︵ᠲᠦᠷᠪᠠ︶ ᠰᠢᠭᠢᠷᠯᠢᠭ ᠲᠠᠷᠢᠮᠠᠯ ᠤᠨ ᠭᠡᠮ ᠬᠤᠷᠤᠬᠠᠢ ᠶᠢᠨ ᠬᠦᠨᠦᠭᠡᠯ ᠢ ᠰᠡᠷᠭᠡᠶᠢᠯᠡᠨ ᠵᠠᠰᠠᠬᠤ
ᠨᠡᠶᠢᠲᠡᠯᠡᠭᠰᠡᠨ ᠴᠠᠭ᠄
2015/10/29

        1. ᠭᠤᠤᠯ ᠭᠡᠮ ᠤᠨ ᠬᠦᠨᠦᠭᠡᠯ ᠵᠢᠴᠢ ᠰᠡᠷᠭᠡᠶᠢᠯᠡᠨ ᠵᠠᠰᠠᠬᠤ ᠠᠷᠭ᠎ᠠ
       ︵1︶ ᠰᠢᠭᠢᠷ ᠯᠤᠤᠪᠠᠩ ᠤᠨ ᠴᠤᠬᠤᠷᠳᠤ ᠭᠡᠮ ᠬᠤᠷᠤᠬᠠᠢ ᠶᠢᠨ ᠬᠦᠨᠦᠭᠡᠯ ᠢ ᠰᠡᠷᠭᠡᠶᠢᠯᠡᠨ ᠵᠠᠰᠠᠬᠤ
      ᠲᠤᠰ ᠭᠡᠮ ᠤᠨ ᠢᠯᠡᠷᠡᠯ ᠨᠢ ᠭᠡᠪᠡᠯ ᠰᠢᠭᠢᠷ ᠯᠤᠤᠪᠠᠩ ᠤᠨ ᠦᠷ᠎ᠡ ᠨᠢ ᠭᠦᠷᠦᠰᠤᠨ ᠲᠤᠳᠤᠷ᠎ᠠ ᠰᠤᠶᠤᠭᠠᠯᠠᠬᠤ ᠠᠴᠠ ᠠᠪᠤᠭᠠᠳ 2~4 ᠨᠠᠪᠴᠢᠯᠠᠬᠤ ᠭᠦᠷᠳᠡᠯᠡᠭᠢ ᠬᠤᠭᠤᠴᠠᠭᠠᠨ ᠳᠤ ᠴᠦᠮ ᠡᠭᠦᠰᠴᠤ᠂ 6~8 ᠨᠠᠪᠴᠢᠯᠠᠬᠤ ᠦᠶᠡᠰ ᠭᠡᠮ ᠤᠨ ᠭᠦᠨᠦᠭᠡᠯ ᠨᠢ ᠠᠭᠠᠵᠢᠮ ᠢᠶᠠᠷ ᠵᠤᠠᠠᠰᠤᠳᠠᠭ ᠪᠠᠶᠢᠨ᠎ᠠ᠃ ᠴᠤᠬᠤᠷᠳᠤ ᠭᠡᠮ ᠢ ᠶᠡᠭᠡ ᠲᠦᠯᠦᠪ ᠲᠦᠷᠪᠡᠨ ᠲᠦᠷᠦᠯ ᠭᠡᠯᠪᠡᠷᠢ ᠬᠤᠪᠢᠶᠠᠨ᠎ᠠ᠃ ᠲᠤᠬᠠᠶᠢᠯᠠᠪᠠᠯ ᠭᠦᠷᠦᠰᠤᠨ ᠲᠤᠳᠤᠷ᠎ᠠ ᠢᠯᠵᠡᠷᠡᠬᠤ ᠭᠡᠯᠪᠡᠷᠢ᠂ ᠴᠤᠬᠤᠷᠳᠤᠬᠤ ᠭᠡᠯᠪᠡᠷᠢ᠂ ᠭᠡᠨᠡᠳᠳᠡ ᠦᠭᠦᠭᠦ ᠭᠡᠯᠪᠡᠷᠢ᠂ ᠭᠤᠤᠯ ᠦᠨᠳᠤᠰᠤ ᠨᠢ ᠢᠯᠵᠠᠷᠠᠬᠤ ᠭᠡᠯᠪᠡᠷᠢ ᠵᠡᠷᠭᠡ ᠪᠤᠯᠤᠨ᠎ᠠ᠃ ᠶᠠᠷᠦᠩᠭᠡᠢ ᠳᠡᠭᠡᠨ ᠭᠡᠮ ᠡᠭᠦᠰᠭᠦ ᠭᠡᠯᠪᠡᠷᠢ ᠨᠢ ᠪᠤᠯ ᠠᠩᠬ᠎ᠠ ᠡᠭᠢᠨ ᠳᠡᠭᠡᠨ ᠨᠢᠯᠬ᠎ᠠ ᠦᠨᠳᠤᠰᠤ ᠪᠤᠯᠤᠨ ᠰᠢᠷᠤᠢ ᠠᠴᠠ ᠰᠠᠶ᠋ᠢ ᠪᠤᠯᠳᠠᠶᠢᠠᠠᠰᠠᠨ ᠵᠤᠯᠵᠠᠭᠠᠨ ᠨᠠᠪᠴᠢ ᠶᠢᠨ ᠲᠤᠤᠷ᠎ᠡ ᠲᠡᠩᠭᠡᠯᠢᠭ ᠲᠤ ᠤᠰᠤᠯᠢᠭ ᠬᠦᠢᠬᠡᠨ ᠭᠦᠷᠡᠩ ᠦᠡᠭᠭᠡ ᠶᠢᠨ ᠭᠡᠮ ᠤᠨ ᠰᠢᠨᠵᠢ ᠢᠯᠡᠷᠡᠵᠤ᠂ ᠭᠦᠨᠳᠤ ᠨᠤᠴᠢᠳᠡᠢ ᠪᠤᠯᠬᠤ ᠦᠶᠡᠰ ᠪᠦᠭᠦ᠋ᠢᠯᠡ ᠵᠤᠯᠵᠠᠭᠠᠨ ᠨᠠᠪᠴᠢᠨ ᠤ ᠲᠤᠤᠷ᠎ᠠ ᠲᠡᠩᠭᠡᠯᠢᠭ ᠤᠨ ᠦᠨᠳᠤᠰᠤᠨ ᠭᠡᠰᠡᠭ ᠲᠤ ᠲᠠᠷᠬᠠᠳᠠᠭ ᠪᠠᠶᠢᠨ᠎ᠠ᠃ ᠭᠡᠮ ᠲᠤᠰᠤᠠᠠᠰᠠᠨ ᠨᠡᠭᠡᠳᠡᠰᠤ ᠨᠢ ᠭᠡᠵᠢᠶᠠᠳᠡ ᠨᠠᠷᠢᠰᠴᠤ᠂ ᠪᠤᠭᠤᠬᠤ ᠰᠢᠨᠵᠢ ᠲᠠᠢ ᠪᠤᠯᠵᠤ᠂ ᠪᠦᠭᠦ᠋ᠢᠯᠡ ᠦᠨᠳᠤᠰᠤᠨ ᠭᠡᠰᠡᠭ ᠪᠤᠯᠤᠨ ᠵᠤᠯᠵᠠᠭᠠᠨ ᠨᠠᠪᠴᠢ ᠶᠢᠨ ᠲᠤᠤᠷ᠎ᠠ ᠲᠡᠩᠭᠡᠯᠢᠭ ᠨᠢ ᠬᠠᠷᠠᠯᠠᠨ ᠢᠯᠵᠠᠷᠠᠵᠤ᠂ ᠤᠷᠭᠤᠮᠠᠯ ᠨᠢ ᠨᠠᠯᠡᠵᠤ ᠤᠨᠠᠨ ᠦᠭᠦᠳᠡᠭ᠃ ᠭᠡᠮ ᠭᠦᠡᠭᠭᠡᠨ ᠲᠤᠰᠤᠠᠠᠰᠠᠨ ᠨᠢᠯᠬ᠎ᠠ ᠴᠢᠭᠢ ᠳᠤ ᠪᠤᠯ ᠭᠡᠮ ᠤᠨ ᠪᠡᠺᠲ᠋ᠧᠷᠢ ᠨᠢ ᠵᠦᠪᠭᠡᠨ ᠨᠢᠯᠬ᠎ᠠ ᠴᠢᠭᠢᠨ ᠤ ᠭᠠᠳᠠᠷ ᠬᠠᠯᠢᠰᠤ ᠪᠤᠶᠤ ᠠᠩᠬ᠎ᠠ ᠤᠷᠭᠤᠠᠠᠰᠠᠨ ᠬᠠᠯᠢᠰᠤᠨ ᠳᠤ ᠨᠠᠪᠴᠢᠵᠤ᠂ ᠰᠡᠭᠦᠯᠡᠷ ᠨᠢ ᠨᠢᠯᠬ᠎ᠠ ᠦᠨᠳᠤᠰᠤᠨ ᠤ ᠬᠠᠯᠢᠰᠤ ᠨᠢ ᠱᠠᠭᠠᠷᠠᠳᠠᠭ ᠪᠤᠯᠪᠠᠴᠤ ᠨᠢᠯᠬ᠎ᠠ ᠴᠢᠭᠢ ᠨᠢ ᠮᠦᠨ ᠭᠦ ᠭᠡᠪ ᠤᠨ ᠶᠤᠰᠤᠭᠠᠷ ᠰᠡᠷᠭᠦᠵᠤ ᠪᠤᠯᠬᠤ ᠪᠦᠭᠡᠳ ᠶᠡᠭᠡ ᠪᠠᠷ ᠦᠭᠦᠵᠤ ᠰᠦᠢᠳᠬᠦ ᠦᠭᠡᠢ᠃ ᠰᠢᠭᠢᠷ ᠯᠤᠤᠪᠠᠩ ᠤᠨ ᠤᠷᠭᠤᠯᠳᠠ ᠶᠢᠨ ᠲᠤᠮᠳᠠᠴᠢ ᠬᠤᠭᠤᠴᠠᠭᠠᠨ ᠳᠤ ᠠᠴᠠᠨ ᠦᠨᠳᠤᠰᠤ ᠪᠤᠢ ᠪᠤᠯᠳᠠᠭ᠃
      ① ᠭᠡᠮ ᠡᠭᠦᠰᠭᠡᠭᠴᠢ ᠪᠠᠺᠲ᠋ᠧᠷᠢ ᠶᠢᠨ ᠭᠡᠯᠪᠡᠷᠢ ᠵᠦᠢ ᠶᠢᠨ ᠤᠨᠴᠠᠯᠢᠭ᠄
      a. ᠴᠤᠬᠤᠷᠳᠤ ᠭᠡᠮ ᠤᠨ ᠪᠠᠺᠲ᠋ᠧᠷᠢ᠄ ᠴᠤᠬᠤᠷᠳᠤ ᠭᠡᠮ ᠤᠨ ᠪᠠᠺᠲ᠋ᠧᠷᠢ ᠨᠢ ᠰᠢᠷᠭᠡᠭᠯᠢᠭ ᠢᠶᠠᠷ ᠦᠷᠡᠵᠢᠵᠤ᠂ ᠠᠩᠬᠠᠳᠤᠭᠠᠷ ᠰᠢᠷᠭᠡᠭ ᠨᠢ ᠦᠡᠭᠭᠡ ᠦᠭᠡᠢ᠂ ᠰᠡᠭᠦᠯᠳᠡᠭᠡᠳ ᠰᠢᠷ᠎ᠠ ᠭᠦᠷᠡᠩ ᠦᠡᠭᠭᠡ ᠲᠠᠢ ᠪᠤᠯᠵᠤ᠂ ᠮᠦᠭᠦ ᠶᠢᠨ ᠰᠢᠷᠭᠡᠭ ᠨᠢ ᠲᠤᠮᠤᠷᠠᠵᠤ᠂ ᠲᠡᠭᠰᠢ ᠦᠨᠴᠦᠭ ᠢᠶᠠᠷ ᠰᠠᠯᠠᠭᠠᠯᠠᠵᠤ᠂ ᠰᠠᠯᠠᠭᠠᠯᠠᠬᠤ ᠭᠠᠵᠠᠷ ᠲᠤ ᠨᠢᠭᠡᠨ ᠭᠦᠨᠳᠡᠯᠡᠨ ᠲᠠᠰᠤᠯᠤᠪᠴᠢ ᠲᠠᠢ ᠪᠠᠶᠢᠳᠠᠭ᠃ ᠡᠨᠡ ᠪᠤᠯ ᠰᠢᠷᠭᠡᠭᠯᠢᠭ ᠮᠦᠭᠦ ᠶᠢ ᠬᠠᠮᠤᠭ ᠤᠨ ᠠᠮᠠᠷᠬᠠᠨ ᠤᠯᠵᠤ ᠲᠠᠨᠢᠬᠤ ᠭᠤᠤᠯ ᠤᠨᠴᠠᠯᠢᠭ ᠪᠤᠯᠤᠨ᠎ᠠ᠃ ᠰᠢᠷᠭᠡᠭᠯᠢᠭ ᠪᠠᠺᠲ᠋ᠧᠷᠢ ᠶᠢᠨ ᠪᠤᠶᠢᠵᠢᠯᠳᠡ ᠪᠤᠯᠤᠨ ᠦᠷᠪᠢᠰᠦᠯ ᠨᠢ ᠨᠡᠯᠢᠶᠡᠳ ᠤᠳᠠᠭᠠᠨ ᠪᠠᠶᠢᠳᠠᠭ ᠪᠤᠯᠬᠤᠷ ᠤᠯᠠᠩᠭᠢ ᠨᠢ ᠰᠢᠷᠤᠢ ᠠᠴᠠ ᠭᠠᠷᠤᠠᠠᠰᠠᠨ ᠠᠴᠠ ᠬᠤᠶᠢᠰᠢ ᠰᠠᠶ᠋ᠢ ᠭᠡᠮ ᠤᠨ ᠰᠢᠨᠵᠢ ᠢᠯᠡᠷᠡᠵᠤ᠂ ᠨᠠᠪᠴᠢᠨ ᠤ ᠲᠤᠤᠷ᠎ᠠ ᠲᠡᠩᠭᠡᠯᠢᠭ ᠠᠴᠠ ᠠᠪᠤᠭᠠᠳ ᠦᠨᠳᠤᠰᠤᠨ ᠭᠡᠰᠡᠭ ᠭᠦᠷᠳᠡᠯ᠎ᠠ ᠠᠯᠭᠤᠷ ᠢᠶᠠᠷ ᠨᠠᠷᠢᠰᠴᠤ᠂ ᠰᠢᠷᠭᠠᠯ ᠦᠡᠭᠭᠡ ᠲᠠᠢ ᠪᠤᠯᠵᠤ᠂ ᠬᠤᠳᠤᠭᠤᠷ ᠲᠤᠯᠪᠤ ᠭᠠᠷᠴᠤ᠂ ᠰᠢᠷᠤᠢ ᠠᠴᠠ ᠭᠠᠷᠬᠤ ᠠᠴᠠ ᠪᠠᠨ ᠡᠮᠦᠨ᠎ᠠ ᠠᠮᠠᠷᠬᠠᠨ ᠢᠯᠵᠠᠷᠠᠳᠠᠭ ᠦᠭᠡᠢ᠃ ᠭᠡᠮ ᠤᠨ ᠪᠠᠺᠲ᠋ᠧᠷᠢ ᠨᠢ ᠭᠦᠷᠤᠰᠤᠨ ᠳᠤ 2~3 ᠵᠢᠯ ᠠᠮᠢᠳᠤᠷᠠᠳᠠᠭ ᠪᠠᠶᠢᠨ᠎ᠠ᠃
       b. ᠬᠠᠳᠤᠭᠤᠷ ᠪᠠᠺᠲ᠋ᠧᠷᠢ᠄ ᠲᠤᠰ ᠪᠠᠺᠲ᠋ᠧᠷᠢ ᠶᠢᠨ ᠮᠦᠭᠦ ᠶᠢᠨ ᠰᠢᠷᠭᠡᠭ ᠨᠢ ᠦᠡᠭᠭᠡ ᠦᠭᠡᠢ᠂ ᠤᠯᠠᠨ ᠰᠠᠯᠠᠭ᠎ᠠ ᠲᠠᠢ᠂ ᠰᠠᠯᠠᠭᠠᠯᠠᠬᠤ ᠰᠫᠤᠷ ᠪᠠ ᠵᠢᠵᠢᠭ ᠰᠫᠤᠷ ᠤᠨ ᠬᠤᠶᠠᠷ ᠲᠦᠷᠦᠯ ᠪᠠᠶᠢᠳᠠᠭ᠃ ᠲᠤᠮᠤ ᠰᠫᠤᠷ ᠨᠢ ᠶᠠᠭ ᠬᠠᠳᠤᠭᠤᠷ ᠤᠨ ᠭᠡᠯᠪᠡᠷᠢ ᠲᠠᠢ ᠪᠠᠶᠢᠵᠤ᠂ 3~5 ᠭᠦᠨᠳᠡᠯᠡᠨ ᠲᠠᠰᠤᠯᠤᠪᠴᠢ ᠲᠠᠢ ᠪᠠᠶᠢᠳᠠᠭ᠃ ᠵᠢᠵᠢᠭ ᠰᠫᠤᠷ ᠨᠢ ᠵᠤᠤᠪᠠᠩ ᠭᠡᠯᠪᠡᠷᠢ ᠲᠠᠢ᠂ ᠬᠤᠶᠠᠷ ᠦᠵᠦᠭᠦᠷ ᠨᠢ ᠪᠠᠭ᠋ᠠᠨ ᠱᠤᠪᠤᠭᠤᠷ ᠪᠠᠶᠢᠵᠤ᠂
ᠲᠠᠰᠤᠯᠤᠪᠴᠢ ᠦᠭᠡᠢ ᠪᠠᠶᠢᠳᠠᠭ᠃ ᠬᠠᠳᠤᠭᠤᠷ ᠪᠠᠺᠲ᠋ᠧᠷᠢ ᠶᠢᠨ ᠰᠫᠤᠷ ᠨᠢ ᠨᠢᠯᠬ᠎ᠠ ᠴᠢᠭᠢ ᠶᠢ ᠭᠦᠷᠦᠰᠤᠨ ᠠᠴᠠ ᠭᠠᠷᠬᠤ ᠠᠴᠠ ᠡᠮᠦᠨ᠎ᠠ ᠪᠤᠶᠤ ᠭᠦᠷᠦᠰᠤᠨ ᠠᠴᠠ ᠭᠠᠷᠤᠠᠠᠰᠠᠨ ᠠᠴᠠ ᠬᠤᠶᠢᠰᠢ ᠭᠡᠨᠡᠳᠳᠡ ᠤᠨᠠᠵᠤ ᠦᠭᠦᠭᠦᠯᠳᠡᠭ ᠪᠠᠶᠢᠨ᠎ᠠ᠃
       c. ᠭᠡᠨᠡᠳᠳᠡ ᠤᠨᠠᠬᠤ ᠭᠡᠮ ᠤᠨ ᠪᠠᠺᠲ᠋ᠧᠷᠢ᠄ ᠭᠡᠮ ᠤᠨ ᠪᠠᠺᠲ᠋ᠧᠷᠢ ᠨᠢ ᠰᠠᠯᠠᠭᠠᠯᠠᠬᠤ ᠰᠫᠤᠷ ᠪᠠ ᠦᠨᠳᠡᠭᠡᠨ ᠰᠫᠤᠷ ᠪᠤᠯᠳᠠᠭ᠃ ᠰᠠᠯᠠᠭᠠᠯᠠᠬᠤ ᠰᠫᠤᠷ ᠪᠠ ᠦᠨᠳᠡᠭᠡᠨ ᠰᠫᠤᠷ ᠨᠢ ᠬᠤᠶᠠᠷ ᠲᠦᠷᠦᠯ ᠪᠠᠶᠢᠬᠤ ᠪᠦᠭᠡᠳ ᠴᠦᠮ ᠲᠠᠩ ᠡᠰ ᠪᠤᠯᠤᠨ᠎ᠠ᠃ ᠨᠢᠭᠡᠨ ᠲᠦᠷᠦᠯ ᠨᠢ ᠰᠫᠤᠷ ᠤᠨ ᠤᠭᠤᠳᠠᠨ ᠳᠤ ᠭᠦᠳᠡᠯᠭᠡᠬᠡᠨᠳᠤ ᠰᠫᠤᠷ ᠪᠤᠯᠵᠤ ᠠᠮᠢᠯᠠᠭᠠᠳ᠂ ᠰᠡᠭᠦᠯᠡᠷ ᠨᠢ ᠰᠢᠯᠪᠢᠭᠦᠷ ᠢᠶᠠᠨ ᠠᠯᠳᠠᠳᠠᠭ᠃ ᠰᠦᠶ᠎ᠠ ᠴᠤᠷᠭᠤ ᠶᠢᠨ ᠦᠰᠤ ᠤᠷᠭᠤᠳᠠᠭ᠃ ᠨᠦᠭᠦᠭᠡ ᠨᠢᠭᠡ ᠲᠦᠷᠦᠯ ᠨᠢ ᠨᠢᠴᠦᠭᠦᠨ ᠢᠶᠠᠷ ᠪᠤᠢ ᠪᠤᠯᠵᠤ᠂ ᠰᠢᠭᠤᠳ ᠰᠦᠶ᠎ᠠ ᠴᠤᠷᠭᠤ ᠤᠷᠭᠤᠵᠤ᠂ ᠰᠫᠤᠷ ᠤᠨ ᠤᠭᠤᠳᠠ ᠲᠠᠢ ᠲᠦᠰᠳᠡᠢ ᠪᠠᠶᠢᠳᠠᠭ᠃ ᠦᠨᠳᠡᠭᠡᠨ ᠤᠭᠤᠳᠠ ᠲᠠᠢ ᠰᠫᠤᠷ ᠨᠢ ᠦᠡᠭᠭᠡ ᠦᠭᠡᠢ᠂ ᠲᠠᠩ ᠡᠰ ᠲᠠᠢ᠂ ᠪᠦᠮᠪᠤᠭᠡᠨ ᠭᠡᠯᠪᠡᠷᠢ ᠲᠠᠢ ᠪᠠᠶᠢᠳᠠᠭ᠃ ᠭᠡᠮ ᠤᠨ ᠪᠠᠺᠲ᠋ᠧᠷᠢ ᠨᠢ 25℃ ᠲᠤ ᠮᠠᠰᠢ ᠰᠠᠶᠢᠨ ᠪᠤᠶᠢᠵᠢᠵᠤ᠂ 20℃~30℃ ᠲᠤ ᠨᠢᠯᠬ᠎ᠠ ᠴᠢᠭᠢᠨ ᠳᠤ ᠠᠮᠠᠷᠬᠠᠨ ᠬᠠᠯᠳᠠᠪᠤᠷᠢᠯᠠᠵᠤ ᠪᠠᠶᠢᠳᠠᠭ᠃ ᠭᠡᠮ ᠤᠨ ᠪᠠᠺᠲ᠋ᠧᠷᠢ ᠨᠢ ᠮᠠᠰᠢ ᠡᠷᠳᠡ ᠢᠯᠡᠷᠡᠵᠤ᠂ ᠭᠡᠮ ᠡᠭᠦᠰᠦᠭᠰᠡᠨ ᠤ ᠰᠡᠭᠦᠯᠡᠷ ᠨᠢᠯᠬ᠎ᠠ ᠴᠢᠭᠢ ᠶᠢ ᠭᠦᠷᠦᠰᠤᠨ ᠠᠴᠠ ᠭᠠᠷᠬᠤ ᠠᠴᠠ ᠨᠢ ᠡᠮᠦᠨ᠎ᠠ ᠢᠯᠵᠠᠷᠠᠭᠤᠯᠳᠠᠭ ᠪᠠᠶᠢᠨ᠎ᠠ᠃
       d. ᠮᠤᠭᠠᠢ ᠶᠢᠨ ᠨᠢᠳᠤᠠᠴᠢᠷ ᠪᠠᠺᠲ᠋ᠧᠷᠢ᠄ ᠲᠤᠰ ᠪᠠᠺᠲ᠋ᠧᠷᠢ ᠨᠢ ᠰᠫᠤᠷ ᠤᠨ ᠤᠭᠤᠳᠠ ᠲᠠᠢ ᠪᠤᠯᠵᠤ᠂ ᠪᠦᠬᠡᠷᠡᠩᠬᠡᠢ ᠭᠡᠯᠪᠡᠷᠢ ᠲᠠᠢ᠂ ᠪᠦᠳᠡᠩᠭᠢ ᠭᠦᠷᠡᠩ ᠦᠡᠭᠭᠡ ᠲᠠᠢ᠂ ᠲᠤᠳᠤᠷ᠎ᠠ ᠪᠠᠨ ᠤᠯᠠᠨ ᠤᠭᠤᠳᠠᠳᠤ ᠰᠫᠤᠷ ᠲᠠᠢ᠂ ᠲᠠᠩ ᠡᠰ ᠲᠠᠢ᠂ ᠵᠤᠤᠪᠠᠩ ᠭᠡᠯᠪᠡᠷᠢ ᠪᠡ ᠪᠦᠮᠪᠤᠭᠡᠨ ᠭᠡᠯᠪᠡᠷᠢ ᠲᠠᠢ᠂ ᠦᠡᠭᠭᠡ ᠦᠭᠡᠢ᠂ ᠲᠤᠳᠤᠷ᠎ᠠ ᠨᠢ 2~4 ᠲᠤᠰᠤᠨ ᠲᠤᠰᠤᠯ ᠲᠠᠢ ᠪᠠᠶᠢᠳᠠᠭ᠃ ᠡᠨᠡ ᠬᠦ ᠵᠢᠩᠭᠢᠨᠢ ᠮᠦᠭᠦ ᠨᠢ ᠨᠢᠯᠬ᠎ᠠ ᠴᠢᠭᠢ ᠶᠢ ᠭᠦᠷᠦᠰᠤᠨ ᠠᠴᠠ ᠭᠠᠷᠬᠤ ᠠᠴᠠ ᠨᠢ ᠡᠮᠦᠨ᠎ᠠ ᠢᠯᠵᠠᠷᠠᠭᠤᠯᠬᠤ ᠪᠠ ᠭᠦᠷᠦᠰᠤᠨ ᠠᠴᠠ ᠭᠠᠷᠤᠠᠠᠰᠠᠨ ᠠᠴᠠ ᠬᠤᠶᠢᠨ᠎ᠠ ᠭᠡᠨᠡᠳᠳᠡ ᠦᠭᠦᠭᠦᠯᠵᠤ᠂ ᠭᠡᠮ ᠲᠤᠰᠤᠠᠠᠰᠠᠨ ᠭᠡᠰᠡᠭ ᠨᠢ ᠪᠦᠳᠡᠩᠭᠢ ᠭᠦᠷᠡᠩ ᠦᠡᠭᠭᠡ ᠠᠴᠠ ᠬᠠᠷ᠎ᠠ ᠦᠡᠭᠭᠡ ᠲᠠᠢ ᠪᠤᠯᠵᠤ ᠢᠯᠵᠠᠷᠠᠵᠤ᠂ ᠭᠦᠨᠦᠭᠡᠭᠳᠡᠭᠰᠡᠨ ᠭᠡᠰᠡᠭ ᠨᠢ ᠤᠯᠠᠩᠭᠢ ᠳᠠᠭᠠᠨ ᠭᠦᠷᠦᠰᠤᠨ ᠤ ᠭᠠᠳᠠᠷᠭᠤ ᠪᠤᠶᠤ ᠭᠦᠷᠦᠰᠤᠨ ᠲᠤᠤᠷ᠎ᠡ ᠡᠭᠦᠰᠳᠡᠭ᠃
       e. ᠴᠢᠭᠢ ᠢᠯᠵᠠᠷᠠᠬᠤ ᠭᠡᠮ ᠤᠨ ᠪᠠᠺᠲ᠋ᠧᠷᠢ᠄ ᠲᠤᠰ ᠪᠠᠺᠲ᠋ᠧᠷᠢ ᠪᠤᠯ ᠨᠢᠭᠡᠨ ᠲᠦᠷᠦᠯ ᠤᠨ ᠤᠰᠤᠯᠢᠭ ᠵᠢᠩᠭᠢᠨᠢ ᠮᠦᠭᠦ ᠮᠦᠨ᠃ ᠮᠦᠭᠦ ᠶᠢᠨ ᠰᠢᠷᠭᠡᠭ ᠨᠢ ᠭᠦᠭᠵᠢᠵᠤ᠂ ᠭᠦᠳᠡᠯᠦᠩᠭᠦᠢ ᠰᠫᠤᠷ ᠤᠨ ᠤᠭᠤᠳᠠ ᠨᠢ ᠢᠪᠴᠤᠤ ᠪᠠᠶᠢᠵᠤ᠂ ᠳ᠋ᠢᠶᠠᠮᠧᠲᠷ ᠨᠢ ᠮᠦᠭᠦ ᠶᠢᠨ ᠰᠢᠷᠭᠡᠭ ᠯᠦᠭᠡ ᠠᠳᠠᠯᠢ ᠦᠷᠭᠡᠨ ᠪᠠᠶᠢᠵᠤ᠂ ᠭᠦᠳᠡᠯᠭᠡᠬᠡᠨᠳᠤ ᠰᠫᠤᠷ ᠨᠢ ᠰᠫᠤᠷ ᠤᠨ ᠤᠭᠤᠳᠠᠨ ᠲᠤᠳᠤᠷ᠎ᠠ ᠪᠠᠨ ᠨᠢᠭᠡᠨ ᠮᠦᠷ ᠢᠶᠠᠷ ᠵᠢᠠᠠᠰᠠᠵᠤ᠂ ᠤᠷᠤᠢ ᠶᠢᠨ ᠦᠵᠦᠭᠦᠷ ᠤᠨ ᠨᠦᠭᠡ ᠪᠠᠷ ᠤᠷᠤᠰᠤᠨ ᠭᠠᠷᠴᠤ᠂ ᠪᠤᠷᠴᠠᠭ ᠤᠨ ᠲᠦᠷᠰᠤ ᠲᠠᠢ ᠪᠠᠶᠢᠳᠠᠭ᠃ ᠭᠡᠮ ᠤᠨ ᠪᠠᠺᠲ᠋ᠧᠷᠢ ᠶᠢᠨ ᠢᠯᠡᠷᠡᠭᠦ ᠬᠤᠭᠤᠴᠠᠭ᠎ᠠ ᠨᠢ ᠮᠠᠰᠢ ᠤᠷᠤᠢ ᠪᠠᠶᠢᠵᠤ᠂ ᠤᠯᠠᠩᠭᠢ ᠨᠢ ᠲᠡᠭᠡᠷ᠎ᠠ ᠲᠠᠯ᠎ᠠ ᠲᠡᠭᠡᠷ᠎ᠠ ᠢᠯᠡᠷᠡᠵᠤ᠂ ᠭᠦᠨᠦᠭᠡᠭᠳᠡᠭᠰᠡᠨ ᠭᠡᠰᠡᠭ ᠨᠢ ᠤᠰᠤᠨ ᠳᠤ ᠲᠡᠪᠳᠦᠭᠰᠡᠨ ᠰᠢᠨᠵᠢ ᠲᠠᠢ ᠪᠠᠶᠢᠳᠠᠭ᠃ ᠰᠡᠭᠦᠯᠳᠡᠵᠤ ᠢᠷᠡᠭᠡᠳ ᠭᠡᠮ ᠲᠠᠢ ᠭᠡᠰᠡᠭ ᠨᠢ ᠦᠷᠭᠡᠵᠢᠳᠡᠭ᠃
       ② ᠭᠡᠮ ᠡᠭᠦᠰᠭᠦ ᠤᠨᠴᠠᠯᠢᠭ ᠨᠢ ᠭᠡᠪᠡᠯ ᠴᠤᠬᠤᠷᠳᠤ ᠭᠡᠮ ᠤᠨ ᠡᠭᠦᠰᠤᠯ ᠨᠢ ᠭᠦᠷᠤᠰᠤ ᠰᠢᠷᠤᠢ ᠶᠢᠨ ᠴᠢᠭᠢᠭ ᠲᠤᠯᠠᠭᠠᠨ ᠤ ᠭᠡᠮᠵᠢᠶ᠎ᠠ ᠲᠠᠢ ᠨᠢᠠᠠᠳᠠ ᠬᠤᠯᠪᠤᠭ᠎ᠠ ᠲᠠᠢ ᠶᠤᠮ᠃ ᠶᠠᠷᠦᠩᠭᠡᠢ ᠳᠡᠭᠡᠨ ᠭᠦᠷᠦᠰᠤ ᠰᠢᠷᠤᠢ ᠶᠢᠨ ᠲᠤᠯᠠᠭᠠᠨ ᠤ ᠭᠡᠮᠵᠢᠶ᠎ᠠ ᠨᠢ ᠲᠤᠤᠷ᠎ᠡ᠂ ᠴᠢᠭᠢᠭ ᠤᠨ ᠭᠡᠮᠵᠢᠶ᠎ᠠ ᠨᠢ ᠨᠡᠯᠢᠶᠡᠳ ᠶᠡᠭᠡ ᠪᠠᠶᠢᠬᠤ ᠨᠦᠭᠦᠴᠡᠯ ᠲᠤᠤᠷ᠎ᠡ᠂ ᠴᠤᠬᠤᠷᠳᠤ ᠭᠡᠮ ᠨᠢ ᠨᠡᠯᠢᠶᠡᠳ ᠭᠦᠨᠳᠤ ᠡᠭᠦᠰᠳᠡᠭ᠃ ᠢᠯᠠᠩᠭᠤᠶ᠎ᠠ ᠴᠢᠭᠢ ᠢᠯᠵᠠᠷᠠᠬᠤ ᠭᠡᠮ ᠤᠨ ᠪᠠᠺᠲ᠋ᠧᠷᠢ ᠨᠢ ᠭᠦᠷᠦᠰᠤ ᠰᠢᠷᠤᠢ ᠶᠢᠨ ᠤᠰᠤᠨ ᠤ ᠭᠡᠮᠵᠢᠶ᠎ᠠ ᠲᠠᠢ ᠨᠡᠩ ᠨᠢᠠᠠᠳᠠ ᠬᠤᠯᠪᠤᠭ᠎ᠠ ᠲᠠᠢ ᠪᠠᠶᠢᠳᠠᠭ᠃ ᠭᠡᠨᠡᠳᠳᠡ ᠦᠭᠦᠭᠦ ᠭᠡᠮ ᠤᠨ ᠪᠠᠺᠲ᠋ᠧᠷᠢ ᠨᠢ ᠭᠦᠷᠦᠰᠤ ᠰᠢᠷᠤᠢ ᠶᠢᠨ ᠴᠢᠭᠢᠭ ᠤᠨ ᠭᠡᠮᠵᠢᠶ᠎ᠠ ᠲᠠᠢ ᠲᠠᠶᠢᠮᠤ ᠶᠡᠭᠡ ᠬᠤᠯᠪᠤᠠᠠᠳᠠᠯ ᠦᠭᠡᠢ ᠬᠠᠷᠢᠨ ᠭᠦᠷᠤᠰᠤ ᠰᠢᠷᠤᠢ ᠶᠢᠨ ᠲᠤᠯᠠᠭᠠᠨ ᠤ ᠭᠡᠮᠵᠢᠶ᠎ᠠ ᠲᠠᠢ ᠨᠡᠯᠢᠶᠡᠳ ᠨᠢᠠᠠᠳᠠ ᠬᠠᠷᠢᠴᠠᠭ᠎ᠠ ᠲᠠᠢ ᠪᠠᠶᠢᠳᠠᠭ᠃ ᠡᠳᠡᠭᠡᠷ ᠭᠡᠮ ᠤᠨ ᠪᠠᠺᠲ᠋ᠧᠷᠢ ᠨᠢ 20℃ ᠤᠷᠴᠢᠮ ᠳᠤ ᠮᠠᠰᠢ ᠰᠠᠶᠢᠨ ᠪᠠᠶᠢᠳᠠᠭ᠃ ᠵᠢᠱᠢᠶᠡᠯᠡᠪᠡᠯ ᠭᠦᠷᠦᠰᠤ ᠰᠢᠷᠤᠢ ᠶᠢᠨ ᠲᠤᠯᠠᠭᠠᠨ ᠤ ᠭᠡᠮᠵᠢᠶ᠎ᠠ ᠨᠢ ᠲᠤᠤᠷ᠎ᠠ᠂ ᠴᠢᠭᠢᠯᠡᠭᠦ ᠡᠳᠤᠷ ᠬᠤᠭᠤᠴᠠᠭ᠎ᠠ ᠨᠢ ᠤᠷᠳᠤ ᠪᠤᠯ ᠭᠡᠮ ᠡᠭᠦᠰᠭᠡᠭᠴᠢ ᠪᠠᠺᠲ᠋ᠧᠷᠢ ᠶᠢᠨ ᠬᠠᠯᠳᠠᠪᠤᠷᠢᠯᠠᠬᠤ ᠨᠢ ᠤᠯᠠᠨ ᠲᠤᠭᠢᠶᠠᠯ ᠲᠠᠢ ᠪᠤᠯᠵᠤ᠂ ᠡᠪᠡᠳᠴᠢᠨ ᠨᠢ ᠴᠤ ᠭᠦᠨᠳᠤ ᠲᠤᠰᠳᠠᠭ᠃ ᠰᠢᠭᠢᠷ ᠯᠤᠤᠪᠠᠩ ᠪᠤᠯ ᠬᠤᠵᠢᠷᠯᠢᠬ ᠭᠦᠷᠦᠰᠤᠨ ᠳᠤ ᠤᠷᠭᠤᠬᠤ ᠳᠤ ᠨᠡᠯᠢᠶᠡᠳ ᠲᠤᠭᠢᠷᠠᠮᠵᠢᠳᠡᠢ ᠪᠠᠶᠢᠳᠠᠭ᠃ ᠰᠢᠷᠭᠡᠭᠳᠤ ᠪᠠᠺᠲ᠋ᠧᠷᠢ᠂ ᠭᠡᠨᠡᠳᠳᠡ ᠦᠭᠦᠭᠦ ᠪᠡ ᠴᠢᠭᠢ ᠢᠯᠵᠠᠷᠠᠬᠤ ᠡᠪᠡᠳᠴᠢᠨ ᠤ ᠪᠠᠺᠲ᠋ᠧᠷᠢ ᠵᠡᠷᠭᠡ ᠨᠢ ᠶᠠᠷᠦᠩᠭᠡᠢ ᠳᠡᠭᠡᠨ ᠭᠦᠴᠢᠯᠯᠢᠭ ᠭᠦᠷᠦᠰᠤᠨ ᠳᠤ ᠨᠡᠯᠢᠶᠡᠳ ᠤᠯᠠᠨ ᠪᠠᠶᠢᠵᠤ᠂ ᠭᠡᠮ ᠡᠭᠦᠰᠭᠦ ᠨᠢ ᠴᠤ ᠨᠡᠯᠢᠶᠡᠳ ᠭᠦᠨᠳᠤ ᠪᠠᠶᠢᠳᠠᠭ᠃ ᠤᠰᠤ ᠵᠠᠯᠠᠯᠳᠠ ᠪᠠᠷ ᠪᠠᠷᠤᠠᠠᠳᠠᠢ ᠨᠦᠢᠳᠡᠨ ᠭᠠᠵᠠᠷ ᠨᠢ ᠭᠦᠷᠦᠰᠤ ᠰᠢᠷᠤᠢ ᠶᠢᠨ ᠨᠠᠩᠭᠢ ᠶᠡᠭᠡᠳᠭᠦ ᠪᠠ ᠭᠦᠷᠦᠰᠤ ᠰᠢᠷᠤᠢ ᠨᠢ ᠪᠦᠭᠡᠮᠨᠡᠷᠡᠨ ᠪᠠᠷᠢᠯᠳᠤᠬᠤ ᠲᠤᠯᠠ ᠰᠢᠭᠢᠷ ᠯᠤᠤᠪᠠᠩ ᠤᠨ ᠨᠢᠯᠬ᠎ᠠ ᠴᠢᠭᠢ ᠶᠢᠨ ᠤᠷᠭᠤᠯᠳᠠ ᠳᠤ ᠠᠰᠢᠭ ᠦᠭᠡᠢ᠂ ᠭᠡᠮ ᠢ ᠡᠰᠡᠷᠭᠦᠴᠡᠭᠦ ᠭᠦᠴᠤᠨ ᠨᠢ ᠪᠠᠭᠤᠷᠠᠢ ᠪᠠᠶᠢᠵᠤ᠂ ᠭᠡᠮ ᠡᠭᠦᠰᠭᠦ ᠨᠢ ᠭᠦᠨᠳᠤ ᠪᠤᠯᠳᠠᠭ᠃ ᠲᠠᠷᠢᠬᠤ ᠠᠴᠠ ᠪᠠᠨ ᠡᠮᠦᠨ᠎ᠠ ᠭᠠᠵᠠᠷ ᠢᠶᠠᠨ ᠲᠡᠭᠰᠢᠯᠡᠭᠰᠡᠨ ᠨᠢ ᠪᠦᠳᠦᠭᠦᠯᠢᠭ᠂ ᠭᠦᠷᠤᠰᠤ ᠰᠢᠷᠤᠢ ᠨᠢ ᠲᠠᠴᠢᠷ ᠨᠢᠮᠭᠡᠨ᠂ ᠦᠷ᠎ᠠ ᠶᠢᠨ ᠶᠠᠰᠤ ᠴᠢᠨᠠᠷ ᠨᠢ ᠪᠠᠷᠤᠠᠠᠳᠠᠢ ᠪᠠᠶᠢᠬᠤ ᠵᠡᠷᠭᠡ ᠨᠢ ᠴᠦᠮ ᠭᠡᠮ ᠢ ᠡᠭᠦᠰᠭᠡᠳᠡᠭ᠃
      ᠰᠡᠷᠭᠡᠶᠢᠯᠡᠨ ᠵᠠᠰᠠᠬᠤ ᠠᠷᠭ᠎ᠠ᠄ ᠦᠷ᠎ᠠ ᠳᠡᠭᠡᠨ ᠡᠮ ᠪᠠᠭᠰᠤᠷᠬᠤ ᠪᠠᠷ ᠭᠤᠤᠯ ᠪᠤᠯᠭᠠᠵᠤ᠂ ᠲᠠᠷᠢᠶᠠᠯᠠᠩ ᠤᠨ ᠠᠷᠭ᠎ᠠ ᠲᠠᠢ ᠤᠶᠠᠯᠳᠤᠭᠤᠯᠤᠨ ᠰᠡᠷᠭᠡᠶᠢᠯᠡᠨ ᠵᠠᠰᠠᠨ᠎ᠠ᠃
      a. ᠦᠷ᠎ᠡ ᠳᠡᠭᠡᠨ ᠡᠮ ᠪᠠᠭᠰᠤᠷᠬᠤ᠄ ᠲᠠᠷᠢᠬᠤ ᠠᠴᠠ ᠪᠠᠨ ᠡᠮᠦᠨ᠎ᠠ 50% ᠶᠢᠨ ᠹᠦ᠋ ᠮᠸᠢ ᠱᠤᠸᠠᠩ ︵福美双︶ ᠪᠤᠶᠤ 75% ᠶᠢᠨ ᠳ᠋ᠢ ᠺᠧ ᠰᠦᠩ ︵敌克松︶ ᠡᠮ ᠢ ᠦᠷ᠎ᠡ ᠲᠠᠢ ᠪᠠᠨ ᠪᠠᠭᠰᠤᠷᠴᠤ᠂ ᠡᠮ ᠤᠨ ᠭᠡᠷᠡᠭᠯᠡᠭᠦ ᠭᠡᠮᠵᠢᠶ᠎ᠠ ᠶᠢ ᠴᠦᠮ ᠦᠷ᠎ᠡ ᠶᠢᠨ ᠭᠦᠨᠳᠤ ᠶᠢᠨ 0.8% ᠪᠠᠶᠢᠯᠭᠠᠨ᠎ᠠ᠃ ᠲᠤᠬᠠᠶᠢᠯᠠᠪᠠᠯ 100kg ᠦᠷ᠎ᠠ ᠳᠤ 0.8kg ᠡᠮ ᠤᠨ ᠨᠤᠠᠳᠠᠭ ᠢ ᠵᠢᠭᠳᠡ ᠳᠤᠨᠢ ᠬᠤᠯᠢᠨ᠎ᠠ᠃ ᠡᠰᠡᠭᠦᠯ᠎ᠠ 75% ᠶᠢᠨ ᠳ᠋ᠢ ᠺᠧ ᠰᠦᠩ ︵敌克松︶ ᠡᠮ ᠳᠤ ᠦᠷ᠎ᠠ ᠪᠠᠨ ᠲᠡᠪᠳᠦᠭᠡᠨ᠎ᠡ᠃ 100kg ᠦᠷ᠎ᠠ ᠶᠢ 70kg ᠤᠰᠤᠨ ᠳᠤ ᠲᠠᠪᠳᠤᠬᠡᠵᠦ 0.8kg ᠡᠮ ᠨᠡᠮᠡᠵᠤ᠂ 24 ᠴᠠᠭ ᠲᠡᠪᠳᠦᠭᠡᠭᠡᠳ᠂ ᠱᠦᠭᠦᠨ ᠭᠠᠷᠭᠠᠵᠤ ᠬᠠᠳᠠᠭᠠᠭᠠᠳ ᠲᠠᠷᠢᠨ᠎ᠠ᠃ b. ᠭᠠᠵᠠᠷ ᠢᠶᠠᠨ ᠰᠠᠶᠢᠳᠤᠷ ᠲᠡᠭᠰᠢᠯᠡᠨ ᠴᠢᠭᠢᠭ ᠢ ᠬᠠᠮᠠᠭᠠᠯᠠᠬᠤ ᠪᠠ ᠲᠤᠭᠢᠳᠡᠢ ᠴᠠᠭ ᠲᠤᠨᠢ ᠲᠠᠷᠢᠨ᠎ᠠ᠃ ᠴᠠᠭ ᠲᠠᠷᠤᠢ ᠳᠤᠨᠢ ᠭᠠᠵᠠᠷ ᠢᠶᠠᠨ ᠤᠷᠪᠠᠭᠤᠯᠬᠤ ᠪᠠ ᠨᠠᠮᠤᠷ ᠤᠷᠪᠠᠭᠤᠯᠤᠨ ᠲᠡᠭᠰᠢᠯᠡᠵᠤ᠂ ᠭᠠᠵᠠᠷ ᠤᠷᠤᠨ ᠤ ᠪᠠᠨ ᠪᠠᠶᠢᠳᠠᠯ ᠳᠤ ᠲᠤᠭᠢᠷᠠᠭᠤᠯᠤᠨ᠂ ᠨᠢᠯᠬ᠎ᠠ ᠴᠢᠭᠢᠨ ᠤ ᠭᠡᠮ ᠢ ᠡᠰᠡᠷᠭᠦᠴᠡᠭᠦ ᠴᠢᠳᠠᠯ ᠢ ᠨᠢ ᠨᠡᠮᠡᠭᠳᠡᠭᠦᠯᠦᠨ᠎ᠠ᠃ c. ᠹᠤᠰᠹᠤᠷ ᠪᠤᠷᠳᠤᠭᠤᠷ ᠨᠡᠮᠡᠨ ᠤᠷᠤᠭᠤᠯᠵᠤ ᠢᠳᠡᠷᠡᠭᠦᠨ ᠪᠤᠶᠢᠵᠢᠭᠤᠯᠤᠨ᠎ᠠ᠃ d. ᠴᠠᠭ ᠲᠠᠷᠤᠢ ᠳᠤᠨᠢ ᠠᠷᠴᠢᠵᠤ ᠲᠠᠩᠨᠠᠨ᠎ᠠ᠃ e. ᠵᠤᠭᠢᠰᠳᠡᠢ ᠪᠠᠷ ᠡᠭᠡᠯᠵᠢᠯᠡᠨ ᠲᠠᠷᠢᠨ᠎ᠠ᠃
ᠪᠠᠶᠢᠡᠭᠭᠤ ᠭᠡᠷᠡᠭᠯᠡᠭᠦ ᠡᠮ ᠭᠡᠪᠡᠯ ᠹᠦ᠋ ᠮᠸᠢ ᠱᠤᠸᠠᠩ᠂ ᠳ᠋ᠢ ᠺᠧ ᠰᠦᠩ ᠵᠡᠷᠭᠡ ᠡᠮ ᠪᠠᠶᠢᠨ᠎ᠠ᠃
       ︵2︶ ᠰᠢᠭᠢᠷ ᠯᠤᠤᠪᠠᠩ ᠤᠨ ᠴᠠᠭᠠᠨ ᠲᠤᠭᠤᠰᠤᠳᠤ ᠭᠡᠮ ᠬᠤᠷᠤᠬᠠᠢ ᠶᠢᠨ ᠬᠦᠨᠦᠭᠡᠯ ᠢ ᠰᠡᠷᠭᠡᠶᠢᠯᠡᠨ ᠵᠠᠰᠠᠬᠤ
      ᠲᠤᠰ ᠭᠡᠮ ᠤᠨ ᠭᠦᠨᠦᠭᠡᠭᠦ ᠰᠢᠨᠵᠢ ᠪᠠᠶᠢᠳᠠᠯ᠄ ᠰᠢᠭᠢᠷ ᠯᠤᠤᠪᠠᠩ ᠤᠨ ᠦᠨᠳᠤᠰᠤ᠂ ᠡᠰᠢ᠂ ᠨᠠᠪᠴᠢ᠂ ᠴᠠᠴᠡᠭᠳᠤ ᠰᠠᠯᠠᠭ᠎ᠠ᠂ ᠦᠷ᠎ᠠ ᠶᠢᠨ ᠪᠦᠮᠪᠦᠭᠡ ᠵᠡᠷᠭᠡ ᠭᠠᠵᠠᠷ ᠲᠡᠭᠡᠷᠡᠭᠢ ᠭᠡᠰᠡᠭ ᠢ ᠴᠦᠮ ᠭᠦᠨᠦᠭᠡᠳᠡᠭ᠃ ᠭᠡᠮ ᠳᠤ ᠨᠡᠷᠪᠡᠭᠳᠡᠭᠰᠡᠨ ᠭᠡᠰᠡᠭ ᠲᠤ ᠤᠷᠢᠳ ᠢᠶᠠᠷ ᠴᠠᠭᠠᠨ ᠨᠤᠯᠤᠤᠷ ᠪᠤᠢ ᠪᠤᠯᠭᠠᠵᠤ᠂ ᠳ᠋ᠢᠶᠠᠮᠧᠲᠷ ᠨᠢ 1mm ᠲᠤᠮᠤ ᠲᠤᠯᠪᠤᠷᠠᠵᠤ᠂ ᠲᠦᠭᠦᠭᠡᠢ ᠮᠠᠲ᠋ᠧᠷᠢᠶᠠᠯ ᠤᠨ ᠰᠢᠭᠢᠷ ᠯᠤᠤᠪᠠᠩ ᠤᠨ ᠴᠦᠭᠡᠪᠤᠷᠢ ᠨᠠᠪᠴᠢᠨ ᠲᠡᠭᠡᠷ᠎ᠠ ᠴᠠᠭᠠᠨ ᠲᠤᠭᠤᠰᠤᠷᠬᠠᠭ ᠵᠢᠵᠢᠭ ᠲᠤᠭᠤᠷᠢᠭ ᠲᠤᠯᠪᠤ ᠢᠯᠡᠷᠡᠭᠡᠳ᠂ ᠮᠠᠰᠢ ᠲᠦᠷᠭᠡᠨ ᠢᠶᠠᠷ ᠪᠦᠭᠦ ᠨᠠᠪᠴᠢᠨ ᠳᠤ ᠲᠦᠭᠡᠵᠤ᠂ ᠴᠠᠭᠠᠨ ᠮᠦᠭᠦ ᠶᠢᠨ ᠰᠢᠷᠭᠡᠭ ᠤᠨ ᠲᠠᠪᠬᠤᠷᠭ᠎ᠠ ᠰᠠᠭᠤᠵᠤ᠂ ᠵᠠᠯᠭᠠᠭᠠᠳ ᠴᠠᠭᠠᠨ ᠲᠤᠭᠤᠰᠤᠨ ᠲᠠᠪᠬᠤᠷᠭ᠎ᠠ ᠨᠢ ᠶᠡᠭᠡ ᠭᠡᠮᠵᠢᠶᠠᠨ ᠤ ᠨᠤᠠᠳᠠᠭ ᠡᠳ᠋ ᠰᠠᠴᠤᠨ ᠭᠠᠷᠭᠠᠵᠤ᠂ ᠴᠢᠭᠢᠨ ᠤ ᠰᠢᠷᠭᠡᠭᠳᠤ ᠪᠠᠶ᠎ᠠ ᠵᠢᠴᠢ ᠰᠠᠯᠠᠭᠠᠯᠠᠬᠤ ᠰᠫᠤᠷ ᠪᠤᠯᠳᠠᠭ ᠪᠠᠶᠢᠨ᠎ᠠ᠃ ᠤᠷᠭᠤᠯᠳᠠ ᠶᠢᠨ ᠰᠡᠭᠦᠯᠴᠢ ᠶᠢᠨ ᠬᠤᠭᠤᠴᠠᠭᠠᠨ ᠳᠤ ᠴᠠᠭᠠᠨ ᠴᠢᠭᠢ ᠶᠢᠨ ᠰᠢᠷᠭᠡᠭᠳᠤ ᠲᠠᠪᠬᠤᠷᠭ᠎ᠠ ᠳᠤ ᠰᠫᠤᠷ ᠤᠨ ᠤᠭᠤᠳᠠᠨ ᠬᠠᠯᠢᠰᠤ ᠤᠷᠭᠤᠵᠤ᠂ ᠡᠭᠢᠨ ᠳᠡᠭᠡᠨ ᠰᠢᠷ᠎ᠠ ᠦᠡᠭᠭᠡ ᠲᠠᠢ ᠪᠠᠶᠢᠵᠤ᠂ ᠠᠭᠠᠵᠢᠮ ᠢᠶᠠᠷ ᠰᠢᠷᠭᠠᠯ ᠭᠦᠷᠡᠩ ᠦᠡᠭᠭᠡ ᠲᠠᠢ ᠪᠤᠯᠵᠤ᠂ ᠡᠴᠤᠰ ᠲᠡᠭᠡᠨ ᠬᠠᠷ᠎ᠠ ᠦᠡᠭᠭᠡᠳᠡᠢ ᠪᠤᠯᠵᠤ᠂ ᠭᠦᠨᠦᠭᠡᠯ ᠳᠤ ᠤᠴᠠᠷᠬᠠᠰᠠᠨ ᠨᠠᠪᠴᠢ ᠨᠢ ᠰᠢᠷᠠᠯᠠᠨ ᠬᠠᠳᠠᠵᠤ ᠦᠭᠦᠳᠡᠭ᠃
       ① ᠭᠡᠮ ᠡᠭᠦᠰᠭᠡᠭᠴᠢ ᠮᠦᠭᠦ ᠶᠢᠨ ᠭᠡᠯᠪᠡᠷᠢ ᠵᠦᠢ ᠶᠢᠨ ᠤᠨᠴᠠᠯᠢᠭ᠄ ᠰᠠᠯᠠᠭᠠᠯᠠᠬᠤ ᠰᠫᠤᠷ ᠤᠨ ᠰᠢᠯᠪᠢ ᠨᠢ ᠪᠤᠭᠤᠯᠳᠠ ᠦᠭᠡᠢ᠂ ᠲᠠᠰᠤᠯᠤᠪᠴᠢ ᠲᠠᠢ ᠪᠠᠶᠢᠳᠠᠭ᠃ ᠰᠠᠯᠠᠭᠠᠯᠠᠬᠤ ᠰᠫᠤᠷ ᠤᠨ ᠰᠢᠯᠪᠢ ᠪᠦᠷᠢ ᠤᠷᠤᠢ ᠶᠢᠨ ᠦᠵᠦᠭᠦᠷ ᠲᠤ ᠨᠢᠭᠡᠨ ᠰᠠᠯᠠᠭᠠᠯᠠᠬᠤ ᠰᠫᠤᠷ ᠤᠷᠭᠤᠵᠤ᠂ ᠵᠤᠤᠪᠠᠩ ᠭᠡᠯᠪᠡᠷᠢ ᠲᠠᠢ᠂ ᠦᠡᠭᠭᠡ ᠦᠭᠡᠢ᠂ ᠲᠠᠩ ᠡᠰ ᠤᠨ ᠰᠫᠤᠷ ᠤᠨ ᠬᠠᠯᠢᠰᠤ ᠨᠢ ᠪᠦᠮᠪᠤᠭᠡᠨ ᠭᠡᠯᠪᠡᠷᠢ ᠲᠠᠢ᠂ ᠤᠭᠤᠳᠠ ᠪᠦᠷᠢ 4~8 ᠤᠭᠤᠳᠠᠳᠤ ᠰᠫᠤᠷ ᠲᠠᠢ ᠪᠤᠯᠳᠠᠭ᠃ ᠰᠫᠤᠷ ᠤᠨ ᠤᠭᠤᠳᠠ ᠨᠢ ᠵᠤᠤᠪᠠᠩ ᠭᠡᠯᠪᠡᠷᠢ ᠲᠠᠢ᠂ ᠨᠢᠭᠡ ᠦᠵᠦᠭᠦᠷ ᠲᠤᠨᠢ ᠬᠤᠰᠢᠭᠤ ᠭᠠᠷᠴᠤ᠂ ᠭᠠᠳᠠᠭᠤᠷ ᠨᠢ ᠬᠤᠶᠠᠷ ᠲᠠᠪᠬᠤᠷ ᠬᠠᠨ᠎ᠠ ᠲᠠᠢ ᠪᠠᠶᠢᠵᠤ᠂ ᠰᠫᠤᠷ ᠤᠨ ᠤᠭᠤᠳᠠ ᠪᠦᠷᠢ 2~4 ᠤᠭᠤᠳᠠᠳᠤ ᠰᠫᠤᠷ ᠤᠷᠭᠤᠵᠤ᠂ ᠦᠡᠭᠭᠡ ᠦᠭᠡᠢ᠂ ᠵᠤᠤᠪᠠᠩ ᠭᠡᠯᠪᠡᠷᠢ ᠲᠠᠢ᠂ ᠲᠠᠩ ᠡᠰ ᠲᠠᠢ ᠪᠠᠶᠢᠳᠠᠭ᠃
       ② ᠭᠡᠮ ᠡᠭᠦᠰᠭᠦ ᠤᠨᠴᠠᠯᠢᠭ᠄ ᠭᠡᠮ ᠤᠨ ᠪᠠᠺᠲ᠋ᠧᠷᠢ ᠨᠢ ᠭᠤᠤᠯ ᠨᠢ ᠤᠭᠤᠳᠠᠳᠤ ᠬᠠᠯᠢᠰᠤ᠂ ᠮᠦᠭᠦ ᠶᠢᠨ ᠰᠢᠷᠭᠡᠭᠳᠤ ᠪᠠᠶ᠎ᠠ ᠨᠢ ᠭᠦᠷᠤᠰᠤ ᠰᠢᠷᠤᠢ ᠶᠢᠨ ᠭᠠᠳᠠᠷᠭᠤ ᠳᠤ ᠤᠷᠤᠰᠢᠵᠤ᠂ ᠦᠷ᠎ᠡ ᠶᠢᠨ ᠪᠦᠮᠪᠦᠭᠡ᠂ ᠭᠡᠮ ᠲᠠᠢ ᠵᠡᠷᠡᠮᠳᠡᠭ ᠰᠠᠭᠤᠷᠢ ᠨᠢ ᠡᠭᠡ ᠦᠨᠳᠤᠰᠤᠨ ᠳᠤ ᠡᠪᠤᠯᠵᠢᠵᠤ᠂ ᠲᠠᠷᠠᠭ᠎ᠠ ᠵᠢᠯ ᠨᠢ ᠡᠪᠤᠯᠵᠢᠭ᠍ᠰᠡᠨ ᠰᠫᠤᠷ ᠤᠨ ᠪᠢᠳᠡᠭᠦᠤ ᠬᠠᠯᠢᠰᠤᠨ ᠠᠴᠠ ᠪᠤᠯᠪᠠᠰᠤᠷᠬᠠᠰᠠᠨ ᠤᠭᠤᠳᠠᠳᠤ ᠰᠫᠤᠷ ᠰᠦᠷᠴᠢᠨ ᠭᠠᠷᠭᠠᠳᠠᠭ᠃ ᠡᠨᠡ ᠨᠢ ᠠᠩᠬᠠᠨ ᠤ ᠬᠠᠯᠳᠠᠪᠤᠷᠢᠯᠡᠯ ᠤᠨ ᠭᠤᠤᠯ ᠢᠷᠡᠯᠳᠡ ᠨᠢ ᠪᠤᠯᠤᠨ᠎ᠠ᠃ ᠡᠪᠤᠯᠵᠢᠭ᠍ᠰᠡᠨ ᠮᠦᠭᠦ ᠶᠢᠨ ᠰᠢᠷᠭᠡᠭ ᠨᠢ ᠬᠤᠶᠠᠳᠤᠭᠠᠷ ᠵᠢᠯ ᠳᠤ ᠦᠷᠡᠵᠢᠵᠤ᠂ ᠰᠠᠯᠠᠭᠠᠯᠠᠬᠤ ᠰᠫᠤᠷ ᠪᠤᠢ ᠪᠤᠯᠭᠠᠨ ᠬᠠᠯᠳᠠᠪᠤᠷᠢᠯᠡᠨ ᠭᠦᠨᠦᠭᠡᠳᠡᠭ᠃
       ᠤᠭᠤᠳᠠᠳᠤ ᠬᠠᠯᠢᠰᠤ ᠨᠢ ᠡᠪᠤᠯᠵᠢᠭᠦ ᠶᠢᠨ ᠡᠭᠢᠨ ᠤ ᠤᠳᠠᠭ᠎ᠠ ᠶᠢᠨ ᠬᠠᠯᠳᠠᠪᠤᠷᠢ ᠶᠢᠨ ᠦᠢᠯᠡᠳᠦᠯ ᠦᠵᠡᠭᠦᠯᠳᠡᠭ᠃ ᠪᠠᠷᠠᠭᠤᠨ ᠬᠤᠶᠢᠳᠤ ᠶᠢᠨ ᠭᠠᠵᠠᠷ ᠤᠷᠤᠨ ᠳᠤ ᠪᠤᠯ ᠶᠠᠷᠦᠩᠭᠡᠢ ᠳᠡᠭᠡᠨ 6 ᠳ᠋ᠤᠭᠠᠷ ᠰᠠᠷ᠎ᠠ ᠶᠢᠨ ᠡᠴᠤᠰ ᠠᠴᠠ 7 ᠳ᠋ᠤᠭᠠᠷ ᠰᠠᠷ᠎ᠠ ᠶᠢᠨ ᠲᠤᠮᠳᠡᠴᠢ ᠪᠤᠯᠳᠠᠯ᠎ᠠ᠂ ᠰᠢᠭᠢᠷ ᠯᠤᠤᠪᠠᠩ ᠢ ᠠᠩᠬ᠎ᠠ ᠲᠠᠷᠢᠬᠤ ᠦᠶ᠎ᠠ ᠳᠤ ᠡᠭᠦᠰᠳᠡᠭ᠃ ᠲᠦᠭᠦᠭᠡᠢ ᠮᠠᠲ᠋ᠧᠷᠢᠶᠠᠯ ᠤᠨ ᠰᠢᠭᠢᠷ ᠯᠤᠤᠪᠠᠩ ᠳᠤ ᠵᠠᠯᠭᠠᠭ᠎ᠠ ᠪᠠᠷ ᠭᠡᠮ ᠡᠭᠦᠰᠴᠤ᠂ 8 ᠳ᠋ᠤᠭᠠᠷ ᠰᠠᠷ᠎ᠠ ᠶᠢᠨ ᠡᠭᠢ ᠪᠡ ᠲᠤᠮᠳᠡᠴᠢ ᠪᠠᠷ ᠭᠡᠮ ᠡᠭᠦᠰᠭᠦ ᠭᠦᠭ ᠦᠶ᠎ᠠ ᠪᠤᠯᠳᠠᠭ᠃ ᠪᠠᠭ᠎ᠠ ᠰᠠᠭ᠎ᠠ ᠪᠤᠷᠤᠭᠠᠨ ᠲᠠᠢ᠂ ᠲᠤᠯᠠᠭᠠᠨ ᠤ ᠭᠡᠮᠵᠢᠶ᠎ᠠ ᠨᠢ 22℃~24℃᠂ ᠬᠠᠷᠢᠴᠠᠩᠭᠤᠢ ᠴᠢᠭᠢᠭ ᠤᠨ ᠭᠡᠮᠵᠢᠶ᠎ᠠ ᠨᠢ 65% ᠪᠠᠶᠢᠪᠠᠯ ᠰᠦᠷᠡᠭᠡᠢ ᠲᠡᠯᠭᠡᠷᠡᠵᠤ᠂ ᠨᠢᠭᠤᠠᠠᠳᠠᠮᠠᠯ ᠪᠤᠶᠢᠵᠢᠯᠳᠡ ᠶᠢᠨ ᠬᠤᠭᠤᠴᠠᠭ᠎ᠠ ᠨᠢ 2~3 ᠡᠳᠤᠷ ᠪᠠᠶᠢᠵᠤ᠂ ᠲᠤᠯᠠᠭᠠᠨ ᠤ ᠭᠡᠮᠵᠢᠶ᠎ᠠ 20℃ ᠠᠴᠠ ᠲᠤᠷᠤᠠᠠᠰᠢ ᠪᠠᠶᠢᠪᠠᠯ ᠭᠡᠮ ᠤᠨ ᠭᠦᠨᠦᠭᠡᠯ ᠡᠭᠦᠰᠭᠦ ᠳᠤ ᠠᠰᠢᠭ ᠦᠭᠡᠢ ᠪᠠᠶᠢᠳᠠᠭ᠃ ᠴᠠᠭᠠᠨ ᠲᠤᠭᠤᠰᠤᠳᠤ ᠭᠡᠮ ᠲᠡᠯᠭᠡᠷᠡᠭᠦ ᠨᠢ ᠴᠠᠭ ᠠᠭᠤᠷ ᠲᠠᠢ ᠨᠢᠠᠠᠳᠠ ᠬᠠᠷᠢᠴᠠᠭ᠎ᠠ ᠲᠠᠢ ᠪᠠᠶᠢᠳᠠᠭ᠃ ᠠᠭᠠᠭᠢᠮ᠎ᠠ ᠬᠠᠯᠠᠭᠤᠨ᠂ ᠭᠠᠩ ᠬᠠᠭᠰᠠᠷᠠᠭᠠᠨ ᠲᠠᠢ ᠠᠭᠤᠷ ᠠᠮᠢᠰᠬᠤᠯ ᠳᠤ ᠭᠡᠮ ᠤᠨ ᠡᠭᠦᠰᠦᠯ ᠶᠡᠭᠡᠳᠴᠤ᠂ ᠰᠢᠭᠢᠷ ᠯᠤᠤᠪᠠᠩ ᠨᠢ ᠭᠠᠩ ᠳᠤ ᠲᠦᠷ ᠴᠠᠭ ᠬᠤᠷᠪᠤᠶᠢᠪᠠᠯ ᠴᠠᠭᠠᠨ ᠲᠤᠭᠤᠰᠤᠳᠤ ᠭᠡᠮ ᠳᠤ ᠠᠮᠠᠷᠬᠠᠨ ᠨᠡᠷᠪᠡᠭᠳᠡᠳᠡᠭ᠃
      ᠭᠠᠩ ᠬᠠᠭᠰᠠᠷᠠᠭᠠᠨ ᠲᠠᠢ ᠭᠠᠵᠠᠷ ᠤᠷᠤᠨ ᠳᠤ ᠲᠦᠷ ᠴᠠᠭ ᠤᠨ ᠬᠤᠷ᠎ᠠ ᠪᠤᠷᠤᠭᠠᠨ ᠪᠤᠶᠤ ᠤᠬᠤᠷ ᠬᠤᠭᠤᠴᠠᠭᠠᠨ ᠤ ᠪᠦᠭᠴᠢᠮ ᠬᠠᠯᠠᠭᠤᠨ ᠨᠢ ᠰᠫᠤᠷ ᠤᠨ ᠨᠠᠪᠴᠢᠯᠳᠡ ᠪᠠ ᠬᠠᠯᠳᠠᠪᠤᠷᠢᠯᠡᠯ ᠳᠤ ᠴᠦᠮ ᠠᠰᠢᠠᠠᠳᠠᠢ ᠪᠠᠶᠢᠵᠤ᠂ ᠬᠠᠷᠢᠨ ᠵᠠᠯᠭᠠᠭ᠎ᠠ ᠪᠠᠷ ᠪᠤᠷᠤᠭᠠᠨ ᠤᠷᠤᠬᠤ ᠢᠯᠠᠩᠭᠤᠶ᠎ᠠ ᠲᠤᠠᠠᠰᠢᠨ ᠪᠤᠷᠤᠭᠠᠨ ᠤᠷᠤᠪᠠᠯ ᠭᠡᠮ ᠤᠨ ᠭᠦᠨᠦᠭᠡᠯ ᠢ ᠬᠤᠷᠢᠠᠠᠯᠠᠨ ᠭᠢᠵᠠᠭᠠᠷᠯᠠᠬᠤ ᠦᠢᠯᠡᠳᠦᠯ ᠲᠠᠢ ᠪᠠᠶᠢᠳᠠᠭ᠃ ᠰᠤᠷᠲ ᠤᠨ ᠬᠤᠭᠤᠷᠤᠨᠳᠤ ᠪᠠᠨ ᠭᠡᠮ ᠬᠠᠯᠳᠠᠪᠤᠷᠢᠯᠠᠬᠤ ᠭᠡᠮᠵᠢᠶ᠎ᠠ ᠨᠢ ᠠᠳᠠᠯᠢ ᠦᠭᠡᠢ ᠪᠠᠶᠢᠳᠠᠭ᠃
     ᠰᠡᠷᠭᠡᠶᠢᠯᠡᠨ ᠵᠠᠰᠠᠬᠤ ᠠᠷᠭ᠎ᠠ᠄ ︵1︶ ᠭᠡᠮ ᠢ ᠡᠰᠡᠷᠭᠦᠴᠡᠭᠦ ᠰᠤᠷᠲ ᠢ ᠰᠤᠩᠭᠤᠨ ᠪᠤᠶᠢᠵᠢᠭᠤᠯᠬᠤ ᠭᠡᠷᠡᠭᠳᠡᠢ᠃ ᠭᠡᠮ ᠢ ᠡᠰᠡᠷᠭᠦᠴᠡᠭᠦ ᠴᠢᠳᠠᠯ ᠲᠠᠢ ᠰᠤᠷᠲ ᠢ ᠭᠠᠵᠠᠷ ᠤᠷᠤᠨ ᠤ ᠪᠠᠨ ᠪᠠᠶᠢᠳᠠᠯ ᠳᠤ ᠲᠤᠭᠢᠷᠠᠭᠤᠯᠤᠨ ᠰᠤᠩᠭᠤᠨ ᠭᠡᠷᠡᠭᠯᠡᠭᠦ ᠪᠤᠯ ᠴᠠᠭᠠᠨ ᠲᠤᠭᠤᠰᠤᠳᠤ ᠭᠡᠮ ᠢ ᠰᠡᠷᠭᠡᠶᠢᠯᠡᠭᠦ ᠶᠢᠨ ᠪᠦᠳᠦᠮᠵᠢᠳᠡᠢ ᠠᠷᠭ᠎ᠠ ᠭᠡᠮᠵᠢᠶ᠎ᠠ ᠪᠤᠯᠤᠨ᠎ᠠ᠃ ᠵᠢᠱᠢᠶᠡᠯᠡᠪᠡᠯ ᠲᠢᠶᠠᠨ 1 ᠨᠤᠮᠧᠷᠳᠤ ︵甜一号︶᠂ ᠲᠢᠶᠠᠨ 2 ᠨᠤᠮᠧᠷᠳᠤ ︵甜二号︶᠂ ᠱᠢ ᠲᠢᠶᠠᠨ 1 ᠨᠤᠮᠧᠷᠳᠤ ︵石甜一号︶᠂ ᠪᠠᠰᠠ ᠲᠢᠶᠠᠨ ᠱᠠᠨ ︵天山︶ 28᠂ 55᠂ 114 ᠨᠤᠮᠧᠷᠳᠤ ᠵᠡᠷᠭᠡ ᠪᠤᠯ ᠴᠦᠮ ᠭᠡᠮ ᠢ ᠡᠰᠡᠷᠭᠦᠴᠡᠭᠦ ᠰᠤᠷᠲ ᠪᠤᠯᠤᠨ᠎ᠠ᠃ ︵2︶ ᠲᠠᠷᠢᠬᠤ ᠳᠠᠭᠠᠨ ᠭᠡᠮ ᠲᠠᠢ ᠰᠠᠯᠠᠭ᠎ᠠ ᠨᠡᠮᠠᠭ᠎ᠠ ᠶᠢ ᠬᠤᠭ ᠦᠭᠡᠢ ᠴᠠᠪᠡᠷᠯᠡᠵᠤ᠂ ᠭᠠᠵᠠᠷ ᠢᠶᠠᠨ ᠭᠦᠨ ᠤᠷᠪᠠᠭᠤᠯᠵᠤ᠂ ᠵᠤᠭᠢᠰᠳᠡᠢ ᠡᠭᠡᠯᠵᠢᠯᠡᠨ ᠲᠠᠷᠢᠵᠤ᠂ ᠲᠤᠭᠢᠳᠡᠢ ᠤᠰᠤᠯᠠᠨ᠂ ᠪᠤᠷᠳᠤᠭᠤᠷ ᠡᠮ ᠤᠷᠤᠭᠤᠯᠪᠠᠯ ᠰᠢᠭᠢᠷ ᠯᠤᠤᠪᠠᠩ ᠤᠨ ᠪᠠᠳᠠᠷᠠᠭᠤᠨ ᠤᠷᠭᠤᠬᠤ ᠶᠢ ᠪᠡᠳᠤᠯᠠᠵᠤ᠂ ᠭᠡᠮ ᠢ ᠡᠰᠡᠷᠭᠦᠴᠡᠭᠦ ᠴᠢᠳᠠᠯ ᠢ ᠨᠢ ᠲᠡᠭᠡᠭᠰᠢᠯᠡᠭᠦᠯᠵᠤ ᠴᠢᠳᠠᠨ᠎ᠠ᠃ ︵3︶ ᠡᠮ ᠢᠶᠠᠷ ᠰᠡᠷᠭᠡᠶᠢᠯᠡᠨ ᠵᠠᠰᠠᠬᠤ ᠬᠡᠷᠡᠭᠳᠠᠢ᠃
      ᠭᠡᠮ ᠡᠭᠦᠰᠭᠦ ᠡᠭᠢᠨ ᠤ ᠬᠤᠭᠤᠴᠠᠭ᠎ᠠ ᠶᠢ ᠴᠢᠩᠭ᠎ᠠ ᠡᠵᠡᠮᠰᠢᠨ᠂ 1~2 ᠤᠳᠠᠭ᠎ᠠ ᠡᠮ ᠰᠦᠷᠴᠢᠭᠦ ᠭᠡᠷᠡᠭᠳᠡᠢ᠃ ᠲᠤᠬᠠᠶᠢᠯᠠᠪᠠᠯ 40% ᠶᠢᠨ ᠮᠢᠶᠧ ᠪᠢᠩ ᠸᠧᠢ ︵灭病威︶ ᠡᠮ ᠢ ᠮᠤ᠋ ᠪᠦᠷᠢ ᠳᠤ 60~80mg︔ 50% ᠶᠢᠨ ᠳ᠋ᠦᠸᠧ ᠵᠢᠶᠦ᠋ᠨ ᠯᠢᠩ ︵多菌灵︶ ᠡᠮ ᠢ ᠮᠤ᠋ ᠪᠦᠷᠢ ᠳᠤ 100~150g︔ 70% ᠶᠢᠨ ᠮᠧᠲ᠋ᠢᠯᠳᠤ ᠯᠢᠤ ᠵᠢᠶᠦ᠋ᠨ ᠯᠢᠩ ︵甲基硫菌灵︶ ᠡᠮ ᠢ ᠮᠤ᠋ ᠪᠦᠷᠢ ᠳᠤ 50~70g᠂ ᠭᠦᠭᠦᠷ ᠤᠨ ᠨᠤᠨᠳᠠᠭ ᠪᠤᠶᠤ ᠭᠦᠭᠦᠷ ᠤᠨ ᠴᠤᠬᠤᠢ ᠶᠢ ᠮᠤ᠋ ᠪᠦᠷᠢ ᠳᠤ 1~2kg ᠤᠨ ᠭᠡᠮᠵᠢᠶ᠎ᠠ ᠪᠠᠷ ᠰᠦᠷᠴᠢᠵᠤ ᠪᠤᠯᠤᠨ᠎ᠠ᠃
      ᠪᠠᠶᠢᠡᠭᠭᠤ ᠭᠡᠷᠡᠭᠯᠡᠭᠦ ᠡᠮ ᠳᠤ ᠳ᠋ᠦᠸᠧ ᠵᠢᠶᠦ᠋ᠨ ᠯᠢᠨ᠂ ᠮᠧᠲ᠋ᠢᠯᠳᠤ ᠯᠢᠤ ᠵᠢᠶᠦ᠋ᠨ ᠯᠢᠩ ᠵᠡᠷᠭᠡ ᠡᠮ ᠪᠠᠶᠢᠨ᠎ᠠ᠃
      ︵3︶ ᠰᠢᠭᠢᠷ ᠯᠤᠤᠪᠠᠩ ᠤᠨ ᠦᠨᠳᠤᠰᠤ ᠢᠯᠵᠠᠷᠠᠬᠤ ᠭᠡᠮ ᠬᠤᠷᠤᠬᠠᠢ ᠶᠢᠨ ᠬᠦᠨᠦᠭᠡᠯ ᠢ ᠰᠡᠷᠭᠡᠶᠢᠯᠡᠨ ᠵᠠᠰᠠᠬᠤ
       ᠭᠡᠮ ᠤᠨ ᠭᠦᠨᠦᠭᠡᠯ ᠤᠨ ᠰᠢᠨᠵᠢ ᠪᠠᠶᠢᠳᠠᠯ᠄ ᠲᠤᠰ ᠭᠡᠮ ᠪᠤᠯ ᠬᠠᠳᠤᠭᠤᠷ ᠮᠦᠭᠦ ᠶᠢᠨ ᠦᠨᠳᠤᠰᠤ ᠢᠯᠵᠠᠷᠠᠬᠤ ᠭᠡᠮ ᠪᠤᠯᠤᠨ᠎ᠠ᠃ ᠭᠡᠮ ᠤᠨ ᠪᠠᠺᠲ᠋ᠧᠷᠢ ᠨᠢ ᠤᠯᠠᠩᠭᠢ ᠳᠠᠭᠠᠨ ᠰᠢᠷᠬ᠎ᠠ ᠰᠤᠷᠪᠢ᠂ ᠠᠩ ᠴᠠᠪᠠ ᠪᠠᠷ ᠲᠠᠮᠵᠢᠨ ᠬᠠᠯᠳᠠᠪᠤᠷᠢᠯᠠᠳᠠᠭ᠃ ᠡᠭᠦᠨ ᠤ ᠤᠯᠠᠮ ᠢᠶᠠᠷ ᠦᠨᠳᠤᠰᠤᠨ ᠭᠡᠰᠡᠭ ᠲᠤ ᠠᠭᠠᠵᠢᠮ ᠢᠶᠠᠷ ᠦᠷᠪᠢᠰᠤᠨ ᠭᠦᠷᠴᠤ᠂ ᠨᠢᠮᠭᠡᠨ ᠬᠠᠨ᠎ᠠ ᠶᠢᠨ ᠡᠰ ᠤᠨ ᠨᠡᠭᠡᠳᠡᠰᠤ ᠪᠠᠷ ᠲᠠᠮᠵᠢᠨ ᠲᠠᠮᠵᠢᠭᠤᠯᠤᠠᠠᠴᠢ ᠭᠤᠤᠷᠰᠤ ᠪᠤᠯᠤᠨ ᠰᠢᠭᠰᠢᠭᠦᠷ ᠭᠤᠤᠷᠰᠤ ᠳᠤ ᠬᠠᠯᠳᠠᠪᠤᠷᠢᠯᠠᠵᠤ᠂ ᠲᠠᠮᠵᠢᠭᠤᠯᠤᠠᠠᠴᠢ ᠭᠤᠤᠷᠰᠤ ᠶᠢ ᠬᠠᠳᠠᠭᠤᠷᠠᠭᠤᠯᠤᠨ ᠭᠦᠷᠡᠩᠳᠦᠭᠦᠯᠵᠤ᠂ ᠲᠦᠮᠦᠰᠦᠯᠢᠭ ᠦᠨᠳᠤᠰᠤ ᠶᠢᠨ ᠲᠤᠳᠤᠭᠠᠳᠤ ᠶᠢ ᠡᠪᠳᠡᠵᠤ᠂ ᠬᠤᠭᠤᠰᠤᠨ ᠪᠤᠶᠤ ᠰᠠᠮᠠᠭᠤᠨ ᠪᠠᠶᠢᠳᠠᠯ ᠲᠠᠢ ᠪᠤᠯᠭᠠᠵᠤ᠂ ᠦᠨᠳᠤᠰᠤᠨ ᠤ ᠭᠠᠳᠠᠨ᠎ᠠ ᠬᠦᠢᠬᠡᠨ ᠤᠯᠠᠭᠠᠨ ᠦᠡᠭᠭᠡ ᠶᠢᠨ ᠮᠦᠭᠦ ᠶᠢᠨ ᠰᠢᠷᠭᠡᠭᠳᠤ ᠪᠡᠶ᠎ᠠ ᠦᠷᠭᠦᠯᠵᠢ ᠬᠠᠷᠬᠠᠳᠠᠳᠠᠭ᠃ ᠰᠢᠭᠢᠷ ᠯᠤᠤᠪᠠᠩ ᠤᠨ ᠭᠤᠤᠯ ᠦᠨᠳᠤᠰᠤ᠂ ᠰᠠᠯᠠᠭ᠎ᠠ ᠦᠨᠳᠤᠰᠤ ᠨᠢ ᠦᠭᠦᠭᠦ ᠦᠶᠡᠰ ᠭᠡᠮ ᠲᠠᠢ ᠦᠨᠳᠤᠰᠤᠨ ᠲᠡᠭᠡᠷ᠎ᠡ ᠮᠠᠰᠢ ᠤᠯᠠᠨ ᠢᠠᠠᠴᠤᠷᠠᠨ ᠤᠷᠭᠤᠠᠠᠰᠠᠨ ᠬᠠᠭᠤᠷᠮᠠᠭ ᠦᠨᠳᠤᠰᠤ ᠬᠠᠷᠬᠠᠳᠠᠳᠠᠭ᠃ ᠭᠡᠮ ᠨᠢ ᠭᠦᠡᠭᠭᠡᠨ ᠦᠶ᠎ᠠ ᠳᠤ ᠤᠷᠭᠤᠮᠠᠯ ᠤᠨ ᠪᠤᠶᠢᠵᠢᠯᠳᠡ ᠨᠢ ᠮᠠᠭᠤᠳᠠᠵᠤ᠂ ᠨᠠᠪᠴᠢ ᠨᠢ ᠬᠤᠮᠢᠳᠠᠭ᠃ ᠭᠡᠮ ᠨᠢ ᠭᠦᠨᠳᠤ ᠦᠶᠡᠰ ᠲᠦᠮᠦᠰᠦᠯᠢᠭ ᠦᠨᠳᠤᠰᠤ ᠨᠢ ᠢᠯᠪᠤᠷᠠᠵᠤ᠂ ᠭᠠᠵᠠᠷ ᠲᠡᠭᠡᠷᠡᠭᠢ ᠭᠡᠰᠡᠭ ᠨᠢ ᠬᠠᠳᠠᠵᠤ ᠦᠭᠦᠳᠡᠭ᠃ ᠪᠠᠰᠠ ᠨᠠᠪᠴᠢᠨ ᠤ ᠪᠠᠷᠢᠭᠤᠯ ᠤᠨ ᠰᠠᠭᠤᠷᠢ ᠶᠢᠨ ᠭᠡᠰᠡᠭ ᠢ ᠭᠦᠨᠦᠭᠡᠵᠤ᠂ ᠭᠦᠷᠡᠩ ᠦᠡᠭᠭᠡ ᠶᠢᠨ ᠤᠰᠤᠨ ᠲᠤᠯᠪᠤ ᠢᠯᠡᠷᠡᠵᠤ᠂ ᠭᠡᠮ ᠡᠭᠦᠰᠭᠡᠭᠴᠢ ᠨᠢ ᠬᠠᠳᠤᠭᠤᠷ ᠮᠦᠭᠦ ᠶᠢᠨ ᠴᠤᠬᠤᠷᠳᠤ ᠭᠡᠮ ᠤᠨ ᠬᠢ ᠲᠠᠢ ᠠᠳᠠᠯᠢ ᠪᠠᠶᠢᠳᠠᠭ᠃
      ① ᠰᠢᠷᠭᠡᠭ ᠪᠦᠭᠡᠮ ᠤᠨ ᠴᠢᠭᠢᠨ ᠤ ᠦᠨᠳᠤᠰᠤ ᠢᠯᠵᠠᠷᠠᠬᠤ ᠭᠡᠮ᠄ ᠪᠠᠰᠠ ᠦᠨᠳᠤᠰᠤᠨ ᠭᠦᠵᠦᠭᠦᠤ ᠢᠯᠵᠠᠷᠠᠬᠤ ᠭᠡᠮ ᠭᠡᠳᠡᠭ᠃ ᠡᠩ ᠲᠠᠷᠢᠭᠦᠨ ᠳᠤ ᠦᠨᠳᠤᠰᠤᠨ ᠤ ᠰᠡᠭᠦᠯ ᠤᠨ ᠭᠡᠰᠡᠭ ᠲᠤ ᠡᠭᠦᠰᠴᠤ᠂ ᠠᠩᠬᠠᠨ ᠳᠠᠭᠠᠨ ᠭᠦᠷᠡᠩ ᠦᠡᠭᠭᠡ ᠶᠢᠨ ᠲᠤᠯᠪᠤ ᠰᠠᠭᠤᠵᠤ᠂ ᠰᠡᠭᠦᠯᠡᠷ ᠨᠢ ᠢᠯᠵᠠᠷᠠᠬᠤ ᠭᠡᠰᠡᠭ ᠲᠤ 0.5~1mm ᠭᠦᠨ ᠰᠢᠭᠢᠳᠴᠤ᠂ ᠲᠠᠷᠠᠭ᠎ᠠ ᠪᠠᠷ ᠨᠢ ᠭᠡᠮ ᠲᠠᠢ ᠲᠤᠯᠪᠤᠨ ᠲᠡᠭᠡᠷ᠎ᠡ ᠨᠢ ᠬᠠᠭᠠᠷᠠᠨ ᠰᠢᠷᠠᠬᠯᠠᠵᠤ᠂ ᠦᠨᠳᠤᠰᠤᠨ ᠤ ᠰᠡᠭᠦᠯ ᠠᠴᠠ ᠡᠭᠢᠯᠡᠨ ᠲᠡᠭᠡᠭᠰᠢ ᠪᠠᠨ ᠭᠦᠭᠵᠢᠵᠤ ᠦᠨᠳᠤᠰᠤᠨ ᠤ ᠲᠠᠷᠢᠭᠦᠨ ᠳᠤ ᠭᠦᠷᠴᠤ᠂ ᠢᠯᠵᠠᠷᠠᠬᠤ ᠨᠡᠭᠡᠳᠡᠰᠤ ᠨᠢ ᠭᠦᠷᠡᠩ ᠪᠠᠶᠢᠠᠠᠰᠠᠨ ᠠᠴᠠ ᠪᠠᠨ ᠬᠠᠷ᠎ᠠ ᠪᠤᠯᠳᠠᠭ᠃ ᠢᠯᠵᠠᠷᠬᠠᠰᠠᠨ ᠪᠠ ᠬᠠᠭᠠᠷᠬᠠᠰᠠᠨ ᠭᠡᠰᠡᠭ ᠲᠠᠯ᠎ᠠ ᠳᠤ ᠭᠦᠷᠡᠩ ᠦᠡᠭᠭᠡ ᠶᠢᠨ ᠪᠠᠺᠲ᠋ᠧᠷᠢ ᠶᠢᠨ ᠰᠢᠷᠭᠡᠭ ᠢᠠᠠᠴᠤᠷᠠᠵᠤ ᠪᠠᠶᠢᠳᠠᠭ᠃ ᠲᠤᠭᠢᠷᠠᠮᠵᠢᠳᠡᠢ ᠨᠦᠭᠦᠴᠡᠯ ᠲᠤᠤᠷ᠎ᠡ ᠭᠡᠮ ᠤᠨ ᠭᠦᠨᠦᠭᠡᠯ ᠨᠢ ᠦᠨᠳᠤᠰᠤᠨ ᠤ ᠲᠤᠳᠤᠭᠠᠳᠤ ᠵᠦᠭ ᠭᠦᠭᠵᠢᠵᠤ᠂ ᠪᠦᠭᠦ ᠦᠨᠳᠤᠰᠤ ᠶᠢ ᠢᠯᠵᠠᠷᠠᠭᠤᠯᠵᠤ᠂ ᠨᠠᠪᠴᠢ ᠨᠢ ᠰᠢᠷᠠᠯᠠᠨ ᠬᠤᠷᠪᠤᠶᠢᠵᠤ᠂ ᠴᠢᠭᠢᠭ ᠶᠡᠭᠡᠳᠡᠢ ᠦᠨᠳᠤᠷ ᠬᠠᠯᠠᠭᠤᠨ ᠪᠠᠶᠢᠳᠠᠯ ᠲᠤᠤᠷ᠎ᠡ ᠭᠡᠮ ᠤᠨ ᠪᠠᠺᠲ᠋ᠧᠷᠢ ᠨᠢ ᠨᠠᠪᠴᠢᠨ ᠤ ᠪᠠᠷᠢᠭᠤᠯ ᠳᠤ ᠭᠦᠷᠳᠡᠯ᠎ᠡ ᠲᠡᠯᠭᠡᠷᠡᠳᠡᠭ᠃ ᠭᠡᠮ ᠡᠭᠦᠰᠭᠡᠭᠴᠢ ᠨᠢ ᠰᠢᠷᠭᠡᠭ ᠪᠦᠭᠡᠮ ᠪᠠᠺᠲ᠋ᠧᠷᠢ ᠶᠢᠨ ᠴᠤᠬᠤᠷᠳᠤ ᠭᠡᠮ ᠤᠨ ᠬᠢ ᠲᠠᠢ ᠠᠳᠠᠯᠢ ᠪᠠᠶᠢᠵᠤ᠂ ᠭᠡᠮ ᠤᠨ ᠪᠠᠺᠲ᠋ᠧᠷᠢ ᠨᠢ ᠮᠦᠭᠦ ᠶᠢᠨ ᠰᠢᠷᠭᠡᠭᠳᠤ ᠪᠡᠶ᠎ᠠ ᠪᠠᠷ ᠦᠷᠡᠵᠢᠨ ᠲᠡᠯᠭᠡᠷᠡᠵᠤ᠂ ᠪᠠᠺᠲ᠋ᠧᠷᠢ ᠶᠢᠨ ᠮᠦᠭᠦ ᠨᠢ ᠭᠦᠷᠡᠩ ᠪᠠᠶᠢᠠᠠᠰᠠᠨ ᠠᠴᠠ ᠪᠠᠨ ᠬᠠᠷ᠎ᠠ ᠭᠦᠷᠡᠩ ᠪᠤᠯᠵᠤ᠂ ᠦᠡᠭᠭᠡ ᠨᠢ ᠲᠠᠶᠢᠮᠤ ᠭᠢᠯᠳᠠᠭᠠᠨᠠᠮ᠎ᠠ ᠪᠢᠰᠢ᠂ ᠰᠢᠰᠢ ᠶᠢᠨ ᠮᠦᠭᠦᠯᠢᠭ ᠲᠠᠢ ᠠᠳᠠᠯᠢᠬᠠᠨ ᠪᠠᠶᠢᠵᠤ᠂ ᠵᠢᠵᠢᠭ ᠨᠢ ᠲᠤᠰᠤᠳᠤ ᠨᠤᠭᠤᠭ᠎ᠠ ᠶᠢᠨ ᠦᠷ᠎ᠠ ᠲᠠᠢ ᠠᠳᠠᠯᠢ ᠪᠠᠶᠢᠳᠠᠭ᠃ ᠠᠭᠠᠭᠢᠮ᠎ᠠ ᠬᠠᠯᠠᠭᠤᠨ ᠳᠤ ᠪᠠᠷᠢᠭᠤᠯ ᠪᠤᠯᠵᠤ᠂ ᠪᠠᠷᠢᠭᠤᠯᠳᠤ ᠰᠫᠤᠷ ᠨᠢ ᠦᠡᠭᠭᠡ ᠦᠭᠡᠢ ᠲᠠᠩ ᠡᠰ ᠪᠠᠶᠢᠵᠤ᠂ ᠵᠤᠤᠪᠠᠩ ᠭᠡᠯᠪᠡᠷᠢ ᠪᠤᠶᠤ ᠦᠨᠳᠡᠭᠡᠨ ᠤ ᠭᠡᠯᠪᠡᠷᠢ ᠲᠠᠢ ᠪᠠᠶᠢᠳᠠᠭ᠃
       ② ᠪᠠᠺᠲ᠋ᠧᠷᠢᠳᠤ ᠴᠢᠨᠠᠷ ᠲᠠᠢ ᠦᠨᠳᠤᠰᠤᠨ ᠤ ᠰᠡᠭᠦᠯ ᠢᠯᠵᠠᠷᠠᠬᠤ ᠭᠡᠮ᠄ ᠡᠨᠡ ᠭᠡᠮ ᠨᠢ ᠭᠤᠷᠪᠡᠨ ᠵᠦᠢᠯ ᠤᠨ ᠪᠠᠺᠲ᠋ᠧᠷᠢ ᠠᠴᠠ ᠪᠤᠢ ᠪᠤᠯᠳᠠᠭ ᠪᠦᠭᠡᠳ 7᠂ 8 ᠳ᠋ᠤᠭᠠᠷ ᠰᠠᠷ᠎ᠠ ᠳᠤ ᠡᠭᠦᠰᠳᠡᠭ᠃ ᠦᠨᠳᠤᠰᠤᠨ ᠤ ᠰᠡᠭᠦᠯ ᠠᠴᠠ ᠡᠭᠢᠯᠡᠨ ᠭᠦᠨᠦᠭᠡᠭᠳᠡᠵᠤ ᠠᠭᠠᠵᠢᠮ ᠢᠶᠠᠷ ᠲᠡᠭᠡᠭᠰᠢ ᠪᠠᠨ ᠭᠦᠭᠵᠢᠵᠤ᠂ ᠢᠯᠵᠠᠷᠬᠠᠰᠠᠨ ᠨᠡᠭᠡᠳᠡᠰᠤ ᠨᠢ ᠭᠦᠷᠡᠩ ᠠᠴᠠ ᠪᠠᠨ ᠬᠠᠷ᠎ᠠ ᠭᠦᠷᠡᠩ ᠪᠤᠯᠵᠤ᠂ ᠴᠤᠷᠭᠤ ᠰᠢᠷᠭᠡᠭᠳᠤ ᠪᠠᠭᠴᠠ ᠶᠢᠨ ᠭᠦᠷᠡᠩᠳᠦᠭᠦ ᠨᠢ ᠨᠡᠩ ᠢᠯᠡᠳᠳᠡ ᠪᠠᠶᠢᠵᠤ᠂ ᠨᠢᠮᠭᠡᠨ ᠬᠠᠨ᠎ᠠ ᠶᠢᠨ ᠨᠡᠭᠡᠳᠡᠰᠤ ᠨᠢ ᠴᠠᠭᠠᠨ ᠪᠠᠶᠢᠳᠠᠭ᠃ ᠦᠨᠳᠤᠰᠤᠨ ᠤ ᠰᠡᠭᠦᠯ ᠨᠢ ᠴᠦᠮ ᠭᠦᠷᠡᠩᠳᠦᠳᠡᠭ᠃ ᠴᠢᠭᠢᠭ ᠶᠡᠭᠡᠳᠡᠢ ᠪᠠᠶᠢᠳᠠᠯ ᠲᠤᠤᠷ᠎ᠠ ᠦᠨᠳᠤᠰᠤᠨ ᠤ ᠰᠡᠭᠦᠯ ᠨᠢ ᠤᠰᠤᠷᠤᠤᠳᠤᠵᠦ᠂ ᠰᠡᠭᠦᠯᠳᠡᠵᠤ ᠢᠷᠡᠭᠡᠳ ᠨᠢᠯᠴᠠᠭᠠᠢ ᠰᠢᠩᠭᠡᠨ ᠤᠷᠤᠰᠤᠨ ᠭᠠᠷᠴᠤ᠂ ᠢᠰᠭᠦᠯᠡᠩ ᠦᠨᠤᠷ ᠲᠠᠢ ᠪᠠᠶᠢᠵᠤ᠂ ᠭᠡᠮ ᠲᠠᠢ ᠲᠦᠮᠦᠰᠦᠯᠢᠭ ᠦᠨᠳᠤᠰᠤᠨ ᠤ ᠦᠷᠡᠵᠢᠯ ᠨᠢ ᠮᠠᠰᠢ ᠤᠳᠠᠭᠠᠰᠢᠷᠠᠳᠠᠭ ᠪᠠᠶᠢᠨ᠎ᠠ᠃
       ③ ᠴᠠᠭᠠᠨ ᠲᠤᠷᠭᠠᠯᠢᠭ ᠭᠡᠮ᠄ ᠲᠤᠰ ᠭᠡᠮ ᠤᠨ ᠨᠡᠭᠡᠳᠡᠰᠤ ᠨᠢ ᠡᠭᠢᠯᠡᠨ ᠵᠦᠭᠡᠯᠡᠷᠡᠵᠤ ᠬᠤᠳᠦ᠋ᠢᠨ ᠰᠢᠭᠢᠳᠴᠤ᠂ ᠤᠰᠤᠷᠤᠤᠳᠤᠨ ᠢᠯᠵᠠᠷᠠᠳᠠᠭ᠃ ᠭᠠᠳᠠᠷ ᠠᠷᠠᠰᠤᠨ ᠲᠡᠭᠡᠷ᠎ᠡ ᠨᠢ ᠴᠠᠭᠠᠨ ᠦᠡᠭᠭᠡ ᠶᠢᠨ ᠲᠤᠷᠭᠠᠯᠢᠭ ᠰᠢᠷᠭᠡᠭ ᠭᠡᠯᠪᠡᠷᠢ ᠶᠢᠨ ᠮᠦᠭᠦ ᠶᠢᠨ ᠪᠡᠶ᠎ᠠ ᠲᠠᠭᠠᠯᠳᠤᠵᠤ᠂ ᠰᠡᠭᠦᠯᠳᠡᠵᠤ ᠢᠷᠡᠭᠡᠳ ᠴᠠᠢ ᠶᠢᠨ ᠭᠦᠷᠡᠩ ᠦᠡᠭᠭᠡ ᠲᠠᠢ ᠪᠦᠮᠪᠤᠭᠡᠨ ᠭᠡᠯᠪᠡᠷᠢ ᠲᠠᠢ ᠮᠦᠭᠦ ᠶᠢᠨ ᠪᠦᠭᠡᠮ ᠪᠤᠢ ᠪᠤᠯᠳᠠᠭ᠃ ᠮᠦᠭᠦᠨ ᠰᠢᠷᠭᠡᠭᠳᠤ ᠪᠠᠶ᠎ᠠ ᠨᠢ ᠭᠡᠮ ᠲᠠᠢ ᠰᠠᠭᠤᠷᠢ ᠶᠢ ᠲᠠᠭᠠᠨ ᠰᠢᠷᠤᠢ ᠪᠠᠷ ᠲᠠᠮᠵᠢᠨ ᠤᠶᠢᠷ᠎ᠠ ᠵᠡᠷᠭᠡᠯᠡᠳᠡᠭᠡ ᠪᠤᠰᠤᠳ ᠰᠠᠭᠤᠷᠢ ᠵᠦᠭ ᠭᠦᠭᠵᠢᠳᠡᠭ ᠪᠠᠶᠢᠨ᠎ᠠ᠃
       ᠭᠡᠮ ᠡᠭᠦᠰᠭᠦ ᠶᠢᠨ ᠤᠨᠴᠠᠯᠢᠭ ᠨᠢ ᠭᠡᠪᠡᠯ ᠶᠠᠷᠦᠩᠭᠡᠢ ᠳᠡᠭᠡᠨ ᠦᠨᠳᠤᠷ ᠬᠠᠯᠠᠭᠤᠨ ᠴᠢᠭᠢᠭ ᠶᠡᠭᠡᠳᠡᠢ ᠪᠠᠶᠢᠬᠤ ᠪᠤᠯ ᠦᠨᠳᠤᠰᠤᠨ ᠤ ᠢᠯᠵᠠᠷᠠᠬᠤ ᠭᠡᠮ ᠡᠭᠦᠰᠭᠦ ᠶᠢᠨ ᠭᠤᠤᠯ ᠨᠦᠭᠦᠴᠡᠯ ᠮᠦᠨ᠃ ᠭᠦᠷᠦᠰᠤ ᠰᠢᠷᠤᠢ ᠶᠢᠨ ᠪᠦᠳᠦᠴᠡ᠂ ᠲᠠᠷᠢᠬᠤ ᠨᠦᠭᠦᠴᠡᠯ᠂ ᠡᠭᠡᠯᠵᠢᠯᠠᠨ ᠲᠠᠷᠢᠠᠠᠰᠠᠨ ᠤᠨ ᠵᠢᠯ᠂ ᠭᠤᠤᠷᠰᠤ᠂ ᠤᠰᠤ ᠪᠤᠷᠳᠤᠭᠤᠷ ᠤᠨ ᠤᠷᠤᠭᠤᠯᠤᠯᠳᠠ ᠮᠠᠭᠤ ᠪᠡ ᠭᠦᠷᠦᠰᠤᠨ ᠲᠤᠤᠷᠠᠭᠢ ᠭᠦᠨᠦᠭᠡᠯᠳᠤ ᠬᠤᠷᠤᠬᠠᠢ ᠶᠢᠨ ᠭᠦᠨᠦᠭᠡᠯ ᠪᠤᠯ ᠴᠦᠮ ᠲᠤᠰ ᠭᠡᠮ ᠡᠭᠦᠰᠭᠦ ᠶᠢᠨ ᠴᠢᠬᠤᠯᠠ ᠡᠯᠧᠮᠧᠨ᠋ᠲ ᠮᠦᠨ ᠪᠦᠭᠡᠳ ᠲᠡᠭᠡᠷ᠎ᠡ ᠲᠤᠷᠠᠳᠤᠠᠠᠰᠠᠨ ᠨᠦᠭᠦᠴᠡᠯ ᠤᠨ ᠪᠠᠷᠤᠠᠠᠳᠠᠢ ᠪᠠᠶᠢᠬᠤ ᠨᠢ ᠲᠤᠰ ᠭᠡᠮ ᠡᠭᠦᠰᠭᠦ ᠳᠤ ᠠᠰᠢᠠᠠᠳᠠᠢ ᠪᠠᠶᠢᠳᠠᠭ᠃ ᠦᠨᠳᠤᠰᠤ ᠢᠯᠵᠠᠷᠠᠬᠤ ᠭᠡᠮ ᠪᠤᠯ 7᠂ 8 ᠳ᠋ᠤᠭᠠᠷ ᠰᠠᠷ᠎ᠠ ᠳᠤ ᠰᠦᠷᠡᠭᠡᠢ ᠲᠡᠯᠭᠡᠷᠡᠳᠡᠭ᠃ ᠡᠨᠡ ᠦᠶ᠎ᠠ ᠪᠤᠯ ᠶᠠᠭ ᠪᠤᠷᠤᠭᠠᠨ ᠤ ᠤᠯᠠᠷᠢᠯ ᠪᠤᠯᠬᠤᠷ ᠪᠤᠷᠤᠭᠠᠨ ᠬᠤᠷ᠎ᠠ ᠠᠷᠪᠢᠳᠪᠠᠯ ᠲᠤᠰ ᠭᠡᠮ ᠤᠨ ᠡᠭᠦᠰᠦᠯ ᠪᠠ ᠭᠦᠨᠦᠭᠡᠯ ᠳᠤ ᠠᠰᠢᠠᠠᠳᠠᠢ ᠪᠤᠯᠳᠠᠭ ᠪᠠᠶᠢᠨ᠎ᠠ᠃
      ④ ᠬᠠᠳᠤᠭᠤᠷ ᠮᠦᠭᠦ ᠶᠢᠨ ᠦᠨᠳᠤᠰᠤ ᠢᠯᠵᠠᠷᠠᠬᠤ ᠭᠡᠮ᠃ ᠲᠤᠰ ᠭᠡᠮ ᠪᠤᠯ ᠭᠠᠩ ᠲᠠᠢ ᠵᠢᠯ ᠳᠤ ᠨᠡᠯᠢᠶᠡᠳ ᠭᠦᠨᠳᠤ ᠲᠡᠯᠭᠡᠷᠡᠳᠡᠭ ᠪᠦᠭᠡᠳ ᠪᠠᠰᠠ ᠨᠠᠯᠢᠶᠠᠳ ᠡᠷᠳᠡ ᠡᠭᠦᠰᠳᠡᠭ᠃ ᠶᠠᠷᠦᠩᠭᠡᠢ ᠳᠡᠭᠡᠨ ᠰᠢᠭᠢᠷ ᠯᠤᠤᠪᠠᠩ ᠤᠨ ᠴᠢᠭᠢ ᠶᠢ ᠰᠠᠭᠤᠷᠢᠰᠢᠭᠤᠯᠤᠨ ᠲᠠᠷᠢᠵᠤ ᠲᠠᠯᠠᠩ ᠪᠢᠳᠡᠭᠦᠮᠵᠢᠯᠡᠭᠦ ᠠᠴᠠ ᠡᠮᠦᠨ᠎ᠠ ᠭᠦᠷᠦᠰᠤ ᠰᠢᠷᠤᠢ ᠲᠤᠩ ᠬᠠᠭᠤᠷᠠᠢ ᠠᠴᠠ ᠪᠤᠯᠵᠤ᠂ ᠵᠠᠷᠢᠮ ᠨᠠᠷᠢᠨ ᠵᠢᠵᠢᠭ ᠬᠠᠵᠠᠭᠤ ᠶᠢᠨ ᠦᠨᠳᠤᠰᠤᠨ ᠤ ᠰᠠᠬᠠᠯ ᠨᠢ ᠬᠠᠳᠠᠵᠤ ᠦᠭᠦᠳᠡᠭ᠃ ᠬᠠᠳᠤᠭᠤᠷ ᠮᠦᠭᠦ ᠶᠢᠨ ᠪᠠᠺᠲ᠋ᠧᠷᠢ ᠶᠢᠨ ᠲᠦᠷᠦᠯ ᠨᠢ ᠶᠠᠭ ᠡᠨᠡ ᠬᠦ ᠦᠭᠦᠭᠰᠡᠨ ᠦᠨᠳᠤᠰᠤᠨ ᠰᠠᠬᠠᠯ ᠪᠤᠯᠤᠨ ᠨᠠᠷᠢᠨ ᠵᠢᠵᠢᠭ ᠬᠠᠵᠠᠭᠤ ᠶᠢᠨ ᠦᠨᠳᠤᠰᠤᠨ ᠳᠤ ᠬᠠᠯᠳᠠᠪᠤᠷᠢᠯᠠᠵᠤ᠂ ᠰᠡᠭᠦᠯ ᠳᠡᠭᠡᠨ ᠭᠤᠤᠯ ᠦᠨᠳᠤᠰᠤᠨ ᠳᠤ ᠰᠢᠯᠵᠢᠵᠤ᠂ ᠴᠤᠷᠭᠤ ᠰᠢᠷᠭᠡᠭᠳᠤ ᠪᠠᠭᠴᠠ᠂ ᠲᠠᠮᠵᠢᠭᠤᠯᠬᠤ ᠨᠡᠭᠡᠳᠡᠰᠤ ᠶᠢ ᠡᠪᠳᠡᠨ ᠪᠤᠶᠢᠵᠢᠯᠳᠡ ᠶᠢ ᠮᠠᠭᠤᠳᠠᠭᠤᠯᠵᠤ᠂ ᠨᠠᠪᠴᠢ ᠶᠢ ᠬᠤᠷᠪᠤᠶᠢᠯᠭᠠᠵᠤ᠂ ᠭᠡᠮ ᠢ ᠡᠰᠡᠷᠭᠦᠴᠡᠭᠦ ᠴᠢᠳᠠᠯ ᠢ ᠪᠠᠭᠤᠷᠠᠭᠤᠯᠵᠤ᠂ ᠦᠨᠳᠤᠰᠤ ᠢᠯᠵᠠᠷᠠᠬᠤ ᠭᠡᠮ ᠢ ᠭᠦᠨᠳᠤ ᠨᠤᠴᠢᠳᠠᠢ ᠡᠭᠦᠰᠭᠡᠳᠡᠭ᠃
      ᠰᠡᠷᠭᠡᠶᠢᠯᠡᠨ ᠵᠠᠰᠠᠬᠤ ᠠᠷᠭ᠎ᠠ ᠭᠡᠪᠡᠯ᠄ ︵1︶ ᠭᠦᠷᠦᠰᠤᠨ ᠲᠤᠤᠷᠠᠭᠢ ᠤᠰᠤᠨ ᠲᠦᠪᠰᠢᠨ ᠲᠤᠤᠷ᠎ᠡ᠂ ᠤᠰᠤ ᠵᠠᠯᠠᠬᠤ ᠨᠦᠭᠦᠴᠡᠯ ᠰᠠᠶᠢᠳᠠᠢ ᠲᠠᠯᠠᠷᠬᠠᠭ ᠭᠠᠵᠠᠷ ᠢ ᠰᠤᠩᠭᠤᠨ ᠲᠠᠷᠢᠨ᠎ᠠ᠃ ︵2︶ ᠭᠤᠤᠷᠰᠤ ᠰᠤᠯᠢᠵᠤ ᠡᠭᠡᠯᠵᠢᠯᠡᠨ ᠲᠠᠷᠢᠨ᠎ᠠ᠃ ᠬᠠᠭᠤᠴᠢᠨ ᠲᠠᠷᠢᠶ᠎ᠠ ᠪᠤᠯ 8 ᠵᠢᠯ᠂ ᠰᠢᠨ᠎ᠠ ᠲᠠᠷᠢᠶ᠎ᠠ ᠪᠤᠯ 5 ᠵᠢᠯ ᠡᠭᠡᠯᠵᠢᠯᠡᠨ ᠲᠠᠷᠢᠵᠦ᠂ ᠲᠠᠷᠢᠬᠤ ᠳᠠᠭᠠᠨ ᠬᠠᠮᠤᠭ ᠤᠨ ᠰᠠᠶᠢᠨ ᠨᠢ ᠦᠶᠡᠳᠤ ᠤᠷᠭᠤᠮᠠᠯ ᠤᠨ ᠢᠵᠠᠭᠤᠷ ᠤᠨ ᠪᠤᠭᠤᠳᠠᠢ ᠪᠠ ᠡᠷᠳᠡᠨᠢ ᠰᠢᠰᠢ ᠶᠢᠨ ᠲᠠᠷᠢᠮᠠᠯ ᠤᠨ ᠭᠤᠤᠷᠰᠤ ᠶᠢ ᠲᠠᠷᠢᠨ᠎ᠠ᠃ ︵3︶ ᠪᠤᠷᠳᠤᠭᠤᠷ ᠢ ᠵᠤᠭᠢᠰᠳᠡᠢ ᠤᠷᠤᠭᠤᠯᠵᠤ ᠰᠠᠭᠤᠷᠢ ᠪᠤᠷᠳᠤᠭᠤᠷ ᠢ ᠭᠦᠢᠴᠡᠳ ᠤᠷᠤᠭᠤᠯᠬᠤ ᠪᠠ ᠹᠤᠰᠹᠤᠷᠳᠦ ᠪᠤᠷᠳᠤᠭᠤᠷ᠂ ᠭᠡᠳᠤ ᠹᠤᠰᠹᠤᠷᠳᠤ ᠭᠦᠴᠢᠯ ᠤᠨ ᠺᠠᠯᠼ ᠶᠢ ᠮᠤ᠋ ᠪᠦᠷᠢ 20~30kg ᠨᠡᠮᠡᠵᠤ ᠤᠷᠤᠭᠤᠯᠬᠤ ᠪᠤᠶᠤ ᠶᠠᠰᠤᠨ ᠤ ᠨᠤᠨᠳᠠᠭ ᠢ ᠤᠷᠤᠭᠤᠯᠵᠤ᠂ ᠨᠢᠯᠬ᠎ᠠ ᠴᠢᠭᠢ ᠶᠢ ᠢᠳᠡᠷᠡᠭᠦᠨ ᠤᠷᠭᠤᠭᠤᠯᠵᠤ᠂ ᠡᠪᠡᠳᠴᠢᠨ ᠢ ᠡᠰᠡᠷᠭᠦᠴᠡᠭᠦ ᠴᠢᠳᠡᠯ ᠢ ᠨᠢ ᠨᠡᠮᠡᠭᠳᠡᠭᠦᠯᠦᠨ᠎ᠠ᠃ ︵4︶ ᠴᠠᠭ ᠲᠤᠬᠠᠢ ᠳᠤᠨᠢ ᠠᠷᠴᠢᠵᠤ᠂ ᠰᠢᠷᠤᠢ ᠶᠢ ᠰᠤᠯᠠᠷᠠᠭᠤᠯᠤᠨ᠂ ᠭᠦᠷᠦᠰᠤᠨ ᠤ ᠪᠦᠭᠡᠮ ᠭᠡᠰᠡᠭ ᠢ ᠡᠪᠳᠡᠵᠤ᠂ ᠭᠦᠷᠦᠰᠤᠨ ᠤ ᠴᠢᠭᠢᠭ ᠲᠤᠯᠠᠭᠠᠨ ᠤ ᠭᠡᠮᠵᠢᠶ᠎ᠠ ᠶᠢ ᠲᠤᠭᠢᠷᠠᠭᠤᠯᠵᠤ᠂ ᠭᠠᠩ ᠬᠠᠭᠤᠷᠠᠢ ᠭᠠᠵᠠᠷ ᠤᠷᠤᠨ ᠪᠤᠯ ᠵᠤᠭᠢᠰᠳᠡᠢ ᠤᠰᠤᠯᠠᠵᠤ᠂ ᠦᠨᠳᠤᠰᠤᠨ ᠤ ᠰᠤᠷᠲ ᠲᠡᠯᠭᠡᠷᠡᠨ ᠭᠦᠨᠦᠭᠡᠯ ᠪᠤᠯᠬᠤ ᠠᠴᠠ ᠰᠡᠷᠭᠡᠶᠢᠯᠡᠨ᠎ᠡ᠃ ︵5︶ ᠭᠡᠮ ᠢ ᠡᠰᠡᠷᠭᠦᠴᠡᠭᠦ ᠴᠢᠳᠠᠯ ᠲᠠᠢ ᠰᠤᠷᠲ ᠢ ᠰᠤᠩᠭᠤᠨ ᠲᠠᠷᠢᠨ᠎ᠠ᠃ ᠭᠡᠮ ᠳᠤ ᠨᠡᠯᠢᠶᠡᠳ ᠲᠠᠰᠪᠤᠷᠢᠳᠡᠢ ᠰᠤᠷᠲ ᠲᠤ ᠲᠢᠶᠠᠨ ᠶᠠᠨ ︵甜研︶ 301᠂ 302᠂ 201᠂ 202 ᠪᠠ ᠹᠠᠨ ᠢᠤᠢ ︵范育︶ 1 ᠨᠤᠮᠧᠷᠳᠤ ᠵᠡᠷᠭᠡ ᠪᠠᠶᠢᠨ᠎ᠠ᠃
      ︵4︶ ᠰᠢᠭᠢᠷ ᠯᠤᠤᠪᠠᠩ ᠤᠨ ᠮᠤᠭᠠᠢ ᠶᠢᠨ ᠨᠢᠳᠤᠠᠴᠢᠷ ᠭᠡᠮ
      ᠭᠦᠨᠦᠭᠡᠯ ᠤᠨ ᠰᠢᠨᠵᠢ ᠪᠠᠶᠢᠳᠠᠯ᠄ ᠰᠢᠭᠢᠷ ᠯᠤᠤᠪᠠᠩ ᠤᠨ ᠮᠤᠭᠠᠢ ᠶᠢᠨ ᠨᠢᠳᠤᠠᠴᠢᠷ ᠭᠡᠮ ᠪᠤᠯ ᠰᠢᠭᠢᠷ ᠯᠤᠤᠪᠠᠩ ᠤᠨ ᠲᠠᠷᠢᠯᠳᠠ ᠶᠢᠨ ᠤᠷᠤᠨ ᠳᠤ ᠴᠦᠮ ᠡᠭᠦᠰᠳᠡᠭ᠃ ᠰᠢᠭᠢᠷ ᠯᠤᠤᠪᠠᠩ ᠢ ᠴᠢᠭᠢᠯᠡᠭᠦ ᠠᠴᠠ ᠠᠪᠤᠭᠠᠳ ᠵᠤᠭᠤᠷᠢᠯᠠᠬᠤ ᠭᠦᠷᠳᠡᠯᠡᠭᠢ ᠪᠦᠭᠦ ᠶᠠᠪᠤᠴᠠ ᠳᠤ ᠴᠦᠮ ᠮᠤᠭᠠᠢ ᠶᠢᠨ ᠨᠢᠳᠤᠠᠴᠢᠷ ᠭᠡᠮ ᠤᠨ ᠭᠦᠨᠦᠭᠡᠯ ᠳᠤ ᠤᠴᠠᠷᠠᠳᠠᠭ᠃
      ᠭᠡᠮ ᠤᠨ ᠢᠯᠡᠷᠡᠯ ᠪᠠ ᠡᠭᠦᠰᠦᠯ᠄ ᠰᠢᠭᠢᠷ ᠯᠤᠤᠪᠠᠩ ᠤᠨ ᠮᠤᠭᠠᠢ ᠶᠢᠨ ᠨᠢᠳᠤᠠᠴᠢᠷ ᠡᠪᠡᠳᠴᠢᠨ ᠨᠢ ᠴᠢᠭᠢᠯᠡᠭᠦ ᠬᠤᠭᠤᠴᠠᠭᠠᠨ ᠳᠤ ᠴᠤᠬᠤᠷᠳᠤ ᠡᠪᠡᠳᠴᠢᠨ ᠢ ᠡᠭᠦᠰᠭᠡᠭᠦ ᠠᠴᠠ ᠭᠠᠳᠠᠨ᠎ᠠ ᠶᠠᠷᠦᠩᠭᠡᠢ ᠳᠡᠭᠡᠨ ᠪᠢᠤᠯᠤᠭᠢ ᠶᠢᠨ ᠪᠤᠯᠪᠠᠰᠤᠷᠠᠯᠳᠠ ᠶᠢᠨ ᠠᠮᠠᠨ ᠳᠠᠬᠢ ᠨᠠᠪᠴᠢᠨ ᠭᠡᠯᠳᠡᠰ ᠲᠡᠭᠡᠷ᠎ᠡ ᠡᠭᠦᠰᠴᠤ᠂ ᠤᠷᠢᠳ ᠢᠶᠠᠷ ᠭᠠᠳᠠᠷ ᠲᠠᠪᠬᠤᠷᠭ᠎ᠠ ᠶᠢᠨ ᠨᠠᠪᠴᠢᠨ ᠭᠡᠯᠳᠡᠰ ᠲᠠᠭᠡᠷ᠎ᠡ ᠭᠦᠷᠡᠩ ᠦᠡᠭᠭᠡ ᠶᠢᠨ ᠤᠰᠤᠷᠬᠠᠭ ᠪᠦᠮᠪᠤᠭᠡᠨ ᠵᠢᠵᠢᠭ ᠴᠡᠭ ᠪᠤᠢ ᠪᠤᠯᠵᠤ᠂ ᠠᠭᠠᠵᠢᠮ ᠢᠶᠠᠷ ᠦᠷᠭᠡᠵᠢᠵᠤ᠂ ᠰᠡᠭᠦᠯᠴᠢ ᠶᠢᠨ ᠦᠶ᠎ᠠ ᠳᠡᠭᠡᠨ ᠳ᠋ᠢᠶᠠᠮᠧᠲᠷ ᠨᠢ 1~2mm ᠪᠦᠭᠦᠢ ᠨᠢᠭᠡ ᠭᠤᠯᠳᠤ ᠴᠠᠭᠠᠷᠢᠠᠠᠯᠬᠠᠰᠠᠨ ᠠᠷ ᠤᠨ ᠴᠠᠭᠠᠷᠢᠭ ᠢᠶᠠᠷ ᠲᠦᠪᠯᠡᠭᠰᠡᠨ ᠴᠠᠭᠠᠷᠢᠭ ᠪᠤᠢ ᠪᠤᠯᠵᠤ᠂ ᠠᠭᠠᠵᠢᠮ ᠢᠶᠠᠷ ᠴᠠᠶᠢᠪᠤᠷ ᠨᠢᠮᠭᠡᠨ ᠪᠦᠷᠭᠦᠭᠦᠯ ᠪᠤᠯᠵᠤ ᠬᠤᠪᠢᠷᠠᠨ᠂ ᠵᠠᠷᠢᠮ ᠦᠶ᠎ᠠ ᠳᠤ ᠬᠠᠭᠠᠷᠠᠨ ᠰᠦᠪᠡᠳᠡᠵᠤ᠂ ᠨᠢᠭᠡ ᠭᠤᠯᠳᠤ ᠴᠠᠭᠠᠷᠢᠠᠠᠯᠬᠠᠰᠠᠨ ᠠᠷ ᠨᠢ ᠭᠠᠳᠠᠭᠠᠳᠤ ᠦᠡᠭᠭᠡ ᠶᠢ ᠲᠠᠪᠠᠨ ᠭᠦᠨᠳᠡᠳᠡᠭ᠃ ᠭᠡᠮ ᠤᠨ ᠲᠤᠯᠪᠤ ᠶᠢᠨ ᠲᠡᠭᠡᠷ᠎ᠠ ᠰᠡᠭᠦᠯ ᠤᠨ ᠬᠤᠭᠤᠴᠠᠭᠠᠨ ᠳᠤ ᠬᠠᠷ᠎ᠠ ᠭᠦᠷᠡᠩ ᠦᠡᠭᠭᠡ ᠶᠢᠨ ᠵᠢᠵᠢᠭ ᠮᠦᠭᠦᠯᠢᠭ ᠪᠤᠢ ᠪᠤᠯᠵᠤ᠂ ᠰᠠᠯᠠᠭᠠᠯᠠᠬᠤ ᠰᠫᠤᠷ ᠤᠨ ᠤᠭᠤᠳᠠ ᠨᠢ ᠪᠤᠯᠳᠠᠭ᠃ ᠭᠡᠮ ᠤᠨ ᠲᠤᠯᠪᠤ ᠨᠢ ᠮᠤᠭᠠᠢ ᠶᠢᠨ ᠨᠢᠳᠤ ᠲᠠᠢ ᠲᠦᠰᠳᠡᠢ ᠪᠠᠶᠢᠳᠠᠭ ᠪᠤᠯᠬᠤᠷ ᠮᠤᠭᠠᠢ ᠶᠢᠨ ᠨᠢᠳᠤᠨᠴᠢᠷ ᠡᠪᠡᠳᠴᠢᠨ ᠭᠡᠵᠤ ᠨᠡᠷᠡᠯᠡᠵᠡᠢ᠃ ᠲᠦᠮᠦᠰᠦᠯᠢᠭ ᠦᠨᠳᠤᠰᠤ ᠪᠤᠢ ᠪᠤᠯᠬᠤ ᠦᠶᠡᠰ ᠦᠨᠳᠤᠰᠤ ᠢᠯᠵᠠᠷᠠᠬᠤ ᠡᠪᠡᠳᠴᠢᠨ ᠢ ᠡᠭᠦᠰᠭᠡᠵᠤ᠂ ᠡᠭᠢ ᠦᠨᠳᠤᠰᠤ ᠶᠢ ᠵᠤᠭᠤᠷᠢᠯᠠᠬᠤ ᠶᠠᠪᠤᠴᠠ ᠳᠤ ᠵᠤᠭᠤᠷᠢᠨ ᠤ ᠢᠯᠵᠠᠷᠠᠬᠤ ᠭᠡᠮ ᠪᠤᠯᠳᠠᠭ᠃
      ᠭᠡᠮ ᠡᠭᠦᠰᠭᠦ ᠤᠨᠴᠠᠯᠢᠭ᠄ ᠮᠤᠭᠠᠢ ᠶᠢᠨ ᠨᠢᠳᠤᠠᠴᠢᠷ ᠭᠡᠮ ᠪᠤᠯ ᠤᠭᠤᠳᠠᠳᠤ ᠰᠫᠤᠷ ᠵᠢᠴᠢ ᠮᠦᠭᠦ ᠶᠢᠨ ᠰᠢᠷᠭᠡᠭᠳᠦ ᠪᠡᠶ᠎ᠠ ᠪᠠᠷ ᠦᠨᠳᠤᠰᠤᠨ ᠭᠡᠰᠡᠭ᠂ ᠦᠷ᠎ᠠ ᠶᠢᠨ ᠪᠦᠮᠪᠦᠭᠡ ᠵᠢᠴᠢ ᠵᠡᠷᠡᠮᠳᠡᠭ ᠰᠠᠭᠤᠷᠢ ᠲᠡᠭᠡᠷ᠎ᠡ ᠡᠪᠤᠯᠵᠢᠵᠤ᠂ ᠲᠠᠷᠠᠭ᠎ᠠ ᠵᠢᠯ ᠤᠨ ᠡᠭᠢ ᠪᠠᠷ ᠬᠠᠯᠳᠠᠪᠤᠷᠢᠯᠡᠳᠠᠭ᠃ ᠭᠡᠮ ᠡᠭᠦᠰᠦᠭᠰᠡᠨ ᠤ ᠰᠡᠭᠦᠯᠡᠷ ᠭᠡᠮᠳᠤ ᠪᠠᠺᠲ᠋ᠧᠷᠢ ᠨᠢ ᠰᠠᠯᠭᠢᠨ ᠪᠤᠷᠤᠭᠠᠨ ᠤ ᠲᠤᠭᠢᠶᠠᠯ ᠢᠶᠠᠷ ᠦᠷᠭᠡᠵᠢᠨ ᠲᠡᠯᠭᠡᠷᠡᠳᠡᠭ ᠪᠠᠶᠢᠨ᠎ᠠ᠃ ᠲᠤᠯᠠᠭᠠᠨ ᠤ ᠭᠡᠮᠵᠢᠶ᠎ᠠ
20℃~25℃᠂ ᠬᠠᠷᠢᠴᠠᠩᠭᠤᠢ ᠴᠢᠭᠢᠭ ᠤᠨ ᠭᠡᠮᠵᠢᠶ᠎ᠠ 90% ᠠᠴᠠ ᠲᠡᠭᠡᠭᠰᠢ ᠪᠤᠯᠪᠠᠯ ᠭᠡᠮ ᠤᠨ ᠭᠦᠨᠦᠭᠡᠯ ᠡᠭᠦᠰᠤᠨ ᠲᠡᠯᠭᠡᠷᠡᠭᠦ ᠳᠤ ᠠᠰᠢᠠᠠᠳᠠᠢ ᠪᠠᠶᠢᠳᠠᠭ᠃ ᠵᠡᠭᠦᠨ ᠬᠤᠶᠢᠳᠤ ᠶᠢᠨ ᠭᠠᠵᠠᠷ ᠤᠷᠤᠨ ᠳᠤ 6 ᠳ᠋ᠤᠭᠠᠷ ᠰᠠᠷ᠎ᠠ ᠶᠢᠨ ᠲᠤᠮᠳᠡᠴᠢ ᠪᠠᠷ ᠡᠭᠢᠯᠡᠨ ᠡᠭᠦᠰᠴᠤ᠂ 7 ᠳ᠋ᠤᠭᠠᠷ ᠰᠠᠷ᠎ᠠ ᠳᠤ ᠭᠦᠨᠦᠭᠡᠯ ᠤᠨ ᠤᠷᠭᠢᠯ ᠦᠶ᠎ᠠ ᠪᠤᠯᠵᠤ᠂ 8 ᠳ᠋ᠤᠭᠠᠷ ᠰᠠᠷ᠎ᠠ ᠶᠢᠨ ᠲᠤᠮᠳᠡᠴᠢ ᠪᠠᠷ ᠦᠷᠪᠢᠰᠭᠦ ᠨᠢ ᠵᠤᠠᠠᠰᠤᠵᠤ᠂ ᠲᠡᠭᠦᠭᠰᠡᠨ ᠦᠷ᠎ᠡ ᠶᠢᠨ ᠰᠠᠭᠤᠷᠢ ᠨᠢ 5 ᠳ᠋ᠤᠭᠠᠷ ᠰᠠᠷ᠎ᠠ ᠶᠢᠨ ᠲᠤᠮᠳᠡᠴᠢ ᠪᠠᠷ ᠡᠭᠢᠯᠡᠨ ᠭᠡᠮ ᠡᠭᠦᠰᠭᠡᠳᠡᠭ᠃
      ᠰᠡᠷᠭᠡᠶᠢᠯᠡᠨ ᠵᠠᠰᠠᠬᠤ ᠠᠷᠭ᠎ᠠ᠄ ᠦᠷ᠎ᠡ ᠳᠡᠭᠡᠨ ᠡᠮ ᠪᠠᠭᠰᠤᠷᠴᠦ᠂ ᠴᠤᠬᠤᠷᠳᠤ ᠭᠡᠮ᠂ ᠭᠦᠷᠡᠩ ᠲᠤᠯᠪᠤᠳᠤ ᠭᠡᠮ ᠢ ᠵᠠᠰᠠᠬᠤ ᠲᠠᠢ ᠠᠳᠠᠯᠢ ᠡᠮ ᠢᠶᠠᠷ ᠰᠡᠷᠭᠡᠶᠢᠯᠡᠨ ᠵᠠᠰᠠᠨ᠎ᠠ᠃ ᠰᠢᠭᠢᠷ ᠯᠤᠤᠪᠠᠩ ᠤᠨ ᠤᠷᠭᠤᠯᠳᠠ ᠶᠢᠨ ᠰᠡᠭᠦᠯ ᠤᠨ ᠬᠤᠭᠤᠴᠠᠭ᠎ᠠ ᠪᠡ ᠬᠤᠷᠢᠶᠠᠬᠤ ᠦᠶᠡᠰ᠂ ᠭᠡᠮ ᠳᠤ ᠭᠦᠨᠦᠭᠡᠭᠳᠡᠭᠰᠡᠨ ᠡᠰᠢ ᠨᠠᠪᠴᠢ ᠶᠢ ᠲᠡᠭᠦᠵᠤ ᠴᠤᠠᠠᠯᠠᠭᠤᠯᠤᠨ ᠲᠦᠪᠯᠡᠷᠡᠭᠦᠯᠦᠨ ᠰᠢᠳᠠᠭᠠᠵᠤ᠂ ᠬᠤᠷᠢᠶᠠᠯᠳᠠ ᠠᠪᠤᠠᠠᠰᠠᠨ ᠤ ᠪᠠᠨ ᠲᠠᠷᠠᠭ᠎ᠠ ᠭᠠᠵᠠᠷ ᠢᠶᠠᠨ ᠭᠦᠨ ᠤᠷᠪᠠᠭᠤᠯᠬᠤ ᠭᠡᠷᠡᠭᠳᠡᠢ᠃ ᠮᠦᠭᠦ ᠶᠢᠨ ᠪᠦᠭᠡᠮ ᠤᠨ ᠭᠡᠮ ᠳᠤ ᠭᠦᠨᠦᠭᠡᠭᠳᠡᠭᠦ ᠭᠡᠰᠡᠭ ᠨᠢ ᠭᠤᠤᠯ ᠨᠢ ᠦᠨᠳᠤᠰᠤᠨ ᠤ ᠲᠡᠷᠢᠭᠦᠨ ᠭᠡᠰᠡᠭ ᠠᠴᠠ ᠲᠤᠷᠤᠠᠠᠰᠢ ᠪᠠᠨ ᠤᠯᠠᠮᠵᠢᠯᠡᠨ ᠦᠷᠪᠢᠰᠳᠡᠭ ᠪᠠᠶᠢᠨ᠎ᠠ᠃
       2. ᠭᠤᠤᠯ ᠬᠤᠷᠤᠬᠠᠢ ᠶᠢᠨ ᠭᠦᠨᠦᠭᠡᠯ ᠵᠢᠴᠢ ᠰᠡᠷᠭᠡᠶᠢᠯᠡᠨ ᠵᠠᠰᠠᠬᠤ ᠠᠷᠭ᠎ᠠ
       ︵1︶ ᠰᠢᠭᠢᠷ ᠯᠤᠤᠪᠠᠨᠩ ᠤᠨ ᠬᠠᠷ᠎ᠠ ᠨᠤᠯᠤᠤᠷᠳᠤ ᠮᠠᠢ ᠶᠢᠨ ᠴᠤᠬᠤ
       ᠭᠡᠯᠪᠡᠷᠢ ᠵᠦᠢ ᠶᠢᠨ ᠤᠨᠴᠠᠯᠢᠭ᠄ ᠬᠠᠷ᠎ᠠ ᠨᠤᠯᠤᠤᠷᠳᠤ ᠮᠠᠢ ᠶᠢᠨ ᠴᠤᠬᠤ ᠶᠢᠨ ᠪᠡᠶ᠎ᠠ ᠶᠢᠨ ᠤᠷᠳᠤ ᠨᠢ 7~8mm᠂ ᠦᠷᠭᠡᠨ ᠨᠢ 4~5mm᠂ ᠦᠨᠳᠡᠭᠡᠨ ᠭᠡᠯᠪᠡᠷᠢ ᠲᠠᠢ᠂ ᠬᠠᠷ᠎ᠠ ᠭᠦᠷᠡᠩ ᠪᠤᠶᠤ ᠪᠤᠷᠤᠪᠳᠤᠷ ᠭᠦᠷᠡᠩ ᠦᠡᠭᠭᠡ ᠲᠠᠢ᠂ ᠪᠠᠶᠠᠨ ᠳᠤᠨᠢ ᠬᠠᠷ᠎ᠠ ᠭᠦᠷᠡᠩ ᠬᠤᠨ ᠤ ᠨᠤᠯᠤᠤᠷ ᠲᠠᠢ᠂ ᠲᠠᠮᠳᠡᠷᠢᠭᠦᠯ ᠨᠢ ᠭᠦᠷᠡᠩ᠂ ᠵᠠᠯᠮᠠᠭᠠᠢ ᠶᠢᠨ ᠨᠠᠪᠴᠢᠨ ᠤ ᠪᠠᠶᠢᠳᠠᠯ ᠲᠠᠢ᠂ ᠨᠠᠶᠢᠳᠡ 10 ᠦᠶ᠎ᠠ ᠲᠠᠢ᠂ ᠡᠪᠴᠢᠭᠦᠨ ᠤ ᠠᠷᠤ ᠬᠠᠪᠳᠠᠰᠤᠨ ᠳᠤ ᠨᠢᠠᠠᠳᠠ ᠰᠡᠶᠢᠯᠦᠭᠦᠷ ᠴᠡᠭ ᠲᠠᠢ᠂ ᠭᠦᠪᠡᠭᠡ ᠵᠠᠢ ᠶᠢ ᠲᠠᠭᠠᠭᠠᠳ ᠴᠦᠭᠡᠨ ᠰᠤᠷ ᠲᠠᠢ᠂ ᠦᠨᠳᠡᠭᠡ ᠨᠢ ᠵᠤᠤᠪᠠᠩ ᠭᠡᠯᠪᠡᠷᠢ ᠲᠠᠢ᠂ ᠴᠠᠭᠠᠨ ᠦᠡᠭᠭᠡ ᠲᠠᠢ᠂ ᠭᠢᠯᠳᠠᠭᠠᠨᠠᠮ᠎ᠠ ᠪᠦᠭᠡᠳ ᠪᠠᠷᠤᠭ 1mm ᠤᠷᠳᠤ ᠪᠠᠶᠢᠳᠠᠭ᠃ ᠠᠪᠠᠭᠠᠯᠳᠠᠢ ᠶᠢᠨ ᠪᠡᠶ᠎ᠠ ᠶᠢᠨ ᠤᠷᠳᠤ ᠨᠢ 16~20mm᠂ ᠭᠡᠤᠭᠡᠯᠳᠡᠢ ᠨᠢ ᠨᠢᠴᠦᠭᠦᠨ᠂ ᠪᠠᠶ᠎ᠠ ᠨᠢ ᠰᠢᠷ᠎ᠠ᠂ ᠲᠤᠯᠤᠭᠠᠢ ᠶᠢᠨ ᠭᠡᠰᠡᠭ ᠨᠢ ᠬᠠᠷ᠎ᠠ ᠭᠦᠷᠡᠩ ᠪᠠᠶᠢᠳᠠᠭ᠃
      ᠭᠡᠮ ᠡᠭᠦᠰᠭᠡᠭᠦ ᠤᠠᠴᠠᠯᠢᠭ ᠨᠢ ᠭᠡᠪᠡᠯ᠄ ᠬᠠᠷ᠎ᠠ ᠨᠤᠯᠤᠤᠷᠳᠤ ᠮᠠᠢ ᠶᠢᠨ ᠴᠤᠬᠤ ᠨᠢ ᠵᠡᠭᠦᠨ ᠬᠤᠶᠢᠳᠤ ᠤᠷᠤᠨ᠂ ᠤᠮᠠᠷᠠᠳᠤ ᠤᠷᠤᠨ ᠵᠡᠷᠭᠡ ᠰᠢᠭᠢᠷ ᠯᠤᠤᠪᠠᠩ ᠤᠨ ᠲᠠᠷᠢᠶᠠᠯᠠᠭ᠎ᠠ ᠶᠢᠨ ᠤᠷᠤᠨ ᠳᠤ ᠵᠢᠯ ᠳᠤ ᠨᠢᠭᠡ ᠦᠶ᠎ᠠ ᠦᠷᠡᠵᠢᠵᠤ᠂ ᠪᠠᠶᠡᠯᠡᠭᠰᠡᠨ ᠬᠤᠷᠤᠬᠠᠢ ᠨᠢ ᠭᠦᠷᠦᠰᠤᠨ ᠲᠤᠤᠷ᠎ᠠ 20~30cm ᠭᠠᠵᠠᠷ ᠲᠤ ᠡᠪᠤᠯᠵᠢᠵᠤ᠂ ᠲᠠᠷᠠᠭ᠎ᠠ ᠵᠢᠯ ᠤᠨ ᠭᠢᠨᠢ 4 ᠳ᠋ᠤᠭᠡᠷ ᠰᠠᠷ᠎ᠠ ᠶᠢᠨ ᠡᠭᠢ ᠪᠤᠶᠤ ᠲᠤᠮᠳᠡᠴᠢ ᠪᠠᠷ ᠡᠪᠤᠯᠵᠢᠭ᠍ᠰᠡᠨ ᠪᠡᠶᠡᠯᠡᠭᠰᠡᠨ ᠬᠤᠷᠤᠬᠠᠢ ᠨᠢ ᠰᠢᠷᠤᠢ ᠠᠴᠠ ᠭᠠᠷᠴᠤ ᠢᠷᠡᠨ ᠭᠦᠳᠡᠯᠭᠡᠭᠡᠨ ᠭᠢᠵᠤ᠂ ᠡᠭᠢᠨ ᠤ ᠬᠤᠭᠤᠴᠠᠭᠠᠨ ᠳᠠᠭᠠᠨ ᠤᠯᠠᠩᠭᠢ ᠪᠡᠶᠡᠯᠡᠭᠰᠡᠨ ᠬᠤᠷᠤᠬᠠᠢ ᠨᠢ ᠪᠠᠭᠪᠠᠭ᠋ᠠᠢ ᠴᠡᠴᠡᠭ᠂ ᠡᠯᠵᠢᠭᠡᠨ ᠴᠢᠭᠢᠨ ᠡᠪᠡᠰᠤ᠂ ᠮᠤᠭᠠᠢ ᠢᠳᠠᠷ᠎ᠠ ᠵᠡᠷᠭᠡ ᠰᠠᠶ᠋ᠢ ᠨᠠᠭᠢᠶᠠᠯᠬᠠᠰᠠᠨ ᠰᠤᠯᠠ ᠡᠪᠡᠰᠤ ᠵᠢᠴᠢ ᠤᠳᠠ᠂ ᠤᠯᠢᠶᠠᠰᠤ᠂ ᠬᠠᠶᠢᠯᠠᠰᠤ ᠵᠡᠷᠭᠡ ᠮᠤᠳᠤᠨ ᠤ ᠨᠤᠭᠤᠭᠠᠨ ᠨᠠᠪᠴᠢᠨ ᠲᠡᠭᠡᠷ᠎ᠠ ᠢᠳᠡᠰᠢᠯᠡᠳᠡᠭ᠃ 4 ᠳ᠋ᠤᠭᠡᠷ ᠰᠠᠷ᠎ᠠ ᠶᠢᠨ ᠰᠡᠭᠦᠯᠴᠢ ᠠᠴᠠ 5 ᠳ᠋ᠤᠭᠠᠷ ᠰᠠᠷ᠎ᠠ ᠳᠤ ᠰᠢᠭᠢᠷ ᠯᠤᠤᠪᠠᠩ ᠤᠨ ᠨᠢᠯᠬ᠎ᠠ ᠴᠢᠭᠢ ᠰᠢᠷᠤᠢ ᠲᠦᠯᠭᠢᠭᠰᠡᠨ ᠠᠴᠠ ᠬᠤᠶᠢᠰᠢ᠂ ᠶᠡᠭᠡ ᠭᠡᠮᠵᠢᠶᠠᠨ ᠤ ᠪᠡᠶᠡᠯᠡᠭᠰᠡᠨ ᠬᠤᠷᠤᠬᠠᠢ ᠨᠢ ᠰᠢᠭᠢᠷ ᠯᠤᠤᠪᠠᠩ ᠤᠨ ᠲᠠᠷᠢᠶᠠᠨ ᠳᠤ ᠨᠡᠭᠦᠨ ᠤᠴᠢᠵᠤ᠂ ᠰᠢᠭᠢᠷ ᠯᠤᠤᠪᠠᠩ ᠤᠨ ᠦᠷ᠎ᠠ ᠨᠠᠪᠴᠢ᠂ ᠨᠢᠯᠬ᠎ᠠ ᠵᠦᠭᠡᠯᠡᠨ ᠵᠢᠩᠭᠢᠨᠢ ᠨᠠᠪᠴᠢ ᠪᠡ ᠤᠷᠭᠤᠯᠳᠠ ᠶᠢᠨ ᠴᠡᠭ ᠵᠡᠷᠭᠡ ᠶᠢ ᠢᠳᠡᠵᠤ᠂ ᠮᠠᠰᠢ ᠤᠯᠠᠨ ᠰᠢᠭᠢᠷ ᠯᠤᠤᠪᠠᠩ ᠤᠨ ᠨᠢᠯᠬ᠎ᠠ ᠴᠢᠭᠢ ᠶᠢ ᠬᠤᠭᠤᠰᠤᠷᠠᠳᠠᠯ᠎ᠠ ᠢᠳᠡᠵᠤ ᠲᠠᠭᠤᠰᠬᠠᠨ᠂ ᠲᠠᠷᠢᠶᠠᠨ ᠤ ᠴᠢᠭᠢ ᠶᠢ ᠲᠤᠳ᠋ᠬᠠᠳᠠᠭᠤᠯᠳᠠᠭ᠃ 5 ᠳ᠋ᠤᠭᠠᠷ ᠰᠠᠷ᠎ᠠ ᠶᠢᠨ ᠡᠭᠢ ᠪᠡ ᠲᠤᠮᠳᠡᠴᠢ ᠪᠠᠷ ᠭᠦᠨᠦᠭᠡᠯ ᠤᠨ ᠭᠦᠭ ᠦᠶ᠎ᠠ ᠨᠢ ᠪᠤᠯᠳᠠᠭ ᠪᠠᠶᠢᠨ᠎ᠠ᠃
       ᠪᠡᠶᠡᠯᠡᠭᠰᠡᠨ ᠬᠤᠷᠤᠬᠠᠢ ᠶᠢᠨ ᠤᠯᠠᠩᠭᠢ ᠨᠢ ᠰᠦᠨᠢ ᠪᠤᠶᠤ ᠦᠳᠡ ᠶᠢᠨ ᠡᠮᠦᠨ᠎ᠠ ᠳᠡᠭᠡᠨ ᠰᠢᠷᠤᠢ ᠳᠤ ᠨᠢᠭᠤᠠᠠᠳᠠᠵᠤ᠂ ᠴᠦᠭᠡᠨ ᠲᠤᠭᠠᠨ ᠤ ᠭᠢᠨᠢ ᠢᠳᠡᠵᠤ ᠰᠦᠢᠳᠭᠡᠳᠡᠭ᠃ ᠦᠳᠡ ᠶᠢᠨ ᠬᠤᠶᠢᠨ᠎ᠠ ᠰᠢᠷᠤᠢ ᠠᠴᠠ ᠭᠠᠷᠴᠤ ᠢᠷᠡᠨ ᠭᠦᠳᠡᠯᠭᠡᠭᠡᠨ ᠭᠢᠵᠤ᠂ ᠢᠳᠡᠰᠢ ᠡᠷᠢᠭᠦ ᠬᠤᠷᠤᠬᠠᠢ ᠨᠢ ᠬᠠᠭᠤᠷᠮᠠᠭ ᠦᠭᠦᠭᠦ ᠴᠢᠨᠠᠷ ᠪᠡ ᠭᠡᠷᠡᠯ ᠰᠤᠨᠢᠷᠬᠠᠬᠤ ᠴᠢᠨᠠᠷ ᠲᠠᠢ ᠪᠠᠶᠢᠳᠠᠭ᠃ ᠨᠢᠰᠭᠦ ᠭᠦᠴᠤᠨ ᠨᠢ ᠮᠠᠰᠢ ᠴᠢᠩᠭ᠎ᠠ ᠪᠠᠶᠢᠵᠤ᠂ ᠦᠳᠡᠰᠢ ᠪᠦᠷᠦᠢ ᠤᠯᠠᠩᠭᠢ ᠳᠠᠭᠠᠨ ᠮᠤᠳᠤᠨ ᠤ ᠤᠷᠤᠢ ᠪᠠᠷ ᠨᠢᠰᠳᠡᠭ᠃ ᠬᠠᠮᠢᠶ᠎ᠠ ᠪᠦᠭᠦᠢ ᠮᠠᠲ᠋ᠧᠷᠢᠶᠠᠯ ᠤᠨ ᠲᠠᠨᠢᠯᠴᠠᠭᠤᠯᠤᠠᠠᠰᠠᠨ ᠢ ᠦᠨᠳᠤᠰᠦᠯᠡᠪᠡᠯ ᠤᠯᠠᠩᠭᠢ ᠨᠢ ᠡᠷ᠎ᠠ ᠬᠤᠷᠤᠬᠠᠢ ᠨᠢ ᠨᠢᠰᠴᠤ᠂ 10m ᠦᠨᠳᠤᠷ ᠨᠢᠰᠳᠡᠭ ᠪᠠ ᠤᠨᠴᠠ ᠵᠠᠷᠢᠮ ᠨᠢ 30m ᠦᠨᠳᠤᠷ ᠨᠢᠰᠳᠡᠭ ᠪᠠᠶᠢᠨ᠎ᠠ᠃ ᠡᠮ᠎ᠠ ᠬᠤᠷᠤᠬᠠᠢ ᠨᠢ ᠶᠠᠷᠦᠩᠭᠡᠢ ᠳᠡᠭᠡᠨ ᠨᠢᠰᠳᠡᠭ ᠦᠭᠡᠢ᠂ ᠤᠨᠴᠠ ᠵᠠᠷᠢᠮ ᠡᠮ᠎ᠠ ᠬᠤᠷᠤᠬᠠᠢ ᠨᠢ ᠤᠬᠤᠷᠬᠠᠨ ᠵᠠᠢ ᠳᠤ ᠤᠠᠠᠵᠤᠮ ᠨᠢᠰᠳᠡᠭ ᠪᠠ ᠦᠰᠤᠷᠤᠨ ᠨᠢᠰᠳᠡᠭ ᠪᠠᠶᠢᠨ᠎ᠠ᠃
ᠪᠡᠶᠡᠯᠡᠭᠰᠡᠨ ᠬᠤᠷᠤᠬᠠᠢ ᠶᠢᠨ ᠢᠳᠡᠰᠢ ᠨᠢ ᠮᠠᠰᠢ ᠤᠯᠠᠨ ᠪᠠᠶᠢᠳᠠᠭ᠃ ᠲᠠᠨᠢᠯᠴᠠᠭᠤᠯᠭ᠎ᠠ ᠶᠢ ᠦᠨᠳᠦᠰᠦᠯᠡᠪᠡᠯ᠂ 149 ᠵᠦᠢᠯ ᠤᠨ ᠤᠷᠭᠤᠮᠠᠯ ᠢ ᠢᠳᠡᠳᠡᠭ ᠪᠦᠭᠡᠳ ᠭᠤᠤᠯ ᠨᠢ ᠬᠠᠶᠢᠯᠠᠰᠤ᠂ ᠤᠳᠠ᠂ ᠤᠯᠢᠶᠠᠰᠤ ᠪᠤᠯᠤᠨ ᠰᠢᠭᠢᠷ ᠯᠤᠤᠪᠠᠩ ᠵᠡᠷᠭᠡ ᠲᠠᠷᠢᠮᠠᠯ ᠢ ᠢᠳᠡᠳᠡᠭ ᠪᠠᠶᠢᠨ᠎ᠠ᠃ ᠪᠡᠶᠡᠯᠡᠭᠰᠡᠨ ᠬᠤᠷᠤᠬᠠᠢ ᠨᠢ ᠢᠳᠡᠰᠢ ᠤᠯᠤᠠᠠᠰᠠᠨ ᠤ ᠪᠠᠨ ᠰᠡᠭᠦᠯᠡᠷ ᠶᠠᠷᠦᠩᠭᠡᠢ ᠳᠡᠭᠡᠨ 5 ᠳ᠋ᠤᠭᠠᠷ ᠰᠠᠷ᠎ᠠ ᠶᠢᠨ ᠲᠤᠮᠳᠡᠴᠢ ᠠᠴᠠ 5 ᠳ᠋ᠤᠭᠠᠷ ᠰᠠᠷ᠎ᠠ ᠶᠢᠨ ᠡᠴᠤᠰ ᠭᠦᠷᠳᠡᠯᠡᠭᠢ ᠬᠤᠭᠤᠴᠠᠭᠠᠨ ᠳᠤ ᠪᠡᠯᠭᠡ ᠬᠠᠷᠢᠴᠠᠵᠤ ᠦᠨᠳᠡᠭᠡᠯᠡᠳᠡᠭ ᠪᠠᠶᠢᠨ᠎ᠠ᠃ ᠶᠠᠷᠦᠩᠭᠡᠢ ᠳᠡᠭᠡᠨ ᠡᠮ᠎ᠡ ᠬᠤᠷᠤᠬᠠᠢ ᠪᠦᠷᠢ ᠨᠢ ᠨᠢᠭᠡ ᠪᠡᠶᠡᠨ ᠳᠡᠭᠡᠨ 11~59 ᠮᠦᠭᠦᠯᠢᠭ ᠦᠨᠳᠡᠭᠡᠯᠡᠵᠤ᠂ ᠤᠯᠠᠨ ᠳᠠᠭᠠᠨ 100 ᠮᠦᠭᠦᠯᠢᠭ ᠦᠨᠳᠡᠭᠡᠯᠡᠨ᠂ ᠦᠨᠳᠡᠭᠡᠪᠴᠢ ᠶᠢᠨ ᠬᠤᠭᠤᠴᠠᠭ᠎ᠠ ᠨᠢ 5~10 ᠬᠤᠨᠤᠭ ᠪᠠᠶᠢᠵᠤ᠂ ᠦᠨᠳᠡᠭᠡᠨ ᠤ ᠨᠠᠪᠴᠢᠯᠳᠡ ᠶᠢᠨ ᠨᠤᠷᠮ᠎ᠠ ᠨᠢ 90% ᠠᠴᠠ ᠲᠡᠭᠡᠭᠰᠢ ᠭᠦᠷᠳᠡᠭ᠃
       ᠠᠩᠬ᠎ᠠ ᠨᠠᠪᠴᠢᠭ᠍ᠰᠡᠨ ᠠᠪᠠᠭᠠᠯᠳᠠᠢ ᠨᠢ ᠨᠢᠯᠬ᠎ᠠ ᠦᠨᠳᠤᠰᠤ ᠪᠠ ᠢᠯᠵᠠᠷᠬᠠᠰᠠᠨ ᠤᠷᠭᠤᠮᠠᠯ ᠢᠶᠠᠷ ᠢᠳᠡᠰᠢ ᠪᠤᠯᠭᠠᠨ᠎ᠠ᠃ ᠠᠪᠠᠭᠠᠯᠳᠠᠢ ᠶᠢ ᠨᠢ ᠨᠠᠶᠢᠳᠡ ᠭᠤᠷᠪᠡᠨ ᠨᠠᠰᠤ ᠬᠤᠪᠢᠶᠠᠨ᠎ᠠ᠃ ᠲᠤᠮᠳᠡᠴᠢ ᠪᠠᠷ ᠨᠢᠭᠡ ᠨᠠᠰᠤ ᠨᠢ 19.29 ᠬᠤᠨᠤᠭ᠂ ᠬᠤᠶᠠᠷ ᠨᠠᠰᠤ ᠨᠢ 14.96 ᠬᠤᠨᠤᠭ᠂ ᠭᠤᠷᠪᠡᠨ ᠨᠠᠰᠤ ᠨᠢ 21.42 ᠬᠤᠨᠤᠭ ᠪᠤᠯᠤᠨ᠎ᠠ᠃ 22℃~25℃ ᠤᠨ ᠭᠡᠪᠴᠢᠶᠡᠨ ᠳᠠᠬᠢ ᠭᠦᠷᠦᠰᠤᠨ ᠲᠠᠪᠬᠤᠷᠭ᠎ᠠ ᠳᠤ 1~2 ᠨᠠᠰᠤᠨ ᠤ ᠠᠪᠠᠭᠠᠯᠳᠠᠢ ᠨᠢ ᠭᠦᠳᠡᠯᠭᠡᠭᠡᠨ ᠭᠢᠵᠤ᠂ ᠭᠦᠭᠰᠢᠨ ᠠᠪᠠᠭᠠᠯᠳᠡᠢ ᠨᠢ 20cm ᠭᠦᠨ ᠭᠦᠷᠦᠰᠤᠨ ᠲᠠᠪᠬᠤᠷᠭ᠎ᠠ ᠳᠤ ᠨᠢᠭᠤᠠᠠᠳᠠᠨ ᠭᠡᠤᠭᠡᠯᠳᠡᠶᠢᠵᠢᠵᠤ᠂ 8 ᠳ᠋ᠤᠭᠠᠷ ᠰᠠᠷ᠎ᠠ ᠶᠢᠨ ᠲᠤᠮᠳᠡᠴᠢ᠂ ᠰᠡᠭᠦᠯᠴᠢ ᠪᠠᠷ ᠪᠡᠶᠡᠯᠡᠭᠰᠡᠨ ᠬᠤᠷᠤᠬᠠᠢ ᠪᠤᠯᠵᠤ᠂ ᠤᠯᠠᠩᠭᠢ ᠪᠡᠶᠡᠯᠡᠭᠰᠡᠨ ᠬᠤᠷᠤᠬᠠᠢ ᠨᠢ ᠭᠦᠷᠦᠰᠤᠨ ᠠᠴᠠ ᠭᠠᠷᠬᠤ ᠦᠭᠡᠢ ᠪᠠᠷ ᠡᠪᠤᠯᠵᠢᠳᠡᠭ᠃
      ᠰᠡᠷᠭᠡᠶᠢᠯᠡᠨ ᠵᠠᠰᠠᠬᠤ ᠠᠷᠭ᠎ᠠ᠄ ︵1︶ ︽ᠮᠧᠲ᠋ᠢᠯᠳᠤ ᠯᠢᠤ ᠬᠤᠸᠠᠨ ᠯᠢᠨ ︵硫环磷︶ ᠢᠶᠠᠷ ᠦᠷ᠎ᠡ ᠶᠢ ᠰᠢᠢᠳᠪᠤᠷᠢᠯᠡᠨ᠂ ᠰᠢᠭᠢᠷ ᠯᠤᠤᠪᠠᠩ ᠤᠨ ᠵᠠᠭᠠᠨ ᠬᠤᠰᠢᠭᠤᠳᠤ ᠬᠤᠷᠤᠬᠠᠢ ᠶᠢ ᠰᠡᠷᠭᠡᠶᠢᠯᠡᠨ ᠵᠠᠰᠠᠬᠤ ᠠᠷᠭ᠎ᠠ︾ ᠶᠢ ᠭᠡᠷᠡᠭᠯᠡᠨ᠂ ᠬᠠᠷ᠎ᠠ ᠨᠤᠯᠤᠤᠷᠳᠤ ᠮᠠᠢ ᠶᠢᠨ ᠴᠤᠬᠤ ᠶᠢᠨ ᠪᠡᠶᠡᠯᠡᠭᠰᠡᠨ ᠬᠤᠷᠤᠬᠠᠢ ᠶᠢ ᠬᠠᠪᠰᠤᠷᠭᠠᠨ ᠵᠠᠰᠠᠨ᠎ᠠ᠃ ︵2︶ ᠲᠤᠰᠬᠠᠢ ᠡᠮ ᠢᠶᠠᠷ ᠰᠡᠷᠭᠡᠶᠢᠯᠡᠨ ᠵᠠᠰᠠᠨ᠎ᠠ᠃ ︵3︶ ᠭᠦᠭ ᠦᠶ᠎ᠠ ᠳᠤ ᠡᠮ ᠰᠦᠷᠴᠢᠵᠤ ᠤᠰᠠᠳᠬᠠᠨ᠎ᠠ᠃ 5 ᠳ᠋ᠤᠭᠠᠷ ᠰᠠᠷ᠎ᠠ ᠶᠢᠨ ᠡᠭᠢ ᠪᠤᠶᠤ ᠲᠤᠮᠳᠡᠴᠢ ᠪᠠᠷ ᠬᠠᠷ᠎ᠠ ᠨᠤᠯᠤᠤᠷᠳᠤ ᠮᠠᠢ ᠶᠢᠨ ᠴᠤᠬᠤ ᠶᠢᠨ ᠡᠭᠦᠰᠭᠦ ᠭᠦᠭ ᠦᠶ᠎ᠠ ᠳᠤ ᠮᠤ᠋ ᠪᠦᠷᠢ 50% ᠶᠢᠨ ᠳ᠋ᠦᠢ ᠯᠢᠤ ᠯᠢᠨ ︵对硫磷︶ ᠡᠮ ᠢ 50~60mL ᠰᠦᠷᠴᠢᠨ᠎ᠠ᠃ ᠮᠤ᠋ ᠪᠦᠷᠢ 25% ᠶᠢᠨ ᠮᠧᠲ᠋ᠢᠯᠳᠤ ᠯᠢᠤ ᠬᠤᠸᠠᠨ ᠯᠢᠨ ︵硫环磷︶ ᠡᠮ ᠢ 60~70mL ᠰᠦᠷᠴᠢᠨ᠎ᠠ᠃ ᠮᠤ᠋ ᠪᠦᠷᠢ 5% ᠶᠢᠨ ᠮᠧᠲ᠋ᠢᠯᠳᠤ ᠳ᠋ᠦᠢ ᠯᠢᠤ ᠯᠢᠨ ︵甲基对硫磷︶ ᠡᠮ ᠢ 1.5kg ᠰᠦᠷᠴᠢᠨ᠎ᠠ᠃ ᠪᠠᠰᠠ ᠮᠤ᠋ ᠪᠦᠷᠢ 50% ᠶᠢᠨ ᠳ᠋ᠢ ᠳ᠋ᠢ ᠸᠧᠢ ︵敌敌畏︶ ᠡᠮ ᠢ 50mL ᠰᠦᠷᠴᠢᠨ᠎ᠠ᠃
      ︵2︶ ᠴᠠᠭᠠᠨ ᠨᠤᠭᠤᠭ᠎ᠠ ᠶᠢᠨ ᠢᠳᠤᠭᠠᠨ
      ᠬᠡᠯᠪᠡᠷᠢ ᠵᠦᠢ ᠶᠢᠨ ᠤᠨᠴᠠᠯᠢᠭ ᠨᠢ ᠭᠡᠪᠡᠯ ᠪᠡᠶᠡᠯᠡᠭᠰᠡᠨ ᠬᠤᠷᠤᠬᠠᠢ ᠶᠢᠨ ᠪᠡᠶ᠎ᠠ ᠶᠢᠨ ᠤᠷᠳᠤ ᠨᠢ 17~21mm᠂ ᠲᠠᠯᠠᠪᠴᠢ ᠨᠢ 42~51mm ᠪᠠᠶᠢᠵᠤ᠂ ᠪᠠᠶ᠎ᠠ ᠨᠢ ᠴᠠᠶᠢᠪᠤᠷ ᠭᠦᠷᠡᠩ ᠪᠤᠶᠤ ᠬᠠᠷ᠎ᠠ ᠭᠦᠷᠡᠩ ᠦᠡᠭᠭᠡ ᠲᠠᠢ᠂ ᠲᠡᠮᠳᠡᠷᠢᠭᠦᠯ ᠨᠢ ᠰᠢᠷᠭᠡᠭ ᠤᠨ ᠭᠡᠯᠪᠡᠷᠢ ᠲᠠᠢ᠂ ᠡᠮᠦᠨ᠎ᠠ ᠲᠠᠯᠠᠪᠴᠢ ᠨᠢ ᠪᠦᠭᠡᠷ᠎ᠠ ᠶᠢᠨ ᠭᠡᠯᠪᠡᠷᠢ ᠶᠢᠨ ᠠᠷ ᠲᠠᠢ ᠪᠦᠭᠡᠳ ᠭᠠᠳᠠᠷ ᠭᠦᠪᠡᠭᠡ ᠨᠢ ᠴᠠᠭᠠᠨ ᠲᠤᠯᠪᠤ ᠲᠠᠢ᠂ ᠴᠠᠭᠠᠷᠢᠠᠠᠯᠬᠠᠰᠠᠨ ᠠᠷ ᠨᠢ ᠴᠠᠶᠢᠪᠤᠷ ᠭᠦᠷᠡᠩ ᠦᠡᠭᠭᠡ ᠲᠠᠢ᠂ ᠡᠮ᠎ᠠ ᠢᠳᠤᠭᠠᠨ ᠨᠢ ᠭᠤᠷᠪᠡᠨ ᠲᠠᠯᠠᠪᠴᠢᠨ ᠴᠤᠯᠪᠤᠭᠤᠷ ᠲᠠᠢ᠃ ᠡᠷ᠎ᠠ ᠢᠳᠤᠭᠠᠨ ᠨᠢ ᠨᠢᠭᠡ ᠲᠠᠯᠠᠪᠴᠢᠨ ᠴᠤᠯᠪᠤᠭᠤᠷ ᠲᠠᠢ᠂ ᠭᠡᠪᠡᠯᠢ ᠶᠢᠨ ᠡᠴᠤᠰ ᠤᠨ ᠦᠵᠦᠭᠦᠷ ᠲᠤ ᠨᠡᠯᠢᠶᠡᠳ ᠲᠤᠮᠤ ᠪᠤᠳᠠᠯᠢᠭ ᠦᠰᠤ ᠪᠠ ᠲᠠᠪᠡᠷᠢᠭᠦ ᠡᠷᠭᠡᠳᠡᠨ ᠲᠠᠢ᠂ ᠦᠨᠳᠡᠭᠡ ᠨᠢ ᠬᠠᠭᠠᠰ ᠪᠦᠮᠪᠤᠭᠡᠨ ᠭᠡᠯᠪᠡᠷᠢ ᠲᠠᠢ᠂ ᠤᠷᠤᠢ ᠶᠢᠨ ᠭᠡᠰᠡᠭ ᠨᠢ ᠲᠤᠭᠤᠷᠢᠭ ᠭᠤᠯᠭᠤᠮᠠᠳᠠᠭᠠᠢ᠂ ᠢᠷᠤᠭᠠᠷ ᠤᠨ ᠭᠡᠰᠡᠭ ᠨᠢ ᠨᠡᠯᠢᠶᠡᠳ ᠲᠡᠭᠰᠢᠭᠡᠨ᠂ ᠦᠨᠳᠡᠭᠡᠨ ᠤ ᠦᠨᠳᠤᠷ ᠨᠢ 0.4~0.43mm᠂ ᠦᠷᠭᠡᠨ ᠨᠢ 0.5~0.6mm ᠪᠠᠶᠢᠳᠠᠭ ᠪᠦᠭᠡᠳ ᠵᠤᠷᠪᠤᠰ ᠠᠷ ᠲᠠᠢ᠂ ᠲᠤᠮᠤ ᠪᠠᠶᠠᠯᠡᠭᠰᠡᠨ ᠬᠤᠷᠤᠬᠠᠢ ᠶᠢᠨ ᠪᠡᠶ᠎ᠠ ᠶᠢᠨ ᠤᠷᠳᠤ ᠨᠢ 40~50mm᠂ ᠡᠯ᠎ᠠ ᠨᠠᠰᠤᠨ ᠤ ᠪᠡᠶ᠎ᠠ ᠶᠢᠨ ᠦᠡᠭᠭᠡ ᠨᠢ ᠮᠠᠰᠢ ᠵᠦᠷᠢᠶ᠎ᠠ ᠲᠠᠢ ᠪᠠᠶᠢᠵᠤ᠂ 1~2 ᠨᠠᠰᠤᠨ ᠤ ᠠᠪᠠᠭᠠᠯᠳᠠᠢ ᠨᠢ ᠨᠤᠭᠤᠭᠠᠨ ᠦᠡᠭᠭᠡ ᠲᠠᠢ᠂ ᠰᠢᠷᠭᠠᠯ ᠭᠦᠷᠡᠩ ᠲᠤᠯᠤᠭᠠᠢ ᠲᠠᠢ᠂ ᠦᠶ᠎ᠠ ᠶᠢᠨ ᠵᠠᠢ ᠨᠢ ᠴᠠᠭᠠᠨ ᠴᠠᠭᠠᠷᠢᠭ ᠠᠷ ᠲᠠᠢ᠃ 4~6 ᠨᠠᠰᠤᠨ ᠤ ᠠᠪᠠᠭᠠᠯᠳᠠᠢ ᠨᠢ ᠴᠠᠶᠢᠪᠤᠷ ᠭᠦᠷᠡᠩ ᠪᠤᠶᠤ ᠬᠠᠷ᠎ᠠ ᠦᠡᠭᠭᠡ ᠲᠠᠢ᠂ 5~6 ᠨᠠᠰᠤᠨ ᠤ ᠠᠪᠠᠭᠠᠯᠳᠠᠢ ᠶᠢᠨ ᠨᠢᠷᠤᠭᠤᠨ ᠬᠠᠪᠳᠠᠰᠤ ᠨᠢ ᠭᠢᠳᠡᠳ ᠦᠰᠦᠭ ᠤᠨ ᠨᠡᠢᠮᠡ ᠶᠢᠨ ᠲᠤᠭᠠᠨ ᠤ ᠲᠤᠩᠭᠤᠷᠤᠤ ᠠᠷ ᠲᠠᠢ᠂ ᠭᠡᠤᠭᠡᠯᠳᠡᠢ ᠨᠢ ᠢᠭ ᠭᠡᠯᠪᠡᠷᠢ ᠲᠠᠢ᠂ ᠭᠦᠷᠡᠩ ᠤᠯᠠᠭᠠᠨ ᠦᠡᠭᠭᠡ ᠲᠠᠢ᠂ ᠪᠡᠶ᠎ᠠ ᠶᠢᠨ ᠤᠷᠳᠤ ᠨᠢ 1.6~2.2mm᠂ ᠦᠷᠭᠡᠨ ᠨᠢ 5.5~7mm᠂ ᠭᠡᠪᠡᠯᠢ ᠶᠢᠨ ᠭᠡᠰᠡᠭ ᠨᠢ ᠵᠢᠭᠠᠬᠠᠨ ᠤᠷᠤᠠᠠᠰᠢ ᠲᠦᠷᠢᠭᠰᠡᠨ ᠪᠠᠶᠢᠳᠠᠭ ᠪᠠ ᠲᠦᠷᠦᠯᠭᠢ ᠨᠢᠭᠡ ᠬᠤᠤᠰ ᠭᠦᠷᠡᠩ ᠤᠯᠠᠭᠠᠨ ᠬᠠᠳᠬᠤᠭᠤᠷ ᠲᠠᠢ ᠪᠦᠭᠡᠳ ᠦᠵᠦᠭᠦᠷ ᠨᠢ ᠬᠤᠷᠢᠭ᠎ᠠ ᠲᠠᠢ ᠪᠠᠶᠢᠳᠠᠭ᠃
       ᠴᠠᠭᠠᠨ ᠨᠤᠭᠤᠭ᠎ᠠ ᠶᠢᠨ ᠢᠳᠤᠭᠠᠨ ᠡᠭᠦᠰᠭᠦ ᠶᠢᠨ ᠤᠨᠴᠠᠯᠢᠭ᠄ ᠴᠠᠭᠠᠨ ᠨᠤᠭᠤᠭ᠎ᠠ ᠶᠢᠨ ᠢᠳᠤᠭᠠᠨ ᠪᠤᠯ ᠵᠡᠭᠦᠨ ᠬᠤᠶᠢᠳᠤ ᠤᠷᠤᠨ᠂ ᠦᠪᠤᠷ ᠮᠤᠩᠭᠤᠯ ᠤᠷᠤᠨ ᠳᠤ ᠶᠠᠷᠦᠩᠭᠡᠢ ᠳᠡᠭᠡᠨ ᠵᠢᠯ ᠳᠤ 2 ᠦᠶ᠎ᠠ ᠲᠦᠯᠵᠢᠵᠤ᠂ ᠡᠯ᠎ᠠ ᠭᠠᠵᠠᠷ ᠲᠤ ᠡᠭᠦᠰᠭᠦ ᠴᠠᠭ ᠬᠤᠭᠤᠴᠠᠭ᠎ᠠ ᠨᠢ ᠪᠠᠭ᠋ᠠᠨ ᠵᠦᠷᠢᠶ᠎ᠠ ᠲᠠᠢ ᠪᠠᠶᠢᠳᠠᠭ᠃ ᠭᠡᠪᠡᠴᠤ ᠴᠦᠮ ᠭᠡᠤᠭᠡᠯᠳᠡᠢ ᠪᠠᠷ ᠢᠶᠠᠨ ᠰᠢᠭᠢᠷ ᠯᠤᠤᠪᠠᠩ᠂ ᠴᠠᠭᠠᠨ ᠨᠤᠭᠤᠭ᠎ᠠ ᠵᠢᠴᠢ ᠪᠦᠭᠡᠷᠡᠩᠭᠡᠢ ᠡᠰᠢᠳᠤ ᠨᠤᠭᠤᠭ᠎ᠠ ᠵᠡᠷᠭᠡ ᠲᠠᠷᠢᠶᠠᠨ ᠳᠤ 5~15cm ᠭᠦᠨ ᠭᠦᠷᠦᠰᠤᠨ ᠳᠤ ᠡᠪᠤᠯᠵᠢᠳᠡᠭ᠃ ᠲᠠᠷᠠᠭ᠎ᠠ ᠵᠢᠯ ᠤᠨ ᠭᠢᠨᠢ 5 ᠳ᠋ᠤᠭᠠᠷ ᠰᠠᠷ᠎ᠠ ᠶᠢᠨ ᠰᠡᠭᠦᠯᠴᠢ ᠪᠤᠶᠤ 6 ᠳ᠋ᠤᠭᠠᠷ ᠰᠠᠷ᠎ᠠ ᠶᠢᠨ ᠡᠭᠢ ᠪᠠᠷ ᠲᠤᠯᠠᠭᠠᠨ ᠤ ᠭᠡᠮᠵᠢᠶ᠎ᠠ ᠲᠡᠭᠡᠭᠰᠢᠯᠡᠭᠦ ᠦᠶ᠎ᠠ ᠳᠤ ᠡᠪᠤᠯᠵᠢᠭ᠍ᠰᠡᠨ ᠭᠡᠤᠭᠡᠯᠳᠡᠢ ᠨᠢ ᠲᠠᠯᠠᠪᠴᠢᠯᠬᠠᠰᠠᠨ ᠪᠡᠶᠡᠯᠡᠭᠰᠡᠨ ᠬᠤᠷᠤᠬᠠᠢ ᠪᠤᠯᠵᠤ᠂ 6 ᠳ᠋ᠤᠭᠠᠷ ᠰᠠᠷ᠎ᠠ ᠶᠢᠨ ᠲᠤᠮᠳᠡᠴᠢ ᠪᠡ ᠰᠡᠭᠦᠯᠴᠢ ᠪᠠᠷ ᠨᠢᠭᠡᠳᠦᠭᠡᠷ ᠦᠶ᠎ᠠ ᠶᠢᠨ ᠪᠡᠶᠡᠯᠡᠭᠰᠡᠨ ᠬᠤᠷᠤᠬᠠᠢ ᠶᠢᠨ ᠡᠭᠦᠰᠭᠦ ᠭᠦᠭ ᠦᠶ᠎ᠠ ᠪᠠ ᠪᠠᠰᠠ ᠴᠤ ᠦᠨᠳᠡᠬᠡᠯᠡᠬᠦ ᠭᠦᠭ ᠦᠶ᠎ᠠ ᠪᠤᠯᠳᠠᠭ᠃ ᠦᠨᠳᠡᠭᠡ ᠨᠢ ᠸᠠᠭᠠᠷ ᠤᠨ ᠬᠠᠪᠳᠠᠰᠤᠨ ᠭᠡᠯᠪᠡᠷᠢ ᠲᠠᠢ ᠵᠢᠠᠠᠰᠠᠵᠤ᠂ ᠨᠢᠭᠡ ᠪᠦᠯᠦᠭ ᠪᠦᠷᠢ 100~500 ᠮᠦᠭᠦᠯᠢᠭ ᠪᠠᠶᠢᠳᠠᠭ᠃ ᠠᠩᠬ᠎ᠠ ᠦᠨᠳᠡᠭᠡᠯᠡᠭᠰᠡᠨ ᠦᠨᠳᠡᠭᠡ ᠨᠢ ᠴᠠᠭᠠᠨ ᠦᠡᠭᠭᠡ ᠲᠠᠢ ᠪᠠᠶᠢᠵᠤ᠂ ᠨᠠᠪᠴᠢᠭᠦ ᠠᠴᠠ ᠪᠠᠨ ᠡᠮᠦᠨ᠎ᠠ ᠭᠦᠭᠡ ᠦᠡᠭᠭᠡ ᠲᠠᠢ ᠪᠤᠯᠳᠠᠭ᠃ 7 ᠳ᠋ᠤᠭᠠᠷ ᠰᠠᠷ᠎ᠠ ᠶᠢᠨ ᠲᠤᠮᠳᠡᠴᠢ ᠪᠠᠷ ᠪᠡᠶᠡᠯᠡᠭᠰᠡᠨ ᠬᠤᠷᠤᠬᠠᠢ ᠨᠢ ᠠᠭᠠᠵᠢᠮ ᠢᠶᠠᠷ ᠪᠠᠭᠠᠰᠤᠨ᠎ᠠ᠃ 8 ᠳ᠋ᠤᠭᠠᠷ ᠰᠠᠷ᠎ᠠ ᠶᠢᠨ ᠡᠭᠢ ᠪᠤᠶᠤ ᠲᠤᠮᠳᠡᠴᠢ ᠪᠠᠷ ᠬᠤᠶᠠᠳᠤᠭᠠᠷ ᠦᠶ᠎ᠠ ᠶᠢᠨ ᠪᠡᠶᠡᠯᠡᠭᠰᠡᠨ ᠬᠤᠷᠤᠬᠠᠢ ᠶᠢᠨ ᠡᠭᠦᠰᠭᠦ ᠭᠦᠭ ᠦᠶ᠎ᠠ ᠪᠤᠯᠵᠤ᠂ 6 ᠳ᠋ᠤᠭᠠᠷ ᠰᠠᠷ᠎ᠠ ᠶᠢᠨ ᠰᠡᠭᠦᠯᠴᠢ ᠠᠴᠠ 7 ᠳ᠋ᠤᠭᠠᠷ ᠰᠠᠷ᠎ᠠ ᠶᠢᠨ ᠡᠭᠢ ᠪᠤᠯᠳᠠᠯ᠎ᠠ ᠨᠢᠭᠡᠳᠦᠭᠡᠷ ᠦᠶ᠎ᠠ ᠶᠢᠨ ᠠᠪᠠᠭᠠᠯᠳᠠᠢ ᠶᠢᠨ ᠡᠭᠦᠰᠭᠦ ᠭᠦᠭ ᠦᠶ᠎ᠠ ᠪᠤᠯᠵᠤ᠂ 8 ᠳ᠋ᠤᠭᠠᠷ ᠰᠠᠷ᠎ᠠ ᠶᠢᠨ ᠰᠡᠭᠦᠯᠴᠢ ᠠᠴᠠ 9 ᠳ᠋ᠤᠭᠡᠷ ᠰᠠᠷ᠎ᠠ ᠶᠢᠨ ᠡᠭᠢ ᠪᠤᠯᠳᠠᠯ᠎ᠠ ᠬᠤᠶᠠᠳᠤᠭᠠᠷ ᠦᠶ᠎ᠠ ᠶᠢᠨ ᠠᠪᠠᠭᠠᠯᠳᠠᠢ ᠶᠢᠨ ᠡᠭᠦᠰᠭᠦ ᠭᠦᠭ ᠦᠶ᠎ᠠ ᠪᠤᠯᠳᠠᠭ᠃ 7 ᠳ᠋ᠤᠭᠠᠷ ᠰᠠᠷ᠎ᠠ ᠶᠢᠨ ᠰᠡᠭᠦᠯᠴᠢ ᠪᠠᠷ ᠨᠢᠭᠡᠳᠦᠭᠡᠷ ᠦᠶ᠎ᠠ ᠶᠢᠨ ᠭᠡᠤᠭᠡᠯᠳᠡᠢ ᠪᠤᠢ ᠪᠤᠯᠵᠤ᠂ 9 ᠳ᠋ᠤᠭᠡᠷ ᠰᠠᠷ᠎ᠠ ᠳᠤ ᠬᠤᠶᠠᠳᠤᠭᠠᠷ ᠦᠶ᠎ᠠ ᠶᠢᠨ ᠭᠡᠤᠭᠡᠯᠳᠡᠢ ᠲᠤᠬᠠᠶᠢᠯᠠᠪᠠᠯ ᠡᠪᠤᠯᠵᠢᠭᠦ ᠭᠡᠤᠭᠡᠯᠳᠡᠢ ᠪᠤᠢ ᠪᠤᠯᠳᠠᠭ ᠪᠠᠶᠢᠨ᠎ᠠ᠃
      ᠭᠦᠨᠦᠭᠡᠯ ᠤᠨ ᠰᠢᠨᠵᠢ ᠪᠠᠶᠢᠳᠠᠯ᠄ ᠠᠪᠠᠭᠠᠯᠳᠠᠢ ᠨᠢ ᠰᠢᠭᠢᠷ ᠯᠤᠤᠪᠠᠩ ᠤᠨ ᠲᠤᠮᠳᠡ᠂ ᠰᠡᠭᠦᠯᠴᠢ ᠶᠢᠨ ᠬᠤᠭᠤᠴᠠᠭᠠᠨ ᠤ ᠨᠠᠪᠴᠢ ᠶᠢ ᠢᠳᠡᠵᠤ᠂ ᠵᠦᠪᠭᠡᠨ ᠨᠠᠪᠴᠢᠨ ᠤ ᠰᠤᠳᠠᠰᠤ ᠶᠢ ᠦᠯᠡᠳᠡᠭᠡᠵᠤ᠂ ᠶᠡᠭᠡ ᠪᠠᠷ ᠲᠡᠯᠭᠡᠷᠡᠭᠰᠡᠨ ᠵᠢᠯ ᠳᠤ ᠪᠦᠭᠦ᠋ᠢᠯᠡ ᠨᠠᠪᠴᠢ ᠶᠢ ᠢᠳᠡᠨ ᠲᠠᠭᠤᠰᠬᠠᠵᠤ᠂ ᠪᠠᠰᠠ ᠨᠠᠪᠴᠢᠨ ᠪᠠᠷᠢᠭᠤᠯ ᠪᠠ ᠦᠨᠳᠤᠰᠤᠨ ᠤ ᠲᠦᠷᠦᠭᠦᠤ ᠶᠢ ᠢᠳᠡᠵᠤ᠂ ᠶᠠᠷᠦᠩᠭᠡᠢ ᠳᠡᠭᠡᠨ ᠰᠢᠭᠢᠷ ᠯᠤᠤᠪᠠᠩ ᠤᠨ ᠲᠦᠮᠦᠰᠦᠯᠢᠭ ᠦᠨᠳᠤᠰᠤ ᠶᠢᠨ ᠬᠤᠷᠢᠶᠠᠯᠳᠠ ᠶᠢ 10%~20% ᠪᠠᠷ ᠬᠠᠰᠤᠠᠠᠳᠠᠭᠤᠯᠳᠠᠭ᠃ ᠮᠦᠨ ᠴᠦ ᠰᠢᠭᠢᠷ ᠤᠨ ᠠᠭᠤᠯᠤᠠᠠᠳᠠᠴᠠ ᠨᠢ 0.8%~1% ᠶᠢᠨ ᠭᠡᠮᠵᠢᠶ᠎ᠠ ᠪᠠᠷ ᠪᠠᠭᠤᠷᠠᠳᠠᠭ ᠪᠠᠶᠢᠨ᠎ᠠ᠃ ᠴᠠᠭᠠᠨ ᠨᠤᠭᠤᠭ᠎ᠠ ᠶᠢᠨ ᠢᠳᠤᠭᠠᠨ ᠨᠢ ᠤᠯᠠᠨ ᠢᠳᠡᠰᠢᠳᠤ ᠭᠦᠨᠦᠭᠡᠯᠳᠤ ᠬᠤᠷᠤᠬᠠᠢ ᠪᠤᠯᠬᠤ ᠪᠦᠭᠡᠳ ᠪᠦᠭᠡᠷᠡᠩᠭᠡᠢ ᠡᠰᠢᠳᠤ ᠨᠤᠭᠤᠭ᠎ᠠ᠂ ᠴᠠᠭᠠᠨ ᠨᠤᠭᠤᠭ᠎ᠠ ᠵᠢᠴᠢ ᠲᠤᠰᠤᠳᠤ ᠨᠤᠭᠤᠭ᠎ᠠ ᠵᠡᠷᠭᠡ ᠤᠯᠠᠨ ᠵᠦᠢᠯ ᠤᠨ ᠨᠤᠭᠤᠭ᠎ᠠ ᠴᠠᠭ᠎ᠠ ᠶᠢ ᠲᠤᠩ ᠭᠦᠨᠳᠤ ᠨᠤᠴᠢᠳᠡᠢ ᠭᠦᠨᠦᠭᠡᠳᠡᠭ᠃
       ᠴᠠᠭᠠᠨ ᠨᠤᠭᠤᠭ᠎ᠠ ᠶᠢᠨ ᠢᠳᠤᠭᠠᠨ ᠢ ᠰᠡᠷᠭᠡᠶᠢᠯᠡᠨ ᠵᠠᠰᠠᠬᠤ ᠠᠷᠭ᠎ᠠ ᠭᠡᠪᠡᠯ᠄
       ① ᠤᠷᠢᠳᠴᠢᠯᠠᠨ ᠭᠡᠮᠵᠢᠵᠤ ᠤᠷᠢᠳᠴᠢᠯᠡᠨ ᠮᠡᠳᠡᠭᠡᠯᠡᠭᠦ ᠠᠵᠢᠯ ᠢ ᠰᠠᠶᠢᠳᠤᠷ ᠭᠢᠵᠤ᠂ ᠡᠪᠤᠯᠵᠢᠭ᠍ᠰᠡᠨ ᠭᠡᠤᠭᠡᠯᠳᠡᠢ ᠶᠢᠨ ᠨᠢᠠᠠᠳᠠᠴᠠ ᠶᠢ ᠪᠠᠶᠢᠴᠠᠭᠠᠵᠤ᠂ ᠵᠢᠯ ᠪᠦᠷᠢ ᠶᠢᠨ 10 ᠳ᠋ᠤᠭᠠᠷ ᠰᠠᠷ᠎ᠠ ᠪᠤᠶᠤ ᠬᠠᠪᠤᠷ ᠡᠷᠳᠡ ᠶᠢᠨ 4 ᠳ᠋ᠤᠭᠡᠷ ᠰᠠᠷ᠎ᠠ ᠶᠢᠨ ᠲᠤᠮᠳᠡᠴᠢ ᠪᠡ ᠰᠡᠭᠦᠯᠴᠢ ᠪᠠᠷ ᠰᠢᠭᠢᠷ ᠯᠤᠤᠪᠠᠩ ᠤᠨ ᠲᠠᠷᠢᠶᠠᠨ ᠳᠤ ᠡᠪᠤᠯᠵᠢᠭ᠍ᠰᠡᠨ ᠭᠡᠤᠭᠡᠯᠳᠡᠢ ᠶᠢᠨ ᠨᠢᠠᠠᠳᠠᠴᠠ ᠶᠢ ᠪᠠᠶᠢᠴᠠᠭᠠᠵᠤ᠂ ᠲᠡᠭᠰᠢ ᠲᠦᠷᠪᠡᠯᠵᠢᠨ ᠮᠧᠲᠷ ᠲᠠᠯᠠᠪᠠᠢ ᠪᠦᠷᠢ 0.5 ᠠᠴᠠ ᠲᠡᠭᠡᠭᠰᠢ ᠪᠠᠶᠢᠪᠠᠯ᠂ ᠪᠡᠶᠡᠯᠡᠭᠰᠡᠨ ᠬᠤᠷᠤᠬᠠᠢ ᠶᠢᠨ ᠡᠭᠦᠰᠭᠦ ᠭᠦᠭ ᠦᠶ᠎ᠠ ᠠᠴᠠ ᠬᠤᠶᠢᠰᠢ 20 ᠡᠳᠤᠷ ᠤᠷᠴᠢᠮ ᠳᠤ ᠠᠪᠠᠭᠠᠯᠳᠠᠢ ᠨᠢ ᠰᠢᠭᠢᠷ ᠯᠤᠤᠪᠠᠩ᠂ ᠪᠦᠭᠡᠷᠡᠩᠭᠡᠢ ᠡᠰᠢᠳᠤ ᠨᠤᠭᠤᠭ᠎ᠠ ᠵᠡᠷᠭᠡ ᠲᠠᠷᠢᠮᠡᠯ ᠳᠤ ᠶᠡᠭᠡ ᠪᠠᠷ ᠲᠡᠯᠭᠡᠷᠡᠭᠦ ᠶᠢ ᠤᠷᠢᠳᠴᠢᠯᠠᠨ ᠮᠡᠳᠡᠭᠡᠯᠡᠭᠦ ᠭᠡᠷᠡᠭᠳᠡᠢ᠃ ᠡᠪᠤᠯᠵᠢᠭ᠍ᠰᠡᠨ ᠭᠡᠤᠭᠡᠯᠳᠡᠢ ᠶᠢᠨ ᠨᠢᠠᠠᠳᠠᠴᠠ ᠨᠢ ᠲᠡᠭᠰᠢ ᠲᠦᠷᠪᠡᠯᠵᠢᠨ ᠮᠧᠲᠷ ᠪᠦᠷᠢ 0.5 ᠠᠴᠠ ᠲᠤᠷᠤᠠᠠᠰᠢ ᠪᠠᠶᠢᠵᠤ᠂ ᠪᠡᠶᠡᠯᠡᠭᠰᠡᠨ ᠬᠤᠷᠤᠬᠠᠢ ᠶᠢᠨ ᠡᠭᠦᠰᠭᠦ ᠭᠦᠭ ᠦᠶ᠎ᠠ ᠳᠤ ᠢᠳᠤᠭᠠᠨ ᠢ ᠮᠡᠭᠡᠯᠡᠨ ᠬᠠᠭᠤᠷᠬᠤ ᠮᠠᠰᠢᠨ ᠨᠢᠭᠡᠪᠤᠷᠢ ᠳᠤ ᠲᠤᠰᠤᠠᠠᠰᠠᠨ ᠢᠳᠤᠭᠠᠨ ᠨᠢ 200 ᠠᠴᠠ ᠴᠦᠭᠡᠨ ᠪᠠᠶᠢᠪᠠᠯ᠂ ᠲᠤᠮᠳᠠ ᠲᠡᠰ ᠤᠨ ᠡᠭᠦᠰᠦᠯᠳᠡ ᠡᠭᠦᠰᠭᠦ ᠶᠢ ᠤᠷᠢᠳᠴᠢᠯᠠᠡ ᠮᠡᠳᠡᠭᠡᠯᠡᠵᠤ ᠪᠤᠯᠤᠨ᠎ᠠ᠃ 7 ᠳ᠋ᠤᠭᠠᠷ ᠰᠠᠷ᠎ᠠ ᠶᠢᠨ ᠲᠤᠮᠳᠡᠴᠢ᠂ ᠰᠡᠭᠦᠯᠴᠢ ᠪᠠᠷ ᠠᠷᠪᠡᠨ ᠬᠤᠨᠤᠭ ᠪᠦᠷᠢ ᠬᠤᠷ᠎ᠠ ᠲᠤᠨᠤᠳᠠᠰᠤ ᠶᠢᠨ ᠭᠡᠮᠵᠢᠶ᠎ᠠ 70mm ᠲᠤ ᠭᠦᠷᠭᠦ ᠪᠤᠶᠤ ᠠᠷᠪᠡᠨ ᠬᠤᠨᠤᠭ ᠲᠤ 130mm ᠠᠴᠠ ᠲᠡᠭᠡᠭᠰᠢ ᠳᠤ ᠭᠦᠷᠴᠤ᠂ ᠪᠡᠶᠡᠯᠡᠭᠰᠡᠨ ᠬᠤᠷᠤᠬᠠᠢ ᠡᠭᠦᠰᠭᠦ ᠭᠦᠭ ᠦᠶ᠎ᠠ ᠳᠤ ᠢᠳᠤᠭᠠᠨ ᠢ ᠮᠡᠭᠡᠯᠡᠨ ᠬᠠᠭᠤᠷᠬᠤ ᠮᠠᠰᠢᠨ ᠪᠦᠷᠢ ᠳᠤ ᠦᠳᠦᠭᠡᠯ ᠤᠨ ᠢᠳᠤᠭᠠᠨ ᠤ ᠲᠤᠭ᠎ᠠ ᠨᠢ 200 ᠠᠴᠠ ᠴᠦᠭᠡᠨ ᠪᠠᠶᠢᠪᠠᠯ᠂ ᠬᠤᠶᠠᠳᠤᠭᠠᠷ ᠦᠶ᠎ᠠ ᠶᠢᠨ ᠠᠪᠠᠭᠠᠯᠳᠠᠢ ᠨᠢ ᠶᠡᠭᠡ ᠪᠠᠷ ᠡᠭᠦᠰᠭᠦ ᠦᠭᠡᠢ ᠪᠤᠶᠤ ᠭᠡᠰᠡᠭ ᠲᠠᠯ᠎ᠠ ᠪᠠᠷ ᠡᠭᠦᠰᠦᠨ᠎ᠠ᠃ ᠵᠢᠱᠢᠶᠡᠯᠡᠪᠡᠯ ᠠᠷᠪᠡᠨ ᠬᠤᠨᠤᠭ ᠲᠤ ᠬᠤᠷ᠎ᠠ ᠲᠤᠨᠤᠳᠠᠰᠤ ᠶᠢᠨ ᠭᠡᠮᠵᠢᠶ᠎ᠠ 20~30mm᠂ ᠬᠠᠮᠤᠭ ᠶᠡᠭᠡ ᠳᠡᠭᠡᠨ 70mm ᠠᠴᠠ ᠲᠠᠪᠠᠭ᠋ᠤ ᠦᠭᠡᠢ ᠪᠠᠶᠢᠵᠤ᠂ ᠪᠠᠶᠡᠯᠡᠭᠰᠡᠨ ᠬᠤᠷᠤᠬᠠᠢ ᠶᠢᠨ ᠡᠭᠦᠰᠭᠦ ᠭᠦᠭ ᠦᠶ᠎ᠠ ᠳᠤ ᠢᠳᠤᠭᠠᠨ ᠢ ᠮᠡᠭᠡᠯᠡᠨ ᠬᠠᠭᠤᠷᠬᠤ ᠮᠠᠰᠢᠨ ᠨᠢᠭᠡᠪᠤᠷᠢ ᠳᠤ ᠠᠷᠪᠡᠨ ᠬᠤᠨᠤᠭ ᠤᠨ ᠦᠳᠦᠭᠡᠯ ᠤᠨ ᠢᠳᠤᠭᠠᠨ ᠤ ᠲᠤᠭ᠎ᠠ ᠨᠢ 250 ᠠᠴᠠ ᠲᠡᠭᠡᠭᠰᠢ ᠪᠠᠶᠢᠪᠠᠯ ᠬᠤᠶᠠᠳᠤᠭᠠᠷ ᠦᠶ᠎ᠠ ᠶᠢᠨ ᠠᠪᠠᠭᠠᠯᠳᠠᠢ ᠶᠡᠭᠡ ᠪᠠᠷ ᠡᠭᠦᠰᠴᠤ᠂ ᠶᠡᠭᠡ ᠭᠠᠮᠰᠢᠭ ᠭᠦᠨᠦᠭᠡᠯ ᠪᠤᠯᠵᠤ ᠮᠡᠳᠡᠨ᠎ᠠ᠃
       ᠲᠡᠭᠡᠷ᠎ᠡ ᠲᠤᠷᠠᠳᠤᠠᠠᠰᠠᠨ ᠡᠭᠦᠰᠦᠯᠳᠡ ᠶᠢᠨ ᠨᠦᠭᠦᠴᠡᠯ ᠪᠦᠷᠢᠳᠦᠭᠰᠡᠨ ᠦᠶ᠎ᠠ ᠳᠤ ᠡᠷᠭᠡᠪᠰᠢ ᠲᠠᠷᠢᠶᠠᠨ ᠭᠠᠵᠠᠷ ᠲᠠᠭᠠᠨ ᠭᠦᠨᠵᠡᠭᠡᠶᠢᠷᠡᠵᠤ᠂ ᠦᠨᠳᠡᠭᠡ ᠶᠢᠨ ᠨᠠᠪᠴᠢᠯᠳᠡ ᠶᠢᠨ ᠪᠠᠶᠢᠳᠠᠯ ᠢ ᠪᠠᠶᠢᠴᠠᠭᠠᠬᠤ ᠭᠡᠷᠡᠭᠳᠡᠢ᠃ ᠭᠡᠷᠪᠡ ᠦᠨᠳᠡᠭᠡᠨ ᠤ 80%~90% ᠠᠴᠠ ᠲᠡᠭᠡᠭᠰᠢᠭᠢ ᠨᠢ ᠨᠡᠪᠴᠢᠭᠦ ᠦᠶᠡᠰ᠂ ᠠᠪᠠᠭᠠᠯᠳᠠᠢ ᠬᠠᠷᠢᠨ ᠶᠡᠭᠡ ᠪᠠᠷ ᠡᠭᠦᠰᠴᠤ᠂ ᠭᠡᠷᠪᠡ ᠦᠨᠳᠡᠭᠡ ᠨᠢ ᠨᠠᠪᠴᠢᠭ᠍ᠰᠡᠨ ᠦᠭᠡᠢ ᠬᠠᠷᠢᠨ ᠤᠯᠠᠭᠠᠨ ᠨᠢᠳᠤᠳᠤ ᠵᠦᠭᠡᠢ ᠳᠤ ᠰᠢᠮᠡᠭᠳᠡᠭᠰᠡᠨ ᠪᠠᠶᠢᠪᠠᠯ ᠠᠪᠠᠭᠠᠯᠳᠠᠢ ᠨᠢ ᠭᠡᠰᠡᠭ ᠲᠠᠯ᠎ᠠ ᠪᠠᠷ ᠡᠭᠦᠰᠭᠦ ᠪᠤᠶᠤ ᠭᠦᠡᠭᠭᠡᠨ ᠡᠭᠦᠰᠭᠦ ᠪᠤᠯᠤᠨ᠎ᠠ᠃
        ② ᠡᠮ ᠢᠶᠠᠷ ᠰᠡᠷᠭᠡᠶᠢᠯᠡᠨ ᠵᠠᠰᠠᠬᠤ᠄ 90% ᠠᠴᠠ ᠲᠡᠭᠡᠭᠰᠢᠭᠢ ᠦᠨᠳᠡᠭᠡ ᠨᠢ ᠨᠠᠪᠴᠢᠵᠤ᠂ ᠠᠪᠠᠭᠠᠯᠳᠠᠢ ᠶᠢᠨ ᠤᠯᠠᠩᠭᠢ ᠨᠢ ᠬᠤᠶᠠᠷ ᠭᠤᠷᠪᠡᠨ ᠨᠠᠰᠤᠨ ᠤ ᠠᠪᠠᠭᠠᠯᠳᠠᠢ ᠪᠠᠶᠢᠪᠠᠯ᠂ ᠡᠮ ᠰᠦᠷᠴᠢᠭᠦ ᠬᠠᠮᠤᠭ ᠤᠨ ᠲᠤᠭᠢᠷᠠᠮᠵᠢᠳᠡᠢ ᠴᠠᠭ ᠬᠤᠭᠤᠴᠠᠭ᠎ᠠ ᠪᠤᠯᠤᠨ᠎ᠠ᠃ ᠲᠤᠮᠳᠠᠳᠤ ᠤᠯᠤᠰ ᠤᠨ ᠲᠠᠷᠢᠶᠠᠯᠠᠩ ᠤᠨ ᠰᠢᠨᠵᠢᠯᠡᠭᠦ ᠤᠬᠠᠭᠠᠨ ᠤ ᠭᠦᠷᠢᠶᠡᠯᠡᠩ ᠤᠨ ᠰᠢᠭᠢᠷ ᠯᠤᠤᠪᠠᠩ ᠤᠨ ᠰᠤᠳᠤᠯᠤᠯ ᠤᠨ ᠭᠠᠵᠠᠷ ᠤᠨ ᠭᠡᠳᠦᠨ ᠵᠢᠯ ᠤᠨ ᠦᠷ᠎ᠠ ᠶᠢᠨ ᠲᠤᠷᠰᠢᠯᠳᠡ᠂ ᠦᠯᠢᠭᠡᠷ ᠭᠡᠪ ᠵᠢᠴᠢ ᠦᠢᠯᠡᠳᠪᠤᠷᠢᠯᠡᠯ ᠤᠨ ᠦᠢᠯᠡᠳᠦᠯᠭᠡ ᠶᠢᠨ ᠭᠡᠷᠡᠴᠢᠯᠡᠯ ᠢ ᠦᠨᠳᠦᠰᠦᠯᠡᠪᠡᠯ ᠲᠤᠤᠷᠠᠭᠢ ᠮᠡᠳᠤ ᠡᠮ ᠢ ᠭᠡᠷᠡᠭᠯᠡᠨ ᠰᠡᠷᠭᠡᠶᠢᠯᠡᠨ ᠵᠠᠰᠠᠵᠤ ᠪᠤᠯᠤᠨ᠎ᠠ᠃ 2.5% ᠶᠢᠨ ᠳ᠋ᠢ ᠱᠠ ᠰᠧ ︵敌杀死︶ ᠲᠤᠰᠤᠨ ᠡᠮ ᠢ ᠮᠤ᠋ ᠪᠦᠷᠢ 10~20mg᠂ 20% ᠶᠢᠨ ᠪᠷᠤᠮ ᠫᠧᠨ᠋ᠲ᠋ᠢᠯ ᠵᠢᠤᠢ ᠵᠾᠢ ︵氰戌菊酯︶ ᠲᠤᠰᠤᠨ ᠡᠮ ᠢ ᠮᠤ᠋ ᠪᠦᠷᠢ 10~20mg᠂ 50% ᠶᠢᠨ ᠰᠢᠨ ᠯᠢᠤ ᠯᠢᠨ ︵辛硫磷︶ ᠲᠤᠰᠤᠨ ᠡᠮ ᠢ ᠮᠤ᠋ ᠪᠦᠷᠢ 35~50mg᠂ 40% ᠶᠢᠨ ᠵᠢᠶᠠ ᠠᠨ ᠯᠢᠨ ︵甲胺磷︶ ᠲᠤᠰᠤᠨ ᠡᠮ ᠢ ᠮᠤ᠋ ᠪᠦᠷᠢ 50~60mg᠂ 90% ᠶᠢᠨ ᠳ᠋ᠢ ᠪᠠᠢ ᠴᠦᠩ ︵敌百虫︶ ᠡᠮ ᠢ ᠮᠤ᠋ ᠪᠦᠷᠢ 40g ᠭᠡᠷᠡᠭᠯᠡᠭᠦ ᠪᠡ 2.5% ᠶᠢᠨ ᠳ᠋ᠢ ᠪᠠᠢ ᠴᠦᠩ ︵敌百虫︶ ᠨᠤᠨᠳᠠᠭ ᠡᠮ ᠢ ᠮᠤ᠋ ᠪᠦᠷᠢ 1.5~2kg ᠭᠡᠷᠡᠭᠯᠡᠨ᠎ᠡ᠃
      ︵3︶ ᠰᠢᠭᠢᠷ ᠯᠤᠤᠪᠠᠩ ᠤᠨ ᠲᠡᠭᠳᠡᠮᠡᠭᠡᠢ ᠴᠤᠬᠤ
      ᠭᠡᠯᠪᠡᠷᠢ ᠵᠦᠢ ᠶᠢᠨ ᠤᠨᠴᠠᠯᠢᠭ᠄ ᠪᠡᠶᠡᠯᠡᠭᠰᠡᠨ ᠴᠤᠬᠤ ᠶᠢᠨ ᠪᠡᠶ᠎ᠠ ᠶᠢᠨ ᠤᠷᠳᠤ ᠨᠢ 2.2mm᠂ ᠤᠷᠳᠤᠯᠵᠢᠨ ᠲᠤᠭᠤᠷᠢᠭ ᠲᠦᠷᠰᠤ ᠲᠠᠢ᠂ ᠬᠠᠷ᠎ᠠ ᠦᠡᠭᠭᠡ ᠲᠠᠢ᠂ ᠵᠠᠰ ᠤᠨ ᠭᠢᠯᠳᠠᠭᠠᠨᠠᠮ᠎ᠠ ᠦᠡᠭᠭᠡ ᠲᠠᠢ᠂ ᠡᠪᠴᠢᠭᠦᠨ ᠤ ᠬᠠᠪᠳᠠᠰᠤ ᠪᠤᠯᠤᠨ ᠬᠤᠶ᠋ᠬᠠᠳᠤ ᠲᠠᠯᠠᠪᠴᠢ ᠶᠢᠨ ᠲᠡᠭᠡᠷ᠎ᠡ ᠨᠢ ᠮᠠᠰᠢ ᠤᠯᠠᠨ ᠵᠢᠵᠢᠭ ᠬᠠᠷ᠎ᠠ ᠲᠤᠯᠪᠤ ᠲᠠᠢ ᠪᠦᠭᠡᠳ ᠮᠦᠷᠯᠡᠨ ᠵᠢᠭᠳᠡᠷᠡᠭᠰᠡᠨ ᠪᠠᠶᠢᠳᠠᠭ᠃ ᠲᠠᠮᠳᠡᠷᠢᠭᠦᠯ ᠤᠨ ᠰᠠᠭᠤᠷᠢ ᠶᠢᠨ ᠭᠡᠰᠡᠭ ᠵᠢᠴᠢ ᠰᠢᠯᠪᠢ ᠶᠢᠨ ᠦᠶ᠎ᠠ᠂ ᠦᠯᠮᠡᠢ ᠶᠢᠨ ᠦᠶ᠎ᠠ ᠨᠢ ᠰᠢᠷᠭᠠᠯ ᠭᠦᠷᠡᠩ ᠦᠡᠭᠭᠡ ᠲᠠᠢ᠂ ᠦᠨᠳᠡᠭᠡ ᠨᠢ ᠵᠤᠤᠪᠠᠩ ᠭᠡᠯᠪᠡᠷᠢ ᠲᠠᠢ᠂ ᠰᠢᠷᠭᠠᠯ ᠦᠡᠭᠭᠡ ᠲᠠᠢ᠂ ᠵᠢᠭᠠᠬᠠᠨ ᠲᠤᠩᠭᠠᠯᠠᠭ᠂ ᠤᠷᠳᠤ ᠨᠢ 0.4~0.5mm ᠪᠠᠶᠢᠳᠠᠭ᠃ ᠠᠪᠠᠭᠠᠯᠳᠠᠢ ᠶᠢᠨ ᠪᠡᠶ᠎ᠠ ᠶᠢᠨ ᠤᠷᠳᠤ ᠨᠢ 4~5mm᠂ ᠬᠤᠨᠭ᠍ᠭᠢᠶ᠎ᠠ ᠶᠢᠨ ᠭᠡᠯᠪᠡᠷᠢ ᠲᠠᠢ᠂ ᠰᠡᠭᠦᠯ ᠤᠨ ᠦᠵᠦᠭᠦᠷ ᠨᠢ ᠨᠠᠷᠢᠨ ᠪᠠᠶᠢᠳᠠᠭ᠃ ᠭᠡᠤᠭᠡᠯᠳᠡᠢ ᠨᠢ ᠵᠤᠤᠪᠠᠩ ᠭᠡᠯᠪᠡᠷᠢ ᠲᠠᠢ᠂ ᠰᠢᠷᠭᠠᠯ ᠨᠤᠭᠤᠭᠠᠨ ᠦᠡᠭᠭᠡ ᠲᠠᠢ᠂ 2~3mm ᠤᠷᠳᠤ ᠪᠠᠶᠢᠳᠠᠭ᠃
      ᠭᠦᠨᠦᠭᠡᠯ ᠤᠨ ᠰᠢᠨᠵᠢ ᠪᠠᠶᠢᠳᠠᠯ᠄ ᠡᠪᠤᠯᠵᠢᠭ᠍ᠰᠡᠨ ᠪᠡᠶᠡᠯᠡᠭᠰᠡᠨ ᠬᠤᠷᠤᠬᠠᠢ ᠨᠢ ᠬᠠᠪᠤᠷ ᠵᠤᠨ ᠤ ᠰᠤᠯᠢᠯᠴᠠᠭᠠᠨ ᠤ ᠦᠶ᠎ᠠ ᠳᠤ ᠰᠢᠭᠢᠷ ᠯᠤᠤᠪᠠᠩ ᠤᠨ ᠦᠷ᠎ᠡ ᠨᠠᠪᠴᠢ᠂ ᠠᠩᠬᠠᠳ᠋ᠬᠠᠴᠢ ᠵᠢᠩᠭᠢᠨᠢ ᠬᠤᠤᠰ ᠨᠠᠪᠴᠢ ᠵᠢᠴᠢ ᠤᠷᠭᠤᠯᠳᠠ ᠶᠢᠨ ᠴᠡᠭ ᠢ ᠭᠡᠮᠡᠯᠢᠨ ᠢᠳᠡᠵᠤ᠂ ᠨᠠᠪᠴᠢᠨ ᠳᠤ ᠮᠠᠰᠢ ᠤᠯᠠᠨ ᠨᠦᠭᠡ ᠭᠠᠷᠭᠠᠵᠤ᠂ ᠶᠡᠭᠡ ᠪᠠᠷ ᠡᠭᠦᠰᠦᠭᠰᠡᠨ ᠦᠶ᠎ᠠ ᠳᠤ ᠨᠢᠯᠬ᠎ᠠ ᠴᠢᠭᠢ ᠶᠢ ᠪᠦᠭᠦᠨ ᠢ ᠢᠳᠡᠵᠤ ᠲᠠᠭᠤᠰᠬᠠᠨ᠂ ᠲᠠᠷᠢᠶᠠᠨ ᠳᠤ ᠴᠢᠭᠢ ᠲᠤᠳ᠋ᠬᠠᠳᠠᠭᠤᠯᠬᠤ ᠪᠤᠶᠤ ᠦᠷ᠎ᠡ ᠶᠢ ᠰᠦᠢᠳᠭᠡᠳᠡᠭ᠃
      ᠭᠡᠮ ᠡᠭᠦᠰᠭᠡᠭᠦ ᠤᠨᠴᠠᠯᠢᠭ ᠨᠢ ᠭᠡᠪᠡᠯ᠄ ᠰᠢᠭᠢᠷ ᠯᠤᠤᠪᠠᠩ ᠤᠨ ᠲᠡᠭᠳᠡᠮᠡᠭᠡᠢ ᠴᠤᠬᠤ ᠨᠢ ᠵᠢᠯ ᠳᠤ ᠨᠢᠭᠡ ᠦᠶ᠎ᠠ ᠦᠷᠡᠵᠢᠵᠤ᠂ ᠪᠡᠶᠡᠯᠡᠭᠰᠡᠨ ᠬᠤᠷᠤᠬᠠᠢ ᠨᠢ ᠨᠦᠢᠯ ᠤᠨ ᠢᠵᠠᠭᠤᠷ ᠤᠨ ᠪᠠ ᠰᠢᠮᠡᠯᠳᠡᠭ ᠤᠨ ᠢᠵᠠᠭᠤᠷ ᠤᠨ ᠡᠪᠡᠰᠤ ᠪᠤᠳᠠᠨ ᠳᠤ ᠡᠪᠤᠯᠵᠢᠵᠤ᠂ ᠲᠠᠷᠠᠭ᠎ᠠ ᠵᠢᠯ ᠤᠨ ᠬᠠᠪᠤᠷ ᠠᠭᠤᠷ ᠠᠮᠢᠰᠬᠤᠯ ᠲᠤᠯᠠᠭᠠᠷᠠᠬᠤ ᠦᠶᠡᠰ᠂ ᠪᠡᠶᠡᠯᠡᠭᠰᠡᠨ ᠬᠤᠷᠤᠬᠠᠢ ᠨᠢ ᠡᠭᠢᠯᠡᠨ ᠭᠦᠳᠡᠯᠵᠤ᠂ ᠵᠡᠭᠦᠨ ᠬᠤᠶᠢᠳᠤ ᠶᠢᠨ ᠭᠠᠵᠠᠷ ᠤᠷᠤᠨ ᠳᠤ ᠶᠠᠷᠦᠩᠭᠡᠢ ᠳᠡᠭᠡᠨ 4 ᠳ᠋ᠤᠭᠡᠷ ᠰᠠᠷ᠎ᠠ ᠶᠢᠨ ᠰᠡᠭᠦᠯᠴᠢ ᠪᠠᠷ ᠡᠪᠤᠯᠵᠢᠭ᠍ᠰᠡᠨ ᠪᠡᠶᠡᠯᠡᠭᠰᠡᠨ ᠬᠤᠷᠤᠬᠠᠢ ᠨᠢ ᠨᠦᠢᠯ ᠤᠨ ᠢᠵᠠᠭᠤᠷ ᠤᠨ ᠰᠤᠯᠠ ᠡᠪᠡᠰᠤ ᠶᠢ ᠢᠳᠡᠵᠤ᠂ 5 ᠳ᠋ᠤᠭᠠᠷ ᠰᠠᠷ᠎ᠠ ᠶᠢᠨ ᠲᠤᠮᠳᠠᠴᠢ ᠪᠠᠷ ᠰᠢᠭᠢᠷ ᠯᠤᠤᠪᠠᠩ ᠤᠨ ᠨᠢᠯᠬ᠎ᠠ ᠴᠢᠭᠢ ᠰᠢᠷᠤᠢ ᠲᠦᠯᠭᠢᠭᠰᠡᠨ ᠤ ᠰᠡᠭᠦᠯᠡᠷ ᠶᠡᠭᠡ ᠭᠡᠮᠵᠢᠶᠠᠨ ᠤ ᠪᠡᠶᠡᠯᠡᠭᠰᠡᠨ ᠬᠤᠷᠤᠬᠠᠢ ᠨᠢ ᠰᠢᠭᠢᠷ ᠯᠤᠤᠪᠠᠩ ᠤᠨ ᠲᠠᠷᠢᠶᠠᠨ ᠳᠤ ᠨᠡᠭᠦᠨ ᠰᠢᠯᠵᠢᠵᠤ᠂ 5 ᠳ᠋ᠤᠭᠠᠷ ᠰᠠᠷ᠎ᠠ ᠶᠢᠨ ᠡᠭᠢ ᠪᠡ ᠲᠤᠮᠳᠡᠴᠢ ᠪᠠᠷ ᠭᠦᠨᠦᠭᠡᠯ ᠤᠨ ᠭᠦᠭ ᠦᠶ᠎ᠠ ᠨᠢ ᠪᠤᠯᠵᠤ᠂ ᠶᠡᠭᠡ ᠭᠡᠮᠵᠢᠶᠠᠨ ᠤ ᠪᠡᠶᠡᠯᠡᠭᠰᠡᠨ ᠬᠤᠷᠤᠬᠠᠢ ᠨᠢ ᠰᠢᠭᠢᠷ ᠯᠤᠤᠪᠠᠩ ᠤᠨ ᠦᠷ᠎ᠡ ᠨᠠᠪᠴᠢ ᠪᠠ ᠨᠢᠯᠬ᠎ᠠ ᠵᠦᠭᠡᠯᠡᠨ ᠨᠠᠪᠴᠢ ᠶᠢ ᠢᠳᠡᠵᠤ᠂ ᠰᠢᠭᠢᠷ ᠯᠤᠤᠪᠠᠩ ᠤᠨ ᠨᠠᠪᠴᠢ ᠶᠢ ᠵᠤᠤᠪᠠᠩ ᠭᠡᠯᠪᠡᠷᠢ ᠲᠠᠢ ᠪᠤᠶᠤ ᠵᠢᠷᠤᠮᠵᠢᠯ ᠦᠭᠡᠢ ᠨᠦᠭᠡ ᠰᠠᠪ ᠲᠠᠢ ᠪᠤᠯᠭᠠᠳᠠᠭ᠃ ᠬᠠᠷᠠᠮᠦ᠋ᠷᠡᠨ ᠮᠤᠵᠢ ᠶᠢᠨ ᠾᠧ ᠵᠢᠶᠠᠩ ᠤᠷᠤᠨ᠂ ᠨᠤᠨ ᠮᠦᠷᠡᠨ ᠤ ᠭᠠᠵᠠᠷ ᠤᠷᠤᠨ ᠵᠢᠴᠢ ᠮᠦᠳᠠᠠᠵᠢᠶᠠᠩ ᠭᠠᠵᠠᠷ ᠤᠷᠤᠨ ᠳᠤ ᠤᠯᠠᠨ ᠵᠢᠯ ᠤᠨ ᠲᠤᠷᠰᠢ ᠬᠤᠷᠤᠬᠠᠢ ᠶᠢᠨ ᠨᠢᠠᠠᠳᠠᠴᠠ ᠨᠢ ᠮᠡᠰᠢ ᠶᠡᠭᠡ ᠪᠠᠶᠢᠵᠤ᠂ ᠲᠠᠷᠢᠶᠠᠨ ᠳᠠᠬᠢ ᠨᠢᠯᠬ᠎ᠠ ᠴᠢᠭᠢ ᠶᠢᠨ ᠪᠦᠭᠦ ᠨᠠᠪᠴᠢ᠂ ᠤᠷᠭᠤᠯᠳᠠ ᠶᠢᠨ ᠴᠡᠭ ᠢ ᠢᠳᠡᠵᠤ ᠲᠠᠭᠤᠰᠬᠠᠨ᠂ ᠵᠦᠪᠭᠡᠨ ᠵᠢᠵᠢᠭ ᠭᠤᠤᠷᠰᠤ ᠶᠢ ᠯᠡ ᠦᠯᠡᠳᠡᠭᠡᠵᠤ᠂ ᠴᠢᠭᠢ ᠶᠢ ᠲᠤᠳ᠋ᠬᠠᠳᠠᠭᠤᠯᠤᠠᠠᠰᠠᠨ ᠪᠠ ᠪᠦᠭᠦᠨ ᠢ ᠢᠳᠡᠨ ᠲᠠᠭᠤᠰᠬᠠᠵᠤ᠂ ᠡᠷᠭᠡᠪᠰᠢ ᠨᠦᠭᠦᠵᠤ ᠲᠠᠷᠢᠬᠤ ᠪᠤᠯᠭᠠᠵᠠᠢ᠃ ᠡᠳᠡᠭᠡᠷ ᠭᠠᠵᠠᠷ ᠤᠷᠤᠨ ᠳᠤ ᠲᠤᠰ ᠬᠤᠷᠤᠬᠠᠢ ᠶᠢᠨ ᠭᠦᠨᠦᠭᠡᠯ ᠨᠢ ᠰᠢᠭᠢᠷ ᠯᠤᠤᠪᠠᠩ ᠤᠨ ᠵᠠᠭᠠᠨ ᠬᠤᠰᠢᠭᠤᠳᠤ ᠬᠤᠷᠤᠬᠠᠢ ᠪᠠ ᠬᠠᠷ᠎ᠠ ᠨᠤᠯᠤᠤᠷᠳᠤ ᠮᠠᠢ ᠶᠢᠨ ᠴᠤᠬᠤ ᠶᠢᠨ ᠭᠦᠨᠦᠭᠡᠯ ᠠᠴᠠ ᠲᠤᠤᠷ᠎ᠡ ᠦᠭᠡᠢ ᠪᠤᠯᠤᠠᠠᠰᠠᠨ ᠪᠠᠶᠢᠨ᠎ᠠ᠃ 5 ᠳ᠋ᠤᠭᠠᠷ ᠰᠠᠷ᠎ᠠ ᠶᠢᠨ ᠰᠡᠭᠦᠯᠴᠢ ᠪᠠᠷ ᠠᠯᠭᠤᠷ ᠢᠶᠠᠷ ᠪᠠᠭᠠᠰᠴᠤ᠂ 6 ᠳ᠋ᠤᠭᠠᠷ ᠰᠠᠷ᠎ᠠ ᠳᠤ ᠦᠨᠳᠦᠰᠤᠨ ᠳᠡᠭᠡᠨ ᠭᠦᠨᠦᠭᠡᠯ ᠦᠭᠡᠢ ᠪᠤᠯᠳᠠᠭ᠃ ᠪᠡᠶᠡᠯᠡᠭᠰᠡᠨ ᠬᠤᠷᠤᠬᠠᠢ ᠨᠢ ᠨᠦᠢᠯ ᠤᠨ ᠢᠵᠠᠭᠤᠷ ᠤᠨ ᠪᠠ ᠰᠢᠮᠡᠯᠳᠡᠭ ᠤᠨ ᠢᠵᠠᠭᠤᠷ ᠤᠨ ᠤᠷᠭᠤᠮᠠᠯ ᠲᠡᠭᠡᠷ᠎ᠡ ᠦᠨᠳᠡᠭᠡᠯᠡᠭᠦ ᠲᠤᠷᠠᠳᠡᠢ ᠪᠠᠶᠢᠵᠤ᠂ ᠶᠠᠷᠦᠩᠭᠡᠢ ᠳᠡᠭᠡᠨ ᠪᠡᠶᠡᠯᠡᠭᠰᠡᠨ ᠬᠤᠷᠤᠬᠠᠢ ᠨᠢ ᠭᠡᠤᠭᠡᠯᠳᠡᠶᠢᠵᠢᠭᠰᠡᠨ ᠠᠴᠠ ᠬᠤᠶᠢᠰᠢ 8 ᠳ᠋ᠤᠭᠠᠷ ᠰᠠᠷ᠎ᠠ ᠶᠢᠨ ᠰᠡᠭᠦᠯᠴᠢ ᠪᠠᠷ ᠨᠦᠢᠯ ᠤᠨ ᠪᠠ ᠰᠢᠮᠡᠯᠳᠡᠭ ᠤᠨ ᠢᠵᠠᠭᠤᠷ ᠤᠨ ᠤᠷᠭᠤᠮᠠᠯ ᠲᠡᠭᠡᠷ᠎ᠡ ᠢᠳᠡᠰᠢ ᠡᠷᠢᠭᠦ ᠶᠢᠨ ᠲᠠᠭᠠᠤ ᠡᠪᠤᠯᠵᠢᠭᠦ ᠪᠠᠷ ᠪᠡᠯᠡᠳᠭᠡᠳᠡᠭ ᠪᠠᠶᠢᠨ᠎ᠠ᠃    
      ᠰᠡᠷᠭᠡᠶᠢᠯᠡᠨ ᠵᠠᠰᠠᠬᠤ ᠠᠷᠭ᠎ᠠ ᠭᠡᠪᠡᠯ ᠬᠠᠷ᠎ᠠ ᠨᠤᠯᠤᠤᠷᠳᠤ ᠮᠠᠢ ᠶᠢᠨ ᠴᠤᠬᠤ ᠶᠢ ᠰᠡᠷᠭᠡᠶᠢᠯᠡᠨ ᠵᠠᠰᠠᠬᠤ ᠠᠷᠭ᠎ᠠ ᠪᠠᠷ ᠰᠡᠷᠭᠡᠶᠢᠯᠡᠨ ᠵᠠᠰᠠᠨ᠎ᠠ᠃  

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
Baidu
map