭᠦᠨ ᠤ ᠬᠠᠮᠳᠤ ᠭᠡᠳᠤ ᠹᠤᠰᠹᠤᠷ ᠭᠦᠴᠢᠯ ᠤᠨ ᠺᠠᠯᠼ 50~70kg ᠪᠤᠶᠤ ᠭᠤᠷᠪᠡᠨ ᠨᠡᠶᠢᠯᠡᠮᠡᠯ ᠪᠤᠷᠳᠤᠭᠤᠷ ᠢ 40~50kg ᠤᠷᠤᠭᠤᠯᠤᠨ᠎ᠠ᠃ ᠭᠦᠯᠡᠮᠵᠢᠨ ᠳᠤ ᠨᠠᠮᠤᠷ ᠤᠨ ᠭᠤᠤᠷᠰᠤ ᠲᠠᠷᠢᠬᠤ ᠳᠤ ᠲᠦᠪᠡᠳ ᠬᠠᠰᠢ ᠶᠢᠨ ᠤᠨᠠᠯᠳᠠ ᠪᠠ ᠶᠠᠰᠤ ᠴᠢᠨᠠᠷ ᠢ ᠲᠡᠭᠡᠭᠰᠢᠯᠡᠭᠦᠯᠭᠦ ᠶᠢᠨ ᠲᠤᠰᠠᠳᠠ ᠰᠠᠭᠤᠷᠢ ᠪᠤᠷᠳᠤᠭᠤᠷ ᠤᠷᠤᠭᠤᠯᠬᠤ ᠳᠤ ᠭᠤᠤᠯ ᠨᠢ ᠹᠤᠰᠹᠤᠷ᠂ ᠺᠠᠯᠢ᠂ ᠺᠠᠯᠼ ᠤᠨ ᠲᠤᠳᠠᠮᠠᠭ ᠢ ᠨᠦᠭᠦᠨ ᠤᠷᠤᠭᠤᠯᠬᠤ ᠵᠠᠷᠴᠢᠮ ᠢ ᠪᠠᠷᠢᠮᠳᠡᠯᠡᠨᠡ᠃ ᠡᠶᠢᠮᠤ ᠠᠴᠠ ᠮᠤ᠋ ᠪᠦᠷᠢ 2000kg ᠭᠦᠢᠴᠡᠳ ᠦᠤᠭ᠍ᠰᠡᠨ ᠲᠠᠭᠢᠶᠠᠨ ᠪᠠᠭᠠᠰᠤ ᠪᠤᠶᠤ ᠬᠤᠨᠢᠨ ᠬᠤᠷᠭᠤᠯ᠂ 30~40kg ᠹᠤᠰᠹᠤᠷ ᠭᠦᠴᠢᠯ ᠤᠨ ᠬᠤᠶᠠᠷᠴᠢ ᠠᠮᠮᠤᠨᠢ᠂ ᠶᠠᠰᠤᠨ ᠤ ᠨᠤᠨᠳᠠᠭ ᠪᠤᠶᠤ ᠭᠡᠳᠤ ᠹᠤᠰᠹᠤᠷ ᠭᠦᠴᠢᠯ ᠤᠨ ᠺᠠᠯᠼ ᠤᠷᠤᠭᠤᠯᠤᠨ᠎ᠠ᠃ ᠬᠠᠪᠤᠷ ᠡᠷᠳᠡ ᠶᠢᠨ ᠭᠤᠤᠷᠰᠤ ᠶᠢᠨ ᠲᠦᠪᠡᠳ ᠬᠠᠰᠢ ᠶᠢᠨ ᠭᠠᠵᠠᠷ ᠢᠶᠠᠨ ᠡᠷᠳ᠋ᠨ ᠤᠷᠪᠠᠭᠤᠯᠤᠨ᠎ᠠ᠃ ᠬᠤᠶᠠᠷ ᠤᠳᠠᠭ᠎ᠠ ᠤᠷᠪᠠᠭᠤᠯᠵᠤ᠂ ᠭᠦᠷᠤᠰᠤ ᠰᠢᠷᠤᠢ ᠶᠢ ᠪᠤᠯᠪᠠᠰᠤᠷᠠᠭᠤᠯᠵᠤ᠂ ᠭᠠᠵᠠᠷ ᠤᠨ ᠲᠤᠯᠠᠭᠠᠨ ᠢ ᠲᠡᠭᠡᠭᠰᠢᠯᠡᠭᠦᠯᠦᠨ᠎ᠠ᠃ ᠲᠠᠷᠠᠭ᠎ᠠ ᠪᠠᠷ ᠨᠢ ᠲᠠᠯᠠᠩ ᠪᠤᠰᠬᠠᠨ ᠪᠦᠷᠭᠦᠭᠦᠯ ᠢᠶᠠᠨ ᠲᠠᠷᠤᠵᠤ᠂ ᠪᠦᠷᠭᠦᠭᠦᠯ ᠤᠨ ᠲᠤᠤᠷ᠎ᠠ ᠲᠠᠯᠳᠠ ᠤᠰᠤᠯᠠᠯᠳᠠ ᠶᠢᠨ ᠮᠡᠷᠭᠡᠵᠢᠯ ᠢ ᠭᠡᠷᠡᠭᠯᠡᠨ᠎ᠡ᠃ ᠨᠠᠮᠤᠷ ᠤᠨ ᠭᠤᠤᠷᠰᠤᠨ ᠤ ᠭᠦᠯᠡᠮᠵᠢᠨ ᠤ ᠲᠦᠪᠡᠳ ᠬᠠᠰᠢ ᠶᠢ ᠲᠠᠯᠠᠩᠨᠠᠭᠤᠯᠤᠨ ᠲᠠᠷᠢᠵᠤ᠂ ᠪᠦᠷᠭᠦᠭᠦᠯ ᠲᠠᠳᠠᠬᠤ ᠦᠭᠡᠢ ᠪᠤᠶᠤ ᠲᠡᠭᠰᠢ ᠲᠠᠳᠠᠭᠠᠯ ᠳᠤ ᠲᠠᠷᠢᠵᠤ ᠪᠤᠯᠤᠨ᠎ᠠ᠃ ︵8︶ ᠶᠠᠮᠠᠷ ᠦᠶ᠎ᠠ ᠳᠤ ᠰᠠᠭᠤᠷᠢᠰᠢᠭᠤᠯᠤᠨ ᠲᠠᠷᠢᠬᠤ ᠪᠤᠢ︖ ᠡᠭᠦᠨ ᠳᠤ ᠶᠠᠭᠤ ᠶᠢ ᠠᠩᠬᠠᠷᠬᠤ ᠪᠤᠢ︖ ᠰᠠᠭᠤᠷᠢᠰᠢᠭᠤᠯᠤᠨ ᠲᠠᠷᠢᠬᠤ ᠳᠤ ᠶᠠᠷᠦᠩᠭᠡᠢ ᠳᠡᠭᠡᠨ 1 ᠳ᠋ᠤᠭᠡᠷ ᠰᠠᠷ᠎ᠠ ᠶᠢᠨ ᠲᠤᠮᠳᠡᠴᠢ ᠠᠴᠠ 2 ᠳ᠋ᠤᠭᠠᠷ ᠰᠠᠷ᠎ᠠ ᠶᠢᠨ ᠡᠭᠢ ᠪᠤᠯᠳᠠᠯᠠᠭᠢ ᠬᠠᠪᠤᠷ ᠡᠷᠳᠡ ᠶᠢᠨ ᠭᠠᠵᠠᠷ ᠤᠨ ᠲᠤᠯᠠᠭᠠᠨ ᠨᠢ 9℃ ᠠᠴᠠ ᠲᠡᠭᠡᠭᠰᠢ ᠳᠤ ᠲᠤᠠᠠᠳᠠᠪᠤᠷᠢᠵᠢᠵᠤ᠂ ᠬᠠᠮᠤᠭ ᠤᠨ ᠲᠤᠤᠷ᠎ᠠ ᠲᠤᠯᠠᠭᠠᠨ ᠤ ᠭᠡᠮᠵᠢᠶ᠎ᠠ ᠨᠢ 0℃ ᠠᠴᠠ ᠲᠡᠭᠡᠭᠰᠢ ᠳᠤ ᠲᠤᠠᠠᠳᠠᠪᠤᠷᠢᠵᠢᠵᠤ᠂ ᠡᠳᠤᠷ ᠤᠨ ᠲᠤᠯᠠᠭᠠᠨ ᠤ ᠭᠡᠮᠵᠢᠶ᠎ᠠ ᠨᠢ 20℃~25℃ ᠤᠷᠴᠢᠮ ᠳᠤ 6 ᠴᠠᠭ ᠠᠴᠠ ᠤᠷᠳᠤ ᠪᠤᠯᠬᠤ ᠦᠶ᠎ᠠ ᠳᠤ ᠲᠦᠪᠡᠳ ᠬᠠᠰᠢ ᠶᠢ ᠰᠠᠭᠤᠷᠢᠰᠢᠭᠤᠯᠤᠨ ᠲᠠᠷᠢᠵᠤ ᠪᠤᠯᠤᠨ᠎ᠠ᠃ ᠰᠠᠭᠤᠷᠢᠰᠢᠭᠤᠯᠤᠨ ᠲᠠᠷᠢᠬᠤ ᠠᠴᠠ ᠪᠠᠨ ᠡᠮᠦᠨ᠎ᠠ᠂ ᠤᠷᠭᠤᠯᠳᠠ ᠨᠢ ᠲᠠᠷᠢ ᠲᠡᠭᠰᠢ ᠢᠳᠡᠷᠡᠭᠦᠨ ᠴᠢᠭᠢ ᠶᠢ ᠰᠤᠩᠭᠤᠨ᠂ ᠲᠤᠩᠭᠠᠯᠠᠭ ᠡᠳᠤᠷ ᠤᠨ ᠦᠳᠡ ᠶᠢᠨ ᠡᠮᠦᠨᠡᠭᠢ ᠴᠠᠭ ᠢ ᠰᠤᠩᠭᠤᠨ ᠲᠠᠷᠢᠨ᠎ᠠ᠃ ᠲᠠᠷᠢᠬᠤ ᠳᠠᠭᠠᠨ ᠲᠠᠯᠠᠩ ᠪᠤᠰᠬᠠᠨ ᠪᠦᠷᠭᠦᠭᠦᠯ ᠪᠦᠷᠢᠵᠤ ᠲᠠᠷᠢᠬᠤ ᠮᠦᠷᠳᠡᠭᠡᠨ ᠲᠡᠯᠡᠩ ᠤᠨ ᠵᠤᠷᠠᠭ᠎ᠠ ᠶᠢᠨ ᠵᠠᠢ ᠶᠢ 40cm᠂ ᠲᠠᠯᠠᠩ ᠤᠨ ᠲᠤᠮᠤ ᠵᠤᠷᠠᠭ᠎ᠠ ᠶᠢᠨ ᠵᠠᠢ ᠶᠢ 60cm᠂ ᠰᠠᠭᠤᠷᠢ ᠶᠢᠨ ᠵᠠᠢ ᠶᠢ 30~33cm ᠪᠠᠶᠢᠯᠭᠠᠨ᠎ᠠ᠃ ᠭᠦᠯᠡᠮᠵᠢ ᠶᠢᠨ ᠡᠮᠦᠨ᠎ᠠ ᠲᠠᠯ᠎ᠠ ᠨᠢ ᠭᠡᠷᠡᠯ ᠰᠠᠶᠢᠨ ᠲᠤᠰᠬᠤ ᠪᠤᠯᠬᠤᠷ ᠰᠠᠭᠤᠷᠢ ᠶᠢᠨ ᠵᠠᠢ ᠶᠢ 30cm᠂ ᠭᠦᠯᠡᠮᠵᠢ ᠶᠢᠨ ᠠᠷᠤ ᠲᠠᠯ᠎ᠠ ᠨᠢ ᠭᠡᠷᠡᠯ ᠲᠤᠰᠬᠤ ᠪᠠᠷ ᠠᠨᠠᠢ ᠪᠤᠯᠬᠤᠷ 33cm ᠪᠠᠶᠢᠯᠭᠠᠵᠤ᠂ ᠮᠤ᠋ ᠪᠦᠷᠢ 3500 ᠰᠠᠭᠤᠷᠢ ᠰᠠᠭᠤᠯᠭᠠᠨ᠎ᠠ᠃ ᠬᠠᠪᠤᠷ ᠡᠷᠳᠡ ᠰᠠᠭᠤᠷᠢᠰᠢᠭᠤᠯᠤᠨ ᠲᠠᠷᠢᠬᠤ ᠦᠶ᠎ᠠ ᠳᠤ ᠤᠰᠤᠯᠠᠵᠤ᠂ 4~5 ᠬᠤᠨᠤᠭ ᠤᠨ ᠲᠠᠷᠠᠭ᠎ᠠ ᠪᠦᠷᠭᠦᠭᠦᠯ ᠤᠨ ᠲᠤᠤᠷ᠎ᠠ ᠲᠠᠯᠳᠠ ᠤᠰᠤᠯᠠᠬᠤ ᠠᠷᠭ᠎ᠠ ᠪᠠᠷ ᠴᠢᠭᠢᠯᠡᠯᠳᠡ ᠶᠢᠨ ᠤᠰᠤᠯᠠᠯᠳᠠ ᠭᠢᠨ᠎ᠠ᠃ ᠲᠠᠷᠢᠠᠠᠰᠠᠨ ᠤ ᠰᠡᠭᠦᠯᠡᠷ ᠲᠤᠯᠠᠭᠠᠨ ᠤ ᠭᠡᠮᠵᠢᠶ᠎ᠠ ᠶᠢ 25℃~30℃ ᠪᠠᠶᠢᠯᠭᠠᠵᠤ᠂ ᠶᠠᠷᠦᠩᠭᠡᠢ ᠳᠡᠭᠡᠨ 30℃ ᠠᠴᠠ ᠭᠡᠳᠦᠷᠡᠭᠦᠯᠭᠦ ᠦᠭᠡᠢ᠂ ᠰᠠᠯᠭᠢ ᠨᠡᠪᠳᠡᠷᠡᠭᠦᠯᠭᠦ ᠦᠭᠡᠢ ᠪᠠᠶᠢᠯᠭᠠᠵᠤ᠂ ᠴᠢᠭᠢᠭ ᠲᠤᠯᠠᠭᠠᠨ ᠢ ᠬᠠᠮᠠᠭᠠᠯᠠᠨ ᠴᠢᠭᠢᠯᠡᠯᠳᠡ ᠶᠢ ᠨᠢ ᠠᠭᠢᠭᠤᠯᠤᠨ᠎ᠠ᠃ ︵9︶ ᠠᠷᠠᠴᠢᠯᠠᠬᠤ ᠲᠠᠯ᠎ᠠ ᠪᠠᠷ ᠶᠠᠭᠤ ᠶᠢ ᠠᠩᠬᠠᠷᠬᠤ ᠪᠤᠢ︖ ᠡᠭᠦᠨ ᠳᠤ ᠴᠢᠭᠢᠯᠡᠭᠦᠯᠭᠦ ᠳᠡᠭᠡᠨ ᠨᠢᠭᠡ ᠤᠳᠠᠭ᠎ᠠ ᠤᠰᠤᠯᠠᠵᠤ᠂ ᠤᠰᠤᠯᠬᠠᠰᠠᠨ ᠤ ᠪᠠᠨ ᠲᠠᠷᠠᠭ᠎ᠠ ᠲᠠᠯᠠᠩ ᠤᠨ ᠭᠤᠤ ᠪᠠᠨ ᠭᠦᠨ ᠠᠷᠴᠢᠵᠤ᠂ ᠭᠠᠵᠠᠷ ᠤᠨ ᠲᠤᠯᠠᠭᠠᠨ ᠢ ᠲᠡᠭᠡᠭᠰᠢᠯᠡᠭᠦᠯᠦᠨ᠎ᠠ᠃ ᠭᠦᠷᠤᠰᠤ ᠰᠢᠷᠤᠢ ᠶᠢᠨ ᠭᠡᠢ ᠨᠡᠪᠳᠡᠷᠡᠭᠦ ᠴᠢᠨᠠᠷ ᠢ ᠲᠡᠭᠡᠭᠰᠢᠯᠡᠭᠦᠯᠵᠤ᠂ ᠦᠨᠳᠤᠰᠤᠨ ᠤᠷᠭᠤᠯᠳᠠ ᠶᠢ ᠠᠭᠢᠭᠤᠯᠤᠨ᠎ᠠ᠃ ᠲᠤᠯᠠᠭᠠᠨ ᠤ ᠭᠡᠮᠵᠢᠶ᠎ᠠ ᠶᠢ ᠡᠳᠤᠷ ᠲᠡᠭᠡᠨ 20℃~26℃᠂ ᠰᠦᠨᠢ ᠳᠡᠭᠡᠨ 12℃~15℃ ᠪᠠᠶᠢᠯᠭᠠᠨ᠎ᠠ᠃ ᠬᠠᠪᠤᠷ ᠲᠠᠭᠠᠨ ᠭᠦᠯᠡᠮᠵᠢ ᠶᠢᠨ ᠲᠤᠯᠠᠭᠠᠨ ᠢ ᠤᠷᠳᠤ ᠬᠤᠭᠤᠴᠠᠭ᠎ᠠ ᠪᠠᠷ 5℃~6℃ ᠠᠴᠠ ᠲᠤᠤᠷ᠎ᠠ ᠪᠠᠶᠢᠯᠭᠠᠵᠤ ᠪᠤᠯᠬᠤ ᠦᠭᠡᠢ᠂ ᠡᠶᠢᠮᠤ ᠪᠢᠰᠢ ᠪᠤᠯ ᠵᠠᠯ᠎ᠠ ᠨᠢ ᠤᠨᠠᠵᠤ ᠵᠢᠮᠢᠰ ᠨᠢ ᠭᠦᠰᠢᠭᠦᠷᠡᠨᠡ᠃ ᠭᠠᠵᠠᠷ ᠤᠨ ᠲᠤᠯᠠᠭᠠᠨ ᠢ 18℃~22℃ ᠪᠠᠶᠢᠯᠭᠠᠵᠤ᠂ 9℃ ᠠᠴᠠ ᠲᠤᠷᠤᠠᠠᠰᠢ ᠪᠤᠯᠪᠠᠯ ᠦᠨᠳᠤᠰᠦᠯᠡᠵᠤ ᠴᠢᠳᠠᠬᠤ ᠦᠭᠡᠢ ᠪᠦᠭᠡᠳ ᠤᠰᠤ ᠪᠤᠷᠳᠤᠭᠤᠷ ᠰᠢᠮᠡᠳᠭᠦ ᠳᠤ ᠴᠤ ᠭᠦᠴᠢᠷᠳᠡᠢ ᠪᠤᠯᠵᠤ᠂ ᠴᠢᠭᠢᠯᠡᠭᠦ ᠳᠤ ᠠᠰᠢᠭ ᠦᠭᠡᠢ ᠪᠠᠶᠢᠳᠠᠭ᠃ ᠴᠡᠴᠡᠭ ᠲᠡᠯᠭᠡᠷᠡᠭᠦ ᠵᠢᠮᠢᠰᠯᠡᠭᠦ ᠠᠴᠠ ᠨᠢ ᠡᠮᠤᠨ᠎ᠠ ᠬᠤᠶᠢᠨ᠎ᠠ᠂ ᠭᠠᠵᠠᠷ ᠲᠡᠭᠡᠷᠡᠭᠢ ᠡᠰᠢ ᠨᠠᠪᠴᠢ ᠭᠢᠭᠡᠳ ᠭᠦᠷᠦᠰᠤᠨ ᠲᠤᠤᠷᠠᠭᠢ ᠦᠨᠳᠤᠰᠤᠨ ᠰᠢᠰᠲ᠋ᠧᠮ ᠤᠨ ᠤᠷᠭᠤᠯᠳᠠ ᠶᠢ ᠲᠡᠩᠴᠡᠭᠦᠷᠢᠳᠡᠢ ᠪᠠᠶᠢᠯᠭᠠᠬᠤ ᠶᠢ ᠠᠩᠬᠠᠷᠬᠤ ᠭᠡᠷᠡᠭᠳᠡᠢ᠃ ᠲᠡᠭᠦᠨ ᠤ ᠭᠤᠤᠯ ᠬᠠᠮᠢᠶᠠᠷᠬᠤ ᠠᠷᠭ᠎ᠠ ᠭᠡᠪᠡᠯ ᠤᠰᠤᠯᠠᠬᠤ ᠶᠢ ᠲᠤᠭᠢᠷᠠᠮᠵᠢᠳᠡᠢ ᠭᠢᠵᠠᠭᠠᠷᠯᠠᠵᠤ᠂ ᠠᠷᠴᠢᠵᠤ ᠰᠢᠷᠤᠢ ᠶᠢ ᠨᠢ ᠰᠤᠯᠠᠷᠠᠭᠤᠯᠤᠨ ᠴᠢᠭᠢ ᠲᠠᠷᠤᠰᠢᠭᠤᠯᠵᠤ᠂ ᠭᠠᠵᠠᠷ ᠤᠨ ᠲᠤᠯᠠᠭᠠᠨ ᠢ ᠲᠡᠭᠡᠭᠰᠢᠯᠡᠭᠦᠯᠵᠤ᠂ ᠭᠦᠷᠦᠰᠤᠨ ᠤ ᠭᠡᠢ ᠨᠡᠪᠳᠡᠷᠡᠯᠳᠡ ᠶᠢ ᠨᠡᠮᠡᠭᠳᠡᠭᠦᠯᠵᠤ᠂ ᠦᠨᠳᠤᠰᠤᠨ ᠰᠢᠰᠲ᠋ᠧᠮ ᠤᠨ ᠡᠷᠳᠡ ᠭᠦᠭᠵᠢᠭᠦ ᠶᠢ ᠠᠭᠢᠭᠤᠯᠬᠤ ᠭᠡᠷᠡᠭᠳᠡᠢ᠃ ᠲᠤᠯᠠᠭᠠᠨ ᠤ ᠭᠡᠮᠵᠢᠶ᠎ᠠ ᠶᠢ ᠵᠢᠭᠠᠬᠠᠨ ᠲᠤᠤᠷ᠎ᠡ ᠰᠢᠬ ᠪᠠᠶᠢᠯᠭᠠᠵᠤ᠂ ᠭᠡᠷᠡᠯ ᠤᠨ ᠲᠤᠰᠤᠯᠳᠠ ᠶᠢ ᠨᠡᠮᠡᠭᠳᠡᠭᠦᠯᠵᠤ᠂ ᠡᠰᠢ ᠨᠠᠪᠴᠢ ᠶᠢᠨ ᠲᠤᠮᠤᠷᠠᠯ ᠢ ᠠᠭᠢᠭᠤᠯᠵᠤ᠂ ᠲᠡᠨᠡᠭ ᠤᠷᠭᠤᠬᠤ ᠶᠢ ᠰᠡᠷᠭᠡᠶᠢᠯᠡᠭᠦ ᠭᠡᠷᠡᠭᠳᠡᠢ᠃ ᠴᠡᠴᠡᠭ ᠲᠡᠯᠭᠡᠷᠡᠨ ᠵᠢᠮᠢᠰᠯᠡᠭᠰᠡᠨ ᠠᠴᠠ ᠬᠤᠶᠢᠰᠢ ᠵᠢᠮᠢᠰ ᠤᠨ ᠤᠷᠭᠤᠯᠳᠠ ᠶᠢᠨ ᠲᠡᠩᠴᠡᠭᠦᠷᠢ ᠶᠢ ᠰᠠᠶᠢᠳᠤᠷ ᠲᠤᠭᠢᠷᠠᠭᠤᠯᠬᠤ ᠭᠡᠷᠡᠭᠳᠡᠢ᠃ ᠨᠢᠭᠡ ᠳᠤ᠂ ᠭᠡᠳᠦᠷᠭᠡᠢ ᠡᠷᠳᠡ ᠠᠴᠠ ᠶᠡᠭᠡ ᠭᠡᠮᠵᠢᠶ᠎ᠠ ᠪᠠᠷ ᠪᠤᠷᠳᠤᠭᠤᠷ ᠨᠦᠭᠦᠭᠦ ᠪᠡ ᠤᠰᠤᠯᠠᠵᠤ ᠪᠤᠯᠬᠤ ᠦᠭᠡᠢ᠂ ᠡᠰᠢ ᠨᠠᠪᠴᠢ ᠨᠢ ᠲᠡᠨᠡᠭ ᠤᠷᠭᠤᠠᠠᠰᠠᠨ ᠠᠴᠠ ᠪᠤᠯᠵᠤ᠂ ᠴᠡᠴᠡᠭ ᠵᠢᠮᠢᠰ ᠨᠢ ᠶᠡᠭᠡ ᠪᠠᠷ ᠵᠤᠯᠭᠠᠷᠠᠵᠤ ᠤᠨᠠᠬᠤ ᠠᠴᠠ ᠰᠡᠷᠭᠡᠶᠢᠯᠡᠭᠦ ᠭᠡᠷᠡᠭᠳᠡᠢ᠃ ᠬᠤᠶᠠᠷ ᠲᠤ᠂ ᠲᠤᠯᠠᠭᠠᠨ ᠤ ᠭᠡᠮᠵᠢᠶ᠎ᠠ ᠶᠢᠨ ᠲᠠᠯ᠎ᠠ ᠪᠠᠷ ᠡᠳᠤᠷ ᠲᠡᠭᠡᠨ 20℃~28℃ ᠪᠠᠶᠢᠯᠭᠠᠵᠦ᠂ 30℃ ᠠᠴᠠ ᠭᠡᠳᠦᠷᠡᠭᠦᠯᠭᠦ ᠦᠭᠡᠢ ᠪᠠᠶᠢᠵᠤ᠂ ᠰᠦᠨᠢ ᠳᠡᠭᠡᠨ 16℃~18℃ ᠪᠠᠶᠢᠯᠭᠠᠵᠤ᠂ 15℃ ᠠᠴᠠ ᠲᠤᠤᠷ᠎ᠡ ᠪᠠᠶᠢᠯᠭᠠᠵᠤ ᠪᠤᠯᠬᠤ ᠦᠭᠡᠢ᠃ ᠲᠤᠯᠠᠭᠠᠨ ᠤ ᠭᠡᠮᠵᠢᠶ᠎ᠠ ᠨᠢ ᠭᠡᠰᠡᠭ ᠦᠨᠳᠤᠷᠵᠢᠵᠤ ᠭᠡᠰᠡᠭ ᠪᠠᠭᠤᠷᠠᠭᠠᠳ᠂ ᠲᠤᠭᠤᠰᠤᠳᠤᠬᠤ ᠨᠢ ᠮᠠᠭᠤ ᠪᠤᠯᠬᠤ ᠠᠴᠠ ᠪᠤᠯᠵᠤ ᠴᠡᠴᠡᠭ ᠵᠢᠮᠢᠰ ᠨᠢ ᠵᠤᠯᠭᠠᠷᠠᠵᠤ ᠤᠨᠠᠬᠤ ᠠᠴᠠ ᠰᠡᠷᠭᠡᠶᠢᠯᠡᠭᠦ ᠭᠡᠷᠡᠭᠳᠡᠢ᠃ ᠪᠤᠷᠳᠤᠭᠤᠷ ᠨᠦᠭᠦᠭᠦ ᠮᠡᠷᠭᠡᠵᠢᠯ᠄ ᠲᠦᠪᠡᠳ ᠬᠠᠰᠢ ᠳᠤ ᠪᠤᠷᠳᠤᠭᠤᠷ ᠨᠦᠭᠦᠵᠤ ᠤᠷᠤᠭᠤᠯᠪᠠᠯ᠂ ᠵᠢᠮᠢᠰ ᠨᠢ ᠲᠦᠷᠭᠡᠨ ᠲᠤᠮᠤᠷᠠᠵᠤ᠂ ᠮᠠᠰᠢ ᠰᠠᠶᠢᠨ ᠡᠯᠪᠡᠭ ᠬᠤᠷᠢᠶᠠᠵᠤ ᠴᠢᠳᠠᠨ᠎ᠠ᠃ ᠪᠤᠷᠳᠤᠭᠤᠷ ᠨᠦᠭᠦᠭᠦ ᠳᠤ ᠭᠤᠷᠪᠡ ᠬᠤᠪᠢᠶᠠᠨ ᠨᠦᠭᠦᠨ᠎ᠠ᠃ ᠠᠩᠬᠠᠳ᠋ᠬᠠᠴᠢ ᠤᠳᠠᠭ᠎ᠠ ᠵᠠᠯᠠᠯᠠᠯᠳᠠ ᠶᠢᠨ ᠪᠤᠷᠳᠤᠭᠤᠷ ᠤᠷᠤᠭᠤᠯᠤᠨ᠎ᠠ᠃ ᠰᠠᠭᠤᠷᠢᠰᠢᠭᠤᠯᠤᠨ ᠲᠠᠷᠢᠠᠠᠰᠠᠨ ᠤ ᠪᠠᠨ ᠰᠡᠭᠦᠯᠡᠷ 10~15 ᠡᠳᠤᠷ᠂ ᠲᠤᠬᠠᠶᠢᠯᠠᠪᠠᠯ ᠴᠢᠭᠢᠯᠡᠭᠰᠡᠨ ᠤ ᠰᠡᠭᠦᠯᠡᠷ ᠵᠠᠯᠡᠳᠤ ᠴᠢᠭᠢ ᠨᠢ ᠡᠭᠢᠯᠡᠨ ᠲᠦᠷᠭᠡᠨ ᠤᠷᠭᠤᠬᠤ ᠠᠴᠠ ᠡᠮᠦᠨ᠎ᠠ ᠠᠽᠤᠲ ᠪᠤᠷᠳᠤᠭᠤᠷ ᠢᠶᠠᠷ ᠭᠤᠤᠯ ᠪᠤᠯᠭᠠᠨ᠂ ᠶᠠᠷᠦᠩᠭᠡᠢ ᠳᠡᠭᠡᠨ 8~10kg ᠰᠢᠭᠡᠰᠦᠯᠢᠭ ᠡᠳ᠋ ᠪᠤᠶᠤ 500kg ᠭᠦᠮᠦᠨ ᠤ ᠪᠠᠭᠠᠰᠤ ᠰᠢᠭᠡᠰᠤ ᠤᠷᠤᠭᠤᠯᠤᠨ᠎ᠠ᠃ ᠪᠤᠷᠳᠤᠭᠤᠷ ᠤᠷᠤᠭᠤᠯᠤᠠᠠᠰᠠᠨ ᠤ ᠪᠠᠨ ᠲᠠᠷᠠᠭ᠎ᠠ ᠠᠷᠴᠢᠵᠤ᠂ ᠰᠢᠷᠤᠢ ᠨᠡᠮᠡᠭᠦ ᠪᠠ ᠴᠢᠭᠢ ᠲᠠᠷᠤᠰᠢᠭᠤᠯᠵᠤ᠂ ᠭᠡᠷᠪᠡ ᠰᠠᠭᠤᠷᠢ ᠪᠤᠷᠳᠤᠭᠤᠷ ᠨᠢ ᠭᠦᠢᠴᠡᠳ᠂ ᠴᠢᠭᠢ ᠨᠢ ᠢᠳᠡᠷᠡᠭᠦᠨ ᠤᠷᠭᠤᠵᠤ ᠪᠠᠶᠢᠪᠠᠯ᠂ ᠪᠤᠷᠳᠤᠭᠤᠷ ᠨᠦᠭᠦᠭᠦ ᠦᠭᠡᠢ ᠪᠠᠶᠢᠵᠤ ᠪᠤᠯᠤᠨ᠎ᠠ᠃ ᠬᠤᠶᠠᠷᠳᠡᠭᠢ ᠤᠳᠠᠭ᠎ᠠ ᠨᠢ ᠵᠢᠮᠢᠰᠯᠡᠯᠳᠡ ᠶᠢᠨ ᠪᠤᠷᠳᠤᠭᠤᠷ ᠤᠷᠤᠭᠤᠯᠤᠨ᠎ᠠ᠃ ᠪᠠᠷᠤᠭ ᠴᠡᠴᠡᠭ ᠲᠡᠯᠭᠡᠷᠡᠭᠰᠡᠨ ᠠᠴᠠ ᠨᠢ 20 ᠡᠳᠤᠷ ᠤᠨ ᠲᠠᠷᠠᠭ᠎ᠠ᠂ ᠠᠩᠬᠠᠳ᠋ᠬᠠᠴᠢ ᠲᠦᠷᠦᠭᠦᠤ ᠶᠢᠨ ᠵᠢᠮᠢᠰ ᠤᠨ ᠳ᠋ᠢᠶᠠᠮᠧᠲᠷ ᠨᠢ 5~6cm ᠪᠤᠯᠬᠤ ᠲᠤᠬᠠᠶᠢᠯᠠᠪᠠᠯ ᠵᠢᠮᠢᠰ ᠨᠢ ᠲᠠᠭᠢᠶᠠᠨ ᠦᠨᠳᠡᠭᠡᠨ ᠤ ᠭᠢᠷᠢ ᠲᠤᠮᠤ ᠪᠤᠯᠬᠤ ᠦᠶ᠎ᠠ ᠪᠤᠯ ᠵᠢᠮᠢᠰ ᠨᠢ ᠲᠦᠷᠭᠡᠨ ᠲᠤᠮᠤᠷᠠᠬᠤ ᠴᠠᠭ ᠬᠤᠭᠤᠴᠠᠭ᠎ᠠ ᠪᠤᠯᠬᠤ ᠪᠦᠭᠡᠳ ᠲᠦᠪᠡᠳ ᠬᠠᠰᠢ ᠶᠢᠨ ᠦᠷᠡᠵᠢᠯ ᠤᠨ ᠬᠤᠭᠤᠴᠠᠭᠠᠨ ᠤ ᠬᠠᠮᠤᠭ ᠤᠨ ᠴᠢᠬᠤᠯᠠ ᠪᠤᠷᠳᠤᠭᠤᠷ ᠨᠦᠭᠦᠭᠦ ᠬᠤᠭᠤᠴᠠᠭ᠎ᠠ ᠪᠤᠯᠤᠨ᠎ᠠ᠃ ᠡᠨᠡ ᠦᠶᠡᠰ ᠠᠽᠤᠲ ᠪᠤᠷᠳᠤᠭᠤᠷ ᠢᠶᠠᠷ ᠭᠤᠤᠯ ᠪᠤᠯᠭᠠᠵᠤ᠂ ᠹᠤᠰᠹᠤᠷ ᠺᠠᠯᠢ ᠶᠢᠨ ᠪᠤᠷᠳᠤᠭᠤᠷ ᠨᠦᠭᠦᠭᠦ ᠲᠠᠢ ᠤᠶᠠᠯᠳᠤᠭᠤᠯᠤᠨ᠂ ᠮᠤ᠋ ᠪᠦᠷᠢ 10~15kg ᠰᠢᠭᠡᠰᠦᠯᠢᠭ ᠡᠳ᠋ ᠨᠦᠭᠦᠨ᠎ᠠ᠃ 10~15kg ᠹᠤᠰᠹᠤᠷ ᠭᠦᠴᠢᠯ ᠤᠨ ᠬᠤᠶᠠᠷᠴᠢ ᠠᠮᠮᠤᠨᠢ ᠶᠢ ᠤᠷᠤᠭᠤᠯᠵᠤ᠂ 10~15kg ᠾᠯᠤᠷᠳᠤ ᠺᠠᠯᠢ ᠪᠤᠶᠤ ᠭᠦᠭᠦᠷ ᠭᠦᠴᠢᠯ ᠤᠨ ᠺᠠᠯᠢ ᠤᠷᠤᠭᠤᠯᠤᠨ᠎ᠠ᠃ ᠭᠤᠷᠪᠡᠳᠡᠭᠢ ᠤᠳᠠᠭ᠎ᠠ ᠪᠤᠷᠳᠤᠭᠤᠷ ᠨᠦᠭᠦᠭᠦ ᠪᠤᠯ ᠠᠩᠬᠠᠳ᠋ᠬᠠᠴᠢ ᠤᠳᠠᠭ᠎ᠠ ᠵᠢᠮᠢᠰ ᠨᠢ ᠡᠭᠢᠯᠡᠨ ᠤᠯᠠᠶᠢᠵᠤ ᠲᠡᠭᠦᠭᠦ ᠬᠤᠭᠤᠴᠠᠭ᠎ᠠ᠂ ᠬᠤᠶᠠᠳᠤᠭᠠᠷ ᠲᠦᠷᠦᠭᠦᠤ ᠶᠢᠨ ᠵᠢᠮᠢᠰ ᠨᠢ ᠭᠦᠢᠴᠡᠳ ᠰᠠᠶᠢᠨ ᠲᠤᠮᠤᠷᠠᠵᠤ᠂ ᠭᠤᠷᠪᠡᠳᠤᠭᠠᠷ ᠲᠦᠷᠦᠭᠦᠤ ᠶᠢᠨ ᠵᠢᠮᠢᠰ ᠨᠢ ᠲᠦᠷᠭᠡᠨ ᠲᠤᠮᠤᠷᠠᠵᠤ ᠪᠠᠶᠢᠭ᠎ᠠ ᠦᠶ᠎ᠠ ᠪᠤᠯᠬᠤ ᠪᠦᠭᠡᠳ ᠤᠷᠭᠤᠮᠠᠯ ᠤᠨ ᠪᠤᠷᠳᠤᠭᠤᠷ ᠭᠦᠷᠳᠡᠭᠦ ᠤᠷᠭᠢᠯ ᠤᠨ ᠬᠤᠭᠤᠴᠠᠭ᠎ᠠ ᠪᠤᠯᠤᠨ᠎ᠠ᠃ ᠡᠨᠡ ᠦᠶ᠎ᠠ ᠳᠤ ᠪᠤᠷᠳᠤᠭᠤᠷ ᠤᠷᠤᠭᠤᠯᠬᠤ ᠨᠢ ᠭᠤᠷᠪᠡᠳᠤᠭᠠᠷ ᠲᠦᠷᠦᠭᠦᠤ ᠶᠢᠨ ᠵᠢᠮᠢᠰ ᠤᠨ ᠲᠤᠮᠤᠷᠠᠯᠳᠠ ᠶᠢ ᠪᠠᠳᠤᠯᠠᠵᠤ᠂ ᠲᠦᠷᠪᠡ ᠲᠠᠪᠤᠳᠤᠭᠠᠷ ᠲᠦᠷᠦᠭᠦᠤ ᠶᠢᠨ ᠵᠢᠮᠢᠰ ᠤᠨ ᠪᠤᠶᠢᠵᠢᠯᠳᠡ ᠶᠢᠨ ᠭᠡᠷᠡᠭᠴᠡᠭᠡ ᠶᠢ ᠬᠠᠨᠭ᠍ᠭᠠᠵᠤ ᠴᠢᠳᠠᠬᠤ ᠮᠦᠷᠳᠡᠭᠡᠨ ᠪᠠᠰᠠ ᠤᠷᠭᠤᠮᠠᠯ ᠤᠨ ᠡᠷᠳᠡ ᠦᠳᠡᠯᠭᠦ ᠶᠢ ᠰᠡᠷᠭᠡᠶᠢᠯᠡᠵᠤ᠂ ᠦᠨᠳᠤᠷ ᠬᠤᠷᠢᠶᠠᠯᠳᠠ ᠶᠢ ᠪᠠᠳᠤᠯᠠᠵᠤ ᠴᠢᠳᠠᠨ᠎ᠠ᠃ ᠤᠰᠤᠯᠠᠯᠳᠠ ᠶᠢᠨ ᠮᠡᠷᠭᠡᠵᠢᠯ᠄ ᠬᠠᠪᠤᠷ ᠡᠷᠳᠡ ᠶᠢᠨ ᠭᠤᠤᠷᠰᠤᠨ ᠤ ᠲᠦᠪᠡᠳ ᠬᠠᠰᠢ ᠪᠤᠯ ᠬᠠᠪᠤᠷ ᠡᠷᠳᠡ ᠰᠠᠭᠤᠷᠢᠰᠢᠭᠤᠯᠤᠨ ᠲᠠᠷᠢᠬᠤ ᠦᠶᠡᠰ ᠭᠠᠵᠠᠷ ᠤᠨ ᠲᠤᠯᠠᠭᠠᠨ ᠢ ᠲᠡᠭᠡᠭᠰᠢᠯᠡᠭᠦᠯᠵᠤ᠂ ᠤᠰᠤᠯᠠᠯᠳᠠ ᠶᠢ ᠪᠠᠭᠠᠰᠬᠠᠨ᠎ᠠ᠃ ᠨᠠᠷᠠᠯᠠᠭ ᠭᠦᠯᠡᠮᠵᠢᠨ ᠤ ᠲᠦᠪᠡᠳ ᠬᠠᠰᠢ ᠶᠢ ᠨᠢᠯᠬ᠎ᠠ ᠴᠢᠭᠢᠨ ᠤ ᠬᠤᠭᠤᠴᠠᠭᠠᠨ ᠠᠴᠠ ᠠᠪᠤᠭᠠᠳ ᠵᠡᠯᠡᠯᠡᠭᠦ ᠬᠤᠭᠤᠴᠠᠭ᠎ᠠ ᠪᠤᠯᠳᠠᠯᠠᠭᠢ 2~3 ᠳ᠋ᠤᠭᠠᠷ ᠰᠠᠷ᠎ᠠ ᠳᠤ ᠪᠦᠷᠭᠦᠭᠦᠯ ᠤᠨ ᠲᠤᠤᠷ᠎ᠠ ᠤᠰᠤᠯᠠᠬᠤ ᠮᠡᠷᠭᠡᠵᠢᠯ ᠢ ᠭᠡᠷᠡᠭᠯᠡᠪᠡᠯ ᠲᠦᠪᠡᠳ ᠬᠠᠰᠢ ᠶᠢᠨ ᠦᠨᠳᠦᠰᠦᠯᠡᠭᠦ ᠳᠤᠨᠢ ᠲᠤᠩ ᠶᠡᠭᠡ ᠠᠰᠢᠠᠠᠳᠠᠢ ᠪᠠᠶᠢᠳᠠᠭ᠃ ᠵᠢᠮᠢᠰ ᠨᠢ ᠲᠤᠮᠤᠷᠠᠬᠤ ᠬᠤᠭᠤᠴᠠᠭᠠᠨ ᠳᠤ ᠦᠨᠳᠤᠰᠤᠨ ᠰᠢᠰᠲ᠋ᠧᠮ ᠨᠢ ᠭᠦᠭᠵᠢᠵᠤ᠂ ᠤᠰᠤᠨ ᠤ ᠭᠡᠷᠡᠭᠴᠡᠭᠡ ᠨᠢ ᠶᠡᠭᠡᠳᠭᠦ ᠪᠤᠯᠬᠤᠷ ᠲᠠᠳᠠᠭᠠᠯ ᠤᠨ ᠰᠤᠪᠠᠭ ᠢᠶᠠᠷ ᠤᠰᠤᠯᠠᠬᠤ ᠠᠷᠭ᠎ᠠ ᠶᠢ ᠭᠡᠷᠡᠭᠯᠡᠨ᠎ᠡ᠃ ᠵᠢᠮᠢᠰ ᠢ ᠶᠡᠭᠡ ᠪᠠᠷ ᠲᠡᠭᠦᠵᠤ ᠬᠤᠷᠢᠶᠠᠬᠤ ᠬᠤᠭᠤᠴᠠᠭᠠᠨ ᠳᠤ ᠴᠢᠭᠢᠭ ᠶᠡᠭᠡᠳᠡᠢ ᠠᠴᠠ ᠪᠤᠯᠵᠤ ᠭᠡᠮ ᠤᠨ ᠭᠦᠨᠦᠭᠡᠯ ᠡᠭᠦᠰᠭᠦ ᠠᠴᠠ ᠰᠡᠷᠭᠡᠶᠢᠯᠡᠭᠦ ᠶᠢᠨ ᠲᠤᠰᠠᠳᠠ ᠪᠠᠶᠢᠳᠠᠯ ᠢ ᠦᠵᠡᠨ ᠤᠰᠤᠯᠠᠬᠤ ᠵᠠᠷᠴᠢᠮ ᠢ ᠪᠠᠷᠢᠮᠳᠠᠯᠠᠵᠤ᠂ ᠲᠤᠬᠠᠶᠢᠯᠠᠪᠠᠯ ᠤᠳᠠᠭ᠎ᠠ ᠪᠦᠷᠢ ᠶᠢᠨ ᠤᠰᠤᠯᠠᠯᠳᠠ ᠶᠢᠨ ᠭᠡᠮᠵᠢᠶ᠎ᠠ ᠶᠢ ᠲᠤᠭᠢᠳᠡᠢ ᠶᠡᠭᠡᠰᠭᠡᠵᠤ᠂ ᠤᠰᠤᠯᠠᠬᠤ ᠠᠯᠤᠰᠯᠠᠯ ᠢ ᠵᠤᠭᠢᠰᠳᠡᠢ ᠤᠷᠳᠤᠳᠬᠠᠵᠤ᠂ 7~8 ᠬᠤᠨᠤᠭ ᠠᠯᠤᠰᠯᠠᠭᠠᠳ ᠨᠢᠭᠡ ᠤᠳᠠᠭ᠎ᠠ ᠤᠰᠤᠯᠠᠨ᠎ᠠ᠃ ᠬᠠᠮᠠᠭᠠᠯᠠᠯᠳᠠ ᠶᠢᠨ ᠲᠠᠷᠢᠶᠠᠨ ᠤ ᠲᠦᠪᠡᠳ ᠬᠠᠰᠢ ᠶᠢ ᠤᠰᠤᠯᠠᠬᠤ ᠳᠤ ᠴᠡᠯᠮᠡᠭ ᠡᠳᠤᠷ ᠤᠨ ᠦᠳᠡ ᠶᠢᠨ ᠡᠮᠦᠨᠡᠭᠢ ᠴᠠᠭ ᠢ ᠰᠤᠩᠭᠤᠵᠤ᠂ ᠶᠡᠭᠡ ᠤᠰᠤ ᠪᠠᠷ ᠪᠢᠯᠬᠠᠳᠠᠯ᠎ᠠ ᠤᠰᠤᠯᠠᠬᠤ ᠪᠠ ᠭᠡᠯᠭᠢᠶᠡᠵᠢᠭᠦᠯᠵᠤ ᠤᠰᠤᠯᠠᠬᠤ ᠶᠢ ᠴᠡᠭᠡᠷᠯᠡᠨ᠎ᠡ᠃ ᠭᠡᠷᠪᠡ ᠵᠢᠮᠢᠰ ᠢ ᠲᠡᠭᠦᠵᠤ ᠬᠤᠷᠢᠶᠠᠬᠤ ᠬᠤᠭᠤᠴᠠᠭᠠᠨ ᠳᠤ ᠤᠰᠤᠯᠠᠯᠳᠠ ᠶᠢᠨ ᠭᠡᠮᠵᠢᠶ᠎ᠠ ᠶᠢ ᠭᠡᠳᠦᠷᠡᠭᠦᠯᠪᠡᠯ ᠵᠢᠮᠢᠰ ᠨᠢ ᠠᠮᠠᠷᠬᠠᠨ ᠢᠵᠠᠷᠠᠵᠤ ᠬᠠᠭᠠᠷᠠᠳᠠᠭ ᠪᠠᠶᠢᠨ᠎ᠠ᠃ ᠲᠤᠯᠠᠭᠠᠨ ᠤ ᠭᠡᠮᠵᠢᠶᠠᠨ ᠤ ᠬᠠᠮᠢᠶᠠᠷᠤᠯᠳᠠ᠄ ᠬᠠᠮᠠᠭᠠᠯᠠᠯᠳᠠ ᠶᠢᠨ ᠲᠠᠷᠢᠶᠠᠨ ᠤ ᠲᠦᠪᠡᠳ ᠬᠠᠰᠢ ᠶᠢ ᠰᠠᠭᠤᠷᠢᠰᠢᠭᠤᠯᠤᠨ ᠲᠠᠷᠢᠠᠠᠰᠠᠨ ᠤ ᠰᠡᠭᠦᠯᠡᠷ ᠴᠢᠭᠢᠯᠡᠭᠦ ᠶᠢ ᠨᠢ ᠠᠭᠢᠭᠤᠯᠬᠤ ᠶᠢᠨ ᠲᠤᠰᠠᠳᠠ ᠨᠡᠯᠢᠶᠡᠳ ᠦᠨᠳᠤᠷ ᠲᠤᠯᠠᠭᠠᠨ ᠤ ᠭᠡᠮᠵᠢᠶ᠎ᠠ ᠶᠢ ᠪᠠᠳᠤᠯᠠᠵᠤ᠂ ᠡᠳᠤᠷ ᠲᠡᠭᠡᠨ 30℃ ᠤᠷᠴᠢᠮ᠂ ᠰᠦᠨᠢ ᠳᠡᠭᠡᠨ 15℃~17℃᠂ ᠭᠠᠵᠠᠷ ᠤᠨ ᠲᠤᠯᠠᠭᠠᠨ ᠢ 18℃~20℃ ᠪᠠᠶᠢᠯᠭᠠᠬᠤ ᠭᠡᠷᠡᠭᠳᠡᠢ᠂ ᠴᠢᠭᠢᠯᠡᠭᠰᠡᠨ ᠤ ᠭᠢᠨᠢ ᠰᠡᠭᠦᠯᠡᠷ ᠰᠠᠯᠭᠢ ᠨᠡᠪᠳᠡᠷᠡᠭᠦᠯᠦᠨ ᠲᠤᠯᠠᠭᠠᠨ ᠢ ᠪᠠᠭᠤᠷᠠᠭᠤᠯᠤᠨ ᠴᠢᠭᠢᠭ ᠢ ᠭᠠᠷᠭᠠᠵᠤ᠂ ᠲᠤᠯᠠᠭᠠᠨ ᠤ ᠭᠡᠮᠵᠢᠶ᠎ᠠ ᠶᠢ ᠡᠳᠤᠷ ᠲᠡᠭᠡᠨ 20℃~25℃᠂ ᠰᠦᠨᠢ ᠳᠡᠭᠡᠨ 12℃~15℃ ᠪᠠᠶᠢᠯᠭᠠᠬᠤ ᠭᠡᠷᠡᠭᠳᠡᠢ᠃ ᠴᠡᠴᠡᠭ ᠲᠡᠯᠭᠡᠷᠡᠨ ᠵᠢᠮᠢᠰᠯᠡᠭᠦ ᠬᠤᠭᠤᠴᠠᠭᠠᠨ ᠳᠤ ᠡᠳᠤᠷ ᠲᠡᠭᠡᠨ 20℃~30℃᠂ ᠰᠦᠨᠢ ᠳᠡᠭᠡᠨ 15℃~20℃ ᠪᠠᠶᠢᠯᠭᠠᠨ᠎ᠠ᠃ 15℃ ᠠᠴᠠ ᠪᠠᠭᠤᠷᠠᠬᠤ ᠪᠤᠶᠤ 30℃ ᠠᠴᠠ ᠭᠡᠳᠦᠷᠡᠭᠦᠯᠪᠡᠯ ᠲᠤᠭᠤᠰᠤᠳᠤᠬᠤ ᠨᠢ ᠮᠠᠭᠤ ᠪᠤᠯᠵᠤ᠂ ᠵᠡᠷᠡᠮᠳᠡᠭ ᠵᠢᠮᠢᠰ ᠰᠠᠭᠤᠬᠤ ᠪᠤᠯᠤᠨ᠎ᠠ᠃ ᠵᠢᠮᠢᠰ ᠨᠢ ᠲᠤᠮᠤᠷᠠᠬᠤ ᠬᠤᠭᠤᠴᠠᠭᠠᠨ ᠳᠤ ᠡᠳᠤᠷ ᠲᠡᠭᠡᠨ 25℃~28℃᠂ ᠰᠦᠨᠢ ᠳᠡᠭᠡᠨ 16℃~20℃ ᠪᠠᠶᠢᠯᠭᠠᠨ᠎ᠠ᠃ 28℃ ᠠᠴᠠ ᠭᠡᠳᠦᠷᠡᠪᠡᠯ ᠵᠢᠮᠢᠰ ᠤᠨ ᠤᠯᠠᠶᠢᠬᠤ ᠶᠢ ᠨᠦᠯᠦᠭᠡᠯᠡᠳᠡᠭ᠃ ᠭᠠᠵᠠᠷ ᠤᠨ ᠲᠤᠯᠠᠭᠠᠨ ᠢ 16℃~28℃ ᠪᠠᠶᠢᠯᠭᠠᠪᠠᠯ ᠮᠠᠰᠢ ᠲᠤᠭᠢᠷᠠᠮᠵᠢᠳᠡᠢ ᠪᠦᠭᠡᠳ 9℃ ᠠᠴᠠ ᠪᠠᠭᠤᠷᠠᠭᠤᠯᠬᠤ ᠦᠭᠡᠢ ᠪᠤᠶᠤ 29℃ ᠠᠴᠠ ᠭᠡᠳᠦᠷᠡᠭᠦᠯᠭᠦ ᠦᠭᠡᠢ ᠪᠠᠶᠢᠬᠤ ᠭᠡᠷᠡᠭᠳᠡᠢ᠃ ︵10︶ ᠨᠠᠷᠠᠯᠠᠭ ᠲᠤᠯᠠᠭᠠᠨ ᠭᠦᠯᠡᠮᠵᠢ ᠳᠤ ᠪᠤᠶᠢᠵᠢᠭᠤᠯᠤᠠᠠᠰᠠᠨ ᠨᠠᠮᠤᠷ ᠤᠨ ᠭᠤᠤᠷᠰᠤ ᠶᠢᠨ ᠲᠦᠪᠡᠳ ᠬᠠᠰᠢ ᠶᠢ ᠭᠡᠷᠭᠢᠨ ᠵᠠᠰᠠᠬᠤ ᠪᠤᠢ︖ ᠤᠯᠠᠩᠭᠢ ᠳᠠᠭᠠᠨ ᠲᠠᠩ ᠵᠠᠯ᠎ᠠ ᠶᠢᠨ ᠵᠠᠰᠠᠬᠤ ᠠᠷᠭ᠎ᠠ ᠶᠢ ᠠᠪᠤᠨ᠎ᠠ᠃ ᠭᠤᠤᠯ ᠵᠠᠯ᠎ᠠ ᠶᠢᠨ ᠲᠡᠭᠡᠷ᠎ᠡ ᠲᠠᠯ᠎ᠠ ᠶᠢᠨ ᠰᠠᠯᠠᠭ᠎ᠠ ᠶᠢ ᠪᠦᠭᠦᠨ ᠢ ᠬᠠᠶᠢᠴᠢᠯᠠᠨ ᠬᠠᠶᠠᠵᠤ᠂ ᠭᠤᠤᠯ ᠵᠠᠯ᠎ᠠ ᠳᠤ 4~5 ᠲᠠᠪᠬᠤᠷ ᠵᠢᠮᠢᠰ ᠦᠯᠡᠳᠡᠭᠡᠵᠤ᠂ ᠤᠷᠤᠢ ᠶᠢ ᠨᠢ ᠭᠢᠷᠭᠠᠨᠠ᠃ ᠤᠷᠤᠢ ᠶᠢ ᠨᠢ ᠭᠢᠷᠭᠠᠬᠤ ᠳᠤ ᠶᠠᠷᠦᠩᠭᠡᠢ ᠳᠡᠭᠡᠨ ᠬᠠᠮᠤᠭ ᠤᠨ ᠲᠡᠭᠡᠷᠡᠭᠢ ᠵᠢᠮᠢᠰ ᠤᠨ ᠲᠦᠷᠦᠭᠦᠤ ᠨᠢ ᠵᠢᠮᠢᠰᠯᠡᠭᠰᠡᠨ ᠤ ᠬᠤᠶᠢᠨ᠎ᠠ ᠲᠡᠭᠡᠳᠤ ᠭᠡᠰᠡᠭ ᠲᠤᠨᠢ ᠲᠠᠭᠢᠨ 3~4 ᠨᠠᠪᠴᠢ ᠦᠯᠡᠳᠡᠭᠡᠨ᠎ᠡ᠃ ᠬᠠᠪᠤᠷ ᠤᠨ ᠭᠤᠤᠷᠰᠤ ᠶᠢ ᠨᠢᠠᠠᠳᠠ ᠲᠠᠷᠢᠬᠤ ᠨᠢ ᠡᠷᠳᠡ ᠪᠤᠯᠪᠠᠰᠤᠷᠠᠭᠤᠯᠬᠤ ᠶᠢᠨ ᠲᠦᠯᠦᠭᠡ ᠶᠤᠮ᠃ ᠰᠠᠭᠤᠷᠢ ᠪᠦᠷᠢ 3 ᠲᠠᠪᠬᠤᠷ ᠵᠢᠮᠢᠰ ᠦᠯᠡᠳᠡᠭᠡᠵᠤ᠂ ᠲᠠᠪᠬᠤᠷ ᠪᠦᠷᠢ 4~5 ᠵᠢᠮᠢᠰ ᠦᠯᠡᠳᠡᠭᠡᠵᠤ᠂ ᠵᠢᠵᠢᠭ ᠵᠢᠮᠢᠰ ᠵᠡᠷᠡᠮᠳᠡᠭ ᠵᠢᠮᠢᠰ ᠢ ᠬᠠᠶᠢᠴᠢᠯᠠᠵᠤ ᠬᠠᠶᠠᠨ᠎ᠠ᠃ ᠨᠠᠮᠤᠷ ᠤᠨ ᠭᠤᠤᠷᠰᠤ ᠲᠠᠷᠢᠬᠤ ᠳᠤ 4 ᠲᠠᠪᠬᠤᠷ ᠵᠢᠮᠢᠰ ᠦᠯᠡᠳᠡᠭᠡᠵᠤ᠂ ᠨᠢᠭᠡ᠂ ᠬᠤᠶᠠᠷ᠂ ᠭᠤᠷᠪᠡ᠂ ᠲᠦᠷᠪᠡᠳᠦᠭᠡᠷ ᠲᠠᠪᠬᠤᠷ ᠲᠤ ᠲᠤᠰ ᠲᠤᠰ 3᠂ 4᠂ 4᠂ 3 ᠵᠢᠮᠢᠰ ᠦᠯᠡᠳᠡᠭᠡᠨ᠎ᠡ᠃ ᠭᠡᠭᠦ ᠳᠡᠭᠡᠨ ᠲᠤᠮᠤ ᠵᠢᠵᠢᠭ ᠢ ᠨᠢ ᠲᠡᠩᠴᠡᠭᠦᠯᠵᠤ᠂ ᠴᠢᠨᠠᠷ ᠰᠠᠶᠢᠳᠠᠢ ᠵᠢᠮᠢᠰ ᠤᠨ ᠬᠠᠷᠢᠴᠠᠯ ᠢ ᠲᠡᠭᠡᠭᠰᠢᠯᠡᠭᠦᠯᠦᠨ᠎ᠠ᠃ ᠲᠦᠪᠡᠳ ᠬᠠᠰᠢ ᠶᠢᠨ ᠤᠷᠤᠢ ᠶᠢ ᠨᠢ ᠭᠢᠷᠭᠠᠠᠠᠰᠠᠨ ᠤ ᠰᠡᠭᠦᠯᠡᠷ 10~15 ᠬᠤᠨᠤᠭ ᠤᠨ ᠲᠤᠳᠤᠷ᠎ᠠ ᠨᠠᠪᠴᠢᠨ ᠤ ᠲᠠᠯᠠᠪᠠᠢ ᠨᠢ 20% ᠪᠠᠷ ᠨᠡᠮᠡᠭᠳᠡᠵᠤ᠂ ᠨᠠᠪᠴᠢᠨ ᠤ ᠨᠤᠭᠤᠭᠠᠨ ᠡᠳ᠋ ᠤᠨ ᠠᠭᠤᠯᠤᠭᠳᠠᠴᠨ ᠨᠢ 21.5% ᠪᠠᠷ ᠨᠡᠮᠡᠭᠳᠡᠵᠤ᠂ ᠦᠨᠳᠤᠰᠤᠨ ᠰᠢᠰᠲ᠋ᠧᠮ ᠤᠨ ᠰᠤᠷᠭᠤᠭ ᠭᠦᠨᠳᠤ ᠨᠢ 18.3% ᠪᠠᠷ ᠨᠡᠮᠡᠭᠳᠡᠵᠤ᠂ ᠤᠨᠠᠯᠳᠠ ᠨᠢ 15%~20% ᠤᠷᠴᠢᠮ ᠨᠡᠮᠡᠭᠳᠡᠨ᠎ᠠ᠃ ᠬᠠᠷᠢᠨ ᠭᠤᠤᠯ ᠢ ᠨᠢ ᠭᠢᠷᠭᠠᠠᠠᠰᠠᠨ ᠠᠴᠠ 20 ᠡᠳᠤᠷ ᠤᠨ ᠲᠠᠷᠠᠭ᠎ᠠ ᠪᠤᠯ ᠭᠡᠷᠡᠯ ᠤᠨ ᠨᠡᠶᠢᠯᠡᠯᠭᠡ ᠶᠢᠨ ᠬᠤᠷᠴᠠ ᠨᠢ ᠪᠠᠭᠤᠷᠠᠵᠤ᠂ ᠨᠠᠪᠴᠢᠨ ᠤ ᠨᠤᠭᠤᠭᠠᠨ ᠡᠳ᠋ ᠤᠨ ᠠᠭᠤᠯᠤᠭᠳᠠᠴᠠ ᠨᠢ ᠪᠠᠭᠤᠷᠠᠵᠤ᠂ ᠦᠨᠳᠤᠰᠤᠨ ᠰᠢᠰᠲ᠋ᠧᠮ ᠤᠨ ᠠᠮᠢᠵᠢᠷᠠᠯ ᠨᠢ ᠮᠠᠭᠤᠳᠠᠵᠤ᠂ ᠤᠷᠭᠤᠮᠠᠯ ᠢ ᠡᠷᠳᠡ ᠦᠳᠡᠯᠦᠭᠦᠯᠳᠡᠭ᠃ ᠡᠶᠢᠮᠤ ᠠᠴᠠ ᠬᠠᠮᠤᠭ ᠤᠨ ᠰᠡᠭᠦᠯ ᠤᠨ ᠲᠠᠪᠬᠤᠷ ᠵᠢᠮᠢᠰ ᠨᠢ ᠫᠢᠡᠭᠫᠠᠩ ᠪᠦᠮᠪᠦᠭᠡ ᠶᠢᠨ ᠴᠢᠨᠡᠭᠡᠨ ᠪᠤᠯᠬᠤ ᠦᠶᠡᠰ ᠤᠷᠤᠢ ᠶᠢ ᠨᠢ ᠭᠢᠷᠭᠠᠪᠠᠯ ᠲᠤᠭᠢᠷᠠᠮᠵᠢᠳᠡᠢ᠃ ︵11︶ ᠨᠠᠷᠠᠯᠠᠭ ᠲᠤᠯᠠᠭᠠᠨ ᠭᠦᠯᠡᠮᠵᠢ ᠶᠢᠨ ᠬᠠᠪᠤᠷ ᠡᠷᠳᠡ ᠶᠢᠨ ᠭᠤᠤᠷᠰᠤᠨ ᠤ ᠲᠦᠪᠡᠳ ᠬᠠᠰᠢ ᠶᠢ ᠭᠡᠷᠭᠢᠨ ᠵᠠᠰᠠᠬᠤ ᠪᠤᠢ︖ ᠡᠭᠦᠨ ᠳᠤ ᠭᠤᠤᠯ ᠨᠢ ᠭᠤᠷᠪᠡᠨ ᠵᠢᠮᠢᠰ ᠦᠯᠡᠳᠡᠭᠡᠨ ᠤᠷᠤᠢ ᠶᠢ ᠨᠢ ᠭᠢᠷᠭᠠᠵᠤ᠂ ᠲᠠᠷᠠᠭ᠎ᠠ ᠪᠠᠷ ᠨᠢ ᠬᠠᠮᠤᠭ ᠤᠨ ᠢᠳᠡᠷᠡᠭᠦᠨ ᠰᠠᠯᠠᠭ᠎ᠠ ᠶᠢ ᠰᠤᠩᠭᠤᠨ ᠦᠯᠡᠳᠡᠭᠡᠵᠤ᠂ ᠲᠠᠭᠢᠨ ᠭᠤᠷᠪᠡᠨ ᠲᠦᠷᠦᠭᠦᠯᠢᠭ ᠵᠢᠮᠢᠰ ᠢ ᠦᠯᠡᠳᠡᠭᠡᠨ ᠤᠷᠤᠢ ᠶᠢ ᠨᠢ ᠭᠢᠷᠭᠠᠵᠤ᠂ ᠨᠢᠭᠡᠨ ᠰᠠᠭᠤᠷᠢ ᠲᠦᠪᠡᠳ ᠬᠠᠰᠢ ᠳᠤ ᠨᠠᠶᠢᠳᠡ 6 ᠲᠦᠷᠦᠭᠦᠯᠢᠭ ᠵᠢᠮᠢᠰ ᠦᠯᠡᠳᠡᠭᠡᠨ᠎ᠡ᠃ ᠬᠤᠶᠠᠷ ᠤᠳᠠᠭᠠᠨ ᠤ ᠤᠷᠤᠢ ᠭᠢᠷᠭᠠᠬᠤ ᠳᠤ ᠴᠦᠮ ᠭᠤᠷᠪᠡᠳᠤᠭᠠᠷ ᠴᠡᠴᠡᠭ ᠤᠨ ᠪᠠᠭ ᠭᠠᠷᠬᠤ ᠠᠴᠠ ᠡᠮᠦᠨ᠎ᠠ ᠬᠤᠶᠠᠷ ᠨᠠᠪᠴᠢ ᠦᠯᠡᠳᠡᠭᠡᠵᠤ᠂ ᠭᠤᠷᠪᠡᠳᠤᠭᠠᠷ ᠴᠡᠴᠡᠭ ᠤᠨ ᠪᠠᠭ ᠴᠡᠴᠡᠭᠯᠡᠭᠦ ᠦᠶ᠎ᠠ ᠳᠤᠨᠢ ᠤᠷᠤᠢ ᠶᠢ ᠨᠢ ᠭᠢᠷᠭᠠᠪᠠᠯ ᠲᠤᠭᠢᠷᠠᠮᠵᠢᠳᠡᠢ ᠪᠠᠶᠢᠳᠠᠭ᠃ ᠶᠢᠰᠤᠨ ᠲᠦᠷᠦᠭᠦᠤ ᠦᠯᠡᠳᠡᠭᠡᠭᠦ᠄ ᠲᠤᠬᠠᠶᠢᠯᠠᠪᠠᠯ ᠲᠦᠷᠦᠭᠦᠤ ᠶᠢ ᠨᠢ ᠬᠤᠶᠠᠷ ᠤᠳᠠᠭ᠎ᠠ ᠰᠤᠯᠢᠨ᠎ᠠ᠃ ᠭᠤᠤᠯ ᠵᠠᠯᠠᠨ ᠳᠤ ᠭᠤᠷᠪᠡᠨ ᠲᠦᠷᠦᠭᠦᠤ ᠰᠠᠭᠤᠬᠤ ᠦᠶᠡᠰ ᠤᠷᠤᠢ ᠶᠢ ᠨᠢ ᠭᠢᠷᠭᠠᠵᠤ᠂ ᠨᠢᠭᠡᠨ ᠢᠳᠡᠷᠡᠭᠦᠨ ᠰᠠᠯᠠᠭ᠎ᠠ ᠶᠢ ᠦᠯᠡᠳᠡᠭᠡᠨ ᠵᠢᠮᠢᠰᠯᠡᠭᠦᠯᠵᠦ᠂ ᠭᠤᠷᠪᠡᠨ ᠵᠢᠮᠢᠰ ᠰᠠᠭᠤᠬᠤ ᠦᠶ᠎ᠠ ᠳᠤᠨᠢ ᠪᠠᠰᠠ ᠨᠢᠭᠡ ᠢᠳᠡᠷᠡᠭᠦᠨ ᠰᠠᠯᠠᠭ᠎ᠠ ᠶᠢ ᠦᠯᠡᠳᠡᠭᠡᠨ ᠭᠤᠷᠪᠡᠨ ᠰᠠᠯᠠᠭᠠᠨ ᠳᠤ ᠨᠠᠶᠢᠳᠡ 9 ᠵᠢᠮᠢᠰ ᠰᠠᠭᠤᠯᠭᠠᠨ᠎ᠠ᠃ ᠦᠷᠭᠦᠯᠵᠢᠯᠡᠨ ᠤᠷᠤᠢ ᠶᠢ ᠨᠢ ᠲᠠᠷᠦᠵᠤ ᠲᠦᠷᠦᠭᠦᠤ ᠶᠢ ᠨᠢ ᠰᠤᠯᠢᠬᠤ ᠠᠷᠭ᠎ᠠ᠄ ᠭᠤᠤᠯ ᠡᠰᠢ ᠶᠢᠨ ᠬᠤᠶᠠᠳᠤᠭᠠᠷ ᠴᠡᠴᠡᠭ ᠤᠨ ᠪᠠᠭ ᠨᠢ ᠴᠡᠴᠡᠭ ᠲᠡᠯᠭᠡᠷᠡᠭᠰᠡᠨ ᠤ ᠰᠡᠭᠦᠯᠡᠷ᠂ ᠬᠤᠶᠠᠷ ᠨᠠᠪᠴᠢ ᠦᠯᠡᠳᠡᠭᠡᠨ ᠤᠷᠤᠢ ᠶᠢ ᠨᠢ ᠭᠢᠷᠭᠠᠵᠤ᠂ ᠨᠢᠭᠡᠳᠦᠭᠡᠷ ᠴᠡᠴᠡᠭ ᠤᠨ ᠲᠤᠤᠷ᠎ᠠ ᠲᠠᠯ᠎ᠠ ᠳᠠᠬᠢ ᠰᠠᠯᠠᠭ᠎ᠠ ᠶᠢ ᠦᠯᠡᠳᠡᠭᠡᠵᠤ᠂ ᠪᠤᠰᠤᠳ ᠰᠠᠯᠠᠭ᠎ᠠ ᠨᠤᠭᠤᠳ ᠢ ᠪᠦᠭᠦᠨ ᠢ ᠠᠪᠴᠤ ᠬᠠᠶᠠᠨ᠎ᠠ᠃ ᠨᠢᠭᠡᠳᠦᠭᠡᠷ ᠰᠠᠯᠠᠭ᠎ᠠ ᠶᠢᠨ ᠬᠤᠶᠠᠳᠤᠭᠠᠷ ᠴᠡᠴᠡᠭ ᠤᠨ ᠪᠠᠭ ᠨᠢ ᠲᠡᠯᠭᠡᠷᠡᠭᠰᠡᠨ ᠤ ᠰᠡᠭᠦᠯᠡᠷ ᠮᠦᠨ ᠬᠦ ᠠᠳᠠᠯᠢ ᠠᠷᠭ᠎ᠠ ᠪᠠᠷ ᠤᠷᠤᠢ ᠶᠢ ᠨᠢ ᠭᠢᠷᠭᠠᠨᠠ᠃ ᠠᠳᠡ ᠲᠠᠪᠤ ᠤᠳᠠᠭ᠎ᠠ ᠤᠷᠤᠢ ᠶᠢ ᠨᠢ ᠭᠢᠷᠭᠠᠵᠤ᠂ ᠨᠠᠶᠢᠳᠡ 5 ᠵᠢᠮᠢᠰ ᠤᠨ ᠰᠠᠯᠠᠭ᠎ᠠ ᠦᠯᠡᠳᠡᠭᠡᠵᠤ᠂ 10 ᠵᠢᠮᠢᠰ ᠰᠠᠭᠤᠯᠭᠠᠨ᠎ᠠ᠃ ᠤᠳᠠᠭ᠎ᠠ ᠪᠦᠷᠢ ᠤᠷᠤᠢ ᠶᠢ ᠨᠢ ᠭᠢᠷᠭᠠᠭᠰᠠᠨ ᠤ ᠰᠡᠭᠦᠯᠡᠷ ᠴᠦᠮ ᠰᠠᠯᠠᠭ᠎ᠠ ᠶᠢ ᠨᠢ ᠮᠤᠰᠭᠢᠨ᠂ ᠪᠠᠭ᠎ᠠ ᠰᠠᠭ᠎ᠠ ᠰᠡᠪᠳᠤᠭᠦᠯᠵᠤ᠂ ᠵᠢᠮᠢᠰᠯᠡᠭᠦ ᠰᠠᠯᠠᠭ᠎ᠠ ᠶᠢ ᠭᠠᠳ᠋ᠬᠠᠰᠢ ᠨᠢ 80°~90° ᠮᠡᠳᠡᠵᠤ᠂ ᠬᠤᠵᠢᠮ ᠨᠢ ᠵᠢᠮᠢᠰ ᠲᠤᠮᠤᠷᠠᠵᠤ᠂ ᠭᠦᠨᠳᠤ ᠨᠢ ᠨᠡᠮᠡᠭᠳᠡᠭᠦ ᠶᠢ ᠲᠠᠭᠠᠯᠳᠤᠨ᠂ ᠵᠢᠮᠢᠰᠯᠡᠭᠰᠡᠨ ᠰᠠᠯᠠᠭ᠎ᠠ ᠶᠢ ᠠᠭᠠᠵᠢᠮ ᠢᠶᠠᠷ ᠤᠠᠵᠢᠢᠯᠭᠠᠨᠠ᠃ ᠲᠦᠷᠦᠭᠦᠤ ᠶᠢ ᠨᠢ ᠰᠤᠯᠢᠵᠤ᠂ ᠰᠠᠯᠠᠭ᠎ᠠ ᠶᠢ ᠨᠢ ᠮᠤᠰᠭᠢᠬᠤ ᠨᠢ ᠤᠷᠭᠤᠮᠠᠯ ᠤᠨ ᠦᠨᠳᠤᠷᠴᠡ ᠶᠢ ᠪᠠᠭᠤᠷᠠᠭᠤᠯᠵᠤ᠂ ᠰᠢᠮ᠎ᠠ ᠲᠡᠵᠢᠭᠡᠯ ᠤᠨ ᠤᠯᠠᠮᠵᠢᠯᠠᠯ ᠳᠤ ᠠᠰᠢᠠᠠᠳᠠᠢ ᠪᠠᠶᠢᠳᠠᠭ᠃ ᠰᠠᠯᠠᠭ᠎ᠠ ᠶᠢ ᠨᠢ ᠮᠤᠰᠭᠢᠨ᠋ᠠᠰᠠᠨ ᠤᠷᠭᠤᠮᠠᠯ ᠤᠨ ᠲᠠᠩ ᠰᠠᠭᠤᠷᠢ ᠶᠢᠨ ᠵᠢᠮᠢᠰᠯᠡᠭᠦ ᠨᠢ ᠤᠯᠠᠨ᠂ ᠵᠢᠮᠢᠰ ᠨᠢ ᠲᠤᠮᠤ᠂ ᠤᠨᠠᠯᠳᠠ ᠨᠢ ᠦᠨᠳᠤᠷ ᠪᠠᠶᠢᠵᠤ᠂ ᠲᠠᠷᠢᠬᠤ ᠲᠤᠭ᠎ᠠ ᠶᠢ ᠪᠠᠭᠠᠰᠬᠠᠵᠤ ᠪᠤᠯᠳᠠᠭ᠃ ᠵᠢᠮᠢᠰᠯᠡᠭᠦ ᠰᠠᠯᠠᠭ᠎ᠠ ᠪᠦᠷᠢ ᠶᠢᠨ ᠵᠢᠮᠢᠰ ᠢ ᠲᠡᠭᠦᠵᠤ ᠬᠤᠷᠢᠶ᠋ᠬᠠᠰᠡᠨ ᠤ ᠰᠡᠭᠦᠯᠡᠷ ᠵᠢᠮᠢᠰ ᠰᠠᠭᠤᠠᠠᠰᠠᠨ ᠰᠠᠯᠠᠭ᠎ᠠ ᠶᠢ ᠨᠢ ᠬᠠᠶᠢᠴᠢᠯᠡᠨ ᠬᠠᠶᠠᠵᠤ᠂ ᠰᠠᠯᠭᠢ ᠨᠡᠪᠳᠡᠷᠡᠭᠦ᠂ ᠭᠡᠷᠡᠯ ᠲᠤᠰᠬᠤ᠂ ᠭᠡᠮ ᠤᠨ ᠭᠦᠨᠦᠭᠡᠯ ᠡᠭᠦᠰᠭᠦ ᠪᠡ ᠬᠠᠯᠳᠠᠪᠤᠷᠢᠯᠠᠬᠤ ᠶᠢ ᠪᠠᠭᠠᠰᠬᠠᠬᠤ ᠳᠤ ᠠᠰᠢᠠᠠᠳᠠᠢ ᠪᠤᠯᠭᠠᠨ᠎ᠠ᠃ ᠵᠤᠯᠭᠠᠷᠠᠬᠤ ᠶᠢ ᠰᠡᠷᠭᠡᠶᠢᠯᠡᠭᠦ ᠡᠳ᠋ ᠢ ᠪᠠᠰᠠ ᠹᠠᠨ ᠴᠢᠶᠧ ᠯᠢᠩ ︵番茄灵︶ ᠭᠡᠳᠡᠭ᠃ ᠰᠢᠩᠭᠡᠨ ᠦᠳᠭᠡᠴᠡ ᠲᠠᠢ ᠵᠤᠯᠭᠠᠷᠠᠬᠤ ᠶᠢ ᠰᠡᠷᠭᠡᠶᠢᠯᠡᠭᠦ ᠡᠳ᠋ ᠨᠢ ᠲᠦᠪᠡᠳ ᠬᠠᠰᠢ ᠶᠢᠨ ᠵᠦᠭᠡᠯᠡᠨ ᠨᠠᠪᠴᠢ ᠨᠢᠯᠬ᠎ᠠ ᠴᠢᠭᠢ ᠳᠤ ᠦᠨᠳᠤᠰᠤᠨ ᠳᠡᠭᠡᠨ ᠤᠷᠪᠠᠭᠤ ᠦᠢᠯᠡᠳᠦᠯ ᠦᠭᠡᠢ ᠪᠠᠶᠢᠳᠠᠭ ᠪᠦᠭᠡᠳ ᠭᠡᠷᠡᠭᠯᠡᠭᠦ ᠳᠤ ᠴᠤ ᠨᠡᠯᠢᠶᠡᠳ ᠠᠶᠤᠯ ᠦᠬᠡᠢ ᠪᠠᠶᠢᠳᠠᠭ᠃ ᠵᠢᠵᠢᠭ ᠰᠦᠷᠴᠢᠭᠦᠷ ᠮᠠᠰᠢᠨ ᠢ ᠭᠡᠷᠡᠭᠯᠡᠨ ᠴᠡᠴᠡᠭ ᠲᠤ ᠰᠦᠷᠴᠢᠪᠡᠯ᠂ ᠭᠦᠳᠡᠯᠮᠤᠷᠢ ᠭᠦᠴᠤᠨ ᠳᠤ ᠠᠷᠪᠢᠳᠡᠢ᠂ ᠦᠷ᠎ᠡ ᠪᠦᠳᠦᠮᠵᠢ ᠰᠠᠶᠢᠳᠠᠢ ᠪᠦᠭᠡᠳ ᠴᠡᠴᠡᠭ ᠵᠢᠮᠢᠰ ᠢ ᠬᠠᠮᠠᠭᠠᠯᠠᠬᠤ ᠦᠢᠯᠡᠳᠦᠯ ᠨᠢ ᠴᠤ ᠮᠠᠰᠢ ᠰᠠᠶᠢᠨ ᠪᠠᠶᠢᠳᠠᠭ ᠪᠤᠯᠬᠤᠷ ᠦᠷᠭᠡᠨ ᠤᠯᠠᠨ ᠲᠠᠷᠢᠶᠠᠴᠢᠳ ᠤᠨ ᠭᠦᠷᠢᠶᠠᠯᠡᠯ ᠢ ᠶᠡᠭᠡ ᠪᠠᠷ ᠤᠯᠵᠤ ᠪᠠᠶᠢᠨ᠎ᠠ᠃ ︵12︶ ᠲᠦᠪᠡᠳ ᠬᠠᠰᠢ ᠶᠢ ᠲᠡᠭᠦᠭᠦ ᠬᠤᠷᠢᠶᠠᠬᠤ ᠳᠤ ᠶᠠᠭᠤ ᠶᠢ ᠠᠩᠬᠠᠷᠬᠤ ᠴᠢᠬᠤᠯᠠ ᠲᠠᠢ ᠪᠤᠢ︖ ᠬᠠᠪᠤᠷ ᠡᠷᠳᠡ ᠶᠢᠨ ᠭᠤᠤᠷᠰᠤᠨ ᠤ ᠲᠦᠪᠡᠳ ᠬᠠᠰᠢ ᠨᠢ ᠴᠡᠴᠡᠭᠯᠡᠭᠦ ᠠᠴᠠ ᠠᠪᠤᠭᠠᠳ ᠵᠢᠮᠢᠰᠯᠡᠨ ᠪᠤᠯᠪᠠᠰᠤᠷᠠᠬᠤ ᠭᠦᠷᠳᠡᠯ᠎ᠡ ᠮᠠᠰᠢ ᠤᠷᠳᠤ ᠴᠠᠭ ᠭᠡᠷᠡᠭᠰᠡᠳᠡᠭ ᠪᠤᠯᠬᠤᠷ ᠭᠡᠳᠦᠷᠭᠡᠢ ᠡᠷᠳᠡ ᠬᠤᠷᠢᠶᠠᠪᠠᠯ ᠶᠠᠰᠤ ᠴᠢᠨᠠᠷ ᠨᠢ ᠪᠠᠷᠤᠠᠠᠳᠠᠢ ᠪᠤᠯᠵᠤ᠂ ᠭᠡᠳᠦᠷᠭᠡᠢ ᠤᠷᠤᠢ ᠬᠤᠷᠢᠶᠠᠪᠠᠯ ᠤᠷᠭᠤᠮᠠᠯ ᠤᠨ ᠲᠡᠭᠡᠳᠤ ᠭᠡᠰᠡᠭ ᠤᠨ ᠵᠢᠮᠢᠰ ᠤᠨ ᠤᠷᠭᠤᠯᠳᠠ ᠶᠢ ᠨᠦᠯᠦᠭᠡᠯᠡᠳᠡᠭ᠃ ᠶᠠᠷᠦᠩᠭᠡᠢ ᠳᠡᠭᠡᠨ ᠵᠢᠮᠢᠰ ᠤᠨ ᠤᠯᠠᠶᠢᠬᠤ ᠦᠶ᠎ᠠ ᠳᠤᠨᠢ ᠢ ᠰᠢ ᠯᠢ ︵乙烯利︶ ᠡᠮ ᠢ ᠭᠡᠷᠡᠭᠯᠡᠨ᠂ ᠪᠤᠯᠪᠠᠰᠤᠷᠠᠯᠳᠠ ᠶᠢ ᠨᠢ ᠲᠦᠷᠭᠡᠳᠭᠡᠭᠦ ᠭᠡᠷᠡᠭᠳᠡᠢ᠃ 40% ᠶᠢᠨ ᠢ ᠰᠢ ᠯᠢ ᠶᠢᠨ 400~800ppm ᠠᠭᠤᠰᠤᠮᠠᠯ ᠢ ᠵᠢᠮᠢᠰ ᠤᠨ ᠲᠡᠭᠡᠷ᠎ᠡ ᠲᠦᠷᠭᠢᠵᠤ᠂ ᠵᠢᠮᠢᠰ ᠨᠢ ᠤᠯᠠᠶᠢᠮᠬᠠᠴᠠ ᠲᠠᠷᠦ᠋ᠢᠬᠠᠨ ᠲᠡᠭᠦᠵᠤ ᠬᠤᠷᠢᠶᠠᠨ᠎ᠠ᠃ ᠭᠦᠯᠡᠮᠵᠢᠨ ᠳᠤ ᠲᠠᠷᠢᠠᠠᠰᠠᠨ ᠨᠠᠮᠤᠷ ᠡᠪᠤᠯ ᠤᠨ ᠭᠤᠤᠷᠰᠤᠨ ᠤ ᠲᠦᠪᠡᠳ ᠬᠠᠰᠢ ᠶᠢ ᠭᠡᠳᠦᠢ ᠤᠷᠤᠢ ᠲᠡᠭᠦᠵᠤ ᠬᠤᠷᠢᠶᠠᠪᠠᠯ ᠲᠡᠭᠦᠨ ᠤ ᠤᠨᠠᠯᠳᠠ ᠨᠢ ᠤᠯᠠᠮ ᠨᠡᠮᠡᠭᠳᠡᠳᠡᠭ᠃ ᠶᠠᠷᠦᠩᠭᠡᠢ ᠳᠡᠭᠡᠨ ᠢ ᠰᠢ ᠯᠢ ︵乙烯利︶ ᠡᠮ ᠢ ᠭᠡᠷᠡᠭᠯᠡᠭᠦ ᠦᠭᠡᠢ᠂ ᠵᠢᠮᠢᠰ ᠨᠢ ᠤᠯᠠᠶᠢᠨ ᠪᠤᠯᠪᠠᠰᠤᠷᠠᠬᠤ ᠡᠭᠢᠨ ᠤ ᠦᠶ᠎ᠠ ᠳᠤᠨᠢ ᠲᠡᠭᠦᠵᠤ ᠬᠤᠷᠢᠶᠠᠨ᠎ᠠ᠃ 11 ᠳ᠋ᠤᠭᠡᠷ ᠰᠠᠷ᠎ᠠ ᠶᠢᠨ ᠲᠤᠮᠳᠡᠴᠢ ᠪᠠᠷ ᠲᠤᠯᠠᠭᠠᠨ ᠤ ᠭᠡᠮᠵᠢᠶ᠎ᠠ ᠪᠠᠭᠤᠷᠠᠵᠤ᠂ ᠭᠡᠷᠡᠯ ᠤᠨ ᠲᠤᠰᠤᠯᠳᠠ ᠭᠦᠷᠦᠯᠴᠡᠭᠡ ᠦᠭᠡᠢ ᠪᠤᠯᠵᠤ᠂ ᠵᠢᠮᠢᠰ ᠤᠨ ᠪᠤᠯᠪᠠᠰᠤᠷᠠᠬᠤ ᠨᠢ ᠤᠳᠠᠭᠠᠨ ᠪᠤᠯᠳᠠᠭ ᠪᠤᠯᠬᠤᠷ ᠨᠤᠭᠤᠭᠠᠷᠠᠨ ᠪᠤᠯᠪᠠᠰᠤᠷᠠᠬᠤ ᠠᠴᠠ ᠠᠪᠤᠭᠠᠳ᠂ ᠤᠯᠠᠶᠢᠬᠤ ᠬᠤᠭᠤᠴᠠᠭᠠᠨ ᠳᠤᠨᠢ ᠲᠡᠭᠦᠨ ᠠᠪᠴᠤ ᠬᠠᠳᠠᠭᠠᠯᠠᠭᠠᠳ᠂ ᠤᠯᠠᠭᠠᠨ ᠢ ᠨᠢ ᠲᠡᠭᠦᠨ ᠰᠤᠩᠭᠤᠵᠤ ᠵᠠᠯᠭᠠᠭᠠᠳ ᠵᠠᠬ᠎ᠠ ᠳᠤ ᠭᠠᠷᠭᠠᠵᠤ ᠪᠤᠯᠤᠨ᠎ᠠ᠃ 5. ᠰᠢᠬᠤᠯᠤ ᠭᠤᠸ᠎ᠠ ᠲᠠᠷᠢᠬᠤ ᠮᠡᠷᠭᠡᠵᠢᠯ ︵ 1︶ ᠰᠢᠬᠤᠯᠤ ᠭᠤᠸ᠎ᠠ ᠨᠢ ᠭᠠᠳᠠᠭᠠᠳᠤ ᠤᠷᠴᠢᠨ ᠨᠦᠭᠦᠴᠡᠯ ᠳᠤ ᠶᠠᠮᠠᠷ ᠱᠠᠭᠠᠷᠳᠠᠯᠭ᠎ᠠ ᠲᠠᠢ ᠪᠠᠶᠢᠳᠠᠭ ᠪᠤᠢ︖ ① ᠲᠤᠯᠠᠭᠠᠨ ᠤ ᠭᠡᠮᠵᠢᠶ᠎ᠠ ᠶᠢᠨ ᠱᠠᠭᠠᠷᠳᠠᠯᠭ᠎ᠠ᠄ ᠦᠷ᠎ᠠ ᠶᠢᠨ ᠰᠤᠶᠤᠭᠠᠯᠠᠯᠳᠠ ᠶᠢᠨ ᠬᠠᠮᠤᠭ ᠤᠨ ᠲᠤᠤᠷ᠎ᠡ ᠲᠤᠯᠠᠭᠠᠨ ᠤ ᠭᠡᠮᠵᠢᠶ᠎ᠠ ᠪᠤᠯ 30℃ ᠪᠤᠯᠤᠨ᠎ᠠ᠃ 20℃ ᠠᠴᠠ ᠲᠤᠷᠤᠠᠠᠰᠢ ᠪᠤᠯᠪᠠᠯ ᠰᠤᠶᠤᠭᠠᠯᠠᠯᠳᠠ ᠶᠢᠨ ᠨᠤᠷᠮ᠎ᠠ ᠨᠢ ᠪᠠᠭᠤᠷᠠᠳᠠᠭ᠂ ᠬᠠᠮᠤᠭ ᠤᠨ ᠲᠤᠭᠢᠷᠠᠮᠵᠢᠳᠡᠢ ᠲᠤᠯᠠᠭᠠᠨ ᠤ ᠭᠡᠮᠵᠢᠶ᠎ᠠ ᠪᠤᠯ 20℃~30℃ ᠪᠤᠯᠤᠨ᠎ᠠ᠃ 20℃~25℃ ᠲᠤ ᠰᠤᠶᠤᠭᠠᠯᠠᠬᠤ ᠨᠢ ᠤᠳᠠᠭᠠᠨ ᠪᠤᠯᠪᠠᠴᠤ ᠵᠢᠭᠳᠡ ᠪᠠᠶᠢᠳᠠᠭ᠃ 25℃~30℃ ᠲᠤ ᠰᠤᠶᠤᠭᠠᠯᠠᠬᠤ ᠨᠢ ᠲᠦᠷᠭᠡᠨ ᠪᠤᠯᠪᠠᠴᠤ ᠵᠢᠭᠳᠡ ᠪᠤᠰᠤ ᠪᠠᠶᠢᠳᠠᠭ᠃ 12℃ ᠠᠴᠠ ᠲᠤᠷᠤᠠᠠᠰᠢ᠂ 35℃ ᠠᠴᠠ ᠦᠨᠳᠤᠷ ᠪᠤᠯᠪᠠᠯ ᠴᠦᠮ ᠰᠤᠶᠤᠭᠠᠯᠠᠯᠳᠠ ᠶᠢ ᠨᠢ ᠨᠦᠯᠦᠭᠡᠯᠡᠨ᠎ᠡ᠃ ᠰᠢᠬᠤᠯᠤ ᠭᠤᠸ᠎ᠠ ᠶᠢᠨ ᠤᠷᠭᠤᠯᠳᠠ ᠦᠷᠡᠵᠢᠯᠳᠡ ᠶᠢᠨ ᠬᠠᠮᠤᠭ ᠤᠨ ᠲᠤᠭᠢᠷᠠᠮᠵᠢᠳᠡᠢ ᠲᠤᠯᠠᠭᠠᠨ ᠤ ᠭᠡᠮᠵᠢᠶ᠎ᠠ ᠪᠤᠯ 15℃~29℃ ᠪᠤᠯᠤᠨ᠎ᠠ᠂ ᠤᠷᠭᠤᠯᠳᠠ ᠶᠢᠨ ᠬᠠᠮᠤᠭ ᠤᠨ ᠲᠤᠭᠢᠷᠠᠮᠵᠢᠳᠡᠢ ᠲᠤᠯᠠᠭᠠᠨ ᠤ ᠭᠡᠮᠵᠢᠶ᠎ᠠ ᠪᠤᠯ 18℃~25℃᠂ ᠴᠡᠴᠡᠭᠯᠡᠵᠤ ᠵᠢᠮᠢᠰᠯᠡᠭᠦ ᠶᠢᠨ ᠲᠤᠭᠢᠷᠠᠮᠵᠢᠳᠡᠢ ᠲᠤᠯᠠᠭᠠᠨ ᠪᠤᠯ 22℃~25℃ ᠪᠤᠯᠤᠨ᠎ᠠ᠃ 15℃ ᠠᠴᠠ ᠲᠤᠷᠤᠠᠠᠰᠢ ᠪᠤᠯᠪᠠᠯ ᠲᠤᠭᠤᠰᠤᠳᠤᠨ ᠦᠷᠡᠯᠡᠭᠦ ᠨᠢ ᠮᠠᠭᠤᠳᠠᠵᠤ᠂ 35℃ ᠠᠴᠠ ᠦᠨᠳᠤᠷ ᠪᠤᠯᠪᠠᠯ ᠬᠤᠶᠠᠷ ᠪᠡᠯᠭᠡ ᠶᠢᠨ ᠴᠡᠴᠡᠭ ᠠᠮᠠᠷᠬᠠᠨ ᠪᠤᠢ ᠪᠤᠯᠳᠠᠭ᠃ ᠭᠡᠷᠡᠯ ᠤᠨ ᠨᠡᠶᠢᠯᠡᠯᠭᠡ ᠶᠢᠨ ᠦᠢᠯᠡᠳᠦᠯ ᠤᠨ ᠬᠠᠮᠤᠭ ᠤᠨ ᠲᠤᠭᠢᠷᠠᠮᠵᠢᠳᠡᠢ ᠲᠤᠯᠠᠭᠠᠨ ᠤ ᠭᠡᠮᠵᠢᠶ᠎ᠠ ᠨᠢ ᠪᠤᠯ 22℃~25℃ ᠪᠤᠯᠤᠨ᠎ᠠ᠃ 5℃~15℃ ᠲᠤ ᠬᠠᠷᠠᠩᠭᠤᠢ ᠠᠮᠢᠰᠬᠤᠯ ᠤᠨ ᠬᠤᠷᠳᠤᠴᠠ ᠶᠢᠨ ᠨᠤᠷᠮ᠎ᠠ ᠨᠢ ᠮᠠᠰᠢ ᠲᠤᠷᠤᠠᠠᠰᠢᠯᠠᠵᠤ᠂ 15℃ ᠠᠴᠠ ᠭᠡᠳᠦᠷᠡᠪᠡᠯ ᠬᠠᠷᠠᠩᠭᠤᠢ ᠠᠮᠢᠰᠬᠤᠯ ᠤᠨ ᠬᠤᠷᠳᠤᠴᠠ ᠶᠢᠨ ᠨᠤᠷᠮ᠎ᠠ ᠨᠢ ᠠᠯᠭᠤᠷ ᠢᠶᠠᠷ ᠨᠡᠮᠡᠭᠳᠡᠳᠡᠭ ᠪᠠᠶᠢᠨ᠎ᠠ᠃ ᠰᠢᠬᠤᠯᠤ ᠭᠤᠸ᠎ᠠ ᠨᠢ ᠲᠤᠤᠷ᠎ᠡ ᠲᠤᠯᠠᠭᠠᠨ ᠳᠤ ᠮᠠᠰᠢ ᠲᠤᠭᠢᠷᠠᠯᠴᠠᠬᠤ ᠴᠢᠳᠠᠯ ᠲᠠᠢ ᠪᠠᠶᠢᠵᠤ᠂ ᠦᠷᠡᠯᠡᠭᠰᠡᠨ ᠵᠢᠮᠢᠰ ᠨᠢ 8℃~10℃ ᠤᠨ ᠰᠦᠨᠢ ᠶᠢᠨ ᠲᠤᠯᠠᠭᠠᠨ ᠳᠤ 16℃~20℃ ᠤᠨ ᠰᠦᠨᠢ ᠶᠢᠨ ᠲᠤᠯᠠᠭᠠᠨ ᠳᠤ ᠦᠷᠡᠯᠡᠭᠰᠡᠨ ᠵᠢᠮᠢᠰ ᠲᠠᠢ ᠨᠢᠭᠡ ᠯᠠ ᠠᠳᠠᠯᠢ ᠤᠷᠭᠤᠨ ᠲᠤᠮᠤᠷᠠᠵᠤ᠂ ᠰᠦᠨᠢ ᠳᠡᠭᠡᠨ 13℃~15℃ ᠲᠤ ᠭᠡᠷᠡᠯ ᠤᠨ ᠨᠡᠶᠢᠯᠡᠯᠭᠡ ᠶᠢᠨ ᠡᠳ᠋ ᠤᠨ ᠤᠯᠠᠷᠢᠯᠳᠡ ᠶᠢ ᠠᠭᠢᠭᠤᠯᠳᠠᠭ ᠪᠠᠶᠢᠨ᠎ᠠ᠃ ᠦᠨᠳᠤᠰᠤᠨ ᠰᠢᠰᠲ᠋ᠧᠮ ᠤᠨ ᠰᠤᠨᠤᠯᠳᠠ ᠶᠢᠨ ᠬᠠᠮᠤᠭ ᠤᠨ ᠲᠤᠤᠷ᠎ᠠ ᠲᠤᠯᠠᠭᠠᠨ ᠤ ᠭᠡᠮᠵᠢᠶ᠎ᠠ ᠪᠤᠯ 6℃~8℃᠂ ᠰᠠᠬᠠᠯ ᠦᠨᠳᠤᠰᠤᠨ ᠤ ᠤᠷᠭᠤᠯᠳᠠ ᠶᠢᠨ ᠬᠠᠮᠤᠭ ᠤᠨ ᠲᠤᠤᠷ᠎ᠠ ᠲᠤᠯᠠᠭᠠᠨ ᠤ ᠭᠡᠮᠵᠢᠶ᠎ᠠ ᠪᠤᠯ 12℃᠂ ᠬᠠᠮᠤᠭ ᠤᠨ ᠲᠤᠭᠢᠷᠠᠮᠵᠢᠳᠡᠢ ᠭᠠᠵᠠᠷ ᠤᠨ ᠲᠤᠯᠠᠭᠠᠨ ᠪᠤᠯ 20℃~22℃ ᠪᠤᠯᠤᠨ᠎ᠠ᠃ ② ᠭᠡᠷᠡᠯ ᠤᠨ ᠲᠤᠰᠤᠯᠳᠠ ᠶᠢᠨ ᠱᠠᠭᠠᠷᠳᠠᠯᠭ᠎ᠠ᠄ ᠰᠢᠬᠤᠯᠤ ᠭᠤᠸ᠎ᠠ ᠶᠢᠨ ᠭᠡᠷᠡᠯ ᠤᠨ ᠲᠤᠰᠤᠯᠳᠠ ᠶᠢᠨ ᠱᠠᠭᠠᠷᠳᠠᠯᠭ᠎ᠠ ᠨᠢ ᠦᠷᠭᠡᠰᠤᠳᠤ ᠭᠡᠮᠭᠡ ᠶᠢᠨ ᠬᠢ ᠠᠴᠠ ᠲᠤᠤᠷ᠎ᠠ ᠪᠠᠶᠢᠳᠠᠭ᠃ ᠦᠢᠯᠡᠳᠪᠤᠷᠢᠯᠡᠯ ᠤᠨ ᠦᠢᠯᠡᠳᠦᠯᠭᠡ ᠠᠴᠠ ᠦᠵᠡᠪᠡᠯ ᠵᠢᠮᠢᠰᠯᠡᠭᠦ ᠬᠤᠭᠤᠴᠠᠭᠠᠨ ᠳᠤ ᠭᠡᠷᠡᠯ ᠤᠨ ᠲᠤᠰᠤᠯᠳᠠ ᠭᠦᠢᠴᠡᠳ ᠪᠤᠯ ᠭᠡᠷᠡᠯ ᠤᠨ ᠨᠡᠶᠢᠯᠡᠯᠭᠡ ᠶᠢᠨ ᠡᠳ᠋ ᠤᠯᠠᠳᠠᠵᠤ᠂ ᠵᠢᠮᠢᠰ ᠲᠤ ᠤᠯᠠᠮᠵᠢᠯᠠᠬᠤ ᠰᠢᠮ᠎ᠠ ᠲᠡᠵᠢᠭᠡᠯ ᠨᠢ ᠠᠷᠪᠢᠳᠴᠤ᠂ ᠵᠢᠮᠢᠰ ᠨᠢ ᠮᠠᠰᠢ ᠰᠠᠶᠢᠨ ᠪᠤᠶᠢᠵᠢᠵᠤ᠂ ᠶᠠᠰᠤ ᠴᠢᠨᠠᠷ ᠨᠢ ᠲᠡᠭᠡᠭᠰᠢᠯᠡᠳᠡᠭ ᠪᠠᠶᠢᠨ᠎ᠠ᠃ ᠭᠡᠷᠡᠯ ᠤᠨ ᠲᠤᠰᠤᠯᠳᠠ ᠨᠢ ᠭᠦᠢᠴᠡᠳ ᠦᠭᠡᠢ ᠪᠤᠯ ᠭᠡᠷᠡᠯ ᠤᠨ ᠨᠡᠶᠢᠯᠡᠯᠭᠡ ᠶᠢᠨ ᠦᠢᠯᠡᠳᠦᠯ ᠨᠢ ᠭᠦᠷᠦᠯᠴᠡᠭᠡ ᠦᠭᠡᠢ ᠪᠤᠯᠵᠤ᠂ ᠰᠢᠮ᠎ᠠ ᠲᠡᠵᠢᠭᠡᠯ ᠤᠨ ᠪᠠᠶᠢᠳᠠᠯ ᠨᠢ ᠴᠤ ᠠᠨᠠᠢ ᠪᠤᠯᠵᠤ᠂ ᠵᠢᠮᠢᠰ ᠤᠨ ᠭᠡᠪ ᠤᠨ ᠪᠤᠶᠢᠵᠢᠯᠳᠡ ᠶᠢ ᠨᠦᠯᠦᠭᠡᠯᠡᠳᠡᠭ ᠪᠠᠶᠢᠨ᠎ᠠ᠃ ᠰᠢᠬᠤᠯᠤ ᠭᠤᠸ᠎ᠠ ᠶᠢᠨ ᠭᠡᠷᠡᠯ ᠲᠤᠯᠠᠭᠠᠨ ᠤ ᠨᠦᠭᠦᠴᠡᠯ ᠤᠨ ᠱᠠᠭᠠᠷᠳᠠᠯᠭ᠎ᠠ ᠶᠢ ᠨᠢ ᠬᠤᠷᠢᠶᠠᠩᠭᠤᠶᠢᠯᠠᠪᠠᠯ᠂ ᠨᠠᠷᠠᠯᠠᠭ ᠭᠦᠯᠡᠮᠵᠢ᠂ ᠰᠦᠯᠢᠶᠤᠤ ᠰᠠᠷᠠᠪᠴᠢᠨ ᠳᠤ ᠲᠠᠷᠢᠬᠤ ᠳᠤ ᠰᠢᠬᠤᠯᠤ ᠭᠤᠸ᠎ᠠ ᠶᠢ ᠦᠷᠭᠡᠰᠤᠳᠤ ᠭᠡᠮᠭᠡ ᠠᠴᠠ 20 ᠡᠳᠤᠷ ᠤᠷᠢᠳᠴᠢᠯᠡᠨ ᠲᠠᠷᠢᠬᠤ ᠪᠤᠶᠤ ᠬᠤᠶᠢᠰᠢᠯᠠᠭᠤᠯᠤᠨ ᠲᠠᠷᠢᠵᠤ ᠪᠤᠯᠤᠨ᠎ᠠ ᠭᠡᠳᠡᠭ ᠢ ᠤᠨᠤᠯ ᠪᠤᠯᠤᠨ ᠦᠢᠯᠡᠳᠦᠯᠭᠡ ᠭᠡᠷᠡᠴᠢᠯᠡᠵᠤ ᠪᠠᠶᠢᠨ᠎ᠠ᠃ ③ ᠤᠰᠤᠨ ᠤ ᠱᠠᠭᠠᠷᠳᠠᠯᠭ᠎ᠠ᠄ ᠰᠢᠬᠤᠯᠤ ᠭᠤᠸ᠎ᠠ ᠪᠤᠯ ᠴᠢᠭᠢᠭ ᠨᠦᠢᠳᠡᠨ ᠳᠤ ᠲᠤᠷᠠᠳᠡᠢ᠂ ᠬᠠᠷᠢᠨ ᠭᠠᠩ ᠬᠠᠭᠰᠠᠷᠠᠭᠠᠨ ᠳᠤ ᠲᠠᠰᠪᠤᠷᠢ ᠦᠭᠡᠢ ᠪᠠᠶᠢᠳᠠᠭ᠃ ᠢᠯᠠᠩᠭᠤᠶ᠎ᠠ ᠭᠤᠸ᠎ᠠ ᠰᠠᠭᠤᠬᠤ ᠦᠶ᠎ᠠ ᠳᠤᠨᠢ ᠭᠦᠷᠦᠰᠤ ᠰᠢᠷᠤᠢ ᠨᠢ ᠴᠢᠭᠢᠭ ᠰᠠᠶᠢᠳᠠᠢ ᠪᠠᠶᠢᠪᠠᠯ ᠰᠠᠶ᠋ᠢ ᠦᠨᠳᠤᠷ ᠬᠤᠷᠢᠶᠠᠯᠳᠠ ᠤᠯᠵᠤ ᠴᠢᠳᠠᠨ᠎ᠠ᠃ ᠰᠢᠬᠤᠯᠤ ᠭᠤᠸ᠎ᠠ ᠶᠢᠨ ᠭᠡᠷᠡᠯ ᠤᠨ ᠨᠡᠶᠢᠯᠡᠯᠭᠡ ᠶᠢᠨ ᠦᠢᠯᠡᠳᠦᠯ ᠤᠨ ᠲᠤᠭᠢᠷᠠᠮᠵᠢᠳᠡᠢ ᠭᠦᠷᠦᠰᠤᠨ ᠤ ᠴᠢᠭᠢᠭ ᠤᠨ ᠭᠡᠮᠵᠢᠶ᠎ᠠ ᠨᠢ ᠪᠤᠯ 60%~80% ᠪᠤᠯᠤᠨ᠎ᠠ᠃ ᠭᠦᠷᠦᠰᠤ ᠰᠢᠷᠤᠢ ᠶᠢᠨ ᠬᠠᠷᠢᠴᠠᠩᠭᠤᠢ ᠴᠢᠭᠢᠭ ᠤᠨ ᠭᠡᠮᠵᠢᠶ᠎ᠠ ᠨᠢ 40% ᠠᠴᠠ ᠲᠤᠷᠤᠠᠠᠰᠢ ᠪᠤᠶᠤ ᠭᠦᠷᠦᠰᠤ ᠰᠢᠷᠤᠢ ᠶᠢᠨ ᠬᠠᠷᠢᠴᠠᠩᠭᠤᠢ ᠴᠢᠭᠢᠭ ᠤᠨ ᠭᠡᠮᠵᠢᠶ᠎ᠠ ᠨᠢ 90% ᠠᠴᠠ ᠲᠡᠭᠡᠭᠰᠢ ᠪᠤᠯᠪᠠᠯ ᠭᠡᠷᠡᠯ ᠤᠨ ᠨᠡᠶᠢᠯᠡᠯᠭᠡ ᠶᠢᠨ ᠬᠤᠷᠳᠤᠴᠠ ᠶᠢᠨ ᠨᠤᠷᠮ᠎ᠠ ᠨᠢ 43.5%~55.9% ᠪᠤᠯᠵᠤ ᠪᠠᠭᠤᠷᠠᠳᠠᠭ᠃ ᠤᠷᠭᠤᠯᠳᠠ ᠦᠷᠡᠵᠢᠯᠳᠡ ᠶᠢᠨ ᠡᠭᠢᠨ ᠤ ᠬᠤᠭᠤᠴᠠᠭᠠᠨ ᠳᠤ ᠠᠷᠴᠢᠬᠤ᠂ ᠤᠰᠤ ᠶᠢ ᠭᠢᠵᠠᠭᠠᠷᠯᠠᠬᠤ ᠪᠠ ᠴᠢᠭᠢ ᠲᠠᠷᠤᠰᠢᠭᠤᠯᠬᠤ ᠪᠠᠷ ᠭᠤᠤᠯ ᠪᠤᠯᠭᠠᠵᠤ᠂ ᠬᠠᠷᠢᠨ ᠵᠢᠮᠢᠰᠯᠡᠭᠦ ᠬᠤᠭᠤᠴᠠᠭᠠᠨ ᠳᠤᠨᠢ ᠭᠦᠷᠦᠰᠤ ᠰᠢᠷᠤᠢ ᠶᠢ ᠨᠡᠯᠢᠶᠡᠳ ᠴᠢᠭᠢᠭ ᠲᠠᠢ ᠪᠠᠶᠢᠯᠭᠠᠬᠤ ᠶᠢ ᠱᠠᠭᠠᠷᠳᠠᠨ᠎ᠠ᠃ ᠰᠢᠬᠤᠯᠤ ᠭᠤᠸ᠎ᠠ ᠶᠢᠨ ᠤᠰᠤᠨ ᠤ ᠱᠠᠭᠠᠷᠳᠠᠯᠭ᠎ᠠ ᠶᠢ ᠦᠷᠭᠡᠰᠤᠳᠤ ᠭᠡᠮᠭᠡ ᠶᠢᠨ ᠬᠢ ᠲᠠᠢ ᠬᠠᠷᠢᠴᠠᠭᠤᠯᠪᠠᠯ᠂ ᠭᠠᠩ ᠳᠤ ᠲᠠᠰᠪᠤᠷᠢ ᠲᠠᠢ ᠪᠦᠭᠡᠳ ᠴᠢᠭᠢᠭ ᠲᠤ ᠲᠤᠷᠠᠳᠡᠢ᠂ ᠤᠰᠤᠳᠤᠯ ᠳᠤ ᠲᠠᠰᠪᠤᠷᠢ ᠲᠠᠢ ᠪᠠᠶᠢᠳᠠᠭ᠃ ᠵᠢᠱᠢᠶᠡᠯᠡᠪᠡᠯ ᠦᠷᠭᠡᠰᠤᠳᠤ ᠭᠡᠮᠭᠡ ᠶᠢᠨ ᠭᠦᠷᠦᠰᠤᠨ ᠰᠢᠷᠤᠢ ᠶᠢᠨ ᠴᠢᠭᠢᠭ ᠤᠨ ᠭᠡᠮᠵᠢᠶ᠎ᠠ ᠨᠢ ᠬᠠᠮᠤᠭ ᠤᠨ ᠲᠤᠤᠷ᠎ᠡ ᠳᠠᠭᠠᠨ 40%~50% ᠪᠠᠶᠢᠬᠤ ᠳᠤ ᠰᠢᠬᠤᠯᠤ ᠭᠤᠸ᠎ᠠ ᠶᠢᠨ ᠬᠠᠷᠢᠨ 40% ᠪᠠᠶᠢᠳᠠᠭ᠃ ᠦᠷᠭᠡᠰᠤᠳᠤ ᠭᠡᠮᠭᠡ ᠶᠢᠨ ᠬᠠᠮᠤᠭ ᠤᠨ ᠲᠤᠭᠢᠷᠠᠮᠵᠢᠳᠡᠢ ᠭᠦᠷᠦᠰᠤ ᠰᠢᠷᠤᠢ ᠶᠢᠨ ᠴᠢᠭᠢᠭ ᠤᠨ ᠭᠡᠮᠵᠢᠶ᠎ᠠ ᠨᠢ 60%~70% ᠪᠠᠶᠢᠬᠤ ᠳᠤ ᠰᠢᠬᠤᠯᠤ ᠭᠤᠸ᠎ᠠ ᠶᠢᠨ ᠬᠢ ᠬᠠᠷᠢᠨ 60%~80% ᠪᠠᠶᠢᠳᠠᠭ᠃ ᠦᠷᠭᠡᠰᠤᠳᠤ ᠭᠡᠮᠭᠡ ᠶᠢᠨ ᠭᠦᠷᠦᠰᠤ ᠰᠢᠷᠤᠢ ᠶᠢᠨ ᠬᠠᠮᠤᠭ ᠤᠨ ᠦᠨᠳᠤᠷ ᠴᠢᠭᠢᠭ ᠤᠨ ᠭᠡᠮᠵᠢᠶ᠎ᠠ ᠨᠢ 70%~80% ᠪᠠᠶᠢᠬᠤ ᠳᠤ ᠰᠢᠬᠤᠯᠤ ᠭᠤᠸ᠎ᠠ ᠶᠢᠨ ᠬᠢ ᠬᠠᠷᠢᠨ 90% ᠶᠢᠨ ᠴᠢᠭᠢᠭ ᠲᠠᠢ ᠪᠠᠶᠢᠬᠤ ᠳᠤ ᠮᠠᠰᠢ ᠲᠤᠭᠢᠷᠠᠮᠵᠢᠳᠡᠢ ᠪᠠᠶᠢᠳᠠᠭ᠃ ᠪᠦᠭᠴᠢᠮ ᠬᠠᠯᠠᠭᠤᠨ ᠭᠠᠩ ᠬᠠᠭᠰᠠᠷᠠᠭᠠᠨ ᠲᠠᠢ ᠨᠦᠭᠦᠴᠡᠯ ᠲᠤᠤᠷ᠎ᠡ ᠡᠪᠡᠳᠴᠢᠨ ᠤ ᠬᠤᠤᠷ ᠤᠨ ᠭᠡᠮ ᠠᠮᠠᠷᠬᠠᠨ ᠡᠭᠦᠰᠳᠡᠭ ᠪᠦᠭᠡᠳ ᠨᠠᠮᠤᠷ ᠤᠨ ᠦᠨᠳᠤᠷ ᠬᠠᠯᠠᠭᠤᠨ᠂ ᠦᠨᠳᠤᠷ ᠴᠢᠭᠢᠭ ᠲᠤ ᠴᠠᠭᠠᠨ ᠲᠤᠭᠤᠰᠤᠳᠤ ᠭᠡᠮ ᠮᠠᠰᠢ ᠠᠮᠠᠷᠬᠠᠨ ᠡᠭᠦᠰᠳᠡᠭ ᠪᠠᠶᠢᠨ᠎ᠠ᠃ ④ ᠭᠦᠷᠤᠰᠤ ᠰᠢᠷᠤᠢ ᠪᠠ ᠰᠢᠮ᠎ᠠ ᠲᠡᠵᠢᠭᠡᠯ ᠤᠨ ᠱᠠᠭᠠᠷᠳᠠᠯᠭ᠎ᠠ᠄ ᠰᠢᠬᠤᠯᠤ ᠭᠤᠸ᠎ᠠ ᠨᠢ ᠭᠦᠷᠦᠰᠤ ᠰᠢᠷᠤᠢ ᠶᠢᠨ ᠲᠠᠯ᠎ᠠ ᠪᠠᠷ ᠲᠠᠶᠢᠮᠤ ᠴᠢᠩᠭ᠎ᠠ ᠱᠠᠭᠠᠷᠳᠠᠯᠭ᠎ᠠ ᠦᠭᠡᠢ ᠪᠠᠶᠢᠳᠠᠭ᠃ ᠬᠠᠶᠢᠷᠳᠤ ᠭᠦᠷᠦᠰᠤ᠂ ᠰᠦᠪᠡᠷᠭᠡᠭ ᠭᠦᠷᠦᠰᠤ ᠪᠤᠯᠤᠨ ᠨᠠᠩᠭᠢ ᠭᠦᠷᠦᠰᠤᠨ ᠳᠤ ᠴᠦᠮ ᠲᠠᠷᠢᠵᠤ ᠪᠤᠯᠤᠨ᠎ᠠ᠃ ᠬᠠᠶᠢᠷᠳᠤ ᠰᠦᠪᠡᠷᠭᠡᠭ ᠭᠦᠷᠤᠰᠤ ᠪᠤᠯ ᠭᠦᠷᠦᠰᠤᠨ ᠤ ᠲᠤᠯᠠᠭᠠᠨ ᠨᠢ ᠲᠦᠷᠭᠡᠨ ᠲᠡᠭᠡᠭᠰᠢᠯᠡᠵᠤ᠂ ᠦᠨᠳᠤᠰᠤ ᠬᠠᠳᠬᠤᠨ ᠴᠢᠭᠢᠯᠡᠭᠦ ᠳᠤᠨᠢ ᠠᠰᠢᠠᠠᠳᠠᠢ ᠪᠠᠶᠢᠵᠤ᠂ ᠵᠠᠬ᠎ᠠ ᠲᠡᠯᠭᠡᠭᠦᠷ ᠲᠤ ᠡᠷᠳᠡ ᠬᠠᠨᠭ᠍ᠭᠠᠵᠤ ᠪᠤᠯᠳᠠᠭ᠃ ᠲᠤᠷᠰᠢᠯᠳᠡ ᠶᠢ ᠦᠨᠳᠤᠰᠦᠯᠠᠪᠯ 1000kg ᠰᠢᠬᠤᠯᠤ ᠭᠤᠸ᠎ᠠ ᠲᠠᠷᠢᠵᠤ ᠬᠤᠷᠢᠶᠠᠬᠤ ᠪᠦᠷᠢ 5.47kg ᠠᠽᠤᠲ᠂ 2.22kg ᠹᠤᠰᠹᠤᠷ᠂ 4.09kg ᠺᠠᠯᠢ ᠭᠡᠷᠡᠭᠰᠡᠵᠤ᠂ ᠡᠨᠡ ᠨᠢ ᠦᠷᠭᠡᠰᠤᠳᠤ ᠭᠡᠮᠭᠡ ᠶᠢ ᠪᠤᠳᠤᠪᠠᠯ ᠪᠤᠷᠳᠤᠭᠤᠷ ᠠᠷᠪᠢᠨ ᠭᠡᠷᠡᠭᠰᠡᠳᠡᠭ ᠪᠠᠶᠢᠨ᠎ᠠ᠃ ᠭᠦᠷᠤᠰᠤ ᠰᠢᠷᠤᠢ ᠶᠢᠨ ᠭᠦᠴᠢᠯ ᠬᠤᠵᠢᠷ ᠤᠨ ᠭᠡᠮᠵᠢᠶ᠎ᠠ ᠳᠤ ᠲᠤᠭᠢᠷᠠᠯᠴᠠᠬᠤ ᠪᠠᠷ ᠰᠠᠶᠢᠨ ᠪᠠᠶᠢᠳᠠᠭ᠃ ᠡᠷᠤᠳᠡᠰᠤᠨ ᠪᠤᠳᠠᠰ ᠤᠨ ᠰᠢᠮ᠎ᠠ ᠲᠡᠵᠢᠭᠡᠯ ᠭᠦᠷᠳᠡᠭᠦ ᠴᠢᠳᠠᠯ ᠨᠢ ᠪᠤᠯ ᠺᠠᠯᠢ — ᠠᠽᠤᠲ — ᠺᠠᠯᠼ — ᠮᠠᠩᠭᠠᠨ — ᠹᠤᠰᠹᠤᠷ ᠵᠡᠷᠭᠡ ᠪᠤᠯᠤᠨ᠎ᠠ᠃ ︵2︶ ᠰᠢᠬᠤᠯᠤ ᠭᠤᠸ᠎ᠠ ᠶᠢᠨ ᠦᠷ᠎ᠡ ᠳᠤ ᠶᠠᠮᠠᠷ ᠰᠤᠷᠲ ᠢ ᠰᠤᠩᠭᠤᠬᠤ ᠪᠤᠢ︖ ᠤᠳᠤᠬᠠᠨ ᠳᠤ ᠦᠢᠯᠡᠳᠪᠤᠷᠢᠯᠡᠯ ᠲᠡᠭᠡᠷ᠎ᠡ ᠶᠡᠭᠡ ᠭᠡᠪᠴᠢᠶ᠎ᠠ ᠪᠠᠷ ᠲᠠᠷᠢᠵᠤ ᠪᠠᠶᠢᠭ᠎ᠠ ᠡᠭᠦᠯᠳᠡᠷ ᠭᠡᠪᠡᠯ ᠳ᠋ᠠ ᠸᠠᠩ ︵达旺︶᠂ ᠽᠤᠤ ᠴᠦᠨ ᠢ ᠳ᠋ᠠᠢ ︵早春一代︶ ᠂ ᠠ ᠲᠠᠢ ︵阿太︶᠂ ᠨᠠᠪᠴᠢᠳᠤ ᠰᠢᠬᠤᠯᠤ᠂ ᠾᠸᠢ ᠮᠸᠢ ᠯᠢ ︵黑美丽︶᠂ ᠬᠤᠢ ᠼᠠᠢ ᠨᠢ ︵灰采尼︶ ᠵᠡᠷᠭᠡ ᠪᠤᠢ᠃ ᠤᠳᠤ ᠰᠢᠷ᠎ᠠ ᠵᠢᠮᠢᠰ ᠲᠠᠢ ᠰᠢᠬᠤᠯᠤ ︵香蕉西葫︶ ᠶᠢ ᠡᠭᠢᠯᠡᠨ ᠲᠡᠯᠭᠡᠷᠡᠭᠦᠯᠵᠤ ᠪᠠᠶᠢᠨ᠎ᠠ᠃ ︵3︶ ᠰᠢᠬᠤᠯᠤ ᠭᠤᠸ᠎ᠠ ᠶᠢᠨ ᠴᠢᠭᠢ ᠪᠤᠶᠢᠵᠢᠭᠤᠯᠬᠤ ᠳᠤ ᠶᠠᠮᠠᠷ ᠵᠠᠩᠭᠢᠯᠠᠭ᠎ᠠ ᠶᠢᠨ ᠮᠡᠷᠭᠡᠵᠢᠯ ᠪᠠᠶᠢᠬᠤ ᠪᠤᠢ︖ ᠢᠳᠡᠷᠡᠭᠦᠨ ᠴᠢᠭᠢ ᠶᠢᠨ ᠭᠦᠢᠴᠡᠳᠭᠡᠯ ᠲᠤᠭ᠎ᠠ ᠨᠢ ᠭᠡᠪᠡᠯ᠄ ᠰᠠᠭᠤᠷᠢ ᠶᠢᠨ ᠦᠨᠳᠤᠷ ᠨᠢ 13~15cm᠂ ᠡᠰᠢᠨ ᠤ ᠪᠦᠳᠦᠭᠦᠨ ᠨᠢ 0.4~0.5cm᠂ 3~4 ᠵᠢᠩᠭᠢᠨᠢ ᠨᠠᠪᠴᠢ ᠲᠠᠢ᠂ ᠦᠶ᠎ᠠ ᠨᠢ ᠤᠬᠤᠷ᠂ ᠰᠠᠭᠤᠷᠢ ᠨᠢ ᠠᠪᠴᠠᠯᠳᠤᠩᠭᠤᠢ᠂ ᠦᠨᠳᠤᠰᠤᠨ ᠰᠢᠰᠲ᠋ᠧᠮ ᠨᠢ ᠪᠦᠷᠢᠨ᠂ ᠭᠡᠮ ᠬᠤᠷᠤᠬᠠᠢ ᠶᠢᠨ ᠭᠦᠨᠦᠭᠡᠯ ᠦᠭᠡᠢ ᠪᠠᠶᠢᠬᠤ ᠭᠡᠷᠡᠭᠳᠡᠢ᠃ ᠰᠢᠬᠤᠯᠤ ᠭᠤᠸ᠎ᠠ ᠶᠢᠨ ᠢᠳᠡᠷᠡᠭᠦᠨ ᠴᠢᠭᠢ ᠶᠢᠨ ᠭᠦᠢᠴᠡᠳᠭᠡᠯ ᠲᠤᠭ᠎ᠠ ᠳᠤ ᠭᠦᠷᠦᠭᠦᠯᠭᠦ ᠶᠢᠨ ᠲᠤᠰᠠᠳᠠ ᠰᠢᠷᠤᠢ ᠶᠢᠨ ᠤᠪᠤᠭ᠎ᠠ ᠨᠢ ᠲᠤᠮᠤ᠂ ᠴᠢᠭᠢᠯᠡᠭᠦ ᠨᠢ ᠲᠦᠷᠭᠡᠨ᠂ ᠲᠤᠯᠠᠭᠠᠨ ᠤ ᠭᠡᠮᠵᠢᠶ᠎ᠠ ᠨᠢ ᠲᠤᠤᠷ᠎ᠠ᠂ ᠲᠤᠬᠠᠶᠢᠯᠠᠪᠠᠯ ᠴᠢᠭᠢᠯᠡᠭᠦ ᠦᠶ᠎ᠠ ᠶᠢᠨ ᠲᠤᠯᠠᠭᠠᠨ ᠤ ᠭᠡᠮᠵᠢᠶ᠎ᠠ ᠶᠢ ᠡᠳᠤᠷ ᠲᠡᠭᠡᠨ 18℃~22℃᠂ ᠰᠦᠨᠢ ᠳᠡᠭᠡᠨ 6℃~8℃ ᠪᠠᠶᠢᠯᠭᠠᠬᠤ ᠭᠡᠷᠡᠭᠳᠡᠢ᠃ ᠦᠷ᠎ᠠ ᠶᠢ ᠰᠢᠢᠳᠪᠤᠷᠢᠯᠡᠭᠦ ᠲᠠᠯ᠎ᠠ ᠪᠠᠷ ᠰᠢᠬᠤᠯᠤ ᠭᠤᠸ᠎ᠠ ᠶᠢᠨ ᠦᠷ᠎ᠡ ᠶᠢᠨ ᠮᠢᠩᠭᠠᠨ ᠮᠦᠭᠦᠯᠢᠭ ᠤᠨ ᠭᠦᠨᠳᠤ ᠶᠢ 150~200g ᠪᠠᠶᠢᠯᠭᠠᠨ᠂ ᠮᠤ᠋ ᠪᠦᠷᠢ ᠶᠢᠨ ᠲᠤᠭ᠎ᠠ ᠶᠢ 2100~2200 ᠰᠠᠭᠤᠷᠢ ᠪᠠᠶᠢᠯᠭᠠᠵᠤ᠂ ᠮᠤ᠋ ᠪᠦᠷᠢ 500g ᠦᠷ᠎ᠡ ᠭᠡᠷᠡᠭᠯᠡᠨ᠎ᠠ᠃ ᠦᠷ᠎ᠡ ᠪᠠᠨ 60℃~62℃ ᠤᠨ ᠤᠰᠤᠨ ᠳᠤ 10 ᠮᠢᠨᠦ᠋ᠲ ᠲᠡᠪᠳᠦᠭᠡᠨ ᠠᠷᠢᠭᠤᠳᠬᠠᠵᠤ᠂ ᠲᠠᠭᠢᠨ 8~12 ᠴᠠᠭ ᠲᠡᠪᠳᠦᠭᠡᠵᠤ᠂ ᠤᠰᠤ ᠶᠢ ᠨᠢ ᠱᠦᠭᠦᠷᠡᠭᠦᠯᠦᠨ ᠬᠠᠳᠠᠭᠠᠭᠠᠳ᠂ ᠨᠦᠢᠳᠡᠨ ᠱᠠ ᠪᠦᠰ ᠲᠤ ᠰᠠᠶᠢᠳᠤᠷ ᠪᠤᠭᠤᠵᠤ᠂ 20℃~25℃ ᠲᠤ 48 ᠴᠠᠭ ᠲᠠᠯᠪᠢᠵᠤ ᠰᠤᠶᠤᠭᠠᠯᠠᠭᠤᠯᠤᠨ᠎ᠠ᠃ ᠲᠠᠷᠢᠬᠤ ᠲᠠᠯ᠎ᠠ ᠪᠠᠷ ᠶᠠᠷᠦᠩᠭᠡᠢ ᠳᠡᠭᠡᠨ 12~15cm=2 ᠤᠨ ᠰᠦᠯᠢᠶᠤᠤ ᠴᠤᠮᠤ᠂ ᠰᠦᠯᠢᠶᠤᠤ ᠲᠦᠡᠭᠰᠡ ᠪᠤᠶᠤ ᠲᠦᠷᠪᠡᠯᠵᠢᠨ ᠴᠠᠭᠠᠰᠤᠨ ᠬᠠᠶᠢᠷᠴᠠᠭ ᠲᠤ ᠲᠠᠷᠢᠨ᠎ᠠ᠃ ᠴᠢᠨᠠᠷᠯᠢᠭ ᠬᠠᠰᠢᠶᠠᠨ ᠰᠢᠷᠤᠢ ᠶᠢ ᠤᠷᠭᠠᠨᠢᠭ ᠪᠤᠷᠳᠤᠭᠤᠷ ᠲᠠᠢ 6᠄ 4 ᠶᠢᠨ ᠬᠠᠷᠢᠴᠠᠯ ᠢᠶᠠᠷ ᠰᠢᠮ᠎ᠠ ᠲᠡᠵᠢᠭᠡᠯᠳᠤ ᠰᠢᠷᠤᠢ ᠪᠤᠯᠭᠠᠨ ᠨᠠᠶᠢᠷᠠᠭᠤᠯᠵᠤ᠂ ᠴᠢᠭᠢ ᠪᠤᠶᠢᠵᠢᠭᠤᠯᠬᠤ ᠲᠠᠪᠠᠭ ᠪᠦᠷᠢ ᠨᠢᠭᠡ ᠴᠢᠭᠢ ᠦᠷ᠎ᠡ ᠰᠠᠭᠤᠯᠭᠠᠵᠤ᠂ 15cm ᠰᠢᠷᠤᠢ ᠪᠠᠷ ᠬᠤᠴᠢᠨ᠎ᠠ᠃ ᠲᠠᠷᠢᠠᠠᠰᠠᠨ ᠤ ᠲᠠᠷᠠᠭ᠎ᠠ ᠠᠷᠠᠴᠢᠯᠠᠬᠤ ᠲᠠᠯ᠎ᠠ ᠪᠠᠷ ᠴᠢᠭᠢᠯᠡᠯᠳᠡ ᠶᠢ ᠨᠢ ᠠᠭᠢᠭᠤᠯᠬᠤ ᠶᠢᠨ ᠲᠤᠰᠠᠳᠠ ᠲᠤᠯᠠᠭᠠᠨ ᠤ ᠭᠡᠮᠵᠢᠶ᠎ᠠ ᠶᠢ ᠡᠳᠤᠷ ᠲᠡᠭᠡᠨ 28℃~30℃᠂ ᠰᠦᠨᠢ ᠳᠡᠭᠡᠨ 18℃~20℃ ᠪᠠᠶᠢᠯᠭᠠᠪᠠᠯ᠂ 3~5 ᠡᠳᠤᠷ ᠤᠨ ᠲᠤᠳᠤᠷ᠎ᠡ ᠴᠢᠭᠢᠯᠡᠭᠦ ᠪᠤᠯᠤᠨ᠎ᠠ᠃ ᠴᠢᠭᠢᠯᠡᠭᠰᠡᠨ ᠤ ᠰᠡᠭᠦᠯᠡᠷ ᠲᠡᠨᠡᠭ ᠤᠷᠭᠤᠬᠤ ᠶᠢ ᠰᠡᠷᠭᠡᠶᠢᠯᠡᠵᠤ᠂ ᠴᠢᠭᠢᠨ ᠤ ᠢᠳᠡᠷᠡᠭᠦᠨ ᠤᠷᠭᠤᠬᠤ ᠶᠢ ᠨᠢ ᠪᠠᠳᠤᠯᠬᠠᠤ ᠶᠢᠨ ᠲᠤᠰᠠᠳᠠ᠂ 50%~60% ᠶᠢᠨ ᠨᠢᠯᠬ᠎ᠠ ᠴᠢᠭᠢ ᠨᠢ ᠨᠠᠪᠴᠢᠯᠡᠬᠤ ᠦᠶ᠎ᠠ ᠳᠤ ᠰᠠᠯᠭᠢ ᠨᠡᠪᠳᠡᠷᠡᠭᠦᠯᠦᠨ ᠲᠤᠯᠠᠭᠠᠨ ᠢ ᠪᠠᠭᠤᠷᠠᠭᠤᠯᠵᠤ᠂ ᠡᠳᠤᠷ ᠲᠡᠭᠡᠨ20℃~25℃᠂ ᠰᠦᠨᠢ ᠳᠡᠭᠡᠨ 8℃~12℃ ᠪᠠᠶᠢᠯᠭᠠᠵᠤ᠂ ᠭᠤᠤᠯ ᠨᠢ ᠲᠤᠤᠷ᠎ᠡ ᠭᠦᠪᠤᠷᠡᠯ ᠤᠨ ᠲᠡᠩᠭᠡᠯᠢᠭ ᠨᠢ ᠤᠷᠳᠤ ᠤᠷᠭᠤᠬᠤ ᠶᠢ ᠨᠢ ᠭᠢᠵᠠᠭᠠᠷᠯᠠᠨ᠎ᠠ᠃ ᠨᠢᠭᠡᠳᠦᠭᠡᠷ ᠭᠡᠯᠳᠡᠰ ᠵᠢᠩᠭᠢᠨᠢ ᠨᠠᠪᠴᠢ ᠨᠢ ᠲᠡᠯᠭᠡᠷᠡᠭᠰᠡᠨ ᠤ ᠲᠠᠷᠠᠭ᠎ᠠ ᠴᠡᠴᠡᠭ ᠤᠨ ᠨᠠᠭᠢᠶ᠎ᠠ ᠨᠢ ᠡᠭᠢᠯᠡᠨ ᠰᠠᠯᠠᠭᠠᠯᠡᠨᠡ᠃ ᠰᠤᠳᠤᠯᠤᠯ ᠢ ᠦᠨᠳᠦᠰᠦᠯᠡᠪᠡᠯ ᠲᠤᠯᠠᠭᠠᠨ ᠤ ᠭᠡᠮᠵᠢᠶ᠎ᠠ ᠶᠢ ᠡᠳᠤᠷ ᠲᠡᠭᠡᠨ 20℃᠂ ᠰᠦᠨᠢ ᠳᠡᠭᠡᠨ 10℃ ᠪᠠᠶᠢᠯᠭᠠᠵᠤ᠂ ᠡᠳᠤᠷ ᠪᠦᠷᠢ 8~12 ᠴᠠᠭ ᠭᠡᠷᠡᠯ ᠲᠤᠰᠬᠠᠪᠠᠯ᠂ ᠡᠮ᠎ᠡ ᠴᠡᠴᠡᠭ ᠪᠤᠢ ᠪᠤᠯᠬᠤ ᠳᠤ ᠲᠤᠭᠢᠷᠠᠮᠵᠢᠳᠡᠢ ᠪᠠᠶᠢᠵᠤ᠂ ᠡᠮ᠎ᠠ ᠴᠡᠴᠡᠭ ᠤᠯᠠᠨ ᠪᠤᠯᠵᠤ ᠴᠡᠴᠡᠭ ᠤᠨ ᠲᠤᠭᠤᠷᠴᠤᠭ ᠨᠢ ᠴᠤ ᠨᠡᠯᠢᠶᠡᠳ ᠲᠤᠮᠤ ᠪᠤᠯᠳᠠᠭ ᠪᠠᠶᠢᠨ᠎ᠠ᠃ ᠡᠶᠢᠮᠤ ᠠᠴᠠ ᠰᠢᠬᠤᠯᠤ ᠭᠤᠸ᠎ᠠ ᠶᠢᠨ ᠨᠢᠯᠬ᠎ᠠ ᠴᠢᠭᠢ ᠨᠢ ᠨᠠᠭᠢᠶᠠᠯᠠᠨ ᠰᠠᠯᠬᠤ ᠦᠶᠡᠰ᠂ ᠲᠤᠯᠠᠭᠠᠨ ᠤ ᠭᠡᠮᠵᠢᠶ᠎ᠠ ᠶᠢ ᠨᠡᠯᠢᠶᠡᠳ ᠲᠤᠤᠷ᠎ᠡ᠂ ᠭᠡᠷᠡᠯ ᠤᠨ ᠲᠤᠰᠤᠯᠳᠠ ᠶᠢ ᠨᠡᠯᠢᠶᠡᠳ ᠤᠬᠤᠷ ᠪᠠᠶᠢᠯᠭᠠᠵᠤ᠂ ᠡᠮ᠎ᠡ ᠴᠡᠴᠡᠭ ᠤᠨ ᠪᠤᠢ ᠪᠤᠯᠬᠤ ᠶᠢ ᠠᠭᠢᠭᠤᠯᠬᠤ ᠨᠢ ᠲᠤᠩ ᠴᠢᠬᠤᠯᠠ ᠲᠠᠢ ᠶᠤᠮ᠃ ᠴᠢᠭᠢ ᠪᠤᠶᠢᠵᠢᠭᠤᠯᠬᠤ ᠰᠡᠭᠦᠯᠴᠢ ᠶᠢᠨ ᠬᠤᠭᠤᠴᠠᠭᠠᠨ ᠳᠤ ᠲᠤᠯᠠᠭᠠᠨ ᠤ ᠭᠡᠮᠵᠢᠶ᠎ᠠ ᠶᠢ ᠡᠳᠤᠷ ᠲᠡᠭᠡᠨ 18℃~22℃᠂ ᠰᠦᠨᠢ ᠳᠡᠭᠡᠨ 6℃~8℃ ᠪᠠᠶᠢᠯᠭᠠᠬᠤ ᠭᠡᠷᠡᠭᠳᠡᠢ᠃ ᠤᠰᠤ ᠶᠢ ᠠᠷᠪᠢᠯᠠᠬᠤ ᠵᠠᠷᠴᠢᠮ ᠢ ᠪᠠᠷᠢᠮᠳᠠᠯᠠᠵᠤ᠂ ᠰᠢᠷᠤᠢ ᠶᠢᠨ ᠪᠦᠭᠡᠮ ᠨᠢ ᠬᠠᠳᠠᠵᠤ᠂ ᠨᠠᠪᠴᠢᠨ ᠭᠡᠯᠳᠡᠰ ᠨᠢ ᠦᠳᠡ ᠪᠤᠶᠤ ᠦᠳᠡ ᠶᠢᠨ ᠬᠤᠶᠢᠨ᠎ᠠ ᠬᠤᠮᠢᠬᠤ ᠦᠶᠡᠰ ᠰᠦᠯᠢᠶᠤᠤ ᠴᠤᠮᠦ ᠪᠠᠷ ᠤᠰᠤᠯᠠᠵᠤ᠂ ᠶᠠᠷᠦᠩᠭᠡᠢ ᠳᠡᠭᠡᠨ ᠴᠢᠭᠢ ᠪᠤᠶᠢᠵᠢᠭᠤᠯᠬᠤ ᠶᠠᠪᠤᠴᠠ ᠳᠤ 2~3 ᠤᠳᠠᠭ᠎ᠠ ᠤᠰᠤᠯᠠᠬᠤ ᠭᠡᠷᠡᠭᠳᠡᠢ᠃ ︵4︶ ᠰᠢᠬᠤᠯᠤ ᠭᠤᠸ᠎ᠠ ᠶᠢ ᠰᠠᠭᠤᠷᠢᠰᠢᠭᠤᠯᠤᠨ ᠲᠠᠷᠢᠠᠠᠰᠠᠨ ᠤ ᠰᠡᠭᠦᠯᠡᠷ ᠶᠠᠭᠠᠭᠢᠵᠤ ᠠᠷᠠᠴᠢᠯᠠᠬᠤ ᠪᠤᠢ︖ ᠦᠷᠭᠡᠰᠤᠳᠤ ᠭᠡᠮᠭᠡ ᠠᠴᠠ 20 ᠡᠳᠤᠷ ᠤᠷᠢᠳᠴᠢᠯᠡᠨ ᠰᠠᠭᠤᠷᠢᠰᠢᠭᠤᠯᠤᠨ ᠲᠠᠷᠢᠵᠤ᠂ ᠶᠠᠷᠦᠩᠭᠡᠢ ᠳᠡᠭᠡᠨ ᠨᠢᠭᠡᠳᠦᠭᠡᠷ ᠰᠠᠷ᠎ᠠ ᠶᠢᠨ ᠡᠭᠢ ᠪᠠᠷ ᠲᠠᠷᠤᠢ ᠰᠠᠭᠤᠷᠢᠰᠢᠭᠤᠯᠤᠨ ᠲᠠᠷᠢᠵᠤ᠂ 5 ᠳ᠋ᠤᠭᠠᠷ ᠰᠠᠷ᠎ᠠ ᠶᠢᠨ ᠡᠴᠤᠰ ᠢᠶᠠᠷ ᠵᠠᠯ᠎ᠠ ᠲᠠᠳᠠᠵᠤ᠂ ᠲᠠᠷᠠᠭ᠎ᠠ ᠶᠢᠨ ᠲᠠᠷᠢᠬᠤ ᠭᠤᠤᠷᠰᠤᠨ ᠳᠤ ᠠᠮᠳᠠᠳᠤ ᠯᠠᠵᠤᠤ᠂ ᠲᠦᠪᠡᠳ ᠬᠠᠰᠢ᠂ ᠴᠤᠭᠤᠷ ᠨᠤᠭᠤᠭ᠎ᠠ ᠵᠡᠷᠭᠡ ᠶᠢ ᠲᠠᠷᠢᠵᠤ ᠪᠤᠯᠤᠨ᠎ᠠ᠃ ᠨᠠᠮᠤᠷ ᠤᠨ ᠭᠤᠤᠷᠰᠤᠨ ᠤ ᠰᠢᠬᠤᠯᠤ ᠭᠤᠸ᠎ᠠ ᠶᠢ 8 ᠳ᠋ᠤᠭᠠᠷ ᠰᠠᠷ᠎ᠠ ᠶᠢᠨ ᠲᠤᠮᠳᠡᠴᠢ ᠪᠠᠷ ᠰᠢᠭᠤᠳ ᠲᠠᠷᠢᠬᠤ ᠪᠤᠶᠤ ᠴᠢᠭᠢ ᠪᠤᠶᠢᠵᠢᠭᠤᠯᠵᠤ᠂ 12 ᠳ᠋ᠤᠭᠠᠷ ᠰᠠᠷ᠎ᠠ ᠶᠢᠨ ᠡᠴᠤᠰ ᠭᠦᠷᠳᠡᠯ᠎ᠠ ᠦᠷᠭᠦᠯᠵᠢᠯᠡᠨ ᠲᠡᠭᠦᠨ ᠬᠤᠷᠢᠶᠠᠭᠠᠳ ᠵᠡᠯ᠎ᠠ ᠪᠠᠨ ᠲᠠᠳᠠᠵᠤ ᠪᠤᠯᠤᠨ᠎ᠠ᠃ ᠮᠤ᠋ ᠪᠦᠷᠢ ᠤᠷᠭᠠᠨᠢᠭ ᠪᠤᠷᠳᠤᠭᠤᠷ 4000kg ᠤᠷᠴᠢᠮ ᠤᠷᠤᠭᠤᠯᠵᠤ᠂ ᠭᠠᠵᠠᠷ ᠢᠶᠠᠨ ᠬᠤᠶᠠᠷ ᠤᠳᠠᠭ᠎ᠠ 25~30cm ᠭᠦᠨ ᠤᠷᠪᠠᠭᠤᠯᠵᠤ᠂ 1~1.1m ᠦᠷᠭᠡᠨ ᠲᠠᠳᠠᠭᠠᠯ ᠲᠤᠳᠤᠷ᠎ᠡ 60cm ᠦᠷᠭᠡᠨ᠂ 20~30cm ᠦᠨᠳᠤᠷ ᠲᠡᠯᠡᠩ ᠪᠤᠰᠬᠠᠭᠠᠳ᠂ ᠪᠦᠷᠭᠦᠭᠦᠯ ᠢᠶᠠᠷ ᠢᠶᠠᠨ ᠪᠦᠳᠡᠭᠡᠨᠠ᠃ ᠪᠤᠷᠳᠤᠭᠤᠷ ᠤᠷᠤᠭᠤᠯᠬᠤ ᠠᠷᠭ᠎ᠠ ᠶᠢᠨ ᠲᠠᠯ᠎ᠠ ᠪᠠᠷ ᠭᠤᠷᠪᠡᠨ ᠤ ᠬᠤᠶᠠᠷ ᠬᠤᠪᠢ ᠶᠢ ᠨᠢ ᠰᠠᠭᠤᠷᠢ ᠪᠤᠷᠳᠤᠭᠤᠷ ᠪᠤᠯᠭᠠᠨ ᠨᠡᠶᠢᠳᠡᠮ ᠰᠠᠴᠤᠨ ᠤᠷᠤᠭᠤᠯᠵᠤ᠂ ᠭᠤᠷᠪᠡᠨ ᠤ ᠨᠢᠭᠡ ᠶᠢᠨ ᠤᠷᠭᠠᠨᠢᠭ ᠪᠤᠷᠳᠤᠭᠤᠷ ᠢ ᠲᠠᠯᠠᠩ ᠳᠤᠨᠢ ᠲᠦᠪᠯᠡᠷᠡᠭᠦᠯᠦᠨ ᠤᠷᠤᠭᠤᠯᠵᠤ ᠪᠤᠯᠤᠨ᠎ᠠ᠃ ᠰᠠᠭᠤᠷᠢᠰᠢᠭᠤᠯᠤᠨ ᠲᠠᠷᠢᠬᠤ ᠦᠶᠡᠰ ᠴᠤᠨᠤᠭ ᠪᠦᠷᠢ 10g ᠤᠷᠴᠢᠮ ᠹᠤᠰᠹᠤᠷ ᠭᠦᠴᠢᠯ ᠤᠨ ᠬᠤᠶᠠᠷᠴᠢ ᠠᠮᠮᠤᠨᠢ ᠤᠷᠤᠭᠤᠯᠵᠤ ᠪᠤᠯᠤᠨ᠎ᠠ᠃ ᠰᠠᠭᠤᠷᠢᠰᠢᠭᠤᠯᠤᠨ ᠲᠠᠷᠢᠬᠤ ᠳᠤ ᠮᠦᠷ ᠤᠨ ᠵᠠᠢ ᠶᠢ 0.6~0.8m᠂ ᠰᠠᠭᠤᠷᠢ ᠶᠢᠨ ᠵᠠᠢ ᠶᠢ 50cm ᠪᠠᠶᠢᠯᠭᠠᠵᠤ᠂ ᠮᠤ᠋ ᠪᠦᠷᠢ 2000 ᠰᠠᠭᠤᠷᠢ ᠰᠠᠭᠤᠯᠭᠠᠨ᠎ᠠ᠃ ᠬᠠᠪᠤᠷ ᠡᠷᠳᠡ ᠰᠠᠭᠤᠷᠢᠰᠢᠭᠤᠯᠤᠨ ᠲᠠᠷᠢᠬᠤ ᠳᠤ ᠲᠤᠩᠭᠠᠯᠠᠭ ᠡᠳᠤᠷ ᠢ ᠰᠤᠩᠭᠤᠨ᠂ ᠴᠤᠨᠤᠭ ᠭᠠᠷᠭᠠᠨ ᠤᠰᠤᠯᠠᠭᠠᠳ᠂ ᠨᠦᠢᠳᠡᠨ ᠰᠢᠷᠤᠢ ᠪᠠᠷ ᠨᠢᠠᠠᠳᠠ ᠲᠠᠷᠤᠨ᠎ᠠ᠃ 3~4 ᠡᠳᠤᠷ ᠤᠨ ᠲᠠᠷᠠᠭ᠎ᠠ ᠨᠢᠭᠡ ᠤᠳᠠᠭ᠎ᠠ ᠪᠠᠭ᠎ᠠ ᠤᠰᠤᠯᠠᠨ᠎ᠠ᠃ ᠴᠢᠭᠢᠯᠡᠯᠳᠡ ᠶᠢ ᠨᠢ ᠠᠭᠢᠭᠤᠯᠬᠤ ᠶᠢᠨ ᠲᠤᠰᠠᠳᠠ᠂ ᠬᠠᠪᠤᠷ ᠡᠷᠳᠡ ᠰᠠᠭᠤᠷᠢᠰᠢᠭᠤᠯᠤᠨ ᠲᠠᠷᠢᠠᠠᠰᠠᠨ ᠤ ᠪᠠᠨ ᠲᠠᠷᠠᠭ᠎ᠠ ᠲᠤᠯᠠᠭᠠᠨ ᠤ ᠭᠡᠮᠵᠢᠶ᠎ᠠ ᠶᠢ ᠡᠳᠤᠷ ᠲᠡᠭᠡᠨ 23℃~25℃᠂ ᠬᠠᠮᠤᠭ ᠤᠨ ᠦᠨᠳᠤᠷ ᠲᠡᠭᠡᠨ 32℃᠂ ᠰᠦᠨᠢ ᠳᠡᠭᠡᠨ 12℃~13℃ ᠪᠠᠶᠢᠯᠭᠠᠨ᠎ᠠ᠃ ᠴᠢᠭᠢᠯᠡᠭᠰᠡᠨ ᠤ ᠰᠡᠭᠦᠯᠡᠷ ᠡᠳᠤᠷ ᠲᠡᠭᠡᠨ 20℃~23℃᠂ ᠰᠦᠨᠢ ᠳᠡᠭᠡᠨ 16℃~18℃ ᠪᠠᠶᠢᠯᠭᠠᠨ᠎ᠠ᠃ ᠠᠩᠬᠠᠳ᠋ᠬᠠᠴᠢ ᠡᠮ᠎ᠡ ᠴᠡᠴᠡᠭ ᠲᠡᠯᠭᠡᠷᠡᠭᠰᠡᠨ ᠤ ᠰᠡᠭᠦᠯᠡᠷ ᠦᠨᠳᠤᠰᠤᠨ ᠭᠤᠸ᠎ᠠ ᠨᠢ 8 ᠢᠮᠠᠬᠤ ᠲᠤᠮᠤᠷᠠᠬᠤ ᠦᠶ᠎ᠠ ᠳᠤ ᠲᠤᠯᠠᠭᠠᠨ ᠤ ᠭᠡᠮᠵᠢᠶ᠎ᠠ ᠶᠢ ᠲᠤᠭᠢᠳᠡᠢ ᠲᠡᠭᠡᠭᠰᠢᠯᠡᠭᠦᠯᠵᠤ᠂ ᠡᠳᠤᠷ ᠲᠡᠭᠡᠨ 22℃~25℃᠂ ᠰᠦᠨᠢ ᠳᠡᠭᠡᠨ 11℃~13℃ ᠪᠠᠶᠢᠯᠭᠠᠨ᠎ᠠ᠃ ᠤᠰᠤ ᠪᠤᠷᠳᠤᠭᠤᠷ ᠤᠨ ᠬᠠᠮᠢᠶᠠᠷᠤᠯᠳᠠ ᠶᠢᠨ ᠲᠠᠯ᠎ᠠ ᠪᠠᠷ ᠴᠡᠴᠡᠭ ᠲᠡᠯᠭᠡᠷᠡᠨ ᠵᠢᠮᠢᠰᠯᠡᠭᠦ ᠠᠴᠠ ᠨᠢ ᠡᠮᠦᠨ᠎ᠠ ᠠᠷᠴᠢᠬᠤ ᠪᠠ ᠤᠰᠤ ᠲᠤᠯᠠᠭᠠᠨ ᠢ ᠭᠢᠵᠠᠭᠠᠷᠯᠠᠬᠤ ᠪᠠᠷ ᠭᠤᠤᠯ ᠪᠤᠯᠭᠠᠨ᠂ ᠵᠡᠯ᠎ᠡ ᠨᠢ ᠢᠳᠡᠷᠡᠵᠢᠭᠦ ᠶᠢ ᠠᠭᠢᠭᠤᠯᠵᠤ᠂ ᠲᠡᠨᠡᠭ ᠤᠷᠭᠤᠬᠤ ᠠᠴᠠ ᠰᠡᠷᠭᠡᠶᠢᠯᠡᠨ᠎ᠡ᠃ ᠦᠨᠳᠤᠰᠤᠨ ᠭᠤᠸ᠎ᠠ ᠨᠢ ᠲᠤᠮᠤᠷᠠᠬᠤ ᠦᠶᠡᠰ ᠡᠭᠢᠯᠡᠨ ᠤᠰᠤᠯᠠᠵᠤ᠂ ᠤᠰᠤᠯᠠᠬᠤ ᠶᠢᠨ ᠲᠠᠭᠠᠤ 15~20kg ᠹᠤᠰᠹᠤᠷ ᠬᠤᠶᠠᠷᠴᠢ ᠠᠮᠮᠤᠨᠢ ᠪᠤᠶᠤ ᠰᠢᠭᠡᠰᠦᠯᠢᠭ ᠡᠳ᠋ ᠨᠦᠭᠦᠨ ᠤᠷᠤᠭᠤᠯᠵᠤ᠂ ᠤᠰᠤᠯᠠᠵᠤ ᠪᠤᠷᠳᠤᠭᠤᠷ ᠤᠷᠤᠭᠤᠯᠤᠠᠠᠰᠠᠨ ᠤ ᠪᠠᠨ ᠲᠠᠷᠠᠭ᠎ᠠ ᠰᠠᠯᠭᠢ ᠨᠡᠪᠳᠡᠷᠡᠭᠦᠯᠦᠨ ᠴᠢᠭᠢᠭ ᠢ ᠨᠢ ᠭᠠᠷᠭᠠᠬᠤ ᠶᠢ ᠠᠩᠬᠠᠷᠬᠤ ᠭᠡᠷᠡᠭᠳᠡᠢ᠃ ᠦᠨᠳᠤᠰᠤᠨ ᠭᠤᠸ᠎ᠠ ᠶᠢ ᠲᠡᠭᠦᠵᠤ ᠬᠤᠷᠢᠶ᠋ᠬᠠᠰᠠᠨ ᠤ ᠰᠡᠭᠦᠯᠡᠷ ᠬᠤᠶᠠᠷᠳᠡᠭᠢ ᠭᠤᠸ᠎ᠠ ᠲᠤᠮᠤᠷᠠᠬᠤ ᠭᠦᠷᠳᠡᠯ᠎ᠡ ᠵᠢᠮᠢᠰᠯᠡᠭᠦ ᠬᠤᠭᠤᠴᠠᠭᠠᠨ ᠤ ᠲᠠᠯ᠎ᠠ ᠪᠠᠷ ᠭᠦᠷᠤᠰᠤ ᠰᠢᠷᠤᠢ ᠶᠢᠨ ᠤᠰᠤᠨ ᠤ ᠭᠡᠮᠵᠢᠶ᠎ᠠ ᠨᠢ ᠠᠬᠠᠳᠡᠵᠤ᠂ ᠠᠽᠤᠲ ᠪᠤᠷᠳᠤᠭᠤᠷ ᠤᠷᠤᠭᠤᠯᠤᠠᠠᠰᠠᠨ ᠭᠡᠮᠵᠢᠶ᠎ᠠ ᠨᠢ ᠭᠡᠳᠦᠷᠡᠭᠰᠡᠨ ᠠᠴᠠ ᠪᠤᠯᠵᠤ᠂ ᠰᠤᠯᠢᠭᠤ ᠤᠷᠭᠤᠬᠤ ᠶᠢ ᠠᠩᠬᠠᠷᠬᠤ ᠶᠢᠨ ᠬᠠᠮᠳᠤ ᠪᠠᠰᠠ ᠪᠤᠷᠳᠤᠭᠤᠷ ᠪᠠᠭᠠᠳ᠋ᠬᠠᠰᠠᠨ ᠠᠴᠠ ᠪᠤᠯᠵᠤ ᠨᠠᠪᠴᠢ ᠨᠢ ᠰᠢᠷᠠᠯᠠᠨ ᠤᠨᠠᠬᠤ ᠠᠴᠠ ᠰᠡᠷᠭᠡᠶᠢᠯᠡᠭᠦ ᠭᠡᠷᠡᠭᠳᠡᠢ᠃ ᠴᠡᠴᠡᠭ ᠵᠢᠮᠢᠰ ᠢ ᠬᠠᠮᠠᠭᠠᠯᠠᠬᠤ ᠲᠠᠯ᠎ᠠ ᠪᠠᠷ ᠨᠠᠷᠠᠯᠠᠭ ᠭᠦᠯᠡᠮᠵᠢᠨ ᠳᠤ ᠰᠢᠬᠤᠯᠤ ᠭᠤᠸ᠎ᠠ ᠲᠠᠷᠢᠬᠤ ᠳᠤ ᠴᠢᠭᠢᠭ ᠲᠤᠯᠠᠭᠠᠨ ᠤ ᠭᠡᠮᠵᠢᠶ᠎ᠠ ᠦᠨᠳᠤᠷ᠂ ᠭᠡᠷᠡᠯ ᠤᠨ ᠲᠤᠰᠤᠯᠳᠠ ᠪᠠᠭᠤᠷᠠᠢ ᠰᠠᠯᠭᠢ ᠨᠡᠪᠳᠡᠷᠡᠭᠦ ᠨᠢ ᠮᠠᠭᠤ ᠠᠴᠠ ᠪᠤᠯᠤᠭᠠᠳ ᠰᠠᠭᠤᠷᠢ ᠶᠢᠨ ᠰᠢᠮ᠎ᠠ ᠲᠡᠵᠢᠭᠡᠯᠳᠤ ᠴᠤᠠᠠᠴᠠ ᠶᠢᠨ ᠤᠷᠭᠤᠯᠳᠠ ᠨᠢ ᠭᠡᠳᠦᠷᠭᠡᠢ ᠪᠠᠳᠠᠷᠠᠭᠤᠨ ᠪᠤᠯᠵᠤ᠂ ᠭᠤᠸ᠎ᠠ ᠨᠢ ᠬᠠᠶᠢᠯᠬᠤ ᠨᠢ ᠭᠦᠨᠳᠤ ᠨᠤᠴᠢᠳᠡᠢ ᠪᠤᠯᠳᠠᠭ᠃ ᠡᠶᠢᠮᠤ ᠠᠴᠠ ᠴᠡᠴᠡᠭ ᠵᠢᠮᠢᠰ ᠢ ᠬᠠᠮᠠᠭᠠᠯᠠᠨ ᠨᠢᠯᠬ᠎ᠠ ᠵᠢᠮᠢᠰ ᠤᠨ ᠤᠷᠭᠤᠯᠳᠠ ᠶᠢ ᠠᠭᠢᠭᠤᠯᠬᠤ ᠨᠢ ᠨᠢᠭᠡᠨ ᠴᠢᠬᠤᠯᠠ ᠮᠡᠷᠭᠡᠵᠢᠯ ᠪᠤᠯᠤᠨ᠎ᠠ᠃ ᠵᠢᠮᠢᠰᠯᠡᠭᠦ ᠬᠤᠭᠤᠴᠠᠭᠠᠨ ᠳᠤ ᠡᠳᠤᠷ ᠪᠦᠷᠢ ᠦᠷᠯᠦᠭᠡ ᠡᠷᠳᠡ 6~8 ᠴᠠᠭ ᠲᠤ ᠭᠦᠮᠦᠨ ᠤ ᠭᠦᠴᠤ ᠪᠠᠷ ᠲᠤᠭᠤᠰᠤᠳᠤᠭᠤᠯᠵᠤ᠂ ᠲᠤᠭᠤᠰᠤᠳᠤᠭᠤᠯᠤᠠᠠᠰᠨᠨ ᠤ ᠬᠤᠶᠠᠳᠤᠭᠠᠷ ᠡᠳᠤᠷ ᠲᠤ ᠨᠢᠯᠬ᠎ᠠ ᠭᠤᠸ᠎ᠠ ᠳᠠᠬᠢ ᠦᠳᠭᠡᠴᠡ ᠨᠢ 20~30ppm ᠤᠨ 2.4 ᠶᠢᠨ b ᠡᠮ ᠤᠨ ᠨᠢᠯᠬ᠎ᠠ ᠵᠢᠮᠢᠰ ᠤᠨ ᠲᠡᠭᠡᠷᠡᠭᠢ ᠲᠠᠷᠬᠠᠯᠳᠠ ᠨᠢ ᠵᠢᠭᠳᠡ ᠪᠤᠯ ᠲᠤᠭᠤᠷᠴᠤᠭ ᠪᠦᠷᠢ 1~2mg ᠭᠡᠷᠡᠭᠯᠡᠵᠤ᠂ ᠭᠡᠮᠵᠢᠶ᠎ᠠ ᠶᠢ ᠨᠢ ᠭᠡᠳᠦᠷᠭᠡᠢ ᠶᠡᠭᠡ ᠭᠡᠷᠡᠭᠯᠡᠭᠰᠡᠨ ᠪᠠ ᠡᠮ ᠤᠨ ᠲᠠᠷᠬᠠᠯᠳᠠ ᠨᠢ ᠵᠢᠭᠳᠡ ᠦᠭᠡᠢ ᠠᠴᠠ ᠪᠤᠯᠵᠤ ᠵᠡᠷᠡᠮᠳᠡᠭ ᠵᠢᠮᠢᠰ ᠰᠠᠭᠤᠬᠤ ᠶᠢ ᠰᠡᠷᠭᠡᠶᠢᠯᠡᠭᠦ ᠭᠡᠷᠡᠭᠳᠡᠢ᠃ ᠰᠢᠬᠤᠯᠤ ᠭᠤᠸ᠎ᠠ ᠳᠤ ᠲᠠᠩ ᠵᠠᠯ᠎ᠠ ᠪᠠᠷ ᠮᠦᠴᠢᠷ ᠢ ᠨᠢ ᠵᠠᠰᠠᠬᠤ ᠠᠷᠭ᠎ᠠ ᠶᠢ ᠠᠪᠴᠤ᠂ ᠬᠠᠵᠠᠭᠤ ᠶᠢᠨ ᠰᠠᠯᠠᠭ᠎ᠠ ᠶᠢ ᠴᠠᠭ ᠲᠠᠷᠤᠢ ᠳᠤᠨᠢ ᠠᠪᠴᠤ ᠬᠠᠶᠠᠬᠤ ᠭᠡᠷᠡᠭᠳᠡᠢ᠃ ᠨᠡᠯᠢᠶᠡᠳ ᠪᠦᠭᠡ ᠰᠦᠯᠢᠶᠤᠤ ᠲᠡᠭᠡᠰᠤ ᠪᠠᠷ ᠵᠠᠯ᠎ᠠ ᠶᠢ ᠨᠢ ᠲᠡᠭᠦᠵᠢᠯᠡᠪᠡᠯ᠂ ᠭᠡᠷᠡᠯ ᠭᠦᠢᠴᠡᠳ ᠲᠤᠰᠴᠤ᠂ ᠨᠠᠪᠴᠢ ᠨᠢ ᠬᠠᠷᠢᠯᠴᠠᠨ ᠰᠡᠭᠦᠳᠡᠷᠯᠡᠭᠦ ᠶᠢ ᠰᠡᠷᠭᠡᠶᠢᠯᠡᠵᠤ ᠪᠤᠯᠤᠨ᠎ᠠ᠃ ᠵᠡᠯ᠎ᠡ ᠲᠡᠭᠦᠵᠢᠯᠡᠭᠦ ᠦᠶᠡᠰ ᠰᠠᠭᠤᠷᠢ ᠶᠢᠨ ᠤᠷᠭᠤᠯᠳᠠ ᠶᠢᠨ ᠴᠡᠭ᠂ ᠲᠦᠷᠦᠭᠦᠤ ᠶᠢᠨ ᠦᠨᠳᠤᠷ ᠪᠤᠭᠤᠨᠢ ᠶᠢ ᠲᠡᠩᠴᠡᠭᠦᠯᠵᠤ᠂ ᠲᠠᠳᠠᠭᠠᠯ ᠪᠦᠷᠢ ᠶᠢ ᠡᠮᠦᠨᠡᠭᠢ ᠨᠢ ᠲᠤᠤᠷ᠎ᠡ ᠬᠤᠶᠢᠨᠠᠭᠢ ᠨᠢ ᠦᠨᠳᠤᠷ ᠪᠠᠶᠢᠯᠭᠠᠵᠤ᠂ ᠪᠦᠷᠢᠮᠦᠰᠤᠨ ᠭᠡᠷᠡᠯ ᠭᠦᠷᠳᠡᠭᠡᠭᠦ ᠭᠡᠷᠡᠭᠳᠡᠢ᠃ ᠵᠢᠮᠢᠰᠯᠡᠭᠦ ᠶᠢᠨ ᠲᠤᠮᠳᠡᠴᠢ ᠰᠡᠭᠦᠯᠴᠢ ᠶᠢᠨ ᠬᠤᠭᠤᠴᠠᠭᠠᠨ ᠳᠤ ᠰᠠᠭᠤᠷᠢ ᠶᠢᠨ ᠤᠷᠭᠤᠯᠳᠠ ᠶᠢᠨ ᠢᠳᠡ ᠨᠢ ᠪᠠᠭᠤᠷᠠᠬᠤ ᠪᠤᠯᠬᠤᠷ ᠰᠠᠭᠤᠷᠢ ᠶᠢᠨ ᠲᠡᠭᠡᠳᠤ ᠭᠡᠰᠡᠭ ᠲᠤ 1~2 ᠬᠠᠵᠠᠭᠤ ᠶᠢᠨ ᠰᠠᠯᠠᠭ᠎ᠠ ᠦᠯᠡᠳᠡᠭᠡᠨ ᠭᠤᠤᠯ ᠵᠠᠯ᠎ᠠ ᠶᠢᠨ ᠭᠤᠸ᠎ᠠ ᠰᠠᠭᠤᠬᠤ ᠶᠢ ᠤᠷᠤᠯᠠᠭᠤᠯᠬᠤ ᠶᠢ ᠰᠠᠯᠠᠭ᠎ᠠ ᠵᠠᠰᠠᠯᠳᠠ ᠶᠢᠨ ᠰᠢᠨᠡᠴᠢᠯᠡᠯᠳᠡ ᠭᠡᠳᠡᠭ᠃ ᠤᠷᠭᠤᠮᠠᠯ ᠤᠨ ᠰᠠᠭᠤᠷᠢᠨ ᠭᠡᠰᠡᠭ ᠲᠤ ᠨᠠᠪᠴᠢ ᠰᠢᠷᠠᠯᠠᠬᠤ ᠪᠠ ᠭᠡᠮ ᠲᠠᠢ ᠨᠠᠪᠴᠢ ᠢᠯᠡᠷᠡᠪᠡᠯ ᠴᠠᠭ ᠲᠠᠷᠤᠢ ᠳᠤᠨᠢ ᠠᠪᠴᠤ ᠬᠠᠶᠠᠵᠤ᠂ ᠰᠠᠯᠭᠢ ᠨᠡᠪᠳᠡᠷᠡᠭᠦᠯᠦᠨ ᠭᠡᠷᠡᠯ ᠲᠤᠰᠬᠠᠬᠤ ᠭᠡᠷᠡᠭᠳᠡᠢ᠃ ᠰᠢᠬᠤᠯᠤ ᠭᠤᠸ᠎ᠠ ᠨᠢ 4 ᠲᠦᠮᠡᠨ ᠯᠸᠦ᠋ᠾᠰ ︵勒志斯︶ ᠤᠨ ᠬᠤᠷᠴᠡ ᠭᠡᠷᠡᠯ᠂ 22℃~23℃ ᠲᠤᠯᠠᠭᠠᠨ ᠤ ᠨᠦᠭᠦᠴᠡᠯ ᠲᠤᠤᠷ᠎ᠠ ᠨᠡᠭᠦᠷᠡᠰᠦᠳᠦ᠋ᠷᠦᠭᠴᠢ ᠶᠢᠨ ᠲᠠᠪᠬᠤᠷ ᠢᠰᠦᠯ ᠤᠨ ᠨᠦᠭᠦᠪᠤᠷᠢ ᠴᠡᠭ ᠨᠢ 63ppm ᠪᠠᠶᠢᠳᠠᠭ᠂ ᠵᠢᠱᠢᠶᠡᠯᠡᠪᠡᠯ ᠨᠡᠭᠦᠷᠡᠰᠦᠳᠦ᠋ᠷᠦᠭᠴᠢ ᠶᠢᠨ ᠲᠠᠪᠬᠤᠷ ᠢᠰᠦᠯ ᠤᠨ ᠦᠳᠭᠡᠴᠡ ᠨᠢ 800ppm ᠪᠤᠯᠬᠤ ᠦᠶᠡᠰ ᠭᠡᠷᠡᠯ ᠤᠨ ᠨᠡᠶᠢᠯᠡᠯᠭᠡ ᠶᠢᠨ ᠬᠤᠷᠳᠤᠴᠠ ᠶᠢᠨ ᠨᠤᠷᠮ᠎ᠠ ᠨᠢ ᠨᠢᠭᠡ ᠲᠠᠭᠢᠨ ᠢᠶᠠᠷ ᠨᠡᠮᠡᠭᠳᠡᠳᠡᠭ᠃ ᠡᠶᠢᠮᠤ ᠠᠴᠠ ᠵᠢᠮᠢᠰᠯᠡᠭᠦ ᠬᠤᠭᠤᠴᠠᠭᠠᠨ ᠳᠤᠨᠢ ᠨᠡᠭᠦᠷᠡᠰᠦᠳᠦ᠋ᠷᠦᠭᠴᠢ ᠶᠢᠨ ᠲᠠᠪᠬᠤᠷ ᠢᠰᠦᠯ ᠤᠨ ᠭᠡᠶᠢᠳᠤ ᠪᠤᠷᠳᠤᠭᠤᠷ ᠤᠷᠤᠭᠤᠯᠪᠠᠯ ᠬᠤᠷᠢᠶᠠᠯᠳᠠ ᠶᠢ ᠮᠡᠳᠡᠭᠳᠡᠮ᠎ᠡ ᠨᠡᠮᠡᠭᠳᠡᠭᠦᠯᠵᠤ ᠪᠤᠯᠤᠨ᠎ᠠ᠃ ᠲᠡᠭᠦᠵᠤ ᠬᠤᠷᠢᠶᠠᠬᠤ ᠲᠠᠯ᠎ᠠ ᠪᠠᠷ ᠵᠢᠮᠢᠰ ᠨᠢ 0.5~1kg ᠭᠦᠨᠳᠤ ᠪᠤᠯᠬᠤ ᠦᠶ᠎ᠠ ᠳᠤ ᠲᠠᠷᠦ᠋ᠢᠬᠠᠨ ᠲᠡᠭᠦᠵᠤ ᠬᠤᠷᠢᠶᠠᠨ᠎ᠠ᠂ ᠭᠡᠷᠪᠡ ᠭᠡᠳᠦᠷᠭᠡᠢ ᠤᠷᠤᠢ ᠲᠡᠭᠦᠵᠤ ᠬᠤᠷᠢᠶᠠᠪᠠᠯ ᠤᠨᠠᠯᠳᠠ ᠨᠢ ᠪᠠᠭᠤᠷᠠᠬᠤ ᠮᠦᠷᠳᠡᠭᠡᠨ ᠪᠠᠰᠠ ᠴᠢᠨᠠᠷ ᠨᠢ ᠮᠠᠭᠤᠳᠠᠳᠠᠭ ᠪᠠᠶᠢᠨ᠎ᠠ᠃ 6. ᠦᠵᠦᠮ ᠲᠠᠷᠢᠬᠤ ᠮᠡᠷᠭᠡᠵᠢᠯ ︵1︶ ᠦᠵᠦᠮ ᠤᠨ ᠰᠤᠷᠲ ᠢ ᠭᠡᠷᠭᠢᠨ ᠰᠤᠩᠭᠤᠬᠤ ᠪᠤᠢ︖ ᠬᠠᠮᠠᠭᠠᠯᠠᠯᠳᠠ ᠶᠢᠨ ᠭᠠᠵᠠᠷ ᠲᠤ ᠦᠵᠦᠮ ᠲᠠᠷᠢᠬᠤ ᠳᠤ ᠵᠢᠮᠢᠰ ᠢ ᠡᠷᠳᠡ ᠪᠤᠯᠪᠠᠰᠤᠷᠠᠭᠤᠯᠵᠤ ᠵᠠᠬ᠎ᠠ ᠲᠡᠯᠭᠡᠭᠦᠷ ᠲᠤ ᠭᠠᠷᠭᠠᠬᠤ ᠶᠢᠨ ᠲᠤᠰᠠᠳᠠ᠂ ᠶᠠᠷᠦᠩᠭᠡᠢ ᠳᠡᠭᠡᠨ ᠭᠦᠢᠳᠡᠨ ᠤ ᠭᠡᠮᠵᠢᠶ᠎ᠠ ᠪᠠᠭ᠎ᠠ᠂ ᠢᠴᠡᠭᠡᠯᠡᠭᠦ ᠬᠤᠭᠤᠴᠠᠭ᠎ᠠ ᠨᠢ ᠤᠬᠤᠷ ᠪᠦᠭᠦᠢ ᠲᠦᠢᠯ ᠤᠨ ᠡᠷᠳᠡ ᠪᠤᠯᠪᠠᠰᠤᠷᠠᠯᠳᠠ᠂ ᠡᠷᠳᠡ ᠪᠤᠯᠪᠠᠰᠤᠷᠠᠯᠳᠠ ᠶᠢᠨ ᠪᠠ ᠲᠤᠮᠳᠠ ᠪᠤᠯᠪᠠᠰᠤᠷᠠᠯᠳᠠ ᠶᠢᠨ ᠰᠤᠷᠲ ᠢ ᠰᠤᠩᠭᠤᠬᠤ ᠴᠢᠬᠤᠯᠠ ᠲᠠᠢ᠃ ᠰᠢᠭᠦᠰᠤᠳᠤ ᠵᠢᠮᠢᠰ ᠤᠨ ᠪᠤᠶᠢᠵᠢᠯᠳᠡ ᠶᠢᠨ ᠬᠤᠭᠤᠴᠠᠭ᠎ᠠ ᠨᠢ 60~90 ᠬᠤᠨᠤᠭ ᠪᠠᠶᠢᠬᠤ ᠶᠢᠨ ᠬᠠᠮᠳᠤ ᠮᠦᠭᠦᠯᠢᠭ ᠨᠢ ᠲᠤᠮᠤ᠂ ᠴᠢᠨᠠᠷ ᠰᠠᠶᠢᠳᠠᠢ᠂ ᠲᠦᠷᠦᠭᠦᠤ ᠨᠢ ᠨᠢᠠᠠᠳᠠ᠂ ᠦᠡᠭᠭᠡ ᠨᠢ ᠭᠤᠶᠤ᠂ ᠵᠢᠮᠢᠰ ᠨᠢ ᠵᠢᠭᠳᠡ᠂ ᠬᠤᠷᠢᠶᠠᠯᠳᠠ ᠨᠢ ᠦᠨᠳᠤᠷ᠂ ᠵᠦᠭᠡᠭᠡᠪᠤᠷᠢᠯᠡᠭᠦ ᠳᠤ ᠲᠠᠰᠪᠤᠷᠢᠳᠡᠢ ᠪᠠ ᠰᠦᠷᠭᠦ ᠴᠢᠨᠠᠷ ᠢᠶᠠᠷ ᠴᠢᠩᠭ᠎ᠠ ᠵᠡᠷᠭᠡ ᠲᠠᠪᠠᠭᠤᠯᠢᠭ ᠲᠠᠯ᠎ᠠ ᠲᠠᠢ ᠪᠠᠶᠢᠬᠤ ᠭᠡᠷᠡᠭᠳᠡᠢ᠃ ᠡᠶᠢᠮᠤ ᠠᠴᠠ ᠰᠤᠩᠭᠤᠵᠤ ᠪᠤᠯᠬᠤ ᠰᠤᠷᠲ ᠭᠡᠪᠡᠯ ᠴᠦᠮ᠎ᠠ ᠦᠭᠡᠢ ᠪᠠᠢ ᠵᠢᠢ ᠰᠢᠨ ︵白鸡心︶᠂ ᠯᠢ ᠵᠠ ᠮᠠ ᠨᠣᠣ ︵里扎玛瑙︶᠂ ᠯᠢ ᠵᠠ ᠮᠠ ᠲᠧ ︵里扎马特︶᠂ ᠵᠢᠩ ᠽᠢ ᠵᠢᠩ ︵京紫晶︶᠂ ᠵᠢᠩ ᠶᠠ ︵京亚︶᠂ ᠵᠢᠩ ᠶᠢᠤ ︵京优︶᠂ ᠽᠤᠤ ᠱᠧᠩ ᠭᠤᠤ ᠮᠦᠸᠧ ︵早生高墨︶᠂ ᠭᠠᠷᠤᠳᠢ ︵凤凰︶ 51 ᠨᠤᠮᠧᠷᠳᠤ᠂ ᠵᠠ ᠨᠠ ︵乍娜︶᠂ ᠸᠠᠨ ᠬᠤᠩ ︵晚红︶ ᠵᠡᠷᠭᠡ ᠰᠤᠷᠲ ᠪᠠᠶᠢᠨ᠎ᠠ᠃ ︵2︶ ᠦᠵᠦᠮ ᠢ ᠶᠠᠮᠠᠷ ᠮᠡᠷᠭᠡᠵᠢᠯ ᠢᠶᠠᠷ ᠲᠠᠷᠢᠵᠤ ᠠᠷᠠᠴᠢᠯᠠᠬᠤ ᠪᠤᠢ︖ ᠡᠭᠦᠨ ᠳᠤ ᠶᠠᠷᠦᠩᠭᠡᠢ ᠳᠡᠭᠡᠨ ᠡᠮᠦᠨ᠎ᠠ ᠤᠮᠠᠷ᠎ᠠ ᠶᠢᠨ ᠴᠢᠭᠯᠡᠯ ᠤᠨ ᠮᠦᠷ ᠪᠡ ᠬᠤᠤᠰ ᠮᠦᠷ ᠤᠨ ᠪᠦᠰᠡᠯᠢᠭ ᠲᠠᠷᠢᠬᠤ ᠠᠷᠭ᠎ᠠ ᠶᠢ ᠭᠡᠷᠡᠭᠯᠡᠵᠤ᠂ ᠰᠠᠭᠤᠷᠢ ᠶᠢᠨ ᠵᠠᠢ ᠶᠢ 0.5m᠂ ᠨᠠᠷᠢᠨ ᠮᠦᠷ ᠤᠨ ᠵᠠᠢ ᠶᠢ 0.5m᠂ ᠲᠤᠮᠤ ᠮᠦᠷ ᠤᠨ ᠵᠠᠢ ᠶᠢ 2m ᠪᠠᠶᠢᠯᠭᠠᠨ᠎ᠠ᠂ ᠬᠤᠤᠰ ᠮᠦᠷ ᠤᠨ ᠰᠢᠪᠡᠭᠡ ᠪᠤᠰᠬᠠᠵᠤ᠂ ᠤᠷᠳᠤ ᠤᠬᠤᠷ ᠢ ᠨᠢ ᠵᠠᠰᠠᠨ ᠬᠠᠶᠢᠴᠢᠯᠡᠨᠡ᠃ ᠬᠠᠮᠠᠭᠠᠯᠠᠯᠳᠠ ᠶᠢᠨ ᠭᠠᠵᠠᠷ ᠲᠠᠬᠢ ᠦᠵᠦᠮ ᠢ ᠲᠤᠯᠠᠭᠠᠯᠠᠨ ᠰᠤᠶᠤᠭᠠᠯᠠᠭᠤᠯᠬᠤ ᠬᠤᠭᠤᠴᠠᠭ᠎ᠠ ᠳᠤ ︵ᠶᠠᠷᠦᠩᠭᠡᠢ ᠳᠡᠭᠡᠨ 2 ᠳ᠋ᠤᠭᠠᠷ ᠰᠠᠷ᠎ᠠ ᠶᠢᠨ ᠡᠭᠢ ᠪᠠᠷ ᠲᠤᠯᠠᠭᠠᠯᠠᠨ᠎ᠠ︶᠂ ᠠᠩᠬᠠᠳᠤᠭᠠᠷ ᠭᠠᠷᠠᠭ ᠲᠤ ᠲᠤᠤᠷ᠎ᠡ ᠲᠤᠯᠠᠭᠠᠨ ᠢᠶᠠᠷ ᠠᠷᠠᠴᠢᠯᠠᠵᠤ᠂ ᠡᠳᠤᠷ ᠤᠨ ᠲᠤᠯᠠᠭᠠᠨ ᠢ 10℃ ᠠᠴᠠ ᠢᠳᠡᠭ ᠢᠳᠡᠭ ᠢᠶᠠᠷ ᠨᠡᠮᠡᠭᠳᠡᠭᠦᠯᠦᠨ 20℃ ᠲᠤ ᠭᠦᠷᠦᠭᠦᠯᠦᠨ᠎ᠠ᠃ ᠰᠦᠨᠢ ᠶᠢᠨ ᠲᠤᠯᠠᠭᠠᠨ ᠢ 5℃ ᠠᠴᠠ ᠢᠳᠡᠭ ᠢᠳᠡᠭ ᠢᠶᠠᠷ 10℃ ᠲᠤ ᠭᠦᠷᠦᠭᠦᠯᠦᠨ᠎ᠠ᠃ ᠡᠭᠦᠨ ᠠᠴᠠ ᠬᠤᠶᠢᠰᠢ ᠨᠡᠭᠢᠶᠠᠯᠠᠳᠠᠯᠠ ᠨᠢ ᠲᠤᠯᠠᠭᠠᠨ ᠤ ᠭᠡᠮᠵᠢᠶ᠎ᠠ ᠶᠢ ᠠᠭᠠᠵᠢᠮ ᠢᠶᠠᠷ ᠲᠡᠭᠡᠭᠰᠢᠯᠡᠭᠦᠯᠵᠤ᠂ ᠡᠳᠤᠷ ᠲᠡᠭᠡᠨ 28℃~30℃᠂ ᠰᠦᠨᠢ ᠳᠡᠭᠡᠨ 15℃~20℃ ᠪᠠᠶᠢᠯᠭᠠᠵᠤ᠂ ᠬᠠᠷᠢᠴᠠᠩᠭᠤᠢ ᠴᠢᠭᠢᠭ ᠤᠨ ᠭᠡᠮᠵᠢᠶ᠎ᠠ ᠶᠢ 80% ᠠᠴᠠ ᠲᠡᠭᠡᠭᠰᠢ ᠪᠠᠶᠢᠯᠭᠠᠨ᠎ᠠ᠃ ᠨᠠᠭᠢᠶᠠᠯᠬᠠᠰᠠᠨ ᠠᠴᠠ ᠠᠪᠤᠭᠠᠳ ᠴᠡᠴᠡᠭᠯᠡᠭᠦ ᠠᠴᠠ ᠡᠮᠦᠨ᠎ᠠ ᠭᠦᠷᠳᠡᠯ᠎ᠠ ᠭᠦᠯᠡᠮᠵᠢᠨ ᠤ ᠲᠤᠯᠠᠭᠠᠨ ᠢ 20℃~28℃ ᠲᠤ ᠭᠢᠵᠠᠭᠠᠷᠯᠠᠵᠤ᠂ ᠰᠦᠨᠢ ᠳᠡᠭᠡᠨ 12℃~15℃ ᠪᠠᠶᠢᠯᠭᠠᠵᠤ᠂ ᠲᠤᠩᠭᠠᠯᠠᠭ ᠡᠳᠤᠷ ᠰᠠᠯᠭᠢ ᠨᠡᠪᠳᠡᠷᠡᠭᠦᠯᠦᠨ ᠠᠮᠢᠰᠬᠤᠯ ᠢ ᠰᠤᠯᠢᠵᠤ᠂ ᠴᠢᠭᠢᠭ ᠤᠨ ᠭᠡᠮᠵᠢᠶ᠎ᠠ ᠶᠢ 60% ᠤᠷᠴᠢᠮ ᠳᠤ ᠭᠢᠵᠠᠭᠠᠷᠯᠠᠨ᠎ᠠ᠃ ᠦᠵᠦᠮ ᠨᠢ ᠴᠡᠴᠡᠭ ᠲᠡᠯᠭᠡᠷᠡᠵᠤ ᠲᠤᠭᠤᠰᠤᠳᠤᠬᠤ ᠬᠤᠭᠤᠴᠠᠭᠠᠨ ᠳᠤ ᠲᠤᠯᠠᠭᠠᠨ ᠤ ᠭᠡᠮᠵᠢᠶ᠎ᠠ ᠶᠢᠨ ᠱᠠᠭᠠᠷᠳᠠᠯᠭ᠎ᠠ ᠨᠢ ᠰᠤᠷᠲ ᠤᠨ ᠪᠠᠶᠢᠳᠠᠯ ᠢᠶᠠᠷ ᠲᠤᠠᠠᠳᠠᠭᠠᠨ᠎ᠠ᠃ ᠶᠠᠷᠦᠩᠭᠡᠢ ᠳᠡᠭᠡᠨ ᠡᠳᠤᠷ ᠤᠨ ᠲᠤᠯᠠᠭᠠᠨ ᠢ 30℃ ᠢᠶᠠᠷ ᠭᠢᠵᠠᠭᠠᠷᠯᠠᠵᠤ᠂ ᠵᠢᠤᠢ ᠹᠧᠩ ︵巨峰︶ ᠦᠵᠦᠮ ᠤᠨ ᠡᠳᠤᠷ ᠤᠨ ᠲᠤᠯᠠᠭᠠᠨ ᠢ 28℃ ᠤᠷᠴᠢᠮ ᠪᠠᠶᠢᠯᠭᠠᠵᠤ᠂ ᠵᠠ ᠨᠠ ︵乍娜︶ ᠵᠡᠷᠭᠡ ᠡᠸᠦ᠋ᠷᠦᠫᠡ ᠠᠽᠢᠶ᠎ᠠ ᠶᠢᠨ ᠰᠤᠷᠲ ᠤᠨ ᠬᠢ ᠶᠢ ᠲᠤᠭᠢᠳᠡᠢ ᠲᠤᠤᠷ᠎ᠠ ᠰᠢᠬ ᠪᠠᠶᠢᠯᠭᠠᠨ᠎ᠠ᠃ ᠰᠦᠨᠢ ᠶᠢᠨ ᠲᠤᠯᠠᠭᠠᠨ ᠢ 18℃~20℃ ᠪᠠᠶᠢᠯᠭᠠᠵᠤ᠂ ᠴᠢᠭᠢᠭ ᠤᠨ ᠭᠡᠮᠵᠢᠶ᠎ᠠ ᠶᠢ 50% ᠤᠷᠴᠢᠮ ᠢᠶᠠᠷ ᠭᠢᠵᠠᠭᠠᠷᠯᠠᠨ᠎ᠠ᠃ ᠨᠢᠯᠬ᠎ᠠ ᠵᠢᠮᠢᠰ ᠤᠨ ᠲᠤᠮᠤᠷᠠᠬᠤ ᠬᠤᠭᠤᠴᠠᠭ᠎ᠠ ᠨᠢ ᠰᠦᠨᠢ ᠶᠢᠨ ᠲᠤᠯᠠᠭᠠᠨ ᠳᠤ ᠮᠠᠰᠢ ᠦᠨᠳᠤᠷ ᠱᠠᠭᠠᠷᠳᠠᠯᠭ᠎ᠠ ᠲᠠᠢ ᠪᠠᠶᠢᠳᠠᠭ᠃ ᠴᠡᠴᠡᠭᠯᠡᠭᠰᠡᠨ ᠠᠴᠠ ᠬᠤᠶᠢᠰᠢ 15 ᠡᠳᠤᠷ ᠲᠤ ᠰᠦᠨᠢ ᠶᠢᠨ ᠲᠤᠯᠠᠭᠠᠨ ᠤ ᠭᠡᠮᠵᠢᠶ᠎ᠠ ᠨᠢ 20℃ ᠤᠷᠴᠢᠮ ᠪᠠᠶᠢᠬᠤ ᠶᠢ ᠱᠠᠭᠠᠷᠳᠡᠨᠠ᠃ ᠡᠭᠦᠨ ᠠᠴᠠ ᠬᠤᠶᠢᠰᠢ 16℃~20℃ ᠢᠶᠠᠷ ᠭᠢᠵᠠᠭᠠᠷᠯᠠᠵᠤ᠂ ᠡᠳᠤᠷ ᠤᠨ ᠲᠤᠯᠠᠭᠠᠨ ᠤ ᠭᠡᠮᠵᠢᠶ᠎ᠠ ᠶᠢ 25℃~28℃ ᠪᠠᠶᠢᠯᠭᠠᠵᠤ᠂ ᠴᠢᠭᠢᠭ ᠤᠨ ᠭᠡᠮᠵᠢᠶ᠎ᠠ ᠶᠢ 60% ᠠᠴᠠ ᠭᠡᠳᠦᠷᠡᠭᠦᠯᠵᠤ ᠪᠤᠯᠬᠤ ᠦᠭᠡᠢ᠃ ᠦᠵᠦᠮ ᠨᠢ ᠪᠤᠳᠤᠭ ᠰᠠᠭᠤᠬᠤ ᠬᠤᠭᠤᠴᠠᠭᠠᠨ ᠳᠤ ᠡᠳᠤᠷ ᠤᠨ ᠲᠤᠯᠠᠭᠠᠨ ᠤ ᠭᠡᠮᠵᠢᠶ᠎ᠠ ᠶᠢ 25℃~28℃᠂ ᠰᠦᠨᠢ ᠶᠢᠨ ᠲᠤᠯᠠᠭᠠᠨ ᠤ ᠭᠡᠮᠵᠢᠶ᠎ᠠ ᠶᠢ 16℃~17℃ ᠪᠠᠶᠢᠯᠭᠠᠵᠤ᠂ ᠰᠠᠯᠭᠢ ᠨᠡᠪᠳᠡᠷᠡᠭᠦᠯᠭᠦ ᠴᠠᠭ ᠢ ᠤᠷᠳᠤᠳᠬᠠᠵᠤ᠂ ᠰᠦᠨᠢ ᠳᠡᠭᠡᠨ ᠰᠠᠯᠭᠢᠨ ᠤ ᠠᠮᠠ ᠪᠠᠨ ᠬᠠᠭᠠᠬᠤ ᠦᠭᠡᠢ ᠪᠠᠶᠢᠵᠤ᠂ ᠡᠳᠤᠷ ᠰᠦᠨᠢ ᠶᠢᠨ ᠲᠤᠯᠠᠭᠠᠨ ᠤ ᠵᠦᠷᠢᠶ᠎ᠡ ᠶᠢ ᠨᠡᠮᠡᠭᠳᠡᠭᠦᠯᠵᠤ ᠪᠤᠯᠤᠨ᠎ᠠ᠃ ᠪᠦᠷᠭᠦᠭᠦᠯ ᠪᠦᠳᠡᠭᠡᠭᠦ ᠪᠠ ᠬᠤᠷᠢᠶᠠᠵᠤ ᠠᠪᠬᠤ ᠬᠤᠭᠤᠴᠠᠭ᠎ᠠ᠄ ᠶᠠᠷᠦᠩᠭᠡᠢ ᠳᠡᠭᠡᠨ 4 ᠳ᠋ᠤᠭᠡᠷ ᠰᠠᠷ᠎ᠠ ᠶᠢᠨ ᠡᠭᠢ ᠪᠠᠷ ᠰᠠᠭᠤᠷᠢᠰᠢᠭᠤᠯᠤᠨ ᠲᠠᠷᠢᠵᠤ᠂ ᠲᠠᠷᠢᠠᠠᠰᠠᠨ ᠤ ᠪᠠᠨ ᠲᠠᠷᠠᠭ᠎ᠠ ᠪᠦᠷᠭᠦᠭᠦᠯ ᠢᠶᠠᠨ ᠪᠦᠳᠡᠭᠡᠵᠤ ᠰᠡᠭᠦᠯᠴᠢ ᠶᠢᠨ ᠭᠢᠷᠠᠭᠤ ᠶᠢ ᠰᠡᠷᠭᠡᠶᠢᠯᠡᠨ᠎ᠠ᠃ ᠰᠡᠭᠦᠯᠴᠢ ᠶᠢᠨ ᠭᠢᠷᠠᠭᠤ ᠦᠡᠭᠭᠡᠷᠡᠭᠰᠡᠨ ᠤ ᠰᠡᠭᠦᠯᠡᠷ ᠠᠭᠤᠷ ᠠᠮᠢᠰᠬᠤᠯ ᠢᠳᠡᠭ ᠢᠳᠡᠭ ᠢᠶᠠᠷ ᠲᠤᠯᠠᠭᠠᠷᠠᠬᠤ ᠲᠤᠯᠠ 6 ᠳ᠋ᠤᠭᠠᠷ ᠰᠠᠷ᠎ᠠ ᠶᠢᠨ ᠲᠤᠮᠳᠡᠴᠢ ᠪᠠᠷ ᠪᠦᠷᠭᠦᠭᠦᠯ ᠢᠶᠠᠨ ᠬᠤᠷᠢᠶᠠᠵᠤ ᠠᠪᠴᠤ ᠪᠤᠯᠤᠨ᠎ᠠ᠃ 9 ᠳ᠋ᠤᠬᠡᠷ ᠰᠠᠷ᠎ᠠ ᠶᠢᠨ ᠡᠭᠢ ᠪᠠᠷ ᠪᠦᠷᠭᠦᠭᠦᠯ ᠢᠶᠠᠨ ᠡᠭᠢᠯᠡᠨ ᠪᠦᠳᠡᠭᠡᠵᠤ᠂ ᠡᠷᠳᠡ ᠶᠢᠨ ᠭᠢᠷᠠᠭᠤ ᠶᠢ ᠰᠡᠷᠭᠡᠶᠢᠯᠡᠵᠤ᠂ ᠨᠠᠪᠴᠢᠨ ᠤ ᠪᠦᠳᠦᠮᠵᠢᠳᠡᠢ ᠭᠡᠷᠡᠯ ᠤᠨ ᠨᠡᠶᠢᠯᠡᠯᠭᠡ ᠶᠢᠨ ᠦᠢᠯᠡᠳᠦᠯ ᠤᠨ ᠴᠠᠭ ᠢ ᠤᠷᠳᠤᠳᠬᠠᠵᠤ᠂ ᠰᠠᠯᠠᠭ᠎ᠠ ᠨᠠᠮᠠᠭ᠎ᠠ ᠨᠢ ᠭᠦᠢᠴᠡᠳ ᠪᠤᠯᠪᠠᠰᠤᠷᠠᠬᠤ ᠶᠢ ᠠᠭᠢᠭᠤᠯᠤᠨ᠎ᠠ᠃ 12 ᠳ᠋ᠤᠭᠠᠷ ᠰᠠᠷ᠎ᠠ ᠳᠤ ᠨᠠᠪᠴᠢ ᠨᠢ ᠤᠨ᠋ᠬᠠᠰᠠᠨ ᠤ ᠰᠡᠭᠦᠯᠡᠷ ᠡᠪᠡᠰᠤᠨ ᠪᠦᠳᠡᠭᠡᠯᠭᠡ ᠪᠠᠷ ᠬᠤᠴᠢᠵᠤ᠂ ᠲᠠᠷᠠᠭ᠎ᠠ ᠵᠢᠯ ᠤᠨ 2 ᠳ᠋ᠤᠭᠠᠷ ᠰᠠᠷ᠎ᠠ ᠶᠢᠨ ᠲᠤᠮᠳᠡᠴᠢ ᠭᠦᠷᠳᠡᠯ᠎ᠠ ᠬᠤᠴᠢᠵᠤ᠂ ᠲᠤᠯᠠᠭᠠᠨ ᠤ ᠭᠡᠮᠵᠢᠶ᠎ᠠ ᠲᠡᠭᠡᠭᠰᠢᠯᠡᠵᠤ ᠰᠤᠶᠤᠭᠠᠯᠠᠭᠤᠯᠬᠤ ᠦᠶ᠎ᠠ ᠳᠤ ᠪᠦᠷᠭᠦᠭᠦᠯ ᠢᠶᠠᠨ ᠬᠤᠷᠢᠶᠠᠵᠤ ᠠᠪᠤᠨ᠎ᠠ᠃ ᠶᠠᠷᠦᠩᠭᠡᠢ ᠳᠡᠭᠡᠨ ᠪᠠᠳᠠᠷᠠᠭ᠋ᠳ ᠮᠤᠳᠤ ᠶᠢ ᠲᠤᠭᠢᠳᠡᠶᠢᠠᠬᠨ ᠤᠷᠤᠢ ᠰᠢᠬ ᠨᠠᠭᠢᠶᠠᠯᠠᠭᠤᠯᠵᠤ᠂ ᠪᠠᠭᠤᠷᠠᠢ ᠮᠤᠳᠤ ᠶᠢ ᠠᠯᠢ ᠴᠢᠳᠠᠬᠤ ᠪᠠᠷ ᠡᠷᠳᠡᠭᠡᠨ ᠨᠠᠭᠢᠶᠠᠯᠠᠭᠤᠯᠵᠤ ᠰᠠᠭᠤᠷᠢᠰᠢᠭᠤᠯᠤᠨ ᠲᠠᠷᠢᠨ᠎ᠠ᠃ ᠰᠢᠨ᠎ᠠ ᠰᠠᠯᠠᠭᠠᠨ ᠳᠤ ᠴᠡᠴᠡᠭ ᠤᠨ ᠪᠠᠭ ᠰᠠᠭᠤᠠᠠᠰᠠᠨ ᠦᠶ᠎ᠠ ᠳᠤ ᠵᠢᠮᠢᠰᠯᠡᠭᠦ ᠰᠠᠯᠠᠭ᠎ᠠ ᠶᠢ ᠢᠯᠡᠭᠦᠭᠡᠨ ᠦᠯᠡᠳᠡᠭᠡᠵᠤ᠂ ᠪᠠᠭᠤᠷᠠᠢ ᠶᠢ ᠨᠢ ᠬᠠᠶᠠᠵᠤ ᠢᠳᠡᠷᠡᠭᠦᠨ ᠢ ᠨᠢ ᠦᠯᠡᠳᠡᠭᠡᠭᠦ ᠵᠠᠷᠴᠢᠮ ᠢᠶᠠᠷ ᠨᠢᠯᠬ᠎ᠠ ᠰᠠᠯᠠᠭ᠎ᠠ ᠶᠢ ᠨᠠᠭᠢᠶᠠᠯᠠᠭᠤᠯᠤᠨ᠂ ᠦᠯᠡᠳᠡᠭᠡᠭᠰᠡᠨ ᠰᠢᠨ᠎ᠠ ᠰᠠᠯᠠᠭ᠎ᠠ ᠪᠠᠨ ᠠᠯᠢ ᠴᠢᠳᠠᠬᠤ ᠪᠠᠷ ᠲᠠᠷᠢ ᠵᠢᠭᠳᠡ ᠪᠠᠶᠢᠯᠭᠠᠬᠤ ᠭᠡᠷᠡᠭᠳᠡᠢ᠃ ᠰᠢᠪᠡᠭᠡᠨ ᠭᠡᠷᠡᠰᠭᠡ ᠪᠤᠰᠬᠠᠬᠤ ᠳᠠᠭᠠᠨ ᠰᠢᠨ᠎ᠠ ᠰᠠᠯᠠᠭ᠎ᠠ ᠠᠴᠠ 20cm ᠤᠷᠴᠢᠮ ᠵᠠᠶᠢᠳᠠᠢ ᠪᠠᠶᠢᠯᠭᠠᠪᠠᠯ ᠲᠤᠭᠢᠷᠠᠮᠵᠢᠳᠡᠢ ᠪᠠᠶᠢᠳᠠᠭ᠃ ᠭᠡᠳᠦᠷᠭᠡᠢ ᠨᠢᠠᠠᠳᠠ᠂ ᠨᠠᠷᠢᠨ ᠪᠠᠭᠤᠷᠠᠢ᠂ ᠴᠡᠴᠡᠭ ᠤᠨ ᠪᠠᠭ ᠦᠭᠡᠢ ᠰᠢᠨ᠎ᠠ ᠰᠠᠯᠠᠭ᠎ᠠ ᠶᠢ ᠴᠦᠮ ᠠᠪᠴᠤ ᠬᠠᠶᠠᠬᠤ ᠭᠡᠷᠡᠭᠳᠡᠢ᠃ ᠰᠢᠨ᠎ᠠ ᠰᠠᠯᠠᠭ᠎ᠠ ᠨᠢ 40cm ᠤᠷᠴᠢᠮ ᠤᠷᠭᠤᠬᠤ ᠦᠶᠡᠰ ᠰᠢᠨ᠎ᠠ ᠰᠠᠯᠠᠭ᠎ᠠ ᠪᠠᠨ ᠰᠢᠪᠡᠭᠡ ᠭᠡᠷᠡᠰᠭᠡ ᠲᠡᠭᠡᠷ᠎ᠡ ᠪᠠᠨ ᠤᠶᠠᠬᠤ ᠭᠡᠷᠡᠭᠳᠡᠢ᠃ ᠪᠤᠢ ᠪᠦᠭᠦᠢ ᠰᠢᠨ᠎ᠠ ᠰᠠᠯᠠᠭᠠᠨ ᠲᠡᠭᠡᠷᠡᠭᠢ ᠤᠷᠢᠶᠠᠩᠭᠤ ᠨᠢ ᠰᠢᠮ᠎ᠠ ᠲᠡᠵᠢᠭᠡᠯ ᠢ ᠬᠤᠷᠤᠠᠠᠳᠠᠭᠤᠯᠬᠤ ᠪᠠᠷ ᠪᠠᠷᠠᠬᠤ ᠦᠭᠡᠢ ᠪᠠᠰᠠ ᠰᠢᠨ᠎ᠠ ᠰᠠᠯᠠᠭᠠᠨ ᠤ ᠪᠠᠶᠢᠷᠢᠰᠢᠯ ᠢ ᠰᠠᠮᠠᠭᠤᠷᠠᠭᠤᠯᠳᠠᠭ ᠪᠤᠯᠬᠤᠷ ᠡᠷᠭᠡᠪᠰᠢ ᠴᠠᠭ ᠲᠠᠷᠤᠢ ᠳᠤᠨᠢ ᠬᠠᠶᠢᠴᠢᠯᠡᠨ ᠠᠪᠴᠤ ᠬᠠᠶᠠᠬᠤ ᠭᠡᠷᠡᠭᠳᠡᠢ᠃ ᠴᠡᠴᠡᠭ ᠨᠢ ᠭᠦᠨᠳᠤ ᠨᠤᠴᠢᠳᠡᠢ ᠵᠤᠯᠭᠠᠷᠠᠳᠠᠭ ᠰᠤᠷᠲ ᠢ ᠪᠤᠯ ᠶᠠᠷᠦᠩᠭᠡᠢ ᠳᠡᠭᠡᠨ ᠴᠡᠴᠡᠭᠯᠡᠭᠦ ᠠᠴᠠ ᠨᠢ 2~3 ᠡᠳᠤᠷ ᠤᠨ ᠡᠮᠦᠨ᠎ᠠ᠂ ᠵᠢᠮᠢᠰᠯᠡᠭᠦ ᠰᠠᠯᠠᠭᠠᠨ ᠤ ᠤᠷᠤᠢ ᠶᠢ ᠨᠢ ᠭᠢᠷᠭᠠᠪᠠᠯ ᠵᠢᠮᠢᠰ ᠰᠠᠭᠤᠬᠤ ᠨᠤᠷᠮ᠎ᠠ ᠶᠢ ᠲᠡᠭᠡᠭᠰᠢᠯᠡᠭᠦᠯᠵᠤ ᠪᠤᠯᠤᠨ᠎ᠠ᠃ ᠶᠠᠷᠤᠩᠭᠡᠢ ᠳᠡᠭᠡᠨ ᠴᠡᠴᠡᠭ ᠤᠨ ᠲᠡᠭᠡᠷ᠎ᠡ 5~7 ᠨᠠᠪᠴᠢ ᠦᠯᠡᠳᠡᠭᠡᠭᠦ ᠶᠢᠨ ᠬᠠᠮᠳᠤ ᠴᠡᠴᠡᠭ ᠤᠨ ᠲᠦᠷᠦᠭᠦᠤ ᠶᠢᠨ ᠪᠦᠭᠦ᠋ᠢᠯᠡ ᠲᠠᠭᠠᠯᠳᠠ ᠰᠠᠯᠠᠭ᠎ᠠ ᠶᠢ ᠠᠪᠴᠤ ᠬᠠᠶᠠᠨ᠎ᠠ᠃ ᠨᠠᠮᠤᠷ ᠪᠤᠯᠵᠤ ᠰᠢᠨ᠎ᠠ ᠰᠠᠯᠠᠭ᠎ᠠ ᠪᠠᠳᠠᠷᠠᠭ᠋ᠳ ᠤᠷᠭᠤᠬᠤ ᠦᠶᠡᠰ᠂ 7 ᠳ᠋ᠤᠭᠠᠷ ᠰᠠᠷ᠎ᠠ ᠶᠢᠨ ᠲᠤᠮᠳᠡᠴᠢ ᠠᠴᠠ 8 ᠳ᠋ᠤᠭᠠᠷ ᠰᠠᠷ᠎ᠠ ᠶᠢᠨ ᠡᠭᠢ ᠪᠠᠷ ᠤᠷᠤᠢ ᠶᠢ ᠨᠢ ᠲᠠᠷᠤᠵᠤ᠂ ᠰᠢᠮ᠎ᠠ ᠲᠡᠵᠢᠭᠡᠯ ᠬᠤᠷᠠᠮᠳᠤᠬᠤ ᠪᠤᠯᠭᠠᠬᠤ ᠭᠡᠷᠡᠭᠳᠡᠢ᠃ ᠤᠷᠤᠢ ᠶᠢ ᠨᠢ ᠲᠠᠷᠤᠠᠠᠰᠠᠨ ᠤ ᠰᠡᠭᠦᠯᠡᠷ ᠡᠮᠦᠨ᠎ᠠ ᠭᠡᠰᠡᠭ ᠲᠤᠨᠢ ᠬᠤᠶᠠᠷ ᠤᠷᠳᠤ ᠲᠠᠭᠠᠯᠳᠠ ᠰᠠᠯᠠᠭ᠎ᠠ ᠦᠯᠡᠳᠡᠭᠡᠭᠦ ᠶᠢ ᠭᠠᠷᠭᠠᠪᠠᠯ᠂ ᠪᠤᠰᠤᠳ ᠲᠠᠭᠠᠯᠳᠠ ᠰᠠᠯᠠᠭ᠎ᠠ ᠶᠢ ᠪᠦᠭᠦᠨ ᠢ ᠠᠪᠴᠤ ᠬᠠᠶᠠᠬᠤ ᠭᠡᠷᠡᠭᠳᠡᠢ᠃ ᠰᠢᠨ᠎ᠠ ᠰᠠᠯᠠᠭ᠎ᠠ ᠨᠢ 6~7 ᠨᠠᠪᠴᠢᠯᠠᠬᠤ ᠦᠶᠡᠰ ᠮᠤᠳᠤᠨ ᠲᠡᠭᠡᠷ᠎ᠡ ᠪᠠᠨ 200~300 ᠲᠠᠭᠢᠨ ᠤ B9 ᠡᠮ ᠢ ᠰᠦᠷᠴᠢᠪᠡᠯ ᠰᠢᠨ᠎ᠠ ᠰᠠᠯᠠᠭ᠎ᠠ ᠶᠢᠨ ᠤᠷᠭᠤᠯᠳᠠ ᠶᠢ ᠨᠢ ᠪᠦᠳᠦᠮᠵᠢᠳᠡᠢ ᠪᠠᠷ ᠭᠢᠵᠠᠭᠠᠷᠯᠠᠵᠤ᠂ ᠵᠢᠮᠢᠰ ᠰᠠᠭᠤᠬᠤ ᠨᠤᠷᠮ᠎ᠠ ᠶᠢ ᠲᠡᠭᠡᠭᠰᠢᠯᠡᠭᠦᠯᠵᠤ ᠪᠤᠯᠤᠨ᠎ᠠ᠃ ᠰᠠᠭᠤᠷᠢ ᠪᠦᠷᠢ 3~5 ᠵᠢᠮᠢᠰᠯᠡᠭᠦ ᠰᠢᠨ᠎ᠠ ᠰᠠᠯᠠᠭ᠎ᠠ ᠦᠯᠡᠳᠡᠭᠡᠵᠤ᠂ ᠶᠠᠷᠦᠩᠭᠡᠢ ᠳᠡᠭᠡᠨ ᠰᠢᠨ᠎ᠠ ᠰᠠᠯᠠᠭ᠎ᠠ ᠪᠦᠷᠢ ᠳᠤ ᠨᠢᠭᠡ ᠵᠢᠮᠢᠰ ᠤᠨ ᠲᠦᠷᠦᠭᠦᠤ ᠦᠯᠡᠳᠡᠭᠡᠨ᠂ ᠪᠠᠭᠤᠷᠠᠢ ᠰᠠᠯᠠᠭᠠᠨ ᠳᠤ ᠦᠯᠡᠳᠡᠭᠡᠭᠦ ᠦᠭᠡᠢ᠂ ᠢᠳᠡᠷᠡᠭᠦᠨ ᠰᠠᠯᠠᠭᠠᠨ ᠳᠤ ᠢᠯᠡᠭᠦᠤ ᠬᠤᠶᠠᠷ ᠵᠢᠮᠢᠰ ᠤᠨ ᠲᠦᠷᠦᠭᠦᠤ ᠦᠯᠡᠳᠡᠭᠡᠵᠤ ᠪᠤᠯᠤᠨ᠎ᠠ᠃ ᠰᠢᠮ᠎ᠠ ᠲᠡᠵᠢᠭᠡᠯ ᠢ ᠠᠷᠪᠢᠯᠠᠬᠤ ᠶᠢᠨ ᠲᠤᠰᠠᠳᠠ᠂ ᠴᠡᠴᠡᠭᠯᠡᠭᠦ ᠠᠴᠠ ᠨᠢ ᠡᠮᠦᠨ᠎ᠠ ᠭᠡᠳᠦᠷᠭᠡᠢ ᠤᠯᠠᠨ ᠴᠡᠴᠡᠭ ᠤᠨ ᠪᠠᠭ ᠢ ᠰᠡᠶᠢᠷᠡᠭᠵᠢᠭᠦᠯᠵᠤ᠂ ᠲᠠᠭᠠᠯᠳᠠ ᠲᠦᠷᠦᠭᠦᠤ ᠪᠠ ᠭᠤᠷᠪᠡᠨ ᠤ ᠨᠢᠭᠡ ᠶᠢᠨ ᠲᠦᠷᠦᠭᠦᠤ ᠶᠢᠨ ᠦᠵᠦᠭᠦᠷ ᠢ ᠠᠪᠴᠤ ᠬᠠᠶᠠᠬᠤ ᠭᠡᠷᠡᠭᠳᠡᠢ᠃ ᠵᠢᠮᠢᠰ ᠰᠠᠭᠤᠠᠠᠰᠠᠨ ᠤ ᠰᠡᠭᠦᠯᠡᠷ ᠵᠢᠮᠢᠰ ᠤᠨ ᠲᠦᠷᠦᠭᠦᠤ ᠪᠠᠨ ᠰᠠᠶᠢᠳᠤᠷ ᠲᠡᠭᠰᠢᠯᠡᠨ ᠵᠠᠰᠠᠬᠤ ᠭᠡᠷᠡᠭᠳᠡᠢ᠃ ᠰᠠᠭᠤᠷᠢ ᠪᠦᠷᠢ 2.5~3kg ᠵᠢᠮᠢᠰ ᠰᠠᠭᠤᠯᠭᠠᠵᠤ᠂ ᠮᠤ᠋ ᠪᠦᠷᠢ ᠠᠴᠠ 3000~3500kg ᠦᠵᠦᠮ ᠬᠤᠷᠢᠶᠠᠨ᠎ᠠ᠃ ᠰᠢᠪᠡᠭᠡ ᠭᠡᠷᠡᠰᠭᠡ ᠪᠤᠰᠬᠠᠨ ᠲᠠᠷᠢᠬᠤ ᠳᠤ ᠶᠡᠷᠦᠩᠭᠡᠢ ᠳᠡᠭᠡᠨ ᠤᠷᠳᠤ ᠤᠬᠤᠷ ᠰᠠᠯᠠᠭ᠎ᠠ ᠶᠢ ᠬᠤᠯᠢᠯᠳᠤᠭᠤᠯᠤᠨ ᠬᠠᠶᠢᠴᠢᠯᠠᠵᠤ ᠵᠠᠰᠠᠨ᠎ᠠ᠃ ᠰᠠᠭᠤᠷᠢ ᠪᠦᠷᠢ ᠬᠤᠶᠠᠷ ᠵᠠᠯ᠎ᠠ ᠦᠯᠡᠳᠡᠭᠡᠵᠤ᠂ ᠡᠪᠤᠯ ᠬᠠᠶᠢᠴᠢᠯᠠᠬᠤ ᠳᠠᠭᠠᠨ᠂ ᠨᠢᠭᠡ ᠵᠠᠯ᠎ᠠ ᠳᠤᠨᠢ ᠪᠤᠯᠪᠠᠰᠤᠷᠬᠠᠰᠠᠨ ᠭᠡᠰᠡᠭ ᠤᠨ ᠭᠤᠷᠪᠡᠨ ᠤ ᠬᠤᠶᠠᠷ ᠢ ᠨᠢ ᠦᠯᠡᠳᠡᠭᠡᠵᠤ᠂ ᠤᠷᠳᠤ ᠰᠠᠯᠠᠭ᠎ᠠ ᠶᠢ ᠨᠢ ᠬᠠᠶᠢᠴᠢᠯᠡᠨ ᠵᠠᠰᠠᠨ᠎ᠠ᠃ ᠨᠦᠭᠦᠭᠡ ᠨᠢᠭᠡ ᠵᠠᠯ᠎ᠠ ᠳᠤ ᠲᠤᠩ ᠤᠬᠤᠷ ᠰᠠᠯᠠᠭ᠎ᠠ ᠶᠢ ᠬᠠᠶᠢᠴᠢᠯᠡᠨ ᠵᠠᠰᠠᠵᠤ᠂ ᠤᠷᠳᠤ ᠰᠠᠯᠠᠭ᠎ᠠ ᠶᠢᠨ ᠵᠢᠮᠢᠰᠯᠡᠭᠦ ᠶᠢ ᠠᠰᠢᠠᠠᠯᠠᠵᠤ᠂ ᠵᠢᠮᠢᠰᠯᠡᠭᠰᠡᠨ ᠤ ᠰᠡᠭᠦᠯᠡᠷ ᠪᠦᠭᠦᠨ ᠢ ᠰᠠᠶᠢᠷᠡᠭᠵᠢᠭᠦᠯᠦᠨ ᠵᠠᠰᠠᠨ᠎ᠠ᠃ ᠤᠬᠤᠷ ᠰᠠᠯᠠᠭ᠎ᠠ ᠶᠢ ᠮᠦᠷ ᠢᠶᠠᠨ ᠲᠠᠭᠠᠭᠤᠯᠤᠨ ᠲᠠᠳᠠᠵᠤ᠂ ᠰᠡᠭᠦᠯᠡᠷ ᠨᠢ ᠨᠢᠭᠡᠨ ᠤᠷᠳᠤ ᠰᠠᠯᠠᠭ᠎ᠠ ᠶᠢ ᠦᠯᠡᠳᠡᠭᠡᠨ ᠵᠢᠮᠢᠰᠯᠡᠭᠦᠯᠵᠤ᠂ ᠤᠬᠤᠷ ᠰᠠᠯᠠᠭ᠎ᠠ ᠶᠢ ᠨᠢ ᠵᠢᠯ ᠵᠢᠯ ᠡᠨᠡ ᠮᠡᠳᠤ ᠵᠠᠰᠠᠨ᠎ᠠ᠃ 4~5 ᠵᠢᠯ ᠪᠤᠯᠵᠤ ᠮᠤᠳᠤ ᠨᠢ ᠭᠦᠭᠰᠢᠷᠡᠨ ᠮᠠᠭᠤᠳᠠᠪᠠᠯ᠂ ᠰᠢᠨ᠎ᠠ ᠴᠢᠭᠢ ᠲᠠᠷᠢᠵᠤ ᠲᠦᠢᠯᠪᠤᠷᠢᠳᠡᠢ ᠰᠢᠨᠡᠴᠢᠯᠡᠨ᠎ᠡ᠃ ᠶᠠᠷᠦᠩᠭᠡᠢ ᠳᠡᠭᠡᠨ ᠵᠢᠯ ᠳᠤ ᠭᠤᠷᠪᠡ ᠤᠳᠠᠭ᠎ᠠ ᠪᠤᠷᠳᠤᠭᠤᠷ ᠤᠷᠤᠭᠤᠯᠤᠨ᠎ᠠ᠃ ᠲᠤᠬᠠᠶᠢᠯᠠᠪᠠᠯ ᠨᠠᠮᠤᠷ ᠡᠷᠳᠡ ᠰᠠᠭᠤᠷᠢ ᠪᠤᠷᠳᠤᠭᠤᠷ ᠤᠷᠤᠭᠤᠯᠵᠤ᠂ ᠵᠢᠮᠢᠰ ᠰᠠᠭᠤᠠᠠᠰᠠᠨ ᠤ ᠰᠡᠭᠦᠯᠡᠷ ᠰᠠᠭᠤᠷᠢ ᠪᠤᠷᠳᠤᠭᠤᠷ ᠨᠦᠭᠦᠵᠤ᠂ ᠪᠤᠳᠤᠭ ᠰᠠᠭᠤᠠᠠᠰᠠᠨ ᠤ ᠰᠡᠭᠦᠯᠡᠷ ᠪᠤᠷᠳᠤᠭᠤᠷ ᠨᠡᠮᠡᠵᠤ ᠤᠷᠤᠭᠤᠯᠤᠨ᠎ᠠ᠃ ᠰᠠᠭᠤᠷᠢ ᠪᠤᠷᠳᠤᠭᠤᠷ ᠲᠤ ᠬᠠᠮᠤᠭ ᠤᠨ ᠰᠠᠶᠢᠨ ᠨᠢ ᠭᠦᠢᠴᠡᠳ ᠦᠤᠭ᠍ᠰᠡᠨ ᠲᠠᠭᠢᠶᠠᠨ ᠪᠠᠭᠠᠰᠤ᠂ ᠭᠠᠭ᠋ᠠᠢ ᠶᠢᠨ ᠪᠠᠭᠠᠰᠤ ᠵᠡᠷᠭᠡ ᠶᠢ ᠭᠡᠷᠡᠭᠯᠡᠵᠤ᠂ ᠮᠤ᠋ ᠪᠦᠷᠢ 3000~5000kg ᠤᠷᠤᠭᠤᠯᠤᠨ᠎ᠠ᠃ ᠵᠢᠮᠢᠰ ᠰᠠᠭᠤᠠᠠᠰᠠᠨ ᠤ ᠰᠡᠭᠦᠯᠡᠷ ᠠᠽᠤᠲ᠂ ᠹᠤᠰᠹᠤᠷ᠂ ᠺᠠᠯᠢ ᠶᠢᠨ ᠬᠠᠷᠢᠴᠡᠯ ᠢ 2᠄ 1᠄ 1 ᠬᠤᠪᠢ ᠶᠢᠨ ᠲᠤᠰᠬᠠᠢ ᠭᠡᠷᠡᠭᠯᠡᠭᠡᠨ ᠤ ᠪᠤᠷᠳᠤᠭᠤᠷ ᠪᠤᠶᠤ ᠡᠰᠡᠭᠦᠯ᠎ᠠ ᠦᠪᠡᠷᠰᠡᠳ ᠢᠶᠠᠨ ᠨᠠᠶᠢᠷᠠᠭᠤᠯᠤᠠᠠᠰᠠᠨ ᠪᠤᠷᠳᠤᠭᠤᠷ ᠢ ᠮᠤ᠋ ᠪᠦᠷᠢ 30~45kg ᠤᠷᠤᠭᠤᠯᠤᠨ᠎ᠠ᠃ ᠪᠤᠳᠤᠭ ᠰᠠᠭᠤᠬᠤ ᠠᠴᠠ ᠨᠢ ᠡᠮᠦᠨ᠎ᠠ ᠠᠽᠤᠲ᠂ ᠹᠤᠰᠹᠤᠷ᠂ ᠺᠠᠯᠢ ᠶᠢᠨ ᠬᠠᠷᠢᠴᠡᠯ ᠢ 1᠄ 2᠄ 2 ᠬᠤᠪᠢ ᠶᠢᠨ ᠲᠤᠰᠬᠠᠢ ᠭᠡᠷᠡᠭᠯᠡᠭᠡᠨ ᠤ ᠪᠤᠷᠳᠤᠭᠤᠷ ᠪᠤᠶᠤ ᠡᠰᠡᠭᠦᠯ᠎ᠠ ᠦᠪᠡᠷᠰᠡᠳ ᠢᠶᠠᠨ ᠨᠠᠶᠢᠷᠠᠭᠤᠯᠤᠠᠠᠰᠠᠨ ᠨᠡᠶᠢᠯᠡᠮᠡᠯ ᠪᠤᠷᠳᠤᠭᠤᠷ ᠢ ᠮᠤ᠋ ᠪᠦᠷᠢ 20~25kg ᠤᠷᠤᠭᠤᠯᠤᠨ᠎ᠠ᠃ ᠦᠷᠡᠵᠢᠯ ᠤᠨ ᠬᠤᠭᠤᠴᠠᠭᠠᠨ ᠳᠤᠨᠢ ᠪᠠᠶᠢᠳᠠᠯ ᠢ ᠦᠵᠡᠨ ᠲᠤᠭᠢᠳᠡᠢ ᠴᠠᠭ ᠲᠤᠨᠢ ᠨᠠᠪᠴᠢᠨ ᠳᠤᠨᠢ ᠰᠦᠷᠴᠢᠵᠤ᠂ ᠠᠽᠤᠲ᠂ ᠹᠤᠰᠹᠤᠷ᠂ ᠺᠠᠯᠢ ᠵᠢᠴᠢ ᠪᠤᠷ᠂ ᠮᠠᠩᠭᠠᠨ᠂ ᠮᠬᠠᠨᠢ ᠵᠡᠷᠭᠡ ᠪᠢᠴᠢᠯ ᠡᠯᠧᠮᠧᠨ᠋ᠲ ᠢ ᠨᠦᠭᠦᠪᠤᠷᠢᠯᠡᠨ᠎ᠡ᠃ ᠶᠠᠷᠦᠩᠭᠡᠢ ᠳᠡᠭᠡᠨ ᠴᠢᠭᠢᠯᠡᠭᠦ ᠦᠶ᠎ᠠ ᠳᠤ ᠨᠢᠭᠡ ᠤᠳᠠᠭ᠎ᠠ ᠲᠠᠪᠳᠦᠳᠡᠯ᠎ᠡ ᠨᠢ ᠤᠰᠤᠯᠠᠵᠤ᠂ ᠵᠢᠮᠢᠰ ᠰᠠᠭᠤᠠᠠᠰᠠᠨ ᠠᠴᠠ ᠬᠤᠶᠢᠰᠢ ᠪᠠᠭ᠎ᠠ ᠤᠰᠤ ᠪᠠᠷ ᠤᠯᠠᠠᠳᠠ ᠤᠰᠤᠯᠠᠵᠤ᠂ ᠮᠤ᠋ ᠪᠦᠷᠢ ᠶᠢ ᠠᠷᠪᠠᠭᠠᠳ ᠡᠳᠤᠷ ᠠᠯᠤᠰᠯᠠᠭᠠᠳ ᠨᠢᠭᠡ ᠤᠳᠠᠭ᠎ᠠ ᠪᠠᠭ᠎ᠠ ᠤᠰᠤᠯᠠᠨ᠎ᠠ᠃ ᠵᠢᠮᠢᠰ ᠨᠢ ᠲᠤᠮᠤᠷᠠᠬᠤ ᠬᠤᠭᠤᠴᠠᠭᠠᠨ ᠳᠤ ᠤᠰᠤᠨ ᠤ ᠭᠡᠷᠡᠭᠴᠡᠭᠡ ᠨᠢ ᠨᠡᠮᠡᠭᠳᠡᠭᠦ ᠲᠤᠯᠠ 1~2 ᠤᠳᠠᠭ᠎ᠠ ᠬᠠᠨᠳᠠᠯ᠎ᠠ ᠤᠰᠤᠯᠠᠨ᠎ᠠ᠃ ᠵᠢᠮᠢᠰ ᠨᠢ ᠡᠭᠢᠯᠡᠨ ᠪᠤᠳᠤᠭ ᠰᠠᠭᠤᠵᠤ ᠪᠤᠯᠪᠠᠰᠤᠷᠠᠬᠤ ᠠᠴᠠ ᠠᠪᠤᠭᠠᠳ ᠲᠡᠭᠦᠵᠤ ᠬᠤᠷᠢᠶᠠᠬᠤ ᠭᠦᠷᠳᠡᠯ᠎ᠡ ᠶᠠᠷᠦᠩᠭᠡᠢ ᠳᠡᠭᠡᠨ ᠤᠰᠤᠯᠠᠬᠤ ᠪᠠᠨ ᠵᠤᠠᠠᠰᠤᠨᠠ᠃ ᠨᠠᠪᠴᠢ ᠨᠢ ᠤᠨᠠᠵᠤ᠂ ᠵᠠᠰᠬᠠᠰᠠᠨ ᠤ ᠰᠡᠭᠦᠯᠡᠷ ᠨᠢᠭᠡ ᠤᠳᠠᠭ᠎ᠠ ᠡᠪᠤᠯᠵᠢᠭᠦᠯᠤᠯ ᠤᠨ ᠤᠰᠤ ᠪᠠᠷ ᠤᠰᠤᠯᠠᠨ᠎ᠠ᠃ ᠬᠠᠷ᠎ᠠ ᠦᠡᠭᠭᠡ ᠶᠢᠨ ᠪᠦᠷᠭᠦᠭᠦᠯ ᠢᠶᠠᠷ ᠪᠦᠳᠡᠭᠡᠪᠡᠯ ᠤᠰᠤᠯᠠᠯᠳᠠ ᠶᠢᠨ ᠤᠳᠠᠭ᠎ᠠ ᠲᠤᠭ᠎ᠠ ᠶᠢ ᠬᠠᠰᠤᠠᠠᠳᠠᠭᠤᠯᠵᠤ ᠪᠤᠯᠤᠨ᠎ᠠ᠃
|
|
|
|
ᠢᠷᠡᠯᠲᠡ᠄
ᠦᠪᠦᠷ ᠮᠣᠩᠭᠤᠯ ᠤᠨ ᠵᠠᠰᠠᠭ ᠤᠨ ᠣᠷᠳᠤᠨ
|