|
︵ᠵᠢᠷᠭᠤᠭ᠎ᠠ︶ ᠲᠠᠷᠢᠶᠠᠨ ᠭᠠᠵᠠᠷ ᠤᠨ ᠭᠦᠨᠦᠭᠡᠯᠳᠤ ᠬᠤᠯᠤᠭᠠᠨ᠎ᠠ ᠶᠢᠨ ᠲᠦᠷᠦᠯ᠂ ᠭᠦᠨᠦᠭᠡᠯᠳᠤ ᠬᠤᠯᠤᠭᠠᠨ᠎ᠠ᠂ | ᠬᠤᠯᠤᠭᠠᠨ᠎ᠠ ᠶᠢᠨ ᠬᠦᠨᠦᠭᠡᠯ ᠵᠢᠴᠢ ᠲᠡᠭᠦᠨ ᠢ ᠬᠤᠷᠢᠭᠯᠠᠬᠤ ᠠᠷᠭ᠎ᠠ ᠬᠡᠮᠵᠢᠶ᠎ᠡ |
|
|
ᠨᠡᠶᠢᠲᠡᠯᠡᠭᠰᠡᠨ ᠴᠠᠭ᠄
2015/10/27
|
|
1. ᠲᠠᠷᠢᠶᠠᠨ ᠭᠠᠵᠠᠷ ᠲᠠᠬᠢ ᠬᠤᠯᠤᠭᠠᠨ᠎ᠠ ᠶᠢᠨ ᠲᠦᠷᠦᠯ᠂ ᠭᠦᠨᠦᠭᠡᠯᠳᠤ ᠬᠤᠯᠤᠭᠠᠨ᠎ᠠ ᠭᠢᠭᠡᠳ ᠭᠦᠨᠦᠭᠡᠯ ︵1︶ ᠬᠤᠯᠤᠭᠠᠨ᠎ᠠ ᠶᠢᠨ ᠲᠦᠷᠦᠯ ᠭᠡᠳᠡᠭ ᠪᠤᠯ ᠬᠤᠯᠤᠭᠠᠨ᠎ᠠ ᠶᠢᠨ ᠲᠦᠷᠦᠯ ᠤᠨ ᠠᠮᠢᠳᠡᠨ ᠤ ᠶᠠᠷᠦᠩᠭᠡᠢ ᠨᠡᠷᠡ᠊ ᠵᠢᠳᠦᠯ ᠨᠢ ᠪᠤᠯᠤᠨ᠎ᠠ᠃ ᠢᠪᠴᠤᠤ ᠤᠳᠬ᠎ᠠ ᠠᠴᠠ ᠨᠢ ᠠᠪᠴᠤ ᠭᠡᠯᠡᠪᠡᠯ ᠬᠤᠯᠤᠭᠠᠨ᠎ᠠ ᠶᠢᠨ ᠲᠦᠷᠦᠯ ᠭᠡᠳᠡᠭ ᠨᠢ ᠭᠦᠮᠦᠨ ᠲᠦᠷᠦᠯᠭᠢᠳᠡᠨ ᠳᠤ ᠭᠦᠨᠦᠭᠡᠯ ᠲᠠᠢ ᠮᠡᠷᠡᠭᠴᠢ ᠶᠢᠨ ᠲᠦᠷᠦᠯ ᠪᠤᠶᠤ ᠬᠤᠯᠤᠭᠠᠨ᠎ᠠ ᠶᠢᠨ ᠲᠦᠷᠦᠯ ᠤᠨ ᠠᠮᠢᠳᠡᠨ ᠤ ᠰᠦᠷᠦᠭ ᠢ ᠵᠢᠭᠠᠵᠤ ᠪᠤᠢ᠃ ᠲᠡᠯᠭᠡᠷᠡᠩᠭᠦᠢ ᠤᠳᠬ᠎ᠠ ᠠᠴᠠ ᠨᠢ ᠠᠪᠴᠤ ᠭᠡᠯᠡᠪᠡᠯ᠂ ᠬᠤᠯᠤᠭᠠᠨ᠎ᠠ ᠶᠢᠨ ᠲᠦᠷᠦᠯ ᠳᠤ ᠪᠦᠭᠦ᠋ᠢᠯᠡ ᠮᠡᠷᠡᠭᠴᠢ ᠠᠮᠢᠳᠡᠨ ᠪᠤᠯᠤᠨ ᠰᠢᠪᠠᠵᠢ ᠶᠢᠨ ᠢᠳᠡᠰᠢᠳᠡᠨ ᠤ ᠪᠠᠭ ᠤᠨ ᠠᠮᠢᠳᠠᠳ ᠪᠠᠭᠳᠠᠬᠤ ᠪᠦᠭᠡᠳ ᠮᠡᠷᠡᠭᠴᠢ ᠠᠮᠢᠳᠡᠳ ᠲᠤ ᠶᠠᠷᠦᠳᠡ ᠪᠠᠨ ᠪᠠᠰᠠ ᠮᠡᠷᠡᠭᠴᠢ ᠶᠢᠨ ᠪᠠᠭ ᠪᠠ ᠲᠠᠤᠯᠠᠢ ᠶᠢᠨ ᠪᠠᠭ ᠭᠡᠵᠤ ᠬᠤᠶᠠᠷ ᠪᠠᠭ ᠪᠠᠭᠳᠠᠨ᠎ᠠ᠃ ᠪᠦᠭᠦ ᠲᠡᠯᠡᠭᠡᠢ ᠳᠤ ᠭᠦᠭᠦᠳᠡᠨ ᠠᠮᠢᠳᠡᠨ 4321 ᠲᠦᠷᠦᠯ ᠪᠠᠶᠢᠵᠤ᠂ ᠡᠭᠦᠨ ᠳᠤ ᠮᠡᠷᠡᠭᠴᠢ ᠶᠢᠨ ᠪᠠᠭ 1738 ᠲᠦᠷᠦᠯ᠂ ᠰᠢᠪᠠᠵᠢ ᠢᠳᠡᠰᠢᠳᠡᠨ ᠤ ᠪᠠᠭ 350 ᠭᠠᠷᠤᠢ ᠲᠦᠷᠦᠯ ᠪᠠᠶᠢᠨ᠎ᠠ᠃ ᠮᠠᠨ ᠤ ᠤᠯᠤᠰ ᠤᠨ ᠤᠳᠤᠬᠠᠨ ᠳᠤ ᠨᠢᠭᠡᠨᠳᠡ ᠮᠡᠳᠡᠭᠰᠡᠨ ᠮᠡᠷᠡᠭᠴᠢ ᠠᠮᠢᠳᠡᠨ 190 ᠭᠠᠷᠤᠢ ᠲᠦᠷᠦᠯ ︵ᠡᠭᠦᠨ ᠳᠤ ᠲᠠᠤᠯᠠᠢ ᠶᠢᠨ ᠪᠠᠭ ᠤᠨ 20 ᠭᠠᠷᠤᠢ ᠲᠦᠷᠦᠯ︶᠂ ᠰᠢᠪᠠᠵᠢ ᠢᠳᠡᠰᠢᠳᠡᠨ ᠤ ᠪᠠᠭ 9 ᠲᠦᠷᠦᠯ ᠪᠠᠶᠢᠨ᠎ᠠ᠃ ᠡᠶᠢᠮᠤ ᠠᠴᠠ ᠬᠤᠯᠤᠭᠠᠨ᠎ᠠ ᠶᠢᠨ ᠲᠦᠷᠦᠯ ᠤᠨ ᠠᠮᠢᠳᠡᠨ ᠪᠤᠯ ᠭᠦᠭᠦᠳᠡᠨ ᠠᠮᠢᠳᠡᠨ ᠤ ᠲᠤᠳᠤᠷ᠎ᠠ ᠲᠦᠷᠦᠯ ᠵᠦᠢᠯ ᠨᠢ ᠬᠠᠮᠤᠭ ᠤᠨ ᠤᠯᠠᠨ᠂ ᠲᠠᠷᠬᠠᠴᠠ ᠪᠠᠷ ᠬᠠᠮᠤᠭ ᠤᠨ ᠦᠷᠭᠡᠨ᠂ ᠲᠤᠭ᠎ᠠ ᠭᠡᠮᠵᠢᠶ᠎ᠠ ᠪᠠᠷ ᠬᠠᠮᠤᠭ ᠤᠨ ᠠᠷᠪᠢᠨ ᠰᠦᠷᠦᠭᠯᠡᠯ ᠪᠤᠯᠤᠨ᠎ᠠ᠃ ︵2︶ ᠭᠦᠨᠦᠭᠡᠯᠳᠤ ᠬᠤᠯᠤᠭᠠᠨ᠎ᠠ᠄ ᠡᠨᠡ ᠨᠢ ᠭᠦᠮᠦᠨ ᠲᠦᠷᠦᠯᠭᠢᠳᠡᠨ ᠳᠤ ᠰᠢᠭᠤᠳ ᠪᠤᠶᠤ ᠲᠠᠮ ᠢᠶᠠᠷ ᠭᠦᠨᠦᠭᠡᠯ ᠤᠴᠠᠷᠠᠭᠤᠯᠳᠠᠭ ᠬᠤᠯᠤᠭᠠᠨ᠎ᠠ ᠶᠢᠨ ᠲᠦᠷᠦᠯ ᠢ ᠵᠢᠭᠠᠵᠤ ᠪᠤᠢ᠃ ᠬᠤᠯᠤᠭᠠᠨ᠎ᠠ ᠶᠢᠨ ᠲᠦᠷᠦᠯ ᠪᠦᠭᠦᠨ ᠴᠦᠮ ᠭᠦᠨᠦᠭᠡᠯᠳᠤ ᠬᠤᠯᠤᠭᠠᠨ᠎ᠠ ᠪᠢᠰᠢ᠂ ᠬᠠᠷᠢᠨ ᠭᠦᠨᠦᠭᠡᠯᠳᠤ ᠬᠤᠯᠤᠭᠠᠨ᠎ᠠ ᠪᠤᠯ ᠬᠤᠯᠤᠭᠠᠨ᠎ᠠ ᠶᠢᠨ ᠲᠦᠷᠦᠯ ᠤᠨ ᠴᠢᠬᠤᠯᠠ ᠪᠦᠷᠢᠯᠳᠦᠭᠦᠨ ᠭᠡᠰᠡᠭ ᠨᠢ ᠮᠦᠨ᠃ ᠮᠠᠨ ᠤ ᠤᠯᠤᠰ ᠤᠨ ᠤᠳᠤᠬᠠᠨ ᠤ ᠤᠯᠵᠤ ᠮᠡᠳᠡᠭᠰᠡᠨ ᠢᠶᠠᠷ ᠪᠤᠯ 190 ᠭᠠᠷᠤᠢ ᠲᠦᠷᠦᠯ ᠤᠨ ᠬᠤᠯᠤᠭᠠᠨ᠎ᠠ ᠶᠢᠨ ᠲᠤᠳᠤᠷ᠎ᠠ ᠪᠠᠷᠤᠭ 80% ᠠᠴᠠ ᠲᠡᠭᠡᠭᠰᠢᠭᠢ ᠨᠢ ᠭᠦᠮᠦᠨ ᠲᠦᠷᠦᠯᠭᠢᠳᠡᠨ ᠵᠢᠴᠢ ᠲᠡᠭᠦᠨ ᠤ ᠤᠷᠤᠰᠢᠨ ᠲᠤᠠᠠᠳᠠᠨᠢᠬᠤ ᠤᠷᠴᠢᠨ ᠠᠬᠤᠢ ᠳᠤ ᠠᠳᠠᠯᠢ ᠪᠤᠰᠤ ᠭᠡᠪᠴᠢᠶᠠᠨ ᠤ ᠰᠢᠭᠤᠳ ᠭᠦᠨᠦᠭᠡᠯ ᠤᠴᠠᠷᠠᠭᠤᠯᠵᠤ ᠪᠠᠶᠢᠬᠤ ᠪᠤᠶᠤ ᠲᠠᠯᠳᠠ ᠰᠦᠷᠳᠡᠭᠦᠯᠦᠯ ᠪᠤᠯᠵᠤ ᠪᠠᠶᠢᠨ᠎ᠠ᠃ ᠤᠳᠤᠬᠠᠨ ᠳᠤ ᠲᠠᠷᠢᠶ᠎ᠠ ᠲᠦᠮᠦᠰᠤᠨ ᠳᠤ ᠭᠦᠨᠦᠭᠡᠯ ᠪᠤᠯᠵᠤ ᠪᠠᠶᠢᠬᠤ ᠨᠢ 30 ᠭᠠᠷᠤᠢ ᠲᠦᠷᠦᠯ ᠪᠠᠶᠢᠵᠤ᠂ ᠡᠭᠦᠨ ᠳᠤ ᠭᠦᠨᠦᠭᠡᠭᠦ ᠲᠠᠯᠠᠪᠠᠢ ᠶᠡᠭᠡ ᠪᠠ ᠭᠦᠨᠦᠭᠡᠯ ᠢᠶᠠᠷ ᠤᠯᠠᠨ ᠪᠠᠶᠢᠬᠤ ᠨᠢ ᠠᠷᠪᠠᠭᠠᠳ ᠲᠦᠷᠦᠯ ᠪᠤᠢ᠃ ᠭᠤᠤᠯ ᠨᠢ ᠲᠠᠷᠢᠶᠠᠨ ᠬᠤᠯᠤᠭᠠᠨ᠎ᠠ᠂ ᠰᠢᠷ᠎ᠠ ᠬᠤᠯᠤᠭᠠᠨ᠎ᠠ᠂ ᠦᠭᠡᠷ ᠤᠠᠠᠳᠤᠢ᠂ ᠲᠤᠮᠤ ᠤᠠᠠᠳᠤᠢ᠂ ᠡᠯᠡᠰᠦᠴᠢ ᠬᠤᠯᠤᠭᠠᠨ᠎ᠠ᠂ ᠭᠢᠨᠭ᠍ᠭᠠᠨ ᠰᠢᠷ᠎ᠠ ᠬᠤᠯᠤᠭᠠᠨ᠎ᠠ᠂ ᠵᠢᠷᠭᠡ᠂ ᠨᠠᠮᠤᠭ ᠤᠨ ᠬᠤᠯᠤᠭᠠᠨ᠎ᠠ᠂ ᠭᠡᠷ ᠤᠨ ᠭᠦᠷᠡᠩ ᠬᠤᠯᠤᠭᠠᠨ᠎ᠠ᠂ ᠰᠢᠷ᠎ᠠ ᠡᠪᠴᠢᠭᠦᠳᠤ ᠬᠤᠯᠤᠭᠠᠨ᠎ᠠ᠂ ᠪᠤᠷᠤ ᠬᠤᠯᠤᠭᠠᠨ᠎ᠠ ᠵᠡᠷᠭᠡ ᠪᠠᠶᠢᠨ᠎ᠠ᠃ ᠬᠤᠯᠤᠭᠠᠨ᠎ᠠ ᠶᠢᠨ ᠲᠦᠷᠦᠯ ᠨᠢ ᠠᠮᠢ ᠠᠬᠤᠢ ᠶᠢᠨ ᠰᠢᠰᠲ᠋ᠧᠮ ᠤᠨ ᠪᠦᠷᠢᠯᠳᠦᠭᠦᠨ ᠪᠤᠯᠤᠠᠠᠰᠠᠨ ᠤ ᠬᠤᠪᠢ ᠳᠤ ᠡᠨᠧᠷᠭᠢ ᠶᠢᠨ ᠤᠷᠤᠰᠬᠠᠯ ᠪᠠ ᠪᠤᠳᠠᠰ ᠤᠨ ᠭᠦᠢᠯᠭᠡᠭᠡ ᠳᠤ ᠴᠢᠬᠤᠯᠠ ᠦᠢᠯᠡᠳᠦᠯ ᠦᠵᠡᠭᠦᠯᠵᠤ ᠪᠠᠶᠢᠳᠠᠭ᠃ ᠲᠠᠳᠡ ᠤᠷᠭᠤᠮᠠᠯ ᠢ ᠢᠳᠡᠵᠤ᠂ ᠵᠠᠷᠢᠮ ᠦᠶ᠎ᠠ ᠳᠤ ᠭᠦᠨᠦᠭᠡᠯ ᠤᠴᠠᠷᠠᠭᠤᠯᠳᠠᠭ ᠪᠤᠯᠪᠠᠴᠤ ᠶᠠᠮᠠᠷ ᠨᠢᠭᠡᠨ ᠠᠭᠤᠯᠭ᠎ᠠ ᠶᠢᠨ ᠲᠠᠯ᠎ᠠ ᠠᠴᠠ ᠠᠪᠴᠤ ᠭᠡᠯᠡᠪᠡᠯ ᠪᠠᠰᠠ ᠤᠷᠭᠤᠮᠠᠯ ᠤᠨ ᠤᠷᠭᠤᠴᠠ ᠶᠢᠨ ᠨᠦᠭᠦᠴᠡᠯ ᠢ ᠨᠢ ᠰᠠᠶᠢᠵᠢᠷᠠᠭᠤᠯᠳᠠᠭ ᠪᠤᠶᠤ ᠤᠷᠭᠤᠮᠠᠯ ᠤᠨ ᠪᠦᠯᠦᠭ ᠤᠨ ᠰᠢᠨᠡᠴᠢᠯᠡᠯᠳᠡ ᠳᠤ ᠲᠤᠰᠠ ᠲᠠᠢ ᠪᠠᠶᠢᠳᠠᠭ᠃ ᠲᠡᠳᠡᠨ ᠤ ᠵᠠᠷᠢᠮ ᠨᠢ ᠡᠭᠦᠷ ᠨᠦᠭᠡ ᠮᠠᠯᠳᠠᠭᠠᠳ ᠭᠤᠤᠯ ᠤᠨ ᠲᠠᠩ ᠢ ᠰᠡᠳᠡᠯᠭᠦ ᠪᠤᠶᠤ ᠡᠪᠡᠰᠤ ᠪᠠᠯᠴᠢᠭᠡᠷ ᠢ ᠰᠦᠢᠳᠭᠡᠳᠡᠭ ᠪᠤᠯᠪᠠᠴᠤ ᠪᠠᠰᠠ ᠭᠦᠷᠦᠰᠤ ᠰᠢᠷᠤᠢ ᠶᠢ ᠰᠠᠶᠢᠵᠢᠷᠠᠭᠤᠯᠵᠤ ᠪᠠᠶᠢᠵᠤ ᠮᠡᠳᠡᠨ᠎ᠠ᠃ ᠦᠨᠡᠨ ᠳᠡᠭᠡᠨ ᠵᠠᠷᠢᠮ ᠬᠤᠯᠤᠭᠠᠨ᠎ᠠ ᠶᠢᠨ ᠲᠦᠷᠦᠯ ᠤᠨ ᠠᠮᠢᠳᠠᠨ ᠳᠤ ᠠᠰᠢᠭ ᠲᠤᠰᠠ ᠲᠠᠢ ᠲᠦᠷᠦᠯ ᠪᠠᠶᠢᠨ᠎ᠠ᠃ ᠵᠢᠱᠢᠶᠡᠯᠡᠪᠡᠯ ᠲᠠᠷᠪᠠᠭ᠎ᠠ᠂ ᠵᠢᠭᠠᠷᠳᠤ ᠭᠡᠷᠡᠯᠵᠡᠭᠡᠨᠠ᠂ ᠭᠡᠷᠡᠮᠤ᠂ ᠨᠤᠯᠤᠤᠷᠳᠤ ᠬᠤᠯᠤᠭᠠᠨ᠎ᠠ᠂ ᠮᠢᠨᠵᠢ᠂ ᠭᠡᠭᠡᠷ᠎ᠠ ᠶᠢᠨ ᠲᠠᠤᠯᠠᠢ ᠵᠡᠷᠭᠡ ᠪᠤᠯ ᠴᠢᠬᠤᠯᠠ ᠪᠦᠭᠦᠢ ᠠᠷᠠᠰᠤ ᠨᠤᠤᠰᠤ ᠪᠠ ᠢᠳᠡᠭᠡᠨ ᠤ ᠠᠮᠢᠳᠡᠳ ᠪᠤᠯᠤᠨ᠎ᠠ᠃ ᠵᠠᠷᠢᠮ ᠭᠦᠨᠦᠭᠡᠯ ᠲᠠᠢ ᠬᠤᠯᠤᠭᠠᠨ᠎ᠠ ᠶᠢᠨ ᠲᠦᠷᠦᠯ ᠳᠤ ᠵᠠᠷᠢᠮ ᠦᠶ᠎ᠠ ᠳᠤ ᠪᠠᠰᠠ ᠭᠦᠨᠦᠭᠡᠯᠳᠤ ᠬᠤᠷᠤᠬᠠᠢ ᠪᠤᠶᠤ ᠬᠤᠷᠤᠬᠠᠢ ᠶᠢᠨ ᠦᠨᠳᠡᠭᠡᠪᠴᠢ ᠶᠢ ᠲᠡᠭᠦᠵᠤ ᠢᠳᠡᠳᠡᠭ ᠪᠠᠶᠢᠨ᠎ᠠ᠃ ᠪᠠᠶᠢᠭᠠᠯᠢ ᠶᠢᠨ ᠠᠮᠢ ᠠᠬᠤᠢ ᠶᠢᠨ ᠤᠷᠴᠢᠨ ᠳᠤ ᠦᠴᠦᠭᠡᠨ ᠲᠤᠭᠠᠨ ᠤ ᠬᠤᠯᠤᠭᠠᠨ᠎ᠠ ᠶᠢᠨ ᠲᠦᠷᠦᠯ ᠤᠨ ᠠᠮᠢᠳᠡᠳ ᠢ ᠪᠠᠶᠢᠯᠭᠠᠬᠤ ᠨᠢ ᠭᠦᠮᠦᠨ ᠲᠦᠷᠦᠯᠭᠢᠳᠡᠨ ᠳᠤ ᠭᠦᠨᠦᠭᠡᠯ ᠪᠤᠯᠵᠤ ᠴᠢᠳᠠᠬᠤ ᠦᠭᠡᠢ ᠮᠦᠷᠳᠡᠭᠡᠨ ᠪᠠᠰᠠ ᠠᠮᠢ ᠠᠬᠤᠢ ᠶᠢᠨ ᠲᠡᠩᠴᠡᠭᠦᠷᠢ ᠳᠤ ᠲᠤᠰᠠ ᠲᠠᠢ ᠶᠤᠮ᠃ ᠡᠶᠢᠮᠤ ᠠᠴᠠ ᠬᠤᠯᠤᠭᠠᠨ᠎ᠠ ᠪᠦᠭᠦᠨ ᠪᠦᠷ ᠭᠦᠨᠦᠭᠡᠯ ᠲᠠᠢ ᠪᠢᠰᠢ᠂ ᠬᠤᠯᠤᠭᠠᠨ᠎ᠠ ᠶᠢᠨ ᠲᠦᠷᠦᠯ ᠤᠨ ᠠᠮᠢ ᠠᠬᠤᠢ ᠶᠢᠨ ᠰᠢᠰᠲ᠋ᠧᠮ ᠤᠨ ᠲᠤᠳᠤᠷᠠᠭᠢ ᠠᠰᠢᠭ ᠬᠤᠤᠷ ᠤᠨ ᠬᠠᠷᠢᠴᠠᠭ᠎ᠠ ᠨᠢ ᠬᠤᠪᠢᠰᠤᠩᠭᠤᠢ ᠪᠠᠶᠢᠳᠠᠭ ᠶᠤᠮ᠃ ︵3︶ ᠬᠤᠯᠤᠭᠠᠨ᠎ᠠ ᠶᠢᠨ ᠭᠦᠨᠦᠭᠡᠯ᠄ ᠬᠤᠯᠤᠭᠠᠨ᠎ᠠ ᠶᠢᠨ ᠭᠦᠨᠦᠭᠡᠯ ᠭᠡᠳᠡᠭ ᠪᠤᠯ ᠭᠦᠮᠦᠰ ᠤᠨ ᠠᠮᠢᠳᠤᠷᠠᠯ ᠪᠠ ᠦᠢᠯᠡᠳᠪᠤᠷᠢᠯᠡᠯ ᠤᠨ ᠠᠵᠢᠯᠯᠠᠭ᠎ᠠ ᠪᠠᠷ ᠬᠠᠷᠢᠴᠠᠩᠭᠤᠢ ᠪᠠᠷ ᠦᠨᠡᠯᠡᠨ ᠮᠠᠭᠠᠳᠯᠠᠠᠬᠰᠠᠨ ᠨᠢᠭᠡᠨ ᠵᠦᠢᠯ ᠤᠨ ᠠᠵᠤ ᠠᠬᠤᠢ ᠶᠢᠨ ᠤᠬᠠᠭᠳᠠᠬᠤᠨ ᠮᠦᠨ᠃ ᠠᠮᠢ ᠠᠬᠤᠢ ᠶᠢᠨ ᠰᠢᠰᠲ᠋ᠧᠮ ᠡᠪᠳᠡᠯᠡᠭᠡ ᠳᠤ ᠤᠴᠠᠷᠠᠵᠤ᠂ ᠬᠠᠷᠢᠨ ᠭᠦᠮᠦᠨ ᠲᠦᠷᠦᠯᠭᠢᠳᠡᠨ ᠪᠠᠰᠠ ᠡᠨᠡ ᠬᠦ ᠠᠮᠢ ᠠᠬᠤᠢ ᠶᠢᠨ ᠰᠢᠰᠲ᠋ᠧᠮ ᠢ ᠦᠷᠭᠦᠯᠵᠢᠯᠡᠨ ᠠᠰᠢᠠᠠᠯᠠᠵᠤ᠂ ᠡᠨᠡ ᠬᠦ ᠠᠮᠢ ᠠᠬᠤᠢ ᠶᠢᠨ ᠰᠢᠰᠲ᠋ᠧᠮ ᠢ ᠰᠠᠶᠢᠵᠢᠷᠠᠭᠤᠯᠤᠨ ᠰᠡᠷᠭᠦᠭᠡᠭᠦ ᠦᠶᠡᠰ ᠬᠤᠯᠤᠭᠠᠨ᠎ᠠ ᠶᠢᠨ ᠲᠦᠷᠦᠯ ᠨᠢ ᠭᠦᠮᠦᠨ ᠲᠦᠷᠦᠯᠭᠢᠳᠡᠨ ᠤ ᠠᠵᠢᠯᠯᠠᠭ᠎ᠠ ᠶᠢ ᠬᠠᠷᠰᠢᠯᠬᠠᠰᠨ ᠦᠶ᠎ᠠ ᠳᠤ ᠰᠠᠶ᠋ᠢ ᠬᠤᠯᠤᠭᠠᠨ᠎ᠠ ᠶᠢᠨ ᠭᠦᠨᠦᠭᠡᠯ ᠡᠭᠦᠰᠳᠡᠭ᠃ ᠡᠶᠢᠮᠤ ᠠᠴᠠ ᠬᠤᠯᠤᠭᠠᠨ᠎ᠠ ᠶᠢᠨ ᠭᠦᠨᠦᠭᠡᠯ ᠭᠡᠳᠡᠭ ᠪᠤᠯ ᠬᠤᠯᠤᠭᠠᠨ᠎ᠠ ᠶᠢᠨ ᠲᠦᠷᠦᠯ ᠠᠴᠠ ᠭᠦᠮᠦᠨ ᠲᠦᠷᠦᠯᠭᠢᠳᠡᠨ ᠤ ᠦᠢᠯᠡᠳᠪᠤᠷᠢᠯᠡᠯ᠂ ᠠᠮᠢᠳᠤᠷᠠᠯ ᠵᠢᠴᠢ ᠠᠮᠢ ᠠᠬᠤᠢ ᠶᠢᠨ ᠤᠷᠴᠢᠨ ᠪᠤᠶᠤ ᠤᠷᠤᠰᠢᠨ ᠲᠤᠠᠠᠳᠠᠨᠢᠬᠤ ᠨᠦᠭᠦᠴᠡᠯ ᠳᠤ ᠰᠢᠭᠤᠳ ᠪᠤᠶᠤ ᠲᠠᠮ ᠢᠶᠠᠷ ᠠᠵᠤ ᠠᠬᠤᠢ ᠶᠢᠨ ᠬᠤᠭᠢᠷᠠᠯ ᠪᠠ ᠨᠠᠵᠠᠭᠠᠢ ᠨᠦᠯᠦᠭᠡ ᠤᠴᠠᠷᠠᠭᠤᠯᠬᠤ ᠶᠢ ᠵᠢᠭᠠᠵᠤ ᠪᠠᠶᠢᠨ᠎ᠠ᠃ ᠭᠦᠨᠦᠭᠡᠯᠳᠤ ᠬᠤᠯᠤᠭᠠᠨ᠎ᠠ ᠶᠢᠨ ᠲᠦᠷᠦᠯ ᠤᠨ ᠨᠢᠠᠠᠳᠠᠴᠠ ᠶᠢᠨ ᠭᠡᠮᠵᠢᠶ᠎ᠠ ᠨᠢ ᠵᠤᠭᠢᠬᠤ ᠭᠢᠵᠠᠭᠠᠷᠯᠠᠯ ᠠᠴᠠ ᠲᠠᠪᠠᠭᠰᠠᠨ ᠦᠶᠡᠰ ᠰᠠᠶ᠋ᠢ ᠭᠦᠮᠦᠨ ᠲᠦᠷᠦᠯᠭᠢᠳᠡᠨ ᠳᠤ ᠭᠦᠨᠦᠭᠡᠯ ᠤᠴᠠᠷᠠᠭᠤᠯᠳᠠᠭ᠃ ᠶᠠᠷᠦᠩᠭᠡᠢ ᠳᠤᠨᠢ ᠭᠡᠯᠡᠪᠡᠯ ᠨᠢᠠᠠᠳᠠᠴᠠ ᠨᠢ ᠤᠯᠠᠮ ᠦᠨᠳᠤᠷ ᠪᠤᠯᠬᠤ ᠲᠤᠳᠤᠮ ᠲᠠᠷᠬᠠᠯᠳᠠ ᠶᠢᠨ ᠤᠷᠤᠨ ᠨᠢ ᠤᠯᠠᠮ ᠦᠷᠭᠡᠵᠢᠵᠤ᠂ ᠭᠦᠨᠦᠭᠡᠯ ᠨᠢ ᠴᠤ ᠤᠯᠠᠮ ᠶᠡᠭᠡ ᠪᠤᠯᠳᠠᠭ᠃ ᠬᠤᠯᠤᠭᠠᠨ᠎ᠠ ᠶᠢᠨ ᠭᠦᠨᠦᠭᠡᠯ ᠪᠤᠯ ᠲᠠᠯᠠᠭᠡᠢ ᠶᠢᠨ ᠴᠢᠨᠠᠷ ᠲᠠᠢ ᠪᠠᠶᠢᠭᠠᠯᠢ ᠶᠢᠨ ᠭᠠᠮᠰᠢᠭ ᠮᠦᠨ᠃ ᠭᠦᠨᠦᠭᠡᠯ ᠭᠦᠷᠳᠡᠭᠴᠢᠳ ᠨᠢ ᠠᠳᠠᠯᠢ ᠦᠭᠡᠢ ᠪᠠᠶᠢᠳᠠᠭ ᠪᠠᠶᠢᠳᠠᠯ ᠢ ᠦᠨᠳᠦᠰᠦᠯᠡᠵᠤ᠂ ᠬᠤᠯᠤᠭᠠᠨ᠎ᠠ ᠶᠢᠨ ᠭᠦᠨᠦᠭᠡᠯ ᠢ ᠲᠠᠷᠢᠶᠠᠯᠠᠩ ᠤᠨ ᠬᠤᠯᠤᠭᠠᠨ᠎ᠠ ᠶᠢᠨ ᠭᠦᠨᠦᠭᠡᠯ᠂ ᠮᠠᠯ ᠠᠵᠤ ᠠᠬᠤᠢ ᠶᠢᠨ ᠬᠤᠯᠤᠭᠠᠨ᠎ᠠ ᠶᠢᠨ ᠭᠦᠨᠦᠭᠡᠯ᠂ ᠤᠢ ᠰᠢᠭᠤᠢ ᠶᠢᠨ ᠬᠤᠯᠤᠭᠠᠨ᠎ᠠ ᠶᠢᠨ ᠭᠦᠨᠦᠭᠡᠯ᠂ ᠠᠶᠢᠯ ᠭᠡᠷ ᠤᠨ ᠬᠤᠯᠤᠭᠠᠨ᠎ᠠ ᠶᠢᠨ ᠭᠦᠨᠦᠭᠡᠯ᠂ ᠬᠤᠳᠠ ᠶᠢᠨ ᠬᠤᠯᠤᠭᠠᠨ᠎ᠠ ᠶᠢᠨ ᠭᠦᠨᠦᠭᠡᠯ᠂ ᠡᠷᠡᠭᠦᠯ ᠬᠠᠮᠠᠭᠠᠯᠠᠯ ᠤᠨ ᠬᠤᠯᠤᠭᠠᠨ᠎ᠠ ᠶᠢᠨ ᠭᠦᠨᠦᠭᠡᠯ᠂ ᠠᠵᠤ ᠦᠢᠯᠡᠳᠪᠤᠷᠢ ᠶᠢᠨ ᠬᠤᠯᠤᠭᠠᠨ᠎ᠠ ᠶᠢᠨ ᠭᠦᠨᠦᠭᠡᠯ ᠪᠠ ᠵᠠᠮ ᠬᠠᠷᠢᠯᠴᠠᠭᠠᠨ ᠤ ᠬᠤᠯᠤᠭᠠᠨ᠎ᠠ ᠶᠢᠨ ᠭᠦᠨᠦᠭᠡᠯ ᠵᠡᠷᠭᠡ ᠲᠦᠷᠦᠯ ᠭᠡᠯᠪᠡᠷᠢ ᠬᠤᠪᠢᠶᠠᠵᠤ ᠪᠤᠯᠤᠨ᠎ᠠ᠃ ᠠᠳᠡ ᠭᠤᠤᠯ ᠨᠢ ᠭᠦᠳᠡᠭᠡ ᠲᠤᠰᠬᠤᠨ ᠤ ᠬᠤᠯᠤᠭᠠᠨ᠎ᠠ ᠶᠢᠨ ᠭᠦᠨᠦᠭᠡᠯ ᠤᠨ ᠪᠠᠶᠢᠳᠠᠯ ᠢ ᠲᠠᠨᠢᠯᠴᠠᠭᠤᠯᠤᠨ᠎ᠠ᠃ 2. ᠮᠠᠨ ᠤ ᠤᠯᠤᠰ ᠤᠨ ᠲᠠᠷᠢᠶᠠᠯᠠᠬᠤ ᠤᠷᠤᠨ ᠳᠤ ᠶᠠᠮᠠᠷ ᠶᠠᠮᠠᠷ ᠭᠦᠨᠦᠭᠡᠯᠳᠤ ᠬᠤᠯᠤᠭᠠᠨ᠎ᠠ ᠶᠢᠨ ᠲᠦᠷᠦᠯ ᠪᠠᠶᠢᠬᠤ ᠪᠤᠢ︖ ᠨᠢᠭᠡᠨᠳᠡ ᠤᠯᠵᠤ ᠮᠡᠳᠡᠭᠰᠡᠨ ᠢᠶᠠᠷ ᠪᠤᠯ 100 ᠭᠠᠷᠤᠢ ᠲᠦᠷᠦᠯ ᠪᠠᠶᠢᠨ᠎ᠠ᠃ ᠤᠳᠤᠬᠠᠨ ᠳᠤ ᠲᠠᠷᠢᠮᠠᠯ ᠳᠤ ᠭᠦᠨᠦᠭᠡᠯ ᠪᠤᠯᠵᠤ ᠪᠠᠶᠢᠬᠤ ᠨᠢ ᠭᠤᠤᠯ ᠨᠢ 30 ᠭᠠᠷᠤᠢ ᠲᠦᠷᠦᠯ ᠪᠠᠶᠢᠨ᠎ᠠ᠃ ᠡᠭᠦᠨ ᠳᠤ ᠲᠠᠯᠠᠪᠠᠢ ᠪᠠᠷ ᠨᠠᠯᠢᠶᠠᠳ ᠲᠤᠮᠤ᠂ ᠭᠦᠨᠦᠭᠡᠯ ᠢᠶᠠᠷ ᠨᠡᠯᠢᠶᠡᠳ ᠶᠡᠭᠡ ᠨᠢ 10 ᠭᠠᠷᠤᠢ ᠲᠦᠷᠦᠯ ᠪᠠᠶᠢᠵᠤ᠂ ᠭᠤᠤᠯ ᠨᠢ ᠲᠠᠷᠢᠶᠠᠨ ᠬᠤᠯᠤᠭᠠᠨ᠎ᠠ᠂ ᠰᠢᠷ᠎ᠠ ᠬᠤᠯᠤᠭᠠᠨ᠎ᠠ᠂ ᠦᠭᠡᠷ ᠤᠠᠠᠳᠤᠢ᠂ ᠲᠤᠮᠤ ᠤᠠᠠᠳᠤᠢ᠂ ᠨᠤᠮᠤᠨ ᠰᠤᠬᠤᠷ᠂ ᠡᠯᠡᠰᠦᠴᠢ ᠬᠤᠯᠤᠭᠠᠨ᠎ᠠ᠂ ᠭᠢᠨᠭ᠍ᠭᠠᠨ ᠰᠢᠷ᠎ᠠ ᠬᠤᠯᠤᠭᠠᠨ᠎ᠠ᠂ ᠵᠢᠷᠭᠡ᠂ ᠨᠠᠮᠤᠭ ᠤᠨ ᠬᠤᠯᠤᠭᠠᠨ᠎ᠠ᠂ ᠰᠢᠷ᠎ᠠ ᠡᠪᠴᠢᠭᠦᠳᠤ ᠬᠤᠯᠤᠭᠠᠨ᠎ᠠ᠂ ᠭᠡᠷ ᠤᠨ ᠭᠦᠷᠡᠩ ᠬᠤᠯᠤᠭᠠᠨ᠎ᠠ᠂ ᠪᠤᠷᠤ ᠬᠤᠯᠤᠭᠠᠨ᠎ᠠ ᠵᠡᠷᠭᠡ ᠪᠤᠯᠤᠨ᠎ᠠ᠃ 3. ᠤᠳᠤᠬᠠᠨ ᠳᠤ ᠲᠠᠷᠢᠮᠠᠯ ᠳᠤ ᠶᠡᠭᠡ ᠭᠦᠨᠦᠭᠡᠯ ᠪᠤᠯᠵᠤ ᠪᠠᠶᠢᠭ᠎ᠠ 12 ᠲᠦᠷᠦᠯ ᠤᠨ ᠬᠤᠯᠤᠭᠠᠨ᠎ᠠ ᠶᠢᠨ ᠤᠨᠴᠠᠯᠢᠭ ᠵᠢᠴᠢ ᠠᠮᠢᠳᠤᠷᠠᠯ ᠤᠨ ᠲᠠᠳᠬᠠᠯ ︵1︶ ᠲᠠᠷᠢᠶᠠᠨ ᠬᠤᠯᠤᠭᠠᠨ᠎ᠠ ︵ᠪᠠᠰᠠ ᠤᠷᠳᠤ ᠰᠡᠭᠦᠯᠳᠤ ᠬᠤᠯᠤᠭᠠᠨ᠎ᠠ ᠭᠡᠳᠡᠭ︶᠄ ᠡᠨᠡ ᠨᠢ ᠮᠡᠷᠡᠭᠴᠢ ᠪᠠᠭ᠂ ᠬᠤᠯᠤᠭᠠᠨ᠎ᠠ ᠶᠢᠨ ᠢᠵᠠᠭᠤᠷ ᠲᠤ ᠬᠠᠷᠢᠶᠠᠯᠬᠠᠳᠠᠨ᠎ᠠ᠃ ᠲᠦᠷᠰᠤ ᠪᠠᠶᠢᠳᠠᠯ ᠨᠢ ᠭᠡᠪᠡᠯ ᠪᠡᠶ᠎ᠠ ᠨᠢ ᠪᠢᠴᠢᠬᠠᠨ᠂ ᠪᠡᠶ᠎ᠠ ᠶᠢᠨ ᠤᠷᠳᠤ ᠨᠢ 65~120mm᠂ ᠰᠡᠭᠦᠯ ᠨᠢ ᠨᠠᠷᠢᠬᠠᠨ ᠤᠷᠳᠤ᠂ ᠪᠡᠶ᠎ᠠ ᠠᠴᠠ ᠪᠠᠨ ᠵᠢᠭᠠᠬᠠᠨ ᠪᠤᠭᠤᠨᠢᠬᠠᠨ᠂ ᠪᠠᠷᠤᠭ ᠪᠡᠶ᠎ᠠ ᠶᠢᠨ ᠤᠷᠳᠤ ᠶᠢᠨ ᠢᠶᠠᠨ ᠭᠤᠷᠪᠡᠨ ᠤ ᠬᠤᠶᠠᠷ ᠪᠠᠶᠢᠳᠠᠭ᠃ ᠬᠤᠯᠤᠭᠠᠷ ᠴᠢᠭᠢ ᠲᠠᠢ᠂ ᠤᠷᠤᠠᠠᠰᠢ ᠲᠠᠳᠠᠬᠤ ᠳᠤ ᠨᠢᠳᠤᠨ ᠭᠡᠰᠡᠭ ᠲᠤᠨᠢ ᠭᠦᠷᠳᠡᠭ ᠦᠭᠡᠢ᠃ ᠡᠮ᠎ᠠ ᠬᠤᠯᠤᠭᠠᠨ᠎ᠠ ᠨᠢ 8 ᠭᠦᠭᠦ ᠲᠠᠢ᠂ ᠡᠪᠴᠢᠭᠦᠤ ᠭᠡᠪᠡᠯᠢ ᠶᠢᠨ ᠭᠡᠰᠡᠭ ᠲᠤ ᠳᠤᠰ ᠳᠤᠰ ᠬᠤᠶᠠᠷ ᠬᠤᠶᠠᠷ ᠬᠤᠤᠰ ᠪᠠᠶᠢᠳᠠᠭ᠃ ᠨᠢᠷᠤᠭᠤᠨ ᠤ ᠦᠰᠤ ᠨᠢ ᠶᠠᠷᠦᠩᠭᠡᠢ ᠳᠡᠭᠡᠨ ᠤᠯᠠᠪᠤᠷ ᠭᠦᠷᠡᠩ ᠪᠤᠶᠤ ᠤᠯᠠᠪᠤᠷ ᠪᠤᠷᠤ ᠦᠡᠭᠭᠡ ᠲᠠᠢ᠂ ᠨᠢᠷᠤᠭᠤᠨ ᠤ ᠭᠤᠤᠯ ᠢ ᠨᠢ ᠲᠠᠭᠠᠭᠠᠳ ᠲᠤᠳᠤᠬᠠᠨ ᠬᠠᠷ᠎ᠠ ᠦᠡᠭᠭᠡ ᠶᠢᠨ ᠡᠷᠢᠶᠠᠨ ᠰᠤᠳᠠᠰᠤ ᠲᠠᠢ ᠪᠠᠶᠢᠳᠠᠭ᠃ ᠭᠡᠪᠡᠯᠢ ᠶᠢᠨ ᠦᠰᠤ ᠨᠢ ᠴᠠᠶᠢᠪᠤᠷ ᠦᠡᠭᠭᠡ ᠲᠠᠢ᠂ ᠰᠡᠭᠦᠯ ᠨᠢ ᠭᠦᠨ ᠪᠤᠷᠤ ᠦᠡᠭᠭᠡ ᠲᠠᠢ᠂ ᠬᠠᠶᠢᠷᠰᠤ ᠨᠢ ᠢᠯᠡ᠂ ᠰᠡᠭᠦᠯ ᠨᠢ ᠴᠠᠭᠠᠷᠢᠭ ᠪᠠᠶᠢᠳᠠᠭ᠃ ᠲᠠᠷᠢᠶᠠᠨ ᠬᠤᠯᠤᠭᠠᠨ᠎ᠠ ᠪᠤᠯ ᠲᠠᠷᠢᠶᠠᠨ ᠭᠠᠵᠠᠷ᠂ ᠤᠢ ᠮᠤᠳᠤ᠂ ᠡᠪᠡᠰᠤ ᠪᠡᠯᠴᠢᠭᠡᠷ᠂ ᠠᠳᠠᠷ ᠲᠠᠩ᠂ ᠴᠢᠭᠢᠭ ᠨᠠᠮᠤᠭ ᠭᠠᠵᠠᠷ ᠪᠤᠶᠤ ᠰᠠᠭᠤᠭᠠᠯᠢ ᠠᠷᠠᠳ ᠤᠨ ᠲᠤᠭᠤᠷᠢᠭ ᠲᠤ ᠴᠦᠮ ᠡᠭᠦᠷᠯᠡᠵᠤ᠂ ᠭᠤᠤᠯ ᠨᠢ ᠨᠡᠯᠢᠶᠡᠳ ᠴᠢᠭᠢᠭ ᠨᠦᠢᠳᠡᠨ ᠲᠠᠷᠢᠶᠠᠨ ᠭᠠᠵᠠᠷ ᠡᠭᠦᠷᠯᠡᠭᠦ ᠲᠤᠷᠠᠳᠡᠢ᠃ ᠲᠠᠷᠢᠶᠠᠨ ᠳᠤ ᠡᠭᠦᠷᠯᠡᠭᠦ ᠳᠡᠭᠡᠨ ᠲᠠᠷᠢᠶᠠᠨ ᠲᠠᠯᠠᠩ᠂ ᠢᠯᠠᠩᠭᠤᠶ᠎ᠠ ᠡᠪᠡᠰᠤ ᠬᠤᠯᠤᠰᠤ ᠲᠠᠢ ᠲᠠᠷᠢᠶᠠᠨ ᠲᠠᠯᠠᠩ᠂ ᠤᠰᠤᠨ ᠭᠤᠤ ᠰᠤᠪᠠᠭ ᠤᠨ ᠬᠠᠵᠠᠭᠤ ᠳᠤ ᠡᠭᠦᠷᠯᠡᠭᠦ ᠲᠤᠷᠠᠳᠠᠢ ᠪᠠᠶᠢᠳᠠᠭ᠃ ᠡᠭᠦᠷ ᠨᠦᠭᠡ ᠶᠢᠨ ᠪᠦᠳᠦᠴᠡ ᠨᠢ ᠲᠦᠭᠦᠮ᠂ ᠦᠷᠭᠦᠯᠵᠢ 2~3 ᠠᠮᠠ ᠲᠠᠢ᠂ ᠭᠡᠪᠳᠡᠰᠢ ᠪᠠᠨ ᠲᠠᠷᠢᠮᠠᠯ ᠤᠨ ᠡᠰᠢ ᠭᠤᠤᠷᠰᠤ᠂ ᠡᠪᠡᠰᠤ ᠨᠠᠪᠴᠢ ᠪᠠᠷ ᠵᠠᠰᠠᠵᠤ᠂ ᠶᠠᠷᠦᠩᠭᠡᠢ ᠳᠡᠭᠡᠨ ᠡᠭᠦᠷ ᠲᠡᠭᠡᠨ ᠠᠮᠤ ᠢᠳᠡᠰᠢ ᠬᠠᠳᠠᠭᠠᠯᠠᠳᠠᠭ ᠦᠭᠡᠢ᠃ ᠤᠯᠠᠩᠭᠢ ᠳᠠᠭᠠᠨ ᠦᠳᠡᠰᠢ ᠭᠦᠳᠡᠯᠵᠤ᠂ ᠬᠠᠶᠠ ᠳᠠᠭᠠᠨ ᠡᠳᠤᠷ ᠭᠦᠳᠡᠯᠵᠤ᠂ ᠦᠷ ᠢᠶᠠᠷ ᠪᠤᠶᠤ ᠦᠳᠡᠰᠢ ᠪᠠᠷ ᠤᠯᠠᠨ ᠭᠦᠳᠡᠯᠳᠡᠭ᠃ ᠤᠯᠠᠷᠢᠯ ᠤᠨ ᠴᠢᠨᠠᠷ ᠲᠠᠢ ᠨᠡᠭᠦᠨ ᠰᠢᠯᠵᠢᠵᠤ᠂ ᠲᠠᠷᠢᠮᠠᠯ ᠤᠨ ᠪᠤᠯᠪᠠᠰᠤᠷᠠᠯᠳᠠ ᠶᠢ ᠲᠠᠭᠠᠨ ᠰᠢᠯᠵᠢᠵᠤ᠂ ᠡᠪᠤᠯ ᠳᠡᠭᠡᠨ ᠦᠷᠭᠦᠯᠵᠢ ᠲᠠᠷᠢᠶᠠᠨ ᠭᠠᠵᠠᠷ ᠲᠤ ᠰᠢᠯᠵᠢᠨ ᠲᠤᠳᠤᠷᠭ᠎ᠠ ᠪᠤᠳᠠᠭᠠᠨ ᠤ ᠲᠠᠯᠠᠪᠠᠢ᠂ ᠤᠰᠤᠨ ᠰᠤᠪᠠᠭ ᠤᠨ ᠭᠦᠪᠡᠭᠡ ᠵᠠᠬ᠎ᠠ ᠪᠠᠷ ᠡᠭᠦᠷᠯᠡᠵᠤ᠂ ᠴᠦᠭᠡᠨᠭᠭᠢ ᠨᠢ ᠡᠭᠦᠷ ᠲᠡᠭᠡᠨ ᠤᠷᠤᠵᠤ ᠡᠪᠤᠯᠵᠢᠳᠡᠭ᠃ ᠢᠳᠡᠰᠢ ᠶᠢᠨ ᠲᠠᠯ᠎ᠠ ᠪᠠᠷ ᠤᠷᠭᠤᠮᠠᠯ ᠤᠨ ᠴᠢᠨᠠᠷ ᠲᠠᠢ ᠢᠳᠡᠰᠢ ᠪᠠᠷ ᠭᠤᠤᠯ ᠪᠤᠯᠭᠠᠵᠤ᠂ ᠡᠯ᠎ᠠ ᠵᠦᠢᠯ ᠤᠨ ᠤᠷᠭᠤᠮᠠᠯ ᠤᠨ ᠦᠷ᠎ᠡ ᠶᠢ ᠢᠳᠡᠭᠦ ᠲᠤᠷᠠᠳᠡᠢ᠃ ᠤᠷᠭᠤᠮᠠᠯ ᠦᠷᠡᠯᠡᠭᠦ ᠤᠯᠠᠷᠢᠯ ᠳᠤ ᠦᠷᠭᠦᠯᠵᠢ ᠦᠷ᠎ᠡ ᠶᠢ ᠨᠢ ᠲᠡᠭᠦᠨ ᠢᠳᠡᠵᠤ᠂ ᠪᠤᠰᠤᠳ ᠤᠯᠠᠷᠢᠯ ᠳᠤ ᠤᠷᠭᠤᠮᠠᠯ ᠤᠨ ᠨᠤᠭᠤᠭᠠᠨ ᠭᠡᠰᠡᠭ᠂ ᠭᠤᠸ᠎ᠠ ᠵᠢᠮᠢᠰ ᠵᠢᠴᠢ ᠰᠢᠪᠠᠵᠢ ᠬᠤᠷᠤᠬᠠᠢ᠂ ᠴᠢᠭᠢᠭ ᠤᠨ ᠤᠯᠠᠭᠠᠨ ᠬᠤᠷᠤᠬᠠᠢ᠂ ᠮᠡᠯᠡᠭᠡᠢ ᠵᠡᠷᠭᠡ ᠶᠢ ᠢᠳᠡᠵᠤ᠂ ᠡᠪᠤᠯ ᠢᠳᠡᠰᠢ ᠬᠤᠪᠤᠷᠳᠠᠬᠤ ᠦᠶᠡᠰ ᠦᠷᠭᠦᠯᠵᠢ ᠰᠠᠭᠤᠭᠠᠯᠢ ᠠᠷᠠᠳ ᠤᠨ ᠲᠤᠭᠤᠷᠢᠭ ᠲᠤ ᠤᠷᠤᠵᠤ᠂ ᠠᠮᠤ ᠪᠤᠳᠠᠭ᠎ᠠ ᠬᠤᠯᠠᠭᠠᠶᠢᠯᠠᠨ ᠢᠳᠡᠳᠡᠭ᠃ ᠲᠠᠷᠢᠶᠠᠨ ᠬᠤᠯᠤᠭᠠᠨ᠎ᠠ ᠪᠤᠯ ᠲᠤᠳᠤᠷᠭ᠎ᠠ ᠶᠢᠨ ᠲᠠᠷᠢᠶ᠎ᠠ ᠵᠢᠴᠢ ᠴᠢᠭᠢᠭ ᠨᠦᠢᠳᠡᠨ ᠲᠠᠷᠢᠶᠠᠨ ᠭᠠᠵᠠᠷ ᠢᠶᠠᠷ ᠭᠦᠶᠦᠵᠤ᠂ ᠡᠯ᠎ᠠ ᠵᠦᠢᠯ ᠤᠨ ᠲᠠᠷᠢᠮᠠᠯ ᠤᠨ ᠴᠢᠭᠢ᠂ ᠦᠷ᠎ᠡ᠂ ᠵᠢᠮᠢᠰ ᠤᠨ ᠦᠷ᠎ᠠ᠂ ᠭᠤᠸ᠎ᠠ ᠶᠢᠨ ᠦᠷ᠎ᠠ᠂ ᠨᠤᠭᠤᠭ᠎ᠠ ᠴᠠᠭ᠎ᠠ ᠶᠢ ᠢᠳᠡᠳᠡᠭ᠃ ᠢᠳᠡᠭᠦ ᠳᠡᠭᠡᠨ ᠭᠤᠤᠯ ᠨᠢ ᠲᠠᠷᠢᠮᠠᠯ ᠤᠨ ᠡᠰᠢ ᠭᠤᠤᠷᠰᠤ ᠶᠢ ᠭᠡᠮᠡᠯᠢᠵᠤ ᠬᠤᠭᠤᠯᠤᠭᠠᠳ ᠦᠷ᠎ᠡ ᠶᠢ ᠨᠢ ᠲᠡᠭᠦᠵᠤ ᠢᠳᠡᠵᠤ᠂ ᠲᠠᠷᠢᠶ᠎ᠠ ᠲᠠᠷᠢᠬᠤ ᠠᠴᠠ ᠪᠠᠨ ᠠᠪᠤᠭᠠᠳ ᠪᠤᠯᠪᠠᠰᠤᠷᠠᠬᠤ ᠭᠦᠷᠳᠡᠯ᠎ᠠ ᠴᠦᠮ ᠰᠦᠢᠳᠭᠡᠳᠡᠭ᠃ ᠲᠤᠳᠤᠷᠭᠠᠨ ᠲᠠᠷᠢᠶᠠᠨ ᠳᠤ ᠦᠷᠭᠦᠯᠵᠢ ᠲᠤᠳᠤᠷᠭ᠎ᠠ ᠶᠢᠨ ᠭᠦᠪᠤᠷᠠᠯ᠂ ᠭᠦᠭᠡ ᠴᠢᠭᠢ ᠶᠢ ᠬᠤᠯᠠᠭᠠᠶᠢᠯᠠᠨ ᠢᠳᠡᠵᠤ᠂ ᠲᠤᠳᠤᠷᠭᠠᠨ ᠤ ᠡᠰᠢ ᠶᠢ ᠭᠡᠮᠡᠯᠢᠭᠦ ᠪᠤᠶᠤ ᠲᠦᠷᠦᠭᠦᠳᠤᠭᠡᠳᠦᠢ ᠴᠢᠭᠢ ᠪᠠ ᠲᠠᠷᠢᠶᠠᠨ ᠲᠦᠷᠦᠭᠦᠤ ᠶᠢ ᠬᠠᠵᠠᠵᠤ ᠲᠠᠰᠤᠳᠠᠳᠠᠭ᠃ ᠲᠠᠷᠢᠶ᠎ᠠ ᠲᠦᠷᠤᠬᠦᠳᠤᠬᠦ ᠬᠤᠭᠤᠴᠠᠭᠠᠨ ᠳᠤ ᠨᠢᠯᠬ᠎ᠠ ᠲᠦᠷᠦᠭᠦᠤ ᠶᠢ ᠢᠳᠡᠵᠤ᠂ ᠲᠠᠷᠢᠶ᠎ᠠ ᠪᠤᠯᠪᠠᠰᠤᠷᠠᠬᠤ ᠦᠶ᠎ᠠ ᠳᠤ ᠲᠤᠳᠤᠷᠭ᠎ᠠ ᠶᠢᠨ ᠡᠰᠢ ᠶᠢ ᠨᠢ ᠲᠠᠷᠦᠵᠤ ᠤᠨᠠᠭᠠᠭᠠᠳ ᠲᠦᠷᠦᠭᠦᠤ ᠶᠢ ᠨᠢ ᠲᠠᠰᠤᠳᠠᠨ ᠢᠳᠡᠳᠡᠭ ᠪᠠᠶᠢᠨ᠎ᠠ᠃ ᠪᠤᠭᠤᠳᠠᠢ ᠶᠢᠨ ᠲᠠᠷᠢᠶᠠᠨ ᠳᠤ ᠮᠦᠨ ᠨᠢᠬᠡ ᠯᠠ ᠠᠳᠠᠯᠢ ᠪᠤᠭᠤᠳᠠᠢ ᠶᠢᠨ ᠴᠢᠭᠢ᠂ ᠲᠦᠷᠦᠭᠦᠤ ᠶᠢ ᠲᠠᠰᠤᠳᠠᠨ ᠢᠳᠡᠵᠤ᠂ ᠢᠯᠠᠩᠭᠤᠶ᠎ᠠ ᠪᠤᠭᠤᠳᠠᠢ ᠪᠤᠯᠪᠠᠰᠤᠷᠠᠬᠤ ᠦᠶᠡᠰ ᠡᠰᠢ ᠶᠢ ᠨᠢ ᠲᠠᠷᠤᠵᠤ ᠨᠤᠭᠤᠯᠵᠤ ᠪᠠᠶᠢᠭᠠᠳ ᠲᠦᠷᠦᠭᠦᠤ ᠶᠢ ᠨᠢ ᠲᠡᠭᠦᠵᠤ ᠢᠳᠡᠳᠡᠭ᠃ ᠰᠢᠰᠢ ᠶᠢᠨ ᠲᠠᠷᠢᠶᠠᠨ ᠳᠤ ᠪᠤᠯ ᠦᠷᠭᠦᠯᠵᠢ ᠨᠢᠯᠬ᠎ᠠ ᠴᠢᠭᠢ ᠶᠢ ᠢᠳᠡᠭᠦ ᠪᠠ ᠪᠤᠯᠪᠠᠰᠤᠷᠬᠠᠰᠠᠨ ᠦᠶᠡᠰ ᠡᠰᠢ ᠶᠢ ᠨᠢ ᠲᠠᠭᠠᠨ ᠤᠷᠤᠢ ᠳᠤᠨᠢ ᠮᠠᠴᠤᠵᠤ ᠭᠠᠷᠤᠭᠠᠳ ᠲᠦᠷᠦᠭᠦᠤ ᠶᠢ ᠨᠢ ᠢᠳᠡᠳᠡᠭ ᠪᠦᠭᠡᠳ ᠡᠰᠢ ᠶᠢ ᠨᠢ ᠭᠠᠵᠠᠷ ᠲᠦᠭᠦᠷᠡᠩ ᠲᠠᠷᠤᠵᠤ ᠤᠨᠠᠭᠠᠠᠠᠰᠠᠨ ᠪᠠᠶᠢᠳᠠᠭ᠃ ᠭᠤᠸ᠎ᠠ ᠶᠢᠨ ᠲᠠᠷᠢᠶᠠᠨ ᠳᠤ ᠪᠤᠯ ᠨᠠᠪᠴᠢ᠂ ᠦᠷ᠎ᠠ᠂ ᠴᠢᠭᠢ ᠶᠢ ᠨᠢ ᠲᠠᠰᠤᠳᠠᠨ ᠢᠳᠡᠳᠡᠭ᠃ ᠡᠭᠦᠨ ᠤ ᠬᠠᠮᠳᠤ ᠪᠠᠰᠠ ᠠᠶᠢᠯ ᠡᠷᠦᠭᠡ ᠳᠤ ᠨᠡᠭᠦᠨ ᠤᠷᠤᠵᠤ᠂ ᠬᠠᠯᠳᠠᠪᠤᠷᠢᠳᠤ ᠴᠢᠨᠠᠷ ᠲᠠᠢ ᠴᠢᠰᠤᠨ ᠬᠠᠯᠠᠭᠤᠨ ᠡᠪᠡᠳᠴᠢᠨ ᠢ ᠲᠡᠯᠭᠡᠷᠡᠭᠦᠯᠭᠦ ᠭᠤᠤᠯ ᠡᠵᠡᠨ ᠨᠢ ᠪᠤᠯᠵᠤ᠂ ᠠᠷᠠᠳ ᠤᠯᠠᠨ ᠤ ᠪᠡᠶ᠎ᠠ ᠮᠠᠬᠠᠪᠤᠳ ᠤᠨ ᠡᠷᠡᠭᠦᠯ ᠮᠡᠨᠳᠤ ᠳᠤ ᠲᠤᠩ ᠶᠡᠭᠡ ᠭᠦᠨᠦᠭᠡᠯ ᠤᠴᠠᠷᠠᠭᠤᠯᠳᠠᠭ᠃ ᠲᠠᠷᠢᠶᠠᠨ ᠬᠤᠯᠤᠭᠠᠨ᠎ᠠ ᠨᠢ ᠵᠢᠯ ᠳᠤ ᠭᠤᠷᠪᠡ ᠠᠴᠠ ᠲᠠᠪᠤᠨ ᠡᠭᠦᠷ ᠵᠤᠯᠵᠠᠭᠠᠯᠠᠵᠤ᠂ ᠡᠭᠦᠷ ᠪᠦᠷᠢ 5~7 ᠵᠤᠯᠵᠠᠭᠠᠯᠠᠳᠠᠭ᠃ ︵2︶ ᠰᠢᠷ᠎ᠠ ᠬᠤᠯᠤᠭᠠᠨ᠎ᠠ ︵ᠪᠠᠰᠠ ᠲᠠᠷᠢᠶᠠᠨ ᠬᠤᠯᠤᠭᠠᠨ᠎ᠠ ᠭᠡᠳᠡᠭ︶᠄ ᠮᠡᠷᠡᠭᠴᠢ ᠪᠠᠭ᠂ ᠬᠤᠯᠤᠭᠠᠨ᠎ᠠ ᠶᠢᠨ ᠢᠵᠠᠭᠤᠷ ᠲᠤ ᠬᠠᠷᠢᠶᠠᠯᠬᠠᠳᠠᠨ᠎ᠠ᠃ ᠲᠤᠮᠳᠠ ᠶᠢᠨ ᠪᠡᠶ᠎ᠠ ᠲᠠᠢ᠂ ᠨᠠᠷᠢᠬᠠᠨ᠂ ᠪᠡᠶ᠎ᠠ ᠶᠢᠨ ᠤᠷᠳᠤ ᠨᠢ 140~180mm᠂ ᠰᠡᠭᠦᠯ ᠤᠨ ᠤᠷᠳᠤ ᠨᠢ ᠪᠡᠶ᠎ᠠ ᠶᠢᠨ ᠤᠷᠳᠤ ᠲᠠᠢ ᠪᠠᠨ ᠠᠳᠠᠯᠢ ᠪᠤᠶᠤ ᠵᠢᠭᠠᠬᠠᠨ ᠤᠷᠳᠤ ᠪᠠᠶᠢᠳᠠᠭ᠃ ᠭᠡᠷ ᠤᠨ ᠭᠦᠷᠡᠩ ᠬᠤᠯᠤᠭᠠᠨ᠎ᠠ ᠶᠢᠨ ᠬᠢ ᠶᠢ ᠪᠤᠳᠤᠪᠠᠯ ᠤᠷᠳᠤ ᠪᠦᠭᠡᠳ ᠨᠠᠷᠢᠨ᠂ ᠴᠢᠭᠢ ᠨᠢ ᠬᠤᠯᠤᠭᠠᠷ ᠪᠦᠭᠡᠳ ᠨᠢᠮᠭᠡᠨ᠂ ᠬᠤᠶᠢᠳᠤ ᠭᠦᠯ ᠨᠢ ᠤᠬᠤᠷ᠂ ᠶᠠᠷᠦᠩᠭᠡᠢ ᠳᠡᠭᠡᠨ 33mm ᠪᠠᠶᠢᠳᠠᠭ᠃ ᠡᠮ᠎ᠠ ᠬᠤᠯᠤᠭᠠᠨ᠎ᠠ ᠨᠢ 6 ᠭᠦᠭᠦ ᠲᠠᠢ᠂ ᠡᠪᠴᠢᠭᠦᠨ ᠭᠡᠰᠡᠭ ᠲᠤᠨᠢ ᠭᠤᠷᠪᠡ᠂ ᠭᠡᠪᠡᠯᠢ ᠳᠤᠨᠢ ᠭᠤᠷᠪᠡ ᠪᠠᠶᠢᠳᠠᠭ᠃ ᠨᠢᠷᠤᠭᠤᠨ ᠤ ᠦᠰᠤ ᠨᠢ ᠰᠢᠷᠠᠪᠳᠤᠷ ᠪᠤᠶᠤ ᠤᠯᠠᠪᠤᠷ ᠦᠡᠭᠭᠡ ᠲᠠᠢ᠂ ᠭᠡᠪᠡᠯᠢ ᠨᠢ ᠴᠠᠶᠢᠪᠤᠷ ᠦᠡᠭᠭᠡ ᠲᠠᠢ᠂ ᠰᠡᠭᠦᠯ ᠨᠢ ᠨᠢᠬᠡ ᠯᠠ ᠦᠡᠭᠭᠡ ᠲᠠᠢ᠂ ᠲᠡᠭᠡᠷ᠎ᠡ ᠲᠠᠯ᠎ᠠ ᠨᠢ ᠭᠦᠷᠡᠩᠳᠤᠷ᠂ ᠲᠤᠤᠷ᠎ᠠ ᠲᠠᠯ᠎ᠠ ᠨᠢ ᠵᠢᠭᠠᠬᠠᠨ ᠬᠦᠢᠬᠡᠨ᠂ ᠰᠡᠭᠦᠯ ᠤᠨ ᠦᠵᠦᠭᠦᠷ ᠤᠨ ᠴᠠᠭᠠᠷᠢᠭ ᠤᠨ ᠭᠡᠰᠡᠭ ᠲᠤᠨᠢ ᠨᠢᠠᠠᠳᠠ ᠪᠦᠭᠡᠳ ᠤᠬᠤᠷᠬᠠᠨ ᠭᠦᠷᠡᠩ ᠦᠰᠤ ᠲᠠᠢ᠂ ᠰᠡᠭᠦᠯ ᠨᠢ ᠢᠯᠠᠷᠭᠡᠢ ᠴᠠᠭᠠᠷᠢᠭᠯᠠᠭᠰᠠᠨ ᠦᠭᠡᠢ ᠪᠠᠶᠢᠳᠠᠭ᠃ ᠰᠢᠷ᠎ᠠ ᠬᠤᠯᠤᠭᠠᠨ᠎ᠠ ᠪᠤᠯ ᠭᠦᠭᠡ ᠮᠦᠷᠡᠨ ᠠᠴᠠ ᠡᠮᠦᠨᠡᠭᠢ ᠡᠯ᠎ᠡ ᠮᠤᠵᠢ ᠤᠷᠤᠨ ᠳᠤ ᠦᠷᠭᠡᠨ ᠢᠶᠠᠷ ᠲᠠᠷᠬᠠᠵᠤ ᠪᠠᠶᠢᠭ᠎ᠠ ᠲᠠᠷᠢᠶᠠᠨ ᠤ ᠭᠦᠨᠦᠭᠡᠯᠳᠤ ᠬᠤᠯᠤᠭᠠᠨ᠎ᠠ ᠪᠤᠯᠤᠨ᠎ᠠ᠃ ᠤᠰᠤᠨ ᠠᠴᠠ ᠤᠶᠢᠷᠠᠯᠴᠠᠭ᠎ᠠ ᠲᠠᠷᠢᠶᠠᠨ ᠲᠠᠯᠠᠩ᠂ ᠵᠢᠵᠢᠭ ᠭᠤᠷᠤᠬ᠎ᠠ᠂ ᠭᠤᠤ ᠰᠤᠪᠠᠭ᠂ ᠮᠤᠳᠤᠨ ᠦᠨᠳᠤᠰᠤ ᠵᠡᠷᠭᠡ ᠴᠢᠭᠢᠭ ᠨᠦᠢᠳᠡᠨ ᠤᠷᠴᠢᠨ ᠳᠤ ᠡᠭᠦᠷᠯᠡᠵᠤ᠂ ᠡᠭᠦᠷ ᠨᠢ 2~4 ᠠᠮᠠ ᠲᠠᠢ᠂ ᠤᠯᠠᠨ ᠳᠠᠭᠠᠨ 6 ᠠᠮᠠ ᠲᠠᠢ᠂ ᠨᠦᠭᠡ ᠨᠢ ᠤᠯᠠᠨ ᠰᠠᠯᠪᠤᠷᠢ ᠲᠠᠢ᠂ ᠨᠢᠭᠡ ᠡᠭᠦᠷ ᠲᠤ ᠨᠢᠬᠡ ᠯᠠ ᠭᠡᠪᠳᠡᠰᠢ ᠲᠠᠢ ᠪᠦᠭᠡᠳ ᠤᠯᠠᠨ ᠳᠠᠭᠠᠨ ᠭᠤᠷᠪᠡᠨ ᠭᠡᠪᠳᠡᠰᠢ ᠲᠠᠢ ᠪᠠᠶᠢᠵᠤ᠂ ᠲᠤᠳᠤᠷᠭᠠᠨ ᠰᠦᠷᠡᠯ ᠪᠤᠶᠤ ᠡᠪᠡᠰᠤ ᠲᠠᠪᠢᠰᠦᠭᠰᠡᠨ ᠪᠠᠶᠢᠳᠠᠭ᠃ ᠨᠦᠭᠡᠨ ᠤ ᠭᠠᠳᠠᠨ᠎ᠠ ᠨᠢ ᠵᠢᠵᠢᠭ ᠰᠢᠷᠤᠢ ᠶᠢᠨ ᠤᠪᠤᠭ᠎ᠠ ᠲᠠᠢ᠃ ᠨᠦᠭᠡᠨ ᠤ ᠠᠮᠠᠰᠠᠷ ᠲᠤᠨᠢ ᠬᠤᠯᠤᠭᠠᠨ᠎ᠠ ᠶᠢᠨ ᠪᠠᠭᠠᠰᠤ ᠪᠠ ᠭᠦᠶᠦᠳᠡᠯ ᠤᠨ ᠵᠠᠮ ᠲᠠᠢ ᠪᠠᠶᠢᠳᠠᠭ᠃ ᠡᠳᠤᠷ ᠰᠦᠨᠢ ᠦᠭᠡᠢ ᠭᠦᠳᠡᠯᠭᠡᠭᠡᠨ ᠭᠢᠳᠡᠭ ᠪᠦᠭᠡᠳ ᠭᠦᠳᠡᠯᠭᠡᠭᠡᠨ ᠭᠢᠭᠦ ᠴᠠᠭ ᠪᠠ ᠭᠡᠪᠴᠢᠶ᠎ᠠ ᠨᠢ ᠤᠯᠠᠷᠢᠯ ᠤᠨ ᠬᠤᠪᠢᠷᠠᠯᠳᠠ ᠪᠡ ᠢᠳᠡᠰᠢ ᠤᠤᠭᠤᠰᠢ ᠶᠢᠨ ᠡᠯᠪᠡᠭ ᠤᠨ ᠭᠡᠮᠵᠢᠶ᠎ᠠ ᠶᠢ ᠲᠠᠭᠠᠨ ᠬᠤᠪᠢᠷᠠᠵᠤ ᠪᠠᠶᠢᠳᠠᠭ᠃ ᠤᠯᠠᠨ ᠵᠦᠢᠯ ᠤᠨ ᠲᠠᠷᠢᠮᠠᠯ ᠢ ᠰᠦᠢᠳᠭᠡᠳᠡᠭ ᠪᠦᠭᠡᠳ ᠪᠠᠰᠠ ᠵᠢᠷᠠᠭᠠᠬᠠᠢ᠂ ᠰᠢᠪᠡᠵᠢ ᠬᠤᠷᠤᠬᠠᠢ᠂ ᠮᠠᠯᠡᠭᠡᠢ᠂ ᠰᠠᠮ᠂ ᠨᠠᠢᠮᠠᠯᠵᠢ ᠵᠢᠴᠢ ᠪᠦᠷᠡᠭᠡ ᠬᠤᠷᠤᠬᠠᠢ ᠶᠢ ᠪᠠᠷᠢᠵᠤ ᠢᠳᠡᠳᠡᠭ᠃ ᠪᠠᠰᠠ ᠲᠤᠳᠤᠷᠭ᠎ᠠ ᠪᠤᠭᠤᠳᠠᠢ ᠶᠢᠨ ᠨᠢᠯᠬ᠎ᠠ ᠴᠢᠭᠢ ᠦᠷ᠎ᠠ ᠶᠢ ᠢᠳᠡᠵᠤ᠂ ᠭᠤᠤᠯ ᠨᠢ ᠲᠤᠳᠤᠷᠭ᠎ᠠ ᠪᠠᠷ ᠭᠤᠤᠯ ᠪᠤᠯᠭᠠᠵᠤ᠂ ᠲᠤᠳᠤᠷᠭ᠎ᠠ ᠲᠦᠷᠦᠭᠦᠯᠡᠭᠡᠳ ᠴᠠᠴᠡᠭᠯᠡᠭᠦ ᠦᠶᠡᠰ ᠡᠰᠢ ᠶᠢ ᠨᠢ ᠭᠡᠮᠡᠯᠢᠵᠤ᠂ ᠲᠦᠷᠦᠭᠦᠳᠤᠵᠤ ᠪᠤᠯᠪᠠᠰᠤᠷᠠᠬᠤ ᠦᠶᠡᠰ ᠲᠤᠳᠤᠷᠭ᠎ᠠ ᠶᠢᠨ ᠬᠠᠯᠢᠰᠤ ᠶᠢ ᠨᠢ ᠱᠠᠭᠠᠯᠤᠭᠠᠳ ᠮᠦᠭᠦᠯᠢᠭ ᠢ ᠨᠢ ᠲᠡᠭᠦᠵᠤ ᠢᠳᠡᠳᠡᠭ᠃ ᠮᠡᠳᠡᠭᠡᠯᠡᠯ ᠢ ᠦᠨᠳᠦᠰᠦᠯᠡᠪᠡᠯ ᠨᠢᠭᠡ ᠰᠢᠷ᠎ᠠ ᠬᠤᠯᠤᠭᠠᠨ᠎ᠠ ᠡᠳᠤᠷ ᠲᠤ 100 ᠭᠠᠷᠤᠢ ᠡᠰᠢ ᠲᠤᠳᠤᠷᠭ᠎ᠠ ᠶᠢ ᠢᠳᠡᠵᠤ᠂ ᠭᠦᠨᠳᠤ ᠨᠤᠴᠢᠳᠡᠢ ᠭᠠᠵᠠᠷ ᠤᠷᠤᠨ ᠪᠤᠯ 20%~30% ᠶᠢᠨ ᠬᠤᠷᠢᠶᠠᠯᠳᠠ ᠯᠨ ᠠᠪᠳᠠᠭ ᠭᠡᠨ᠎ᠠ᠃ ᠰᠢᠷ᠎ᠠ ᠬᠤᠯᠤᠭᠠᠨ᠎ᠠ ᠪᠠᠰᠠ ᠪᠤᠰᠤᠳ ᠵᠦᠢᠯ ᠤᠨ ᠨᠤᠭᠤᠭ᠎ᠠ ᠴᠠᠭ᠎ᠠ ᠶᠢ ᠭᠦᠨᠦᠭᠡᠳᠡᠭ᠃ ᠵᠢᠱᠢᠶᠡᠯᠡᠪᠡᠯ ᠰᠢᠭᠢᠷᠳᠦ ᠲᠦᠮᠦᠰᠤ᠂ ᠡᠯ᠎ᠠ ᠵᠦᠢᠯ ᠤᠨ ᠭᠤᠸ᠎ᠠ᠂ ᠪᠤᠷᠴᠠᠭ ᠪᠠ ᠵᠦᠷᠵᠢ ᠶᠢᠨ ᠮᠤᠳᠤᠨ ᠤ ᠬᠠᠯᠢᠰᠤ ᠵᠢᠴᠢ ᠨᠠᠭᠤᠷ ᠴᠦᠭᠦᠷᠤᠮ ᠤᠨ ᠵᠢᠵᠢᠭ ᠵᠢᠭᠠᠰᠤ ᠶᠢ ᠴᠤ ᠠᠳᠠᠯᠢ ᠪᠤᠰᠤ ᠭᠡᠮᠵᠢᠶ᠎ᠠ ᠪᠠᠷ ᠭᠦᠨᠦᠭᠡᠳᠡᠭ ᠪᠠᠶᠢᠨ᠎ᠠ᠃ ᠰᠢᠷ᠎ᠠ ᠬᠤᠯᠤᠭᠠᠨ᠎ᠠ ᠶᠢᠨ ᠦᠷᠡᠵᠢᠯ ᠤᠨ ᠴᠢᠳᠠᠪᠤᠷᠢ ᠨᠢ ᠮᠠᠰᠢ ᠴᠢᠩᠭ᠎ᠠ᠂ ᠵᠢᠯ ᠤᠨ ᠲᠦᠷᠪᠡᠨ ᠤᠯᠠᠷᠢᠯ ᠳᠤ ᠴᠦᠮ ᠵᠤᠯᠵᠠᠭᠠᠯᠠᠵᠤ᠂ ᠡᠭᠦᠷ ᠪᠦᠷᠢ ᠲᠤᠮᠳᠡᠴᠢ ᠪᠠᠷ 5~6 ᠵᠤᠯᠵᠠᠭᠠᠯᠠᠵᠤ᠂ ᠪᠠᠭ᠎ᠠ ᠳᠠᠭᠠᠨ 2᠂ ᠤᠯᠠᠨ ᠳᠠᠭᠠᠨ 13 ᠳᠤ ᠭᠦᠷᠳᠡᠭ ᠪᠠᠶᠢᠨ᠎ᠠ᠃ ︵3︶ ᠦᠭᠡᠷ ᠤᠠᠠᠳᠤᠢ ︵ᠪᠠᠰᠠ ᠡᠷᠢᠶᠠᠨ ᠤᠠᠠᠳᠤᠢ ᠭᠡᠳᠡᠭ︶᠄ ᠮᠡᠷᠡᠭᠴᠢ ᠶᠢᠨ ᠪᠠᠭ ᠤᠠᠠᠳᠤᠢ ᠶᠢᠨ ᠢᠵᠠᠭᠤᠷ᠂ ᠤᠠᠠᠳᠤᠢ ᠶᠢᠨ ᠲᠡᠳ᠋ ᠢᠵᠠᠭᠤᠷ ᠲᠤ ᠬᠠᠷᠢᠶᠠᠯᠬᠠᠳᠠᠨ᠎ᠠ᠃ ᠪᠠᠶ᠎ᠠ ᠨᠢ ᠪᠤᠠᠳᠤᠭᠤᠷ ᠪᠤᠭᠤᠨᠢᠬᠠᠨ᠂ ᠪᠡᠶ᠎ᠠ ᠶᠢᠨ ᠤᠷᠳᠤ ᠨᠢ 75~120mm᠂ ᠴᠢᠭᠢ ᠨᠢ ᠬᠤᠯᠤᠭᠠᠷ ᠲᠤᠭᠤᠷᠢᠭ᠂ ᠬᠤᠶᠢᠳᠤ ᠭᠦᠯ ᠨᠢ ᠪᠤᠭᠤᠨᠢ᠂ ᠰᠡᠭᠦᠯ ᠨᠢ ᠤᠬᠤᠷ᠂ ᠪᠡᠶ᠎ᠠ ᠶᠢᠨ ᠤᠷᠳᠤ ᠶᠢᠨ ᠢᠶᠠᠨ ᠲᠦᠷᠪᠡᠨ ᠤ ᠨᠢᠭᠡ ᠠᠴᠠ ᠵᠢᠭᠠᠬᠠᠨ ᠤᠷᠳᠤ ᠪᠠᠶᠢᠳᠠᠭ᠃ ᠵᠠᠪᠠᠵᠢ ᠶᠢᠨ ᠤᠭᠤᠳᠠ ᠲᠠᠢ᠂ ᠡᠮ᠎ᠠ ᠤᠠᠠᠳᠤᠢ ᠨᠢ 8 ᠭᠦᠭᠦ ᠲᠠᠢ᠂ ᠨᠢᠷᠤᠭᠤᠨ ᠦᠰᠤ ᠨᠢ ᠭᠦᠷᠡᠩ ᠪᠤᠶᠤ ᠤᠯᠠᠪᠤᠷ ᠭᠦᠷᠡᠩ ᠦᠡᠭᠭᠡ ᠲᠠᠢ᠂ ᠨᠢᠷᠤᠭᠤ ᠪᠠᠨ ᠲᠠᠭᠠᠭᠠᠳ ᠨᠢᠭᠡ ᠵᠤᠷᠪᠤᠰ ᠬᠠᠷ᠎ᠠ ᠰᠤᠳᠠᠰᠤ ᠲᠠᠢ᠃ ᠭᠡᠪᠡᠯᠢ ᠭᠢᠭᠡᠳ ᠰᠤᠭᠤ ᠴᠠᠪᠢᠨ ᠤ ᠦᠰᠤ ᠨᠢ ᠴᠠᠭᠠᠨ ᠪᠠᠶᠢᠳᠠᠭ᠃ ᠰᠡᠭᠦᠯ ᠨᠢ ᠬᠤᠶᠠᠷ ᠦᠡᠭᠭᠡ ᠲᠠᠢ᠂ ᠲᠡᠬᠡᠷ᠎ᠠ ᠲᠠᠯ᠎ᠠ ᠨᠢ ᠰᠢᠷᠠᠪᠳᠤᠷ᠂ ᠲᠤᠤᠷ᠎ᠠ ᠲᠠᠯ᠎ᠠ ᠨᠢ ᠴᠠᠶᠢᠪᠤᠷ ᠪᠠᠶᠢᠳᠠᠭ᠃ ᠦᠭᠡᠷ ᠤᠠᠠᠳᠤᠢ ᠪᠤᠯ ᠤᠯᠠᠩᠭᠢ ᠳᠠᠭᠠᠨ ᠲᠠᠯ᠎ᠠ ᠶᠢᠨ ᠲᠠᠷᠢᠶ᠎ᠠ᠂ ᠭᠤᠤ ᠵᠢᠯᠠᠭ᠎ᠠ ᠶᠢᠨ ᠭᠦᠪᠡᠭᠡ᠂ ᠠᠳᠠᠷ᠂ ᠬᠠᠭᠠᠰ ᠠᠳᠠᠷ᠂ ᠰᠦᠭᠡᠭ ᠵᠢᠴᠢ ᠬᠠᠭᠤᠷᠠᠢ ᠲᠠᠯ᠎ᠠ ᠵᠡᠷᠭᠡ ᠭᠠᠩ ᠬᠠᠭᠤᠷᠠᠢ ᠤᠷᠤᠨ ᠳᠤ ᠨᠤᠳᠤᠠᠠᠰᠢᠵᠤ᠂ ᠲᠠᠷᠢᠶᠠᠨ ᠲᠤᠮᠳᠠ ᠪᠤᠯ ᠪᠤᠷᠴᠠᠭ᠂ ᠰᠠᠮᠤᠷ᠂ ᠮᠠᠭᠠᠵᠢ ᠶᠢᠨ ᠲᠠᠷᠢᠶᠠᠨ ᠳᠤ ᠬᠠᠮᠤᠭ ᠤᠨ ᠤᠯᠠᠨ ᠪᠠᠶᠢᠳᠠᠭ᠃ ᠡᠭᠦᠷ ᠨᠢ ᠲᠦᠷ ᠴᠠᠭ ᠤᠨ ᠡᠭᠦᠷ᠂ ᠰᠠᠭᠤᠬᠤ ᠡᠭᠦᠷ᠂ ᠨᠤᠳᠤᠠᠠᠯᠠᠬᠤ ᠡᠭᠦᠷ ᠭᠡᠵᠤ ᠪᠠᠶᠢᠳᠠᠭ᠃ ᠲᠦᠷ ᠴᠠᠭ ᠤᠨ ᠡᠭᠦᠷ ᠤᠨ ᠪᠦᠳᠦᠴᠡ ᠢ ᠲᠤᠩ ᠲᠦᠭᠦᠮ᠂ ᠨᠢᠬᠡ ᠯᠠ ᠠᠮᠠ ᠲᠠᠢ᠂ ᠨᠦᠭᠡ ᠨᠢ 40~50cm ᠤᠷᠳᠤ᠂ ᠰᠠᠭᠤᠬᠤ ᠨᠦᠭᠡ ᠨᠢ 1~5 ᠠᠮᠠ ᠲᠠᠢ᠂ ᠨᠦᠭᠡ ᠨᠢ ᠴᠤ ᠲᠦᠷ ᠴᠠᠭ ᠤᠨ ᠬᠢ ᠠᠴᠠ ᠤᠷᠳᠤ᠂ ᠭᠡᠪᠳᠡᠰᠢ ᠲᠠᠢ᠃ ᠨᠤᠳᠤᠠᠠᠯᠠᠨ ᠰᠠᠭᠤᠬᠤ ᠨᠦᠭᠡ ᠨᠢ ᠮᠠᠰᠢ ᠪᠤᠳᠤᠯᠢᠶᠠᠨ ᠲᠠᠢ᠂ ᠨᠦᠭᠡ ᠨᠢ 2m ᠠᠴᠠ ᠢᠯᠡᠭᠦᠤ ᠤᠷᠳᠤ᠂ ᠲᠤᠳᠤᠷ᠎ᠠ ᠨᠢ ᠶᠡᠭᠡ ᠭᠡᠮᠵᠢᠶᠠᠨ ᠤ ᠠᠮᠤ ᠦᠷ᠎ᠠ ᠶᠢᠨ ᠬᠠᠳᠠᠭᠠᠯᠬᠠᠳᠠᠴᠠ ᠲᠠᠢ᠃ ᠭᠡᠪᠳᠡᠰᠢ ᠨᠢ ᠭᠠᠵᠠᠷ ᠠᠴᠠ ᠨᠡᠯᠢᠶᠡᠳ ᠭᠦᠨ᠂ ᠬᠠᠮᠤᠭ ᠤᠨ ᠭᠦᠨ ᠨᠢ 2.5m ᠤᠷᠴᠢᠮ ᠪᠠᠶᠢᠵᠤ᠂ ᠡᠪᠡᠰᠤ᠂ ᠡᠪᠡᠰᠤᠨ ᠤ ᠦᠨᠳᠤᠰᠤ ᠪᠠ ᠮᠤᠳᠤᠨ ᠤ ᠬᠠᠯᠢᠰᠤ ᠵᠡᠷᠭᠡ ᠶᠢ ᠲᠠᠪᠢᠰᠳᠡᠭ᠃ ᠭᠤᠤᠯ ᠨᠢ ᠰᠦᠨᠢ ᠳᠡᠭᠡᠨ ᠭᠦᠳᠡᠯᠭᠡᠭᠡᠨ ᠭᠢᠵᠤ᠂ ᠡᠳᠤᠷ ᠭᠠᠷᠴᠤ ᠢᠷᠡᠭᠦ ᠨᠢ ᠲᠤᠩ ᠴᠦᠭᠡᠨ᠂ ᠡᠪᠤᠯ ᠤᠨ ᠢᠳᠡᠰᠢᠨ ᠤ ᠠᠮᠤ ᠲᠠᠷᠢᠶ᠎ᠠ ᠬᠠᠳᠠᠭᠠᠯᠠᠭᠠᠳ᠂ ᠡᠪᠤᠯ ᠪᠤᠯᠪᠠᠯ ᠨᠦᠭᠡᠨ ᠳᠡᠭᠡᠨ ᠢᠴᠡᠭᠡᠯᠡᠨ ᠰᠠᠭᠤᠵᠤ᠂ ᠭᠦᠳᠡᠯᠭᠡᠭᠡᠨ ᠭᠢᠭᠦ ᠭᠡᠪᠴᠢᠶ᠎ᠠ ᠨᠢ ᠲᠤᠩ ᠴᠦᠭᠡᠨ ᠪᠠᠶᠢᠳᠠᠭ᠃ ᠭᠤᠤᠯ ᠨᠢ ᠤᠷᠭᠤᠮᠠᠯ ᠤᠨ ᠦᠷ᠎ᠡ᠂ ᠲᠠᠷᠢᠮᠠᠯ ᠤᠨ ᠦᠷ᠎ᠠ ᠪᠠ ᠡᠪᠡᠰᠤᠨ ᠤ ᠦᠷ᠎ᠡ ᠢᠳᠡᠵᠤ᠂ ᠤᠷᠭᠤᠮᠠᠯ ᠤᠨ ᠨᠤᠭᠤᠭᠠᠨ ᠵᠦᠢᠯ ᠪᠡ ᠬᠤᠷᠤᠬᠠᠢ ᠰᠢᠪᠡᠵᠢ ᠶᠢ ᠪᠠᠭ᠎ᠠ ᠢᠳᠡᠳᠡᠭ᠃ ᠦᠭᠡᠷ ᠤᠠᠠᠳᠤᠢ ᠪᠤᠯ ᠲᠠᠷᠢᠶᠠᠯᠠᠩ ᠤᠨ ᠭᠦᠨᠦᠭᠡᠯᠳᠤ ᠬᠤᠯᠤᠭᠠᠨ᠎ᠠ ᠪᠤᠯᠬᠤ ᠪᠦᠭᠡᠳ ᠤᠮᠠᠷᠠᠳᠤ ᠤᠷᠤᠨ ᠤ ᠭᠤᠤᠯ ᠲᠠᠷᠢᠮᠠᠯ ᠪᠤᠯᠬᠤ ᠪᠤᠷᠴᠠᠭ᠂ ᠰᠠᠮᠤᠷ᠂ ᠮᠠᠭᠠᠵᠢ ᠪᠤᠯᠤᠨ ᠭᠠᠶᠢᠮᠤ ᠵᠡᠷᠭᠡ ᠲᠤᠰᠤᠯᠢᠭ ᠤᠷᠭᠤᠮᠠᠯ ᠢ ᠬᠠᠮᠤᠭ ᠤᠨ ᠶᠡᠭᠡ ᠭᠦᠨᠦᠭᠡᠳᠡᠭ᠃ ᠲᠠᠷᠢᠬᠤ ᠦᠶᠡᠰ ᠲᠠᠷᠢᠠᠠᠰᠠᠨ ᠦᠷ᠎ᠡ ᠶᠢ ᠬᠤᠯᠠᠭᠠᠶᠢᠯᠠᠨ ᠢᠳᠡᠵᠤ᠂ ᠦᠷ᠎ᠠ ᠴᠢᠭᠢ ᠶᠢ ᠬᠤᠷᠤᠠᠠᠳᠠᠭᠤᠯᠵᠤ᠂ ᠪᠤᠯᠪᠠᠰᠤᠷᠠᠬᠤ ᠦᠶᠡᠰ ᠠᠮᠤ ᠦᠷ᠎ᠠ ᠬᠤᠷᠢᠶᠠᠵᠤ᠂ ᠶᠡᠭᠡ ᠭᠡᠮᠵᠢᠶ᠎ᠠ ᠶᠢᠨ ᠠᠮᠤ ᠦᠷ᠎ᠠ ᠬᠠᠳᠠᠭᠠᠯᠠᠬᠤ ᠠᠴᠠ ᠭᠠᠳᠠᠨ᠎ᠠ ᠬᠤᠯᠠᠭᠠᠶᠢᠯᠠᠵᠤ ᠢᠳᠡᠭᠦ ᠶᠠᠪᠤᠴᠠ ᠳᠠᠭᠠᠨ ᠶᠡᠭᠡ ᠭᠡᠮᠵᠢᠶᠠᠨ ᠤ ᠠᠮᠤ ᠲᠠᠷᠢᠶ᠎ᠠ ᠶᠢ ᠰᠦᠢᠳᠭᠡᠳᠡᠭ᠃ ᠦᠭᠡᠷ ᠤᠠᠠᠳᠤᠢ ᠨᠢ ᠦᠷᠡᠵᠢᠯ ᠰᠠᠶᠢᠳᠠᠢ᠂ ᠵᠢᠯ ᠪᠦᠷᠢ ᠶᠢᠨ 3~4 ᠳ᠋ᠣᠭᠡᠷ ᠰᠠᠷ᠎ᠠ ᠠᠴᠠ ᠡᠭᠢᠯᠡᠨ ᠵᠤᠯᠵᠠᠭᠠᠯᠠᠵᠤ᠂ ᠡᠭᠦᠷ ᠪᠦᠷᠢ 4~8 ᠵᠤᠯᠵᠠᠭᠠᠯᠠᠵᠤ᠂ ᠬᠠᠮᠤᠭ ᠠᠷᠪᠢᠨ ᠳᠠᠭᠠᠨ 10 ᠠᠴᠠ ᠲᠡᠭᠡᠭᠰᠢ ᠳᠤ ᠭᠦᠷᠳᠡᠭ ᠪᠠᠶᠢᠨ᠎ᠠ᠃ ︵4︶ ᠲᠤᠮᠤ ᠤᠠᠠᠳᠤᠢ᠄ ᠮᠡᠷᠡᠭᠴᠢ ᠶᠢᠨ ᠪᠠᠭ᠂ ᠤᠠᠠᠳᠤᠢ ᠶᠢᠨ ᠢᠵᠠᠭᠤᠷ᠂ ᠤᠠᠠᠳᠤᠢ ᠶᠢᠨ ᠲᠡᠳ᠋ ᠢᠵᠠᠭᠤᠷ ᠲᠤ ᠬᠠᠷᠢᠶᠠᠯᠬᠠᠳᠠᠨ᠎ᠠ᠃ ᠲᠤᠮᠤ ᠤᠠᠠᠳᠤᠢ ᠪᠤᠯ ᠬᠤᠯᠤᠭᠠᠨ᠎ᠠ ᠶᠢᠨ ᠲᠦᠷᠦᠯ ᠲᠤᠳᠤᠷ᠎ᠠ ᠪᠡᠶ᠎ᠠ ᠨᠢ ᠬᠠᠮᠤᠭ ᠤᠨ ᠲᠤᠮᠤ ᠨᠢᠭᠡᠨ ᠲᠦᠷᠦᠯ ᠪᠤᠯᠤᠨ᠎ᠠ᠃ ᠪᠡᠶ᠎ᠠ ᠶᠢᠨ ᠤᠷᠳᠤ ᠨᠢ 100~210mm᠂ ᠭᠠᠳᠠᠷ ᠲᠦᠷᠭᠦ ᠨᠢ ᠭᠡᠷ ᠤᠨ ᠭᠦᠷᠡᠩ ᠬᠤᠯᠤᠭᠠᠨ᠎ᠠ ᠲᠠᠢ ᠠᠳᠠᠯᠢᠪᠳᠤᠷ ᠪᠤᠯᠪᠠᠴᠤ ᠰᠡᠭᠦᠯ ᠨᠢ ᠪᠠᠭ᠋ᠠᠨ ᠤᠬᠤᠷ᠂ ᠶᠠᠷᠦᠩᠭᠡᠢ ᠳᠡᠭᠡᠨ ᠪᠡᠶ᠎ᠠ ᠶᠢᠨ ᠤᠷᠳᠤ ᠶᠢᠨ ᠢᠶᠠᠨ ᠬᠠᠭᠠᠰ ᠠᠴᠠ ᠭᠡᠳᠦᠷᠡᠳᠡᠭ ᠦᠭᠡᠢ᠃ ᠵᠠᠪᠠᠵᠢ ᠶᠢᠨ ᠤᠭᠤᠳᠠ ᠲᠠᠢ᠂ ᠴᠢᠭᠢ ᠨᠢ ᠬᠤᠯᠤᠭᠠᠷ ᠪᠦᠭᠡᠳ ᠲᠤᠭᠤᠷᠢᠭ᠂ ᠬᠤᠶᠢᠳᠤ ᠭᠦᠯ ᠨᠢ ᠫᠤᠭᠳᠤᠭᠤᠷ ᠪᠦᠳᠦᠭᠦᠨ᠂ ᠶᠠᠷᠦᠩᠭᠡᠢ ᠳᠡᠭᠡᠨ ᠭᠡᠷ ᠤᠨ ᠭᠦᠷᠡᠩ ᠬᠤᠯᠤᠭᠠᠨ᠎ᠠ ᠶᠢᠨ ᠬᠤᠶᠢᠳᠤ ᠭᠦᠯ ᠠᠴᠠ ᠤᠬᠤᠷ ᠪᠠᠶᠢᠳᠠᠬ᠃ ᠡᠮ᠎ᠠ ᠤᠠᠠᠳᠤᠢ ᠨᠢ 8 ᠭᠦᠭᠦ ᠲᠠᠢ᠂ ᠨᠢᠷᠤᠭᠤ ᠨᠢ ᠰᠢᠷᠭᠠᠯ ᠪᠤᠶᠤ ᠡᠯᠡᠰᠤᠨ ᠰᠢᠷ᠎ᠠ ᠦᠡᠭᠭᠡ ᠲᠠᠢ᠂ ᠨᠢᠷᠤᠭᠤᠨ ᠭᠤᠤᠯ ᠤᠨ ᠬᠤᠶᠠᠷ ᠲᠠᠯ᠎ᠠ ᠪᠠᠷ ᠨᠢ ᠵᠢᠭᠠᠬᠠᠨ ᠪᠠᠷᠠᠭᠠᠪᠳᠤᠷ ᠪᠠᠶᠢᠵᠤ᠂ ᠭᠡᠪᠡᠯᠢ ᠪᠤᠶᠤ ᠰᠤᠭᠤ ᠴᠠᠪᠢᠨ ᠤ ᠦᠰᠤ ᠨᠢ ᠬᠠᠷ᠎ᠠ ᠰᠠᠷᠠᠯ ᠦᠡᠭᠭᠡ ᠲᠠᠢ᠂ ᠰᠡᠭᠦᠯ ᠨᠢ ᠴᠦᠮ ᠪᠦᠳᠡᠭᠢ ᠰᠠᠷᠠᠯ ᠦᠡᠭᠭᠡ ᠲᠠᠢ᠂ ᠬᠤᠶᠢᠳᠤ ᠭᠦᠯ ᠤᠨ ᠦᠡᠭᠭᠡᠨ ᠲᠠᠯ᠎ᠠ ᠨᠢ ᠴᠠᠭᠠᠨ ᠪᠠᠶᠢᠳᠠᠭ᠃ ᠲᠤᠮᠤ ᠤᠠᠠᠳᠤᠢ ᠪᠤᠯ ᠭᠠᠭᠴᠠᠭᠠᠷ ᠠᠮᠢᠳᠤᠷᠠᠳᠠᠭ᠂ ᠢᠴᠡᠭᠡᠯᠡᠳᠡᠭ ᠦᠭᠡᠢ᠃ ᠲᠠᠷᠢᠶᠠᠨ ᠭᠠᠵᠠᠷ᠂ ᠠᠳᠠᠷ ᠭᠠᠵᠠᠷ᠂ ᠰᠢᠭᠤᠶᠢᠳᠤ ᠭᠠᠵᠠᠷ᠂ ᠭᠤᠤ ᠰᠤᠪᠠᠭ ᠵᠢᠴᠢ ᠲᠠᠷᠢᠶᠠᠨ ᠲᠠᠯᠠᠩ ᠳᠤ ᠨᠤᠳᠤᠠᠠᠯᠠᠳᠠᠭ ᠪᠦᠭᠡᠳ ᠭᠠᠩ ᠬᠠᠭᠤᠷᠠᠢ ᠭᠠᠵᠠᠷ ᠨᠤᠳᠤᠠᠠᠯᠠᠬᠤ ᠲᠤᠷᠠᠳᠠᠢ ᠪᠠᠶᠢᠳᠠᠭ᠃ ᠲᠤᠮᠤ ᠤᠠᠠᠳᠤᠢ ᠶᠢᠨ ᠨᠦᠭᠡ ᠨᠢ ᠭᠦᠨ ᠪᠦᠭᠡᠳ ᠤᠷᠳᠤ᠂ 5~7 ᠠᠮᠠ ᠲᠠᠢ᠂ 2~4 ᠭᠦᠮᠦᠷᠭᠡ ᠲᠠᠢ᠂ ᠭᠦᠮᠦᠷᠭᠡ ᠪᠦᠷᠢ 1~2kg ᠠᠮᠤ ᠦᠷ᠎ᠠ ᠬᠠᠳᠠᠭᠠᠯᠠᠵᠤ᠂ ᠡᠭᠦᠷ ᠪᠦᠷᠢ 1~5kg ᠬᠠᠳᠠᠭᠠᠯᠠᠳᠠᠭ᠃ ᠭᠡᠪᠳᠡᠰᠢ ᠨᠢ ᠨᠦᠭᠡᠨ ᠤ ᠪᠠᠨ ᠤᠭ ᠲᠤᠨᠢ ᠪᠠᠶᠢᠵᠤ᠂ ᠤᠷᠭᠤᠮᠠᠯ ᠤᠨ ᠡᠰᠢ ᠨᠠᠪᠴᠢ ᠲᠠᠪᠢᠰᠳᠡᠭ᠃ ᠭᠤᠤᠯ ᠨᠢ ᠰᠦᠨᠢ ᠶᠢᠨ ᠭᠦᠳᠡᠯᠭᠡᠭᠡᠨ ᠢᠶᠠᠷ ᠭᠤᠤᠯ ᠪᠤᠯᠭᠠᠵᠤ᠂ ᠵᠠᠷᠢᠮ ᠳᠠᠭᠠᠨ ᠡᠳᠤᠷ ᠪᠠᠰᠠ ᠭᠦᠳᠡᠯᠭᠡᠭᠡᠨ ᠭᠢᠳᠡᠭ᠃ ᠢᠯᠠᠩᠭᠤᠶ᠎ᠠ ᠲᠠᠷᠢᠮᠠᠯ ᠪᠤᠯᠪᠠᠰᠤᠷᠬᠠᠰᠠᠨ ᠦᠶᠡᠰ ᠡᠳᠤᠷ ᠤᠨ ᠭᠦᠳᠡᠯᠭᠡᠭᠡᠨ ᠨᠢ ᠶᠡᠭᠡᠳᠡ ᠤᠯᠠᠰᠢᠷᠠᠳᠠᠭ᠃ ᠢᠳᠡᠰᠢ ᠨᠢ ᠭᠡᠪᠡᠯ ᠤᠷᠭᠤᠮᠠᠯ ᠤᠨ ᠦᠷ᠎ᠠ ᠪᠠᠷ ᠭᠤᠤᠯ ᠪᠤᠯᠭᠠᠵᠤ᠂ ᠢᠳᠡᠭᠦ ᠨᠢ ᠴᠤ ᠶᠡᠭᠡ ᠪᠠᠶᠢᠳᠠᠭ ᠪᠤᠯᠬᠤᠷ ᠲᠠᠷᠢᠮᠠᠯ ᠢ ᠰᠦᠷᠡᠭᠡᠢ ᠭᠦᠨᠦᠭᠡᠳᠡᠭ᠃ ᠬᠠᠶᠠ ᠵᠠᠷᠢᠮ ᠳᠠᠭᠠᠨ ᠪᠠᠰᠠ ᠬᠤᠷᠤᠬᠠᠢ ᠰᠢᠪᠠᠵᠢ ᠪᠤᠶᠤ ᠤᠷᠭᠤᠮᠠᠯ ᠤᠨ ᠨᠤᠭᠤᠭᠠᠨ ᠨᠠᠪᠴᠢ ᠢᠳᠡᠳᠡᠭ᠃ ᠲᠤᠮᠤ ᠤᠠᠠᠳᠤᠢ ᠨᠢ ᠲᠠᠷᠢᠶᠠᠯᠠᠩ ᠦᠢᠯᠡᠳᠪᠤᠷᠢᠯᠡᠯ ᠳᠤ ᠮᠠᠰᠢ ᠶᠡᠭᠡ ᠭᠦᠨᠦᠭᠡᠯ ᠤᠴᠠᠷᠠᠭᠤᠯᠵᠤ᠂ ᠲᠡᠭᠦᠨ ᠤ ᠠᠮᠤ ᠦᠷ᠎ᠠ ᠢᠳᠡᠭᠦ ᠪᠠ ᠬᠠᠳᠠᠭᠠᠯᠠᠬᠤ ᠠᠵᠢᠯᠯᠠᠭ᠎ᠠ ᠠᠴᠠ ᠪᠤᠯᠤᠭᠠᠳ ᠲᠠᠷᠢᠮᠠᠯ ᠤᠨ ᠬᠤᠷᠢᠶᠠᠯᠳᠠ ᠮᠠᠰᠢ ᠶᠡᠭᠡ ᠬᠤᠷᠤᠠᠠᠳᠠᠳᠠᠭ᠃ ᠲᠠᠷᠠ ᠡᠯ᠎ᠠ ᠵᠦᠢᠯ ᠤᠨ ᠲᠠᠷᠢᠮᠠᠯ ᠤᠨ ᠦᠷ᠎ᠡ ᠶᠢ ᠬᠤᠯᠠᠭᠠᠶᠢᠯᠠᠵᠤ ᠢᠳᠡᠭᠦ ᠠᠴᠠ ᠭᠠᠳᠠᠨ᠎ᠠ ᠪᠠᠰᠠ ᠪᠤᠭᠤᠳᠠᠢ᠂ ᠲᠤᠳᠤᠷᠭ᠎ᠠ ᠪᠤᠯᠪᠠᠰᠤᠷᠠᠬᠤ ᠦᠶᠡᠰ ᠡᠰᠢ ᠭᠤᠤᠷᠰᠤ ᠶᠢ ᠨᠢ ᠲᠠᠷᠤᠨ ᠤᠨᠠᠭᠠᠵᠤ᠂ ᠦᠷ᠎ᠠ ᠶᠢ ᠨᠢ ᠲᠡᠭᠦᠵᠤ ᠢᠳᠡᠭᠦ ᠪᠦᠭᠡᠳ ᠪᠤᠭᠤᠳᠠᠢ᠂ ᠲᠤᠳᠤᠷᠭ᠎ᠠ ᠶᠢ ᠭᠦᠨᠳᠡᠯᠡᠨ ᠭᠤᠯᠳᠤ ᠦᠭᠡᠢ ᠤᠨᠠᠭᠠᠵᠤ ᠰᠦᠢᠳᠭᠡᠳᠡᠭ᠃ ᠡᠷᠳᠡᠨᠢ ᠰᠢᠰᠢ ᠪᠤᠯᠪᠠᠰᠤᠷᠠᠬᠤ ᠦᠶᠡᠰ ᠡᠷᠳᠡᠨᠢ ᠰᠢᠰᠢ ᠶᠢᠨ ᠲᠦᠷᠦᠭᠦᠤ ᠲᠡᠭᠡᠷ᠎ᠡ ᠭᠠᠷᠴᠤ ᠮᠦᠭᠦᠯᠢᠭ ᠦᠷ᠎ᠡ ᠦᠭᠡᠢ ᠪᠤᠯᠳᠠᠯ᠎ᠠ ᠮᠦᠯᠢᠳᠡᠭ ᠪᠠᠶᠢᠨ᠎ᠠ᠃ ᠨᠠᠮᠤᠷ ᠪᠤᠯᠬᠤ ᠳᠤ ᠶᠡᠭᠡ ᠭᠡᠮᠵᠢᠶᠠᠨ ᠤ ᠠᠮᠤ ᠦᠷ᠎ᠠ ᠶᠢ ᠬᠤᠯᠠᠭᠠᠶᠢᠯᠠᠨ ᠢᠳᠡᠭᠦ ᠮᠦᠷᠳᠡᠭᠡᠨ ᠡᠭᠦᠷ ᠲᠡᠭᠡᠨ ᠵᠦᠭᠡᠭᠡᠨ ᠬᠠᠳᠠᠭᠠᠯᠠᠵᠤ᠂ ᠲᠠᠷᠢᠶᠠᠯᠠᠩ ᠦᠢᠯᠡᠳᠪᠤᠷᠢᠯᠡᠯ ᠢ ᠭᠦᠨᠳᠤ ᠨᠤᠴᠢᠳᠡᠢ ᠭᠦᠨᠦᠭᠡᠳᠡᠭ᠃ ᠮᠡᠳᠡᠭᠡᠯᠡᠯ ᠢ ᠦᠨᠳᠦᠰᠦᠯᠡᠪᠡᠯ ᠵᠠᠷᠢᠮ ᠭᠠᠵᠠᠷ ᠤᠷᠤᠨ ᠳᠤ ᠲᠤᠮᠤ ᠤᠠᠠᠳᠤᠢ ᠵᠢᠮᠢᠰ ᠤᠨ ᠮᠤᠳᠤᠨ ᠲᠡᠭᠡᠷ᠎ᠠ ᠭᠠᠷᠴᠤ ᠪᠤᠯᠪᠠᠰᠤᠷᠬᠠᠰᠠᠨ ᠠᠯᠢᠮ᠎ᠠ ᠵᠢᠮᠢᠰ ᠢ ᠲᠡᠭᠦᠵᠤ ᠢᠳᠡᠭᠦ ᠦᠵᠡᠭᠳᠡᠯ ᠴᠤ ᠭᠦᠨᠳᠤ ᠨᠤᠴᠢᠳᠡᠢ ᠪᠠᠶᠢᠨ᠎ᠠ᠃ ᠲᠤᠮᠤ ᠤᠠᠠᠳᠤᠢ ᠶᠢᠨ ᠦᠷᠡᠵᠢᠯ ᠤᠨ ᠬᠤᠭᠤᠴᠠᠭ᠎ᠠ ᠨᠢ ᠭᠠᠵᠠᠷ ᠤᠷᠤᠨ ᠠᠳᠠᠯᠢ ᠦᠭᠡᠢ ᠠᠴᠠ ᠪᠤᠯᠤᠭᠠᠳ ᠪᠠᠭ᠋ᠠᠨ ᠵᠦᠷᠢᠶ᠎ᠠ ᠲᠠᠢ᠃ ᠵᠢᠱᠢᠶᠡᠯᠡᠪᠡᠯ ᠪᠡᠭᠡᠵᠢᠩ ᠤᠨ ᠭᠠᠵᠠᠷ ᠤᠷᠤᠨ ᠳᠤ 4~10 ᠰᠠᠷ᠎ᠠ ᠳᠤ ᠵᠤᠯᠵᠠᠭᠠᠯᠠᠳᠠᠭ ᠪᠠᠶᠢᠨ᠎ᠠ᠃ ᠡᠭᠦᠷ ᠪᠦᠷᠢ ᠠᠯᠢ ᠴᠦᠭᠡᠨ ᠳᠡᠭᠡᠨ 4᠂ ᠬᠠᠮᠤᠭ ᠤᠯᠠᠨ ᠳᠠᠭᠠᠨ 20 ᠵᠤᠯᠵᠠᠭᠠᠯᠠᠳᠠᠭ᠃ ︵5︶ ᠲᠤᠮᠳᠠᠳᠤ ᠶᠢᠨ ᠨᠤᠮᠤᠨ ᠰᠤᠬᠤᠷ᠄ ᠮᠡᠷᠡᠭᠴᠢ ᠶᠢᠨ ᠪᠠᠭ᠂ ᠤᠠᠠᠳᠤᠢ ᠶᠢᠨ ᠢᠵᠠᠭᠤᠷ᠂ ᠨᠤᠮᠤᠨ ᠰᠤᠬᠤᠷ ᠤᠨ ᠲᠡᠳ᠋ ᠢᠵᠠᠭᠤᠷ ᠲᠤ ᠬᠠᠷᠢᠶᠠᠯᠬᠠᠳᠠᠨ᠎ᠠ᠃ ᠪᠡᠶ᠎ᠠ ᠲᠦᠷᠭᠦ ᠨᠢ ᠪᠤᠰᠤᠳ ᠨᠤᠮᠤᠨ ᠰᠤᠬᠤᠷ ᠠᠴᠠ ᠪᠤᠵᠠᠭᠠᠢ᠂ ᠪᠡᠶ᠎ᠠ ᠶᠢᠨ ᠤᠷᠳᠤ ᠨᠢ 150~250mm᠂ ᠰᠡᠭᠦᠯ ᠨᠢ ᠪᠡᠶ᠎ᠠ ᠶᠢᠨ ᠤᠷᠳᠤ ᠶᠢᠨ ᠢᠶᠠᠨ ᠲᠠᠪᠤᠨ ᠤ ᠨᠢᠭᠡ ᠶᠢᠨ ᠭᠢᠷᠢ ᠤᠬᠤᠷ᠂ ᠪᠦᠷᠢᠮᠦᠰᠤᠨ ᠨᠢᠴᠦᠭᠦᠨ ᠪᠠᠶᠢᠳᠠᠭ᠃ ᠲᠦᠷᠪᠡᠨ ᠮᠦᠴᠢ ᠨᠢ ᠪᠤᠭᠤᠨᠢ᠂ ᠨᠢᠳᠤ ᠨᠢ ᠠᠨᠢᠭᠠᠷ᠂ ᠴᠢᠭᠢ ᠮᠠᠭᠤᠳᠠᠢ᠂ ᠡᠪᠡᠰᠤᠨ ᠲᠤᠮᠳᠠ ᠨᠢᠭᠤᠠᠠᠳᠠᠳᠠᠭ᠃ ᠡᠮᠦᠨ᠎ᠠ ᠭᠦᠯ ᠤᠨ ᠬᠤᠷᠤᠭᠤ ᠭᠢᠮᠤᠰᠤ ᠨᠢ ᠴᠢᠳᠠᠯ ᠲᠠᠢ᠂ ᠬᠤᠶᠢᠳᠤ ᠭᠦᠯ ᠤᠨ ᠬᠤᠷᠤᠭᠤ ᠭᠢᠮᠤᠰᠤ ᠨᠢ ᠪᠢᠷ᠎ᠠ ᠮᠠᠭᠤᠳᠠᠢ᠂ ᠦᠰᠤ ᠨᠢ ᠨᠠᠷᠢᠨ ᠵᠦᠭᠡᠯᠡᠨ ᠪᠦᠭᠡᠳ ᠭᠢᠯᠤᠬᠡᠷ᠂ ᠦᠰᠤᠨ ᠤ ᠤᠭ ᠨᠢ ᠭᠦᠷᠡᠩ᠂ ᠰᠤᠷ ᠨᠢ ᠤᠯᠠᠭᠠᠨ ᠦᠡᠭᠭᠡ ᠲᠠᠢ᠂ ᠮᠠᠩᠨᠠᠢ ᠶᠢᠨ ᠲᠤᠮᠳᠠ ᠳᠤᠨᠢ ᠶᠡᠭᠡ ᠪᠠᠭ᠎ᠠ᠂ ᠭᠡᠯᠪᠡᠷᠢ ᠲᠦᠷᠭᠦ ᠨᠢ ᠤᠯᠠᠠᠳᠠ ᠬᠤᠪᠢᠷᠠᠳᠠᠭ ᠴᠠᠭᠠᠨ ᠲᠤᠯᠪᠤ ᠲᠠᠢ᠃ ᠭᠡᠪᠡᠯᠢ ᠶᠢᠨ ᠦᠰᠤ ᠨᠢ ᠰᠢᠩᠭᠡᠨ ᠪᠦᠭᠡᠳ ᠴᠠᠭᠠᠨ ᠤᠬᠤᠷ ᠪᠠᠶᠢᠳᠠᠭ᠃ ᠲᠠᠷᠢᠶᠠᠨ ᠭᠠᠵᠠᠷ᠂ ᠲᠠᠯ᠎ᠠ ᠨᠤᠳᠤᠭ᠂ ᠠᠭᠤᠯᠠ ᠶᠢᠨ ᠭᠦᠳᠦᠯ᠂ ᠰᠢᠭᠤᠶᠢᠳᠤ ᠤᠷᠤᠨ ᠵᠢᠴᠢ ᠭᠤᠤᠯ ᠤᠨ ᠭᠤᠤ ᠳᠤ ᠨᠤᠳᠤᠭ ᠲᠠᠢ᠃ ᠡᠳᠤᠷ ᠰᠦᠨᠢ ᠦᠭᠡᠢ ᠭᠦᠳᠡᠯᠭᠡᠭᠡᠨ ᠭᠢᠵᠤ᠂ ᠨᠠᠰᠤᠨ ᠲᠤᠷᠰᠢ ᠭᠠᠵᠠᠷ ᠲᠤᠤᠷ᠎ᠠ ᠠᠮᠢᠳᠤᠷᠠᠵᠤ᠂ ᠰᠦᠨᠢ ᠳᠡᠭᠡᠨ ᠬᠠᠶᠠ ᠭᠠᠷᠴᠤ ᠢᠷᠡᠳᠡᠭ᠃ ᠡᠭᠦᠷ ᠨᠦᠭᠡ ᠨᠢ ᠮᠠᠰᠢ ᠪᠤᠳᠤᠯᠢᠶᠠᠨ ᠲᠠᠢ᠂ ᠭᠠᠵᠠᠷ ᠲᠡᠭᠡᠷ᠎ᠡ ᠲᠤᠮᠤ ᠪᠠᠭ᠎ᠠ ᠨᠢ ᠠᠳᠠᠯᠢ ᠦᠭᠡᠢ ᠵᠢᠵᠢᠭ ᠰᠢᠷᠤᠢ ᠶᠢᠨ ᠤᠪᠤᠭ᠎ᠠ ᠲᠠᠢ᠂ ᠠᠵᠢᠯ ᠤᠨ ᠬᠤᠪᠢᠶᠠᠷᠢ ᠨᠢ ᠲᠤᠳᠤᠷᠬᠠᠢ᠂ ᠢᠳᠡᠰᠢ ᠶᠢᠨ ᠵᠠᠮ᠂ ᠭᠦᠮᠦᠷᠭᠡ᠂ ᠭᠡᠪᠳᠡᠰᠢ ᠪᠠ ᠪᠠᠭᠠᠰᠤᠨ ᠨᠦᠭᠡ ᠵᠡᠷᠭᠡ ᠶᠢᠨ ᠬᠤᠪᠢᠶᠠᠷᠢ ᠲᠠᠢ᠃ ᠢᠳᠡᠰᠢ ᠨᠢ ᠭᠡᠪᠡᠯ ᠤᠷᠭᠤᠮᠠᠯ ᠤᠨ ᠲᠦᠷᠦᠯ ᠤᠨ 18 ᠢᠵᠠᠭᠤᠷ ᠤᠨ 50 ᠭᠠᠷᠤᠢ ᠲᠦᠷᠦᠯ ᠪᠠᠶᠢᠨ᠎ᠠ᠃ ᠪᠤᠭᠤᠳᠠᠢ᠂ ᠲᠤᠰᠤᠳᠤ ᠨᠤᠭᠤᠭ᠎ᠠ᠂ ᠡᠷᠳᠡᠨᠢ ᠰᠢᠰᠢ᠂ ᠰᠠᠭᠠᠭ ᠵᠡᠷᠭᠡ ᠶᠢᠨ ᠲᠠᠷᠢᠮᠠᠯ ᠤᠨ ᠴᠢᠭᠢ᠂ ᠦᠨᠳᠤᠰᠤ᠂ ᠡᠰᠢ ᠪᠠ ᠦᠷ᠎ᠠ ᠵᠢᠮᠢᠰ ᠢ ᠢᠳᠡᠭᠦ ᠲᠤᠷᠠᠳᠠᠢ᠃ ᠵᠠᠷᠢᠮ ᠦᠶ᠎ᠠ ᠳᠤ ᠲᠠᠷᠢᠮᠠᠯ ᠪᠠ ᠵᠢᠮᠢᠰ ᠤᠨ ᠮᠤᠳᠤᠨ ᠤ ᠦᠨᠳᠤᠰᠤ ᠶᠢ ᠨᠢ ᠭᠡᠮᠡᠯᠢᠨ ᠲᠠᠰᠤᠯᠵᠤ ᠢᠳᠡᠭᠦ ᠪᠠ ᠲᠠᠷᠢᠮᠠᠯ ᠢ ᠡᠰᠢ ᠲᠠᠢ ᠨᠢ ᠨᠦᠭᠡᠨ ᠳᠡᠭᠡᠨ ᠵᠦᠭᠡᠭᠡᠨ ᠤᠷᠤᠭᠤᠯᠵᠤ᠂ ᠲᠠᠷᠢᠮᠠᠯ ᠢ ᠬᠤᠷᠢᠶᠠᠯᠳᠠ ᠦᠭᠡᠢ ᠪᠤᠯᠭᠠᠵᠤ᠂ ᠭᠦᠨᠦᠭᠡᠯ ᠤᠨ ᠨᠤᠷᠮ᠎ᠠ ᠨᠢ 50% ᠠᠴᠠ ᠲᠡᠭᠡᠭᠰᠢ ᠳᠤ ᠭᠦᠷᠳᠡᠭ᠃ ᠪᠠᠰᠠ ᠲᠦᠮᠦᠰᠤ᠂ ᠰᠠᠮᠤᠷ ᠵᠡᠷᠭᠡ ᠲᠠᠷᠢᠮᠠᠯ ᠢ ᠭᠦᠨᠳᠤ ᠨᠤᠴᠢᠳᠡᠢ ᠭᠦᠨᠦᠭᠡᠭᠦ ᠶᠢᠨ ᠬᠠᠮᠳᠤ ᠨᠤᠳᠤᠭ ᠪᠡᠯᠴᠢᠭᠡᠷ ᠢ ᠭᠦᠨᠳᠤ ᠨᠤᠴᠢᠳᠡᠢ ᠡᠪᠳᠡᠳᠡᠭ ᠪᠤᠯᠬᠤᠷ ᠲᠠᠷᠢᠶᠠᠯᠠᠩ ᠮᠠᠯ ᠠᠵᠤ ᠠᠬᠤᠢ ᠶᠢᠨ ᠦᠢᠯᠡᠳᠪᠤᠷᠢᠯᠡᠯ ᠤᠨ ᠴᠢᠬᠤᠯᠠ ᠭᠦᠨᠦᠭᠡᠯᠳᠤ ᠠᠮᠢᠳᠡᠨ ᠳᠤ ᠲᠤᠭᠠᠴᠬᠠᠳᠠᠨᠠ᠃ ᠵᠢᠯ ᠪᠦᠷᠢ 1~2 ᠡᠭᠦᠷ ᠦᠷᠡᠵᠢᠵᠤ᠂ ᠡᠭᠦᠷ ᠪᠦᠷᠢ 1~8 ᠵᠤᠯᠵᠠᠭᠠᠯᠠᠳᠠᠭ ᠪᠠᠶᠢᠨ᠎ᠠ᠃ ︵6︶ ᠡᠯᠡᠰᠦᠴᠢ ᠬᠤᠯᠤᠭᠠᠨ᠎ᠠ ︵ᠪᠠᠰᠠ ᠤᠷᠳᠤ ᠰᠠᠪᠠᠷᠳᠤ ᠡᠯᠡᠰᠤᠴᠢ ᠬᠤᠯᠤᠭᠠᠨ᠎ᠠ ᠭᠡᠳᠡᠭ︶᠄ ᠮᠠᠷᠡᠭᠴᠢ ᠶᠢᠨ ᠪᠠᠭ᠂ ᠤᠠᠠᠳᠤᠢ ᠶᠢᠨ ᠢᠵᠠᠭᠤᠷ᠂ ᠡᠯᠡᠰᠦᠴᠢ ᠬᠤᠯᠤᠭᠠᠨ᠎ᠠ ᠶᠢᠨ ᠲᠡᠳ᠋ ᠢᠵᠠᠭᠤᠷ ᠲᠤ ᠬᠠᠷᠢᠶᠠᠯᠬᠠᠳᠠᠨ᠎ᠠ᠃ ᠪᠡᠶ᠎ᠠ ᠲᠦᠷᠭᠦ ᠨᠢ ᠭᠡᠪᠡᠯ ᠨᠡᠯᠢᠶᠡᠳ ᠵᠢᠭᠠᠬᠠᠨ᠂ ᠪᠠᠶ᠎ᠠ ᠶᠢᠨ ᠤᠷᠳᠤ ᠨᠢ 95~150mm᠂ ᠴᠢᠭᠢ ᠨᠢ ᠢᠯᠠ᠂ ᠰᠡᠭᠦᠯ ᠨᠢ ᠪᠦᠳᠦᠭᠦᠨ᠂ ᠪᠡᠶ᠎ᠠ ᠶᠢᠨ ᠤᠷᠳᠤ ᠶᠢᠨ ᠢᠶᠠᠨ ᠲᠦᠷᠪᠡᠨ ᠤ ᠭᠤᠷᠪᠡ ᠶᠢᠨ ᠭᠢᠷᠢ ᠤᠷᠳᠤ᠂ ᠰᠡᠭᠦᠯ ᠤᠨ ᠦᠰᠤ ᠨᠢ ᠨᠢᠠᠠᠳᠠ᠂ ᠰᠡᠭᠦᠯ ᠤᠨ ᠦᠵᠦᠭᠦᠷ ᠲᠤᠨᠢ ᠨᠠᠷᠢᠨ ᠤᠷᠳᠤ ᠰᠤᠷ ᠲᠠᠢ ᠪᠠᠶᠢᠳᠠᠭ᠃ ᠨᠢᠷᠤᠭᠤᠨ ᠤ ᠦᠰᠤ ᠨᠢ ᠰᠢᠷ᠎ᠠ ᠭᠦᠷᠡᠩ᠂ ᠭᠡᠪᠡᠯᠢ ᠶᠢᠨ ᠦᠰᠤ ᠨᠢ ᠰᠠᠷᠠᠯ᠂ ᠦᠰᠤᠨ ᠤ ᠤᠭ ᠨᠢ ᠪᠤᠷᠤ᠂ ᠦᠵᠦᠭᠦᠷ ᠨᠢ ᠴᠠᠭᠠᠨ ᠪᠠᠶᠢᠳᠠᠭ᠃ ᠰᠠᠪᠠᠷ ᠨᠢ ᠬᠠᠷ᠎ᠠ ᠭᠦᠷᠡᠩ᠂ ᠬᠤᠶᠢᠳᠤ ᠭᠦᠯ ᠨᠢ ᠨᠠᠷᠢᠨ ᠦᠰᠦ ᠲᠠᠢ᠂ ᠰᠡᠭᠦᠯ ᠨᠢ ᠬᠠᠷ᠎ᠠ ᠭᠦᠷᠡᠩ ᠬᠤᠶᠠᠷ ᠦᠡᠭᠭᠡ ᠲᠠᠢ ᠪᠠᠶᠢᠳᠠᠭ᠃ ᠰᠦᠷᠦᠭᠯᠡᠨ ᠠᠮᠢᠳᠤᠷᠠᠵᠤ᠂ ᠡᠪᠤᠯ ᠢᠴᠡᠭᠡᠯᠡᠳᠡᠭ ᠦᠭᠡᠢ ᠪᠤᠯᠪᠠᠴᠤ ᠠᠮᠤ ᠦᠷ᠎ᠠ ᠬᠠᠳᠠᠭᠠᠯᠠᠬᠤ ᠲᠠᠳᠬᠠᠯ ᠲᠠᠢ᠂ ᠡᠯᠡᠰᠤ ᠪᠤᠶᠤ ᠬᠤᠵᠢᠷᠯᠢᠬ ᠲᠠᠷᠢᠶᠠᠨ ᠭᠠᠵᠠᠷ᠂ ᠲᠠᠯ᠎ᠠ ᠨᠤᠳᠤᠭ᠂ ᠰᠦᠭᠡᠭ ᠵᠡᠷᠭᠡ ᠭᠠᠵᠠᠷ ᠨᠤᠳᠤᠠᠠᠰᠢᠳᠠᠭ᠃ ᠡᠭᠦᠷ ᠨᠦᠭᠡ ᠨᠢ ᠭᠡᠪᠡᠯ ᠪᠦᠳᠦᠴᠡ ᠨᠢ ᠪᠤᠳᠤᠯᠢᠶᠠᠠ ᠲᠠᠢ᠂ ᠨᠦᠭᠡ ᠪᠦᠷᠢ 4~10 ᠠᠮᠠ ᠲᠠᠢ᠂ ᠨᠦᠭᠡᠨ ᠵᠠᠮ ᠨᠢ ᠭᠦᠨᠳᠡᠯᠡᠨ ᠭᠤᠯᠳᠤ ᠵᠦᠷᠢᠯᠳᠦᠵᠤ᠂ ᠭᠡᠳᠦᠨ ᠠᠷᠪᠠᠨ ᠮᠧᠲᠷ ᠤᠷᠳᠤ ᠪᠠᠶᠢᠳᠠᠭ᠂ ᠭᠡᠪᠳᠡᠰᠢ ᠳᠡᠭᠡᠨ ᠬᠠᠭᠤᠷᠠᠢ ᠡᠪᠡᠰᠤ ᠪᠠ ᠨᠤᠤᠰᠤ ᠵᠡᠷᠭᠡ ᠶᠢ ᠲᠠᠪᠢᠰᠳᠡᠭ᠃ ᠨᠦᠭᠡ ᠪᠦᠷᠢ 1~6 ᠭᠦᠮᠦᠷᠭᠡ ᠲᠠᠢ᠃ 15~30kg ᠠᠮᠤ ᠦᠷ᠎ᠠ ᠬᠠᠳᠠᠭᠠᠯᠠᠵᠤ ᠪᠤᠯᠳᠠᠭ᠃ ᠡᠳᠤᠷ ᠭᠦᠳᠡᠯᠭᠡᠭᠡᠨ ᠭᠢᠳᠡᠭ ᠪᠦᠭᠡᠳ ᠰᠦᠨᠢ ᠳᠡᠭᠡᠨ ᠪᠠᠰᠠ ᠭᠠᠷᠴᠤ ᠢᠷᠡᠳᠡᠭ᠂ ᠭᠡᠪᠡᠴᠤ ᠲᠤᠩ ᠴᠦᠭᠡᠨ ᠪᠠᠶᠢᠳᠠᠭ᠃ ᠦᠷᠭᠦᠯᠵᠢ ᠢᠳᠡᠰᠢᠨ ᠤ ᠪᠦᠳᠦᠴᠡ᠂ ᠴᠠᠭ ᠠᠭᠤᠷ ᠤᠨ ᠬᠤᠪᠢᠷᠠᠯᠳᠠ ᠶᠢ ᠲᠠᠭᠠᠯᠳᠤᠨ ᠨᠡᠭᠦᠵᠤ ᠰᠢᠯᠵᠢᠭᠦ ᠲᠠᠳᠬᠠᠯ ᠲᠠᠢ ᠪᠠᠶᠢᠳᠠᠭ᠃ ᠤᠷᠳᠤ ᠰᠠᠪᠠᠷᠳᠤ ᠡᠯᠡᠰᠦᠴᠢ ᠬᠤᠯᠤᠭᠠᠨ᠎ᠠ ᠪᠤᠯ ᠤᠷᠭᠤᠮᠠᠯ ᠤᠨ ᠦᠷ᠎ᠡ ᠶᠢ ᠨᠢ ᠢᠳᠡᠭᠦ ᠪᠠᠷ ᠭᠤᠤᠯ ᠪᠤᠯᠭᠠᠵᠤ᠂ ᠬᠠᠪᠤᠷ ᠵᠤᠨ ᠡᠪᠡᠰᠤ ᠤᠷᠭᠤᠮᠠᠯ᠂ ᠲᠠᠷᠢᠮᠠᠯ ᠤᠨ ᠨᠢᠯᠬ᠎ᠠ ᠴᠢᠭᠢ ᠪᠠ ᠨᠤᠭᠤᠭᠠᠨ ᠭᠡᠰᠡᠭ ᠢ ᠨᠢ ᠢᠳᠡᠳᠡᠭ᠃ ᠲᠠᠷᠠ ᠨᠢ ᠡᠯ᠎ᠠ ᠵᠦᠢᠯ ᠤᠨ ᠲᠠᠷᠢᠮᠠᠯ᠂ ᠡᠪᠡᠰᠤ ᠪᠡᠯᠴᠢᠭᠡᠷ ᠢᠯᠠᠩᠭᠤᠶ᠎ᠠ ᠪᠤᠭᠤᠳᠠᠢ᠂ ᠰᠢᠰᠢ᠂ ᠶᠤᠤᠮᠠᠢ᠂ ᠬᠤᠮᠠ᠂ ᠰᠠᠭᠠᠭ ᠵᠡᠷᠭᠡ ᠶᠢ ᠭᠦᠨᠳᠤ ᠨᠤᠴᠢᠳᠠᠢ ᠭᠦᠨᠦᠭᠡᠳᠡᠭ᠃ ᠲᠠᠷᠢᠶᠠᠯᠠᠬᠤ ᠦᠶᠡᠰ ᠡᠯ᠎ᠠ ᠵᠦᠢᠯ ᠤᠨ ᠲᠠᠷᠢᠮᠠᠯ ᠤᠨ ᠦᠷ᠎ᠠ ᠶᠢ ᠨᠢ ᠬᠤᠯᠠᠭᠠᠶᠢᠯᠠᠨ ᠢᠳᠡᠵᠤ᠂ ᠬᠠᠪᠤᠷ ᠵᠤᠨ ᠡᠯ᠎ᠠ ᠵᠦᠢᠯ ᠤᠨ ᠲᠠᠷᠢᠮᠠᠯ ᠵᠢᠴᠢ ᠡᠪᠡᠰᠤ ᠪᠡᠯᠴᠢᠭᠡᠷ ᠤᠨ ᠨᠢᠯᠬ᠎ᠠ ᠴᠢᠭᠢ ᠪᠠ ᠭᠦᠷᠦᠰᠤᠨ ᠲᠤᠤᠷᠠᠭᠢ ᠦᠨᠳᠤᠰᠤ ᠶᠢ ᠨᠢ ᠮᠠᠷᠠᠨ ᠢᠳᠡᠵᠤ᠂ ᠨᠠᠮᠤᠷ ᠲᠠᠭᠠᠨ ᠪᠠᠰᠠ ᠶᠡᠭᠡ ᠭᠡᠮᠵᠢᠶᠠᠨ ᠤ ᠢᠳᠡᠰᠢ ᠬᠠᠳᠠᠭᠠᠯᠠᠳᠠᠭ᠃ ᠮᠡᠳᠡᠭᠡᠯᠡᠯ ᠢ ᠦᠨᠳᠦᠰᠦᠯᠡᠪᠡᠯ ᠬᠠᠮᠤᠭ ᠤᠨ ᠤᠯᠠᠨ ᠨᠦᠭᠡᠨ ᠰᠢᠰᠲ᠋ᠧᠮ ᠳᠤ 60kg ᠠᠮᠤ ᠦᠷ᠎ᠠ ᠬᠠᠳᠠᠭᠠᠯᠠᠵᠤ ᠪᠤᠯᠳᠠᠭ ᠪᠦᠭᠡᠳ ᠰᠤᠳᠤᠯᠭᠠᠨ ᠤ ᠭᠡᠷᠡᠴᠢᠯᠡᠭᠰᠡᠨ ᠢᠶᠠᠷ ᠪᠤᠯ ᠨᠠᠮᠤᠷ ᠤᠨ ᠬᠤᠷᠢᠶᠠᠯᠳᠠ ᠶᠢᠨ ᠦᠶ᠎ᠠ ᠳᠤ ᠨᠢᠭᠡ ᠡᠯᠡᠰᠦᠴᠢ ᠬᠤᠯᠤᠭᠠᠨ᠎ᠠ ᠲᠠᠷᠢᠮᠠᠯ ᠤᠨ ᠤᠨᠠᠯᠳᠠ ᠶᠢᠨ 10% ᠶᠢ ᠨᠢ ᠬᠤᠷᠤᠠᠠᠳᠠᠭᠤᠯᠳᠠᠭ ᠪᠠᠶᠢᠨ᠎ᠠ᠃ ᠦᠷᠡᠵᠢᠯ ᠰᠠᠶᠢᠳᠠᠢ᠂ ᠵᠢᠯ ᠳᠤ ᠤᠯᠠᠨ ᠡᠭᠦᠷ ᠦᠷᠡᠵᠢᠵᠤ᠂ ᠬᠠᠮᠤᠭ ᠠᠷᠪᠢᠨ ᠳᠠᠭᠠᠨ 5 ᠡᠭᠦᠷ ᠵᠤᠯᠵᠠᠭᠠᠯᠠᠵᠤ᠂ ᠡᠭᠦᠷ ᠪᠦᠷᠢ 1~11 ᠵᠤᠯᠵᠠᠭᠠᠯᠠᠳᠠᠭ ᠪᠠᠶᠢᠨ᠎ᠠ᠃ ︵7︶ ᠭᠢᠨᠭ᠍ᠭᠠᠨ ᠰᠢᠷ᠎ᠠ ᠬᠤᠯᠤᠭᠠᠨ᠎ᠠ ︵ᠪᠠᠰᠠ ᠪᠦᠯᠳᠡᠭᠡᠷ ᠬᠤᠯᠠᠭᠠᠶᠢᠴᠢ᠂ ᠵᠤᠷᠠᠮ᠎ᠠ ᠭᠡᠳᠡᠭ︶᠄ ᠮᠡᠷᠡᠭᠴᠢ ᠶᠢᠨ ᠪᠠᠭ᠂ ᠭᠡᠷᠡᠮᠤ ᠶᠢᠨ ᠢᠵᠠᠭᠤᠷ ᠲᠤ ᠬᠠᠷᠢᠶᠠᠯᠬᠠᠳᠠᠨ᠎ᠠ᠃ ᠪᠠᠶ᠎ᠠ ᠨᠢ ᠲᠠᠷᠭᠤᠨ ᠪᠦᠳᠦᠭᠦᠨ᠂ ᠪᠡᠶ᠎ᠠ ᠶᠢᠨ ᠤᠷᠳᠤ ᠨᠢ 160~270mm᠂ ᠰᠡᠭᠦᠯ ᠨᠢ ᠤᠬᠤᠷ᠂ ᠪᠡᠶ᠎ᠠ ᠶᠢᠨ ᠤᠷᠳᠤ ᠶᠢᠨ ᠢᠶᠠᠨ ᠭᠤᠷᠪᠡᠨ ᠤ ᠨᠢᠭᠡ ᠨᠢ ᠪᠠᠶᠢᠳᠠᠭ᠃ ᠴᠢᠭᠢ ᠨᠢ ᠬᠤᠯᠤᠭᠠᠷ᠂ ᠨᠢᠮᠭᠡᠨ᠂ ᠡᠮᠦᠨ᠎ᠠ ᠭᠦᠯ ᠨᠢ ᠨᠢᠴᠦᠭᠦᠨ᠂ ᠬᠤᠶᠢᠳᠤ ᠭᠦᠯ ᠨᠢ ᠦᠰᠤ ᠲᠠᠢ᠂ ᠲᠤᠯᠤᠭᠠᠢ ᠶᠢᠨ ᠶᠠᠰᠤ ᠨᠢ ᠲᠡᠭᠰᠢᠭᠡᠨ᠂ ᠤᠬᠤᠷᠬᠠᠢ ᠨᠢ ᠭᠦᠳᠦᠭᠦᠷ᠃ ᠡᠮ᠎ᠠ ᠬᠤᠯᠤᠭᠠᠨ᠎ᠠ ᠨᠢ 8 ᠭᠦᠭᠦ ᠲᠠᠢ᠂ ᠨᠢᠷᠤᠭᠤᠨ ᠦᠰᠤ ᠨᠢ ᠤᠯᠠᠪᠤᠷ ᠰᠢᠷ᠎ᠠ ᠪᠦᠭᠡᠳ ᠬᠠᠷ᠎ᠠ ᠭᠦᠷᠡᠩ ᠦᠰᠤ ᠶᠢᠨ ᠬᠤᠯᠢᠯᠴᠠᠭ᠎ᠠ ᠲᠠᠢ᠂ ᠭᠡᠪᠡᠯᠢ ᠪᠤᠯᠤᠨ ᠬᠠᠪᠢᠷᠭ᠎ᠠ ᠲᠠᠯ᠎ᠠ ᠶᠢᠨ ᠦᠰᠤ ᠨᠢ ᠰᠢᠷᠠᠪᠳᠤᠷ ᠪᠤᠶᠤ ᠡᠯᠡᠰᠤᠨ ᠰᠢᠷᠭᠠᠯ ᠦᠡᠭᠭᠡ ᠲᠠᠢ᠂ ᠰᠡᠭᠦᠯ ᠤᠨ ᠦᠰᠤ ᠨᠢ ᠪᠡᠶ᠎ᠠ ᠶᠢᠨ ᠦᠰᠤ ᠲᠠᠢ ᠪᠠᠨ ᠠᠳᠠᠯᠢᠬᠠᠨ᠂ ᠰᠡᠭᠦᠯ ᠤᠨ ᠦᠵᠦᠭᠦᠷ ᠨᠢ ᠬᠠᠷᠠᠪᠳᠤᠷ᠂ ᠵᠤᠨ ᠤ ᠴᠠᠭ ᠲᠤ ᠦᠰᠤᠨ ᠤ ᠦᠡᠭᠭᠡ ᠨᠢ ᠡᠪᠤᠯ ᠤᠨ ᠬᠢ ᠠᠴᠠ ᠪᠠᠨ ᠨᠡᠯᠢᠶᠡᠳ ᠭᠦᠨ ᠪᠠᠶᠢᠳᠠᠭ᠃ ᠲᠠᠯ᠎ᠠ ᠨᠤᠳᠤᠭ᠂ ᠲᠠᠷᠢᠶᠠᠨ ᠭᠠᠵᠠᠷ᠂ ᠲᠠᠷᠢᠶᠠᠨ ᠲᠠᠯᠠᠩ᠂ ᠠᠳᠠᠷ ᠲᠠᠩ ᠵᠡᠷᠭᠡ ᠨᠡᠯᠢᠶᠡᠳ ᠭᠠᠩ ᠬᠠᠭᠤᠷᠠᠢ᠂ ᠬᠠᠳᠠᠭᠤᠯᠢᠭ ᠡᠯᠡᠰᠤᠨ ᠭᠠᠵᠠᠷ ᠨᠤᠳᠤᠠᠠᠯᠠᠳᠠᠭ᠃ ᠨᠦᠭᠡᠨ ᠤ ᠪᠦᠳᠦᠴᠡ ᠨᠢ ᠲᠦᠭᠦᠮ᠂ 1~2 ᠠᠮᠠ ᠲᠠᠢ᠂ ᠶᠠᠷᠦᠩᠭᠡᠢ ᠳᠡᠭᠡᠨ 2m ᠤᠷᠴᠢᠮ ᠭᠦᠨ ᠪᠠᠶᠢᠵᠦ᠂ ᠭᠠᠭᠴᠠᠭᠠᠷ ᠠᠮᠢᠳᠤᠷᠠᠨ᠂ ᠡᠳᠤᠷ ᠭᠦᠳᠡᠯᠭᠡᠭᠡᠨ ᠭᠢᠳᠡᠭ᠃ ᠡᠪᠤᠯ ᠢᠴᠡᠭᠡᠯᠡᠳᠡᠭ ᠪᠦᠭᠡᠳ ᠢᠴᠡᠭᠡᠯᠡᠭᠦ ᠬᠤᠭᠤᠴᠠᠭ᠎ᠠ ᠨᠢ ᠨᠡᠯᠢᠶᠡᠳ ᠤᠷᠳᠤ ᠪᠠᠶᠢᠳᠠᠭ᠃ ᠦᠨᠦᠷᠯᠡᠭᠦ᠂ ᠰᠤᠨᠤᠰᠬᠤ᠂ ᠦᠵᠡᠭᠦ ᠰᠠᠷᠠᠯ ᠨᠢ ᠰᠤᠷᠭᠤᠭ᠂ ᠰᠠᠵᠢᠭ᠍ᠯᠡᠮᠡᠳᠡᠭᠡᠢ᠂ ᠰᠡᠷᠭᠡᠭ᠂ ᠴᠡᠭᠡᠵᠢᠯᠡᠭᠦ ᠨᠢ ᠰᠠᠶᠢᠨ᠃ ᠭᠡᠷᠪᠡ ᠨᠢᠬᠡ ᠯᠠ ᠲᠡᠭᠡᠷ᠎ᠡ ᠠᠯᠠᠵᠤ ᠴᠢᠳᠠᠬᠤ ᠦᠭᠡᠢ ᠪᠤᠯ ᠲᠠᠷᠠᠭ᠎ᠠ ᠤᠳᠠᠭ᠎ᠠ ᠠᠳᠠᠯᠢ ᠨᠢᠭᠡᠨ ᠦᠭᠶᠦᠭᠡ ᠶᠢ ᠶᠠᠭᠠᠭᠢᠨ᠋ᠠᠰᠠᠨ ᠴᠤ ᠢᠳᠡᠳᠡᠭ ᠦᠭᠡᠢ᠃ ᠢᠳᠡᠰᠢ ᠨᠢ ᠭᠡᠪᠡᠯ ᠤᠷᠭᠤᠮᠠᠯ ᠤᠨ ᠨᠤᠭᠤᠭᠠᠨ ᠭᠡᠰᠡᠭ᠂ ᠲᠠᠷᠢᠮᠠᠯ ᠤᠨ ᠨᠢᠯᠬ᠎ᠠ ᠴᠢᠭᠢ ᠶᠢ ᠢᠳᠡᠵᠤ᠂ ᠪᠠᠰᠠ ᠰᠢᠪᠡᠵᠢ ᠬᠤᠷᠤᠬᠠᠢ ᠪᠠ ᠤᠷᠭᠤᠮᠠᠯ ᠤᠨ ᠦᠷ᠎ᠡ ᠶᠢ ᠢᠳᠡᠳᠡᠭ᠃ ᠦᠷᠭᠦᠯᠵᠢ ᠡᠯ᠎ᠠ ᠵᠦᠢᠯ ᠤᠨ ᠡᠪᠡᠰᠤ ᠨᠤᠭᠤᠭ᠎ᠠ᠂ ᠲᠠᠷᠢᠮᠠᠯ ᠤᠨ ᠨᠢᠯᠬ᠎ᠠ ᠴᠢᠭᠢ᠂ ᠨᠢᠯᠬ᠎ᠠ ᠨᠤᠭᠤᠭ᠎ᠠ᠂ ᠨᠢᠯᠬ᠎ᠠ ᠡᠰᠢ ᠶᠢ ᠮᠡᠷᠡᠨ ᠢᠳᠡᠵᠤ᠂ ᠲᠠᠷᠢᠮᠠᠯ ᠢ ᠴᠢᠭᠢ ᠠᠯᠳᠠᠭᠤᠯᠵᠤ᠂ ᠨᠤᠳᠤᠭ ᠪᠡᠯᠴᠢᠭᠡᠷ ᠢ ᠲᠠᠴᠢᠷᠳᠠᠭᠤᠯᠵᠤ᠂ ᠲᠠᠷᠢᠶᠠᠯᠠᠩ ᠮᠠᠯ ᠠᠵᠤ ᠠᠬᠤᠢ ᠳᠤ ᠭᠦᠨᠳᠤ ᠨᠤᠴᠢᠳᠡᠢ ᠭᠦᠨᠦᠭᠡᠯ ᠤᠴᠠᠷᠠᠭᠤᠯᠳᠠᠭ᠃ ᠵᠢᠯ ᠳᠤ ᠨᠢᠬᠡ ᠯᠠ ᠡᠭᠦᠷ ᠵᠤᠯᠵᠠᠭᠠᠯᠠᠵᠤ᠂ ᠡᠭᠦᠷ ᠪᠦᠷᠢ 5~9᠂ ᠬᠠᠮᠤᠭ ᠤᠯᠠᠨ ᠳᠠᠭᠠᠨ 17 ᠵᠤᠯᠵᠠᠭᠠᠯᠠᠳᠠᠭ ᠪᠠᠶᠢᠨ᠎ᠠ᠃ ︵8︶ ᠵᠢᠷᠭᠡ ︵ᠪᠠᠰᠠ ᠵᠢᠷᠤᠭᠡᠪᠴᠢ ᠭᠡᠳᠡᠭ︶᠄ ᠮᠡᠷᠡᠭᠴᠢ ᠶᠢᠨ ᠪᠠᠭ᠂ ᠭᠡᠷᠡᠮᠤ ᠶᠢᠨ ᠢᠵᠠᠭᠤᠷ ᠲᠤ ᠬᠠᠷᠢᠶᠠᠯᠬᠠᠳᠠᠨ᠎ᠠ᠃ ᠪᠡᠶ᠎ᠠ ᠨᠢ ᠪᠢᠴᠢᠬᠠᠨ᠂ ᠪᠡᠶ᠎ᠠ ᠶᠢᠨ ᠤᠷᠳᠤ ᠨᠢ 100~115mm ᠤᠷᠴᠢᠮ᠂ ᠰᠡᠭᠦᠯ ᠨᠢ ᠪᠡᠶ᠎ᠠ ᠶᠢᠨ ᠤᠷᠳᠤ ᠠᠴᠠ ᠪᠠᠨ ᠪᠤᠭᠤᠨᠢ᠂ 110mm ᠤᠷᠴᠢᠮ᠂ ᠵᠠᠪᠠᠵᠢ ᠶᠢᠨ ᠤᠭᠤᠳᠠ ᠲᠠᠢ᠂ ᠴᠢᠭᠢ ᠨᠢ ᠢᠯᠠ᠂ ᠰᠡᠭᠦᠯ ᠤᠨ ᠦᠰᠤ ᠨᠢ ᠰᠠᠶᠢᠷᠡᠭ᠃ ᠰᠡᠭᠦᠯ ᠤᠨ ᠦᠵᠦᠭᠦᠷ ᠤᠨ ᠦᠰᠤ ᠨᠢ ᠨᠡᠯᠢᠶᠡᠳ ᠤᠷᠳᠤ᠂ ᠡᠮᠦᠨ᠎ᠠ ᠲᠠᠪᠠᠭ ᠨᠢ ᠨᠢᠴᠦᠭᠦᠨ᠂ ᠬᠤᠶᠢᠳᠤ ᠲᠠᠪᠠᠭ ᠨᠢ ᠦᠰᠤ ᠲᠠᠢ᠃ ᠡᠮ᠎ᠠ ᠬᠤᠯᠤᠭᠠᠨ᠎ᠠ ᠨᠢ 8 ᠭᠦᠭᠦ ᠲᠠᠢ᠂ ᠡᠪᠴᠢᠭᠦᠤ ᠭᠡᠪᠡᠯᠢ ᠳᠡᠭᠡᠨ ᠲᠤᠰ ᠲᠤᠰ ᠲᠦᠷᠪᠡ ᠪᠤᠢ᠃ ᠲᠤᠯᠤᠭᠠᠢ ᠠᠴᠠ ᠪᠠᠨ ᠠᠪᠤᠭᠠᠳ ᠨᠢᠷᠤᠭᠤ ᠪᠠᠨ ᠲᠠᠭᠠᠭᠠᠳ ᠰᠢᠷ᠎ᠠ ᠭᠦᠷᠡᠩ ᠦᠡᠭᠭᠡ ᠲᠠᠢ᠂ ᠬᠠᠷ᠎ᠠ ᠭᠦᠷᠡᠩ᠂ ᠪᠤᠷᠤᠪᠳᠤᠷ᠂ ᠰᠢᠷ᠎ᠠ ᠴᠠᠭᠠᠨ ᠬᠤᠯᠢᠯᠳᠤᠠᠠᠰᠠᠨ ᠲᠠᠪᠤᠨ ᠰᠤᠳᠠᠰᠤ ᠲᠠᠢ᠂ ᠲᠤᠮᠳᠡᠭᠢ ᠨᠢ ᠬᠠᠷ᠎ᠠ᠂ ᠲᠤᠯᠤᠭᠠᠢ ᠠᠴᠠ ᠪᠠᠨ ᠠᠪᠤᠭᠠᠳ ᠰᠡᠭᠦᠯ ᠤᠨ ᠤᠭ ᠲᠤᠨᠢ ᠭᠦᠷᠳᠡᠭ᠃ ᠭᠤᠤᠯ ᠢᠶᠠᠨ ᠲᠠᠭᠠᠠᠠᠰᠠᠨ ᠬᠤᠶᠠᠷ ᠰᠤᠳᠠᠰᠤ ᠨᠢ ᠬᠠᠷ᠎ᠠ ᠭᠦᠷᠡᠩ᠂ ᠬᠠᠮᠤᠭ ᠭᠠᠳᠠᠭᠤᠷᠭᠢ ᠬᠤᠶᠠᠷ ᠰᠤᠳᠠᠰᠤ ᠨᠢ ᠴᠠᠭᠠᠨ ᠪᠦᠭᠡᠳ ᠲᠠᠯᠤ ᠠᠴᠠ ᠪᠠᠨ ᠠᠪᠤᠭᠠᠳ ᠦᠭᠡᠵᠡᠭ ᠲᠡᠭᠡᠨ ᠲᠤᠯᠳᠠᠭ᠃ ᠠᠭᠤᠯᠠᠷᠬᠠᠭ ᠤᠷᠤᠨ ᠵᠢᠴᠢ ᠲᠠᠯ᠎ᠠ ᠨᠤᠳᠤᠭ ᠤᠨ ᠰᠢᠯᠮᠤᠤᠰᠤᠳᠤ ᠤᠢ᠂ ᠦᠷᠭᠡᠨ ᠨᠠᠪᠴᠢᠳᠤ ᠤᠢ ᠵᠡᠷᠭᠡ ᠮᠤᠳᠤ ᠰᠦᠭᠡᠭ᠂ ᠤᠷᠭᠤᠮᠠᠯ ᠡᠯᠪᠡᠭ ᠲᠠᠢ ᠭᠠᠵᠠᠷ ᠪᠠ ᠤᠶᠢᠳᠤ ᠭᠡᠭᠡᠷ᠎ᠠ ᠶᠢᠨ ᠪᠦᠰᠡ᠂ ᠭᠤᠤ ᠭᠠᠨᠭ᠍ᠭ᠎ᠠ᠂ ᠱᠠᠳᠤᠨ ᠲᠠᠷᠢᠶᠠᠨ ᠳᠤ ᠨᠤᠳᠤᠠᠠᠯᠠᠳᠠᠭ᠃ ᠶᠠᠷᠦᠩᠭᠡᠢ ᠳᠡᠭᠡᠨ ᠡᠳᠤᠷ ᠭᠦᠳᠡᠯᠭᠡᠭᠡᠨ ᠭᠢᠵᠤ᠂ ᠡᠪᠤᠯ ᠳᠡᠭᠡᠨ ᠢᠴᠡᠭᠡᠯᠡᠳᠡᠭ᠃ ᠮᠤᠳᠤᠨ ᠳᠤ ᠠᠪᠠᠷᠢᠬᠤ ᠳᠤ ᠴᠢᠳᠠᠮᠠᠭᠠᠢ᠂ ᠭᠤᠤᠯ ᠨᠢ ᠬᠠᠳᠠᠨ ᠤ ᠠᠩ᠂ ᠮᠤᠳᠤᠨ ᠤ ᠨᠦᠭᠡ᠂ ᠴᠢᠯᠠᠭᠤᠨ ᠵᠠᠪᠰᠠᠷ ᠡᠭᠦᠷᠯᠡᠵᠤ᠂ ᠡᠪᠤᠯ ᠡᠭᠦᠷ ᠲᠡᠭᠡᠨ ᠢᠴᠡᠭᠡᠯᠡᠳᠡᠭ᠃ ᠢᠳᠡᠰᠢ ᠨᠢ ᠭᠡᠪᠡᠯ ᠭᠤᠤᠯ ᠨᠢ ᠡᠯ᠎ᠡ ᠵᠦᠢᠯ ᠤᠨ ᠬᠠᠳᠠᠭᠤ ᠵᠢᠮᠢᠰ᠂ ᠪᠤᠷᠴᠠᠭ᠂ ᠡᠪᠡᠰᠤᠨ ᠤᠷᠭᠤᠮᠠᠯ᠂ ᠲᠠᠷᠢᠮᠠᠯ ᠤᠨ ᠦᠷ᠎ᠡ ᠶᠢ ᠢᠳᠡᠳᠡᠭ ᠪᠠ ᠪᠠᠰᠠ ᠰᠢᠪᠠᠵᠢ ᠬᠤᠷᠤᠬᠠᠢ ᠵᠢᠴᠢ ᠤᠷᠭᠤᠮᠠᠯ ᠤᠨ ᠨᠤᠭᠤᠭᠠᠨ ᠨᠠᠪᠴᠢ ᠶᠢ ᠢᠳᠡᠳᠡᠭ᠃ ᠵᠢᠷᠭᠡ ᠭᠤᠤᠯ ᠨᠢ ᠠᠭᠤᠯᠠᠨ ᠤᠷᠤᠨ ᠳᠤ ᠬᠤᠰᠢᠭ᠎ᠠ᠂ ᠲᠠᠤᠯᠠᠢ ᠶᠢᠨ ᠪᠦᠭᠡᠷ᠎ᠡ᠂ ᠲᠤᠭᠤᠷ ᠵᠡᠷᠭᠡ ᠵᠢᠮᠢᠰ ᠤᠨ ᠮᠤᠳᠤᠨ ᠤ ᠦᠷ᠎ᠡ ᠵᠢᠮᠢᠰ ᠵᠢᠴᠢ ᠲᠠᠷᠢᠮᠠᠯ ᠤᠨ ᠦᠷ᠎ᠡ᠂ ᠨᠢᠯᠬ᠎ᠠ ᠴᠢᠭᠢ ᠪᠡ ᠪᠤᠯᠪᠠᠰᠤᠷᠠᠭᠠᠳᠤᠢ ᠲᠠᠷᠢᠶ᠎ᠠ ᠶᠢ ᠢᠳᠡᠵᠤ ᠶᠡᠭᠡ ᠪᠠᠷ ᠭᠦᠨᠦᠭᠡᠯ ᠤᠴᠠᠷᠠᠭᠤᠯᠳᠠᠭ᠃ ᠵᠢᠯ ᠳᠤ ᠨᠢᠬᠡ ᠯᠠ ᠡᠭᠦᠷ ᠦᠷᠡᠵᠢᠵᠤ᠂ ᠡᠬᠦᠷ ᠪᠦᠷᠢ ᠳᠡᠭᠡᠨ 4~6 ᠵᠤᠯᠵᠠᠭᠠᠯᠠᠳᠠᠭ ᠪᠠᠶᠢᠨ᠎ᠠ᠃ ︵9︶ ᠨᠠᠮᠤᠭ ᠤᠨ ᠬᠤᠯᠤᠭᠠᠨ᠎ᠠ᠄ ᠮᠠᠷᠡᠭᠴᠢ ᠶᠢᠨ ᠪᠠᠭ᠂ ᠬᠤᠯᠤᠭᠠᠨ᠎ᠠ ᠶᠢᠨ ᠢᠵᠠᠭᠤᠷ ᠲᠤ ᠬᠠᠷᠢᠶᠠᠯᠬᠠᠳᠠᠨ᠎ᠠ᠃ ᠪᠡᠶ᠎ᠠ ᠨᠢ ᠪᠤᠵᠠᠭᠠᠢ᠂ ᠪᠡᠶ᠎ᠠ ᠶᠢᠨ ᠤᠷᠳᠤ ᠨᠢ 220mm᠂ ᠭᠦᠨᠳᠤ ᠨᠢ 500g᠂ ᠬᠠᠮᠤᠭ ᠤᠨ ᠭᠦᠨᠳᠤ ᠨᠢ 750g ᠪᠠᠶᠢᠳᠠᠭ᠃ ᠬᠤᠨᠭ᠍ᠰᠢᠶᠠᠷ ᠨᠢ ᠤᠬᠤᠷ ᠪᠦᠭᠡᠳ ᠮᠤᠬᠤᠭᠤ᠂ ᠴᠢᠭᠢ ᠨᠢ ᠪᠤᠭᠤᠨᠢ᠂ ᠤᠷᠤᠠᠠᠰᠢ ᠪᠠᠨ ᠨᠤᠭᠤᠯᠬᠤ ᠳᠤ ᠨᠢᠳᠤᠨ ᠳᠡᠭᠡᠨ ᠭᠦᠷᠳᠡᠭ ᠦᠭᠡᠢ᠂ ᠰᠡᠭᠦᠯ ᠨᠢ ᠪᠡᠶ᠎ᠠ ᠲᠠᠢ ᠪᠠᠨ ᠠᠳᠠᠯᠢ ᠤᠷᠳᠤ᠂ ᠪᠠᠶ᠎ᠠ ᠶᠢᠨ ᠦᠰᠤ ᠨᠢ ᠤᠷᠳᠤ ᠪᠦᠭᠡᠳ ᠰᠢᠷᠦᠭᠦᠨ᠂ 40mm ᠤᠷᠳᠤ᠂ ᠰᠡᠭᠡᠷ ᠤᠨ ᠦᠰᠤ ᠨᠢ ᠨᠢᠷᠤᠭᠤᠨ ᠤ ᠦᠰᠤ ᠠᠴᠠ ᠪᠠᠨ ᠨᠡᠩ ᠤᠷᠳᠤ᠃ ᠡᠮ᠎ᠠ ᠬᠤᠯᠤᠭᠠᠨ᠎ᠠ ᠨᠢ 6 ᠭᠦᠭᠦ ᠲᠠᠢ᠂ ᠭᠢᠮᠤᠰᠤ ᠨᠢ ᠤᠬᠤᠷ ᠬᠤᠷᠴᠠ᠂ ᠨᠢᠷᠤᠭᠤᠨ ᠤ ᠦᠰᠤ ᠨᠢ ᠬᠠᠷ᠎ᠠ ᠭᠦᠷᠡᠩ᠂ ᠰᠤᠷ ᠨᠢ ᠤᠯᠠᠪᠤᠷ ᠰᠢᠷ᠎ᠠ᠂ ᠦᠰᠤᠨ ᠤ ᠤᠭ ᠨᠢ ᠪᠤᠷᠤᠪᠳᠤᠷ᠂ ᠲᠤᠯᠤᠭᠠᠢ ᠠᠴᠠ ᠠᠪᠤᠭᠠᠳ ᠨᠢᠷᠤᠭᠤ ᠪᠠᠨ ᠲᠠᠭᠠᠵᠤ ᠦᠭᠡᠵᠡᠭ ᠲᠡᠭᠡᠨ ᠲᠤᠯᠳᠡᠯᠡᠭᠢ ᠦᠰᠤᠨ ᠤ ᠦᠡᠭᠭᠡ ᠨᠢ ᠭᠦᠨ᠂ ᠭᠡᠪᠡᠯᠢ ᠶᠢᠨ ᠦᠰᠤ ᠨᠢ ᠪᠤᠷᠤᠪᠳᠤᠷ᠂ ᠰᠡᠭᠦᠯ ᠨᠢ ᠬᠠᠷ᠎ᠠ ᠭᠦᠷᠡᠩ᠂ ᠴᠢᠭᠢᠨ ᠤ ᠭᠠᠳᠠᠭᠤᠷ ᠨᠢ ᠮᠠᠰᠢ ᠨᠢᠠᠠᠳᠠ ᠬᠠᠷ᠎ᠠ ᠭᠦᠷᠡᠩ ᠨᠠᠷᠢᠨ ᠦᠰᠤ ᠲᠠᠢ ᠪᠠᠶᠢᠳᠠᠭ᠃ ᠴᠢᠭᠢᠭᠯᠢᠭ᠂ ᠭᠦᠷᠦᠰᠤ ᠰᠢᠷᠤᠢ ᠰᠤᠯᠠᠪᠳᠤᠷ ᠭᠠᠵᠠᠷ ᠨᠤᠳᠤᠠᠠᠯᠠᠵᠤ᠂ ᠤᠰᠤᠨ ᠳᠤ ᠤᠮᠪᠠᠭ᠋ᠤ ᠳᠤ ᠰᠠᠶᠢᠨ ᠪᠤᠯᠬᠤᠷ ᠦᠷᠭᠦᠯᠵᠢ ᠭᠤᠤᠯ ᠤᠨ ᠬᠠᠰᠢᠯᠭ᠎ᠠ᠂ ᠲᠠᠷᠢᠶᠠᠨ ᠲᠠᠯᠠᠩ᠂ ᠤᠰᠤᠨ ᠰᠤᠪᠠᠭ ᠵᠡᠷᠭᠡ ᠭᠠᠵᠠᠷ ᠡᠭᠦᠷᠯᠡᠳᠡᠭ᠃ ᠬᠠᠶᠠ ᠪᠠᠰᠠ ᠡᠪᠡᠰᠤ ᠪᠤᠳᠠ᠂ ᠡᠪᠡᠰᠤ ᠲᠦᠯᠡᠭᠡᠨ ᠤ ᠤᠪᠤᠭ᠎ᠠ᠂ ᠨᠢᠯᠬ᠎ᠠ ᠬᠤᠯᠤᠰᠤᠨ ᠤᠢ ᠪᠠᠷ ᠲᠠᠷᠬᠠᠵᠤ ᠪᠠᠶᠢᠳᠠᠭ᠃ ᠨᠦᠭᠡᠨ ᠤ ᠤᠷᠳᠤ ᠨᠢ 2.5~7.5m᠂ ᠨᠦᠭᠡᠨ ᠤ ᠠᠮᠠᠰᠠᠷ ᠨᠢ ᠪᠦᠳᠦᠭᠦᠨ᠂ ᠳ᠋ᠢᠶᠠᠮᠧᠲᠷ ᠨᠢ 13cm᠂ ᠨᠦᠭᠡ ᠪᠦᠷᠢ ᠨᠢ 2~4 ᠠᠮᠠ ᠲᠠᠢ᠂ ᠤᠯᠠᠨ ᠳᠠᠭᠠᠨ 7~9 ᠪᠠᠶᠢᠳᠠᠭ᠃ ᠤᠷᠭᠤᠮᠠᠯ ᠤᠨ ᠵᠦᠢᠯ ᠢ ᠢᠳᠡᠭᠦ ᠲᠤᠷᠠᠳᠠᠢ ᠪᠦᠭᠡᠳ ᠰᠢᠭᠢᠷᠳᠦ ᠲᠦᠮᠦᠰᠤ᠂ ᠲᠤᠳᠤᠷᠭ᠎ᠠ᠂ ᠨᠢᠰᠢᠩᠭᠦ ᠶᠢ ᠰᠦᠷᠡᠭᠡᠢ ᠭᠦᠨᠦᠭᠡᠳᠡᠭ᠃ ᠭᠤᠤᠯ ᠭᠦᠨᠦᠭᠡᠭᠦ ᠠᠷᠭ᠎ᠠ ᠨᠢ ᠭᠡᠪᠡᠯ ᠨᠢᠯᠬ᠎ᠠ ᠴᠢᠭᠢ ᠶᠢ ᠲᠠᠰᠤᠳᠠᠨ ᠢᠳᠡᠵᠤ᠂ ᠵᠢᠮᠢᠰ ᠤᠨ ᠲᠦᠷᠦᠭᠦᠤ ᠪᠤᠯᠤᠨ ᠡᠰᠢ ᠶᠢ ᠨᠢ ᠮᠡᠷᠡᠨ ᠭᠡᠮᠡᠯᠢᠵᠤ᠂ ᠨᠦᠭᠡᠨ ᠳᠡᠭᠡᠨ ᠶᠡᠭᠡ ᠭᠡᠮᠵᠢᠶᠠᠨ ᠤ ᠰᠢᠭᠢᠷᠳᠦ ᠲᠦᠮᠦᠰᠤ᠂ ᠨᠢᠰᠢᠩᠭᠦ ᠵᠡᠷᠭᠡ ᠬᠠᠳᠠᠭᠠᠯᠠᠭᠰᠠᠨ ᠪᠠᠶᠢᠳᠠᠭ᠃ ᠲᠡᠭᠦᠨ ᠤ ᠪᠡᠶ᠎ᠠ ᠪᠢᠯᠳᠡᠷ ᠨᠢ ᠲᠤᠮᠤ᠂ ᠢᠳᠡᠭᠦ ᠨᠢ ᠴᠤ ᠶᠡᠭᠡ ᠪᠤᠯᠬᠤᠷ ᠵᠢᠵᠢᠭ ᠬᠤᠯᠤᠭᠠᠨ᠎ᠠ ᠶᠢᠨ ᠲᠦᠷᠦᠯ ᠢ ᠪᠤᠳᠤᠪᠠᠯ ᠲᠠᠷᠢᠮᠠᠯ ᠢ ᠭᠦᠨᠦᠭᠡᠭᠦ ᠨᠢ ᠨᠡᠩ ᠭᠦᠨᠳᠤ ᠨᠤᠴᠢᠳᠡᠢ ᠪᠠᠶᠢᠳᠠᠭ᠃ ᠵᠢᠯ ᠤᠨ ᠲᠦᠷᠪᠡᠨ ᠤᠯᠠᠷᠢᠯ ᠳᠤ ᠴᠦᠮ ᠦᠷᠡᠵᠢᠳᠡᠭ ᠪᠦᠭᠡᠳ ᠬᠠᠪᠤᠷ ᠤᠨ ᠡᠴᠤᠰ ᠠᠴᠠ ᠨᠠᠮᠤᠷ ᠤᠨ ᠡᠭᠢ ᠪᠤᠯᠳᠠᠯ᠎ᠠ ᠭᠦᠭ ᠪᠤᠯᠵᠤ᠂ ᠨᠠᠮᠤᠷ ᠠᠴᠠ ᠬᠤᠶᠢᠰᠢ ᠭᠡᠭᠡᠯᠳᠦᠭᠦ ᠨᠤᠷᠮ᠎ᠠ ᠨᠢ ᠪᠠᠭᠤᠷᠠᠳᠠᠭ᠃ ᠡᠭᠦᠷ ᠪᠦᠷᠢ ᠲᠤᠮᠳᠡᠴᠢ ᠪᠠᠷ 4~6 ᠵᠤᠯᠵᠠᠭᠠᠯᠠᠳᠠᠭ᠃ ︵10︶ ᠭᠡᠷ ᠤᠨ ᠭᠦᠷᠡᠩ ᠬᠤᠯᠤᠭᠠᠨ᠎ᠠ᠄ ᠮᠡᠷᠡᠭᠴᠢ ᠶᠢᠨ ᠪᠠᠭ᠂ ᠬᠤᠯᠤᠭᠠᠨ᠎ᠠ ᠶᠢᠨ ᠢᠵᠠᠭᠤᠷ ᠲᠤ ᠬᠠᠷᠢᠶᠠᠯᠬᠠᠳᠠᠨ᠎ᠠ᠃ ᠪᠡᠶ᠎ᠠ ᠪᠢᠯᠳᠡᠷ ᠨᠢ ᠲᠤᠮᠤ᠂ ᠪᠠᠶ᠎ᠠ ᠶᠢᠨ ᠤᠷᠳᠤ ᠨᠢ 110~120mm᠂ ᠰᠡᠭᠦᠯ ᠨᠢ ᠤᠬᠤᠷ ᠪᠦᠳᠦᠭᠦᠨ᠂ ᠪᠡᠶ᠎ᠠ ᠶᠢᠨ ᠤᠷᠳᠤ ᠠᠴᠠ ᠪᠠᠨ ᠪᠤᠭᠤᠨᠢ᠂ ᠬᠤᠶᠢᠳᠤ ᠭᠦᠯ ᠨᠢ ᠪᠦᠳᠦᠭᠦᠨ᠂ 28mm ᠤᠷᠳᠤ᠂ ᠴᠢᠭᠢ ᠨᠢ ᠬᠤᠯᠤᠭᠠᠷ ᠪᠦᠭᠡᠳ ᠵᠤᠵᠠᠭᠠᠨ᠂ ᠤᠷᠤᠠᠠᠰᠢ ᠨᠤᠭᠤᠯᠬᠤ ᠳᠤ ᠨᠢᠳᠤᠨ ᠳᠤ ᠨᠢ ᠬᠦᠷᠴᠦ ᠲᠡᠶᠢᠯᠳᠡᠭ ᠦᠭᠡᠢ᠃ ᠡᠮ᠎ᠠ ᠬᠤᠯᠤᠭᠠᠨ᠎ᠠ ᠨᠢ 12 ᠭᠦᠭᠦ ᠲᠠᠢ᠂ ᠡᠪᠴᠢᠭᠦᠨ ᠳᠡᠭᠡᠨ 4᠂ ᠭᠡᠪᠡᠯᠢ ᠶᠢᠨ ᠭᠡᠰᠡᠭ ᠲᠡᠭᠡᠨ 8 ᠪᠠᠶᠢᠳᠠᠭ᠃ ᠨᠢᠷᠤᠭᠤᠨ ᠤ ᠦᠰᠤ ᠨᠢ ᠤᠯᠠᠪᠤᠷ ᠭᠦᠷᠡᠩ ᠪᠤᠶᠤ ᠴᠠᠶᠢᠪᠤᠷ ᠭᠦᠷᠡᠩ ᠪᠦᠭᠡᠳ ᠬᠠᠷ᠎ᠠ ᠤᠷᠳᠤ ᠦᠰᠤ ᠲᠠᠢ᠂ ᠨᠢᠷᠤᠭᠤᠨ ᠭᠤᠤᠯ ᠪᠤᠶᠤ ᠲᠤᠯᠤᠭᠠᠢ ᠶᠢᠨ ᠭᠡᠰᠡᠭ ᠤᠨ ᠭᠢᠨᠢ ᠭᠦᠨ᠂ ᠭᠡᠪᠡᠯᠢ ᠨᠢ ᠴᠠᠶᠢᠪᠤᠷ᠂ ᠰᠡᠭᠦᠯ ᠨᠢ ᠲᠡᠭᠡᠷ᠎ᠡ ᠲᠠᠯ᠎ᠠ ᠨᠢ ᠬᠦᠢᠬᠡᠨ ᠭᠦᠷᠡᠩ᠂ ᠲᠤᠤᠷ᠎ᠠ ᠲᠠᠯ᠎ᠠ ᠨᠢ ᠴᠠᠶᠢᠪᠤᠷ᠂ ᠡᠮᠦᠨ᠎ᠠ ᠬᠤᠶᠢᠳᠤ ᠭᠦᠯ ᠤᠨ ᠲᠤᠳᠤᠷ᠎ᠠ ᠲᠠᠯ᠎ᠠ ᠨᠢ ᠴᠠᠶᠢᠪᠤᠷ᠂ ᠰᠡᠭᠦᠯ ᠤᠨ ᠬᠠᠶᠢᠷᠰᠤ ᠨᠢ ᠢᠯᠡᠭᠡᠨ ᠪᠠᠶᠢᠳᠠᠭ᠃ ᠭᠡᠷ ᠲᠤ ᠡᠭᠦᠷᠯᠡᠳᠡᠭ ᠭᠦᠷᠡᠩ ᠬᠤᠯᠤᠭᠠᠨ᠎ᠠ ᠪᠤᠯ ᠤᠷᠴᠢᠨ ᠲᠤᠭᠤᠷᠢᠨ ᠳᠤ ᠮᠠᠰᠢ ᠵᠤᠭᠢᠴᠠᠯᠳᠤᠵᠤ᠂ ᠠᠶᠢᠯ ᠲᠤᠰᠬᠤᠨ ᠤ ᠤᠶᠢᠷ᠎ᠠ ᠬᠠᠪᠢ᠂ ᠤᠷᠤᠨ ᠰᠠᠭᠤᠴᠠ᠂ ᠲᠠᠷᠢᠶᠠᠨ ᠭᠠᠵᠠᠷ᠂ ᠰᠡᠭᠦᠳᠡᠷ ᠲᠠᠢ ᠭᠤᠤ᠂ ᠤᠰᠤᠨ ᠰᠤᠪᠠᠭ ᠵᠢᠴᠢ ᠪᠠᠷᠢᠯᠭ᠎ᠠ ᠪᠠ ᠦᠢᠯᠡᠳᠪᠤᠷᠢ ᠠᠭᠤᠷᠬᠠᠢ ᠳᠤ ᠴᠦᠮ ᠡᠭᠦᠷᠯᠡᠳᠡᠭ᠃ ᠨᠦᠭᠡ ᠮᠠᠯᠳᠠᠬᠤ᠂ ᠮᠠᠴᠤᠵᠤ ᠠᠪᠠᠷᠢᠬᠤ᠂ ᠦᠰᠤᠷᠴᠤ ᠬᠠᠷᠠᠶᠢᠬᠤ ᠳᠤ ᠴᠢᠳᠠᠮᠠᠭᠠᠢ ᠪᠦᠭᠡᠳ ᠤᠰᠤᠨ ᠳᠤ ᠰᠠᠶᠢᠨ᠂ ᠴᠢᠭᠢᠭ ᠨᠦᠢᠳᠡᠨ ᠪᠠ ᠰᠡᠭᠦᠳᠡᠷ ᠭᠠᠵᠠᠷ ᠲᠤᠷᠠᠳᠠᠢ᠃ ᠨᠢᠭᠤᠴᠠ ᠲᠠᠯᠳᠠ ᠭᠠᠵᠠᠷ ᠵᠢᠱᠢᠶᠡᠯᠡᠪᠡᠯ ᠭᠡᠷᠡᠮ ᠤᠨ ᠢᠷᠤᠭᠠᠷ᠂ ᠡᠪᠡᠰᠤ ᠪᠤᠳᠠ᠂ ᠲᠠᠷᠢᠶᠠᠨ ᠲᠠᠯᠠᠩ᠂ ᠰᠤᠯᠠ ᠤᠪᠤᠭ᠎ᠠ ᠵᠡᠷᠭᠡ ᠳᠤ ᠴᠦᠮ ᠡᠭᠦᠷᠯᠡᠳᠡᠭ᠃ ᠨᠦᠭᠡᠨ ᠤ ᠪᠦᠳᠦᠴᠡ ᠨᠢ ᠪᠤᠳᠤᠯᠢᠶᠠᠨ ᠲᠠᠢ᠂ ᠶᠠᠷᠦᠩᠭᠡᠢ ᠳᠡᠭᠡᠨ ᠡᠭᠦᠷ ᠨᠢ 2~4 ᠠᠮᠠ ᠲᠠᠢ᠂ ᠨᠦᠭᠡ ᠨᠢ ᠮᠠᠰᠢ ᠤᠷᠳᠤ᠂ ᠰᠠᠯᠪᠤᠷᠢ ᠤᠯᠠᠨ᠂ ᠨᠦᠭᠡᠨ ᠤ ᠬᠠᠮᠤᠭ ᠤᠨ ᠭᠦᠨ ᠨᠢ 1.5m ᠪᠠᠶᠢᠳᠠᠭ᠃ ᠭᠡᠷ ᠤᠨ ᠭᠦᠷᠡᠩ ᠬᠤᠯᠤᠭᠠᠨ᠎ᠠ ᠤᠯᠠᠨ ᠢᠳᠡᠰᠢ ᠲᠠᠢ᠂ ᠰᠠᠭᠤᠭᠠᠯᠢ ᠠᠷᠠᠳ ᠤᠨ ᠲᠤᠭᠤᠷᠢᠭ ᠲᠤ ᠪᠤᠯ ᠦᠭᠡᠭᠦ ᠲᠤᠰᠤ ᠪᠠ ᠤᠰᠤᠷᠬᠠᠭ ᠵᠦᠢᠯ ᠢ ᠢᠳᠡᠭᠦ ᠲᠤᠷᠠᠳᠠᠢ᠂ ᠭᠤᠤᠯ ᠨᠢ ᠡᠯ᠎ᠠ ᠵᠦᠢᠯ ᠤᠨ ᠢᠳᠡᠰᠢ ᠪᠠ ᠠᠮᠤ ᠪᠤᠳᠠᠭ᠎ᠠ ᠶᠢ ᠬᠤᠯᠠᠭᠠᠶᠢᠯᠠᠨ ᠢᠳᠡᠳᠡᠭ᠂ ᠲᠠᠷᠢᠶᠠᠨ ᠲᠤᠮᠳᠠ ᠪᠤᠯ ᠲᠠᠷᠢᠮᠠᠯ ᠢ ᠰᠦᠢᠳᠭᠡᠳᠡᠭ᠃ ᠡᠯ᠎ᠠ ᠵᠦᠢᠯ ᠤᠨ ᠲᠡᠵᠢᠭᠡᠪᠤᠷᠢ ᠶᠢᠨ ᠲᠠᠯᠠᠪᠠᠢ ᠳᠤ ᠪᠤᠯ ᠡᠯ᠎ᠠ ᠵᠦᠢᠯ ᠤᠨ ᠲᠠᠵᠢᠭᠡᠯ ᠪᠤᠷᠳᠤᠭ᠎ᠠ ᠶᠢ ᠢᠳᠡᠵᠤ᠂ ᠴᠢᠨ᠋ᠬᠠᠰᠢᠯᠠᠪᠠᠯ ᠲᠡᠭᠢᠶᠠ᠂ ᠭᠠᠯᠠᠭᠤ ᠵᠡᠷᠭᠡ ᠭᠡᠷ ᠤᠨ ᠵᠢᠭᠦᠷᠳᠡᠨ ᠢ ᠬᠠᠵᠠᠵᠤ ᠰᠢᠷᠬᠠᠳᠤᠭᠤᠯᠳᠠᠭ᠃ ᠲᠠᠷᠢᠶᠠᠨ ᠳᠤ ᠪᠤᠯ ᠭᠤᠤᠯ ᠨᠢ ᠭᠤᠤᠯ ᠡᠰᠢ ᠶᠢ ᠭᠡᠮᠡᠯᠢᠨ ᠲᠠᠰᠤᠳᠠᠵᠤ᠂ ᠴᠢᠭᠢ᠂ ᠵᠡᠯ᠎ᠠ ᠶᠢ ᠰᠦᠢᠳᠭᠡᠵᠤ᠂ ᠡᠯ᠎ᠡ ᠵᠦᠢᠯ ᠤᠨ ᠭᠤᠸ᠎ᠠ ᠵᠢᠮᠢᠰ ᠢ ᠢᠳᠡᠳᠡᠭ᠃ ᠡᠷᠳᠡᠨᠢ ᠰᠢᠰᠢ ᠪᠤᠯᠪᠠᠰᠤᠷᠠᠬᠤ ᠬᠤᠭᠤᠴᠠᠭᠠᠨ ᠳᠤ ᠡᠷᠳᠡᠨᠢ ᠰᠢᠰᠢ ᠶᠢᠨ ᠲᠦᠷᠦᠭᠦᠤ ᠲᠡᠭᠡᠷ᠎ᠡ ᠠᠪᠠᠷᠢᠵᠤ ᠭᠠᠷᠤᠭᠠᠳ ᠭᠦᠨᠳᠤ ᠨᠤᠴᠢᠳᠡᠢ ᠭᠦᠨᠦᠭᠡᠳᠡᠭ᠃ ᠲᠠᠷᠠ ᠪᠠᠰᠠ ᠭᠡᠷ ᠪᠠᠶᠢᠰᠢᠩ ᠢ ᠨᠦᠭᠡᠯᠡᠵᠤ ᠨᠤᠷᠠᠭᠠᠬᠤ᠂ ᠭᠤᠤᠯ ᠤᠨ ᠬᠠᠰᠢᠯᠭ᠎ᠠ ᠲᠠᠯᠠᠩ ᠢ ᠨᠦᠭᠡᠯᠡᠨ ᠰᠡᠳᠡᠯᠭᠦ᠂ ᠴᠠᠭᠢᠯᠭᠠᠨ ᠤᠳᠠᠰᠤ ᠶᠢ ᠲᠠᠰᠤᠯᠵᠤ ᠭᠠᠯ ᠤᠨ ᠠᠶᠤᠯ ᠭᠠᠷᠭᠠᠬᠤ ᠪᠠ ᠦᠢᠯᠡᠳᠪᠤᠷᠢᠯᠡᠯ ᠢ ᠡᠪᠳᠡᠵᠤ᠂ ᠭᠦᠨᠳᠤ ᠨᠤᠴᠢᠳᠡᠢ ᠬᠤᠭᠢᠷᠠᠯ ᠳᠤ ᠤᠴᠠᠷᠠᠭᠤᠯᠳᠠᠭ᠃ ᠡᠭᠦᠨ ᠤ ᠬᠠᠮᠳᠤ ᠲᠠᠷᠠ ᠪᠠᠰᠠ ᠤᠯᠠᠨ ᠵᠦᠢᠯ ᠤᠨ ᠬᠤᠯᠤᠭᠠᠨ᠎ᠠ ᠶᠢᠨ ᠭᠢᠵᠢᠭ ᠢ ᠲᠡᠯᠭᠡᠷᠡᠭᠦᠯᠭᠦ ᠭᠤᠤᠯ ᠲᠠᠶᠢᠰᠤᠨ ᠪᠤᠯᠬᠤ ᠪᠦᠭᠡᠳ ᠠᠷᠠᠳ ᠤᠯᠠᠨ ᠤ ᠡᠷᠡᠭᠦᠯ ᠮᠡᠨᠳᠤ ᠳᠤ ᠭᠦᠨᠳᠤ ᠰᠦᠷᠳᠡᠭᠦᠯᠦᠯ ᠤᠴᠠᠷᠠᠭᠤᠯᠳᠠᠭ ᠪᠤᠯᠬᠤᠷ ᠡᠷᠭᠡᠪᠰᠢ ᠤᠰᠠᠳᠬᠠᠬᠤ ᠭᠡᠷᠡᠭᠳᠡᠢ᠃ ᠵᠢᠯ ᠳᠤ ᠨᠢᠬᠡ ᠯᠠ ᠦᠷᠡᠵᠢᠵᠤ᠂ ᠡᠭᠦᠷ ᠪᠦᠷᠢ ᠳᠡᠭᠡᠨ 5 ᠵᠤᠯᠵᠠᠭᠠᠯᠠᠳᠠᠭ᠃ ︵11︶ ᠰᠢᠷ᠎ᠠ ᠡᠪᠴᠢᠭᠦᠳᠤ ᠬᠤᠯᠤᠭᠠᠨ᠎ᠠ ︵ᠪᠠᠰᠠ ᠤᠷᠳᠤ ᠰᠡᠭᠦᠯᠳᠤ ᠬᠤᠯᠤᠭᠠᠨ᠎ᠠ ᠭᠡᠳᠡᠭ︶᠄ ᠮᠡᠷᠡᠭᠴᠢ ᠶᠢᠨ ᠪᠠᠭ᠂ ᠬᠤᠯᠤᠭᠠᠨ᠎ᠠ ᠶᠢᠨ ᠢᠵᠠᠭᠤᠷ ᠲᠤ ᠬᠠᠷᠢᠶᠠᠯᠬᠠᠳᠠᠨ᠎ᠠ᠃ ᠪᠠᠶ᠎ᠠ ᠨᠢ ᠨᠠᠷᠢᠬᠠᠨ ᠤᠷᠳᠤ᠂ ᠪᠠᠷᠤᠭ 130~190mm ᠪᠠᠶᠢᠳᠠᠭ᠃ ᠰᠡᠭᠦᠯ ᠨᠢ ᠭᠡᠷ ᠤᠨ ᠭᠦᠷᠡᠩ ᠬᠤᠯᠤᠭᠠᠨ᠎ᠠ ᠶᠢᠨ ᠰᠡᠬᠦᠯ ᠠᠴᠠ ᠨᠠᠷᠢᠨ ᠤᠷᠳᠤ᠂ ᠪᠡᠶ᠎ᠠ ᠠᠴᠠ ᠪᠠᠨ ᠤᠷᠳᠤ ᠪᠠᠶᠢᠳᠠᠭ᠃ ᠴᠢᠭᠢ ᠨᠢ ᠤᠷᠳᠤ ᠪᠦᠭᠡᠳ ᠨᠢᠮᠭᠡᠨ᠂ ᠤᠷᠤᠠᠠᠰᠢ ᠨᠤᠭᠤᠯᠪᠠᠯ ᠨᠢᠳᠤ ᠪᠠᠨ ᠪᠦᠭᠯᠡᠵᠤ ᠲᠡᠶᠢᠯᠳᠡᠭ᠃ ᠡᠮ᠎ᠠ ᠬᠤᠯᠤᠭᠠᠨ᠎ᠠ ᠨᠢ 10 ᠭᠦᠭᠦ ᠲᠠᠢ᠃ ᠨᠢᠷᠤᠭᠤ ᠨᠢ ᠤᠯᠠᠪᠤᠷ ᠭᠦᠷᠡᠩ ᠪᠤᠶᠤ ᠰᠢᠷᠭᠠᠯ ᠭᠦᠷᠡᠩ᠂ ᠨᠢᠷᠤᠭᠤᠨ ᠭᠤᠤᠯ ᠢᠶᠠᠨ ᠲᠠᠭᠠᠨ ᠨᠡᠯᠢᠶᠡᠳ ᠭᠦᠨ ᠦᠡᠭᠭᠡ ᠲᠠᠢ᠃ ᠲᠤᠯᠤᠭᠠᠢ ᠨᠢ ᠬᠠᠷ᠎ᠠ ᠭᠦᠷᠡᠩ᠂ ᠪᠡᠶ᠎ᠠ ᠶᠢᠨ ᠦᠰᠤ ᠠᠴᠠ ᠪᠠᠨ ᠵᠢᠭᠠᠬᠠᠨ ᠭᠦᠨ ᠦᠡᠭᠭᠡ ᠲᠠᠢ ᠪᠠᠶᠢᠳᠠᠭ᠃ ᠭᠦᠵᠦᠭᠦᠤ᠂ ᠲᠦᠷᠪᠡᠨ ᠮᠦᠴᠢ ᠶᠢᠨ ᠲᠤᠤᠷᠠᠳᠤ ᠭᠡᠰᠡᠭ ᠪᠤᠯᠤᠨ ᠬᠤᠰᠭᠢᠨᠠᠭ ᠤᠨ ᠭᠡᠰᠡᠭ ᠤᠨ ᠦᠰᠤ ᠨᠢ ᠴᠠᠶᠢᠪᠤᠷ᠃ ᠡᠮᠦᠨ᠎ᠠ ᠭᠦᠯ ᠤᠨ ᠲᠤᠳᠤᠷ᠎ᠠ ᠲᠠᠯ᠎ᠠ ᠨᠢ ᠪᠦᠳᠡᠩᠭᠢ ᠭᠦᠷᠡᠩ᠂ ᠬᠤᠶᠢᠳᠤ ᠭᠦᠯ ᠤᠨ ᠲᠤᠳᠤᠷ᠎ᠠ ᠲᠠᠯ᠎ᠠ ᠨᠢ ᠴᠠᠭᠠᠨ᠂ ᠰᠡᠭᠦᠯ ᠤᠨ ᠲᠡᠭᠡᠳᠤ ᠭᠡᠰᠡᠭ ᠨᠢ ᠤᠯᠠᠪᠤᠷ ᠭᠦᠷᠡᠩ᠂ ᠬᠠᠶᠢᠷᠰᠤ ᠨᠢ ᠴᠠᠭᠠᠷᠢᠭ ᠭᠡᠯᠪᠡᠷᠢ ᠲᠠᠢ ᠪᠠᠶᠢᠳᠠᠭ᠃ ᠠᠶᠢᠯ ᠭᠡᠷ᠂ ᠭᠦᠳᠡᠭᠡ ᠭᠡᠭᠡᠷ᠎ᠡ ᠴᠦᠮ ᠤᠷᠤᠰᠢᠳᠠᠭ᠃ ᠪᠤᠰᠢᠭᠤ ᠱᠠᠯᠠᠮᠠᠭᠠᠢ᠂ ᠮᠠᠴᠤᠵᠤ ᠠᠪᠠᠷᠢᠬᠤ ᠳᠤ ᠰᠠᠶᠢᠨ᠃ ᠭᠡᠷ ᠦᠷᠦᠭᠡᠨ ᠳᠤ ᠦᠷᠭᠦᠯᠵᠢ ᠪᠠᠷᠢᠯᠭ᠎ᠠ ᠶᠢᠨ ᠲᠡᠭᠡᠳᠤ ᠲᠠᠪᠬᠤᠷᠭ᠎ᠠ᠂ ᠭᠡᠷ ᠤᠨ ᠤᠷᠤᠢ ᠶᠢᠨ ᠵᠠᠪᠰᠠᠷ᠂ ᠭᠡᠷ ᠤᠨ ᠠᠳᠠᠷ᠂ ᠭᠡᠷᠡᠮ ᠬᠠᠨ᠎ᠠ ᠶᠢᠨ ᠤᠷᠤᠢ ᠭᠢᠭᠡᠳ ᠲᠤᠯᠭᠠᠭᠤᠷᠢ ᠨᠢᠷᠤᠭᠤᠨ ᠤ ᠠᠭᠤᠯᠵᠠᠭᠤᠷ᠂ ᠰᠠᠩ ᠭᠦᠮᠦᠷᠭᠡ᠂ ᠵᠤᠤᠬ᠎ᠠ ᠵᠡᠷᠭᠡ ᠭᠠᠵᠠᠷ ᠢᠶᠠᠷ ᠭᠦᠶᠦᠳᠡᠭ ᠪᠦᠭᠡᠳ ᠡᠭᠦᠷᠯᠡᠳᠡᠭ᠃ ᠭᠡᠷ ᠤᠨ ᠭᠠᠳᠠᠨ᠎ᠠ ᠨᠤᠳᠤᠠᠠᠰᠢᠬᠤ ᠰᠢᠷ᠎ᠠ ᠡᠪᠴᠢᠭᠦᠳᠤ ᠬᠤᠯᠤᠭᠠᠨ᠎ᠠ ᠶᠢᠨ ᠡᠭᠦᠷ ᠨᠦᠭᠡ ᠨᠢ ᠲᠦᠭᠦᠮ᠂ ᠭᠡᠪᠳᠡᠰᠢ ᠳᠡᠭᠡᠨ ᠡᠪᠡᠰᠤᠨ ᠤ ᠨᠠᠪᠴᠢ᠂ ᠵᠢᠮᠢᠰ ᠤᠨ ᠬᠠᠯᠢᠰᠤ᠂ ᠭᠦᠪᠤᠩ ᠤᠨ ᠵᠦᠢᠯ ᠵᠡᠷᠭᠡ ᠶᠢ ᠲᠠᠪᠢᠰᠳᠡᠭ᠃ ᠤᠯᠠᠩᠭᠢ ᠳᠠᠭᠠᠨ ᠰᠦᠨᠢ ᠭᠦᠳᠡᠯᠭᠡᠭᠡᠨ ᠭᠢᠵᠤ᠂ ᠬᠠᠶᠠ ᠳᠠᠭᠠᠨ ᠡᠳᠤᠷ ᠪᠠᠰᠠ ᠭᠠᠷᠴᠤ ᠢᠷᠡᠳᠡᠭ᠃ ᠰᠢᠷ᠎ᠠ ᠪᠦᠷᠦᠢ ᠪᠠ ᠦᠷ ᠢᠶᠠᠷ ᠤᠯᠠᠨ ᠭᠦᠳᠡᠯᠳᠡᠭ᠃ ᠤᠯᠠᠷᠢᠯ ᠢ ᠲᠠᠭᠠᠨ ᠨᠡᠭᠦᠳᠡᠯᠯᠡᠳᠡᠭ ᠵᠠᠩᠰᠢᠯ ᠲᠠᠢ᠂ ᠵᠢᠯ ᠪᠦᠷᠢ ᠶᠢᠨ ᠬᠠᠪᠤᠷ ᠨᠠᠮᠤᠷ ᠲᠠᠷᠢᠮᠠᠯ ᠪᠤᠯᠪᠠᠰᠤᠷᠠᠬᠤ ᠦᠶᠡᠰ ᠲᠠᠷᠢᠶᠠᠨ ᠭᠠᠵᠠᠷ ᠨᠡᠭᠦᠨ ᠤᠴᠢᠳᠠᠭ᠃ ᠤᠰᠤᠷᠬᠠᠭ ᠵᠦᠢᠯ ᠢ ᠢᠳᠡᠭᠦ ᠲᠤᠷᠠᠳᠠᠢ᠂ ᠵᠠᠷᠢᠮ ᠦᠶᠡᠰ ᠭᠡᠷ ᠤᠨ ᠵᠢᠭᠦᠷᠳᠡᠨ ᠢ ᠬᠠᠵᠠᠵᠤ ᠰᠢᠷᠬᠠᠳᠤᠭᠤᠯᠳᠠᠭ᠃ ᠭᠡᠭᠡᠷ᠎ᠡ ᠭᠠᠳᠠᠨ᠎ᠠ ᠲᠤᠳᠤᠷᠭ᠎ᠠ᠂ ᠪᠠᠨᠠᠨᠠ᠂ ᠨᠢᠰᠢᠩᠭᠦ᠂ ᠪᠤᠷᠴᠠᠭ ᠵᠡᠷᠭᠡ ᠲᠠᠷᠢᠮᠠᠯ ᠢ ᠭᠦᠨᠦᠭᠡᠵᠤ᠂ ᠪᠠᠨᠠᠨᠠ ᠶᠢ ᠨᠡᠩ ᠶᠡᠭᠡ ᠭᠦᠨᠦᠭᠡᠳᠡᠭ᠃ ᠭᠡᠷ ᠲᠤᠳᠤᠷ᠎ᠠ ᠪᠤᠯ ᠠᠮᠤ ᠭᠦᠨᠡᠰᠤ ᠶᠢ ᠬᠤᠯᠠᠭᠠᠶᠢᠯᠠᠨ ᠢᠳᠡᠵᠤ᠂ ᠢᠳᠡᠭᠡᠨ ᠤ ᠦᠢᠯᠡᠳᠪᠤᠷᠢ᠂ ᠮᠠᠯᠵᠢᠯ ᠤᠨ ᠲᠠᠯᠠᠪᠠᠢ᠂ ᠠᠶᠢᠯ ᠭᠡᠷ ᠲᠤ ᠠᠮᠤ ᠪᠤᠳᠠᠭ᠎ᠠ ᠲᠡᠵᠢᠭᠡᠯ ᠪᠤᠷᠳᠤᠭ᠎ᠠ ᠶᠢ ᠬᠤᠯᠠᠭᠠᠶᠢᠯᠠᠨ ᠢᠳᠡᠵᠤ᠂ ᠪᠠᠰᠠ ᠬᠤᠪᠴᠠᠰᠤ ᠬᠤᠨᠠᠷ᠂ ᠡᠳ᠋ ᠭᠡᠷᠡᠭᠰᠡᠯ ᠢ ᠭᠡᠮᠡᠯᠢᠵᠤ ᠰᠦᠢᠳᠭᠡᠳᠡᠭ᠃ ᠵᠢᠯ ᠤᠨ ᠲᠦᠷᠪᠡᠨ ᠤᠯᠠᠷᠢᠯ ᠳᠤ ᠴᠦᠮ ᠦᠷᠡᠵᠢᠵᠤ᠂ ᠵᠢᠯ ᠳᠤ 3~4 ᠡᠭᠦᠷ ᠵᠤᠯᠵᠠᠭᠠᠯᠠᠵᠤ᠂ ᠡᠭᠦᠷ ᠪᠦᠷᠢ ᠲᠤᠮᠳᠠᠴᠢ ᠪᠠᠷ 4~6 ᠵᠤᠯᠵᠠᠭᠠᠯᠠᠵᠤ᠂ ᠬᠠᠮᠤᠭ ᠤᠯᠠᠨ 14 ᠳᠤ ᠭᠦᠷᠳᠡᠭ᠃ ︵12︶ ᠪᠤᠷᠤ ᠬᠤᠯᠤᠭᠠᠨ᠎ᠠ᠄ ᠮᠡᠷᠡᠭᠴᠢ ᠶᠢᠨ ᠪᠠᠭ᠂ ᠬᠤᠯᠤᠭᠠᠨ᠎ᠠ ᠶᠢᠨ ᠢᠵᠠᠭᠤᠷ ᠲᠤ ᠬᠠᠷᠢᠶᠠᠯᠬᠠᠳᠠᠨ᠎ᠠ᠃ ᠪᠠᠶ᠎ᠠ ᠨᠢ ᠪᠢᠴᠢᠬᠠᠨ᠂ ᠪᠡᠶ᠎ᠠ ᠶᠢᠨ ᠤᠷᠳᠤ ᠨᠢ 60~75mm ᠤᠷᠴᠢᠮ᠂ ᠰᠡᠭᠦᠯ ᠨᠢ ᠤᠷᠳᠤ᠂ ᠵᠠᠷᠢᠮ ᠤᠨ ᠭᠢᠨᠢ ᠪᠡᠶ᠎ᠠ ᠲᠠᠢ ᠪᠠᠨ ᠠᠳᠠᠯᠢ ᠤᠷᠳᠤ ᠪᠠᠶᠢᠳᠠᠭ᠃ ᠴᠢᠭᠢ ᠨᠢ ᠬᠤᠯᠤᠭᠠᠷ᠂ ᠤᠷᠤᠠᠠᠰᠢ ᠨᠤᠭᠤᠯᠪᠠᠯ ᠨᠢᠳᠤ ᠪᠠᠨ ᠪᠦᠭᠯᠡᠵᠤ ᠲᠡᠶᠢᠯᠳᠡᠭ ᠦᠭᠡᠢ᠃ ᠦᠰᠤᠨ ᠤ ᠦᠡᠭᠭᠡ ᠨᠢ ᠬᠤᠪᠢᠷᠠᠯᠳᠡ ᠶᠡᠭᠡ ᠲᠠᠢ᠂ ᠨᠢᠷᠤᠭᠤ ᠶᠢᠨ ᠦᠰᠤ ᠨᠢ ᠴᠠᠶᠢᠪᠤᠷ ᠭᠦᠷᠡᠩ ᠪᠤᠶᠤ ᠬᠠᠷ᠎ᠠ ᠭᠦᠷᠡᠩ᠂ ᠭᠡᠪᠡᠯᠢ ᠶᠢᠨ ᠦᠰᠤ ᠨᠢ ᠴᠤᠯ ᠴᠠᠭᠠᠨ ᠪᠤᠶᠤ ᠰᠢᠷᠭᠠᠯ᠂ ᠡᠮᠦᠨ᠎ᠠ ᠬᠤᠶᠢᠳᠤ ᠭᠦᠯ ᠤᠨ ᠦᠰᠤ ᠨᠢ ᠭᠦᠷᠡᠩ ᠪᠤᠶᠤ ᠪᠤᠷᠤᠪᠳᠤᠷ᠂ ᠰᠡᠭᠦᠯ ᠤᠨ ᠲᠡᠭᠡᠷ᠎ᠡ ᠲᠤᠤᠷᠠᠭᠢ ᠦᠰᠤ ᠶᠢᠨ ᠦᠡᠭᠭᠡ ᠨᠢ ᠠᠳᠠᠯᠢ ᠦᠭᠡᠢ᠂ ᠲᠤᠤᠷᠠᠳᠤ ᠲᠠᠯ᠎ᠠ ᠨᠢ ᠨᠡᠯᠢᠶᠡᠳ ᠭᠦᠨ ᠦᠡᠭᠭᠡ ᠲᠠᠢ ᠪᠠᠶᠢᠳᠠᠭ᠃ ᠢᠳᠡᠰᠢ ᠨᠢ ᠭᠡᠪᠡᠯ ᠭᠤᠤᠯ ᠨᠢ ᠠᠮᠤ ᠪᠤᠳᠠᠭ᠎ᠠ ᠪᠠᠷ ᠭᠤᠤᠯ ᠪᠤᠯᠭᠠᠳᠠᠭ᠃ ᠵᠠᠷᠢᠮ ᠦᠶ᠎ᠠ ᠳᠤ ᠡᠪᠡᠰᠤᠨ ᠤ ᠦᠷ᠎ᠠ ᠵᠢᠴᠢ ᠰᠢᠪᠠᠵᠢ ᠬᠤᠷᠤᠬᠠᠢ ᠢᠳᠡᠳᠡᠭ᠃ ᠢᠳᠡᠭᠦ ᠨᠢ ᠪᠠᠭ᠎ᠠ ᠪᠤᠯᠪᠠᠴᠦ ᠲᠠᠷᠢᠮᠠᠯ ᠪᠤᠯᠭᠠᠨ ᠢ ᠭᠦᠨᠦᠭᠡᠳᠡᠭ ᠪᠦᠭᠡᠳ ᠠᠮᠤ ᠪᠤᠳᠠᠭ᠎ᠠ ᠬᠤᠯᠠᠭᠠᠶᠢᠯᠠᠨ ᠢᠳᠡᠳᠡᠭ᠃ ᠭᠤᠤᠯ ᠨᠢ ᠲᠠᠷᠢᠮᠠᠯ ᠢ ᠬᠤᠷᠢᠶᠠᠬᠤ ᠤᠯᠠᠷᠢᠯ ᠳᠤ ᠭᠦᠨᠦᠭᠡᠯ ᠶᠡᠭᠡᠳᠡᠢ᠂ ᠭᠦᠨᠦᠭᠡᠭᠦ ᠳᠡᠭᠡᠨ ᠡᠰᠢ ᠭᠤᠤᠷᠰᠤ ᠶᠢ ᠨᠢ ᠭᠡᠮᠡᠯᠢᠵᠤ ᠲᠠᠰᠤᠳᠠᠳᠠᠭ ᠦᠭᠡᠢ᠂ ᠲᠦᠷᠦᠭᠦᠤ ᠶᠢ ᠨᠢ ᠲᠡᠭᠦᠨ ᠢᠳᠡᠳᠡᠭ᠃ ᠠᠶᠢᠯ ᠭᠡᠷ ᠲᠤ ᠪᠤᠯ ᠲᠤᠩ ᠶᠡᠭᠡ ᠭᠦᠨᠦᠭᠡᠯ ᠲᠠᠢ᠂ ᠬᠤᠪᠴᠠᠰᠤ ᠬᠤᠨᠠᠷ᠂ ᠢᠳᠡᠭᠡᠨ ᠤᠮᠳᠠᠭᠠᠨ᠂ ᠭᠡᠷ ᠤᠨ ᠡᠳ᠋ᠯᠡᠯ ᠭᠡᠷᠡᠭᠰᠡᠯ᠂ ᠨᠤᠮ ᠪᠢᠴᠢᠭ ᠵᠢᠴᠢ ᠪᠤᠰᠤᠳ ᠵᠦᠢᠯᠡᠰ ᠢ ᠴᠦᠮ ᠰᠦᠢᠳᠭᠡᠳᠡᠭ ᠪᠦᠭᠡᠳ ᠪᠤᠭᠢᠷᠳᠤᠭᠤᠯᠳᠠᠭ᠃ ᠡᠭᠦᠨ ᠤ ᠬᠠᠮᠳᠤ ᠭᠡᠷ ᠡᠷᠦᠭᠡ ᠪᠠᠷ ᠦᠷᠭᠦᠯᠵᠢ ᠭᠠᠷᠴᠤ ᠤᠷᠤᠳᠠᠭ ᠪᠤᠯᠬᠤᠷ ᠵᠠᠷᠢᠮ ᠡᠪᠡᠳᠴᠢᠨ ᠲᠠᠬᠤᠯ ᠢ ᠬᠠᠯᠳᠠᠪᠤᠷᠢᠯᠡᠳᠠᠭ ᠪᠠᠶᠢᠨ᠎ᠠ᠃ ᠵᠢᠯ ᠳᠤ 6~8 ᠡᠭᠦᠷ ᠵᠤᠯᠵᠠᠭᠠᠯᠠᠵᠤ᠂ ᠡᠭᠦᠷ ᠪᠦᠷᠢ ᠲᠤᠮᠳᠡᠴᠢ ᠪᠠᠷ 4~8 ᠵᠤᠯᠵᠠᠭᠠᠯᠠᠵᠤ᠂ ᠬᠠᠮᠤᠭ ᠤᠨ ᠤᠯᠠᠨ ᠳᠠᠭᠠᠨ 10 ᠵᠤᠯᠵᠠᠭᠠᠯᠠᠳᠠᠭ ᠴᠤ ᠪᠠᠶᠢᠨ᠎ᠠ᠃ 4. ᠮᠠᠨ ᠤ ᠤᠯᠤᠰ ᠤᠨ ᠭᠦᠳᠡᠭᠡ ᠲᠤᠰᠬᠤᠨ ᠳᠤ ᠭᠦᠨᠦᠭᠡᠯᠳᠤ ᠬᠤᠯᠤᠭᠠᠨ᠎ᠠ ᠨᠢ ᠶᠠᠮᠠᠷ ᠭᠦᠨᠦᠭᠡᠯ ᠤᠴᠠᠷᠠᠭᠤᠯᠵᠤ ᠪᠠᠶᠢᠬᠤ ᠪᠤᠢ︖ ︵1︶ ᠲᠠᠷᠢᠮᠠᠯ ᠢ ᠦᠷᠭᠡᠨ ᠢᠶᠠᠷ ᠭᠦᠨᠦᠭᠡᠵᠤ᠂ ᠭᠦᠨᠳᠤ ᠨᠤᠴᠢᠳᠡᠢ ᠬᠤᠭᠢᠷᠠᠯ ᠤᠴᠠᠷᠠᠭᠤᠯᠳᠠᠭ᠃ ᠪᠠᠶᠢᠴᠠᠭᠠᠯᠳᠠ ᠶᠢ ᠦᠨᠳᠦᠰᠦᠯᠡᠪᠡᠯ ᠭᠦᠨᠦᠭᠡᠯᠳᠤ ᠬᠤᠯᠤᠭᠠᠨ᠎ᠠ ᠶᠢᠨ ᠲᠠᠷᠢᠶ᠎ᠠ ᠶᠢᠨ ᠭᠦᠨᠦᠭᠡᠯ ᠨᠢ ᠪᠦᠭᠦ᠋ᠢᠯᠡ ᠲᠠᠷᠢᠮᠠᠯ ᠵᠢᠴᠢ ᠪᠦᠭᠦ᠋ᠢᠯᠡ ᠤᠷᠭᠤᠯᠳᠠ ᠶᠢᠨ ᠦᠶ᠎ᠠ ᠲᠠᠢ ᠬᠤᠯᠪᠤᠠᠠᠳᠠᠵᠤ᠂ ᠲᠤᠳᠤᠷᠭ᠎ᠠ᠂ ᠪᠤᠭᠤᠳᠠᠢ᠂ ᠡᠷᠳᠡᠨᠢ ᠰᠢᠰᠢ᠂ ᠪᠤᠷᠴᠠᠭ᠂ ᠨᠢᠰᠢᠩᠭᠦ ᠵᠢᠴᠢ ᠭᠤᠸ᠎ᠠ ᠵᠢᠮᠢᠰ ᠪᠤᠯᠤᠨ ᠨᠤᠭᠤᠭ᠎ᠠ ᠴᠠᠭ᠎ᠠ ᠵᠡᠷᠭᠡ ᠲᠠᠷᠢᠮᠠᠯ ᠴᠦᠮ ᠠᠳᠠᠯᠢ ᠪᠤᠰᠤ ᠭᠡᠮᠵᠢᠶ᠎ᠠ ᠪᠠᠷ ᠬᠤᠯᠤᠭᠠᠨ᠎ᠠ ᠶᠢᠨ ᠭᠦᠨᠦᠭᠡᠯ ᠳᠤ ᠤᠴᠠᠷᠠᠳᠠᠭ ᠪᠠᠶᠢᠨ᠎ᠠ᠃ ᠬᠤᠯᠤᠭᠠᠨ᠎ᠠ ᠶᠢᠨ ᠭᠦᠨᠦᠭᠡᠯ ᠤᠨ ᠬᠤᠭᠢᠷᠠᠯ ᠨᠢ ᠤᠷᠭᠤᠮᠠᠯ ᠤᠨ ᠡᠪᠡᠳᠴᠢᠨ ᠤ ᠭᠦᠨᠦᠭᠡᠯ᠂ ᠬᠤᠷᠤᠬᠠᠢ ᠶᠢᠨ ᠭᠦᠨᠦᠭᠡᠯ᠂ ᠡᠪᠡᠰᠤᠨ ᠤ ᠭᠦᠨᠦᠭᠡᠯ ᠤᠨ ᠬᠤᠭᠢᠷᠠᠯ ᠠᠴᠠ ᠬᠤᠯᠠ ᠲᠠᠪᠠᠵᠤ ᠪᠠᠶᠢᠳᠠᠭ᠃ ᠮᠠᠨ ᠤ ᠤᠯᠤᠰ ᠲᠤ 20 ᠳ᠋ᠤᠭᠠᠷ ᠵᠠᠭᠤᠨ ᠤ ᠨᠠᠶᠠᠭᠠᠳ ᠤᠨ ᠠᠴᠠ ᠬᠤᠶᠢᠰᠢ ᠬᠤᠯᠤᠭᠠᠨ᠎ᠠ ᠶᠢᠨ ᠭᠦᠨᠦᠭᠡᠯ ᠤᠨ ᠭᠠᠵᠠᠷ ᠲᠠᠯᠠᠪᠠᠢ ᠦᠷᠭᠡᠵᠢᠭᠦ ᠬᠠᠨᠳᠤᠰᠢ ᠲᠠᠢ ᠪᠤᠯᠵᠤ᠂ ᠲᠠᠷᠢᠶᠠᠨ ᠭᠠᠵᠠᠷ ᠲᠤ ᠬᠤᠯᠤᠭᠠᠨ᠎ᠠ ᠶᠢᠨ ᠭᠦᠨᠦᠭᠡᠯ ᠭᠦᠨᠳᠤ ᠨᠤᠴᠢᠳᠡᠢ ᠡᠭᠦᠰᠴᠤ᠂ ᠭᠡᠳᠦᠨ ᠵᠢᠯ ᠤᠨ ᠶᠡᠭᠡ ᠭᠡᠮᠵᠢᠶᠠᠨ ᠤ ᠰᠡᠷᠭᠡᠶᠢᠯᠡᠨ ᠵᠠᠰᠠᠬᠤ ᠠᠵᠢᠯᠯᠠᠭ᠎ᠠ ᠪᠠᠷ ᠲᠠᠮᠵᠢᠭᠤᠯᠤᠨ 20 ᠳ᠋ᠤᠭᠠᠷ ᠵᠠᠭᠤᠨ ᠤ ᠨᠠᠶᠠᠭᠠᠳ ᠤᠨ ᠤ ᠰᠡᠭᠦᠯᠴᠢ ᠪᠤᠯᠬᠤ ᠳᠤ ᠨᠡᠯᠢᠶᠡᠳ ᠨᠠᠮᠳᠠᠭᠠᠵᠤ ᠠᠪᠴᠠᠢ᠃ ᠭᠡᠪᠡᠴᠤ 20 ᠳ᠋ᠤᠭᠠᠷ ᠵᠠᠭᠤᠨ ᠤ ᠶᠡᠷᠡᠭᠡᠳ ᠤᠨ ᠠᠴᠠ ᠬᠤᠶᠢᠰᠢ ᠡᠯ᠎ᠠ ᠭᠠᠵᠠᠷ ᠬᠤᠯᠤᠭᠠᠨ᠎ᠠ ᠶᠢᠨ ᠭᠦᠨᠦᠭᠡᠯ ᠢ ᠰᠡᠷᠭᠡᠶᠢᠯᠡᠨ ᠵᠠᠰᠠᠬᠤ ᠪᠠᠨ ᠰᠤᠯᠠᠷᠠᠭᠤᠯᠤᠠᠠᠰᠠᠨ ᠪᠠ ᠡᠭᠦᠨ ᠤ ᠲᠡᠭᠡᠷ᠎ᠡ ᠪᠡᠰᠠ ᠶᠠᠷᠤ ᠪᠤᠰᠤ ᠶᠢᠨ ᠠᠭᠤᠷ ᠠᠮᠢᠰᠬᠤᠯ ᠤᠨ ᠨᠦᠯᠦᠭᠡ ᠠᠴᠠ ᠪᠤᠯᠤᠭᠠᠳ ᠬᠤᠯᠤᠭᠠᠨ᠎ᠠ ᠶᠢᠨ ᠭᠦᠨᠦᠭᠡᠯ ᠲᠠᠭᠢᠨᠳᠡ ᠨᠡᠮᠡᠭᠳᠡᠭᠰᠡᠨ ᠪᠠᠶᠢᠨ᠎ᠠ᠃ ᠭᠦᠨᠦᠭᠡᠯᠳᠤ ᠬᠤᠯᠤᠭᠠᠨ᠎ᠠ ᠶᠢᠨ ᠨᠢᠠᠠᠳᠠᠴᠠ ᠲᠡᠭᠡᠭᠰᠢᠯᠡᠵᠤ᠂ ᠲᠠᠷᠢᠮᠠᠯ ᠤᠨ ᠬᠤᠭᠢᠷᠠᠯ ᠭᠦᠨᠳᠤ ᠨᠤᠴᠢᠳᠡᠢ ᠪᠤᠯᠵᠠᠢ᠃ ᠵᠢᠱᠢᠶᠡᠯᠡᠪᠡᠯ ᠬᠤᠯᠤᠭᠠᠨ᠎ᠠ ᠶᠢᠨ ᠭᠦᠨᠦᠭᠡᠯ ᠢᠶᠠᠷ ᠨᠡᠯᠢᠶᠡᠳ ᠭᠦᠨᠳᠤ ᠪᠠᠶᠢᠳᠠᠭ ᠭᠦᠭᠡ ᠮᠦᠷᠡᠨ᠂ ᠬᠤᠸᠠᠢ ᠾᠧ ᠭᠠᠵᠠᠷ ᠤᠷᠤᠨ᠂ ᠬᠤᠸᠠ ᠨᠠᠨ ᠭᠠᠵᠠᠷ ᠤᠷᠤᠨ ᠵᠢᠴᠢ ᠪᠠᠷᠠᠭᠤᠨ ᠡᠮᠦᠨᠡᠳᠤ᠂ ᠪᠠᠷᠠᠭᠤᠨ ᠬᠤᠶᠢᠳᠤ᠂ ᠵᠡᠭᠦᠨ ᠬᠤᠶᠢᠳᠤ ᠶᠢᠨ ᠭᠡᠰᠡᠭ ᠭᠠᠵᠠᠷ ᠤᠷᠤᠨ ᠳᠤ ᠲᠤᠳᠤᠷᠭ᠎ᠠ᠂ ᠪᠤᠭᠤᠳᠠᠢ᠂ ᠡᠷᠳᠡᠨᠢ ᠰᠢᠰᠢ᠂ ᠪᠤᠷᠴᠠᠭ ᠤᠨ ᠲᠦᠷᠦᠯ ᠤᠨ ᠲᠠᠷᠢᠮᠠᠯ ᠭᠦᠨᠦᠭᠡᠯ ᠳᠤ ᠠᠪᠳᠠᠭᠠᠳ᠂ ᠶᠠᠷᠤ ᠶᠢᠨ ᠭᠢᠨᠢ 3%~5%᠂ ᠭᠦᠨᠳᠤ ᠨᠢ 5%~10% ᠪᠠᠷ ᠬᠤᠷᠢᠶᠠᠯᠳᠠ ᠨᠢ ᠬᠠᠰᠤᠠᠠᠳᠠᠵᠤ᠂ ᠭᠡᠰᠡᠭ ᠭᠠᠵᠠᠷ ᠤᠷᠤᠨ ᠤ ᠭᠢᠨᠢ 30% ᠠᠴᠠ ᠲᠡᠭᠡᠭᠰᠢ ᠳᠤ ᠭᠦᠷᠴᠡᠢ᠃ ᠵᠠᠷᠢᠮ ᠲᠠᠷᠢᠶᠠᠨ ᠭᠠᠵᠠᠷ ᠨᠢ ᠴᠢᠨ᠋ᠬᠠᠰᠢᠯᠠᠪᠠᠯ ᠪᠦᠷᠢᠮᠦᠰᠤᠨ ᠬᠤᠷᠢᠶᠠᠯᠳᠠ ᠠᠯᠳ᠋ᠬᠠᠰᠠᠨ ᠪᠠᠶᠢᠨ᠎ᠠ᠃ ᠵᠠᠷᠢᠮ ᠭᠠᠵᠠᠷ ᠤᠨ ᠲᠠᠷᠢᠶᠠᠴᠢᠳ ᠲᠠᠷᠢᠶ᠎ᠠ ᠠᠴᠠ ᠪᠠᠨ ᠮᠦᠭᠦᠯᠢᠭ ᠠᠮᠤ ᠴᠤ ᠤᠯᠤᠠᠠᠰᠠᠨ ᠦᠭᠡᠢ ᠪᠤᠯᠬᠤᠷ ᠬᠤᠯᠤᠭᠠᠨ᠎ᠠ ᠶᠢᠨ ᠨᠦᠭᠡ ᠶᠢ ᠮᠠᠯᠳ᠋ᠬᠠᠰᠨ ᠳᠤ ᠡᠳᠤᠷ ᠲᠤ ᠪᠠᠭ᠎ᠠ ᠳᠠᠭᠠᠨ ᠭᠡᠳᠦᠨ ᠠᠷᠪᠡᠨ ᠺᠢᠯᠦᠭᠷᠠᠮ ᠠᠮᠤ ᠮᠦᠭᠦᠯᠢᠭ ᠤᠯᠵᠤ ᠠᠪᠴᠠᠢ᠃ ᠡᠶᠢᠮᠤ ᠠᠴᠠ ᠤᠯᠠᠨ ᠤ ᠲᠤᠮᠳᠠ ︽ᠲᠠᠷᠢᠶ᠎ᠠ ᠲᠠᠷᠢᠬᠤ ᠪᠠᠷ ᠬᠤᠯᠤᠭᠠᠨ᠎ᠠ ᠶᠢᠨ ᠨᠦᠭᠡ ᠶᠢ ᠮᠠᠯᠳᠠ︾ ᠭᠡᠰᠡᠨ ᠶᠠᠷᠢᠶ᠎ᠠ ᠲᠡᠯᠭᠡᠷᠡᠵᠡᠢ᠃ ᠡᠭᠦᠨ ᠠᠴᠠ ᠦᠵᠡᠭᠦᠯᠡᠷ ᠭᠦᠨᠦᠭᠡᠯᠳᠤ ᠬᠤᠯᠤᠭᠠᠨ᠎ᠠ ᠶᠢᠨ ᠭᠦᠨᠦᠭᠡᠯ ᠨᠢ ᠭᠡᠴᠢᠨᠡᠨ ᠭᠦᠨᠳᠤ ᠨᠤᠴᠢᠳᠡᠢ ᠪᠠᠶᠢᠬᠤ ᠠᠵᠢ᠃ ᠡᠭᠦᠨ ᠠᠴᠠ ᠭᠠᠳᠠᠨ᠎ᠠ ᠠᠵᠤ ᠠᠬᠤᠢ ᠶᠢᠨ ᠲᠠᠷᠢᠮᠠᠯ ᠴᠤ ᠬᠤᠯᠤᠭᠠᠨ᠎ᠠ ᠶᠢᠨ ᠭᠦᠨᠦᠭᠡᠯ ᠳᠤ ᠠᠪᠳᠠᠬᠤ ᠨᠢ ᠡᠳᠤᠷ ᠢᠷᠡᠭᠦᠶ᠎ᠠ ᠲᠤᠪᠤᠶᠢᠮ᠎ᠠ ᠪᠤᠯᠵᠤ ᠪᠠᠶᠢᠨ᠎ᠠ᠃ ᠭᠦᠪᠤᠩ ᠤᠨ ᠭᠤᠤᠯ ᠭᠠᠷᠤᠯᠳᠠ ᠶᠢᠨ ᠤᠷᠤᠨ ᠪᠤᠯᠬᠤ ᠬᠤᠪᠸᠢ᠂ ᠾᠧᠪᠸᠢ᠂ ᠵᠢᠶᠠᠩᠰᠤ᠂ ᠰᠢᠨᠵᠢᠶᠠᠩ ᠭᠠᠵᠠᠷ ᠤᠨ ᠹᠧᠨᠤᠯ ᠪᠠᠭᠠᠳᠠᠢ ᠭᠦᠪᠤᠩ ︵ᠬᠤᠤᠷ ᠦᠭᠡᠢ ᠭᠦᠪᠤᠩ︶ ᠤᠨ ᠬᠤᠯᠤᠭᠠᠨ᠎ᠠ ᠶᠢᠨ ᠭᠦᠨᠦᠭᠡᠯ ᠵᠢᠯ ᠲᠠᠷᠠᠭᠠᠯᠠᠨ ᠭᠦᠨᠳᠦᠷᠡᠵᠤ᠂ ᠭᠦᠡᠭᠭᠡᠨ ᠨᠢ 10%~20% ᠪᠠᠷ᠂ ᠭᠦᠨᠳᠤ ᠨᠢ 30% ᠠᠴᠠ ᠲᠡᠭᠡᠭᠰᠢ ᠬᠤᠷᠢᠶᠠᠯᠳᠠ ᠬᠠᠰᠤᠠᠠᠳᠠᠵᠤ᠂ ᠵᠠᠷᠢᠮ ᠭᠠᠵᠠᠷ ᠤᠷᠤᠨ ᠤ ᠬᠤᠯᠤᠭᠠᠨ᠎ᠠ ᠶᠢᠨ ᠭᠦᠨᠦᠭᠡᠯ ᠨᠢ ᠭᠦᠪᠤᠩ ᠤᠨ ᠮᠢᠩ ᠬᠤᠷᠤᠬᠠᠢ ᠶᠢᠨ ᠭᠦᠨᠦᠭᠡᠯ ᠠᠴᠠ ᠲᠠᠪᠠᠭᠰᠠᠨ ᠪᠠᠶᠢᠨ᠎ᠠ᠃ ᠠᠩᠬᠠᠷᠤᠭᠤᠰᠢᠳᠡᠢ ᠨᠢ ᠭᠡᠪᠡᠯ ᠤᠶᠢᠷ᠎ᠠ ᠶᠢᠨ ᠵᠢᠯ ᠤᠳ ᠲᠤ ᠤᠮᠠᠷᠠᠳᠤ ᠶᠢᠨ ᠭᠠᠵᠠᠷ ᠤᠷᠤᠨ ᠤ ᠬᠠᠮᠠᠭᠠᠯᠠᠯᠳᠠ ᠶᠢᠨ ᠲᠠᠷᠢᠶᠠᠨ ᠤ ᠨᠤᠭᠤᠭ᠎ᠠ ᠴᠠᠭ᠎ᠠ ᠶᠢᠨ ᠭᠦᠭᠵᠢᠯᠳᠡ ᠨᠢ ᠲᠦᠷᠭᠡᠳᠴᠤ᠂ ᠤᠳᠤᠬᠠᠨ ᠳᠤ ᠨᠢᠭᠡᠨᠳᠡ 200 ᠭᠠᠷᠤᠢ ᠲᠦᠮᠡᠨ ha ᠲᠤ ᠭᠦᠷᠴᠡᠢ᠂ ᠭᠡᠪᠡᠴᠤ ᠬᠤᠯᠤᠭᠠᠨ᠎ᠠ ᠶᠢᠨ ᠭᠦᠨᠦᠭᠡᠯ ᠨᠢ ᠬᠠᠮᠠᠭᠠᠯᠠᠯᠳᠠ ᠶᠢᠨ ᠲᠠᠷᠢᠶᠠᠨ ᠤ ᠨᠤᠭᠤᠭ᠎ᠠ ᠴᠠᠭ᠎ᠠ ᠶᠢᠨ ᠦᠢᠯᠡᠳᠪᠤᠷᠢᠯᠡᠯ ᠳᠤ ᠰᠦᠷᠳᠡᠭᠦᠯᠦᠯ ᠪᠤᠯᠵᠤ ᠪᠤᠢ᠃ ᠵᠢᠱᠢᠶᠡᠯᠡᠪᠡᠯ ᠯᠢᠶᠤᠤᠨᠢᠩ ᠤᠨ ᠳ᠋ᠠᠨ ᠳ᠋ᠦᠩ ᠤᠨ ᠪᠠᠶᠢᠴᠠᠭᠠᠯᠳᠠ ᠶᠢ ᠦᠨᠳᠦᠰᠦᠯᠡᠪᠡᠯ᠂ ᠬᠠᠮᠠᠭᠠᠯᠠᠯᠳᠠ ᠶᠢᠨ ᠲᠠᠷᠢᠶᠠᠨ ᠤ ᠨᠤᠭᠤᠭ᠎ᠠ ᠴᠠᠭ᠎ᠠ ᠶᠢᠨ ᠭᠦᠨᠦᠭᠡᠭᠳᠡᠭᠦ ᠨᠤᠷᠮ᠎ᠠ ᠨᠢ 20%~40% ᠳᠤ ᠭᠦᠷᠴᠤ᠂ ᠬᠠᠰᠢ ᠶᠢᠨ ᠲᠦᠷᠦᠯ᠂ ᠭᠤᠸ᠎ᠠ ᠶᠢᠨ ᠲᠦᠷᠦᠯ ᠪᠤᠯᠤᠨ ᠪᠤᠷᠴᠠᠭ ᠤᠨ ᠲᠦᠷᠦᠯ ᠤᠨ ᠭᠢᠨᠢ ᠨᠡᠩ ᠭᠦᠨᠳᠤ ᠪᠠᠶᠢᠨ᠎ᠠ᠃ ᠡᠭᠦᠨ ᠠᠴᠠ ᠭᠠᠳᠠᠨ᠎ᠠ ᠨᠢᠰᠢᠩᠭᠦ᠂ ᠰᠠᠮᠤᠷ᠂ ᠵᠢᠮᠢᠰ ᠤᠨ ᠮᠤᠳᠤ ᠵᠡᠷᠭᠡ ᠠᠵᠤ ᠠᠬᠤᠢ ᠶᠢᠨ ᠲᠠᠷᠢᠮᠠᠯ ᠴᠤ ᠭᠦᠨᠳᠤ ᠨᠤᠴᠢᠳᠡᠢ ᠭᠦᠨᠦᠭᠡᠭᠳᠡᠵᠤ ᠪᠠᠶᠢᠨ᠎ᠠ᠃ ︵2︶ ᠲᠠᠷᠢᠶᠠᠴᠢᠳ ᠤᠨ ᠬᠠᠳᠠᠭᠠᠯᠬᠠᠰᠠᠨ ᠠᠮᠤ ᠪᠤᠳᠠᠭ᠎ᠠ ᠨᠢ ᠬᠤᠯᠤᠭᠠᠨ᠎ᠠ ᠶᠢᠨ ᠭᠦᠨᠦᠭᠡᠯ ᠳᠤ ᠭᠦᠨᠳᠤ ᠨᠤᠴᠢᠳᠡᠢ ᠬᠤᠭᠢᠷᠠᠵᠤ ᠪᠠᠶᠢᠨ᠎ᠠ᠃ ᠬᠤᠯᠤᠭᠠᠨ᠎ᠠ ᠶᠢᠨ ᠭᠦᠨᠦᠭᠡᠯ ᠨᠢ ᠲᠠᠷᠢᠶᠠᠨ ᠭᠠᠵᠠᠷ ᠡᠭᠦᠰᠭᠦ ᠪᠠᠷ ᠦᠯᠤ ᠪᠠᠷᠠᠮ ᠲᠠᠷᠢᠶᠠᠴᠢᠳ ᠤᠨ ᠬᠠᠳᠠᠭᠠᠯᠬᠠᠰᠠᠨ ᠠᠮᠤ ᠪᠤᠳᠠᠭ᠎ᠠ ᠶᠢ ᠬᠤᠭᠢᠷᠠᠭᠤᠯᠬᠤ ᠶᠠᠪᠤᠳᠠᠯ ᠴᠤ ᠨᠡᠯᠢᠶᠡᠳ ᠭᠦᠨᠳᠤ ᠪᠠᠶᠢᠨ᠎ᠠ᠃ ᠵᠢᠱᠢᠶᠡᠯᠡᠪᠡᠯ ᠭᠡᠷ ᠤᠨ ᠭᠦᠷᠡᠩ ᠬᠤᠯᠤᠭᠠᠨ᠎ᠠ᠂ ᠰᠢᠷ᠎ᠡ ᠡᠪᠴᠢᠭᠦᠳᠤ ᠬᠤᠯᠤᠭᠠᠨ᠎ᠠ᠂ ᠪᠤᠷᠤ ᠬᠤᠯᠤᠭᠠᠨ᠎ᠠ ᠨᠢ ᠲᠠᠷᠢᠶᠠᠨ ᠳᠠᠬᠢ ᠲᠠᠷᠢᠮᠡᠯ ᠢ ᠭᠦᠨᠦᠭᠡᠭᠦ ᠪᠠᠷ ᠪᠠᠷᠠᠬᠤ ᠦᠭᠡᠢ ᠲᠠᠷᠢᠶᠠᠴᠢᠨ ᠡᠷᠦᠭᠡ ᠳᠤ ᠴᠤ ᠬᠦᠨᠤᠬᠡᠯ ᠪᠤᠯᠵᠤ ᠪᠠᠶᠢᠨ᠎ᠠ᠃ ᠡᠳᠡᠭᠡᠷ ᠬᠤᠯᠤᠭᠠᠨ᠎ᠠ ᠨᠤᠭᠤᠳ ᠲᠠᠷᠢᠶᠠᠨ ᠭᠠᠵᠠᠷ ᠪᠠ ᠲᠠᠷᠢᠶᠠᠴᠢᠨ ᠡᠷᠦᠭᠡ ᠶᠢᠨ ᠬᠤᠭᠤᠷᠤᠨᠳᠤ ᠦᠭᠡᠳᠡ ᠤᠷᠤᠭᠤ ᠨᠡᠭᠦᠨ ᠰᠢᠯᠵᠢᠵᠤ ︽ᠬᠠᠪᠤᠷ ᠴᠢᠭᠢ ᠢᠳᠡᠵᠤ᠂ ᠵᠤᠨ ᠦᠷ᠎ᠡ ᠢᠳᠡᠵᠦ᠂ ᠨᠠᠮᠤᠷ ᠡᠪᠤᠯ ᠤᠭᠤᠳᠠ ᠶᠢ ᠴᠤᠭᠤᠯᠬᠤ︾ ᠪᠠᠶᠢᠳᠠᠯ ᠲᠠᠢ ᠪᠤᠯᠵᠠᠢ᠃ ᠪᠠᠶᠢᠴᠠᠭᠠᠯᠳᠠ ᠶᠢ ᠦᠨᠳᠦᠰᠦᠯᠡᠪᠡᠯ ᠨᠢᠭᠡᠨ ᠲᠠᠷᠢᠶᠠᠴᠢᠨ ᠡᠷᠦᠭᠡ ᠵᠢᠯ ᠳᠤ ᠬᠠᠳᠠᠭᠠᠯᠠᠮᠵᠢ ᠶᠢᠨ ᠠᠮᠤ ᠪᠠᠨ ᠪᠠᠭ᠎ᠠ ᠳᠠᠭᠠᠨ 10~20kg᠂ ᠠᠷᠪᠢᠨ ᠳᠠᠭᠠᠨ 50~60kg ᠬᠤᠷᠤᠠᠠᠳᠠᠭᠤᠯᠵᠤ᠂ ᠠᠷᠪᠢᠨ ᠳᠠᠭᠠᠨ 100kg ᠠᠴᠠ ᠭᠡᠳᠦᠷᠡᠵᠤ ᠪᠠᠶᠢᠨ᠎ᠠ᠃ ᠮᠠᠨ ᠤ ᠤᠯᠤᠰ ᠤᠨ ᠭᠤᠷᠪᠡᠨ ᠤ ᠬᠤᠶᠠᠷ ᠠᠴᠠ ᠲᠡᠭᠡᠭᠰᠢᠭᠢ ᠲᠠᠷᠢᠶᠠᠴᠢᠨ ᠡᠷᠦᠭᠡ ᠳᠤ ᠬᠤᠯᠤᠭᠠᠨ᠎ᠠ ᠶᠢᠨ ᠭᠦᠨᠦᠭᠡᠯ ᠠᠳᠠᠯᠢ ᠪᠤᠰᠤ ᠭᠡᠮᠵᠢᠶ᠎ᠠ ᠪᠠᠷ ᠲᠤᠰᠴᠤ ᠪᠠᠶᠢᠨ᠎ᠠ᠃ ︵ 3︶ ᠬᠤᠯᠤᠭᠠᠨ᠎ᠠ ᠶᠢᠨ ᠭᠦᠨᠦᠭᠡᠯ ᠠᠷᠪᠢᠳᠤᠠᠠᠰᠠᠨ ᠠᠴᠠ ᠭᠦᠳᠡᠭᠡ ᠲᠤᠰᠬᠤᠨ ᠳᠤ ᠬᠤᠯᠤᠭᠠᠨ᠎ᠠ ᠠᠴᠠ ᠭᠦᠮᠦᠨ ᠳᠤ ᠡᠪᠡᠳᠴᠢᠨ ᠭᠢᠵᠢᠭ ᠬᠠᠯᠳᠠᠪᠤᠷᠢᠯᠠᠬᠤ ᠶᠠᠪᠤᠳᠠᠯ ᠡᠭᠦᠰᠴᠤ᠂ ᠲᠠᠷᠢᠶᠠᠴᠢᠳ ᠤᠨ ᠪᠡᠶ᠎ᠠ ᠮᠠᠬᠠᠠᠪᠤᠳ ᠤᠨ ᠡᠷᠡᠭᠦᠯ ᠮᠡᠨᠳᠤ ᠳᠤ ᠮᠠᠰᠢ ᠮᠠᠭᠤ ᠨᠦᠯᠦᠭᠡ ᠦᠵᠡᠭᠦᠯᠵᠤ ᠪᠠᠶᠢᠨ᠎ᠠ᠃ ᠬᠤᠯᠤᠭᠠᠨ᠎ᠠ ᠠᠴᠠ ᠡᠭᠦᠰᠭᠦ ᠡᠪᠡᠳᠴᠢᠨ ᠭᠢᠵᠢᠭ ᠢ ᠬᠤᠯᠤᠭᠠᠨ᠎ᠠ ᠶᠢᠨ ᠡᠭᠦᠰᠪᠤᠷᠢ ᠭᠢᠵᠢᠭ ᠪᠤᠶᠤ ᠬᠤᠯᠤᠭᠠᠨ᠎ᠠ ᠶᠢᠨ ᠬᠠᠯᠳᠠᠪᠤᠷᠢᠳᠤ ᠡᠪᠡᠳᠴᠢᠨ ᠭᠡᠳᠡᠭ᠃ ᠬᠤᠯᠤᠭᠠᠨ᠎ᠠ ᠶᠢᠨ ᠭᠦᠨᠦᠭᠡᠯ ᠠᠴᠠ ᠭᠦᠮᠦᠰ ᠤᠨ ᠡᠷᠡᠭᠦᠯ ᠮᠡᠨᠳᠤ ᠶᠢ ᠨᠦᠯᠦᠭᠡᠯᠡᠳᠡᠭ ᠢᠯᠡᠷᠡᠯ ᠨᠢ ᠭᠡᠪᠡᠯ ᠬᠤᠯᠤᠭᠠᠨ᠎ᠠ ᠶᠢᠨ ᠡᠭᠦᠰᠪᠤᠷᠢ ᠭᠢᠵᠢᠭ ᠡᠭᠦᠰᠭᠦ ᠶᠠᠪᠤᠳᠠᠯ ᠪᠤᠯᠤᠨ᠎ᠠ᠃ ᠬᠠᠮᠢᠶ᠎ᠠ ᠪᠦᠭᠦᠢ ᠮᠠᠲ᠋ᠧᠷᠢᠶᠠᠯ ᠳᠤ ᠲᠡᠮᠳᠡᠭᠯᠡᠭᠰᠡᠨ ᠢ ᠦᠨᠳᠤᠰᠦᠯᠡᠪᠡᠯ᠂ ᠪᠦᠭᠦ ᠲᠡᠯᠡᠭᠡᠢ ᠶᠢᠨ 90% ᠶᠢᠨ ᠬᠤᠯᠤᠭᠠᠨ᠎ᠠ ᠶᠢᠨ ᠲᠦᠷᠦᠯ ᠳᠤ 200 ᠭᠠᠷᠤᠢ ᠲᠦᠷᠦᠯ ᠤᠨ ᠡᠪᠡᠳᠴᠢᠨ ᠤ ᠠᠩᠬᠠᠳ᠋ᠬᠠᠴᠢ ᠪᠠᠶ᠎ᠠ ᠲᠠᠭᠠᠯᠳᠤᠵᠤ ᠪᠠᠶᠢᠬᠤ ᠪᠦᠭᠡᠳ ᠡᠭᠦᠨ ᠳᠤ ᠭᠦᠮᠦᠨ ᠳᠤ ᠨᠡᠷᠪᠡᠭᠳᠡᠭᠦ ᠡᠪᠡᠳᠴᠢᠨ ᠤ ᠠᠩᠬᠠᠳ᠋ᠬᠠᠴᠢ ᠪᠠᠶ᠎ᠠ ᠭᠤᠤᠯ ᠨᠢ 57 ᠲᠦᠷᠦᠯ ᠪᠠᠶᠢᠨ᠎ᠠ᠃ ᠮᠠᠨ ᠤ ᠤᠯᠤᠰ ᠲᠤ ᠦᠷᠭᠦᠯᠵᠢ ᠲᠤᠭᠢᠶᠠᠯᠳᠤᠳᠠᠭ ᠬᠤᠯᠤᠭᠠᠨ᠎ᠠ ᠶᠢᠨ ᠬᠠᠯᠳᠠᠪᠤᠷᠢᠳᠤ ᠡᠪᠡᠳᠴᠢᠨ ᠭᠡᠪᠡᠯ ᠬᠤᠯᠤᠭᠠᠨ᠎ᠠ ᠭᠢᠵᠢᠭ᠂ ᠬᠠᠯᠳᠠᠪᠤᠷᠢᠳᠤ ᠴᠢᠨᠠᠷ ᠲᠠᠢ ᠴᠢᠰᠤᠨ ᠬᠠᠯᠠᠭᠤᠨ ᠡᠪᠡᠳᠴᠢᠨ᠂ ᠭᠤᠬᠠᠨ ᠱᠤᠷᠠᠭ ᠪᠠᠶᠠᠳᠤ ᠡᠪᠡᠳᠴᠢᠨ ᠵᠡᠷᠭᠡ ᠪᠤᠢ᠃ ᠲᠡᠭᠡᠷᠡᠭᠢ ᠭᠤᠷᠪᠡᠨ ᠲᠦᠷᠦᠯ ᠤᠨ ᠬᠤᠯᠤᠭᠠᠨ᠎ᠠ ᠶᠢᠨ ᠬᠠᠯᠳᠠᠪᠤᠷᠢᠳᠤ ᠡᠪᠡᠳᠴᠢᠨ ᠮᠠᠨ ᠤ ᠤᠯᠤᠰ ᠤᠨ ᠭᠦᠭᠡ᠂ ᠭᠦᠭᠡᠭᠴᠢᠨ ᠲᠦᠷᠦᠯ ᠤᠨ 25 ᠵᠦᠢᠯ ᠤᠨ ᠬᠠᠯᠳᠠᠪᠤᠷᠢᠳᠤ ᠡᠪᠡᠳᠴᠢᠨ ᠤ ᠲᠤᠳᠤᠷ᠎ᠡ ᠦᠭᠦᠯ ᠤᠨ ᠨᠤᠷᠮ᠎ᠠ ᠪᠠᠷ ᠢᠶᠠᠨ ᠲᠦᠷᠦᠭᠦᠤ 10 ᠨᠡᠷ᠎ᠡ ᠳᠤ ᠵᠢᠠᠠᠰᠠᠭᠠᠠᠠᠳᠠᠵᠤ ᠪᠠᠶᠢᠨ᠎ᠠ᠃ 20 ᠳ᠋ᠤᠭᠠᠷ ᠵᠠᠭᠤᠨ ᠤ ᠶᠡᠷᠡᠭᠡᠳ ᠤᠨ ᠤ ᠰᠡᠭᠦᠯᠴᠢ ᠠᠴᠠ ᠨᠠᠰᠢ᠂ ᠭᠦᠳᠡᠭᠡ ᠲᠤᠰᠬᠤᠨ ᠤ ᠬᠤᠯᠤᠭᠠᠨ᠎ᠠ ᠶᠢᠨ ᠭᠦᠨᠦᠭᠡᠯ ᠭᠡᠴᠡᠭᠦᠳᠡᠭᠰᠡᠨ ᠠᠴᠠ ᠪᠤᠯᠤᠭᠠᠳ ᠬᠠᠯᠳᠠᠪᠤᠷᠢᠳᠤ ᠴᠢᠨᠠᠷ ᠲᠠᠢ ᠴᠢᠰᠤᠯᠢᠭ ᠬᠠᠯᠠᠭᠤᠨ ᠡᠪᠡᠳᠴᠢᠨ᠂ ᠭᠤᠬᠠᠨ ᠱᠤᠷᠠᠭ ᠪᠠᠶᠡᠳᠤ ᠡᠪᠡᠳᠴᠢᠨ ᠵᠡᠷᠭᠡ ᠬᠤᠯᠤᠭᠠᠨ᠎ᠠ ᠶᠢᠨ ᠬᠠᠯᠳᠠᠪᠤᠷᠢᠳᠤ ᠡᠪᠡᠳᠴᠢᠨ ᠵᠠᠷᠢᠮ ᠭᠠᠵᠠᠷ ᠤᠷᠤᠨ ᠳᠤ ᠢᠯᠡᠳᠳᠡ ᠡᠭᠦᠰᠴᠤ᠂ ᠭᠡᠰᠡᠭ ᠭᠠᠵᠠᠷ ᠤᠷᠤᠨ ᠳᠤ ᠬᠤᠯᠤᠭᠠᠨ᠎ᠠ ᠶᠢᠨ ᠭᠢᠵᠢᠭ ᠲᠡᠯᠭᠡᠷᠡᠭᠦ ᠬᠠᠨᠳᠤᠰᠢ ᠲᠠᠢ ᠪᠤᠯᠤᠠᠠᠰᠠᠨ ᠪᠠᠶᠢᠨ᠎ᠠ᠃ ᠵᠢᠱᠢᠶᠡᠯᠡᠪᠡᠯ ᠬᠤᠪᠸᠢ᠂ ᠬᠤᠨᠠᠨ᠂ ᠭᠠᠨᠰᠤ᠂ ᠱᠠᠠᠳᠦ᠋ᠩ ᠵᠡᠷᠭᠡ ᠮᠤᠵᠢ ᠳᠤ ᠴᠢᠰᠤᠨ ᠬᠠᠯᠠᠭᠤᠨ ᠡᠪᠡᠳᠴᠢᠨ ᠡᠭᠦᠰᠦᠭᠰᠡᠨ ᠪᠠ ᠦᠭᠦᠭᠦ ᠭᠦᠮᠦᠨ ᠤ ᠲᠤᠭ᠎ᠠ ᠴᠤ ᠤᠯᠠᠰᠢᠷᠠᠬᠤ ᠬᠠᠨᠳᠤᠰᠢ ᠲᠠᠢ ᠪᠤᠯᠵᠤ᠂ ᠴᠦᠭᠡᠨ ᠪᠤᠰᠤ ᠭᠦᠮᠦᠰ ᠨᠡᠷᠪᠡᠭᠳᠡᠭᠰᠡᠨ ᠤ ᠰᠡᠭᠦᠯᠡᠷ ᠡᠪᠡᠳᠴᠢᠨ ᠢᠶᠠᠷ ᠶᠠᠳᠠᠭᠤᠷᠠᠵᠤ᠂ ᠵᠠᠷᠢᠮ ᠨᠢ ᠭᠡᠪ ᠤᠨ ᠦᠢᠯᠡᠳᠪᠤᠷᠢᠯᠡᠯ ᠭᠢᠵᠤ ᠴᠢᠳᠠᠬᠤ ᠦᠭᠡᠢ ᠪᠤᠯᠵᠤ᠂ ᠲᠠᠷᠢᠶᠠᠨ ᠭᠠᠵᠠᠷ ᠨᠢ ᠠᠳᠠᠷᠰᠢᠵᠤ᠂ ᠠᠮᠤ ᠪᠤᠳᠠᠭ᠎ᠠ ᠲᠤᠳᠠᠭᠤ ᠬᠤᠷᠢᠶᠠᠵᠤ᠂ ᠠᠰᠢᠭ ᠤᠷᠤᠯᠭ᠎ᠠ ᠨᠢ ᠴᠤ ᠪᠠᠭᠤᠷᠬᠠᠰᠠᠨ ᠪᠠᠶᠢᠨ᠎ᠠ᠃ ︵4︶ ᠬᠤᠯᠤᠭᠠᠨ᠎ᠠ ᠶᠢᠨ ᠭᠦᠨᠦᠭᠡᠯ ᠤᠨ ᠪᠤᠰᠤᠳ ᠡᠰᠡᠷᠭᠦ ᠨᠦᠯᠦᠭᠡ ᠠᠠᠾᠦ᠋ᠢ᠂ ᠰᠧᠴᠤᠸ᠋ᠨᠨ᠂ ᠬᠤᠨᠠᠨ᠂ ᠱᠠᠠᠰᠢ ᠵᠡᠷᠭᠡ ᠮᠤᠵᠢ ᠶᠢᠨ ᠭᠡᠰᠡᠭ ᠭᠠᠵᠠᠷ ᠤᠷᠤᠨ ᠳᠤ ᠬᠤᠯᠤᠭᠠᠨ᠎ᠠ ᠶᠢᠨ ᠭᠦᠨᠦᠭᠡᠯ ᠲᠤᠠᠠᠰᠢᠷᠠᠵᠤ᠂ ᠮᠠᠯ ᠤᠨᠤᠭ᠎ᠠ ᠶᠢ ᠬᠠᠵᠠᠵᠤ ᠰᠢᠷᠬᠠᠳᠤᠭᠤᠯᠤᠠᠠᠰᠠᠨ ᠪᠠ ᠭᠡᠷ ᠤᠨ ᠵᠢᠭᠦᠷᠳᠡᠨ ᠢ ᠬᠠᠵᠠᠵᠤ ᠠᠯᠬᠠᠰᠠᠨ ᠭᠡᠷᠡᠭ ᠡᠭᠦᠰᠴᠠᠢ᠃ ᠡᠭᠦᠨ ᠠᠴᠠ ᠭᠠᠳᠠᠨ᠎ᠠ ᠬᠤᠯᠤᠭᠠᠨ᠎ᠠ ᠶᠢᠨ ᠲᠦᠷᠦᠯ ᠨᠢ ᠮᠠᠯ ᠠᠵᠤ ᠠᠬᠤᠢ᠂ ᠤᠢ ᠰᠢᠭᠤᠢ᠂ ᠴᠢᠭᠢ ᠮᠤᠳᠤᠨ ᠤ ᠭᠦᠷᠢᠶᠠᠯᠠᠩ᠂ ᠵᠢᠮᠢᠰ ᠤᠨ ᠭᠦᠷᠢᠶᠡᠯᠡᠩ᠂ ᠬᠠᠰᠢᠯᠭ᠎ᠠ ᠲᠠᠯᠠᠩ᠂ ᠵᠠᠮ ᠬᠠᠷᠢᠯᠴᠠᠭ᠎ᠠ ᠪᠠ ᠠᠵᠤ ᠦᠢᠯᠡᠳᠪᠤᠷᠢ ᠵᠡᠷᠭᠡ ᠲᠠᠯ᠎ᠠ ᠪᠠᠷ ᠴᠦᠮ ᠭᠦᠨᠦᠭᠡᠯ ᠲᠠᠢ ᠪᠠᠶᠢᠨ᠎ᠠ᠃ ᠬᠤᠯᠤᠭᠠᠨ᠎ᠠ ᠶᠢᠨ ᠭᠦᠨᠦᠭᠡᠯ ᠠᠴᠠ ᠪᠤᠯᠤᠭᠠᠳ᠂ ᠲᠠᠯ᠎ᠠ ᠨᠤᠳᠤᠭ ᠤᠨ ᠡᠪᠡᠰᠤ ᠪᠠᠯᠴᠢᠭᠡᠷ ᠮᠠᠭᠤᠳᠠᠬᠤ᠂ ᠨᠤᠳᠤᠭ ᠪᠠᠯᠴᠢᠭᠡᠷ ᠤᠨ ᠤᠷᠭᠤᠮᠠᠯ ᠤᠨ ᠪᠦᠷᠭᠦᠴᠡ ᠡᠪᠳᠡᠭᠳᠡᠭᠦ᠂ ᠴᠢᠨ᠋ᠬᠠᠰᠢᠯᠠᠪᠠᠯ ᠨᠤᠳᠤᠭ ᠪᠡᠯᠴᠢᠭᠡᠷ ᠲᠠᠴᠢᠷᠳᠠᠬᠤ ᠪᠠ ᠡᠯᠡᠰᠦᠷᠭᠡᠭᠵᠢᠭᠦ᠂ ᠤᠢ ᠰᠢᠭᠤᠢ ᠶᠢᠨ ᠪᠦᠷᠭᠦᠴᠡ ᠶᠢᠨ ᠨᠤᠷᠮ᠎ᠠ ᠪᠠᠭᠤᠷᠠᠬᠤ᠂ ᠵᠢᠮᠢᠰ ᠤᠨ ᠭᠦᠷᠢᠶᠠᠯᠠᠩ ᠰᠦᠢᠳᠭᠡᠭᠳᠡᠭᠦ᠂ ᠬᠠᠰᠢᠯᠭ᠎ᠠ ᠲᠠᠯᠠᠩ ᠰᠡᠳᠡᠷᠡᠵᠤ ᠨᠤᠷᠠᠬᠤ᠂ ᠴᠠᠭᠢᠯᠭᠠᠨ ᠭᠡᠯᠭᠢᠶ᠎ᠠ ᠲᠠᠰᠤᠷᠠᠬᠤ᠂ ᠴᠢᠮᠡᠭᠡ ᠨᠡᠪᠳᠡᠷᠡᠯᠭᠡ ᠲᠠᠰᠤᠯᠳᠠᠬᠤ᠂ ᠨᠢᠰᠭᠡᠯ ᠤᠨᠠᠵᠤ ᠰᠦᠢᠷᠡᠭᠦ ᠵᠢᠴᠢ ᠭᠠᠯ ᠤᠨ ᠠᠶᠤᠯ ᠭᠠᠷᠬᠤ ᠵᠡᠷᠭᠡ ᠦᠵᠡᠭᠳᠡᠯ ᠦᠷᠭᠦᠯᠵᠢ ᠭᠠᠷᠴᠤ ᠪᠠᠶᠢᠨ᠎ᠠ᠃ 5. ᠲᠠᠷᠢᠶᠠᠨ ᠭᠠᠵᠠᠷ ᠤᠨ ᠬᠤᠯᠤᠭᠠᠨ᠎ᠠ ᠶᠢᠨ ᠭᠦᠨᠦᠭᠡᠯ ᠢ ᠭᠡᠷᠭᠢᠨ ᠰᠡᠷᠭᠡᠶᠢᠯᠡᠭᠦ ᠪᠤᠢ︖ ︵1︶ ᠰᠡᠷᠭᠡᠶᠢᠯᠡᠯᠳᠡ ᠶᠢᠨ ᠰᠢᠢᠳᠪᠤᠷᠢᠳᠤ ᠪᠤᠳᠤᠯᠭ᠎ᠠ ① ᠴᠠᠭ ᠲᠤᠭᠢᠶᠠᠯ ᠤᠨ ᠠᠷᠭ᠎ᠠ ᠪᠤᠳᠤᠯᠭ᠎ᠠ᠄ ᠬᠤᠯᠤᠭᠠᠨ᠎ᠠ ᠶᠢᠨ ᠭᠦᠨᠦᠭᠡᠯ ᠢ ᠤᠯᠠᠨ ᠢᠶᠠᠷ ᠢᠶᠠᠨ ᠪᠦᠷ ᠮᠡᠳᠡᠵᠤ ᠪᠠᠶᠢᠨ᠎ᠠ᠃ ᠭᠡᠪᠡᠴᠤ ᠶᠠᠮᠠᠷ ᠴᠠᠭ ᠦᠶ᠎ᠠ ᠳᠤ ᠰᠡᠷᠭᠡᠶᠢᠯᠡᠨ ᠵᠠᠰᠠᠬᠤ᠂ ᠶᠠᠮᠠᠷ ᠨᠢᠠᠠᠳᠠᠴᠠ ᠲᠤᠤᠷ᠎ᠡ ᠰᠡᠷᠭᠡᠶᠢᠯᠡᠨ ᠵᠠᠰᠠᠬᠤ ᠪᠤᠯ ᠤᠯᠠᠨ ᠤ ᠰᠡᠳᠭᠢᠯ ᠲᠠᠯᠪᠢᠵᠤ ᠪᠦᠭᠦᠢ ᠠᠰᠠᠭᠤᠳᠠᠯ ᠪᠤᠯᠤᠨ᠎ᠠ᠃ ᠪᠠᠶᠢᠴᠠᠭᠠᠨ ᠰᠤᠳᠤᠯᠤᠯᠳᠠ ᠶᠢᠨ ᠭᠡᠷᠡᠴᠢᠯᠡᠭᠰᠡᠨ ᠢᠶᠠᠷ ᠪᠤᠯ᠂ ᠭᠠᠵᠠᠷ ᠲᠡᠭᠡᠷ᠎ᠡ ᠭᠦᠨᠦᠭᠡᠯ ᠲᠠᠢ ᠬᠤᠯᠤᠭᠠᠨ᠎ᠠ ᠶᠢ ᠪᠤᠯ ᠬᠠᠪᠤᠷ ᠤᠨ ᠤᠯᠠᠷᠢᠯ ᠳᠤ ᠬᠤᠯᠤᠭᠠᠨ᠎ᠠ ᠶᠢᠨ ᠨᠢᠠᠠᠳᠠᠴᠠ ᠶᠢᠨ ᠭᠡᠮᠵᠢᠶ᠎ᠠ 3% ︵ᠲᠤᠬᠠᠶᠢᠯᠠᠪᠠᠯ ᠲᠡᠭᠰᠢ ᠲᠦᠷᠪᠡᠯᠵᠢᠨ ᠾᠧᠺᠲ᠋ᠠᠷ ᠪᠦᠷᠢ ᠬᠤᠯᠤᠭᠠᠨ᠎ᠠ ᠶᠢᠨ ᠨᠦᠭᠡ 15 ᠠᠴᠠ ᠲᠡᠭᠡᠭᠰᠢ ᠳᠤ ᠭᠦᠷᠭᠦ︶ ᠨᠠᠮᠤᠷ ᠤᠨ ᠤᠯᠠᠷᠢᠯ ᠳᠤ ᠬᠤᠯᠤᠭᠠᠨ᠎ᠠ ᠶᠢᠨ ᠨᠢᠠᠠᠳᠠᠴᠠ ᠶᠢᠨ ᠭᠡᠮᠵᠢᠶ᠎ᠠ 5% ︵ᠲᠤᠬᠠᠶᠢᠯᠠᠪᠠᠯ ᠾᠧᠺᠲ᠋ᠠᠷ ᠪᠦᠷᠢ ᠬᠤᠯᠤᠭᠠᠨ᠎ᠠ ᠶᠢᠨ ᠨᠦᠭᠡ 20 ᠠᠴᠠ ᠲᠡᠭᠡᠭᠰᠢ︶ ᠳᠤ ᠭᠦᠷᠭᠦ ᠦᠶᠡᠰ ᠰᠡᠷᠭᠡᠶᠢᠯᠡᠨ ᠵᠠᠰᠠᠬᠤ ᠴᠢᠬᠤᠯᠠ ᠲᠠᠢ᠃ ᠨᠤᠮᠤᠨ ᠰᠤᠬᠤᠷ ᠵᠡᠷᠭᠡ ᠭᠠᠵᠠᠷ ᠲᠤᠤᠷᠠᠭᠢ ᠦᠨᠳᠤᠰᠤ ᠡᠰᠢ ᠶᠢ ᠭᠦᠨᠦᠭᠡᠳᠡᠭ ᠬᠤᠯᠤᠭᠠᠨ᠎ᠠ ᠶᠢᠨ ᠲᠦᠷᠦᠯ ᠢ ᠪᠤᠯ ᠲᠡᠭᠦᠨ ᠤ ᠨᠢᠠᠠᠳᠠᠴᠠ ᠶᠢᠨ ᠭᠡᠮᠵᠢᠶ᠎ᠠ ᠨᠢ ᠾᠧᠺᠲ᠋ᠠᠷ ᠪᠦᠷᠢ 3 ᠠᠴᠠ ᠲᠡᠭᠡᠭᠰᠢ ᠨᠦᠭᠡ ᠲᠠᠢ ᠪᠤᠯᠬᠤ ᠦᠶᠡᠰ ᠲᠠᠷᠦ᠋ᠢᠠᠬᠨ ᠰᠡᠷᠭᠡᠶᠢᠯᠡᠨ ᠵᠠᠰᠠᠬᠤ ᠭᠡᠷᠡᠭᠳᠡᠢ᠃ ᠴᠢᠭᠢ ᠮᠤᠳᠤᠨ ᠤ ᠭᠦᠷᠢᠶᠡᠯᠡᠩ ᠵᠢᠴᠢ ᠠᠵᠤ ᠠᠬᠤᠢ ᠶᠢᠨ ᠲᠠᠷᠢᠮᠠᠯ ᠤᠨ ᠤᠷᠤᠨ ᠪᠤᠯ ᠰᠡᠷᠭᠡᠶᠢᠯᠡᠨ ᠵᠠᠰᠠᠬᠤ ᠭᠦᠢᠴᠡᠳᠭᠡᠯ ᠲᠤᠭ᠎ᠠ ᠶᠢ 1~2 ᠵᠠᠭᠤᠨ ᠤ ᠬᠤᠪᠢ ᠪᠠᠷ ᠪᠠᠭᠤᠷᠠᠭᠤᠯᠵᠤ ᠪᠤᠯᠤᠨ᠎ᠠ᠃ ᠬᠠᠪᠤᠷ ᠨᠠᠮᠤᠷ ᠤᠨ ᠤᠯᠠᠷᠢᠯ ᠪᠤᠯ ᠤᠯᠠᠩᠭᠢ ᠬᠤᠯᠤᠭᠠᠨ᠎ᠠ ᠶᠢᠨ ᠲᠦᠷᠦᠯ ᠤᠨ ᠦᠷᠡᠵᠢᠨ ᠲᠦᠯᠵᠢᠭᠦ ᠤᠷᠭᠢᠯ ᠤᠨ ᠬᠤᠭᠤᠴᠠᠭ᠎ᠠ ᠪᠤᠯᠬᠤ ᠲᠤᠯᠠ ᠬᠤᠯᠤᠭᠠᠨ᠎ᠠ ᠵᠤᠯᠵᠠᠭᠠᠯᠠᠬᠤ ᠤᠷᠭᠢᠯ ᠤᠨ ᠡᠮᠦᠨ᠎ᠠ ᠬᠤᠭᠤᠴᠠᠭᠠᠨ ᠳᠤ ᠬᠤᠤᠷᠳᠤ ᠦᠭᠶᠦᠭᠡ ᠲᠠᠯᠪᠢᠬᠤ ᠲᠤᠭᠢᠶᠠᠯ ᠢ ᠡᠵᠡᠮᠰᠢᠭᠦ ᠭᠡᠷᠡᠭᠳᠡᠢ᠃ ᠶᠠᠷᠦᠩᠭᠡᠢ ᠰᠡᠷᠭᠡᠶᠢᠯᠡᠯᠳᠡ ᠶᠢᠨ ᠠᠷᠭ᠎ᠠ ᠪᠤᠳᠤᠯᠭ᠎ᠠ ᠭᠡᠪᠡᠯ ᠬᠠᠪᠤᠷ ᠨᠠᠶᠢᠳᠡᠮ ᠰᠡᠷᠭᠡᠶᠢᠯᠡᠵᠤ᠂ ᠨᠠᠮᠤᠷ ᠡᠪᠤᠯ ᠰᠢᠯᠢᠵᠤ ᠵᠠᠰᠠᠨ᠎ᠠ᠃ ᠲᠤᠬᠠᠶᠢᠯᠠᠪᠠᠯ ᠭᠦᠭᠡᠮᠦ᠋ᠷᠡᠨ ᠠᠴᠠ ᠡᠮᠦᠨᠡᠭᠢ ᠭᠠᠵᠠᠷ ᠤᠷᠤᠨ 2~3 ᠳ᠋ᠤᠭᠠᠷ ᠰᠠᠷ᠎ᠠ ᠳᠤ ᠶᠡᠭᠡ ᠭᠡᠮᠵᠢᠶ᠎ᠠ ᠪᠠᠷ ᠰᠡᠷᠭᠡᠶᠢᠯᠡᠨ ᠵᠠᠰᠠᠬᠤ ᠶᠢ ᠭᠤᠤᠯᠳᠠᠯᠭ᠎ᠠ ᠲᠠᠢ ᠠᠳᠬᠤᠵᠤ᠂ ᠨᠠᠮᠤᠷ ᠡᠪᠤᠯ ᠤᠨ ᠤᠯᠠᠷᠢᠯ ᠳᠤ ᠨᠢᠠᠠᠳᠠᠴᠠ ᠶᠢᠨ ᠭᠡᠮᠵᠢᠶ᠎ᠠ ᠪᠠᠷ ᠦᠨᠳᠤᠷ ᠪᠠᠶᠢᠬᠤ ᠭᠠᠵᠠᠷ ᠤᠷᠤᠨ ᠳᠤ ᠰᠢᠯᠢᠵᠤ ᠰᠤᠩᠭᠤᠨ ᠤᠰᠠᠳᠬᠠᠨ᠎ᠠ᠃ ② ᠠᠵᠢᠯᠯᠠᠭᠠᠨ ᠤ ᠰᠢᠢᠳᠪᠤᠷᠢᠳᠤ ᠪᠤᠳᠤᠯᠭ᠎ᠠ᠄ ᠬᠤᠯᠤᠭᠠᠨ᠎ᠠ ᠶᠢᠨ ᠲᠦᠷᠦᠯ ᠤᠨ ᠲᠠᠷᠬᠠᠴᠠ ᠨᠢ ᠦᠷᠭᠡᠨ᠂ ᠠᠮᠢᠵᠢᠷᠠᠯ ᠤᠨ ᠭᠦᠴᠤᠨ ᠢᠶᠠᠷ ᠴᠢᠩᠭ᠎ᠠ ᠪᠠᠶᠢᠳᠠᠭ ᠪᠠ ᠵᠠᠷᠢᠮ ᠬᠤᠯᠤᠭᠠᠨ᠎ᠠ ᠶᠢᠨ ᠲᠦᠷᠦᠯ ᠨᠢ ᠭᠠᠵᠠᠷ ᠤᠷᠤᠨ ᠤ ᠬᠤᠭᠤᠷᠤᠨᠳᠤ᠂ ᠲᠠᠷᠢᠶᠠᠨ ᠭᠠᠵᠠᠷ ᠪᠠ ᠠᠶᠢᠯ ᠡᠷᠦᠭᠡ ᠶᠢᠨ ᠬᠤᠭᠤᠷᠤᠨᠳᠤ ᠤᠯᠠᠠᠳᠠ ᠨᠡᠭᠦᠨ ᠰᠢᠯᠵᠢᠵᠤ ᠭᠦᠨᠦᠭᠡᠯ ᠭᠢᠳᠡᠭ ᠵᠠᠩᠰᠢᠯ ᠲᠠᠢ ᠪᠤᠯᠬᠤᠷ᠂ ᠰᠡᠷᠭᠡᠶᠢᠯᠡᠨ ᠤᠰᠠᠳᠬᠠᠬᠤ ᠠᠵᠢᠯᠯᠠᠭᠠᠨ ᠤ ᠲᠠᠯ᠎ᠠ ᠪᠠᠷ ᠶᠡᠭᠡ ᠭᠡᠪᠴᠢᠶ᠎ᠠ ᠪᠤᠶᠤ ᠪᠦᠭᠦ ᠲᠠᠯ᠎ᠠ ᠶᠢᠨ ᠨᠢᠭᠡᠳᠦᠯᠳᠡᠢ ᠠᠵᠢᠯᠯᠠᠭ᠎ᠠ ᠠᠪᠴᠤ᠂ ᠢᠯᠠᠩᠭᠤᠶ᠎ᠠ ᠬᠤᠤᠷᠳᠤ ᠦᠭᠶᠦᠭᠡ ᠲᠠᠯᠪᠢᠬᠤ ᠲᠠᠯ᠎ᠠ ᠪᠠᠷ ᠡᠷᠭᠡᠪᠰᠢ ᠲᠠᠷᠢᠶᠠᠨ ᠭᠠᠵᠠᠷ ᠪᠤᠯᠤᠨ ᠠᠶᠢᠯ ᠡᠷᠦᠭᠡ᠂ ᠰᠤᠮᠤ ᠭᠠᠴᠠᠭᠠᠨ ᠤ ᠠᠵᠢᠯᠯᠠᠭ᠎ᠠ ᠶᠢ ᠠᠯᠬᠤᠮ ᠨᠢᠭᠡᠳᠡᠢ ᠪᠠᠶᠢᠯᠭᠠᠪᠠᠯ ᠰᠠᠶ᠋ᠢ ᠮᠠᠰᠢ ᠰᠠᠶᠢᠨ ᠦᠷ᠎ᠠ ᠪᠦᠳᠦᠭᠡᠯ ᠤᠯᠵᠤ ᠪᠤᠯᠤᠨ᠎ᠠ᠃ ᠬᠤᠯᠤᠭᠠᠨ᠎ᠠ ᠶᠢᠨ ᠲᠦᠷᠦᠯ ᠨᠢ ᠦᠷᠡᠵᠢᠯ ᠰᠠᠶᠢᠳᠠᠢ ᠪᠤᠯᠬᠤᠷ ᠰᠡᠷᠭᠡᠶᠢᠯᠡᠨ ᠤᠰᠠᠳᠬᠠᠬᠤ ᠦᠷ᠎ᠠ ᠪᠦᠳᠦᠭᠡᠯ 90% ᠳᠤ ᠭᠦᠷᠴᠢᠭᠡᠯᠠ ᠭᠡᠳ ᠦᠯᠡᠳᠡᠵᠤ ᠬᠤᠴᠤᠷᠤᠠᠠᠰᠠᠨ ᠬᠤᠯᠤᠭᠠᠨ᠎ᠠ ᠨᠢ ᠵᠢᠯ ᠤᠨ ᠲᠤᠳᠤᠷ᠎ᠠ ᠦᠨᠳᠤᠰᠤᠨ ᠳᠡᠭᠡᠨ ᠰᠡᠷᠭᠡᠶᠢᠯᠡᠨ ᠵᠠᠰᠠᠬᠤ ᠠᠴᠠ ᠡᠮᠦᠨᠡᠭᠢ ᠲᠤᠭ᠎ᠠ ᠭᠡᠮᠵᠢᠶᠠᠨ ᠳᠤ ᠭᠦᠷᠳᠡᠯ᠎ᠠ ᠦᠰᠴᠤ ᠦᠷᠡᠵᠢᠵᠤ ᠴᠢᠳᠠᠨ᠎ᠠ᠃ ᠡᠶᠢᠮᠤ ᠠᠴᠠ ᠬᠤᠯᠤᠭᠠᠨ᠎ᠠ ᠶᠢᠨ ᠭᠦᠨᠦᠭᠡᠯ ᠢ ᠰᠡᠷᠭᠡᠶᠢᠯᠡᠨ ᠵᠠᠰᠠᠬᠤ ᠨᠢ ᠨᠢᠭᠡ ᠯᠠ ᠲᠡᠭᠡᠷ᠎ᠡ ᠪᠦᠳᠦᠴᠢᠭᠡᠭᠦ ᠶᠠᠪᠤᠳᠠᠯ ᠪᠢᠰᠢ᠂ ᠬᠠᠷᠢᠨ ᠲᠤᠠᠠᠳᠠᠮᠠᠯ ᠬᠤᠭᠤᠴᠠᠭ᠎ᠠ ᠲᠠᠢ ᠪᠤᠶᠤ ᠪᠠᠶᠢᠡᠭᠭᠤ ᠶᠢᠨ ᠴᠢᠨᠠᠷ ᠲᠠᠢ ᠰᠡᠷᠭᠡᠶᠢᠯᠡᠨ ᠵᠠᠰᠠᠬᠤ ᠠᠵᠢᠯᠯᠠᠭ᠎ᠠ ᠠᠪᠬᠤ ᠭᠡᠷᠡᠭᠳᠡᠢ᠃ ᠦᠢᠯᠡᠳᠦᠯᠭᠡ ᠭᠡᠷᠡᠴᠢᠯᠡᠭᠰᠡᠨ ᠢᠶᠠᠷ ᠬᠤᠯᠤᠭᠠᠨ᠎ᠠ ᠶᠢᠨ ᠨᠢᠠᠠᠳᠠᠴᠠ ᠶᠢᠨ ᠭᠡᠮᠵᠢᠶ᠎ᠠ 5% ᠠᠴᠠ ᠲᠤᠷᠤᠠᠠᠰᠢ ᠪᠠᠶᠢᠬᠤ ᠭᠦᠡᠭᠭᠡᠨ ᠡᠭᠦᠰᠦᠯᠳᠡ ᠶᠢᠨ ᠭᠠᠵᠠᠷ ᠤᠷᠤᠨ ᠵᠢᠯ ᠠᠯᠤᠰᠯᠠᠨ ᠨᠢᠭᠡ ᠤᠳᠠᠭ᠎ᠠ ᠰᠡᠷᠭᠡᠶᠢᠯᠡᠨ ᠵᠠᠰᠠᠵᠤ᠂ ᠬᠤᠯᠤᠭᠠᠨ᠎ᠠ ᠶᠢᠨ ᠨᠢᠠᠠᠳᠠᠴᠠ ᠶᠢᠨ ᠭᠡᠮᠵᠢᠶ᠎ᠠ ᠨᠢ 5%~10% ᠪᠠᠶᠢᠬᠤ ᠲᠤᠮᠳᠠ ᠲᠠᠰ ᠤᠨ ᠡᠭᠦᠰᠦᠯᠳᠡ ᠶᠢᠨ ᠭᠠᠵᠠᠷ ᠤᠷᠤᠨ ᠵᠢᠯ ᠪᠦᠷᠢ ᠨᠢᠭᠡ ᠤᠳᠠᠭ᠎ᠠ ᠬᠤᠯᠤᠭᠠᠨ᠎ᠠ ᠤᠰᠠᠳᠬᠠᠬᠤ ᠠᠵᠢᠯᠯᠠᠭ᠎ᠠ ᠠᠪᠴᠤ᠂ ᠬᠤᠯᠤᠭᠠᠨ᠎ᠠ ᠶᠢᠨ ᠨᠢᠠᠠᠳᠠᠴᠠ ᠶᠢᠨ ᠭᠡᠮᠵᠢᠶ᠎ᠠ ᠨᠢ 10% ᠠᠴᠠ ᠭᠡᠳᠦᠷᠡᠭᠰᠡᠨ ᠭᠦᠨᠳᠤ ᠡᠭᠦᠰᠦᠯᠳᠡ ᠶᠢᠨ ᠭᠠᠵᠠᠷ ᠤᠷᠤᠨ ᠵᠢᠯ ᠪᠦᠷᠢ ᠬᠤᠶᠠᠷ ᠤᠳᠠᠭ᠎ᠠ ︵ᠬᠠᠪᠤᠷ᠂ ᠨᠠᠮᠤᠷ︶ ᠰᠡᠷᠭᠡᠶᠢᠯᠡᠨ ᠵᠠᠰᠠᠬᠤ ᠠᠵᠢᠯᠯᠠᠭ᠎ᠠ ᠠᠪᠬᠤ ᠭᠡᠷᠡᠭᠳᠡᠢ᠃ ③ ᠮᠡᠷᠭᠡᠵᠢᠯ ᠤᠨ ᠰᠢᠢᠳᠪᠤᠷᠢᠳᠤ ᠪᠤᠳᠤᠯᠭ᠎ᠠ᠄ ᠠᠳᠠᠯᠢ ᠪᠤᠰᠤ ᠬᠤᠯᠤᠭᠠᠨ᠎ᠠ ᠶᠢᠨ ᠲᠦᠷᠦᠯ ᠪᠤᠯᠤᠨ ᠠᠳᠠᠯᠢ ᠪᠤᠰᠤ ᠲᠠᠷᠢᠶᠠᠯᠠᠩ ᠤᠨ ᠠᠮᠢ ᠠᠬᠤᠢ ᠶᠢᠨ ᠤᠷᠴᠢᠨ ᠳᠤ ᠬᠤᠯᠤᠭᠠᠨ᠎ᠠ ᠶᠢᠨ ᠭᠦᠨᠦᠭᠡᠯ ᠡᠭᠦᠰᠭᠦ ᠵᠢᠮ᠎ᠠ ᠬᠠᠤᠯᠢ ᠨᠢ ᠵᠦᠷᠢᠶ᠎ᠠ ᠲᠠᠢ ᠪᠠᠶᠢᠳᠠᠭ᠃ ᠡᠶᠢᠮᠤ ᠠᠴᠠ ᠰᠡᠷᠭᠡᠶᠢᠯᠡᠨ ᠵᠠᠰᠠᠬᠤ ᠮᠡᠷᠭᠡᠵᠢᠯ ᠢ ᠰᠤᠩᠭᠤᠬᠤ ᠳᠠᠭᠠᠨ ᠭᠠᠵᠠᠷ ᠤᠷᠤᠨ ᠤ ᠪᠠᠶᠢᠳᠠᠯ᠂ ᠬᠤᠯᠤᠭᠠᠨ᠎ᠠ ᠶᠢᠨ ᠪᠠᠶᠢᠳᠠᠯ ᠳᠤ ᠲᠤᠭᠢᠷᠠᠭᠤᠯᠤᠨ ᠶᠠᠷᠦᠩᠭᠡᠶᠢᠯᠡᠨ ᠵᠠᠰᠠᠬᠤ ᠠᠷᠭ᠎ᠠ ᠭᠡᠮᠵᠢᠶ᠎ᠠ ᠠᠪᠬᠤ ᠭᠡᠷᠡᠭᠳᠡᠢ᠃ ᠵᠢᠱᠢᠶᠡᠯᠡᠪᠡᠯ ᠲᠠᠷᠢᠶᠠᠯᠠᠩ ᠤᠨ ᠠᠷᠭ᠎ᠠ ᠭᠡᠮᠵᠢᠶ᠎ᠠ ᠶᠢᠨ ᠲᠠᠯ᠎ᠠ ᠪᠠᠷ ᠬᠤᠯᠤᠭᠠᠨ᠎ᠠ ᠶᠢᠨ ᠤᠷᠤᠰᠢᠨ ᠠᠮᠢᠳᠤᠷᠠᠬᠤ ᠤᠷᠴᠢᠨ ᠠᠬᠤᠢ ᠶᠢ ᠡᠪᠳᠡᠵᠤ᠂ ᠢᠳᠡᠭᠡᠨ ᠤ ᠢᠷᠡᠯᠳᠡ ᠶᠢ ᠨᠢ ᠬᠠᠰᠤᠠᠠᠳᠠᠭᠤᠯᠬᠤ ᠭᠡᠷᠡᠭᠳᠡᠢ᠃ ᠭᠦᠨᠳᠤ ᠨᠤᠴᠢᠳᠡᠢ ᠡᠭᠦᠰᠦᠯᠳᠡ ᠶᠢᠨ ᠭᠠᠵᠠᠷ ᠤᠷᠤᠨ ᠭᠢᠮᠢ ᠶᠢᠨ ᠠᠷᠭ᠎ᠠ ᠪᠠᠷ ᠰᠡᠷᠭᠡᠶᠢᠯᠡᠨ ᠵᠠᠰᠠᠬᠤ ᠠᠷᠭ᠎ᠠ ᠶᠢ ᠭᠡᠷᠡᠭᠯᠡᠨ᠂ ᠬᠤᠯᠤᠭᠠᠨ᠎ᠠ ᠶᠢᠨ ᠨᠢᠠᠠᠳᠠᠴᠠ ᠶᠢᠨ ᠭᠡᠮᠵᠢᠶ᠎ᠠ ᠶᠢ ᠪᠠᠭᠤᠷᠠᠭᠤᠯᠬᠤ ᠶᠢᠨ ᠬᠠᠮᠳᠤ ᠬᠤᠯᠤᠭᠠᠨ᠎ᠠ ᠶᠢᠨ ᠡᠮ ᠤᠨ ᠲᠦᠷᠦᠯ ᠵᠦᠢᠯ ᠤᠨ ᠲᠠᠯ᠎ᠠ ᠪᠠᠷ ᠴᠢᠰᠤ ᠡᠭᠡᠳᠡᠭᠦᠯᠭᠦ ᠬᠤᠯᠤᠭᠠᠨ᠎ᠠ ᠶᠢᠨ ᠡᠮ ᠢ ᠤᠷᠢᠳ ᠢᠶᠠᠷ ᠰᠤᠩᠭᠤᠨ ᠭᠡᠷᠡᠭᠯᠡᠵᠤ ᠪᠤᠯᠤᠨ᠎ᠠ᠃ ᠨᠤᠮᠤᠨ ᠰᠤᠬᠤᠷ ᠵᠡᠷᠭᠡ ᠭᠦᠷᠦᠰᠤᠨ ᠲᠤᠤᠷ᠎ᠠ ᠠᠵᠢᠯᠯᠠᠭ᠎ᠠ ᠲᠠᠢ ᠬᠤᠯᠤᠭᠠᠨ᠎ᠠ ᠶᠢ ᠪᠤᠯ ᠬᠤᠯᠤᠭᠠᠨ᠎ᠠ ᠠᠯᠠᠬᠤ ᠮᠢᠨ᠎ᠠ ᠪᠤᠯᠤᠨ ᠬᠤᠤᠷᠳᠤ ᠦᠭᠶᠦᠭᠡ ᠪᠠᠷ ᠤᠰᠠᠳᠬᠠᠬᠤ ᠠᠷᠭ᠎ᠠ ᠶᠢ ᠤᠶᠠᠯᠳᠤᠭᠤᠯᠤᠨ ᠭᠡᠷᠡᠭᠯᠡᠵᠤ ᠪᠤᠯᠤᠨ᠎ᠠ᠃ ᠨᠦᠭᠡᠨ ᠤ ᠪᠦᠳᠦᠴᠡ ᠨᠢ ᠲᠦᠭᠦᠮ᠂ ᠠᠮᠠᠷᠠᠬᠨ ᠤᠯᠵᠤ ᠮᠡᠳᠡᠭᠦ ᠨᠦᠭᠡᠨ ᠳᠤ ᠤᠳᠤᠬᠤ ᠠᠷᠭ᠎ᠠ ᠶᠢ ᠭᠡᠷᠡᠭᠯᠡᠵᠤ ᠪᠤᠯᠤᠨ᠎ᠠ᠃ ᠬᠤᠯᠤᠭᠠᠨ᠎ᠠ ᠶᠢᠨ ᠭᠦᠨᠦᠭᠡᠯ ᠴᠦᠭᠡᠨ ᠡᠭᠦᠰᠳᠡᠭ ᠭᠠᠵᠠᠷ ᠤᠷᠤᠨ ᠪᠤᠯ ᠪᠢᠤᠯᠤᠭᠢ ᠶᠢᠨ ᠰᠡᠷᠭᠡᠶᠢᠯᠡᠨ ᠤᠰᠠᠳᠬᠠᠬᠤ ᠠᠷᠭ᠎ᠠ ᠶᠢ ᠠᠪᠴᠤ᠂ ᠬᠤᠯᠤᠭᠠᠨ᠎ᠠ ᠶᠢᠨ ᠨᠢᠠᠠᠳᠠᠴᠠ ᠶᠢᠨ ᠭᠡᠮᠵᠢᠶ᠎ᠠ ᠶᠢᠨ ᠨᠡᠮᠡᠭᠳᠡᠯ ᠤᠨ ᠬᠤᠷᠳᠤᠴᠠ ᠶᠢ ᠬᠤᠷᠢᠠᠠᠯᠠᠵᠤ᠂ ᠬᠤᠯᠤᠭᠠᠨ᠎ᠠ ᠶᠢᠨ ᠭᠢᠮᠢ ᠶᠢᠨ ᠡᠮ ᠤᠨ ᠭᠡᠷᠡᠭᠯᠡᠯᠳᠡ ᠶᠢᠨ ᠨᠤᠷᠮ᠎ᠠ ᠶᠢ ᠪᠠᠭᠠᠰᠬᠠᠬᠤ ᠭᠡᠷᠡᠭᠳᠡᠢ᠃ ᠬᠤᠤᠷᠳᠤ ᠦᠭᠶᠦᠭᠡ ᠲᠠᠯᠪᠢᠬᠤ ᠲᠠᠯ᠎ᠠ ᠪᠠᠷ ᠨᠢᠬᠡ ᠯᠠ ᠤᠳᠠᠭᠠᠨ ᠤ ᠬᠠᠨᠤᠮᠠᠯ ᠦᠭᠶᠦᠭᠡ ᠪᠡ ᠪᠢᠳᠡᠭᠦᠮᠵᠢ ᠶᠢᠨ ᠪᠦᠰᠡᠨ ᠤ ᠦᠭᠶᠦᠭᠡ ᠲᠠᠯᠪᠢᠬᠤ ᠠᠷᠭ᠎ᠠ ᠶᠢ ᠰᠤᠩᠭᠤᠨ ᠭᠡᠷᠡᠭᠯᠡᠵᠤ ᠪᠤᠯᠤᠨ᠎ᠠ᠃ ︵2︶ ᠰᠡᠷᠭᠡᠶᠢᠯᠡᠨ ᠵᠠᠰᠠᠬᠤ ᠠᠷᠭ᠎ᠠ ᠲᠠᠷᠢᠶᠠᠨ ᠭᠠᠵᠠᠷ ᠤᠨ ᠬᠤᠯᠤᠭᠠᠨ᠎ᠠ ᠶᠢᠨ ᠭᠦᠨᠦᠭᠡᠯ ᠢ ᠰᠡᠷᠭᠡᠶᠢᠯᠡᠨ ᠵᠠᠰᠠᠬᠤ ᠠᠷᠭ᠎ᠠ ᠨᠢ ᠲᠤᠤᠷᠠᠭᠢ ᠮᠡᠳᠤ ᠭᠡᠳᠦᠨ ᠵᠦᠢᠯ ᠪᠠᠶᠢᠨ᠎ᠠ᠃ ᠲᠤᠬᠠᠶᠢᠯᠠᠪᠠᠯ ᠠᠮᠢ ᠠᠬᠤᠢ ᠪᠠᠷ ᠰᠡᠷᠭᠡᠶᠢᠯᠡᠨ ᠵᠠᠰᠠᠬᠤ᠂ ᠪᠢᠤᠯᠤᠭᠢ ᠶᠢᠨ ᠠᠷᠭ᠎ᠠ ᠪᠠᠷ ᠰᠡᠷᠭᠡᠶᠢᠯᠡᠨ ᠵᠠᠰᠠᠬᠤ᠂ ᠹᠢᠽᠢᠺ ᠤᠨ ᠠᠷᠭ᠎ᠠ ᠪᠠᠷ ᠰᠡᠷᠭᠡᠶᠢᠯᠡᠨ ᠵᠠᠰᠠᠬᠤ ᠪᠠ ᠭᠢᠮᠢ ᠶᠢᠨ ᠠᠷᠭ᠎ᠠ ᠪᠠᠷ ᠰᠡᠷᠭᠡᠶᠢᠯᠡᠨ ᠵᠠᠰᠠᠬᠤ ᠶᠠᠪᠤᠳᠠᠯ ᠪᠤᠯᠤᠨ᠎ᠠ᠃ ᠠᠮᠢ ᠠᠬᠤᠢ ᠪᠠᠷ ᠰᠡᠷᠭᠡᠶᠢᠯᠡᠨ ᠵᠠᠰᠠᠬᠤ᠄ ᠤᠨ ᠳᠤ ᠭᠤᠤᠯ ᠨᠢ ᠤᠷᠴᠢᠨ ᠠᠬᠤᠢ ᠶᠢ ᠦᠭᠡᠷᠡᠴᠢᠯᠡᠭᠦ᠂ ᠬᠤᠯᠤᠭᠠᠨ᠎ᠠ ᠶᠢᠨ ᠢᠳᠡᠰᠢ ᠤᠤᠭᠤᠰᠢ ᠶᠢ ᠲᠠᠰᠤᠯᠬᠤ᠂ ᠬᠤᠯᠤᠭᠠᠨ᠎ᠠ ᠶᠢᠨ ᠨᠢᠭᠤᠵᠤ ᠲᠠᠯᠳᠠᠯᠠᠬᠤ ᠭᠠᠵᠠᠷ ᠲᠠᠯᠠᠪᠤᠷ ᠢ ᠠᠷᠢᠯᠭᠠᠬᠤ᠂ ᠬᠤᠯᠤᠭᠠᠨ᠎ᠠ ᠰᠡᠷᠭᠡᠶᠢᠯᠡᠭᠦ ᠪᠠᠷᠢᠯᠭ᠎ᠠ ᠪᠠᠷᠢᠬᠤ ᠵᠡᠷᠭᠡ ᠪᠠᠭᠳᠠᠨ᠎ᠠ᠃ ᠬᠤᠯᠤᠭᠠᠨ᠎ᠠ ᠤᠷᠤᠰᠢᠬᠤ ᠤᠷᠴᠢᠨ ᠲᠤᠭᠤᠷᠢᠨ ᠤ ᠨᠦᠭᠦᠴᠡᠯ ᠢ ᠦᠭᠡᠷᠡᠴᠢᠯᠡᠭᠦ ᠪᠡ ᠡᠪᠳᠡᠭᠦ ᠨᠢ ᠬᠤᠯᠤᠭᠠᠨ᠎ᠠ ᠶᠢ ᠰᠢᠭᠤᠳ ᠪᠤᠶᠤ ᠲᠠᠷᠠ ᠲᠤᠤᠷ᠎ᠠ ᠨᠢ ᠠᠯᠠᠵᠤ ᠤᠰᠠᠳᠬᠠᠵᠤ ᠴᠢᠳᠠᠬᠤ ᠦᠭᠡᠢ ᠪᠤᠯᠪᠠᠴᠤ ᠬᠤᠯᠤᠭᠠᠨ᠎ᠠ ᠶᠢᠨ ᠲᠦᠷᠦᠯ ᠤᠨ ᠠᠮᠢᠳᠤᠷᠠᠯ ᠳᠤᠨᠢ ᠠᠰᠢᠭ ᠦᠭᠡᠢ ᠪᠤᠯᠵᠤ᠂ ᠬᠤᠯᠤᠭᠠᠨ᠎ᠠ ᠶᠢᠨ ᠦᠰᠴᠤ ᠦᠷᠡᠵᠢᠭᠦ ᠶᠢ ᠬᠠᠰᠤᠠᠠᠳᠠᠭᠤᠯᠬᠤ ᠪᠤᠶᠤ ᠦᠭᠦᠯ ᠤᠨ ᠨᠤᠷᠮ᠎ᠠ ᠶᠢ ᠨᠢ ᠨᠡᠮᠡᠭᠳᠡᠭᠦᠯᠦᠭᠡᠳ᠂ ᠡᠭᠦᠨ ᠢᠶᠠᠷ ᠲᠠᠮᠵᠢᠨ ᠬᠤᠯᠤᠭᠠᠨ᠎ᠠ ᠶᠢᠨ ᠨᠢᠠᠠᠳᠠᠴᠠ ᠶᠢᠨ ᠭᠡᠮᠵᠢᠶ᠎ᠠ ᠶᠢ ᠪᠠᠭᠤᠷᠠᠭᠤᠯᠵᠤ ᠪᠤᠯᠤᠨ᠎ᠠ᠃ ᠡᠨᠡ ᠪᠤᠯ ᠠᠮᠢ ᠠᠬᠤᠢ ᠶᠢᠨ ᠰᠡᠷᠭᠡᠶᠢᠯᠡᠨ ᠬᠤᠷᠢᠠᠠᠯᠠᠬᠤ ᠶᠢᠨ ᠴᠢᠬᠤᠯᠠ ᠠᠷᠭ᠎ᠠ ᠭᠢᠳᠡᠯ ᠮᠦᠨ᠃ ᠠᠮᠢ ᠠᠬᠤᠢ ᠪᠠᠷ ᠬᠤᠯᠤᠭᠠᠨ᠎ᠠ ᠶᠢ ᠤᠰᠠᠳᠬᠠᠬᠤ ᠠᠷᠭ᠎ᠠ ᠶᠢᠨ ᠬᠤᠯᠪᠤᠠᠠᠳᠠᠬᠤ ᠭᠡᠪᠴᠢᠶ᠎ᠠ ᠨᠢ ᠦᠷᠭᠡᠨ ᠲᠤᠯᠠ ᠮᠦᠨ ᠴᠦ ᠨᠢᠭᠡᠨ ᠶᠠᠷᠦᠩᠭᠡᠶᠢᠯᠡᠭᠰᠡᠨ ᠴᠢᠨᠠᠷ ᠲᠠᠢ ᠠᠷᠭ᠎ᠠ ᠭᠡᠮᠵᠢᠶ᠎ᠠ ᠪᠤᠯᠤᠨ᠎ᠠ᠃ ᠭᠡᠳᠦ᠋ᠢᠪᠡᠷ ᠰᠡᠷᠭᠡᠶᠢᠯᠡᠭᠦ ᠪᠠᠷ ᠭᠤᠤᠯ ᠪᠤᠯᠭᠠᠵᠤ᠂ ᠬᠤᠯᠤᠭᠠᠨ᠎ᠠ ᠶᠢ ᠲᠠᠷᠠ ᠲᠤᠤᠷ᠎ᠠ ᠨᠢ ᠠᠯᠠᠵᠤ ᠤᠰᠠᠳᠬᠠᠵᠤ ᠴᠢᠳᠠᠬᠤ ᠦᠭᠡᠢ᠂ ᠦᠷ᠎ᠠ ᠪᠦᠳᠦᠮᠵᠢ ᠨᠢ ᠴᠤ ᠤᠳᠠᠭᠠᠨ ᠪᠠᠶᠢᠳᠠᠭ ᠪᠤᠯᠪᠠᠴᠤ᠂ ᠪᠤᠰᠤᠳ ᠠᠷᠭ᠎ᠠ ᠭᠡᠮᠵᠢᠶ᠎ᠠ ᠲᠠᠢ ᠤᠶᠠᠯᠳᠤᠭᠤᠯᠤᠨ ᠭᠡᠷᠡᠭᠯᠡᠪᠡᠯ ᠲᠡᠭᠦᠨ ᠤ ᠬᠤᠯᠤᠭᠠᠨ᠎ᠠ ᠤᠰᠠᠳᠬᠠᠬᠤ ᠦᠷ᠎ᠠ ᠪᠦᠳᠦᠭᠡᠯ ᠢ ᠨᠢ ᠲᠡᠭᠡᠭᠰᠢᠯᠡᠭᠦᠯᠭᠦ ᠪᠦᠭᠡᠳ ᠤᠷᠳᠤ ᠤᠳᠠᠭᠠᠨ ᠢᠶᠠᠷ ᠰᠡᠷᠭᠡᠶᠢᠯᠡᠨ ᠵᠠᠰᠠᠵᠤ᠂ ᠦᠴᠦᠭᠡᠨ ᠭᠦᠴᠤ ᠵᠠᠷᠤᠴᠠᠭᠤᠯᠤᠨ ᠰᠠᠶᠢᠨ ᠦᠷ᠎ᠠ ᠳ᠋ᠦᠩ ᠤᠯᠵᠤ ᠴᠢᠳᠠᠨ᠎ᠠ᠃ ᠠᠮᠢ ᠠᠬᠤᠢ ᠶᠢᠨ ᠤᠬᠠᠭᠠᠨ ᠢᠶᠠᠷ ᠬᠤᠯᠤᠭᠠᠨ᠎ᠠ ᠤᠰᠠᠳᠬᠠᠬᠤ ᠠᠷᠭ᠎ᠠ ᠪᠤᠯ ᠬᠤᠯᠤᠭᠠᠨ᠎ᠠ ᠶᠢᠨ ᠭᠦᠨᠦᠭᠡᠯ ᠢ ᠶᠠᠷᠦᠩᠭᠡᠶᠢᠯᠡᠨ ᠰᠡᠷᠭᠡᠶᠢᠯᠡᠵᠤ ᠵᠠᠰᠠᠬᠤ ᠶᠢᠨ ᠲᠤᠮᠳᠡᠭᠢ ᠲᠤᠩ ᠴᠢᠬᠤᠯᠠ ᠵᠠᠩᠭᠢᠯᠠᠭ᠎ᠠ ᠪᠤᠯᠤᠨ᠎ᠠ᠃ ᠠᠮᠢ ᠠᠬᠤᠢ ᠪᠠᠷ ᠬᠤᠯᠤᠭᠠᠨ᠎ᠠ ᠤᠰᠠᠳᠬᠠᠬᠤ ᠪᠤᠳᠠᠳᠠᠢ ᠠᠷᠭ᠎ᠠ ᠭᠡᠮᠵᠢᠶ᠎ᠠ ᠭᠡᠪᠡᠯ᠄ ① ᠡᠪᠡᠰᠤ ᠪᠤᠳᠠ ᠶᠢ ᠴᠠᠪᠠᠷᠯᠡᠨ ᠠᠷᠢᠯᠭᠠᠬᠤ᠃ ᠭᠦᠨᠦᠭᠡᠯᠳᠤ ᠬᠤᠯᠤᠭᠠᠨ᠎ᠠ ᠪᠤᠯ ᠡᠪᠡᠰᠤ ᠬᠤᠯᠤᠰᠤ ᠪᠠᠷ ᠪᠦᠷᠭᠦᠭᠳᠡᠭᠰᠡᠨ ᠨᠢᠭᠤᠴᠠ ᠲᠠᠯᠳᠠ ᠪᠦᠭᠦᠢ ᠲᠠᠷᠢᠶᠠᠨ ᠰᠠᠭᠤᠷᠢ᠂ ᠬᠠᠰᠢᠯᠭ᠎ᠠ᠂ ᠲᠠᠯᠠᠩ᠂ ᠵᠠᠮ ᠤᠨ ᠰᠠᠭᠤᠷᠢ᠂ ᠤᠰᠤ ᠵᠠᠯᠠᠬᠤ ᠰᠤᠪᠠᠭ ᠵᠡᠷᠭᠡ ᠭᠠᠵᠠᠷ ᠨᠦᠭᠡᠯᠡᠨ ᠰᠠᠭᠤᠬᠤ ᠲᠤᠷᠠᠳᠠᠢ ᠪᠠᠶᠢᠵᠤ᠂ ᠨᠠᠮᠤᠭ ᠤᠨ ᠬᠤᠯᠤᠭᠠᠨ᠎ᠠ ᠪᠤᠯ ᠪᠤᠷᠤ ᠵᠤᠪᠠᠯᠠᠭ᠂ ᠤᠯᠠᠯᠵᠢ᠂ ᠰᠢᠯᠦᠭᠡᠢ ᠠᠮᠤ ᠶᠢᠨ ᠦᠨᠳᠤᠰᠤ ᠪᠠ ᠪᠤᠰᠤᠳ ᠦᠶᠡᠳᠤ ᠤᠷᠭᠤᠮᠠᠯ ᠤᠨ ᠢᠵᠠᠭᠤᠷ ᠤᠨ ᠰᠤᠯᠠ ᠡᠪᠡᠰᠤ ᠶᠢ ᠢᠳᠡᠭᠦ ᠲᠤᠷᠠᠳᠠᠢ ᠪᠠᠶᠢᠳᠠᠭ᠃ ᠰᠤᠯᠠ ᠡᠪᠡᠰᠤ ᠶᠢ ᠠᠷᠢᠯᠭᠠᠵᠤ᠂ ᠭᠦᠨᠦᠭᠡᠯᠳᠤ ᠬᠤᠯᠤᠭᠠᠨ᠎ᠠ ᠶᠢᠨ ᠤᠷᠤᠰᠢᠬᠤ᠂ ᠢᠳᠡᠭᠦ ᠤᠷᠴᠢᠨ ᠲᠤᠭᠤᠷᠢᠨ ᠢ ᠨᠢ ᠡᠪᠳᠡᠪᠡᠯ᠂ ᠬᠤᠯᠤᠭᠠᠨ᠎ᠠ ᠶᠢᠨ ᠨᠢᠠᠠᠳᠠᠴᠠ ᠶᠢᠨ ᠭᠡᠮᠵᠢᠶ᠎ᠠ ᠶᠢ ᠪᠦᠳᠦᠮᠵᠢᠳᠡᠢ ᠪᠠᠷ ᠪᠠᠭᠤᠷᠠᠭᠤᠯᠵᠤ ᠲᠠᠶᠢᠯᠦᠨ᠎ᠠ᠃ ② ᠲᠠᠷᠢᠶᠠᠨ ᠰᠠᠭᠤᠷᠢ ᠶᠢᠨ ᠦᠨᠳᠤᠷᠴᠡ ᠶᠢ ᠪᠤᠭᠤᠨᠢᠰᠬᠠᠬᠤ᠃ ᠲᠠᠷᠢᠶᠠᠨ ᠲᠠᠯᠠᠩ ᠭᠡᠳᠦᠢ ᠪᠤᠭᠤᠨᠢ ᠪᠤᠯ ᠭᠦᠨᠦᠭᠡᠯᠳᠤ ᠬᠤᠯᠤᠭᠠᠨ᠎ᠠ ᠡᠭᠦᠷᠯᠡᠭᠦ ᠳᠤ ᠲᠠᠳᠦᠢ ᠠᠰᠢᠭ ᠦᠭᠡᠢ᠃ 55~60cm ᠦᠨᠳᠤᠷ ᠲᠠᠷᠢᠶ᠋ᠨᠨ ᠲᠠᠯᠠᠩ ᠢ ᠨᠦᠭᠡᠯᠡᠭᠡᠳ 35cm ᠪᠤᠯᠭᠠᠬᠤ ᠦᠶᠡᠰ᠂ ᠰᠢᠷ᠎ᠠ ᠬᠤᠯᠤᠭᠠᠨ᠎ᠠ ᠶᠢᠨ 100m ᠤᠨ ᠪᠦᠳᠦᠮᠵᠢᠳᠡᠢ ᠨᠦᠭᠡ ᠨᠢ 88.5% ᠪᠠᠷ ᠪᠠᠭᠤᠷᠠᠵᠤ᠂ 100cm ᠠᠴᠠ ᠲᠡᠭᠡᠭᠰᠢᠭᠢ ᠲᠤᠮᠤ ᠰᠠᠭᠤᠷᠢ ᠶᠢ 50cm ᠨᠦᠭᠡᠯᠡᠭᠦ ᠦᠶᠡᠰ᠂ ᠨᠠᠮᠤᠭ ᠤᠨ ᠬᠤᠯᠤᠭᠠᠨ᠎ᠠ ᠶᠢᠨ ᠵᠠᠭᠤᠨ ᠮᠧᠲᠷ ᠤᠨ ᠪᠦᠳᠦᠮᠵᠢᠳᠡᠢ ᠨᠦᠭᠡ ᠨᠢ 74.70% ᠬᠠᠰᠤᠠᠠᠳᠠᠵᠤ᠂ ᠦᠷ᠎ᠠ ᠳ᠋ᠦᠩ ᠨᠢ ᠮᠠᠰᠢᠳᠡ ᠢᠯᠡᠷᠭᠡᠢ ᠪᠠᠶᠢᠳᠠᠭ᠃ ③ ᠰᠠᠶᠢᠨ ᠰᠠᠶᠢᠬᠠᠨ ᠲᠠᠳᠬᠠᠯ ᠲᠠᠢ ᠪᠤᠯᠬᠤ᠃ ᠭᠡᠷ ᠤᠷᠤᠨ ᠤ ᠪᠠᠨ ᠲᠤᠳᠤᠨ᠎ᠠ ᠭᠠᠳᠠᠨᠠᠭᠢ ᠤᠷᠴᠢᠨ ᠲᠤᠭᠤᠷᠢᠨ ᠢ ᠴᠠᠪᠠᠷᠯᠡᠨ᠂ ᠠᠮᠤ ᠪᠤᠳᠠᠭ᠎ᠠ ᠪᠠᠨ ᠲᠠᠷᠠ ᠲᠠᠷᠤᠢ ᠳᠤᠨᠢ ᠬᠠᠯᠢᠰᠤᠯᠠᠨ ᠬᠠᠳᠠᠭᠠᠭᠠᠳ ᠭᠦᠮᠦᠷᠭᠡᠯᠡᠵᠤ᠂ ᠸᠠᠭᠠᠷ ᠱᠠᠭᠠᠵᠠᠩ ᠪᠤᠶᠤ ᠭᠦᠡᠭᠭᠡᠨ ᠴᠠᠭᠠᠨ ᠤ ᠰᠠᠪᠠᠨ ᠳᠤ ᠠᠮᠤ ᠪᠤᠳᠠᠭ᠎ᠠ ᠪᠠᠨ ᠰᠠᠪᠠᠯᠠᠵᠤ᠂ ᠮᠠᠯ ᠵᠢᠭᠦᠷᠳᠡᠨ ᠤ ᠲᠡᠵᠢᠭᠡᠯ ᠪᠤᠷᠳᠤᠭ᠎ᠠ ᠪᠠᠨ ᠰᠠᠶᠢᠳᠤᠷ ᠬᠠᠮᠠᠭᠠᠯᠠᠵᠤ ᠬᠠᠳᠠᠭᠠᠯᠠᠵᠤ᠂ ᠲᠡᠵᠢᠭᠡᠭᠡᠳ ᠦᠯᠡᠳᠡᠭᠰᠡᠨ ᠭᠡᠰᠡᠭ ᠢ ᠨᠢ ᠲᠠᠷᠤᠢ ᠳᠤᠨᠢ ᠴᠠᠪᠠᠷᠯᠡᠭᠦ ᠭᠡᠷᠡᠭᠳᠡᠢ᠃ ④ ᠤᠰᠤᠯᠠᠯᠳᠠ ᠶᠢᠨ ᠰᠢᠰᠲ᠋ᠧᠮ ᠢᠶᠠᠨ ᠰᠠᠶᠢᠳᠤᠷ ᠴᠠᠪᠠᠷᠯᠡᠵᠤ᠂ ᠲᠠᠷᠢᠮᠠᠯ ᠢᠶᠠᠨ ᠵᠤᠭᠢᠰᠳᠡᠢ ᠲᠤᠭᠢᠷᠠᠭᠤᠯᠵᠤ᠂ ᠲᠠᠷᠢᠬᠤ ᠬᠤᠭᠤᠴᠠᠭ᠎ᠠ ᠪᠠᠨ ᠲᠤᠭᠢᠷᠠᠭᠤᠯᠵᠤ᠂ ᠬᠤᠯᠤᠭᠠᠨ᠎ᠠ ᠶᠢᠨ ᠨᠦᠭᠡ ᠶᠢ ᠲᠦᠭᠵᠢᠭᠦ ᠪᠠ ᠮᠠᠯᠳᠠᠵᠤ᠂ ᠮᠤᠳᠤᠨ ᠳᠠᠭᠠᠨ ᠦᠷᠭᠡᠰᠤ ᠬᠠᠳᠬᠤᠵᠤ᠂ ᠵᠢᠮᠢᠰ ᠲᠡᠭᠡᠨ ᠲᠤᠠᠠᠳᠤᠢ ᠭᠢᠵᠤ᠂ ᠭᠠᠵᠠᠷ ᠤᠨ᠋ᠬᠠᠰᠠᠨ ᠵᠢᠮᠢᠰ ᠢᠯᠵᠠᠷᠬᠠᠢ ᠨᠤᠭᠤᠭ᠎ᠠ᠂ ᠦᠷ᠎ᠠ ᠵᠡᠷᠭᠡ ᠶᠢ ᠰᠠᠶᠢᠳᠤᠷ ᠠᠷᠢᠯᠭᠠᠵᠤ᠂ ᠬᠤᠯᠤᠭᠠᠨ᠎ᠠ ᠶᠢᠨ ᠢᠳᠡᠰᠢ ᠶᠢ ᠨᠢ ᠲᠠᠰᠤᠯᠬᠤ ᠵᠡᠷᠭᠡ ᠠᠯᠢ ᠤᠯᠠᠨ ᠠᠷᠭ᠎ᠠ ᠭᠡᠮᠵᠢᠶ᠎ᠠ ᠶᠢ ᠠᠪᠬᠤ ᠭᠡᠷᠡᠭᠳᠡᠢ᠃ ᠪᠢᠤᠯᠤᠭᠢ ᠶᠢᠨ ᠠᠷᠭ᠎ᠠ ᠪᠠᠷ ᠰᠡᠷᠭᠡᠶᠢᠯᠡᠨ ᠵᠠᠰᠠᠬᠤ᠄ ᠪᠢᠤᠯᠤᠭᠢ ᠶᠢᠨ ᠠᠷᠭ᠎ᠠ ᠪᠠᠷ ᠰᠡᠷᠭᠡᠶᠢᠯᠡᠨ ᠤᠰᠠᠳᠬᠠᠬᠤ ᠭᠡᠳᠡᠭ ᠪᠤᠯ ᠬᠤᠯᠤᠭᠠᠨ᠎ᠠ ᠶᠢᠨ ᠲᠦᠷᠦᠯ ᠤᠨ ᠲᠦᠷᠦᠯᠭᠢ ᠲᠠᠶᠢᠰᠤᠨ ᠢ ᠨᠢ ᠠᠰᠢᠠᠠᠯᠠᠨ ᠬᠤᠯᠤᠭᠠᠨ᠎ᠠ ᠪᠠᠷᠢᠭᠤᠯᠬᠤ ᠪᠤᠶᠤ ᠡᠪᠡᠳᠴᠢᠨ ᠬᠠᠯᠳᠠᠭᠠᠬᠤ ᠭᠦᠴᠤᠨ ᠲᠠᠢ ᠮᠢᠺᠷᠤᠪ ᠢ ᠠᠰᠢᠠᠠᠯᠠᠨ ᠬᠤᠯᠤᠭᠠᠨ᠎ᠠ ᠶᠢ ᠤᠰᠠᠳᠬᠠᠬᠤ ᠵᠢᠴᠢ ᠭᠠᠳᠠᠷ ᠬᠤᠷᠮᠤᠨ ᠢ ᠠᠰᠢᠠᠠᠯᠠᠨ ᠬᠤᠯᠤᠭᠠᠨ᠎ᠠ ᠶᠢᠨ ᠲᠤᠭ᠎ᠠ ᠶᠢ ᠭᠢᠵᠠᠭᠠᠷᠯᠠᠬᠤ ᠠᠷᠭ᠎ᠠ ᠶᠢ ᠵᠢᠭᠠᠵᠤ ᠪᠠᠶᠢᠨ᠎ᠠ᠃ ᠨᠢᠭᠡ ᠳᠤ᠂ ᠲᠦᠷᠦᠯᠭᠢ ᠲᠠᠶᠢᠰᠤᠨ ᠢ ᠨᠢ ᠠᠰᠢᠠᠠᠯᠠᠨ ᠬᠤᠯᠤᠭᠠᠨ᠎ᠠ ᠶᠢ ᠤᠰᠠᠳᠬᠠᠬᠤ ᠭᠡᠷᠡᠭᠳᠡᠢ᠃ ᠬᠤᠶᠠᠷ ᠲᠤ᠂ ᠭᠦᠮᠦᠨ᠂ ᠮᠠᠯ ᠳᠤ ᠬᠤᠤᠷ ᠦᠭᠡᠢ ᠬᠠᠷᠢᠨ ᠬᠤᠯᠤᠭᠠᠨ᠎ᠠ ᠳᠤ ᠡᠪᠡᠳᠴᠢᠨ ᠬᠠᠯᠳᠠᠭᠠᠬᠤ ᠭᠦᠴᠤᠨ ᠲᠠᠢ ᠮᠢᠺᠷᠤᠪ ᠢ ᠠᠰᠢᠠᠠᠯᠠᠨ ᠬᠤᠯᠤᠭᠠᠨ᠎ᠠ ᠶᠢ ᠤᠰᠠᠳᠬᠠᠬᠤ ᠭᠡᠷᠡᠭᠳᠡᠢ᠃ ᠭᠤᠷᠪᠡ ᠳᠤ ᠠᠳᠠᠯᠢ ᠪᠤᠰᠤ ᠤᠳᠤᠮᠯᠠᠯ ᠤᠨ ᠭᠧᠨ ᠢ ᠠᠰᠢᠠᠠᠯᠠᠬᠤ ᠪᠤᠶᠤ ᠹᠢᠽᠢᠺ᠂ ᠭᠢᠮᠢ ᠶᠢᠨ ᠮᠦᠲ᠋ᠡᠭᠧᠨ ᠡᠯᠧᠮᠧᠨ᠋ᠲ ᠢ ᠠᠰᠢᠠᠠᠯᠠᠨ ᠬᠤᠯᠤᠭᠠᠨ᠎ᠠ ᠶᠢᠨ ᠲᠦᠷᠦᠯ ᠤᠨ ᠲᠦᠷᠰᠤ ᠶᠢᠨ ᠰᠦᠷᠦᠭᠵᠢᠯ ᠤᠨ ᠭᠧᠨ ᠢ ᠨᠢ ᠬᠤᠪᠢᠷᠠᠭᠤᠯᠵᠤ᠂ ᠤᠷᠴᠢᠨ ᠲᠤᠭᠤᠷᠢᠨ ᠳᠤ ᠦᠯᠤ ᠵᠤᠬᠢᠴᠠᠬᠤ ᠪᠤᠯᠭᠠᠬᠤ ᠪᠠ ᠲᠦᠷᠰᠤ ᠶᠢᠨ ᠰᠦᠷᠦᠭᠵᠢᠯ ᠤᠨ ᠲᠤᠭᠢᠷᠠᠭᠤᠯᠬᠤ ᠦᠢᠯᠡᠳᠦᠯ ᠢ ᠨᠢ ᠠᠯᠳᠠᠭᠤᠯᠵᠤ᠂ ᠰᠡᠷᠭᠡᠶᠢᠯᠡᠨ ᠵᠠᠰᠠᠬᠤ ᠵᠤᠷᠢᠯᠭ᠎ᠠ ᠳᠠᠭᠠᠨ ᠭᠦᠷᠭᠦ ᠭᠡᠷᠡᠭᠳᠡᠢ᠃ ᠪᠢᠤᠯᠤᠭᠢ ᠶᠢᠨ ᠠᠷᠭ᠎ᠠ ᠪᠠᠷ ᠬᠤᠯᠤᠭᠠᠨ᠎ᠠ ᠤᠰᠠᠳᠬᠠᠬᠤ ᠪᠤᠳᠠᠳᠠᠢ ᠠᠷᠭ᠎ᠠ ᠭᠡᠮᠵᠢᠶ᠎ᠠ ᠭᠡᠪᠡᠯ᠄ ① ᠬᠤᠯᠤᠭᠠᠨ᠎ᠠ ᠶᠢᠨ ᠲᠦᠷᠦᠯᠭᠢ ᠲᠠᠶᠢᠰᠤᠨ ᠢ ᠨᠢ ᠬᠠᠮᠠᠭᠠᠯᠠᠵᠤ ᠠᠰᠢᠠᠠᠯᠠᠬᠤ ᠭᠡᠷᠡᠭᠳᠡᠢ᠃ ᠪᠠᠶᠢᠭᠠᠯᠢ ᠶᠢᠷᠳᠢᠨᠴᠤ ᠳᠤ ᠵᠢᠱᠢᠶᠡᠯᠡᠪᠡᠯ ᠰᠢᠷ᠎ᠠ ᠰᠤᠯᠤᠩᠭ᠎ᠠ᠂ ᠢᠷᠪᠢᠰ᠂ ᠴᠤᠬᠤᠷ ᠴᠤᠭᠤᠠᠳᠠᠢ᠂ ᠤᠭᠤᠯᠢ᠂ ᠮᠤᠭᠠᠢ ᠶᠢᠨ ᠲᠦᠷᠦᠯ ᠵᠢᠴᠢ ᠵᠠᠷᠢᠮ ᠮᠢᠬᠠᠴᠢᠨ ᠰᠢᠪᠠᠭᠤ ᠵᠡᠷᠭᠡ ᠪᠤᠯ ᠴᠦᠮ ᠬᠤᠯᠤᠭᠠᠨ᠎ᠠ ᠪᠠᠷᠢᠵᠤ ᠢᠳᠡᠳᠡᠭ ᠠᠮᠢᠳᠡᠨ ᠶᠤᠮ᠃ ᠡᠶᠢᠮᠤ ᠠᠴᠠ ᠲᠡᠭᠦᠨ ᠢ ᠲᠤᠷ᠎ᠠ ᠪᠠᠷ ᠢᠶᠠᠨ ᠠᠩᠨᠠᠬᠤ ᠶᠢ ᠴᠢᠩᠭ᠎ᠠ ᠴᠠᠭᠠᠵᠠᠯᠠᠵᠤ᠂ ᠡᠳᠡᠭᠡᠷ ᠲᠦᠷᠤᠯᠭᠢ ᠶᠢᠨ ᠲᠠᠶᠢᠰᠤᠨ ᠢ ᠨᠢ ᠰᠠᠶᠢᠳᠤᠷ ᠬᠠᠮᠠᠭᠠᠯᠠᠵᠤ᠂ ᠬᠤᠯᠤᠭᠠᠨ᠎ᠠ ᠶᠢᠨ ᠭᠦᠨᠦᠭᠡᠯ ᠡᠭᠦᠰᠭᠦ ᠶᠢ ᠬᠤᠷᠢᠠᠠᠯᠠᠵᠤ᠂ ᠠᠮᠢ ᠠᠬᠤᠢ ᠶᠢᠨ ᠲᠡᠩᠴᠡᠭᠦᠷᠢ ᠶᠢ ᠠᠭᠢᠭᠤᠯᠬᠤ ᠨᠢ ᠲᠤᠩ ᠴᠢᠬᠤᠯᠠ ᠠᠴᠢ ᠬᠤᠯᠪᠤᠠᠠᠳᠠᠯ ᠲᠠᠢ ᠶᠤᠮ᠃ ᠡᠭᠦᠨ ᠠᠴᠠ ᠭᠠᠳᠠᠨ᠎ᠠ ᠲᠡᠵᠢᠭᠡᠪᠤᠷᠢ ᠮᠤᠤᠷ ᠴᠤ ᠠᠶᠢᠯ ᠭᠡᠷ ᠪᠤᠯᠤᠨ ᠤᠷᠴᠢᠨ ᠲᠤᠭᠤᠷᠢᠨ ᠤ ᠲᠠᠷᠢᠶᠠᠨ ᠭᠠᠵᠠᠷ ᠤᠨ ᠬᠤᠯᠤᠭᠠᠨ᠎ᠠ ᠶᠢᠨ ᠭᠦᠨᠦᠭᠡᠯ ᠢ ᠬᠤᠷᠢᠠᠠᠯᠠᠬᠤ ᠠᠮᠢᠳᠡᠨ ᠮᠦᠨ᠃ ᠡᠶᠢᠮᠤ ᠠᠴᠠ ᠨᠦᠭᠦᠴᠡᠯ ᠲᠠᠢ ᠭᠠᠵᠠᠷ ᠤᠷᠤᠨ ᠪᠤᠯ ᠮᠤᠤᠷ ᠲᠡᠵᠢᠭᠡᠭᠦ ᠠᠵᠢᠯᠯᠠᠭ᠎ᠠ ᠶᠢ ᠭᠦᠭᠵᠢᠭᠦᠯᠵᠤ᠂ ᠬᠤᠯᠤᠭᠠᠨ᠎ᠠ ᠶᠢᠨ ᠭᠦᠨᠦᠭᠡᠯ ᠢ ᠪᠠᠭᠠᠰᠬᠠᠬᠤ ᠭᠡᠷᠡᠭᠳᠡᠢ᠃ ᠭᠡᠭᠦ ᠳᠡᠭᠡᠨ ᠠᠩᠬᠠᠷᠤᠭᠤᠰᠢᠳᠡᠢ ᠨᠢ ᠭᠡᠪᠡᠯ ᠮᠤᠤᠷ ᠨᠢ ᠭᠦᠮᠦᠨ ᠮᠠᠯ ᠳᠤ ᠴᠦᠮ ᠨᠡᠷᠪᠡᠭᠳᠡᠳᠡᠭ ᠤᠯᠠᠨ ᠵᠦᠢᠯ ᠤᠨ ᠡᠪᠡᠳᠴᠢᠨ ᠢ ᠤᠯᠠᠮᠵᠢᠯᠠᠳᠠᠭ ᠪᠤᠯᠬᠤᠷ ᠮᠤᠤᠷ ᠢᠶᠠᠨ ᠠᠷᠢᠭᠤᠨ ᠴᠠᠪᠠᠷ ᠪᠠᠶᠢᠯᠭᠠᠵᠤ᠂ ᠨᠦᠭᠦᠴᠡᠯ ᠲᠠᠢ ᠪᠤᠯ ᠲᠤᠠᠠᠳᠠᠮᠠᠯ ᠬᠤᠭᠤᠴᠠᠭ᠎ᠠ ᠲᠠᠢ ᠪᠠᠷ ᠰᠡᠷᠭᠡᠶᠢᠯᠡᠯᠳᠡ ᠶᠢᠨ ᠸᠠᠺᠼᠢᠨ ᠲᠠᠷᠢᠭᠤᠯᠬᠤ ᠭᠡᠷᠡᠭᠳᠡᠢ᠃ ② C ᠭᠡᠯᠪᠡᠷᠢ ᠶᠢᠨ ᠮᠢᠬᠠᠨ ᠢᠭᠯᠢᠭ ᠪᠠᠺᠲ᠋ᠧᠷᠢ ᠶᠢᠨ ᠬᠤᠤᠷᠳᠤ ᠡᠳ᠋ ᠢ ᠭᠡᠷᠡᠭᠯᠡᠭᠦ ᠭᠡᠷᠡᠭᠳᠡᠢ᠃ ᠲᠤᠰ ᠬᠤᠤᠷᠳᠤ ᠡᠳ᠋ ᠪᠤᠯ ᠮᠢᠬᠠᠨ ᠢᠭᠯᠢᠭ ᠪᠠᠺᠲ᠋ᠧᠷᠢ ᠶᠢ ᠠᠰᠢᠠᠠᠯᠠᠨ ᠪᠤᠶᠢᠵᠢᠭᠤᠯᠤᠠᠠᠰᠠᠨ ᠰᠤᠯᠢᠯᠴᠠᠭᠠᠨ ᠤ ᠡᠳ᠋ ᠪᠤᠯᠤᠨ᠎ᠠ᠃ ᠤᠶᠢᠷ᠎ᠠ ᠶᠢᠨ ᠵᠢᠯ ᠭᠦᠭᠡᠨᠠᠭᠤᠷ᠂ ᠰᠧᠴᠤᠸᠠᠨ᠂ ᠬᠠᠷᠠᠮᠦ᠋ᠷᠡᠨ᠂ ᠴᠢᠩᠳᠤᠤ ᠵᠡᠷᠭᠡ ᠭᠠᠵᠠᠷ ᠲᠤᠷᠰᠢᠭᠠᠳ᠂ ᠤᠯᠠᠨ ᠲᠦᠷᠦᠯ ᠤᠨ ᠭᠡᠭᠡᠷ᠎ᠡ ᠶᠢᠨ ᠬᠤᠯᠤᠭᠠᠨ᠎ᠠ ᠶᠢ ᠰᠡᠷᠭᠡᠶᠢᠯᠡᠨ ᠤᠰᠠᠳᠬᠠᠬᠤ ᠳᠤ᠂ ᠶᠠᠷᠦᠩᠭᠡᠢ ᠳᠡᠭᠡᠨ 50%~90% ᠶᠢᠨ ᠪᠦᠳᠦᠮᠵᠢ ᠤᠯᠵᠤ᠂ ᠭᠦᠮᠦᠨ ᠮᠠᠯ ᠳᠤ ᠴᠤ ᠨᠡᠯᠢᠶᠡᠳ ᠠᠮᠤᠷ ᠲᠦᠪᠰᠢᠨ ᠪᠠᠶᠢᠨ᠎ᠠ᠃ ᠬᠤᠤᠷᠳᠤ ᠦᠭᠶᠦᠭᠡ ᠳᠤ ᠭᠡᠷᠡᠭᠯᠡᠭᠦ ᠦᠳᠭᠡᠴᠡ ᠶᠢ 1 ᠲᠦᠮᠨ ~2 ᠲᠦᠮᠡᠨ ᠬᠤᠯᠤᠭᠠᠨ᠎ᠠ ᠨᠢᠭᠡᠴᠢ ᠪᠠᠶᠢᠯᠭᠠᠵᠤ᠂ ᠭᠡᠷᠡᠭᠯᠡᠭᠦ ᠳᠡᠭᠡᠨ ᠶᠠᠷᠦᠳᠡ ᠶᠢᠨ ᠭᠢᠮᠢ ᠶᠢᠨ ᠬᠤᠤᠷᠳᠤ ᠦᠭᠶᠦᠭᠡ ᠲᠠᠢ ᠠᠳᠠᠯᠢ ᠠᠷᠭ᠎ᠠ ᠶᠢ ᠭᠡᠷᠡᠭᠯᠡᠵᠤ᠂ ᠾᠧᠺᠲ᠋ᠠᠷ ᠪᠦᠷᠢ 300~400 ᠤᠪᠤᠭ᠎ᠠ ᠲᠠᠯᠪᠢᠵᠤ᠂ ᠤᠪᠤᠭ᠎ᠠ ᠪᠦᠷᠢ 2~3g ᠲᠠᠯᠪᠢᠨ᠎ᠠ᠃ ᠡᠨᠡ ᠮᠡᠳᠤ ᠪᠢᠤᠯᠤᠭᠢ ᠶᠢᠨ ᠬᠤᠯᠤᠭᠠᠨ᠎ᠠ ᠤᠰᠠᠳᠬᠠᠬᠤ ᠡᠮ ᠢ ᠤᠳᠤᠬᠠᠨ ᠳᠤ ᠭᠦᠭᠡᠨᠠᠭᠤᠷ ᠤᠨ ᠮᠠᠯᠵᠢᠬᠤ ᠤᠷᠤᠨ ᠤ ᠲᠠᠯ᠎ᠠ ᠨᠤᠳᠤᠭ ᠲᠤ ᠶᠡᠭᠡ ᠭᠡᠮᠵᠢᠶ᠎ᠠ ᠪᠠᠷ ᠭᠡᠷᠡᠭᠯᠡᠵᠤ ᠪᠠᠶᠢᠨ᠎ᠠ᠃ ᠭᠡᠪᠡᠴᠤ ᠲᠠᠷᠢᠶᠠᠨ ᠭᠠᠵᠠᠷ ᠤᠨ ᠬᠤᠯᠤᠭᠠᠨ᠎ᠠ ᠶᠢᠨ ᠭᠦᠨᠦᠭᠡᠯ ᠢ ᠰᠡᠷᠭᠡᠶᠢᠯᠡᠨ ᠵᠠᠰᠠᠬᠤ ᠲᠠᠯ᠎ᠠ ᠪᠠᠷ ᠲᠤᠷᠰᠢᠯᠳᠡ ᠶᠢᠨ ᠱᠠᠳᠤᠨ ᠳᠠᠭᠠᠨ ᠪᠠᠶᠢᠨ᠎ᠠ᠃ ᠹᠢᠽᠢᠺ ᠤᠨ ᠠᠷᠭ᠎ᠠ ᠪᠠᠷ ᠰᠡᠷᠭᠡᠶᠢᠯᠡᠨ ᠵᠠᠰᠠᠬᠤ᠄ ᠹᠢᠽᠢᠺ ᠤᠨ ᠠᠷᠭ᠎ᠠ ᠪᠠᠷ ᠬᠤᠯᠤᠭᠠᠨ᠎ᠠ ᠤᠰᠠᠳᠬᠠᠬᠤ ᠳᠤ ᠭᠤᠤᠯ ᠨᠢ ᠹᠢᠽᠢᠺ ᠤᠨ ᠤᠬᠠᠭᠠᠨ ᠤ ᠤᠨᠤᠯ ᠢᠶᠠᠷ ᠬᠤᠯᠤᠭᠠᠨ᠎ᠠ ᠤᠰᠠᠳᠬᠠᠬᠤ ᠮᠠᠰᠢᠨ ᠪᠠᠭᠠᠵᠢ ᠭᠢᠵᠤ ᠬᠤᠯᠤᠭᠠᠨ᠎ᠠ ᠤᠰᠠᠳᠬᠠᠬᠤ ᠪᠦᠭᠡᠳ ᠨᠡᠯᠢᠶᠡᠳ ᠤᠷᠳᠤ ᠲᠠᠤᠭᠡ ᠲᠠᠢ ᠪᠤᠯᠵᠤ᠂ ᠭᠡᠷᠡᠭᠯᠡᠯᠳᠡ ᠶᠢᠨ ᠠᠷᠭ᠎ᠠ ᠨᠢ ᠴᠤ ᠨᠡᠯᠢᠶᠡᠳ ᠤᠯᠠᠨ ᠪᠠᠶᠢᠳᠠᠭ᠃ ᠡᠭᠦᠨ ᠢ ᠪᠠᠰᠠ ᠹᠢᠽᠢᠺ ᠤᠨ ᠤᠬᠠᠭᠠᠨ ᠢᠶᠠᠷ ᠬᠤᠯᠤᠭᠠᠨ᠎ᠠ ᠠᠯᠠᠬᠤ ᠭᠡᠳᠡᠭ᠃ ᠲᠡᠭᠦᠨ ᠤ ᠲᠠᠪᠠᠭᠤᠯᠢᠭ ᠲᠠᠯ᠎ᠠ ᠨᠢ ᠭᠡᠪᠡᠯ ᠭᠦᠮᠦᠨ ᠮᠠᠯ ᠳᠤ ᠠᠶᠤᠯ ᠦᠭᠡᠢ᠂ ᠢᠯᠠᠩᠭᠤᠶ᠎ᠠ ᠪᠤᠳᠠ ᠮᠠᠯ ᠢ ᠰᠢᠷᠬᠠᠳᠤᠭᠤᠯᠵᠤ ᠲᠡᠶᠢᠯᠭᠦ ᠦᠭᠡᠢ᠃ ᠤᠷᠴᠢᠨ ᠲᠤᠭᠤᠷᠢᠨ ᠳᠤ ᠬᠤᠤᠷ ᠤᠨ ᠦᠯᠡᠳᠡᠭᠳᠡᠯ ᠦᠯᠡᠳᠡᠳᠡᠭ ᠦᠭᠡᠢ᠂ ᠦᠭᠦᠭᠰᠡᠨ ᠬᠤᠯᠤᠭᠠᠨ᠎ᠠ ᠶᠢ ᠠᠷᠢᠯᠭᠠᠬᠤ ᠳᠤ ᠴᠤ ᠲᠦᠭᠦᠮ ᠪᠦᠭᠡᠳ ᠬᠤᠯᠤᠭᠠᠨ᠎ᠠ ᠶᠢ ᠤᠰᠠᠳᠬᠠᠬᠤ ᠦᠷ᠎ᠠ ᠳ᠋ᠦᠩ ᠨᠢ ᠢᠯᠡᠳᠳᠡ ᠪᠠᠶᠢᠳᠠᠭ᠃ ᠪᠠᠭ᠎ᠠ ᠭᠡᠮᠵᠢᠶᠠᠨ ᠳᠤ ᠬᠤᠯᠤᠭᠠᠨ᠎ᠠ ᠤᠰᠠᠳᠬᠠᠬᠤ ᠳᠤ ᠲᠤᠭᠢᠷᠠᠨ᠎ᠠ᠃ ᠭᠡᠷ ᠤᠨ ᠬᠤᠯᠤᠭᠠᠨ᠎ᠠ ᠶᠢ ᠠᠯᠠᠵᠤ ᠤᠰᠠᠳᠬᠠᠬᠤ ᠪᠠ ᠭᠡᠭᠡᠷ᠎ᠡ ᠠᠴᠠ ᠭᠡᠷ ᠲᠤ ᠤᠷᠤᠵᠤ ᠢᠷᠡᠭᠰᠡᠨ ᠬᠤᠯᠤᠭᠠᠨ᠎ᠠ ᠪᠤᠶᠤ ᠶᠡᠭᠡ ᠭᠡᠮᠵᠢᠶ᠎ᠠ ᠪᠠᠷ ᠬᠤᠯᠤᠭᠠᠨ᠎ᠠ ᠤᠰᠠᠳᠬᠠᠬᠤ ᠳᠤ ᠦᠯᠡᠳᠡᠵᠤ ᠬᠤᠴᠤᠷᠤᠠᠠᠰᠠᠨ ᠬᠤᠯᠤᠭᠠᠨ᠎ᠠ ᠶᠢ ᠠᠯᠠᠵᠤ ᠤᠰᠠᠳᠬᠠᠬᠤ ᠳᠤ ᠵᠤᠭᠢᠬᠤ ᠦᠢᠯᠡᠳᠦᠯ ᠲᠠᠢ᠃ ᠲᠠᠷᠠᠴᠢᠯᠠᠨ ᠤᠳᠤᠬᠠᠨ ᠳᠤ ᠠᠶᠢᠯ ᠭᠡᠷ ᠲᠤ ᠦᠷᠭᠡᠨ ᠢᠶᠠᠷ ᠭᠡᠷᠡᠭᠯᠡᠭᠳᠡᠵᠤ ᠪᠠᠶᠢᠭ᠎ᠠ ᠬᠤᠯᠤᠭᠠᠨ᠎ᠠ ᠤᠰᠠᠳᠬᠠᠬᠤ ᠠᠷᠭ᠎ᠠ ᠪᠤᠯᠤᠨ᠎ᠠ᠃ ᠡᠮᠵᠡᠭ ᠲᠠᠯ᠎ᠠ ᠨᠢ ᠭᠡᠪᠡᠯ ᠦᠪᠠᠷ ᠤᠨ ᠦᠷᠳᠡᠭ ᠨᠢ ᠦᠨᠳᠤᠷ᠂ ᠪᠡᠯᠡ ᠤᠷᠤᠭᠤᠯᠤᠯᠳᠠ ᠪᠠᠷ ᠶᠡᠭᠡ ᠪᠠᠶᠢᠳᠠᠭ᠃ ᠹᠢᠽᠢᠺ ᠤᠨ ᠠᠷᠭ᠎ᠠ ᠪᠠᠷ ᠬᠤᠯᠤᠭᠠᠨ᠎ᠠ ᠤᠰᠠᠳᠬᠠᠬᠤ ᠪᠤᠳᠠᠳᠠᠢ ᠠᠷᠭ᠎ᠠ ᠭᠡᠮᠵᠢᠶ᠎ᠠ ᠭᠡᠪᠡᠯ᠄ ① ᠮᠠᠰᠢᠨ ᠢᠶᠠᠷ ᠠᠯᠠᠵᠤ ᠤᠰᠠᠳᠬᠠᠨ᠎ᠠ᠃ ᠬᠤᠯᠤᠭᠠᠨ᠎ᠠ ᠤᠰᠠᠳᠬᠠᠬᠤ ᠮᠠᠰᠢᠨ ᠪᠠᠭᠠᠵᠢ ᠶᠢᠨ ᠲᠦᠷᠦᠯ ᠮᠠᠰᠢ ᠤᠯᠠᠨ ᠪᠠᠶᠢᠵᠤ᠂ ᠲᠡᠭᠦᠨ ᠤ ᠠᠯᠠᠵᠤ ᠤᠰᠠᠳᠬᠠᠬᠤ ᠠᠷᠭ᠎ᠠ ᠨᠢ ᠴᠤ ᠠᠳᠠᠯᠢ ᠦᠭᠡᠢ ᠪᠠᠶᠢᠳᠠᠭ᠃ ᠶᠡᠭᠡ ᠲᠦᠯᠤᠪ ᠲᠡᠭᠡᠨ ᠬᠠᠪᠳᠠᠰᠤᠨ ᠬᠠᠪᠬ᠎ᠠ᠂ ᠪᠤᠯᠤᠳ ᠤᠳᠠᠰᠤᠨ ᠬᠠᠪᠬ᠎ᠠ᠂ ᠨᠤᠮᠤᠨ ᠭᠡᠯᠪᠡᠷᠢᠳᠤ ᠬᠠᠪᠬ᠎ᠠ ᠪᠠᠷ ᠪᠠᠷᠢᠵᠤ᠂ ᠭᠦᠮᠦᠷᠢᠵᠤ ᠪᠠᠷᠢᠬᠤ᠂ ᠴᠢᠴᠢᠵᠤ ᠠᠯᠠᠬᠤ᠂ ᠲᠠᠷᠤᠵᠤ ᠠᠯᠠᠬᠤ᠂ ᠲᠤᠤᠷᠯᠠᠵᠤ ᠠᠯᠠᠬᠤ ᠪᠠ ᠴᠠᠴᠠᠭᠠᠨ ᠠᠯᠠᠬᠤ ᠵᠡᠷᠭᠡ ᠠᠷᠭ᠎ᠠ ᠪᠤᠢ᠃ ᠲᠡᠭᠡᠷ᠎ᠡ ᠲᠤᠷᠠᠳᠤᠠᠠᠰᠠᠨ ᠠᠷᠭ᠎ᠠ ᠶᠢ ᠪᠤᠯ ᠪᠠᠭ᠎ᠠ ᠭᠡᠪᠴᠢᠶ᠎ᠠ ᠪᠤᠶᠤ ᠤᠨᠴᠠᠭᠠᠢ ᠤᠷᠴᠢᠨ ᠲᠤᠭᠤᠷᠢᠨ ᠳᠤ ᠴᠦᠭᠡᠨ ᠲᠤᠭᠠᠨ ᠤ ᠬᠤᠯᠤᠭᠠᠨ᠎ᠠ ᠶᠢ ᠤᠰᠠᠳᠬᠠᠬᠤ ᠳᠤ ᠭᠡᠷᠡᠭᠯᠡᠨ᠎ᠡ᠃ ᠦᠪᠠᠷ ᠤᠨ ᠦᠷᠳᠡᠭ ᠨᠢ ᠦᠨᠳᠤᠷ ᠪᠦᠭᠡᠳ ᠭᠡᠷᠡᠭᠯᠡᠭᠦ ᠨᠢ ᠴᠤ ᠮᠠᠰᠢ ᠪᠤᠳᠤᠯᠢᠶᠠᠨ ᠲᠠᠢ ᠪᠤᠯᠬᠤᠷ ᠶᠡᠭᠡ ᠭᠡᠪᠴᠢᠶᠠᠨ ᠤ ᠬᠤᠯᠤᠭᠠᠨ᠎ᠠ ᠶᠢᠨ ᠭᠦᠨᠦᠭᠡᠯ ᠢ ᠰᠡᠷᠭᠡᠶᠢᠯᠡᠨ ᠵᠠᠰᠠᠬᠤ ᠳᠤ ᠭᠢᠵᠠᠭᠠᠷᠯᠬᠠᠳᠠᠵᠤ ᠪᠠᠶᠢᠳᠠᠭ᠃ ᠭᠡᠪᠡᠴᠤ ᠬᠠᠪᠬ᠎ᠠ ᠶᠢ ᠪᠤᠯ ᠬᠤᠯᠤᠭᠠᠨ᠎ᠠ ᠶᠢᠨ ᠨᠢᠠᠠᠳᠠᠴᠠ ᠶᠢᠨ ᠭᠡᠮᠵᠢᠶ᠎ᠠ ᠦᠨᠳᠤᠷ ᠭᠠᠵᠠᠷ ᠤᠯᠠᠨ ᠭᠡᠷᠡᠭᠯᠡᠳᠡᠭ᠃ ᠠᠩᠬᠠᠷᠬᠤ ᠨᠢ ᠭᠡᠷᠡᠭᠯᠡᠵᠤ ᠦᠡᠭᠭᠡᠷᠡᠭᠰᠡᠨ ᠬᠤᠯᠤᠭᠠᠨ᠎ᠠ ᠤᠰᠠᠳᠬᠠᠬᠤ ᠪᠠᠭᠠᠵᠢ ᠭᠡᠷᠡᠭᠰᠡᠯ ᠢᠶᠠᠨ ᠰᠠᠶᠢᠳᠤᠷ ᠤᠭᠢᠶᠠᠨ ᠴᠠᠪᠠᠷᠯᠠᠵᠤ᠂ ᠦᠨᠤᠢ ᠢ ᠨᠢ ᠠᠷᠢᠯᠭᠠᠵᠤ᠂ ᠲᠠᠷᠠᠭ᠎ᠠ ᠤᠳᠠᠭ᠎ᠠ ᠭᠡᠷᠡᠭᠯᠡᠭᠦ ᠳᠤ ᠦᠷ᠎ᠡ ᠪᠦᠳᠦᠮᠵᠢ ᠶᠢ ᠨᠦᠯᠦᠭᠡᠯᠡᠭᠦ ᠠᠴᠠ ᠰᠡᠷᠭᠡᠶᠢᠯᠡᠭᠦ ᠭᠡᠷᠡᠭᠳᠡᠢ᠃ ② ᠬᠤᠯᠤᠭᠠᠨ᠎ᠠ ᠤᠰᠠᠳᠬᠠᠬᠤ ᠮᠢᠨ᠎ᠠ ᠪᠠᠷ ᠤᠰᠠᠳᠬᠠᠨ᠎ᠠ᠃ ᠬᠤᠯᠤᠭᠠᠨ᠎ᠠ ᠤᠰᠠᠳᠬᠠᠬᠤ ᠮᠢᠨ᠎ᠠ ᠶᠢ ᠪᠠᠰᠠ ᠨᠤᠮᠤᠨ ᠰᠤᠬᠤᠷ ᠤᠨ ᠮᠢᠨ᠎ᠠ ᠭᠡᠳᠡᠭ᠃ ᠤᠮᠠᠷᠠᠳᠤ ᠤᠷᠤᠨ ᠤ ᠲᠠᠷᠢᠶᠠᠨ ᠭᠠᠵᠠᠷ ᠤᠨ ᠨᠤᠮᠤᠨ ᠰᠤᠬᠤᠷ ᠢ ᠤᠰᠠᠳᠬᠠᠬᠤ ᠪᠦᠳᠦᠮᠵᠢᠳᠡᠢ ᠠᠷᠭ᠎ᠠ ᠭᠡᠮᠵᠢᠶ᠎ᠠ ᠮᠦᠨ᠃ ᠲᠡᠭᠦᠨ ᠤ ᠤᠨᠤᠯ ᠨᠢ ᠭᠡᠪᠡᠯ ᠨᠤᠮᠤᠨ ᠰᠤᠬᠤᠷ ᠨᠦᠭᠡ ᠪᠠᠨ ᠲᠦᠭᠵᠢᠳᠡᠭ ᠵᠠᠩ ᠢ ᠨᠢ ᠠᠰᠢᠠᠠᠯᠠᠨ᠂ ᠦᠪᠠᠷ ᠢᠶᠠᠷ ᠨᠢ ᠮᠢᠨ᠎ᠠ ᠶᠢ ᠲᠡᠯᠪᠡᠴᠢᠬᠦᠯᠤᠨ ᠦᠭᠦᠭᠦᠯᠳᠡᠭ᠃ ᠱᠠᠨ ᠰᠢ ᠶᠢᠨ ᠯᠢᠩᠹᠧᠩ ᠵᠡᠷᠭᠡ ᠭᠠᠵᠠᠷ ᠤᠳ ᠤᠯᠠᠨ ᠵᠢᠯ ᠤᠨ ᠦᠢᠯᠡᠳᠦᠯᠭᠡ ᠶᠢᠨ ᠲᠤᠷᠰᠢᠯᠭ᠎ᠠ ᠲᠠᠢ ᠪᠤᠯᠵᠠᠢ᠃ ᠲᠡᠭᠦᠨ ᠢ ᠭᠡᠷᠡᠭᠯᠡᠭᠦ ᠠᠷᠭ᠎ᠠ ᠭᠡᠪᠡᠯ᠄ ᠨᠢᠭᠡᠳᠦᠭᠡᠷ ᠠᠯᠬᠤᠮ ᠳᠤ ᠪᠠᠳᠤᠯᠠᠭ᠎ᠠ ᠲᠠᠢ ᠨᠦᠭᠡ ᠶᠢ ᠤᠯᠵᠤ ᠲᠤᠠᠠᠳᠠᠭᠠᠬᠤ᠂ ᠮᠡᠳᠡᠭᠳᠡᠮ᠎ᠠ ᠭᠦᠳᠡᠯᠭᠡᠭᠡᠨ ᠭᠢᠭᠰᠡᠨ ᠤᠯᠠ ᠮᠦᠷ ᠲᠠᠢ ᠨᠤᠮᠤᠨ ᠰᠤᠬᠤᠷ ᠤᠨ ᠨᠦᠭᠡ ᠶᠢᠨ ᠭᠤᠤᠯ ᠵᠠᠮ ᠢ ᠮᠠᠯᠳᠠᠨ ᠨᠡᠭᠡᠭᠡᠵᠤ᠂ ᠭᠡᠳᠦᠨ ᠴᠠᠭ ᠤᠨ ᠰᠡᠭᠦᠯᠡᠷ ᠠᠵᠢᠠᠠᠯᠠᠬᠤᠯᠠᠷ ᠮᠠᠯᠳ᠋ᠬᠠᠰᠠᠨ ᠨᠦᠭᠡᠨ ᠠᠮᠠᠰᠠᠷ ᠨᠢ ᠪᠦᠭᠯᠡᠭᠳᠡᠭᠰᠡᠨ ᠪᠠᠶᠢᠪᠠᠯ ᠪᠠᠳᠤᠯᠠᠭ᠎ᠠ ᠲᠠᠢ ᠨᠦᠭᠡ ᠪᠤᠯᠤᠨ᠎ᠠ᠃ ᠬᠤᠶᠠᠳᠤᠭᠠᠷ ᠠᠯᠬᠤᠮ ᠳᠤ ᠮᠢᠨ᠎ᠠ ᠲᠠᠯᠪᠢᠬᠤ ᠬᠤᠨᠭ᠍ᠭᠢᠯ ᠢ ᠰᠠᠶᠢᠳᠤᠷ ᠮᠠᠯᠳᠠᠵᠤ᠂ ᠪᠠᠳᠤᠯᠠᠨ ᠮᠠᠭᠠᠳᠯᠬᠠᠰᠠᠨ ᠨᠦᠭᠡᠨ ᠤ ᠠᠮᠠᠰᠠᠷ ᠢ ᠨᠢ ᠲᠡᠭᠰᠢᠯᠡᠵᠤ᠂ ᠦᠵᠦᠭᠦᠷ ᠲᠡᠭᠡᠨ ᠭᠤᠬ᠎ᠠ ᠲᠠᠢ ᠰᠢᠳᠡᠮ ᠢ ᠨᠦᠭᠡᠨ ᠲᠤᠳᠤᠷ᠎ᠠ 20~25cm ᠭᠠᠵᠠᠷ ᠰᠢᠷᠭᠤᠯᠠᠨ ᠲᠠᠯᠪᠢᠵᠤ᠂ ᠨᠦᠭᠡᠨ ᠤ ᠤᠭ ᠲᠤ ᠲᠤᠳᠤᠷ᠎ᠡ ᠠᠴᠠ ᠭᠠᠳ᠋ᠬᠠᠰᠢ ᠪᠠᠨ ᠨᠢᠭᠡᠨ ᠵᠤᠷᠪᠤᠰ 2cm ᠤᠷᠴᠢᠮ ᠭᠦᠨ᠂ 1.5cm ᠤᠷᠴᠢᠮ ᠦᠷᠭᠡᠨ ᠬᠤᠨᠭ᠍ᠭᠢᠯ ᠢ ᠨᠦᠭᠡᠨ ᠤ ᠭᠠᠳᠠᠨ᠎ᠠ ᠭᠠᠷᠳᠠᠯ᠎ᠠ ᠮᠠᠯᠳᠠᠵᠤ᠂ ᠮᠢᠨ᠎ᠠ ᠪᠠ ᠰᠢᠵᠢᠮ ᠢᠶᠠᠨ ᠲᠠᠯᠪᠢᠬᠤ ᠳᠤ ᠭᠡᠷᠡᠭᠯᠡᠨ᠎ᠡ᠃ ᠭᠤᠷᠪᠡᠳᠤᠭᠠᠷ ᠠᠯᠬᠤᠮ ᠳᠤ᠂ ᠮᠢᠨ᠎ᠠ ᠪᠠᠨ ᠲᠠᠯᠪᠢᠨ᠎ᠠ᠃ ᠭᠤᠬ᠎ᠠ ᠲᠠᠢ ᠰᠢᠳᠡᠮ ᠢᠶᠠᠷ ᠢᠶᠠᠨ ᠮᠢᠨ᠎ᠠ ᠪᠠᠨ ᠨᠦᠭᠡᠨ ᠲᠤᠮᠳᠡᠭᠢ ᠬᠤᠨᠭ᠍ᠭᠢᠯ ᠳᠤ ᠠᠶᠠᠷᠬᠠᠨ ᠲᠠᠯᠪᠢᠵᠤ᠂ ᠮᠢᠨ᠎ᠠ ᠶᠢ ᠨᠦᠭᠡᠨ ᠤ ᠠᠮᠠᠰᠠᠷ ᠠᠴᠠ ᠲᠤᠳᠤᠠᠠᠰᠢ 15~20cm ︵ᠨᠦᠭᠡ ᠨᠢ ᠲᠤᠮᠤ ᠪᠤᠯ ᠬᠤᠯᠠ ᠰᠢᠬ᠂ ᠨᠦᠭᠡ ᠨᠢ ᠪᠠᠭ᠎ᠠ ᠪᠤᠯ ᠤᠶᠢᠷᠠᠬᠠᠨ ᠰᠢᠬ︶ ᠵᠠᠶᠢᠳᠠᠢ ᠪᠠᠶᠢᠯᠭᠠᠵᠤ᠂ ᠮᠢᠨ᠎ᠠ ᠶᠢᠨ ᠢᠶᠠᠨ ᠬᠤᠶᠠᠷ ᠰᠢᠵᠢᠮ ᠢ ᠬᠤᠨᠭ᠍ᠭᠢᠯ ᠢ ᠲᠠᠭᠠᠭᠤᠯᠤᠨ ᠨᠦᠭᠡᠨ ᠤ ᠭᠠᠳᠠᠨ᠎ᠠ ᠭᠠᠷᠭᠠᠵᠤ᠂ ᠪᠡᠯᠡᠳᠭᠡᠵᠤ ᠲᠠᠯᠪᠢᠠᠠᠰᠠᠨ ᠮᠢᠨ᠎ᠠ ᠪᠤᠯᠤᠨ ᠰᠢᠵᠢᠮ ᠢᠶᠠᠨ ᠰᠢᠷᠤᠢ ᠪᠠᠷ ᠨᠢᠮᠭᠡᠭᠡᠨ ᠬᠤᠴᠢᠵᠤ᠂ ᠰᠢᠳᠠᠮ ᠢᠶᠠᠷ ᠢᠶᠠᠨ ᠲᠠᠪᠳᠡᠵᠤ ᠲᠠᠯᠪᠢᠨ᠎ᠠ᠃ ᠲᠦᠷᠪᠡᠳᠦᠭᠡᠷ ᠠᠯᠬᠤᠮ ᠳᠤ᠂ ᠴᠠᠭᠢᠯᠭᠠᠨ ᠵᠠᠯᠭᠠᠬᠤ ᠤᠨᠢᠰᠤ ᠪᠠᠨ ᠪᠡᠯᠡᠳᠬᠡᠨ᠎ᠠ᠃ ᠴᠠᠭᠢᠯᠭᠠᠨ ᠵᠠᠯᠭᠠᠬᠤ ᠤᠨᠢᠰᠤ ᠨᠢ ᠲᠤᠨᠤᠯᠵᠢᠨ ᠠᠷᠭ᠎ᠠ᠂ ᠭᠢᠰᠭᠢᠭᠦᠷ ᠠᠷᠭ᠎ᠠ ᠪᠠ ᠡᠭ᠍ᠴᠠ ᠬᠤᠨᠭ᠍ᠭᠢᠶᠠᠳᠤ ᠠᠷᠭ᠎ᠠ ᠶᠢᠨ ᠭᠡᠵᠤ ᠪᠠᠶᠢᠳᠠᠭ᠃ ᠶᠠᠷᠦᠩᠭᠡᠢ ᠳᠡᠭᠡᠨ ᠲᠤᠨᠤᠯᠵᠢᠨ ᠠᠷᠭ᠎ᠠ ᠶᠢᠨ ᠬᠢ ᠶᠢ ᠤᠯᠠᠨ ᠭᠡᠷᠡᠭᠯᠡᠨ᠎ᠡ᠃ ᠲᠤᠬᠠᠶᠢᠯᠠᠪᠠᠯ ᠨᠤᠮᠤᠨ ᠰᠤᠬᠤᠷ ᠤᠨ ᠨᠦᠭᠡᠨ ᠤ ᠠᠮᠠᠰᠠᠷ ᠲᠤᠳᠤᠷ᠎ᠠ ᠲᠤᠮᠤ ᠪᠠᠭ᠎ᠠ ᠨᠢ ᠲᠤᠭᠢᠷᠠᠮᠵᠢᠳᠡᠢ ᠨᠢᠭᠡᠨ ᠰᠢᠷᠤᠢ ᠶᠢᠨ ᠪᠦᠮᠪᠦᠭᠡ ᠲᠠᠯᠪᠢᠵᠤ᠂ ᠮᠢᠨ᠎ᠠ ᠶᠢᠨ ᠢᠶᠠᠨ ᠨᠢᠭᠡᠨ ᠰᠢᠵᠢᠮ ᠢ ᠨᠦᠭᠡᠨ ᠤ ᠠᠮᠠᠨ ᠳᠤ ᠪᠤᠰᠤᠭ᠎ᠠ ᠴᠢᠭᠯᠡᠯ ᠢᠶᠠᠷ ᠲᠤᠠᠠᠳᠠᠪᠤᠷᠢᠵᠢᠭᠤᠯᠵᠤ᠂ ᠨᠦᠭᠦᠭᠡ ᠨᠢᠭᠡ ᠰᠢᠵᠢᠮ ᠢᠶᠠᠨ ᠨᠦᠭᠡᠨ ᠤ ᠠᠮᠠᠨ ᠳᠤ ᠭᠦᠨᠳᠡᠯᠡᠨ ᠴᠢᠭᠯᠡᠯ ᠢᠶᠠᠷ ᠲᠤᠠᠠᠳᠠᠪᠤᠷᠢᠵᠢᠭᠤᠯᠵᠤ᠂ ᠬᠤᠶᠠᠷ ᠤᠳᠠᠰᠤ ᠪᠠᠨ ᠲᠤᠨᠤᠯᠵᠢᠨ ᠭᠡᠯᠪᠡᠷᠢ ︵ᠪᠤᠰᠤᠭ᠎ᠠ ᠤᠳᠠᠰᠤ ᠨᠢ ᠲᠤᠳᠤᠷ᠎ᠠ ᠲᠠᠯ᠎ᠠ᠂ ᠭᠦᠨᠳᠡᠯᠡᠨ ᠤᠳᠠᠰᠤ ᠨᠢ ᠭᠠᠳᠠᠷ ᠲᠠᠯ᠎ᠠ ᠳᠤ︶ ᠲᠠᠢ ᠪᠤᠯᠭᠠᠵᠤ᠂ ᠬᠤᠶᠠᠷ ᠰᠢᠵᠢᠮ ᠤᠨ ᠰᠤᠯᠪᠢᠴᠬᠠᠰᠠᠨ ᠭᠠᠵᠠᠷ ᠲᠠᠬᠢ ᠴᠠᠭᠢᠯᠭᠠᠨ ᠤᠳᠠᠰᠤᠨ ᠤ ᠭᠦᠨᠳᠡᠶᠢᠷᠡᠭᠦᠯᠦᠭᠴᠢ ᠬᠠᠯᠢᠰᠤ ᠶᠢ ᠤᠷᠢᠳ ᠢᠶᠠᠷ ᠱᠠᠭᠠᠯᠵᠤ᠂ ᠬᠤᠶᠠᠷ ᠰᠢᠵᠢᠮ ᠤᠨ ᠵᠤᠯᠭᠠᠯᠳᠤᠬᠤ ᠭᠠᠵᠠᠷ ᠤᠨ ᠵᠠᠢ ᠶᠢ 3~4mm ᠪᠤᠯᠭᠠᠵᠤ᠂ ᠰᠡᠭᠦᠯᠡᠷ ᠨᠢ ᠬᠤᠶᠠᠷ ᠰᠢᠵᠢᠮ ᠢᠶᠠᠨ ᠲᠤᠰ ᠲᠤᠰ 1.5V ᠤᠨ ᠳ᠋ᠢᠶᠠᠨ ᠤᠤᠢ ᠶᠢᠨ ᠠᠷᠭ᠎ᠠ ᠪᠢᠯᠢᠭ ᠤᠨ ᠲᠦᠢᠯ ᠲᠡᠭᠡᠷ᠎ᠡ ᠵᠠᠯᠭᠠᠵᠤ ᠲᠠᠯᠪᠢᠨ᠎ᠠ᠃ ᠢᠡᠭᠭᠢᠭᠡᠳ ᠨᠤᠮᠤᠨ ᠰᠤᠬᠤᠷ ᠰᠢᠷᠤᠢ ᠲᠦᠯᠭᠢᠨ ᠨᠦᠭᠡ ᠪᠠᠨ ᠲᠦᠭᠵᠢᠭᠦ ᠦᠶᠡᠰ᠂ ᠰᠢᠷᠤᠢ ᠶᠢᠨ ᠪᠦᠮᠪᠦᠭᠡ ᠶᠢ ᠲᠦᠯᠭᠢᠨ ᠪᠤᠰᠤᠭ᠎ᠠ ᠤᠳᠠᠰᠤ ᠶᠢ ᠮᠦᠷᠭᠦᠭᠡᠳ᠂ ᠴᠠᠭᠢᠯᠭᠠᠨ ᠤᠳᠠᠰᠤ ᠶᠢ ᠵᠤᠯᠭᠠᠭᠤᠯᠤᠨ᠂ ᠦᠪᠠᠷ ᠢᠶᠠᠨ ᠲᠡᠯᠪᠡᠴᠢᠭᠳᠡᠨ ᠦᠭᠦᠭᠦ ᠪᠤᠶᠤ ᠲᠤᠷᠭᠢᠨ᠋ᠠᠳᠠᠨ ᠦᠭᠦᠨᠠ᠃ ᠨᠤᠮᠤᠨ ᠰᠤᠬᠤᠷ ᠤᠨ ᠮᠢᠨ᠎ᠠ ᠶᠢ ᠭᠡᠷᠡᠭᠯᠡᠭᠦ ᠳᠤ ᠠᠩᠬᠠᠷᠬᠤ ᠵᠦᠢᠯ ᠭᠡᠪᠡᠯ ᠴᠠᠭᠢᠯᠭᠠᠨ ᠵᠠᠯᠭᠠᠬᠤ ᠤᠨᠢᠰᠤ ᠪᠠᠨ ᠰᠠᠶᠢᠳᠤᠷ ᠲᠤᠭᠢᠷᠠᠭᠤᠯᠵᠤ᠂ ᠠᠷᠤ ᠲᠠᠯ᠎ᠠ ᠳᠤᠨᠢ ᠴᠠᠭᠢᠯᠭᠠᠨ ᠵᠠᠯᠭᠠᠵᠤ ᠪᠤᠯᠬᠤ ᠡᠰᠡᠭᠦ ᠶᠢ ᠨᠠᠷᠢᠨ ᠪᠠᠶᠢᠴᠠᠭᠠᠨ᠎ᠠ᠃ ᠦᠷ᠎ᠡ ᠳ᠋ᠦᠩ ᠢ ᠪᠠᠶᠢᠴᠠᠭᠠᠬᠤ ᠳᠠᠭᠠᠨ᠂ ᠮᠢᠨ᠎ᠠ ᠲᠠᠯᠪᠡᠷᠡᠭᠰᠡᠨ ᠡᠰᠡᠭᠦ ᠶᠢ ᠤᠷᠢᠳ ᠢᠶᠠᠷ ᠪᠠᠶᠢᠴᠠᠭᠠᠵᠤ᠂ ᠲᠡᠯᠪᠡᠷᠡᠭᠰᠡᠨ ᠦᠭᠡᠢ ᠮᠢᠨ᠎ᠠ ᠶᠢ ᠠᠪᠴᠤ ᠬᠤᠷᠢᠶᠠᠬᠤ ᠳᠠᠭᠠᠨ ᠴᠠᠭᠢᠯᠭᠠᠨ ᠢ ᠨᠢ ᠤᠷᠢᠳ ᠢᠶᠠᠷ ᠲᠠᠰᠤᠯᠬᠤ ᠭᠡᠷᠡᠭᠳᠡᠢ᠃ ᠡᠭᠦᠨ ᠠᠴᠠ ᠭᠠᠳᠠᠨ᠎ᠠ ᠨᠤᠮᠤᠨ ᠰᠤᠬᠤᠷ ᠤᠨ ᠮᠢᠨ᠎ᠠ ᠶᠢ ᠬᠠᠮᠤᠭ ᠰᠠᠶᠢᠨ ᠨᠢ ᠲᠤᠩᠭᠠᠯᠠᠭ ᠡᠳᠤᠷ ᠲᠠᠯᠪᠢᠬᠤ ᠭᠡᠷᠡᠭᠳᠡᠢ᠃ ᠴᠢᠭᠢᠭ ᠲᠠᠢ ᠭᠠᠵᠠᠷ ᠪᠤᠶᠤ ᠪᠤᠷᠤᠭᠠᠨ ᠲᠠᠢ ᠡᠳᠤᠷ ᠭᠡᠷᠡᠭᠯᠡᠭᠦ ᠳᠡᠭᠡᠨ ᠳ᠋ᠢᠶᠠᠨ ᠤᠤᠢ ᠪᠠᠨ ᠰᠦᠯᠢᠶᠤᠤ ᠪᠦᠰ ᠢᠶᠠᠷ ᠪᠤᠭᠤᠵᠤ᠂ ᠭᠡᠷᠡᠭᠯᠡᠯᠳᠡ ᠶᠢᠨ ᠠᠮᠢ ᠨᠠᠰᠤ ᠶᠢ ᠤᠷᠳᠤᠳᠬᠠᠬᠤ ᠭᠡᠷᠡᠭᠳᠡᠢ᠃ ③ ᠴᠠᠭᠢᠯᠭᠠᠨ ᠢᠶᠠᠷ ᠬᠤᠯᠤᠭᠠᠨ᠎ᠠ ᠤᠰᠠᠳᠬᠠᠬᠤ᠃ ᠡᠭᠦᠨ ᠢ ᠪᠠᠰᠠ ᠬᠤᠯᠤᠭᠠᠨ᠎ᠠ ᠤᠰᠠᠳᠬᠠᠬᠤ ᠡᠯᠧᠺᠲᠷᠤᠨ ᠮᠠᠰᠢᠨ᠂ ᠴᠠᠭᠢᠯᠭᠠᠨ ᠮᠤᠤᠷ ᠭᠡᠳᠡᠭ᠃ ᠲᠡᠭᠦᠨ ᠤ ᠤᠨᠤᠯ ᠨᠢ ᠭᠡᠪᠡᠯ ᠶᠠᠷᠦᠳᠡ ᠶᠢᠨ 220V ᠬᠤᠪᠢᠰᠤᠮᠠᠯ ᠭᠦᠶᠦᠳᠡᠯ ᠤᠨ ᠴᠠᠭᠢᠯᠭᠠᠨ ᠤ ᠲᠠᠷᠤᠯᠳᠠ ᠶᠢ ᠨᠢ 1500~2000V ᠪᠤᠯᠭᠠᠬᠤ ᠦᠶᠡᠰ ᠬᠤᠯᠤᠭᠠᠨ᠎ᠠ ᠶᠢ ᠮᠠᠨᠠᠷᠠᠭᠤᠯᠬᠤ ᠪᠤᠶᠤ ᠴᠤᠭᠢᠵᠤ ᠠᠯᠠᠨ᠎ᠠ᠃ ᠰᠠᠩ ᠭᠦᠮᠦᠷᠭᠡ ᠪᠤᠶᠤ ᠭᠦᠮᠦᠨ ᠮᠠᠯ ᠤᠨ ᠭᠦᠯ ᠭᠦᠷᠳᠡᠭ ᠦᠭᠡᠢ ᠰᠡᠯᠡᠭᠦᠨ ᠭᠡᠷ ᠤᠷᠤᠨ ᠤ ᠬᠤᠯᠤᠭᠠᠨ᠎ᠠ ᠦᠷᠭᠦᠯᠵᠢ ᠢᠯᠡᠷᠡᠳᠡᠭ ᠤᠷᠴᠢᠨ ᠳᠤ ᠭᠡᠷᠡᠭᠯᠡᠭᠦ ᠳᠤ ᠲᠤᠭᠢᠷᠠᠨ᠎ᠠ᠃ ᠭᠢᠮᠢ ᠶᠢᠨ ᠠᠷᠭ᠎ᠠ ᠪᠠᠷ ᠰᠡᠷᠭᠡᠶᠢᠯᠡᠨ ᠵᠠᠰᠠᠬᠤ᠄ ᠭᠢᠮᠢ ᠶᠢᠨ ᠠᠷᠭ᠎ᠠ ᠪᠠᠷ ᠬᠤᠯᠤᠭᠠᠨ᠎ᠠ ᠤᠰᠠᠳᠬᠠᠬᠤ ᠭᠡᠳᠡᠭ ᠨᠢ ᠭᠢᠮᠢ ᠶᠢᠨ ᠨᠡᠶᠢᠯᠡᠮᠡᠯ ᠡᠳ᠋ ᠢᠶᠠᠷ ᠬᠤᠯᠤᠭᠠᠨ᠎ᠠ ᠶᠢᠨ ᠲᠦᠷᠦᠯ ᠢ ᠤᠰᠠᠳᠬᠠᠬᠤ ᠠᠷᠭ᠎ᠠ ᠶᠢ ᠵᠢᠭᠠᠵᠤ ᠪᠠᠶᠢᠨ᠎ᠠ᠃ ᠪᠠᠰᠠ ᠡᠮ ᠢᠶᠠᠷ ᠬᠤᠯᠤᠭᠠᠨ᠎ᠠ ᠤᠰᠠᠳᠬᠠᠬᠤ ᠠᠷᠭ᠎ᠠ ᠭᠡᠭᠦ ᠪᠤᠶᠤ ᠬᠤᠤᠷᠳᠤ ᠦᠭᠶᠦᠭᠡ ᠪᠠᠷ ᠬᠤᠯᠤᠭᠠᠨ᠎ᠠ ᠤᠰᠠᠳᠬᠠᠬᠤ ᠠᠷᠭ᠎ᠠ ᠭᠡᠳᠡᠭ᠃ ᠡᠨᠡ ᠠᠷᠭ᠎ᠠ ᠪᠤᠯ ᠤᠳᠤᠬᠠᠨ ᠳᠤ ᠤᠯᠤᠰ ᠤᠨ ᠲᠤᠳᠤᠭᠠᠳᠤ ᠭᠠᠳᠠᠭᠠᠳᠤ ᠳᠤ ᠬᠤᠯᠤᠭᠠᠨ᠎ᠠ ᠤᠰᠠᠳᠬᠠᠬᠤ ᠳᠤ ᠮᠠᠰᠢ ᠦᠷᠭᠡᠨ ᠭᠡᠷᠡᠭᠯᠡᠭᠳᠡᠵᠤ ᠪᠠᠶᠢᠭ᠎ᠠ ᠠᠷᠭ᠎ᠠ ᠪᠤᠯᠤᠨ᠎ᠠ᠃ ᠬᠤᠵᠢᠮ ᠤᠨ ᠬᠤᠯᠤᠭᠠᠨ᠎ᠠ ᠤᠰᠠᠳᠬᠠᠬᠤ ᠭᠦᠭᠵᠢᠯᠳᠡ ᠶᠢᠨ ᠬᠠᠨᠳᠤᠰᠢ ᠠᠴᠠ ᠦᠵᠡᠪᠡᠯ᠂ ᠬᠤᠳᠠ ᠴᠤ ᠲᠠᠷᠠ᠂ ᠭᠦᠳᠡᠭᠡ ᠲᠤᠰᠬᠤᠨ ᠴᠤ ᠲᠠᠷᠠ᠂ ᠡᠰᠡᠭᠦᠯ᠎ᠠ ᠬᠤᠯᠤᠭᠠᠨ᠎ᠠ ᠤᠯᠠᠨ ᠲᠠᠢ ᠲᠠᠷᠢᠶᠠᠨ ᠭᠠᠵᠠᠷ ᠲᠤ ᠴᠤ ᠲᠠᠷᠠ᠂ ᠭᠢᠮᠢ ᠶᠢᠨ ᠠᠷᠭ᠎ᠠ ᠪᠠᠷ ᠬᠤᠯᠤᠭᠠᠨ᠎ᠠ ᠤᠰᠠᠳᠬᠠᠬᠤ ᠨᠢ ᠮᠦᠨ ᠭᠦ ᠬᠤᠯᠤᠭᠠᠨ᠎ᠠ ᠶᠢᠨ ᠭᠦᠨᠦᠭᠡᠯ ᠢ ᠶᠠᠷᠦᠩᠭᠡᠶᠢᠯᠡᠨ ᠵᠠᠰᠠᠬᠤ ᠭᠤᠤᠯ ᠠᠷᠭ᠎ᠠ ᠭᠡᠯᠪᠡᠷᠢ ᠶᠢᠨ ᠨᠢᠭᠡ ᠨᠢ ᠪᠤᠯᠤᠨ᠎ᠠ᠃ ᠲᠡᠭᠦᠨ ᠤ ᠲᠤᠪᠤᠶᠢᠮ᠎ᠠ ᠲᠠᠪᠠᠭᠤᠯᠢᠭ ᠨᠢ ᠭᠡᠪᠡᠯ ᠤᠰᠠᠳᠬᠠᠬᠤ ᠨᠢ ᠲᠦᠷᠭᠡᠨ ᠪᠠᠶᠢᠳᠠᠭ᠃ ᠭᠦᠨᠦᠭᠡᠯᠳᠤ ᠬᠤᠯᠤᠭᠠᠨ᠎ᠠ ᠠᠷᠪᠢᠳᠤᠨ ᠭᠦᠨᠦᠭᠡᠯ ᠤᠴᠠᠷᠠᠭᠤᠯᠬᠤ ᠠᠴᠠ ᠡᠮᠦᠨ᠎ᠠ ᠴᠤ ᠭᠡᠰᠡᠨ᠂ ᠡᠰᠡᠭᠦᠯ᠎ᠠ ᠨᠢᠭᠡᠨᠳᠡ ᠶᠡᠭᠡ ᠭᠡᠮᠵᠢᠶᠠᠨ ᠤ ᠭᠦᠨᠦᠭᠡᠯ ᠤᠴᠠᠷᠠᠭᠤᠯᠤᠠᠠᠰᠠᠨ ᠦᠶ᠎ᠠ ᠳᠤ ᠴᠤ ᠭᠡᠰᠡᠨ ᠭᠢᠮᠢ ᠶᠢᠨ ᠡᠮ ᠢᠶᠠᠷ ᠬᠤᠯᠤᠭᠠᠨ᠎ᠠ ᠤᠰᠠᠳᠬᠠᠬᠤ ᠨᠢ ᠲᠠᠷᠠ ᠲᠠᠷᠤᠢ ᠳᠠᠭᠠᠨ ᠴᠦᠮ ᠮᠠᠰᠢ ᠰᠠᠶᠢᠨ ᠦᠷ᠎ᠠ ᠪᠦᠳᠦᠮᠵᠢ ᠤᠯᠳᠠᠭ ᠶᠤᠮ᠃ ᠭᠢᠮᠢ ᠶᠢᠨ ᠠᠷᠭ᠎ᠠ ᠪᠠᠷ ᠬᠤᠯᠤᠭᠠᠨ᠎ᠠ ᠤᠰᠠᠳᠬᠠᠬᠤ ᠠᠷᠭ᠎ᠠ ᠮᠠᠶ᠋ᠢᠭ ᠨᠢ ᠲᠦᠭᠦᠮ᠂ ᠠᠵᠢᠯ ᠤᠨ ᠪᠦᠳᠦᠮᠵᠢ ᠦᠨᠳᠤᠷ᠂ ᠦᠷ᠎ᠠ ᠪᠦᠳᠦᠭᠡᠯ ᠤᠯᠬᠤ ᠨᠢ ᠲᠦᠷᠭᠡᠨ ᠪᠦᠭᠡᠳ ᠭᠢᠮᠳᠡ ᠠᠷᠪᠢᠳᠡᠢ ᠪᠠᠶᠢᠳᠠᠭ᠃ ᠲᠤᠳ᠋ᠬᠠᠳᠠᠯ ᠲᠠᠢ ᠲᠠᠯ᠎ᠠ ᠨᠢ ᠭᠡᠪᠡᠯ ᠤᠷᠴᠢᠨ ᠲᠤᠭᠤᠷᠢᠨ ᠢ ᠠᠮᠠᠷᠬᠠᠨ ᠪᠤᠭᠢᠷᠳᠤᠭᠤᠯᠳᠠᠭ᠃ ᠭᠡᠷᠪᠡ ᠬᠤᠯᠤᠭᠠᠨ᠎ᠠ ᠤᠰᠠᠳᠬᠠᠬᠤ ᠡᠮ ᠢ ᠪᠤᠯᠭᠤᠮᠵᠢᠳᠡᠢ ᠭᠡᠷᠡᠭᠯᠡᠭᠦ ᠦᠭᠡᠢ ᠪᠤᠶᠤ ᠲᠤᠭᠢᠳᠡᠢ ᠬᠠᠳᠠᠭᠠᠯᠠᠬᠤ ᠦᠭᠡᠢ ᠪᠤᠯ ᠭᠦᠮᠦᠨ ᠮᠠᠯ ᠢ ᠬᠤᠤᠷᠳᠠᠭᠤᠯᠬᠤ ᠪᠤᠯᠤᠨ᠎ᠠ᠃ ᠭᠢᠮᠢ ᠶᠢᠨ ᠠᠷᠭ᠎ᠠ ᠪᠠᠷ ᠰᠡᠷᠭᠡᠶᠢᠯᠡᠨ ᠵᠠᠰᠠᠬᠤ ᠳᠤ ᠭᠤᠤᠯ ᠨᠢ ᠬᠤᠤᠷᠳᠤ ᠦᠭᠶᠦᠭᠡ ᠪᠠᠷ ᠤᠰᠠᠳᠬᠠᠬᠤ᠂ ᠤᠳᠤᠵᠤ ᠤᠰᠠᠳᠬᠠᠬᠤ᠂ ᠭᠢᠮᠢ ᠶᠢᠨ ᠠᠷᠭ᠎ᠠ ᠪᠠᠷ ᠦᠯᠳᠡᠭᠦ᠂ ᠭᠢᠮᠢ ᠶᠢᠨ ᠠᠷᠭ᠎ᠠ ᠪᠠᠷ ᠦᠷᠡᠵᠢᠯ ᠢ ᠨᠢ ᠲᠠᠰᠤᠯᠬᠤ ᠵᠡᠷᠭᠡ ᠠᠷᠭ᠎ᠠ ᠭᠡᠮᠵᠢᠶ᠎ᠠ ᠪᠠᠭᠳᠠᠨ᠎ᠠ᠃ ᠭᠡᠪᠡᠴᠤ ᠦᠨᠡᠨ ᠳᠡᠭᠡᠨ ᠬᠠᠮᠤᠭ ᠤᠨ ᠨᠡᠶᠢᠳᠡᠮ ᠭᠡᠷᠡᠭᠯᠡᠳᠡᠭ ᠨᠢ ᠦᠭᠶᠦᠭᠡ ᠪᠠᠷ ᠤᠰᠠᠳᠬᠠᠬᠤ ᠠᠷᠭ᠎ᠠ ᠪᠤᠯᠤᠨ᠎ᠠ᠃ ① ᠬᠤᠤᠷᠳᠤ ᠦᠭᠶᠦᠭᠡ ᠪᠠᠷ ᠬᠤᠯᠤᠭᠠᠨ᠎ᠠ ᠤᠰᠠᠳᠬᠠᠬᠤ ᠳᠤ ᠭᠦᠨᠦᠭᠡᠯᠳᠤ ᠬᠤᠯᠤᠭᠠᠨ᠎ᠠ ᠨᠢ ᠶᠠᠷᠦᠩᠭᠡᠢ ᠳᠡᠭᠡᠨ ᠤᠰᠠᠳᠬᠠᠬᠤ ᠡᠮ ᠢ ᠢᠳᠡᠭᠦ ᠦᠭᠡᠢ ᠶᠤᠮ᠃ ᠡᠶᠢᠮᠤ ᠠᠴᠠ ᠬᠤᠯᠤᠭᠠᠨ᠎ᠠ ᠤᠰᠠᠳᠬᠠᠬᠤ ᠡᠮ ᠢ ᠰᠢᠭᠤᠳ ᠭᠡᠷᠡᠭᠯᠡᠵᠤ ᠪᠤᠯᠬᠤ ᠦᠭᠡᠢ᠃ ᠡᠷᠭᠡᠪᠰᠢ ᠲᠡᠭᠦᠨ ᠢ ᠦᠭᠶᠦᠭᠡ ᠶᠢᠨ ᠵᠦᠢᠯ ᠲᠠᠢ ᠨᠢ ᠨᠠᠶᠢᠷᠠᠭᠤᠯᠤᠨ ᠲᠤᠭᠢᠷᠠᠮᠵᠢᠳᠡᠢ ᠬᠤᠤᠷᠳᠤ ᠦᠭᠶᠦᠭᠡ ᠪᠤᠯᠭᠠᠪᠠᠯ ᠰᠠᠶ᠋ᠢ ᠬᠤᠯᠤᠭᠠᠨ᠎ᠠ ᠢᠳᠡᠭᠦ ᠪᠤᠯᠤᠨ᠎ᠠ᠃ ᠬᠤᠤᠷᠳᠤ ᠦᠭᠶᠦᠭᠡ ᠪᠠᠷ ᠬᠤᠯᠤᠭᠠᠨ᠎ᠠ ᠤᠰᠠᠳᠬᠠᠬᠤ ᠦᠷ᠎ᠡ ᠪᠦᠳᠦᠭᠡᠯ ᠢ ᠪᠠᠳᠤᠯᠠᠬᠤ ᠶᠢᠨ ᠲᠤᠰᠠᠳᠠ᠂ ᠦᠨᠳᠤᠷ ᠪᠦᠳᠦᠮᠵᠢ ᠲᠠᠢ ᠬᠤᠯᠤᠭᠠᠨ᠎ᠠ ᠤᠰᠠᠳᠬᠠᠬᠤ ᠡᠮ ᠢ ᠰᠤᠩᠭᠤᠬᠤ ᠠᠴᠠ ᠭᠠᠳᠠᠨ᠎ᠠ ᠪᠠᠰᠠ ᠦᠭᠶᠦᠭᠡ ᠶᠢᠨ ᠵᠦᠢᠯ ᠢ ᠰᠤᠩᠭᠤᠬᠤ᠂ ᠬᠤᠤᠷᠳᠤ ᠦᠭᠶᠦᠭᠡ ᠨᠠᠶᠢᠷᠠᠭᠤᠯᠬᠤ ᠪᠠ ᠦᠭᠶᠦᠭᠡ ᠲᠠᠯᠪᠢᠬᠤ ᠨᠢ ᠴᠤ ᠴᠦᠮ ᠲᠤᠩ ᠴᠢᠬᠤᠯᠠ ᠶᠤᠮ᠃ A. ᠦᠭᠶᠦᠭᠡ ᠰᠤᠩᠭᠤᠬᠤ᠄ ᠬᠤᠯᠤᠭᠠᠨ᠎ᠠ ᠶᠢᠨ ᠢᠳᠡᠰᠢ ᠮᠠᠰᠢ ᠤᠯᠠᠨ ᠪᠠᠶᠢᠳᠠᠭ᠃ ᠠᠮᠤ ᠲᠠᠷᠢᠶ᠎ᠠ᠂ ᠨᠤᠭᠤᠭ᠎ᠠ ᠴᠠᠭ᠎ᠠ᠂ ᠵᠢᠮᠢᠰ᠂ ᠵᠢᠭᠠᠰᠤᠨ ᠮᠢᠬᠠᠨ ᠤ ᠢᠳᠡᠭᠡᠨ᠂ ᠰᠢᠭᠢᠷ ᠵᠢᠮᠢᠰ᠂ ᠪᠤᠭᠤᠷᠰᠤᠭ ᠵᠡᠷᠭᠡ ᠶᠢ ᠢᠳᠡᠭᠦ ᠪᠠᠷ ᠪᠠᠷᠠᠬᠤ ᠦᠭᠡᠢ ᠪᠠᠰᠠ ᠬᠤᠭ ᠨᠤᠪᠰᠢ᠂ ᠪᠠᠭᠠᠰᠤ ᠰᠢᠭᠡᠰᠤ ᠢᠳᠡᠳᠡᠭ ᠪᠦᠭᠡᠳ ᠴᠢᠨ᠋ᠬᠠᠰᠢᠯᠠᠪᠠᠯ ᠮᠤᠳᠤ᠂ ᠰᠦᠯᠢᠶᠤᠤ ᠶᠢ ᠭᠡᠮᠡᠯᠢᠵᠤ ᠪᠠᠶᠢᠳᠠᠭ᠃ ᠭᠡᠪᠡᠴᠤ ᠠᠳᠠᠯᠢ ᠪᠤᠰᠤ ᠬᠤᠯᠤᠭᠠᠨ᠎ᠠ ᠶᠢᠨ ᠲᠦᠷᠦᠯ ᠤᠨ ᠢᠳᠡᠭᠦ ᠵᠦᠢᠯ ᠤᠨ ᠲᠤᠷᠠᠰᠢᠯ ᠨᠢ ᠪᠠᠰᠠ ᠠᠳᠠᠯᠢ ᠦᠭᠡᠢ ᠪᠠᠶᠢᠳᠠᠭ᠃ ᠦᠭᠡᠷ᠎ᠡ ᠪᠠᠷ ᠭᠡᠯᠡᠪᠡᠯ ᠠᠳᠠᠯᠢ ᠨᠢᠭᠡᠨ ᠲᠦᠷᠦᠯ ᠤᠨ ᠬᠤᠯᠤᠭᠠᠨ᠎ᠠ ᠨᠢ ᠠᠳᠠᠯᠢ ᠪᠤᠰᠤ ᠭᠠᠵᠠᠷ ᠵᠦᠢ ᠶᠢᠨ ᠤᠷᠴᠢᠨ ᠲᠤᠭᠤᠷᠢᠨ ᠪᠠ ᠠᠳᠠᠯᠢ ᠪᠤᠰᠤ ᠴᠠᠭ ᠤᠯᠠᠷᠢᠯ ᠳᠤ ᠢᠳᠡᠭᠦ ᠲᠤᠷᠠᠰᠢᠯ ᠨᠢ ᠪᠦᠷ ᠠᠳᠠᠯᠢ ᠦᠭᠡᠢ ᠶᠤᠮ᠃ ᠡᠶᠢᠮᠤ ᠠᠴᠠ ᠲᠤᠭᠢᠷᠠᠮᠵᠢᠳᠡᠢ ᠦᠭᠶᠦᠭᠡ ᠰᠤᠩᠭᠤᠬᠤ ᠪᠠ ᠡᠮ ᠢ ᠰᠠᠶᠢᠳᠤᠷ ᠰᠤᠩᠭᠤᠬᠤ ᠨᠢ ᠮᠦᠨ ᠬᠦ ᠲᠤᠩ ᠴᠢᠬᠤᠯᠠ ᠶᠤᠮ᠃ ᠦᠭᠶᠦᠭᠡ ᠰᠤᠩᠭᠤᠬᠤ ᠳᠤ ᠶᠠᠷᠦᠩᠭᠡᠢ ᠳᠡᠭᠡᠨ ᠲᠤᠤᠷᠠᠭᠢ ᠭᠡᠳᠦᠨ ᠵᠦᠢᠯ ᠢ ᠠᠩᠬᠠᠷᠬᠤ ᠭᠡᠷᠡᠭᠳᠡᠢ᠃ ᠴᠢᠭᠯᠡᠭᠦᠯᠭᠦ ᠴᠢᠨᠠᠷ᠄ ᠲᠤᠬᠠᠢ ᠶᠢᠨ ᠭᠠᠵᠠᠷ ᠤᠨ ᠲᠠᠪᠠᠭᠤᠯᠢᠭ ᠴᠢᠨᠠᠷ ᠪᠠ ᠬᠤᠯᠤᠭᠠᠨ᠎ᠠ ᠶᠢᠨ ᠲᠦᠷᠦᠯ ᠤᠨ ᠢᠳᠡᠰᠢᠯᠡᠭᠦ ᠠᠵᠢᠯᠯᠠᠭ᠎ᠠ ᠳᠤ ᠴᠢᠭᠯᠡᠭᠦᠯᠦᠨ ᠦᠭᠶᠦᠭᠡ ᠪᠠᠨ ᠰᠤᠩᠭᠤᠬᠤ ᠭᠡᠷᠡᠭᠳᠡᠢ᠃ ᠵᠢᠱᠢᠶᠡᠯᠡᠪᠡᠯ ᠰᠢᠷ᠎ᠠ ᠬᠤᠯᠤᠭᠠᠨ᠎ᠠ ᠪᠤᠯ ᠡᠮᠦᠨᠡᠳᠤ ᠤᠷᠤᠨ ᠤ ᠲᠤᠳᠤᠷᠭ᠎ᠠ ᠶᠢᠨ ᠤᠷᠤᠨ ᠳᠤ ᠠᠮᠢᠳᠤᠷᠠᠵᠤ᠂ ᠲᠤᠳᠤᠷᠭ᠎ᠠ ᠳᠤ ᠲᠤᠷᠠᠳᠠᠢ ᠪᠤᠯᠬᠤᠷ ᠲᠤᠳᠤᠷᠭ᠎ᠠ ᠪᠠᠷ ᠦᠭᠶᠦᠭᠡ ᠭᠢᠭᠦ ᠨᠢ ᠪᠤᠳᠠᠭᠠᠨ ᠤ ᠬᠢ ᠠᠴᠠ ᠰᠠᠶᠢᠨ ᠪᠠᠶᠢᠳᠠᠭ᠃ ᠬᠠᠷᠢᠨ ᠤᠮᠠᠷᠠᠳᠤ ᠶᠢᠨ ᠭᠦᠷᠡᠩ ᠬᠤᠯᠤᠭᠠᠨ᠎ᠠ ᠵᠢᠯ ᠲᠤᠵᠢ ᠭᠦᠷᠦᠰᠤᠨ ᠲᠤᠤᠷ᠎ᠠ ᠠᠮᠢᠳᠤᠷᠠᠵᠤ᠂ ᠤᠷᠭᠤᠮᠠᠯ ᠤᠨ ᠦᠨᠳᠤᠰᠤ ᠶᠢ ᠢᠳᠡᠳᠡᠭ ᠪᠤᠯᠬᠤᠷ ᠤᠷᠭᠤᠮᠠᠯ ᠤᠨ ᠡᠰᠢ᠂ ᠤᠷᠭᠤᠮᠠᠯ ᠤᠨ ᠦᠨᠳᠤᠰᠤ ᠪᠠᠷ ᠦᠭᠶᠦᠭᠡ ᠪᠤᠯᠭᠠᠪᠠᠯ ᠲᠠᠷᠢᠮᠠᠯ ᠤᠨ ᠵᠦᠢᠯ ᠠᠴᠠ ᠰᠠᠶᠢᠨ ᠪᠠᠶᠢᠳᠠᠭ᠃ ᠨᠠᠶᠢᠳᠡᠮ ᠴᠢᠨᠠᠷ᠄ ᠶᠡᠭᠡ ᠭᠡᠮᠵᠢᠶ᠎ᠠ ᠪᠠᠷ ᠬᠤᠤᠷᠳᠤ ᠦᠭᠶᠦᠭᠡ ᠪᠠᠷ ᠬᠤᠯᠤᠭᠠᠨ᠎ᠠ ᠤᠰᠠᠳᠬᠠᠬᠤ ᠭᠡᠷᠡᠭᠴᠡᠭᠡ ᠳᠤ ᠵᠤᠭᠢᠴᠠᠭᠤᠯᠤᠶᠠ ᠭᠡᠪᠡᠯ ᠡᠷᠭᠡᠪᠰᠢ ᠢᠷᠡᠯᠳᠡ ᠰᠠᠶᠢᠳᠠᠢ᠂ ᠭᠢᠮᠳᠠᠬᠠᠨ᠂ ᠭᠡᠷᠡᠭᠯᠡᠭᠦ ᠳᠤ ᠲᠦᠭᠦᠮ ᠵᠦᠢᠯ ᠢ ᠰᠤᠩᠭᠤᠨ ᠦᠭᠶᠦᠭᠡ ᠪᠤᠯᠭᠠᠬᠤ ᠭᠡᠷᠡᠭᠳᠡᠢ᠃ ᠬᠤᠯᠤᠭᠠᠨ᠎ᠠ ᠶᠢᠨ ᠲᠦᠷᠦᠯ ᠶᠠᠷᠦᠩᠭᠡᠢ ᠳᠡᠭᠡᠨ ᠤᠭᠤᠷᠠᠭ ᠪᠠᠭᠠᠳᠠᠢ᠂ ᠨᠡᠭᠦᠷᠡᠰᠤ ᠤᠰᠤᠨ ᠤ ᠨᠢᠭᠡᠳᠦᠯ ᠡᠳ᠋᠂ ᠲᠤᠮᠳᠠ ᠲᠠᠰ ᠤᠨ ᠤᠭᠤᠷᠠᠭ ᠲᠠᠢ᠂ ᠲᠠᠷᠢᠮᠠᠯ ᠤᠨ ᠦᠷ᠎ᠡ ᠵᠢᠱᠢᠶᠡᠯᠡᠪᠡᠯ ᠡᠷᠳᠡᠨᠢ ᠰᠢᠰᠢ᠂ ᠶᠤᠤᠮᠠᠢ᠂ ᠪᠤᠭᠤᠳᠠᠢ ᠵᠢᠴᠢ ᠤᠭᠤᠷᠠᠭ ᠰᠠᠶᠢᠳᠠᠢ᠂ ᠨᠡᠭᠦᠷᠡᠰᠤ ᠤᠰᠤᠨ ᠤ ᠲᠤᠤᠷ᠎ᠠ ᠨᠢᠭᠡᠳᠦᠯ ᠲᠠᠢ ᠡᠳ᠋᠂ ᠤᠭᠤᠷᠠᠭ ᠶᠡᠭᠡ ᠲᠠᠢ ᠰᠠᠮᠤᠷ ᠢ ᠢᠳᠡᠭᠦ ᠲᠤᠷᠠᠳᠠᠢ᠃ ᠤᠭᠤᠷᠠᠭ ᠶᠡᠭᠡᠳᠡᠢ᠂ ᠨᠡᠭᠦᠷᠡᠰᠤ ᠤᠰᠤᠨ ᠤ ᠦᠨᠳᠤᠷ ᠨᠢᠭᠡᠳᠦᠯ ᠡᠳ᠋᠂ ᠤᠭᠤᠷᠠᠭ ᠪᠠᠭ᠎ᠠ ᠲᠠᠢ ᠪᠤᠷᠴᠠᠭ ᠤᠨ ᠲᠦᠷᠦᠯ ᠳᠤ ᠲᠤᠷ᠎ᠠ ᠮᠠᠭᠤᠳᠠᠢ ᠪᠠᠶᠢᠳᠠᠭ᠃ ᠡᠶᠢᠮᠤ ᠠᠴᠠ ᠲᠠᠷᠢᠶᠠᠯᠠᠩ ᠤᠨ ᠲᠠᠯ᠎ᠠ ᠪᠠᠷ ᠦᠷᠭᠡᠨ ᠭᠡᠪᠴᠢᠶ᠎ᠠ ᠪᠠᠷ ᠬᠤᠯᠤᠭᠠᠨ᠎ᠠ ᠤᠰᠠᠳᠬᠠᠬᠤ ᠳᠤ ᠶᠠᠷᠦᠩᠭᠡᠢ ᠳᠡᠭᠡᠨ ᠪᠤᠭᠤᠳᠠᠢ᠂ ᠴᠠᠭᠠᠨ ᠪᠤᠳᠠᠭ᠎ᠠ᠂ ᠶᠤᠤᠮᠠᠢ᠂ ᠡᠷᠳᠡᠨᠢ ᠰᠢᠰᠢ ︵ᠵᠢᠵᠢᠭ ᠮᠦᠭᠦᠯᠢᠭᠵᠢᠭᠦᠯᠦᠨᠠ︶ ᠪᠠᠷ ᠦᠭᠶᠦᠭᠡ ᠭᠢᠵᠤ ᠪᠤᠯᠤᠨ᠎ᠠ᠃ ᠰᠠᠮᠤᠷ ᠤᠨ ᠦᠷ᠎ᠠ ᠪᠠᠷ ᠦᠭᠶᠦᠭᠡ ᠭᠢᠪᠡᠯ ᠪᠦᠳᠦᠮᠵᠢ ᠰᠠᠶᠢᠳᠠᠢ ᠪᠤᠯᠪᠠᠴᠤ ᠦᠨ᠎ᠠ ᠲᠠᠢ ᠪᠦᠭᠡᠳ ᠬᠤᠯᠤᠭᠠᠨ᠎ᠠ ᠤᠰᠠᠳᠬᠠᠬᠤ ᠦᠪᠠᠷ ᠤᠨ ᠦᠷᠳᠡᠭ ᠨᠢ ᠦᠨᠳᠦᠷᠵᠢᠭᠦ ᠲᠤᠯᠠ ᠦᠷᠭᠡᠨ ᠭᠡᠪᠴᠢᠶᠠᠨ ᠳᠤ ᠭᠡᠷᠡᠭᠯᠡᠭᠦ ᠦᠭᠡᠢ᠂ ᠵᠢᠵᠢᠭ ᠭᠡᠪᠴᠢᠶᠠᠨ ᠳᠤ ᠬᠤᠯᠤᠭᠠᠨ᠎ᠠ ᠶᠢᠨ ᠪᠠᠶᠢᠳᠠᠯ ᠢ ᠭᠢᠨᠠᠨ ᠭᠡᠮᠵᠢᠭᠦ ᠳᠤ ᠦᠭᠶᠦᠭᠡ ᠪᠤᠯᠭᠠᠵᠤ ᠪᠤᠯᠤᠨ᠎ᠠ᠃ ᠬᠠᠭᠤᠷᠬᠤ ᠴᠢᠨᠠᠷ᠄ ᠢᠳᠡᠰᠢᠨ ᠤ ᠵᠦᠢᠯ ᠨᠡᠯᠢᠶᠡᠳ ᠡᠯᠪᠡᠭ ᠤᠷᠴᠢᠨ ᠲᠤᠭᠤᠷᠢᠨ ᠳᠤ ᠪᠤᠯ ᠦᠳᠦᠭᠡᠨ ᠲᠠᠳᠠᠬᠤ ᠭᠦᠴᠤᠨ ᠢᠶᠠᠷ ᠴᠢᠩᠭ᠎ᠠ᠂ ᠬᠤᠯᠤᠭᠠᠨ᠎ᠠ ᠶᠢᠨ ᠲᠦᠷᠦᠯ ᠶᠠᠷᠤ ᠶᠢᠨ ᠴᠠᠭ ᠲᠤ ᠤᠯᠵᠤ ᠢᠳᠡᠳᠡᠭ ᠦᠭᠡᠢ ᠵᠦᠢᠯ ᠢᠶᠠᠷ ᠦᠭᠶᠦᠭᠡ ᠪᠤᠯᠭᠠᠨ᠎ᠠ᠃ ᠵᠢᠱᠢᠶᠡᠯᠡᠪᠡᠯ ᠠᠮᠤ ᠪᠤᠳᠠᠭᠠᠨ ᠤ ᠭᠦᠮᠦᠷᠭᠡᠨ ᠳᠤ ᠪᠤᠯ ᠠᠮᠤ ᠪᠤᠳᠠᠭ᠎ᠠ ᠠᠷᠪᠢᠨ ᠪᠦᠭᠡᠳ ᠬᠠᠭᠤᠷᠠᠢ ᠲᠤᠯᠠ ᠰᠢᠨ᠎ᠠ ᠰᠤᠷᠭᠤᠭ ᠰᠢᠭᠢᠷ ᠲᠦᠮᠦᠰᠤ᠂ ᠰᠢᠷ᠎ᠠ ᠯᠤᠤᠪᠠᠩ᠂ ᠵᠢᠮᠢᠰ ᠤᠨ ᠬᠠᠯᠢᠰᠤ ᠵᠡᠷᠭᠡ ᠬᠤᠯᠤᠭᠠᠨ᠎ᠠ ᠶᠢᠨ ᠢᠳᠡᠭᠦ ᠲᠤᠷᠠᠳᠠᠢ ᠵᠦᠢᠯ ᠢ ᠰᠤᠩᠭᠤᠵᠤ᠂ ᠭᠠᠯ ᠲᠤᠭᠤᠭᠠᠨ ᠤ ᠭᠡᠷ᠂ ᠢᠳᠡᠭᠡᠨ ᠤᠮᠳᠠᠭᠠᠨ ᠤ ᠲᠡᠯᠭᠡᠭᠦᠷ ᠲᠤ ᠪᠤᠯ ᠪᠤᠯᠭᠤᠠᠠᠰᠠᠨ ᠢᠳᠡᠭᠡᠨ ᠠᠷᠪᠢᠨ᠂ ᠲᠦᠭᠦᠭᠡᠢ ᠢᠳᠡᠭᠡᠨ ᠪᠠᠭ᠎ᠠ ᠲᠤᠯᠠ ᠨᠠᠷᠠᠨ ᠬᠤᠸᠠᠷ ᠤᠨ ᠲᠦᠭᠦᠭᠡᠢ ᠦᠷ᠎ᠡ ᠪᠤᠶᠤ ᠯᠠᠩᠭᠤᠸᠠ ᠶᠢᠨ ᠦᠷ᠎ᠡ ᠶᠢ ᠰᠤᠩᠭᠤᠨ ᠦᠭᠶᠦᠭᠡ ᠪᠤᠯᠭᠠᠨ᠎ᠠ᠃ ᠡᠭᠦᠨ ᠤ ᠬᠠᠮᠳᠤ ᠨᠠᠶᠢᠷᠠᠭᠤᠯᠬᠤ ᠳᠠᠭᠠᠨ ᠰᠢᠨ᠎ᠠ ᠰᠤᠷᠭᠤᠭ᠂ ᠰᠢᠨ᠎ᠠ ᠪᠤᠯᠪᠠᠰᠤᠷᠠᠭᠤᠯᠤᠠᠠᠰᠠᠨ ᠪᠠ ᠲᠦᠭᠦᠭᠡᠢ ᠵᠦᠢᠯ ᠢ ᠰᠤᠩᠭᠤᠬᠤ ᠶᠢ ᠠᠩᠬᠠᠷᠬᠤ ᠭᠡᠷᠡᠭᠳᠡᠢ᠃ B. ᠨᠡᠮᠡᠯᠳᠡ ᠡᠳ᠋᠄ ᠨᠠᠮᠡᠯᠳᠡ ᠡᠳ᠋ ᠭᠡᠳᠡᠭ ᠨᠢ ᠬᠤᠤᠷᠳᠤ ᠦᠭᠶᠦᠭᠡ ᠶᠢᠨ ᠲᠤᠳᠤᠷᠠᠭᠢ ᠦᠳᠦᠭᠡᠨ ᠲᠠᠳᠠᠬᠤ ᠭᠦᠴᠤᠨ ᠢ ᠨᠡᠮᠡᠭᠳᠡᠭᠦᠯᠭᠦ ᠪᠠ ᠡᠮ ᠪᠤᠯᠤᠨ ᠦᠭᠶᠦᠭᠡ ᠶᠢ ᠨᠡᠩ ᠰᠠᠶᠢᠨ ᠨᠡᠶᠢᠴᠡᠭᠦᠯᠭᠦ ᠶᠢᠨ ᠲᠤᠯᠠᠳᠠ ᠨᠡᠮᠡᠭᠰᠡᠨ ᠲᠠᠭᠠᠯᠳᠠ ᠡᠳ᠋ ᠢ ᠵᠢᠭᠠᠵᠤ ᠪᠠᠶᠢᠨ᠎ᠠ᠃ ᠡᠭᠦᠨ ᠳᠤ ᠨᠠᠭᠠᠯᠳᠤᠭᠤᠯᠤᠠᠠᠴᠢ ᠡᠳ᠋᠂ ᠦᠳᠦᠭᠡᠭᠴᠢ ᠡᠳ᠋᠂ ᠰᠢᠩᠭᠡᠷᠡᠭᠦᠯᠦᠭᠴᠢ ᠡᠳ᠋᠂ ᠰᠡᠷᠡᠮᠵᠢ ᠶᠢᠨ ᠦᠡᠭᠭᠡ ᠵᠡᠷᠭᠡ ᠪᠠᠭᠳᠠᠨ᠎ᠠ᠃ ᠨᠠᠭᠠᠯᠳᠤᠭᠤᠯᠤᠠᠠᠴᠢ ᠡᠳ᠋᠄ ᠶᠠᠷᠦᠳᠡ ᠶᠢᠨ ᠭᠡᠷᠡᠭᠯᠡᠳᠡᠭ ᠨᠠᠭᠠᠯᠳᠤᠭᠤᠯᠤᠠᠠᠴᠢ ᠡᠳ᠋ ᠭᠡᠪᠡᠯ ᠤᠷᠭᠤᠮᠠᠯ ᠤᠨ ᠲᠤᠰᠤ᠂ ᠭᠤᠯᠢᠷ ᠤᠨ ᠵᠤᠳᠠᠩ᠂ ᠪᠤᠳᠠᠭᠠᠨ ᠤ ᠱᠦᠯᠤ ᠵᠡᠷᠭᠡ ᠪᠠᠶᠢᠨ᠎ᠠ᠃ ᠤᠷᠭᠤᠮᠠᠯ ᠤᠨ ᠲᠤᠰᠤ ᠶᠢᠨ ᠨᠠᠭᠠᠯᠳᠤᠬᠤ ᠨᠢ ᠰᠠᠶᠢᠨ᠂ ᠮᠠᠰᠢ ᠦᠳᠦᠭᠡᠯᠭᠡ ᠶᠢᠨ ᠭᠦᠴᠤᠨ ᠲᠠᠢ ᠪᠦᠭᠡᠳ ᠦᠭᠶᠦᠭᠡ ᠶᠢᠨ ᠬᠠᠳᠠᠵᠤ ᠠᠪᠴᠢᠬᠤ ᠶᠢ ᠤᠷᠳᠤᠳᠬᠠᠳᠠᠭ ᠪᠤᠯᠬᠤᠷ ᠦᠷᠭᠡᠨ ᠢᠶᠠᠷ ᠭᠡᠷᠡᠭᠯᠡᠳᠡᠭ᠃ ᠪᠤᠷᠴᠠᠭ ᠤᠨ ᠲᠤᠰᠤ᠂ ᠭᠠᠶᠢᠮᠤ ᠶᠢᠨ ᠲᠤᠰᠤ᠂ ᠰᠠᠮᠤᠷ ᠤᠨ ᠲᠤᠰᠤ᠂ ᠭᠦᠪᠤᠩ ᠤᠨ ᠦᠷ᠎ᠠ ᠶᠢᠨ ᠲᠤᠰᠤ ᠶᠢᠨ ᠦᠷ᠎ᠠ ᠳ᠋ᠦᠩ ᠨᠡᠯᠢᠶᠡᠳ ᠰᠠᠶᠢᠨ᠂ ᠦᠷᠭᠦᠯᠵᠢ ᠭᠡᠷᠡᠭᠯᠡᠭᠡᠨ ᠤ ᠦᠳᠭᠡᠴᠡ ᠶᠢ 2%~3% ᠪᠠᠶᠢᠯᠭᠠᠵᠤ᠂ ᠭᠤᠯᠢᠷ ᠤᠨ ᠵᠤᠳᠠᠩ ᠤᠨ ᠶᠠᠷᠦᠳᠡ ᠶᠢᠨ ᠦᠳᠭᠡᠴᠡ ᠶᠢ 10% ᠪᠠᠶᠢᠯᠭᠠᠵᠤ᠂ ᠨᠠᠶᠢᠷᠠᠭᠤᠯᠤᠮᠬᠠᠴᠠ ᠪᠠᠨ ᠭᠡᠷᠡᠭᠯᠡᠭᠦ ᠭᠡᠷᠡᠭᠳᠡᠢ᠃ ᠦᠳᠦᠭᠡᠭᠴᠢ ᠡᠳ᠋᠄ ᠡᠨᠡ ᠨᠢ ᠬᠤᠯᠤᠭᠠᠨ᠎ᠠ ᠶᠢᠨ ᠲᠦᠷᠦᠯ ᠤᠨ ᠬᠤᠤᠷᠳᠤ ᠦᠭᠶᠦᠭᠡ ᠶᠢ ᠢᠳᠡᠭᠦ ᠨᠤᠷᠮ᠎ᠠ ᠶᠢ ᠨᠡᠮᠡᠭᠳᠡᠭᠦᠯᠭᠦ ᠶᠢᠨ ᠲᠤᠰᠠᠳᠠ ᠦᠭᠶᠦᠭᠡ ᠳᠤ ᠬᠤᠯᠢᠬᠤ ᠨᠡᠮᠡᠯᠳᠡ ᠡᠳ᠋ ᠢ ᠭᠡᠯᠡᠵᠤ ᠪᠤᠢ᠃ ᠦᠳᠦᠭᠡᠭᠴᠢ ᠡᠳ᠋ ᠢ ᠲᠤᠭᠢᠷᠠᠮᠵᠢᠳᠡᠢ ᠭᠡᠷᠡᠭᠯᠡᠪᠡᠯ ᠤᠰᠠᠳᠬᠠᠬᠤ ᠦᠷ᠎ᠠ ᠳ᠋ᠦᠩ ᠢ ᠲᠡᠭᠡᠭᠰᠢᠯᠡᠭᠦᠯᠭᠦ ᠪᠠᠷ ᠦᠯᠤ ᠪᠠᠷᠠᠮ ᠪᠠᠰᠠ ᠶᠡᠭᠡ ᠭᠡᠮᠵᠢᠶᠠᠨ ᠤ ᠦᠭᠶᠦᠭᠡ ᠶᠢᠨ ᠵᠦᠢᠯ ᠢ ᠠᠷᠪᠢᠯᠠᠵᠤ ᠴᠢᠳᠠᠨ᠎ᠠ᠃ ᠶᠠᠷᠦᠩᠭᠡᠢ ᠳᠡᠭᠡᠨ ᠬᠤᠤᠷᠳᠤ ᠦᠭᠶᠦᠭᠡ ᠨᠠᠶᠢᠷᠠᠭᠤᠯᠬᠤ ᠳᠠᠭᠠᠨ ᠦᠷᠭᠦᠯᠵᠢ 3.5% ᠶᠢᠨ ᠰᠢᠭᠢᠷ ᠪᠤᠶᠤ 0.01% ᠶᠢᠨ ᠠᠮᠳᠠ ᠶᠢᠨ ᠤᠭᠢ᠂ 5% ᠶᠢᠨ ᠤᠷᠭᠤᠮᠠᠯ ᠤᠨ ᠲᠤᠰᠤ᠂ 0.5% ᠶᠢᠨ ᠲᠠᠪᠤᠰᠤ᠂ 1% ᠶᠢᠨ ᠰᠢᠪᠳᠤᠷᠳᠤ ᠭᠦᠴᠢᠯ ᠨᠡᠮᠡᠳᠡᠭ᠃ ᠭᠡᠷᠪᠡ ᠲᠠᠷᠠ ᠲᠤᠤᠷ᠎ᠠ ᠪᠠᠨ ᠨᠠᠶᠢᠷᠠᠭᠤᠯᠵᠤ ᠭᠡᠷᠡᠭᠯᠡᠭᠦ ᠳᠤ ᠭᠦᠷᠪᠡᠯ᠂ ᠲᠡᠭᠡᠷ᠎ᠡ ᠨᠢ ᠵᠢᠭᠠᠬᠠᠨ ᠰᠫᠢᠷᠲ ᠰᠦᠷᠴᠢᠵᠤ ᠪᠤᠯᠤᠨ᠎ᠠ᠃ ᠲᠠᠪᠤᠰᠤ ᠲᠤᠳᠠᠮᠠᠭ ᠭᠠᠵᠠᠷ ᠤᠷᠤᠨ ᠳᠤ ᠲᠠᠪᠤᠰᠤ ᠪᠤᠯ ᠬᠤᠯᠤᠭᠠᠨ᠎ᠠ ᠶᠢ ᠦᠳᠦᠭᠡᠭᠦ ᠭᠦᠴᠤᠨ ᠢᠶᠠᠷ ᠮᠠᠰᠢ ᠰᠠᠶᠢᠨ ᠪᠠᠶᠢᠳᠠᠭ᠃ ᠰᠦᠨ ᠲᠠᠯᠬ᠎ᠠ᠂ ᠵᠢᠭᠠᠰᠤᠨ ᠲᠠᠯᠬ᠎ᠠ᠂ ᠮᠢᠬᠠᠨ ᠤ ᠨᠢᠳᠭᠡᠯ᠂ ᠲᠤᠰᠤᠨ ᠤ ᠰᠢᠭᠠᠷᠤ ᠵᠡᠷᠭᠡ ᠠᠮᠢᠳᠡᠨ ᠤ ᠴᠢᠨᠠᠷ ᠲᠠᠢ ᠨᠡᠮᠡᠯᠳᠡ ᠡᠳ᠋ ᠢ ᠭᠡᠷ ᠪᠦᠯᠢ ᠶᠢᠨ ᠪᠠᠭ᠎ᠠ ᠭᠡᠪᠴᠢᠶᠠᠨ ᠤ ᠬᠤᠯᠤᠭᠠᠨ᠎ᠠ ᠤᠰᠠᠳᠬᠠᠬᠤ ᠳᠤ ᠤᠯᠠᠨ ᠭᠡᠷᠡᠭᠯᠡᠨ᠎ᠠ᠃ ᠰᠢᠩᠭᠡᠷᠡᠭᠦᠯᠦᠭᠴᠢ ᠡᠳ᠋᠄ ᠰᠢᠩᠭᠡᠷᠡᠭᠦᠯᠦᠭᠴᠢ ᠡᠳ᠋ ᠭᠡᠳᠡᠭ ᠪᠤᠯ ᠬᠤᠤᠷ ᠶᠡᠭᠡᠳᠡᠢ ᠭᠡᠷᠡᠭᠯᠡᠭᠦ ᠦᠳᠭᠡᠴᠡ ᠨᠢ ᠪᠠᠭ᠎ᠠ ᠡᠮ ᠢ ᠦᠭᠶᠦᠭᠡ ᠨᠠᠶᠢᠷᠠᠭᠤᠯᠬᠤ ᠠᠴᠠ ᠪᠠᠨ ᠡᠮᠦᠨ᠎ᠠ ᠡᠭᠡ ᠲᠠᠯᠬ᠎ᠠ ᠪᠠ ᠡᠭᠡ ᠰᠢᠩᠭᠡᠨ ᠪᠤᠯᠭᠠᠬᠤ ᠶᠢ ᠭᠡᠯᠡᠨ᠎ᠡ᠃ ᠲᠠᠯᠬ᠎ᠠ ᠡᠮ ᠳᠤ ᠪᠤᠯ ᠡᠮᠨᠡᠯᠭᠡ ᠶᠢᠨ ᠭᠡᠷᠡᠭᠯᠡᠭᠡᠨ ᠤ ᠴᠠᠷᠳᠠᠭᠤᠯ ᠢ ᠭᠡᠷᠡᠭᠯᠡᠨ᠎ᠠ᠃ ᠰᠢᠩᠭᠡᠨ ᠡᠮ ᠢ ᠪᠤᠯ ᠤᠰᠤ᠂ ᠡᠲ᠋ᠢᠯ᠂ ᠡᠲ᠋ᠢᠯ ᠠᠯᠺᠤᠤᠯ᠂ ᠫᠷᠤᠫᠢᠯ ᠠᠯᠺᠤᠤᠯ ᠵᠡᠷᠭᠡ ᠪᠠᠷ ᠰᠢᠩᠭᠡᠷᠡᠭᠦᠯᠦᠨᠠ᠃ ᠵᠠᠬ᠎ᠠ ᠲᠡᠯᠭᠡᠭᠦᠷ ᠲᠡᠭᠡᠷ᠎ᠡ ᠪᠤᠷᠤᠯᠠᠭᠤᠯᠵᠤ ᠪᠠᠶᠢᠬᠤ ᠪᠤᠯ ᠴᠦᠮ ᠡᠭᠡ ᠲᠠᠯᠬ᠎ᠠ ᠪᠠ ᠡᠭᠡ ᠰᠢᠩᠭᠡᠨ ᠪᠤᠯᠤᠨ᠎ᠠ᠃ ᠰᠠᠷᠠᠮᠵᠢ ᠶᠢᠨ ᠦᠡᠭᠭᠡ᠄ ᠰᠠᠷᠠᠮᠵᠢ ᠶᠢᠨ ᠦᠡᠭᠭᠡ ᠭᠡᠳᠡᠭ ᠨᠢ ᠬᠤᠤᠷᠳᠤ ᠦᠭᠶᠦᠭᠡ ᠨᠠᠶᠢᠷᠠᠭᠤᠯᠬᠤ ᠳᠠᠭᠠᠨ ᠰᠠᠷᠠᠮᠵᠢ ᠶᠢᠨ ᠦᠡᠭᠭᠡ ᠨᠡᠮᠡᠵᠤ᠂ ᠬᠤᠤᠷᠳᠤ ᠦᠭᠶᠦᠭᠡ ᠶᠢ ᠢᠯᠭᠠᠨ ᠲᠠᠨᠢᠬᠤ ᠳᠤ ᠲᠤᠰᠠᠯᠠᠮᠵᠢ ᠪᠤᠯᠭᠠᠵᠤ᠂ ᠭᠦᠮᠦᠨ ᠮᠠᠯ ᠠᠳᠡᠭᠦᠷᠡᠨ ᠢᠳᠡᠭᠦ ᠠᠴᠠ ᠰᠡᠷᠭᠡᠶᠢᠯᠡᠭᠦ ᠶᠢ ᠭᠡᠯᠡᠵᠤ ᠪᠠᠶᠢᠨ᠎ᠠ᠃ ᠶᠠᠷᠦᠳᠡ ᠶᠢᠨ ᠰᠠᠷᠠᠮᠵᠢ ᠶᠢᠨ ᠦᠡᠭᠭᠡ ᠳᠤ 2% ᠤᠨ ᠤᠯᠠᠭᠠᠨ᠂ ᠭᠦᠭᠡ ᠤᠰᠤᠨ ᠪᠤᠳᠤᠭ ᠪᠤᠶᠤ 1% ᠶᠢᠨ ᠭᠡᠷ ᠤᠨ ᠭᠡᠷᠡᠭᠯᠡᠭᠡᠨ ᠤ ᠪᠤᠳᠤᠭ ᠵᠢᠱᠢᠶᠡᠯᠡᠪᠡᠯ ᠲᠠᠳ᠋ ᠡᠲ᠋ᠢᠯ ᠠᠯᠺᠤᠤᠯ ᠤᠨ ᠭᠦᠭᠡ᠂ ᠤᠯᠠᠭᠠᠨ᠂ ᠲᠠᠮᠤᠷ ᠤᠨ ᠭᠦᠭᠡ ᠦᠡᠭᠭᠡ ᠶᠢ ᠭᠡᠷᠡᠭᠯᠡᠵᠤ ᠪᠤᠯᠤᠨ᠎ᠠ᠃ C. ᠬᠤᠤᠷᠳᠤ ᠦᠭᠶᠦᠭᠡ ᠶᠢ ᠨᠠᠶᠢᠷᠠᠭᠤᠯᠬᠤ ᠶᠠᠷᠦᠳᠡ ᠶᠢᠨ ᠠᠷᠭ᠎ᠠ ᠭᠡᠪᠡᠯ ᠨᠠᠭᠠᠯᠳᠤᠭᠤᠯᠬᠤ ᠠᠷᠭ᠎ᠠ᠂ ᠲᠡᠪᠳᠦᠭᠡᠭᠦ ᠠᠷᠭ᠎ᠠ᠂ ᠬᠤᠯᠢᠬᠤ ᠠᠷᠭ᠎ᠠ᠂ ᠴᠢᠭᠢᠭᠳᠦᠭᠦᠯᠭᠦ ᠠᠷᠭ᠎ᠠ ᠵᠡᠷᠭᠡ ᠪᠤᠢ᠃ ᠨᠠᠭᠠᠯᠳᠤᠭᠤᠯᠬᠤ ᠠᠷᠭ᠎ᠠ ᠭᠡᠳᠡᠭ ᠪᠤᠯ ᠤᠰᠤᠨ ᠳᠤ ᠠᠭᠤᠰᠳᠠᠭ ᠦᠭᠡᠢ ᠬᠤᠯᠤᠭᠠᠨ᠎ᠠ ᠤᠰᠠᠳᠬᠠᠬᠤ ᠡᠮ ᠢᠶᠠᠷ ᠬᠤᠤᠷᠳᠤ ᠦᠭᠶᠦᠭᠡ ᠨᠠᠶᠢᠷᠠᠭᠤᠯᠬᠤ ᠦᠶᠡᠰ ᠭᠡᠷᠡᠭᠯᠡᠳᠡᠭ ᠠᠷᠭ᠎ᠠ ᠶᠢ ᠭᠡᠯᠡᠨ᠎ᠡ᠃ ᠦᠭᠶᠦᠭᠡ ᠨᠢ ᠠᠮᠤ ᠪᠤᠳᠠᠭ᠎ᠠ᠂ ᠪᠤᠰᠤᠳ ᠵᠦᠢᠯ ᠤᠨ ᠮᠦᠭᠦᠯᠢᠭ ᠪᠤᠶᠤ ᠭᠡᠰᠡᠭᠯᠡᠯ ᠢᠳᠡᠭᠡᠨ ᠪᠤᠯᠬᠤᠷ ᠤᠷᠭᠤᠮᠠᠯ ᠤᠨ ᠲᠤᠰᠤ᠂ ᠪᠤᠳᠠᠭᠠᠨ ᠤ ᠱᠦᠯᠤ ᠪᠠᠷ ᠨᠠᠭᠠᠯᠳᠤᠭᠤᠯᠤᠠᠠᠴᠢ ᠡᠳ᠋ ᠪᠤᠯᠭᠠᠵᠤ᠂ ᠡᠮ ᠤᠨ ᠨᠤᠨᠳᠠᠭ ᠢᠶᠠᠨ ᠦᠭᠶᠦᠭᠡ ᠶᠢᠨ ᠢᠶᠠᠨ ᠭᠠᠳᠠᠭᠤᠷ ᠵᠢᠭᠳᠡ ᠨᠠᠭᠠᠯᠳᠤᠭᠤᠯᠤᠨ᠎ᠠ᠃ 0.025% ᠶᠢᠨ ᠱᠠ ᠱᠤ᠋ ᠯᠢᠩ ︵杀鼠灵︶ ᠡᠮᠳᠤ ᠦᠭᠶᠦᠭᠡ ᠨᠠᠶᠢᠷᠠᠭᠤᠯᠬᠤ ᠪᠠᠷ ᠵᠢᠱᠢᠶᠡᠯᠡᠪᠡᠯ᠂ 2.5% ᠶᠢᠨ ᠱᠠ ᠱᠤ᠋ ᠯᠢᠩ ᠡᠮ ᠤᠨ ᠡᠭᠡ ᠲᠠᠯᠬ᠎ᠠ 1 ᠬᠤᠪᠢ᠂ ᠤᠷᠭᠤᠮᠠᠯ ᠤᠨ ᠲᠤᠰᠤ 2 ᠬᠤᠪᠢ᠂ ᠴᠠᠭᠠᠨ ᠪᠤᠳᠠᠭ᠎ᠠ ᠪᠤᠯᠤᠨ ᠪᠤᠭᠤᠳᠠᠢ ᠶᠢᠨ ᠬᠤᠯᠢᠮᠠᠭ 97 ᠬᠤᠪᠢ ᠲᠡᠭᠡᠷ᠎ᠠ ᠤᠷᠭᠤᠮᠠᠯ ᠤᠨ ᠲᠤᠰᠤ ᠪᠤᠶᠤ ᠪᠤᠳᠠᠭᠠᠨ ᠤ ᠱᠦᠯᠤ ᠪᠠᠨ ᠴᠢᠳᠬᠤᠵᠤ᠂ ᠵᠢᠭᠳᠡ ᠳᠤᠨᠢ ᠬᠤᠯᠢᠵᠤ ᠬᠤᠳᠬᠤᠠᠠᠰᠠᠨ ᠤ ᠰᠡᠭᠦᠯᠡᠷ᠂ ᠲᠠᠭᠢᠨ ᠱᠠ ᠱᠤ᠋ ᠯᠢᠩ ᠡᠭᠡ ᠲᠠᠯᠬ᠎ᠠ ᠪᠠ ᠰᠠᠷᠠᠮᠵᠢ ᠶᠢᠨ ᠪᠤᠳᠤᠭ ᠢᠶᠠᠨ ᠭᠢᠵᠤ ᠵᠢᠭᠳᠡ ᠬᠤᠯᠢᠪᠠᠯ ᠪᠤᠯᠴᠢᠬᠠᠨ᠎ᠠ᠃ ᠲᠡᠪᠳᠦᠭᠡᠭᠦ ᠠᠷᠭ᠎ᠠ ᠭᠡᠳᠡᠭ ᠪᠤᠯ ᠤᠰᠤᠨ ᠳᠤ ᠠᠭᠤᠰᠳᠠᠭ ᠬᠤᠯᠤᠭᠠᠨ᠎ᠠ ᠤᠰᠠᠳᠬᠠᠬᠤ ᠡᠮ ᠢᠶᠠᠷ ᠬᠤᠤᠷᠳᠤ ᠦᠭᠶᠦᠭᠡ ᠨᠠᠶᠢᠷᠠᠭᠤᠯᠬᠤ ᠠᠷᠭ᠎ᠠ ᠶᠢ ᠭᠡᠯᠡᠨ᠎ᠡ᠃ ᠡᠮ ᠢᠶᠠᠨ ᠤᠰᠤᠨ ᠳᠤ ᠠᠭᠤᠰᠬᠠᠨ ᠡᠮᠳᠤ ᠰᠢᠩᠭᠡᠨ ᠪᠤᠯᠭᠠᠭᠠᠳ᠂ ᠲᠠᠭᠢᠨ ᠦᠭᠶᠦᠭᠡ ᠪᠠᠨ ᠭᠢᠵᠤ ᠲᠡᠪᠳᠦᠭᠡᠵᠤ᠂ ᠦᠭᠶᠦᠭᠡ ᠨᠢ ᠡᠮᠳᠤ ᠰᠢᠩᠭᠡᠨ ᠢ ᠪᠦᠭᠦᠳᠡ ᠶᠢ ᠰᠢᠮᠡᠳᠭᠡᠨ ᠠᠪᠤᠪᠠᠯ ᠪᠤᠯᠴᠢᠬᠠᠨ᠎ᠠ᠃ ᠵᠢᠱᠢᠶᠡᠯᠡᠪᠡᠯ 0.05% ᠶᠢᠨ ᠳ᠋ᠢ ᠱᠤ᠋ ᠨᠠᠲᠷᠢᠳᠤ ᠲᠠᠪᠤᠰᠤ ︵敌鼠钠盐︶ ᠶᠢᠨ ᠦᠭᠶᠦᠭᠡ ᠶᠢ ᠨᠠᠶᠢᠷᠠᠭᠤᠯᠬᠤ ᠳᠤ᠂ 80% ᠠᠴᠠ ᠲᠡᠭᠡᠭᠰᠢ ᠠᠭᠤᠯᠤᠠᠠᠳᠠᠴᠠ ᠲᠠᠢ 0.5g ᠳ᠋ᠢ ᠱᠤ᠋ ᠨᠠᠲᠷᠢᠳᠤ ᠲᠠᠪᠤᠰᠤ ᠶᠢᠨ ᠡᠮ ᠪᠤᠯᠤᠨ ᠡᠷᠳᠡᠨᠢ ᠰᠢᠰᠢ ᠶᠢᠨ ᠭᠡᠮᠭᠡᠳᠡᠭ᠂ ᠪᠤᠭᠤᠳᠠᠢ᠂ ᠲᠤᠳᠤᠷᠭ᠎ᠠ᠂ ᠰᠢᠭᠢᠷᠳᠦ ᠲᠦᠮᠦᠰᠤ ᠶᠢᠨ ᠰᠢᠷᠭᠡᠭ᠂ ᠵᠢᠮᠢᠰ ᠤᠨ ᠭᠡᠰᠡᠭ ᠵᠡᠷᠭᠡ ᠶᠢ ᠬᠤᠯᠢᠵᠤ 1kg ᠦᠭᠶᠦᠭᠡ ᠪᠤᠯᠭᠠᠬᠤ ᠪᠡ 2%~5% ᠶᠢᠨ ᠰᠢᠭᠢᠷ᠂ ᠢᠳᠡᠭᠡᠨ ᠤ ᠲᠤᠰᠤ ᠪᠠ ᠰᠠᠷᠠᠮᠵᠢ ᠶᠢᠨ ᠪᠤᠳᠤᠭ ᠭᠢᠵᠤ ᠨᠠᠶᠢᠷᠠᠭᠤᠯᠤᠨ᠎ᠠ᠃ ᠤᠷᠢᠳ ᠢᠶᠠᠷ 0.5g ᠳ᠋ᠢ ᠱᠤ᠋ ᠨᠠᠲᠷᠢᠳᠦ ᠲᠠᠪᠤᠰᠤᠨ ᠡᠮ ᠢᠶᠠᠨ ᠵᠤᠭᠢᠬᠤ ᠭᠡᠮᠵᠢᠶᠠᠨ ᠤ 80℃ ᠤᠨ ᠬᠠᠯᠠᠭᠤᠨ ᠤᠰᠤᠨ ᠳᠤ ᠠᠭᠤᠰᠬᠠᠭᠠᠳ᠂ ᠲᠠᠷᠠᠭ᠎ᠠ ᠪᠠᠷ ᠨᠢ ᠰᠢᠭᠢᠷ᠂ ᠢᠳᠡᠭᠡᠨ ᠤ ᠲᠤᠰᠤ ᠪᠤᠯᠤᠨ ᠰᠠᠷᠠᠮᠵᠢ ᠶᠢᠨ ᠪᠤᠳᠤᠭ ᠢᠶᠠᠨ ᠨᠡᠮᠡᠵᠤ᠂ ᠲᠠᠭᠢᠨ ᠦᠭᠶᠦᠭᠡ ᠲᠡᠭᠡᠷ᠎ᠡ ᠪᠠᠨ ᠴᠢᠳᠬᠤᠵᠤ᠂ ᠵᠢᠭᠳᠡ ᠬᠤᠳᠬᠤᠨ ᠬᠤᠯᠢᠵᠤ᠂ ᠡᠮᠳᠤ ᠤᠰᠤ ᠨᠢ ᠪᠦᠭᠦᠨ ᠢᠶᠠᠷ ᠦᠭᠶᠦᠭᠡ ᠳᠤ ᠰᠢᠩᠭᠡᠭᠰᠡᠨ ᠤ ᠰᠡᠭᠦᠯᠡᠷ ᠰᠡᠭᠦᠳᠡᠷ ᠭᠠᠵᠠᠷ ᠲᠠᠯᠪᠢᠨ ᠬᠠᠳᠠᠭᠠᠪᠠᠯ ᠪᠤᠯᠴᠢᠬᠠᠨ᠎ᠠ᠃ ᠬᠤᠯᠢᠬᠤ ᠦᠶ᠎ᠡ ᠳᠤ ᠭᠤᠯᠢᠷ ᠤᠨ ᠵᠤᠳᠠᠩ ᠪᠤᠯᠤᠨ ᠪᠤᠰᠤᠳ ᠲᠠᠯᠬ᠎ᠠ ᠦᠭᠶᠦᠭᠡ ᠭᠢᠭᠡᠳ ᠬᠤᠯᠤᠭᠠᠨ᠎ᠠ ᠤᠰᠠᠳᠬᠠᠬᠤ ᠡᠮ ᠢᠶᠠᠨ ᠭᠦᠢᠴᠡᠳ ᠰᠠᠶᠢᠨ ᠬᠤᠯᠢᠵᠤ᠂ 1~2g ᠭᠤᠯᠢᠷ ᠤᠨ ᠭᠡᠰᠡᠭᠯᠡᠯ ᠪᠤᠶᠤ ᠭᠤᠯᠢᠷ ᠤᠨ ᠦᠷᠢᠯ ᠪᠤᠯᠭᠠᠭᠠᠳ ᠨᠠᠶᠢᠷᠠᠭᠤᠯᠤᠮᠬᠠᠴᠠ ᠪᠠᠨ ᠭᠡᠷᠡᠭᠯᠡᠭᠦ ᠪᠤᠶᠤ ᠬᠠᠳᠠᠭᠠᠭᠠᠳ ᠭᠡᠷᠡᠭᠯᠡᠨ᠎ᠡ᠃ 0.05% ᠶᠢᠨ ᠨᠠᠲᠷᠢᠳᠤ ᠲᠠᠪᠤᠰᠤᠨ ᠦᠭᠶᠦᠭᠡ ᠶᠢ ᠨᠠᠶᠢᠷᠠᠭᠤᠯᠬᠤ ᠠᠷᠭ᠎ᠠ ᠪᠠᠷ ᠵᠢᠱᠢᠶᠡᠯᠡᠪᠡᠯ ᠵᠤᠭᠢᠬᠤ ᠭᠡᠮᠵᠢᠶᠠᠨ ᠤ ᠪᠤᠴᠠᠯᠭᠠᠠᠠᠰᠠᠨ ᠤᠰᠤᠨ ᠳᠤ 80% ᠠᠴᠠ ᠲᠡᠭᠡᠭᠰᠢ ᠠᠭᠤᠯᠤᠭᠳᠠᠴᠨ ᠲᠠᠢ ᠳ᠋ᠢ ᠱᠤ᠋ ᠨᠠᠲᠷᠢᠳᠤ ᠲᠠᠪᠤᠰᠤᠨ ᠡᠮ ᠢ 0.5g ᠠᠭᠤᠰᠬᠠᠭᠠᠳ᠂ 1%~2% ᠤᠨ ᠢᠳᠡᠭᠡᠨ ᠤ ᠲᠠᠪᠤᠰᠤ ᠪᠤᠯᠤᠨ ᠰᠡᠷᠡᠮᠵᠢ ᠶᠢᠨ ᠪᠤᠳᠤᠭ ᠢᠶᠠᠨ ᠨᠡᠮᠡᠵᠤ ᠲᠠᠭᠢᠨ 1kg ᠭᠤᠯᠢᠷ ᠭᠢᠵᠤ ᠨᠤᠬᠤᠭᠠᠳ᠂ 1~2g ᠤᠨ ᠭᠡᠰᠡᠭᠯᠡᠯ ᠪᠤᠶᠤ ᠦᠷᠢᠯ ᠪᠤᠯᠭᠠᠭᠠᠳ ᠭᠡᠷᠡᠭᠯᠡᠨ᠎ᠡ᠃ ᠴᠢᠭᠢᠭᠳᠦᠭᠦᠯᠭᠦ ᠠᠷᠭ᠎ᠠ ᠭᠡᠳᠡᠭ ᠪᠤᠯ ᠤᠰᠤᠨ ᠳᠤ ᠠᠭᠤᠰᠳᠠᠭ ᠬᠤᠯᠤᠭᠠᠨ᠎ᠠ ᠤᠰᠠᠳᠬᠠᠬᠤ ᠡᠮ ᠢᠶᠠᠷ ᠬᠤᠤᠷᠳᠤ ᠦᠭᠶᠦᠭᠡ ᠭᠢᠭᠦ ᠠᠷᠭ᠎ᠠ ᠶᠢ ᠭᠡᠯᠡᠨ᠎ᠡ᠃ ᠤᠷᠢᠳ ᠢᠶᠠᠷ ᠵᠤᠭᠢᠬᠤ ᠭᠡᠮᠵᠢᠶ᠋ᠨᠨ ᠤ ᠤᠰᠤᠨ ᠳᠤ ᠡᠮ ᠢᠶᠠᠨ ᠬᠠᠶᠢᠯᠤᠭᠤᠯᠤᠭᠠᠳ ᠲᠠᠭᠢᠨ ᠦᠭᠶᠦᠭᠡ ᠲᠡᠭᠡᠷ᠎ᠡ ᠪᠠᠨ ᠵᠢᠭᠳᠡᠬᠡᠨ ᠰᠦᠷᠴᠢᠨ᠎ᠠ᠃ ᠡᠨᠡ ᠬᠦ ᠠᠷᠭ᠎ᠠ ᠨᠢ ᠡᠮ ᠢᠶᠠᠨ ᠵᠦᠪᠭᠡᠨ ᠦᠭᠶᠦᠭᠡ ᠶᠢᠨ ᠢᠶᠠᠨ ᠭᠠᠳᠠᠷ ᠲᠠᠯ᠎ᠠ ᠳᠤ ᠯᠡ ᠨᠠᠭᠠᠯᠳᠤᠭᠤᠯᠬᠤ ᠪᠤᠯᠬᠤᠷ ᠲᠡᠪᠳᠦᠭᠡᠭᠦ ᠠᠷᠭ᠎ᠠ ᠶᠢ ᠭᠦᠷᠳᠡᠭ ᠦᠭᠡᠢ᠂ ᠲᠠᠭᠢᠪᠠᠯ ᠲᠡᠭᠳᠡᠮᠡᠭᠡᠢ ᠴᠢᠨᠠᠷ ᠲᠠᠢ ᠡᠮ ᠳᠤ ᠡᠨᠡ ᠠᠷᠭ᠎ᠠ ᠶᠢ ᠭᠡᠷᠡᠭᠯᠡᠵᠤ ᠪᠤᠯᠬᠤ ᠦᠭᠡᠢ᠃ ② ᠬᠤᠤᠷᠳᠤ ᠦᠭᠶᠦᠭᠡ ᠲᠠᠯᠪᠢᠬᠤ᠃ ᠡᠨᠡ ᠪᠤᠯ ᠬᠤᠯᠤᠭᠠᠨ᠎ᠠ ᠤᠰᠠᠳᠬᠠᠬᠤ ᠶᠢᠨ ᠴᠢᠬᠤᠯᠠ ᠵᠠᠩᠭᠢᠯᠠᠭ᠎ᠠ ᠮᠦᠨ᠃ ᠰᠡᠷᠭᠡᠶᠢᠯᠡᠨ ᠵᠠᠰᠠᠬᠤ ᠦᠷ᠎ᠠ ᠪᠦᠳᠦᠮᠵᠢ ᠪᠠ ᠤᠷᠤᠭᠤᠯᠤᠯᠳᠠ ᠶᠢᠨ ᠦᠪᠠᠷ ᠤᠨ ᠦᠷᠳᠡᠭ ᠢ ᠰᠢᠭᠤᠳ ᠨᠦᠯᠦᠭᠡᠯᠡᠳᠡᠭ᠃ ᠦᠭᠶᠦᠭᠡ ᠲᠠᠯᠪᠢᠬᠤ ᠳᠠᠭᠠᠨ ᠭᠦᠮᠦᠨ ᠤ ᠭᠦᠴᠤ ᠪᠤᠶᠤ ᠪᠤᠳᠠᠰ ᠤᠨ ᠭᠦᠴᠤᠨ ᠢᠶᠠᠷ ᠲᠠᠯᠪᠢᠪᠠᠯ ᠬᠤᠷᠤᠠᠠᠳᠠᠯ ᠪᠠᠭ᠎ᠠ ᠲᠠᠢ ᠪᠦᠭᠡᠳ ᠬᠤᠯᠤᠭᠠᠨ᠎ᠠ ᠠᠮᠠᠷᠬᠠᠨ ᠤᠯᠵᠤ ᠦᠵᠡᠭᠦ ᠭᠠᠵᠠᠷ ᠲᠠᠯᠪᠢᠬᠤ ᠪᠠᠷ ᠵᠠᠷᠴᠢᠮ ᠪᠤᠯᠭᠠᠨ᠎ᠠ᠃ ᠨᠦᠭᠡᠨ ᠳᠤᠨᠢ ᠦᠭᠶᠦᠭᠡ ᠲᠠᠯᠪᠢᠬᠤ᠄ ᠭᠡᠭᠡᠷ᠎ᠠ ᠶᠢᠨ ᠪᠠ ᠭᠡᠷ ᠤᠨ ᠬᠤᠯᠤᠭᠠᠨ᠎ᠠ ᠳᠤ ᠨᠠᠶᠢᠳᠡᠮ ᠭᠡᠷᠡᠭᠯᠡᠨ᠎ᠠ᠃ ᠡᠨᠡ ᠠᠷᠭ᠎ᠠ ᠨᠢ ᠬᠤᠯᠤᠭᠠᠨ᠎ᠠ ᠶᠢᠨ ᠲᠦᠷᠦᠯ ᠪᠤᠯᠤᠨ ᠦᠭᠶᠦᠭᠡ ᠶᠢᠨ ᠵᠤᠯᠭᠠᠯᠳᠤᠬᠤ ᠲᠤᠭᠢᠶᠠᠯ ᠢ ᠨᠡᠮᠡᠭᠳᠡᠭᠦᠯᠭᠦ ᠮᠦᠷᠳᠡᠭᠡᠨ ᠪᠠᠰᠠ ᠮᠠᠯ ᠤᠨᠤᠭ᠎ᠠ᠂ ᠰᠢᠪᠠᠭᠤ ᠵᠢᠭᠦᠷᠳᠡᠨ ᠠᠳᠡᠭᠦᠷᠡᠨ ᠢᠳᠡᠵᠤ ᠬᠤᠤᠷᠳ᠋ᠬᠠᠳᠠᠬᠤ ᠠᠴᠠ ᠵᠠᠶᠢᠯᠠᠰᠭᠢᠵᠤ ᠴᠢᠳᠠᠨ᠎ᠠ᠃ ᠨᠦᠭᠡᠨ ᠤ ᠪᠠᠨ ᠭᠠᠳᠠᠨ᠎ᠠ ᠢᠳᠡᠰᠢ ᠡᠷᠢᠳᠡᠭ ᠵᠠᠩᠰᠢᠯ ᠲᠠᠢ ᠬᠤᠯᠤᠭᠠᠨ᠎ᠠ ᠶᠢᠨ ᠲᠦᠷᠦᠯ ᠳᠤ ᠪᠤᠯ ᠦᠭᠶᠦᠭᠡ ᠪᠠᠨ ᠨᠦᠭᠡᠨ ᠠᠴᠠ 0.1~0.3m ᠵᠠᠶᠢᠳᠡᠢ ᠬᠤᠯᠤᠭᠠᠨ᠎ᠠ ᠶᠢᠨ ᠤᠷᠤᠵᠤ ᠭᠠᠷᠳᠠᠭ ᠵᠠᠮ ᠲᠡᠭᠡᠷ᠎ᠡ ᠨᠢ ᠲᠠᠯᠪᠢᠪᠠᠯ ᠬᠠᠮᠤᠭ ᠤᠨ ᠰᠠᠶᠢᠨ᠃ ᠲᠠᠷᠢᠶᠠᠨ ᠭᠠᠵᠠᠷ ᠪᠠ ᠲᠠᠯ᠎ᠠ ᠨᠤᠳᠤᠭ ᠤᠨ ᠬᠤᠯᠤᠭᠠᠨ᠎ᠠ ᠳᠤ ᠪᠤᠯ ᠨᠦᠭᠡ ᠪᠦᠷᠢ 0.1~0.2g ᠲᠠᠯᠪᠢᠨ᠎ᠠ᠃ ᠭᠡᠷ ᠤᠨ ᠬᠤᠯᠤᠭᠠᠨ᠎ᠠ ᠳᠤ ᠪᠤᠯ ᠨᠦᠭᠡ ᠪᠦᠷᠢ 0.5~1g ᠲᠠᠯᠪᠢᠨ᠎ᠠ᠃ ᠨᠦᠭᠡᠨ ᠳᠤ ᠦᠭᠶᠦᠭᠡ ᠲᠠᠯᠪᠢᠬᠤ ᠨᠢ ᠲᠦᠭᠦᠮ ᠲᠦᠳᠡ ᠪᠤᠯᠪᠠᠴᠤ᠂ ᠭᠦᠮᠦᠨ ᠤ ᠭᠦᠴᠤ᠂ ᠠᠵᠢᠯᠯᠠᠬᠤ ᠴᠠᠭ ᠲᠤ ᠪᠠᠭ᠋ᠠᠨ ᠬᠠᠯᠠ ᠲᠠᠢ ᠪᠠᠶᠢᠳᠠᠭ᠃ ᠬᠤᠯᠤᠭᠠᠨ᠎ᠠ ᠶᠢᠨ ᠮᠦᠷ ᠢᠶᠠᠷ ᠦᠭᠶᠦᠭᠡ ᠲᠠᠯᠪᠢᠬᠤ᠄ ᠡᠨᠡ ᠨᠢ ᠬᠤᠯᠤᠭᠠᠨ᠎ᠠ ᠶᠢᠨ ᠲᠦᠷᠦᠯ ᠤᠨ ᠦᠷᠭᠦᠯᠵᠢ ᠭᠦᠳᠡᠯᠭᠡᠭᠡᠨ ᠭᠢᠳᠡᠭ ᠭᠠᠵᠠᠷ ᠲᠠᠯᠠᠪᠤᠷ ᠲᠤ ᠦᠭᠶᠦᠭᠡ ᠲᠠᠯᠪᠢᠨ ᠬᠤᠯᠤᠭᠠᠨ᠎ᠠ ᠤᠰᠠᠳᠬᠠᠬᠤ ᠠᠷᠭ᠎ᠠ ᠶᠢ ᠭᠡᠯᠡᠨ᠎ᠡ᠃ ᠡᠨᠡ ᠬᠦ ᠠᠷᠭ᠎ᠠ ᠨᠢ ᠨᠦᠭᠡᠨ ᠳᠤᠨᠢ ᠦᠭᠶᠦᠭᠡ ᠲᠠᠯᠪᠢᠬᠤ ᠠᠴᠠ ᠪᠦᠳᠦᠮᠵᠢᠳᠡᠢ ᠪᠠᠶᠢᠳᠠᠭ᠃ ᠦᠭᠶᠦᠭᠡ ᠲᠠᠯᠪᠢᠬᠤ ᠭᠡᠮᠵᠢᠶ᠎ᠠ ᠶᠢ ᠬᠤᠯᠤᠭᠠᠨ᠎ᠠ ᠶᠢᠨ ᠨᠢᠠᠠᠳᠠᠴᠠ ᠶᠢᠨ ᠭᠡᠮᠵᠢᠶ᠎ᠠ ᠪᠤᠯᠤᠨ ᠢᠳᠡᠰᠢᠨ ᠤ ᠭᠡᠮᠵᠢᠶ᠎ᠠ ᠶᠢ ᠦᠨᠳᠦᠰᠦᠯᠡᠨ ᠪᠤᠳᠤᠬᠤ ᠭᠡᠷᠡᠭᠳᠡᠢ᠃ ᠶᠠᠷᠤ ᠳᠡᠭᠡᠨ ᠪᠤᠯ ᠨᠦᠭᠡᠨ ᠳᠤᠨᠢ ᠲᠠᠯᠪᠢᠬᠤ ᠠᠴᠠ 3~5 ᠲᠠᠭᠢᠨ ᠢᠯᠡᠭᠦᠤ ᠲᠠᠯᠪᠢᠨ᠎ᠠ᠃ ᠤᠶᠢᠷ᠎ᠠ ᠶᠢᠨ ᠵᠢᠯ ᠳᠤ ᠤᠳᠠᠭᠠᠨ ᠴᠢᠨᠠᠷ ᠲᠠᠢ ᠴᠢᠰᠤ ᠡᠭᠡᠳᠡᠭᠦᠯᠭᠦ ᠡᠮ ᠢ ᠪᠤᠯ ᠾᠧᠺᠲ᠋ᠠᠷ ᠪᠦᠷᠢ 2kg ᠤᠷᠴᠢᠮ ᠲᠠᠯᠪᠢᠵᠤ ᠪᠠᠶᠢᠨ᠎ᠠ᠃ ᠬᠤᠯᠤᠭᠠᠨ᠎ᠠ ᠶᠢᠨ ᠨᠦᠭᠡ ᠨᠢᠠᠠᠳᠠᠷᠬᠠᠰᠠᠨ᠂ ᠤᠯᠠᠨ ᠠᠮᠠ ᠲᠠᠢ ᠨᠦᠭᠡ ᠪᠤᠶᠤ ᠰᠢᠭᠤᠶᠢᠳᠤ ᠤᠷᠤᠨ᠂ ᠰᠠᠭᠤᠭᠠᠯᠢ ᠠᠷᠠᠳ ᠤᠨ ᠪᠠᠷᠢᠯᠭ᠎ᠠ ᠶᠢᠨ ᠲᠤᠳᠤᠭᠠᠳᠤ ᠳᠤ ᠬᠤᠯᠤᠭᠠᠨ᠎ᠠ ᠤᠰᠠᠳᠬᠠᠬᠤ ᠳᠤ ᠡᠨᠡ ᠠᠷᠭ᠎ᠠ ᠶᠢ ᠭᠡᠷᠡᠭᠯᠡᠵᠤ ᠪᠤᠯᠤᠨ᠎ᠠ᠃ ᠲᠤᠰ ᠠᠷᠭ᠎ᠠ ᠪᠠᠷ ᠦᠭᠶᠦᠭᠡ ᠲᠠᠯᠪᠢᠬᠤ ᠨᠢ ᠠᠵᠢᠯ ᠤᠨ ᠪᠦᠳᠦᠮᠵᠢ ᠪᠠᠷ ᠦᠨᠳᠤᠷ ᠪᠤᠯᠪᠠᠴᠤ᠂ ᠦᠭᠶᠦᠭᠡ ᠶᠢ ᠢᠯᠡ ᠲᠠᠯᠪᠢᠬᠤ ᠪᠤᠯᠬᠤᠷ ᠮᠠᠯ ᠤᠨᠤᠭ᠎ᠠ᠂ ᠵᠢᠭᠦᠷᠳᠡᠨ ᠰᠢᠪᠠᠭᠤ ᠠᠮᠠᠷᠬᠠᠨ ᠠᠳᠡᠭᠦᠷᠡᠨ ᠢᠳᠡᠭᠡᠳ ᠬᠤᠤᠷᠳ᠋ᠬᠠᠳᠠᠳᠠᠭ᠃ ᠡᠶᠢᠮᠤ ᠠᠴᠠ ᠲᠡᠵᠢᠭᠡᠯ ᠪᠤᠷᠳᠤᠭ᠎ᠠ ᠶᠢᠨ ᠲᠠᠯᠠᠪᠠᠢ᠂ ᠲᠡᠵᠢᠭᠡᠪᠤᠷᠢ ᠶᠢᠨ ᠲᠠᠯᠠᠪᠠᠢ ᠳᠤ ᠤᠠᠠᠳᠤ ᠭᠡᠷᠡᠭᠯᠡᠵᠤ ᠪᠤᠯᠬᠤ ᠦᠭᠡᠢ᠃ ᠲᠡᠩᠴᠡᠭᠦᠤ ᠵᠠᠢ ᠪᠠᠷ ᠦᠭᠶᠦᠭᠡ ᠲᠠᠯᠪᠢᠬᠤ᠄ ᠬᠤᠯᠤᠭᠠᠨ᠎ᠠ ᠤᠰᠠᠳᠬᠠᠬᠤ ᠭᠠᠵᠠᠷ ᠲᠠᠯᠠᠪᠠᠢ ᠲᠡᠭᠡᠷ᠎ᠠ᠂ ᠰᠢᠳᠠᠷ᠎ᠠ ᠶᠢᠨ ᠬᠦᠯᠬᠡ ᠶᠢᠨ ᠭᠡᠯᠪᠡᠷᠢ ᠪᠠᠷ 5~10 ᠮᠦᠷ ᠤᠨ ᠵᠢᠠᠠᠰᠠᠭᠠᠯ ᠢᠶᠠᠷ ᠵᠢᠠᠠᠰᠠᠭᠠᠵᠤ᠂ ᠮᠦᠷ ᠵᠢᠠᠠᠰᠠᠭᠠᠯ ᠤᠨ ᠠᠭᠤᠯᠵᠠᠭᠤᠷ ᠲᠤ 5g ᠤᠷᠴᠢᠮ ᠤᠨ ᠦᠭᠶᠦᠭᠡ ᠲᠠᠯᠪᠢᠨ᠎ᠠ᠃ ᠮᠦᠷ ᠵᠢᠠᠠᠰᠠᠭᠠᠯ ᠤᠨ ᠨᠢᠠᠠᠳᠠᠴᠠ ᠶᠢ ᠪᠤᠯ ᠬᠤᠯᠤᠭᠠᠨ᠎ᠠ ᠶᠢᠨ ᠨᠢᠠᠠᠳᠠᠴᠠ ᠶᠢᠨ ᠭᠡᠮᠵᠢᠶ᠎ᠠ ᠶᠢ ᠦᠨᠳᠦᠰᠦᠯᠡᠨ ᠲᠤᠠᠠᠳᠠᠭᠠᠨ᠎ᠠ᠃ ᠲᠠᠯ᠎ᠠ ᠨᠤᠳᠤᠭ ᠲᠤ ᠶᠡᠭᠡ ᠭᠡᠮᠵᠢᠶ᠎ᠠ ᠪᠠᠷ ᠬᠤᠯᠤᠭᠠᠨ᠎ᠠ ᠤᠰᠠᠳᠬᠠᠬᠤ ᠳᠤ ᠮᠠᠰᠢᠨ ᠢᠶᠠᠷ ᠦᠭᠶᠦᠭᠡ ᠲᠠᠯᠪᠢᠪᠠᠯ᠂ ᠠᠵᠢᠯ ᠤᠨ ᠦᠷ᠎ᠠ ᠪᠦᠳᠦᠮᠵᠢ ᠶᠢ ᠲᠡᠭᠡᠭᠰᠢᠯᠡᠭᠦᠯᠵᠤ ᠴᠢᠳᠠᠨ᠎ᠠ᠃ ᠪᠢᠳᠡᠭᠦᠮᠵᠢᠯᠡᠭᠦ ᠪᠦᠰᠡ ᠶᠢᠨ ᠭᠡᠯᠪᠡᠷᠢ ᠪᠠᠷ ᠦᠭᠶᠦᠭᠡ ᠲᠠᠯᠪᠢᠬᠤ᠄ ᠲᠠᠷᠢᠶᠠᠨ ᠲᠤᠮᠳᠡᠭᠢ ᠭᠦᠨᠦᠭᠡᠯᠳᠤ ᠬᠤᠯᠤᠭᠠᠨ᠎ᠠ ᠪᠤᠯ ᠲᠠᠷᠢᠶᠠᠨ ᠲᠠᠯᠠᠩ ᠢᠶᠠᠷ ᠤᠯᠠᠨ ᠪᠠᠶᠢᠳᠠᠭ᠃ ᠵᠢᠱᠢᠶᠡᠯᠡᠪᠡᠯ ᠦᠪᠤᠷ ᠮᠤᠩᠭᠤᠯ ᠤᠨ ᠤᠷᠳᠤ ᠭᠢᠮᠦᠰᠤᠳᠤ ᠡᠯᠡᠰᠤᠴᠢ ᠬᠤᠯᠤᠭᠠᠨ᠎ᠠ᠂ ᠱᠠᠠᠳᠦ᠋ᠩ ᠤᠨ ᠲᠤᠮᠤ ᠤᠠᠠᠳᠤᠢ᠂ ᠦᠭᠡᠷ ᠤᠠᠠᠳᠤᠢ᠂ ᠾᠧᠨᠠᠨ ᠤ ᠲᠠᠷᠢᠶᠠᠨ ᠬᠤᠯᠤᠭᠠᠨ᠎ᠠ᠂ ᠭᠤᠸᠠᠩᠳᠦ᠋ᠩ ᠤᠨ ᠰᠢᠷ᠎ᠠ ᠬᠤᠯᠤᠭᠠᠨ᠎ᠠ ᠪᠤᠯ ᠪᠦᠷ ᠡᠶᠢᠮᠤ ᠪᠠᠶᠢᠳᠠᠭ᠃ ᠡᠳᠡᠭᠡᠷ ᠤᠨᠴᠠᠯᠢᠭ ᠢ ᠦᠨᠳᠦᠰᠦᠯᠡᠵᠤ᠂ ᠦᠭᠶᠦᠭᠡ ᠪᠠᠨ ᠲᠡᠩᠴᠡᠭᠦᠤ ᠵᠠᠢ ᠪᠠᠷ ᠲᠠᠷᠢᠶᠠᠨ ᠲᠠᠯᠠᠩ᠂ ᠢᠯᠠᠩᠭᠤᠶ᠎ᠠ ᠦᠷᠭᠡᠨ ᠲᠠᠷᠢᠶᠠᠨ ᠲᠠᠯᠠᠩ ᠲᠡᠭᠡᠷ᠎ᠡ ᠲᠠᠯᠪᠢᠬᠤ ᠪᠠ ᠲᠠᠷᠢᠶᠠᠨ ᠭᠡᠰᠡᠭ ᠤᠨ ᠤᠷᠴᠢᠨ ᠲᠤᠭᠤᠷᠢᠨ ᠳᠤ ᠭᠦᠪᠡᠭᠡ ᠠᠴᠠ ᠨᠢ ᠲᠠᠷᠢᠶᠠᠨ ᠲᠦᠪ ᠦᠭᠡᠳᠡ 10m ᠦᠷᠭᠡᠨ ᠭᠡᠪᠴᠢᠶᠠᠨ ᠳᠤ ᠲᠠᠯᠪᠢᠬᠤ ᠭᠡᠷᠡᠭᠳᠡᠢ᠃ ᠵᠢᠭᠳᠡ ᠦᠭᠶᠦᠭᠡ ᠲᠠᠯᠪᠢᠬᠤ᠄ ᠦᠭᠶᠦᠭᠡ ᠪᠠᠨ ᠬᠤᠯᠤᠭᠠᠨ᠎ᠠ ᠲᠠᠢ ᠭᠠᠵᠠᠷ ᠵᠢᠭᠳᠡᠭᠡᠨ ᠰᠠᠴᠤᠨ᠎ᠠ᠃ ᠮᠠᠰᠢᠨ ᠢᠶᠠᠷ ᠲᠠᠯᠪᠢᠬᠤ ᠪᠠ ᠨᠢᠰᠭᠡᠯ ᠢᠶᠠᠷ ᠰᠠᠴᠤᠬᠤ ᠳᠤ ᠲᠤᠭᠢᠷᠠᠬᠤ ᠪᠦᠭᠡᠳ ᠪᠠᠰᠠ ᠪᠤᠳᠠ ᠰᠦᠭᠡᠭ ᠲᠠᠢ ᠰᠢᠭᠤᠶᠢᠳᠤ ᠭᠠᠵᠠᠷ ᠭᠡᠷᠡᠭᠯᠡᠭᠦ ᠳᠤ ᠲᠤᠭᠢᠷᠠᠨ᠎ᠠ᠃ ᠲᠦᠷᠭᠡᠨ ᠴᠢᠨᠠᠷ ᠲᠠᠢ ᠬᠤᠯᠤᠭᠠᠨ᠎ᠠ ᠤᠰᠠᠳᠬᠠᠬᠤ ᠡᠮᠳᠤ ᠦᠭᠶᠦᠭᠡ ᠶᠢ ᠪᠤᠯ ᠶᠠᠷᠦᠩᠭᠡᠢ ᠳᠡᠭᠡᠨ ᠾᠧᠺᠲ᠋ᠠᠷ ᠪᠦᠷᠢ 0.5~1kg ᠰᠠᠴᠤᠵᠤ᠂ ᠤᠳᠠᠭᠠᠨ ᠴᠢᠨᠠᠷ ᠲᠠᠢ ᠬᠤᠯᠤᠭᠠᠨ᠎ᠠ ᠤᠰᠠᠳᠬᠠᠬᠤ ᠡᠮᠳᠤ ᠦᠭᠶᠦᠭᠡ ᠶᠢ ᠾᠧᠺᠲ᠋ᠠᠷ ᠪᠦᠷᠢ 1~2kg ᠰᠠᠴᠤᠵᠤ᠂ ᠲᠡᠭᠰᠢᠳᠭᠡᠭᠡᠳ ᠲᠡᠭᠰᠢ ᠲᠦᠷᠪᠡᠯᠵᠢᠨ ᠮᠧᠲᠷ ᠪᠦᠷᠢ 5 ᠦᠷᠢᠯ ᠦᠭᠶᠦᠭᠡ ᠬᠠᠶᠠᠪᠠᠯ ᠮᠠᠰᠢ ᠲᠤᠭᠢᠷᠠᠮᠵᠢᠳᠡᠢ᠃ ᠵᠢᠭᠳᠡᠯᠡᠨ ᠦᠭᠶᠦᠭᠡ ᠬᠠᠶᠠᠬᠤ ᠨᠢ ᠬᠤᠯᠤᠭᠠᠨ᠎ᠠ ᠤᠰᠠᠳᠬᠠᠬᠤ ᠭᠠᠵᠠᠷ ᠢ ᠪᠦᠭᠦᠳᠡ ᠶᠢ ᠪᠦᠷᠭᠦᠵᠤ ᠴᠢᠳᠠᠬᠤ ᠦᠭᠡᠢ ᠲᠤᠯᠠ ᠪᠦᠰᠡᠯᠡᠭᠦ ᠭᠡᠯᠪᠡᠷᠢ ᠪᠠᠷ ᠰᠠᠴᠤᠬᠤ ᠠᠷᠭ᠎ᠠ ᠶᠢ ᠭᠡᠷᠡᠭᠯᠡᠵᠤ ᠪᠤᠯᠤᠨ᠎ᠠ᠃ ᠲᠤᠬᠠᠶᠢᠯᠠᠪᠠᠯ ᠨᠢᠭᠡᠨ ᠵᠤᠷᠪᠤᠰ ᠰᠠᠴᠤᠭᠠᠳ᠂ ᠨᠢᠭᠡᠨ ᠵᠤᠷᠪᠤᠰ ᠵᠠᠶᠢᠴᠢᠯᠠᠵᠤ᠂ ᠲᠠᠭᠢᠨ ᠨᠢᠭᠡᠨ ᠵᠤᠷᠪᠤᠰ ᠰᠠᠴᠤᠨ᠎ᠠ᠃ ᠵᠢᠭᠳᠡᠯᠡᠨ ᠰᠠᠴᠤᠬᠤ ᠦᠭᠶᠦᠭᠡ ᠶᠢᠨ ᠶᠠᠷᠦᠩᠭᠡᠢ ᠭᠡᠮᠵᠢᠶ᠎ᠠ ᠨᠢ ᠨᠦᠭᠡᠨ ᠳᠤ ᠲᠠᠯᠪᠢᠬᠤ ᠦᠭᠶᠦᠭᠡ ᠶᠢᠨ ᠶᠠᠷᠦᠩᠭᠡᠢ ᠭᠡᠮᠵᠢᠶ᠎ᠠ ᠠᠴᠠ ᠲᠠᠪᠠᠳᠠᠭ᠃ ᠦᠭᠶᠦᠭᠡ ᠶᠢ ᠵᠢᠭᠳᠡᠯᠡᠨ ᠰᠠᠴᠤᠬᠤ ᠪᠤᠯᠬᠤᠷ ᠮᠠᠯ ᠤᠨᠤᠭ᠎ᠠ ᠳᠤ ᠭᠦᠨᠦᠭᠡᠯ ᠦᠭᠡᠢ᠂ ᠬᠠᠷᠢᠨ ᠪᠤᠳᠠᠭ᠎ᠠ ᠲᠠᠷᠢᠶ᠎ᠠ ᠢᠳᠡᠳᠡᠭ ᠵᠢᠭᠦᠷᠳᠡᠨ ᠰᠢᠪᠠᠭᠤᠳ ᠲᠤ ᠮᠠᠰᠢ ᠶᠡᠭᠡ ᠭᠦᠨᠦᠭᠡᠯ ᠲᠠᠢ ᠪᠠᠶᠢᠳᠠᠭ᠃ ᠵᠤᠷᠪᠤᠰᠯᠠᠨ ᠦᠭᠶᠦᠭᠡ ᠲᠠᠯᠪᠢᠬᠤ᠄ ᠲᠤᠰ ᠠᠷᠭ᠎ᠠ ᠨᠢ ᠲᠠᠷᠢᠮᠠᠯ ᠢ ᠵᠤᠷᠪᠤᠰᠯᠠᠨ ᠲᠠᠷᠢᠬᠤ ᠲᠠᠢ ᠲᠦᠰᠳᠡᠢ ᠪᠠᠶᠢᠳᠠᠭ᠃ ᠲᠤᠬᠠᠶᠢᠯᠠᠪᠠᠯ ᠬᠤᠯᠤᠭᠠᠨ᠎ᠠ ᠤᠰᠠᠳᠬᠠᠬᠤ ᠭᠠᠵᠠᠷ ᠲᠠᠯᠠᠪᠤᠷ ᠲᠤ ᠵᠤᠭᠢᠬᠤ ᠵᠠᠢ ᠠᠯᠤᠰᠯᠠᠬᠤ ᠪᠦᠷᠢ ᠰᠢᠭᠤᠳ ᠱᠤᠭᠤᠮ ᠢᠶᠠᠷ ᠦᠭᠶᠦᠭᠡ ᠪᠠᠨ ᠬᠠᠶᠠᠵᠤ᠂ ᠲᠦᠷᠭᠡᠨ ᠴᠢᠨᠠᠷ ᠲᠠᠢ ᠦᠭᠶᠦᠭᠡ ᠪᠤᠯ ᠮᠧᠲᠷ ᠪᠦᠷᠢ 1~2g᠂ ᠤᠳᠠᠭᠠᠨ ᠴᠢᠨᠠᠷ ᠲᠠᠢ ᠦᠭᠶᠦᠭᠡ ᠪᠤᠯ ᠮᠧᠲᠷ ᠪᠦᠷᠢ 3g ᠬᠠᠶᠠᠨ᠎ᠠ᠃ ᠦᠭᠶᠦᠭᠡ ᠪᠠᠨ ᠠᠷᠪᠢᠯᠠᠬᠤ ᠶᠢᠨ ᠲᠤᠰᠠᠳᠠ ᠠᠯᠤᠰᠯᠠᠨ ᠬᠠᠶᠠᠬᠤ ᠠᠷᠭ᠎ᠠ ᠶᠢ ᠭᠡᠷᠡᠭᠯᠡᠵᠤ ᠪᠤᠯᠤᠨ᠎ᠠ᠃ ᠲᠤᠬᠠᠶᠢᠯᠠᠪᠠᠯ ᠦᠭᠶᠦᠭᠡ ᠪᠠᠨ ᠲᠤᠭᠠᠯᠬᠠᠰᠠᠨ ᠤ ᠰᠡᠭᠦᠯᠡᠷ 1~2m ᠠᠯᠤᠰᠯᠠᠭᠠᠳ ᠬᠠᠶᠠᠨ᠎ᠠ᠃ ᠵᠤᠷᠪᠤᠰ ᠤᠨ ᠵᠠᠢ ᠶᠢ ᠬᠤᠯᠤᠭᠠᠨ᠎ᠠ ᠶᠢᠨ ᠲᠦᠷᠦᠯ ᠤᠨ ᠡᠳᠤᠷ ᠤᠨ ᠭᠦᠳᠡᠯᠭᠡᠭᠡᠨ ᠤ ᠷᠠᠳᠢᠦ᠋ᠰ ᠢᠶᠠᠷ ᠲᠤᠠᠠᠳᠠᠭᠠᠨ᠎ᠠ᠃ ᠰᠢᠷ᠎ᠠ ᠬᠤᠯᠤᠭᠠᠨ᠎ᠠ ᠶᠢ ᠤᠰᠠᠳᠬᠠᠬᠤ ᠵᠤᠷᠠᠭ᠎ᠠ ᠶᠢᠨ ᠵᠠᠢ ᠶᠢ 50m᠂ ᠡᠯᠡᠰᠦᠴᠢ ᠬᠤᠯᠤᠭᠠᠨ᠎ᠠ ᠶᠢᠨ ᠬᠢ ᠶᠢ 30m᠂ ᠭᠡᠷᠡᠯᠵᠡᠭᠡᠨᠠ ᠶᠢᠨ ᠬᠢ ᠶᠢ 20m ᠪᠠᠶᠢᠯᠭᠠᠪᠠᠯ ᠴᠦᠮ ᠮᠠᠰᠢ ᠰᠠᠶᠢᠨ ᠦᠷ᠎ᠠ ᠪᠦᠳᠦᠭᠡᠯ ᠤᠯᠵᠤ ᠴᠢᠳᠠᠨ᠎ᠠ᠃ ᠵᠤᠷᠪᠤᠰ ᠵᠤᠷᠠᠭᠠᠯᠠᠨ ᠦᠭᠶᠦᠭᠡ ᠬᠠᠶᠠᠬᠤ ᠨᠢ ᠠᠵᠢᠯᠯᠠᠬᠤ ᠳᠤ ᠭᠢᠯᠪᠠᠷ᠂ ᠪᠠᠭᠠᠵᠢ ᠭᠡᠷᠡᠭᠰᠡᠯ ᠨᠢ ᠲᠦᠭᠦᠮ᠂ ᠦᠷ᠎ᠡ ᠪᠦᠳᠦᠮᠵᠢ ᠨᠢ ᠨᠡᠯᠢᠶᠡᠳ ᠰᠠᠶᠢᠨ ᠪᠠᠶᠢᠵᠤ᠂ ᠬᠤᠯᠤᠭᠠᠨ᠎ᠠ ᠶᠢᠨ ᠨᠢᠠᠠᠳᠠᠴᠠ ᠶᠢᠨ ᠭᠡᠮᠵᠢᠶ᠎ᠠ ᠦᠨᠳᠤᠷ ᠭᠠᠵᠠᠷ ᠤᠷᠤᠨ᠂ ᠲᠠᠯ᠎ᠠ ᠨᠤᠳᠤᠭ᠂ ᠲᠠᠷᠢᠶᠠᠨ ᠭᠠᠵᠠᠷ ᠤᠨ ᠬᠠᠪᠤᠷ ᠤᠨ ᠲᠠᠷᠢᠶᠠᠯᠠᠭ᠎ᠠ ᠠᠴᠠ ᠡᠮᠦᠨ᠎ᠠ ᠨᠠᠮᠤᠷ ᠤᠨ ᠬᠤᠷᠢᠶᠠᠯᠳᠠ ᠠᠴᠠ ᠬᠤᠶᠢᠰᠢ ᠭᠢᠪᠡᠯ ᠲᠤᠭᠢᠷᠠᠮᠵᠢᠳᠡᠢ᠃ ᠬᠠᠨᠤᠮᠠᠯ ᠭᠡᠯᠪᠡᠷᠢ ᠲᠠᠢ ᠦᠭᠶᠦᠭᠡ ᠬᠠᠶᠠᠬᠤ ᠠᠷᠭ᠎ᠠ᠄ ᠤᠳᠠᠭᠠᠨ ᠴᠢᠨᠠᠷ ᠲᠠᠢ ᠴᠢᠰᠤ ᠡᠭᠡᠳᠡᠭᠦᠯᠭᠦ ᠡᠮ ᠨᠢ ᠬᠤᠷᠠᠮᠳᠤᠯᠭ᠎ᠠ ᠶᠢᠨ ᠴᠢᠨᠠᠷ ᠲᠠᠢ ᠬᠤᠤᠷᠳᠠᠭᠤᠯᠬᠤ ᠪᠠ ᠤᠰᠠᠳᠬᠠᠬᠤ ᠨᠤᠷᠮ᠎ᠠ ᠨᠢ ᠲᠦᠷᠭᠡᠨ ᠴᠢᠨᠠᠷ ᠲᠠᠢ ᠡᠮ ᠠᠴᠠ ᠲᠠᠪᠠᠭᠤᠯᠢᠭ ᠪᠠᠶᠢᠳᠠᠭ ᠤᠨᠴᠠᠯᠢᠭ ᠲᠤ ᠴᠢᠭᠯᠡᠭᠦᠯᠦᠨ᠂ ᠦᠭᠶᠦᠭᠡ ᠪᠠᠨ ᠤᠯᠠᠠᠳᠠ ᠰᠠᠴᠤᠬᠤ ᠪᠠᠷ ᠲᠠᠮᠵᠢᠨ ᠤᠰᠠᠳᠬᠠᠬᠤ ᠪᠦᠳᠦᠮᠵᠢ ᠶᠢ ᠲᠡᠭᠡᠭᠰᠢᠯᠡᠭᠦᠯᠵᠤ ᠪᠤᠯᠤᠨ᠎ᠠ᠃ ᠠᠷᠭ᠎ᠠ ᠨᠢ ᠭᠡᠪᠡᠯ ᠨᠢᠭᠡᠴᠢ ᠲᠠᠯᠠᠪᠠᠢ ᠶᠢᠨ ᠶᠠᠷᠦᠩᠭᠡᠢ ᠦᠭᠶᠦᠭᠡ ᠬᠠᠶᠠᠬᠤ ᠭᠡᠮᠵᠢᠶ᠎ᠠ ᠶᠢ ᠭᠤᠷᠪᠡ ᠬᠤᠪᠢᠶᠠᠵᠤ ᠬᠠᠶᠠᠵᠤ ᠪᠤᠯᠤᠨ᠎ᠠ᠃ ᠨᠢᠭᠡᠳᠦᠭᠡᠷ ᠤᠳᠠᠭ᠎ᠠ ᠶᠠᠷᠦᠩᠭᠡᠢ ᠭᠡᠮᠵᠢᠶ᠎ᠠ ᠶᠢᠨ ᠢᠶᠠᠨ ᠬᠤᠶᠠᠷ ᠤᠨ ᠨᠢᠭᠡ ᠶᠢ ᠨᠢ ᠬᠠᠶᠠᠵᠤ᠂ ᠠᠯᠤᠰᠯᠠᠯ ᠢ ᠨᠢ 48 ᠴᠠᠭ ᠠᠴᠠ ᠭᠡᠳᠦᠷᠡᠭᠦᠯᠭᠦ ᠦᠭᠡᠢ᠃ ᠵᠠᠯᠭᠠᠭᠠᠳ ᠬᠤᠶᠠᠳᠤᠭᠠᠷ ᠤᠳᠠᠭ᠎ᠠ ᠪᠠ ᠭᠤᠷᠪᠠᠳᠤᠭᠠᠷ ᠤᠳᠠᠭ᠎ᠠ ᠳᠤ ᠦᠯᠡᠳᠡᠭᠰᠡᠨ ᠦᠭᠶᠦᠭᠡ ᠪᠠᠨ ᠨᠦᠭᠦᠨ ᠬᠠᠶᠠᠨ᠎ᠠ᠃ ᠦᠯᠡᠳᠡᠭᠰᠡᠨ ᠦᠭᠶᠦᠭᠡ ᠪᠠᠨ ᠨᠦᠭᠦᠨ ᠬᠠᠶᠠᠬᠤ ᠳᠠᠭᠠᠨ ᠡᠮᠤᠨ᠎ᠠ ᠤᠳᠠᠭ᠎ᠠ ᠶᠢᠨ ᠦᠭᠶᠦᠭᠡ ᠨᠢ ᠭᠡᠳᠦᠢ ᠢᠳᠡᠭᠳᠡᠭᠰᠡᠨ ᠪᠤᠯ ᠲᠡᠳᠦᠢ ᠶᠢ ᠨᠦᠭᠦᠨ ᠬᠠᠶᠠᠵᠤ᠂ ᠪᠦᠭᠦᠨ ᠢ ᠢᠳᠡᠵᠤ ᠪᠠᠷᠬᠠᠰᠠᠨ ᠪᠤᠯ ᠲᠠᠭᠢᠨ ᠢᠶᠠᠷ ᠨᠦᠭᠦᠨ ᠬᠠᠶᠠᠬᠤ ᠵᠠᠷᠴᠢᠮ ᠢ ᠪᠠᠷᠢᠮᠳᠠᠯᠠᠨ᠎ᠠ᠃ ᠬᠠᠮᠤᠭ ᠡᠴᠤᠰ ᠪᠠᠶᠢᠴᠠᠭᠠᠬᠤ ᠳᠤ ᠭᠡᠷᠪᠡ ᠦᠭᠶᠦᠭᠡ ᠪᠠᠰᠠ ᠦᠯᠡᠳᠡᠭᠰᠡᠨ ᠪᠠᠶᠢᠪᠠᠯ᠂ ᠬᠤᠯᠤᠭᠠᠨ᠎ᠠ ᠨᠢᠭᠡᠨᠳᠡ ᠦᠨᠳᠤᠰᠤᠨ ᠳᠡᠭᠡᠨ ᠤᠰᠠᠳᠤᠠᠠᠰᠠᠨ ᠢ ᠭᠡᠷᠡᠴᠢᠯᠡᠨ᠎ᠡ᠃ ᠡᠨᠡ ᠬᠦ ᠠᠷᠭ᠎ᠠ ᠨᠢ ᠵᠦᠪᠭᠡᠨ ᠭᠡᠷ ᠤᠨ ᠬᠤᠯᠤᠭᠠᠨ᠎ᠠ ᠶᠢ ᠤᠰᠠᠳᠬᠠᠬᠤ ᠳᠤ ᠲᠤᠭᠢᠷᠠᠨ᠎ᠠ᠃ ③ ᠬᠤᠯᠤᠭᠠᠨ᠎ᠠ ᠶᠢ ᠤᠳᠤᠵᠤ ᠤᠰᠠᠳᠬᠠᠬᠤ᠄ ᠤᠳᠤᠯᠭ᠎ᠠ ᠶᠢᠨ ᠡᠮ ᠢ ᠠᠰᠢᠠᠠᠯᠠᠨ ᠵᠤᠭᠢᠬᠤ ᠨᠢᠠᠠᠳᠠ ᠪᠢᠳᠡᠭᠦᠮᠵᠢ ᠲᠠᠢ ᠤᠷᠴᠢᠨ ᠲᠤᠭᠤᠷᠢᠨ ᠳᠤ ᠬᠤᠤᠷᠳᠤ ᠭᠡᠢ ᠲᠠᠯᠪᠢᠵᠤ᠂ ᠬᠤᠤᠷᠳᠤ ᠭᠡᠢ ᠨᠢ ᠬᠤᠯᠤᠭᠠᠨ᠎ᠠ ᠶᠢᠨ ᠠᠮᠢᠰᠬᠤᠯ ᠢᠶᠠᠷ ᠲᠠᠮᠵᠢᠨ ᠪᠠᠶ᠎ᠠ ᠳᠤᠨᠢ ᠤᠷᠤᠵᠤ ᠬᠤᠤᠷᠳᠠᠨ ᠠᠯᠠᠬᠤ ᠶᠢ ᠤᠳᠤᠵᠤ ᠠᠯᠠᠬᠤ ᠭᠡᠨ᠎ᠠ᠃ ᠤᠳᠤᠬᠠᠨ ᠳᠤ ᠤᠳᠤᠯᠭ᠎ᠠ ᠳᠤ ᠭᠡᠷᠡᠭᠯᠡᠵᠤ ᠪᠠᠶᠢᠭ᠎ᠠ ᠡᠮ ᠶᠡᠭᠡ ᠲᠦᠯᠦᠪ ᠬᠤᠶᠠᠷ ᠵᠦᠢᠯ ᠪᠤᠢ᠃ ᠨᠢᠭᠡ ᠨᠢ ᠡᠩ ᠤᠨ ᠲᠤᠯᠠᠭᠠᠨ ᠲᠤᠤᠷ᠎ᠠ ᠭᠡᠶᠢᠵᠢᠳᠡᠭ ᠡᠮ ᠪᠤᠯᠬᠤ ᠪᠦᠭᠡᠳ ᠭᠡᠢ ᠪᠡᠶᠡᠳᠤ ᠨᠢ ᠭᠦᠨᠦᠭᠡᠯᠳᠤ ᠬᠤᠯᠤᠭᠠᠨ᠎ᠠ ᠶᠢᠨ ᠠᠮᠢᠰᠬᠤᠯ ᠤᠨ ᠰᠢᠰᠲ᠋ᠧᠮ ᠢᠶᠠᠷ ᠲᠠᠮᠵᠢᠨ ᠪᠡᠶᠡᠨ ᠳᠤᠨᠢ ᠤᠷᠤᠵᠤ ᠬᠤᠤᠷᠳᠠᠨ ᠠᠯᠠᠬᠤ ᠶᠢ ᠤᠳᠤᠠᠠᠴᠢ ᠡᠮ ᠭᠡᠨ᠎ᠠ᠃ ᠵᠢᠱᠢᠶᠡᠯᠡᠪᠡᠯ᠂ ᠹᠤᠰᠹᠤᠷᠵᠢᠬᠰᠡᠨ ᠭᠦᠡᠭᠭᠡᠨᠴᠠᠭᠠᠨ᠂ ᠾᠯᠤᠷᠳᠤ ᠭᠠᠰᠢᠭᠤᠨ᠂ ᠭᠦᠭᠦᠷᠵᠢᠯ ᠡᠳ᠋᠂ ᠼᠢᠶᠠᠠᠳᠤ ᠺᠠᠯᠢ ᠵᠡᠷᠭᠡ ᠪᠤᠢ᠃ ᠨᠦᠭᠦᠭᠡ ᠨᠢᠭᠡ ᠵᠦᠢᠯ ᠨᠢ ᠪᠤᠯ ᠲᠠᠷᠢᠶᠠᠨ ᠡᠮ᠂ ᠰᠢᠳᠠᠭᠠᠯᠭ᠎ᠠ᠂ ᠢᠰᠦᠯᠳᠦᠭᠦᠯᠦᠭᠴᠢ ᠡᠳ᠋᠂ ᠨᠢᠲᠷᠤᠵᠢᠯ ᠢᠶᠠᠷ ᠭᠢᠭᠰᠡᠨ ᠨᠤᠨᠳᠠᠭ ᠪᠤᠶᠤ ᠲᠠᠪᠭᠡᠳᠤ ᠡᠮ ᠪᠤᠯᠤᠨ᠎ᠠ᠃ ᠨᠤᠴᠤᠬᠤ ᠳᠠᠭᠠᠨ ᠭᠠᠯ ᠤᠨ ᠰᠤᠷ ᠦᠭᠡᠢ᠂ ᠬᠠᠯᠠᠭᠤᠨ ᠭᠡᠢ ᠪᠠᠷ ᠬᠠᠳᠠᠭᠤ ᠪᠡᠶᠡᠳᠤ ᠮᠦᠭᠦᠯᠢᠭ ᠪᠤᠯᠬᠤ ᠡᠳ᠋ ᠢ ᠤᠳᠤᠮᠠᠯ ᠡᠮ ᠭᠡᠨ᠎ᠠ᠃ ᠵᠢᠱᠢᠶᠡᠯᠡᠪᠡᠯ ᠭᠦᠭᠦᠷ ᠤᠨ ᠤᠳᠤᠮᠠᠯ ᠫᠤᠤᠵᠢᠩ ᠵᠡᠷᠭᠡ ᠪᠠᠶᠢᠨ᠎ᠠ᠃ ᠬᠤᠯᠤᠭᠠᠨ᠎ᠠ ᠶᠢ ᠤᠳᠤᠵᠤ ᠠᠯᠠᠬᠤ ᠶᠢᠨ ᠤᠨᠴᠠᠯᠢᠭ ᠨᠢ ᠭᠡᠪᠡᠯ᠂ ᠠᠯᠪᠠᠳᠠᠯᠭ᠎ᠠ ᠶᠢᠨ ᠴᠢᠨᠠᠷ ᠲᠠᠢ ᠪᠠᠶᠢᠵᠤ᠂ ᠬᠤᠯᠤᠭᠠᠨ᠎ᠠ ᠶᠢᠨ ᠠᠵᠢᠯᠯᠠᠭ᠎ᠠ ᠳᠤ ᠨᠦᠯᠦᠭᠡᠯᠡᠭᠳᠡᠭᠦ ᠦᠭᠡᠢ᠂ ᠦᠷ᠎ᠠ ᠪᠦᠳᠦᠮᠵᠢ ᠪᠠᠷ ᠰᠠᠶᠢᠨ᠂ ᠬᠤᠤᠷᠳᠤ ᠦᠭᠶᠦᠭᠡ ᠭᠡᠷᠡᠭᠯᠡᠭᠦ ᠦᠭᠡᠢ᠂ ᠠᠮᠤ ᠪᠤᠳᠠᠭᠠᠨ ᠳᠤ ᠠᠷᠪᠢᠳᠡᠢ᠂ ᠦᠢᠯᠡᠳᠦᠯ ᠨᠢ ᠲᠦᠷᠭᠡᠨ᠂ 2~3 ᠴᠠᠭ ᠤᠨ ᠲᠤᠳᠤᠷ᠎ᠠ ᠦᠢᠯᠡᠳᠦᠯ ᠦᠵᠡᠭᠦᠯᠳᠡᠭ᠃ ᠬᠤᠯᠤᠭᠠᠨ᠎ᠠ ᠬᠤᠷᠤᠬᠠᠢ ᠶᠢ ᠤᠰᠠᠳᠬᠠᠬᠤ ᠦᠢᠯᠡᠳᠦᠯ ᠲᠠᠢ᠂ ᠰᠠᠩ ᠭᠦᠮᠦᠷᠭᠡ ᠶᠢ ᠤᠳᠤᠪᠠᠯ ᠬᠤᠯᠤᠭᠠᠨ᠎ᠠ ᠬᠤᠷᠤᠬᠠᠢ ᠶᠢᠨ ᠭᠦᠨᠦᠭᠡᠯ ᠢ ᠬᠠᠮᠳᠤ ᠳᠤᠨᠢ ᠰᠢᠢᠳᠪᠤᠷᠢᠯᠡᠵᠤ ᠲᠠᠶᠢᠯᠦᠨ᠎ᠠ᠃ ᠭᠡᠷᠡᠭᠯᠡᠭᠦ ᠳᠤ ᠠᠮᠤᠷ ᠲᠦᠪᠰᠢᠨ᠂ ᠤᠷᠴᠢᠨ ᠲᠤᠭᠤᠷᠢᠨ ᠳᠤ ᠤᠷᠳᠤ ᠬᠤᠭᠤᠴᠠᠭᠠᠨ ᠤ ᠭᠦᠨᠦᠭᠡᠯ ᠦᠭᠡᠢ᠂ ᠬᠤᠶᠠᠷᠳᠡᠭᠢ ᠬᠤᠤᠷᠳ᠋ᠬᠠᠳᠠᠬᠤ ᠦᠵᠡᠭᠳᠡᠯ ᠦᠭᠡᠢ᠂ ᠮᠠᠯ ᠵᠢᠭᠦᠷᠳᠡᠨ ᠳᠤ ᠠᠶᠤᠯ ᠦᠭᠡᠢ ᠪᠠᠶᠢᠳᠠᠭ᠃ ᠲᠤᠳ᠋ᠬᠠᠳᠠᠯ ᠲᠠᠢ ᠲᠠᠯ᠎ᠠ ᠨᠢ ᠭᠡᠪᠡᠯ ᠶᠡᠭᠡ ᠭᠡᠮᠵᠢᠶᠠᠨ ᠤ ᠡᠮ ᠪᠠ ᠭᠦᠴᠤ ᠵᠠᠷᠤᠴᠠᠭᠤᠯᠳᠠᠭ ᠪᠦᠭᠡᠳ ᠨᠢᠠᠠᠳᠠ ᠪᠢᠳᠡᠭᠦᠮᠵᠢᠯᠡᠭᠦ ᠨᠦᠭᠦᠴᠡᠯ ᠴᠢᠬᠤᠯᠠ ᠲᠠᠢ ᠪᠠᠶᠢᠳᠠᠭ᠃ ᠭᠤᠤᠯ ᠨᠢ ᠨᠦᠭᠡ ᠶᠢᠨ ᠪᠦᠳᠦᠴᠡ ᠨᠢ ᠲᠦᠭᠦᠮ ᠲᠦᠳᠡ ᠬᠤᠯᠤᠭᠠᠨ᠎ᠠ ᠶᠢ ᠤᠰᠠᠳᠬᠠᠬᠤ ᠳᠤ ᠭᠡᠷᠡᠭᠯᠡᠵᠤ᠂ ᠨᠦᠭᠡᠨ ᠤ ᠭᠠᠳᠠᠨ᠎ᠠ ᠭᠦᠳᠡᠯᠭᠡᠭᠡᠨ ᠭᠢᠳᠡᠭ ᠬᠤᠯᠤᠭᠠᠨ᠎ᠠ ᠪᠤᠶᠤ ᠨᠦᠭᠡᠨ ᠳᠤ ᠬᠤᠨᠤᠳᠠᠭ ᠦᠭᠡᠢ ᠬᠤᠯᠤᠭᠠᠨ᠎ᠠ ᠳᠤ ᠭᠡᠷᠡᠭᠯᠡᠵᠤ ᠪᠤᠯᠳᠠᠭ ᠦᠭᠡᠢ᠃ ᠡᠶᠢᠮᠤ ᠠᠴᠠ ᠬᠤᠯᠤᠭᠠᠨ᠎ᠠ ᠶᠢᠨ ᠤᠳᠤᠵᠤ ᠤᠰᠠᠳᠬᠠᠬᠤ ᠠᠷᠭ᠎ᠠ ᠶᠢ ᠬᠤᠤᠷᠳᠤ ᠦᠭᠶᠦᠭᠡ ᠪᠠᠷ ᠤᠰᠠᠳᠬᠠᠬᠤ ᠶᠢᠨ ᠭᠢᠷᠢ ᠨᠡᠶᠢᠳᠡᠮ ᠭᠡᠷᠡᠭᠰᠡᠳᠡᠭ ᠦᠭᠡᠢ ᠶᠤᠮ᠃ ④ ᠭᠢᠮᠢ ᠶᠢᠨ ᠠᠷᠭ᠎ᠠ ᠪᠠᠷ ᠦᠯᠳᠡᠭᠦ᠄ ᠭᠢᠮᠢ ᠶᠢᠨ ᠡᠮ ᠢ ᠬᠠᠮᠠᠭᠠᠯᠠᠬᠤ ᠶᠠᠭᠤᠮ᠎ᠠ ᠲᠡᠭᠡᠷ᠎ᠡ ᠲᠦᠷᠭᠢᠵᠤ᠂ ᠬᠤᠯᠤᠭᠠᠨ᠎ᠠ ᠶᠢᠨ ᠠᠮᠠ ᠬᠤᠨᠭ᠍ᠰᠢᠶᠠᠷ ᠪᠤᠯᠤᠨ ᠭᠡᠯᠡ ᠨᠢ ᠦᠯᠳᠡᠭᠦ ᠡᠮ ᠳᠤ ᠭᠦᠷᠦᠮᠡᠭᠴᠡ ᠠᠮᠠᠨ ᠭᠦᠨᠳᠡᠢ ᠶᠢᠨ ᠰᠠᠯᠢᠰᠤᠳᠤ ᠪᠦᠷᠭᠦᠪᠴᠢ ᠳᠤᠨᠢ ᠰᠠᠳᠦᠯᠳᠠ ᠦᠭᠴᠤ᠂ ᠮᠠᠰᠢ ᠵᠤᠪᠠᠭᠠᠬᠤ ᠪᠦᠭᠡᠳ ᠴᠢᠨ᠋ᠬᠠᠰᠢᠯᠠᠪᠠᠯ ᠤᠰᠠᠳᠴᠦ᠂ ᠲᠠᠷᠠ ᠡᠳ᠋ ᠲᠠᠢ ᠲᠠᠭᠢᠨᠳᠡ ᠬᠠᠯᠳᠠᠬᠤ ᠦᠭᠡᠢ ᠪᠤᠯᠭᠠᠳᠠᠭ᠃ ᠬᠤᠯᠤᠭᠠᠨ᠎ᠠ ᠦᠯᠳᠡᠭᠦ ᠡᠮ ᠨᠢ ᠭᠦᠨᠦᠭᠡᠯᠳᠤ ᠬᠤᠯᠤᠭᠠᠨ᠎ᠠ ᠶᠢ ᠭᠠᠵᠠᠷ ᠤᠷᠤᠨ ᠠᠴᠠ ᠲᠠᠭᠤᠵᠤ ᠶᠠᠪᠤᠭᠤᠯᠬᠤ ᠪᠢᠰᠢ ᠬᠠᠷᠢᠨ ᠶᠠᠭᠤᠮ᠎ᠠ ᠶᠢ ᠲᠤᠷ᠎ᠠ ᠪᠠᠷ ᠢᠶᠠᠨ ᠮᠡᠷᠡᠵᠤ ᠭᠡᠮᠡᠯᠢᠭᠦ ᠶᠢ ᠨᠢ ᠬᠤᠷᠢᠠᠠᠯᠠᠨ᠎ᠠ᠃ ᠬᠤᠯᠤᠭᠠᠨ᠎ᠠ ᠦᠯᠳᠡᠭᠦ ᠭᠢᠮᠢ ᠶᠢᠨ ᠡᠮ ᠨᠢ ᠬᠤᠯᠤᠭᠠᠨ᠎ᠠ ᠶᠢ ᠤᠰᠠᠳᠬᠠᠬᠤ ᠪᠢᠰᠢ᠂ ᠵᠦᠪᠭᠡᠨ ᠬᠤᠯᠤᠭᠠᠨ᠎ᠠ ᠶᠢ ᠰᠡᠷᠭᠡᠶᠢᠯᠡᠭᠦ ᠨᠢᠭᠡᠨ ᠵᠦᠢᠯ ᠤᠨ ᠠᠷᠭ᠎ᠠ ᠪᠤᠯᠤᠨ᠎ᠠ᠃ ᠵᠢᠱᠢᠶᠡᠯᠡᠪᠡᠯ ᠰᠠᠴᠤᠷᠬᠠᠳᠤ ᠪᠢᠴᠢᠯ ᠺᠧᠲ᠋ᠤᠨ ᠵᠡᠷᠬᠡ ᠶᠢ ᠠᠪᠳᠠᠷ᠎ᠠ ᠬᠤᠷᠭᠤ᠂ ᠪᠠᠷᠠᠭᠠᠨ ᠤ ᠪᠤᠭᠤᠳᠠᠯ ᠪᠠᠭᠯᠠᠭ᠎ᠠ ᠲᠡᠭᠡᠷ᠎ᠡ ᠲᠦᠷᠭᠢᠵᠤ᠂ ᠲᠠᠷᠠᠮ᠂ ᠰᠺᠠᠷᠠᠳᠠᠨ ᠵᠡᠷᠭᠡ ᠶᠢ ᠲᠠᠷᠢᠮᠠᠯ ᠤᠨ ᠦᠷ᠎ᠡ᠂ ᠵᠢᠮᠢᠰ ᠤᠨ ᠴᠦᠮ᠎ᠠ᠂ ᠴᠢᠭᠢ᠂ ᠮᠤᠳᠤ᠂ ᠴᠠᠭᠢᠯᠭᠠᠨ ᠲᠡᠭᠡᠰᠤ᠂ ᠴᠠᠭᠢᠯᠭᠠᠨ ᠤᠳᠠᠰᠤᠨ ᠲᠡᠭᠡᠷ᠎ᠡ ᠲᠦᠷᠭᠢᠪᠡᠯ ᠬᠤᠯᠤᠭᠠᠨ᠎ᠠ ᠶᠢᠨ ᠭᠦᠨᠦᠭᠡᠯ ᠳᠤ ᠤᠴᠠᠷᠠᠬᠤ ᠦᠭᠡᠢ᠃ ᠬᠤᠯᠤᠭᠠᠨ᠎ᠠ ᠦᠯᠳᠡᠭᠦ ᠡᠮ ᠨᠢ ᠶᠠᠷᠦᠩᠭᠡᠢ ᠳᠡᠭᠡᠨ ᠦᠪᠠᠷ ᠤᠨ ᠦᠷᠳᠡᠭ ᠢᠶᠠᠷ ᠦᠨᠳᠤᠷ᠂ ᠦᠷ᠎ᠠ ᠪᠦᠳᠦᠭᠡᠯ ᠨᠢ ᠲᠠᠭᠠᠭᠠᠮᠠᠭᠠᠢ ᠪᠢᠰᠢ ᠪᠦᠭᠡᠳ ᠬᠤᠤᠷᠳᠤ ᠴᠢᠨᠠᠷ ᠨᠢ ᠶᠡᠭᠡ ᠪᠤᠯᠬᠤᠷ ᠮᠠᠰᠢ ᠴᠦᠭᠡᠨ ᠭᠡᠷᠡᠭᠯᠡᠳᠡᠭ᠃ ⑤ ᠭᠢᠮᠢ ᠶᠢᠨ ᠠᠷᠭ᠎ᠠ ᠪᠠᠷ ᠦᠷᠡᠵᠢᠯ ᠢ ᠨᠢ ᠲᠠᠰᠤᠯᠬᠤ᠄ ᠭᠦᠨᠦᠭᠡᠯᠳᠤ ᠬᠤᠯᠤᠭᠠᠨ᠎ᠠ ᠭᠢᠮᠢ ᠶᠢᠨ ᠦᠷᠡᠵᠢᠯ ᠲᠠᠰᠤᠯᠬᠤ ᠡᠮ ᠢ ᠢᠳᠡᠪᠡᠯ ᠦᠷᠡᠵᠢᠯ ᠨᠢ ᠲᠠᠰᠤᠷᠠᠭᠠᠳ᠂ ᠬᠤᠯᠤᠭᠠᠨ᠎ᠠ ᠶᠢᠨ ᠦᠷᠡᠵᠢᠭᠦ ᠨᠤᠷᠮ᠎ᠠ ᠨᠢ ᠦᠭᠦᠭᠦ ᠨᠤᠷᠮ᠎ᠠ ᠠᠴᠠ ᠪᠠᠨ ᠪᠠᠭᠠᠰᠴᠤ᠂ ᠲᠤᠭ᠎ᠠ ᠭᠡᠮᠵᠢᠶ᠎ᠠ ᠨᠢ ᠪᠠᠭᠤᠷᠠᠵᠤ᠂ ᠬᠤᠯᠤᠭᠠᠨ᠎ᠠ ᠶᠢᠨ ᠭᠦᠨᠦᠭᠡᠯ ᠢ ᠬᠤᠷᠢᠠᠠᠯᠠᠬᠤ ᠵᠤᠷᠢᠯᠭ᠎ᠠ ᠳᠤ ᠭᠦᠷᠳᠡᠭ᠃ ᠡᠨᠡ ᠪᠤᠯ ᠭᠢᠮᠢ ᠶᠢᠨ ᠠᠷᠭ᠎ᠠ ᠪᠠᠷ ᠰᠡᠷᠭᠡᠶᠢᠯᠡᠨ ᠵᠠᠰᠠᠬᠤ ᠰᠢᠨ᠎ᠠ ᠠᠷᠭ᠎ᠠ ᠵᠠᠮ ᠮᠦᠨ᠃ ᠤᠨᠤᠯ ᠤᠨ ᠲᠠᠯ᠎ᠠ ᠠᠴᠠ ᠠᠪᠴᠤ ᠭᠡᠯᠡᠪᠡᠯ᠂ ᠭᠡᠷᠪᠡ ᠬᠤᠯᠤᠭᠠᠨ᠎ᠠ ᠶᠢᠨ ᠰᠦᠷᠦᠭᠯᠡᠯ ᠤᠨ ᠲᠤᠳᠤᠷᠠᠭᠢ 90% ᠬᠤᠪᠢ ᠨᠢ ᠦᠷᠡᠵᠢᠯ ᠲᠠᠰᠤᠯᠬᠤ ᠡᠮ ᠢ ᠢᠳᠡᠭᠰᠡᠨ ᠠᠴᠠ ᠪᠤᠯᠵᠤ᠂ ᠦᠷᠡᠵᠢᠯ ᠤᠨ ᠴᠢᠳᠠᠪᠤᠷᠢ ᠪᠠᠨ ᠠᠯᠳᠠᠬᠤ ᠳᠤ ᠭᠦᠷᠪᠡᠯ ᠰᠦᠷᠦᠭᠯᠡᠯ ᠤᠨ ᠬᠤᠶᠢᠴᠢ ᠦᠶ᠎ᠠ ᠶᠢᠨ ᠦᠷᠡᠵᠢᠯ ᠤᠨ ᠪᠤᠯᠤᠮᠵᠢ ᠨᠢ ᠵᠦᠪᠭᠡᠨ 1% ᠯᠡ ᠪᠤᠯᠤᠨ᠎ᠠ᠃ ᠡᠶᠢᠮᠤ ᠠᠴᠠ ᠭᠢᠮᠢ ᠶᠢᠨ ᠦᠷᠡᠵᠢᠯ ᠲᠠᠰᠤᠯᠬᠤ ᠠᠷᠭ᠎ᠠ ᠪᠠᠷ ᠬᠤᠯᠤᠭᠠᠨ᠎ᠠ ᠶᠢ ᠤᠰᠠᠳᠬᠠᠬᠤ ᠨᠢ ᠮᠠᠰᠢ ᠰᠠᠶᠢᠨ ᠦᠷ᠎ᠠ ᠪᠦᠳᠦᠮᠵᠢ ᠲᠠᠢ ᠶᠤᠮ᠃ ᠭᠡᠪᠡᠴᠤ ᠪᠤᠳᠠᠳᠠᠢ ᠪᠠᠶᠢᠳᠠᠯ ᠲᠤᠩ ᠪᠤᠳᠤᠯᠢᠶᠠᠨ ᠲᠠᠢ ᠪᠤᠯᠬᠤᠷ ᠭᠠᠭᠴᠠ ᠭᠦ ᠶᠡᠭᠡ ᠭᠡᠪᠴᠢᠶᠠᠨ ᠤ ᠲᠤᠳᠤᠷ᠎ᠠ ᠦᠨᠳᠤᠷ ᠪᠦᠳᠦᠮᠵᠢᠳᠡᠢ ᠭᠢᠮᠢ ᠶᠢᠨ ᠦᠷᠡᠵᠢᠯ ᠲᠠᠰᠤᠯᠬᠤ ᠡᠮ ᠢ ᠭᠡᠷᠡᠭᠯᠡᠪᠡᠯ ᠰᠠᠶ᠋ᠢ ᠬᠤᠯᠤᠭᠠᠨ᠎ᠠ ᠤᠰᠠᠳᠬᠠᠬᠤ ᠨᠠᠯᠢᠶᠡᠳ ᠰᠠᠶᠢᠨ ᠦᠷ᠎ᠠ ᠪᠦᠳᠦᠭᠡᠯ ᠤᠯᠵᠤ ᠴᠢᠳᠠᠨ᠎ᠠ᠃ ᠭᠢᠮᠢ ᠶᠢᠨ ᠦᠷᠡᠵᠢᠯ ᠲᠠᠰᠤᠯᠬᠤ ᠡᠮ ᠤᠨ ᠱᠠᠭᠠᠷᠳᠠᠯᠭ᠎ᠠ ᠨᠢ ᠡᠩ ᠤᠨ ᠬᠤᠯᠤᠭᠠᠨ᠎ᠠ ᠤᠰᠠᠳᠬᠠᠬᠤ ᠡᠮ ᠤᠨ ᠱᠠᠭᠠᠷᠳᠠᠯᠭ᠎ᠠ ᠠᠴᠠ ᠴᠢᠩᠭ᠎ᠠ ᠪᠠᠶᠢᠳᠠᠭ᠃ ᠦᠷᠡᠵᠢᠯ ᠲᠠᠰᠤᠯᠬᠤ ᠰᠠᠶᠢᠨ ᠭᠢᠮᠢ ᠶᠢᠨ ᠡᠮ ᠢ ᠭᠡᠷᠡᠭᠯᠡᠭᠦ ᠳᠤ ᠡᠷᠭᠡᠪᠰᠢ ᠲᠤᠤᠷᠠᠭᠢ ᠨᠦᠭᠦᠴᠡᠯ ᠢ ᠪᠦᠷᠢᠳᠦᠭᠦᠯᠭᠦ ᠭᠡᠷᠡᠭᠳᠡᠢ᠃ ᠬᠠᠷᠠᠯᠳᠠᠳᠤ ᠠᠮᠢᠳᠠᠨ ᠳᠤ ᠰᠢᠯᠢᠯᠳᠡ ᠶᠢᠨ ᠦᠢᠯᠡᠳᠦᠯ ᠲᠠᠢ ᠪᠠᠶᠢᠵᠤ᠂ ᠬᠠᠷᠢᠨ ᠬᠠᠷᠠᠯᠳᠠᠳᠤ ᠪᠤᠰᠤ ᠠᠮᠢᠳᠡᠨ ᠳᠤ ᠦᠢᠯᠡᠳᠦᠯ ᠦᠭᠡᠢ ᠪᠠᠶᠢᠬᠤ ᠭᠡᠷᠡᠭᠳᠡᠢ᠃ ᠭᠦᠨᠦᠭᠡᠯᠳᠤ ᠡᠷ᠎ᠡ ᠡᠮ᠎ᠠ ᠬᠤᠯᠤᠭᠠᠨ᠎ᠠ ᠪᠤᠶᠤ ᠠᠯᠢ ᠪᠠᠭ᠎ᠠ ᠳᠠᠭᠠᠨ ᠡᠮ᠎ᠠ ᠬᠤᠯᠤᠭᠠᠨ᠎ᠠ ᠳᠤ ᠦᠢᠯᠡᠳᠦᠯ ᠲᠠᠢ ᠪᠠᠶᠢᠬᠤ ᠭᠡᠷᠡᠭᠳᠡᠢ᠃ ᠢᠳᠡᠪᠡᠯ ᠪᠦᠳᠦᠮᠵᠢᠳᠡᠢ ᠪᠠᠶᠢᠵᠤ᠂ ᠨᠢᠭᠡ ᠯᠠ ᠤᠳᠠᠭ᠎ᠠ ᠢᠳᠡᠪᠠᠯ᠂ ᠨᠠᠰᠤᠨ ᠲᠤᠷᠰᠢ ᠦᠷᠡᠵᠢᠯ ᠦᠭᠡᠢ ᠪᠤᠯᠭᠠᠬᠤ ᠭᠡᠷᠡᠭᠳᠡᠢ᠃ ᠬᠤᠯᠤᠭᠠᠨ᠎ᠠ ᠶᠢᠨ ᠪᠡᠯᠭᠡ ᠬᠠᠷᠢᠴᠠᠬᠤ ᠠᠵᠢᠯᠯᠠᠭ᠎ᠠ ᠶᠢ ᠨᠢ ᠨᠦᠯᠦᠭᠡᠯᠡᠭᠦ ᠦᠭᠡᠢ ᠪᠠᠶᠢᠬᠤ ᠭᠡᠷᠡᠭᠳᠡᠢ᠃ ᠰᠠᠶᠢᠬᠠᠨ ᠦᠨᠤᠷ ᠠᠮᠳᠠ ᠲᠠᠢ ᠪᠠᠶᠢᠯᠭᠠᠵᠤ᠂ ᠲᠤᠷᠠᠯᠠᠨ ᠢᠳᠡᠭᠦᠯᠭᠦ ᠭᠡᠷᠡᠭᠳᠡᠢ᠃ ᠦᠢᠯᠡᠳᠦᠯ ᠦᠵᠡᠭᠦᠯᠭᠦ ᠨᠢ ᠠᠯᠭᠤᠷ ᠤᠳᠠᠭᠠᠨ ᠪᠠᠶᠢᠬᠤ ᠭᠡᠷᠡᠭᠳᠡᠢ᠃ ᠭᠡᠷᠡᠭᠯᠡᠭᠦ ᠳᠤ ᠲᠦᠭᠦᠮ᠂ ᠦᠷᠡᠵᠢᠯ ᠤᠨ ᠦᠶᠡᠯᠡᠯ ᠤᠨ ᠭᠢᠵᠠᠭᠠᠷᠯᠠᠯ ᠦᠭᠡᠢ ᠪᠠᠶᠢᠬᠤ ᠭᠡᠷᠡᠭᠳᠡᠢ᠃ ᠦᠨ᠎ᠠ ᠦᠷᠳᠡᠭ ᠨᠢ ᠭᠢᠮᠳᠡ ᠪᠠᠶᠢᠬᠤ ᠭᠡᠷᠡᠭᠳᠡᠢ᠃ ᠭᠡᠪᠡᠴᠤ ᠤᠳᠤᠬᠠᠨ ᠳᠤ ᠡᠨᠡ ᠬᠦ ᠨᠦᠭᠦᠴᠡᠯ ᠳᠤ ᠪᠦᠷᠢᠮᠦᠰᠤᠨ ᠨᠡᠶᠢᠴᠡᠭᠰᠡᠨ ᠭᠢᠮᠢ ᠶᠢᠨ ᠨᠡᠶᠢᠯᠡᠯ ᠡᠳ᠋ ᠬᠠᠷᠠᠬᠠᠨ ᠦᠭᠡᠢ ᠪᠠᠶᠢᠠᠠᠰᠠᠭᠠᠷ᠃ ᠲᠤᠷᠰᠢᠯᠳᠡ ᠭᠢᠭᠰᠡᠨ ᠭᠢᠮᠢ ᠶᠢᠨ ᠦᠷᠡᠵᠢᠯ ᠲᠠᠰᠤᠯᠬᠤ ᠡᠮ ᠤᠨ ᠲᠤᠳᠤᠷ᠎ᠠ ᠡᠮ ᠬᠤᠯᠤᠭᠠᠨ᠎ᠠ ᠶᠢᠨ ᠦᠷᠡᠵᠢᠯ ᠢ ᠲᠠᠰᠤᠯᠬᠤ ᠭᠢᠮᠢ ᠶᠢᠨ ᠨᠡᠶᠢᠯᠡᠯ ᠡᠳ᠋ ᠭᠡᠪᠡᠯ ᠭᠤᠨᠠᠨ ᠴᠤᠠᠠᠴᠠ ᠶᠢᠨ ᠬᠤᠷᠮᠤᠨ ᠤ ᠲᠦᠷᠦᠯ᠂ ᠨᠡᠶᠢᠯᠡᠮᠡᠯ ᠭᠤᠨᠠᠨ ᠴᠤᠠᠠᠴᠠ ᠶᠢᠨ ᠬᠤᠷᠮᠤᠨ ᠤ ᠲᠦᠷᠦᠯ᠂ ᠭᠤᠨᠠᠨ ᠴᠤᠠᠠᠴᠠ ᠶᠢᠨ ᠪᠤᠰᠤ ᠭᠢᠮᠢ ᠶᠢᠨ ᠨᠡᠶᠢᠯᠡᠮᠡᠯ ᠡᠳ᠋ ᠵᠡᠷᠭᠡ ᠪᠤᠢ᠃ ᠡᠷ᠎ᠡ ᠬᠤᠯᠤᠭᠠᠨ᠎ᠠ ᠶᠢᠨ ᠦᠷᠡᠵᠢᠯ ᠢ ᠲᠠᠰᠤᠯᠬᠤ ᠭᠢᠮᠢ ᠶᠢᠨ ᠨᠡᠶᠢᠯᠡᠮᠡᠯ ᠡᠳ᠋ ᠭᠡᠪᠡᠯ᠂ ᠡᠲ᠋ᠢᠯ ᠲᠤᠳᠠᠭᠤ ᠠᠮᠢᠨ ᠪᠤᠯᠤᠨ ᠮᠧᠲ᠋ᠢᠯ ᠭᠦᠭᠦᠷ ᠭᠦᠴᠢᠯ ᠤᠨ ᠡᠰᠲ᠋ᠧᠷ ᠤᠨ ᠲᠦᠷᠦᠯ᠂ ᠨᠢᠲᠷᠤ᠋ ᠹᠦᠷᠡᠨ ᠤ ᠦᠷᠢᠯ᠂ ᠾᠯᠤᠷᠳᠤ ᠠᠯᠺᠤᠤᠯ ᠵᠡᠷᠭᠡ ᠪᠤᠢ᠃ ᠤᠳᠤᠬᠠᠨ ᠳᠤ ᠭᠢᠮᠢ ᠶᠢᠨ ᠦᠷᠡᠵᠢᠯ ᠲᠠᠰᠤᠯᠬᠤ ᠠᠷᠭ᠎ᠠ ᠪᠠᠷ ᠬᠤᠯᠤᠭᠠᠨ᠎ᠠ ᠶᠢᠨ ᠭᠦᠨᠦᠭᠡᠯ ᠢ ᠰᠡᠷᠭᠡᠶᠢᠯᠡᠨ ᠵᠠᠰᠠᠬᠤ ᠲᠤᠬᠠᠢ ᠰᠤᠳᠤᠯᠭᠠᠨ ᠢ ᠠᠷᠪᠢᠨ ᠭᠢᠵᠤ ᠪᠠᠶᠢᠪᠠᠴᠤ ᠦᠨᠤ ᠪᠤᠯᠳᠠᠯ᠎ᠠ ᠬᠤᠯᠤᠭᠠᠨ᠎ᠠ ᠶᠢᠨ ᠦᠷᠡᠵᠢᠯ ᠢ ᠲᠠᠰᠤᠯᠬᠤ ᠤᠯᠢᠠᠠᠳᠠᠢ ᠰᠠᠶᠢᠨ ᠡᠮ ᠢ ᠬᠠᠷᠠᠬᠠᠨ ᠡᠭᠦᠳᠦᠨ ᠭᠦᠭᠵᠢᠭᠦᠯᠦᠭᠡᠳᠦᠢ ᠪᠠᠶᠢᠬᠤ ᠲᠤᠯᠠ ᠦᠢᠯᠡᠳᠪᠤᠷᠢᠯᠡᠯ ᠪᠤᠯᠤᠨ ᠠᠮᠢᠳᠤᠷᠠᠯ ᠤᠨ ᠪᠤᠳᠠᠳᠤ ᠪᠠᠶᠢᠳᠠᠯ ᠤᠨ ᠲᠤᠮᠳᠠ ᠭᠢᠮᠢ ᠶᠢᠨ ᠦᠷᠡᠵᠢᠯ ᠲᠠᠰᠤᠯᠬᠤ ᠠᠷᠭ᠎ᠠ ᠪᠠᠷ ᠬᠤᠯᠤᠭᠠᠨ᠎ᠠ ᠶᠢ ᠰᠡᠷᠭᠡᠶᠢᠯᠡᠭᠦ ᠳᠤ ᠪᠠᠭ᠋ᠠᠨ ᠭᠦᠴᠢᠷ ᠲᠠᠢ ᠪᠠᠶᠢᠨ᠎ᠠ᠃ ᠦᠢᠯᠡᠳᠦᠯᠭᠡ ᠭᠡᠷᠡᠴᠢᠯᠡᠭᠰᠡᠨ ᠢᠶᠠᠷ ᠤᠬᠤᠷᠬᠠᠨ ᠬᠤᠭᠤᠴᠠᠭᠠᠨ ᠲᠤᠳᠤᠷ᠎ᠠ ︵1~2 ᠰᠠᠷ᠎ᠠ︶ ᠶᠡᠭᠡ ᠭᠡᠮᠵᠢᠶᠠᠨ ᠳᠤ ᠬᠤᠯᠤᠭᠠᠨ᠎ᠠ ᠤᠰᠠᠳᠬᠠᠬᠤ ᠭᠢᠮᠢ ᠶᠢᠨ ᠡᠮ ᠢ ᠭᠡᠷᠡᠭᠯᠡᠪᠡᠯ᠂ ᠬᠤᠯᠤᠭᠠᠨ᠎ᠠ ᠶᠢᠨ ᠨᠢᠠᠠᠳᠠᠴᠠ ᠶᠢᠨ ᠭᠡᠮᠵᠢᠶ᠎ᠠ ᠶᠢ ᠲᠠᠷᠤᠵᠤ᠂ ᠬᠤᠯᠤᠭᠠᠨ᠎ᠠ ᠶᠢᠨ ᠭᠦᠨᠦᠭᠡᠯ ᠢ ᠬᠤᠷᠢᠠᠠᠯᠠᠵᠤ ᠴᠢᠳᠠᠨ᠎ᠠ᠃ ᠭᠡᠪᠡᠴᠤ ᠬᠤᠯᠤᠭᠠᠨ᠎ᠠ ᠤᠰᠠᠳᠬᠠᠬᠤ ᠡᠮ ᠤᠨ ᠤᠯᠠᠩᠭᠢ ᠨᠢ ᠬᠤᠤᠷ ᠶᠡᠭᠡᠳᠡᠢ ᠡᠮ ᠪᠤᠯᠬᠤᠷ ᠭᠦᠮᠦᠨ ᠮᠠᠯ ᠢ ᠬᠤᠤᠷᠳᠠᠭᠤᠯᠬᠤ ᠨᠢ ᠴᠤ ᠭᠡᠴᠡᠭᠦᠤ᠂ ᠭᠦᠮᠦᠨ ᠮᠠᠯ ᠰᠢᠭᠤᠳ ᠠᠳᠡᠭᠦᠷᠡᠨ ᠢᠳᠡᠭᠦ ᠪᠤᠶᠤ ᠬᠤᠶᠠᠷᠳᠡᠭᠢ ᠬᠤᠤᠷᠳᠠᠯ ᠳᠤᠨᠢ ᠦᠭᠦᠭᠦ ᠪᠤᠯᠤᠨ᠎ᠠ᠃ ᠡᠶᠢᠮᠤ ᠠᠴᠠ ᠡᠷᠭᠡᠪᠰᠢ ᠬᠤᠯᠤᠭᠠᠨ᠎ᠠ ᠤᠰᠠᠳᠬᠠᠬᠤ ᠭᠢᠮᠢ ᠶᠢᠨ ᠡᠮ ᠤᠨ ᠠᠶᠤᠯ ᠦᠬᠡᠢ ᠴᠢᠨᠠᠷ ᠢ ᠲᠡᠭᠡᠳᠤ ᠭᠡᠮᠵᠢᠶ᠎ᠠ ᠪᠠᠷ ᠭᠦᠨᠳᠦᠳᠭᠡᠨ ᠦᠵᠡᠭᠦ ᠭᠡᠷᠡᠭᠳᠡᠢ᠃ ︵3︶ ᠬᠤᠯᠤᠭᠠᠨ᠎ᠠ ᠶᠢᠨ ᠭᠦᠨᠦᠭᠡᠯ ᠢ ᠭᠢᠮᠢ ᠶᠢᠨ ᠠᠷᠭ᠎ᠠ ᠪᠠᠷ ᠰᠡᠷᠭᠡᠶᠢᠯᠡᠨ ᠵᠠᠰᠠᠬᠤ ᠳᠤ ᠶᠠᠮᠠᠷ ᠡᠮ ᠢ ᠪᠠᠶᠢᠡᠭᠭᠤ ᠭᠡᠷᠡᠭᠯᠡᠳᠡᠭ ᠪᠤᠢ︖ ᠭᠢᠮᠢ ᠶᠢᠨ ᠠᠷᠭ᠎ᠠ ᠪᠠᠷ ᠰᠡᠷᠭᠡᠶᠢᠯᠡᠨ ᠵᠠᠰᠠᠬᠤ ᠳᠤ ᠦᠷᠭᠦᠯᠵᠢ ᠭᠡᠷᠡᠭᠯᠡᠳᠡᠭ ᠡᠮ ᠭᠡᠪᠡᠯ ᠲᠤᠤᠷᠠᠭᠢ ᠮᠡᠳᠤ ᠭᠡᠳᠦᠨ ᠵᠦᠢᠯ ᠪᠠᠶᠢᠨ᠎ᠠ᠃ ① ᠱᠠ ᠱᠦ᠋ ᠯᠢᠩ ︵杀鼠灵︶᠂ ᠪᠠᠰᠠ ᠮᠢᠶᠧ ᠱᠦ᠋ ᠯᠢᠩ ︵灭鼠灵︶ ᠭᠡᠳᠡᠭ᠃ ᠨᠢᠭᠡᠳᠦᠭᠡᠷ ᠦᠶ᠎ᠠ ᠶᠢᠨ ᠴᠢᠰᠤ ᠡᠭᠡᠳᠡᠬᠦᠯᠭᠦ ᠬᠤᠯᠤᠭᠠᠨ᠎ᠠ ᠶᠢᠨ ᠡᠮ᠃ ᠬᠤᠯᠤᠭᠠᠨ᠎ᠠ ᠶᠢ ᠬᠤᠤᠷᠳᠠᠭᠤᠯᠬᠤ ᠨᠢ ᠰᠠᠶᠢᠨ᠂ ᠠᠮᠳᠠᠯᠢᠭ᠂ ᠬᠤᠯᠤᠭᠠᠨ᠎ᠠ ᠡᠮ ᠢ ᠢᠳᠡᠭᠰᠡᠨ ᠤ ᠰᠡᠭᠦᠯᠡᠷ ᠲᠤᠳᠤᠷ᠎ᠠ ᠨᠢ ᠴᠢᠰᠤ ᠭᠠᠷᠤᠭᠠᠳ ᠭᠦᠳᠡᠯᠭᠦ ᠳᠤ ᠭᠦᠴᠢᠷ ᠲᠠᠢ ᠪᠤᠯᠳᠠᠭ ᠪᠤᠯᠪᠠᠴᠦ ᠮᠦᠨ ᠯᠡ ᠭᠦᠷᠴᠤ ᠢᠷᠡᠨ ᠢᠳᠡᠳᠡᠭ᠃ ᠡᠶᠢᠮᠤ ᠠᠴᠠ ᠬᠤᠯᠤᠭᠠᠨ᠎ᠠ ᠤᠰᠠᠳᠬᠠᠬᠤ ᠪᠦᠳᠦᠮᠵᠢ ᠪᠠᠷ ᠮᠠᠰᠢ ᠦᠨᠳᠤᠷ ᠪᠠᠶᠢᠳᠠᠭ᠃ ᠲᠤᠰ ᠡᠮ ᠨᠢ ᠬᠤᠯᠤᠭᠠᠨ᠎ᠠ ᠶᠢ ᠠᠯᠠᠬᠤ ᠦᠢᠯᠡᠳᠦᠯ ᠨᠢ ᠤᠳᠠᠭᠠᠨ᠂ ᠶᠠᠷᠦᠩᠭᠡᠢ ᠳᠡᠭᠡᠨ ᠬᠤᠤᠷ ᠲᠠᠯᠪᠢᠠᠠᠰᠠᠨ ᠤ ᠰᠡᠭᠦᠯᠡᠷ ᠭᠤᠷᠪᠡᠳᠤᠭᠠᠷ ᠡᠳᠤᠷ ᠠᠴᠠ ᠰᠠᠶ᠋ᠢ ᠦᠭᠦᠭᠰᠡᠨ ᠬᠤᠯᠤᠭᠠᠨ᠎ᠠ ᠶᠢ ᠤᠯᠵᠤ ᠬᠠᠷᠠᠵᠤ᠂ ᠲᠠᠪᠤ ᠠᠴᠠ ᠲᠤᠯᠤᠭᠠᠠ ᠡᠳᠤᠷ ᠲᠤ ᠦᠭᠦᠭᠦ ᠤᠷᠭᠢᠯ ᠨᠢ ᠪᠤᠯᠳᠠᠭ᠃ ᠱᠠ ᠱᠦ᠋ ᠯᠢᠩ ᠢ ᠭᠤᠤᠯᠳᠠᠭᠤ ᠭᠡᠷ ᠤᠨ ᠬᠤᠯᠤᠭᠠᠨ᠎ᠠ ᠶᠢ ᠤᠰᠠᠳᠬᠠᠬᠤ ᠳᠤ ᠭᠡᠷᠡᠭᠯᠡᠨ᠎ᠡ᠃ ᠦᠭᠡᠷ᠂ ᠬᠤᠨᠢ᠂ ᠲᠠᠭᠢᠶ᠎ᠠ᠂ ᠭᠠᠯᠠᠭᠤ ᠶᠢ ᠬᠤᠤᠷᠳᠠᠭᠤᠯᠬᠤ ᠨᠢ ᠨᠡᠯᠢᠶᠡᠳ ᠪᠠᠭ᠎ᠠ ᠲᠤᠯᠠ ᠪᠠᠰᠠ ᠮᠠᠯ ᠵᠢᠭᠦᠷᠳᠡᠨ ᠤ ᠲᠠᠯᠠᠪᠤᠷ ᠤᠨ ᠬᠤᠯᠤᠭᠠᠨ᠎ᠠ ᠶᠢ ᠤᠰᠠᠳᠬᠠᠬᠤ ᠳᠤ ᠭᠡᠷᠡᠭᠯᠡᠵᠤ ᠪᠤᠯᠤᠨ᠎ᠠ᠃ ᠭᠡᠪᠡᠴᠤ ᠭᠠᠭ᠋ᠠᠢ ᠲᠡᠭᠦᠨ ᠳᠤ ᠮᠠᠰᠢ ᠰᠡᠳᠤᠯᠳᠡ ᠲᠠᠢ ᠪᠠᠶᠢᠳᠠᠭ᠃ ᠠᠶᠢᠯ ᠭᠡᠷ᠂ ᠦᠷᠦᠭᠡ ᠲᠠᠰᠤᠯᠭ᠎ᠠ ᠲᠤᠳᠤᠷ᠎ᠠ ᠪᠤᠯ ᠶᠠᠷᠦᠩᠭᠡᠢ ᠳᠡᠭᠡᠨ ᠲᠠᠰᠤᠯᠭ᠎ᠠ ᠪᠦᠷᠢ ︵15 ㎡︶ 0.05% ᠶᠢᠨ ᠬᠤᠤᠷᠳᠤ ᠦᠭᠶᠦᠭᠡ ᠶᠢ 60~100g ᠭᠡᠰᠡᠭᠯᠡᠵᠤ᠂ 5~8 ᠭᠡᠰᠡᠭ ᠬᠤᠪᠢᠶᠠᠨ ᠲᠠᠯᠪᠢᠨ᠎ᠠ᠃ ᠲᠠᠷᠢᠶᠠᠨ ᠭᠠᠵᠠᠷ ᠪᠤᠯ ᠶᠠᠷᠦᠩᠭᠡᠢ ᠳᠡᠭᠡᠨ 0.05% ᠶᠢᠨ ᠬᠤᠤᠷᠳᠤ ᠦᠭᠶᠦᠭᠡ ᠶᠢ 3~5g ᠬᠤᠪᠢᠶᠠᠨ ᠭᠡᠰᠡᠭᠯᠡᠵᠤ᠂ ᠾᠧᠺᠲ᠋ᠠᠷ ᠪᠦᠷᠢ 3000g ᠤᠷᠴᠢᠮ ᠲᠠᠯᠪᠢᠨ᠎ᠠ᠃ ᠱᠠ ᠱᠦ᠋ ᠯᠢᠩ ︵杀鼠灵︶ ᠡᠮ ᠤᠨ ᠬᠤᠤᠷᠳᠤ ᠦᠭᠶᠦᠭᠡ ᠶᠢᠨ ᠦᠳᠭᠡᠴᠡ ᠶᠢ 0.05% ᠠᠴᠠ ᠭᠡᠳᠦᠷᠡᠭᠦᠯᠵᠤ ᠪᠤᠯᠬᠤ ᠦᠭᠡᠢ᠃ ᠦᠳᠭᠡᠴᠡ ᠨᠢ ᠭᠡᠳᠦᠷᠭᠡᠢ ᠦᠨᠳᠤᠷ ᠪᠤᠯᠪᠠᠯ᠂ ᠢᠳᠡᠭᠦ ᠲᠤᠷᠠᠰᠢᠯ ᠢ ᠪᠠᠭᠤᠷᠠᠭᠤᠯᠵᠤ᠂ ᠬᠤᠯᠤᠭᠠᠨ᠎ᠠ ᠶᠢ ᠤᠰᠠᠳᠬᠠᠬᠤ ᠦᠷ᠎ᠠ ᠪᠦᠳᠦᠮᠵᠢ ᠶᠢ ᠲᠡᠭᠡᠭᠰᠢᠯᠡᠭᠦᠯᠵᠤ ᠴᠢᠳᠠᠬᠤ ᠦᠭᠡᠢ ᠮᠦᠷᠳᠡᠭᠡᠨ ᠭᠡᠳᠡᠷᠭᠦ ᠪᠠᠨ ᠪᠤᠰᠤᠳ ᠠᠮᠢᠳᠡᠨ ᠢ ᠬᠤᠤᠷᠳᠠᠭᠤᠯᠬᠤ ᠠᠶᠤᠯ ᠢ ᠨᠡᠮᠡᠭᠳᠡᠭᠦᠯᠭᠦ ᠪᠤᠯᠤᠨ᠎ᠠ᠃ ᠦᠭᠶᠦᠭᠡ ᠲᠠᠯᠪᠢᠠᠠᠰᠠᠨ ᠤ 48 ᠴᠠᠭ ᠤᠨ ᠲᠠᠷᠠᠭ᠎ᠠ ᠪᠠᠶᠢᠴᠠᠭᠠᠭᠠᠳ᠂ ᠢᠳᠡᠭᠳᠡᠭᠰᠡᠨ ᠬᠤᠤᠷᠳᠤ ᠦᠭᠶᠦᠭᠡ ᠶᠢ ᠨᠦᠭᠦᠨ ᠲᠠᠯᠪᠢᠵᠤ᠂ ᠪᠦᠭᠦᠳᠡ ᠶᠢ ᠨᠢ ᠢᠳᠡᠭᠰᠡᠨ ᠪᠤᠯ ᠲᠠᠭᠢᠨ ᠢᠶᠠᠷ ᠨᠡᠮᠡᠨ ᠨᠦᠭᠦᠭᠦ ᠭᠡᠷᠡᠭᠳᠡᠢ᠃ ② ᠱᠠ ᠱᠦ᠋ ᠮᠢ ︵杀鼠迷︶᠂ ᠪᠠᠰᠠ ᠯᠢ ᠺᠧ ᠮᠢᠩ ︵立克命︶᠂ ᠳ᠋ᠦ᠋ ᠱᠦ᠋ ᠰᠧ ︵毒鼠死︶ ᠭᠡᠳᠡᠭ᠂ ᠨᠢᠭᠡᠳᠦᠭᠡᠷ ᠦᠶ᠎ᠠ ᠶᠢᠨ ᠴᠢᠰᠤ ᠡᠭᠡᠳᠡᠬᠦᠯᠭᠦ ᠬᠤᠯᠤᠭᠠᠨ᠎ᠠ ᠤᠰᠠᠳᠬᠠᠬᠤ ᠡᠮ ᠮᠦᠨ᠃ ᠬᠤᠯᠤᠭᠠᠨ᠎ᠠ ᠶᠢ ᠬᠤᠤᠷᠳᠠᠭᠤᠯᠬᠤ ᠨᠢ ᠶᠡᠭᠡ᠂ ᠬᠠᠷᠠᠯᠳᠠ ᠤᠯᠠᠨ ᠲᠠᠢ᠂ ᠢᠳᠡᠭᠦ ᠲᠤᠷᠠᠰᠢᠯ ᠢᠶᠠᠷ ᠱᠠ ᠱᠦ᠋ ᠯᠢᠩ ᠠᠴᠠ ᠲᠠᠪᠠᠭᠤᠯᠢᠭ ᠪᠠᠶᠢᠵᠤ᠂ ᠬᠤᠶᠠᠷᠳᠡᠭᠢ ᠬᠤᠤᠷᠳᠠᠯ ᠤᠨ ᠦᠵᠡᠭᠳᠡᠯ ᠦᠭᠡᠢ᠃ ᠨᠠᠶᠢᠷᠠᠭᠤᠯᠤᠠᠠᠰᠠᠨ ᠬᠤᠤᠷᠳᠤ ᠦᠭᠶᠦᠭᠡ ᠨᠢ ᠪᠠᠨᠠᠨᠠ ᠶᠢᠨ ᠦᠨᠤᠷ ᠲᠠᠢ᠂ ᠬᠤᠯᠤᠭᠠᠨ᠎ᠠ ᠶᠢᠨ ᠲᠦᠷᠦᠯ ᠢ ᠦᠳᠦᠭᠡᠨ ᠲᠠᠳᠠᠬᠤ ᠦᠢᠯᠡᠳᠦᠯ ᠲᠠᠢ᠃ ᠢᠳᠡᠭᠦ ᠦᠭᠡᠢ ᠪᠠᠶᠢᠬᠤ ᠦᠵᠡᠭᠳᠡᠯ ᠦᠭᠡᠢ᠃ ᠡᠪᠡᠳᠴᠢᠨ ᠢ ᠲᠠᠷᠤᠬᠤ ᠬᠤᠯᠤᠭᠠᠨ᠎ᠠ ᠳᠤ ᠴᠤ ᠦᠢᠯᠡᠳᠦᠯ ᠲᠠᠢ ᠪᠠᠶᠢᠳᠠᠭ᠃ 0.75% ᠶᠢᠨ ᠨᠤᠨᠳᠠᠭ ᠡᠮ ᠢ ᠬᠤᠯᠤᠭᠠᠨ᠎ᠠ ᠶᠢᠨ ᠨᠦᠭᠡ ᠪᠤᠶᠤ ᠬᠤᠯᠤᠭᠠᠨ᠎ᠠ ᠶᠢᠨ ᠭᠦᠳᠡᠯᠭᠡᠭᠡᠨ ᠭᠢᠳᠡᠭ ᠭᠠᠵᠠᠷ ᠲᠠᠯᠠᠪᠤᠷ ᠲᠤ ᠰᠠᠴᠤᠬᠤ ᠪᠠ ᠭᠦᠨᠳᠡᠵᠤ ᠦᠭᠦᠭᠦᠯᠭᠦ ᠦᠢᠯᠡᠳᠦᠯ ᠢ ᠠᠰᠢᠠᠠᠯᠠᠨ ᠭᠡᠷ ᠤᠨ ᠬᠤᠯᠤᠭᠠᠨ᠎ᠠ᠂ ᠭᠦᠷᠡᠩ ᠬᠤᠯᠤᠭᠠᠨ᠎ᠠ᠂ ᠤᠠᠠᠳᠤᠢ ᠵᠡᠷᠭᠡ ᠶᠢ ᠤᠰᠠᠳᠬᠠᠵᠤ ᠪᠤᠯᠤᠨ᠎ᠠ᠃ ᠭᠡᠷ ᠤᠨ ᠬᠤᠯᠤᠭᠠᠨ᠎ᠠ ᠶᠢ ᠤᠰᠠᠳᠬᠠᠬᠤ ᠳᠤ 0.037% ᠶᠢᠨ ᠬᠤᠤᠷᠳᠤ ᠦᠭᠶᠦᠭᠡ ᠶᠢ ᠭᠡᠷᠡᠭᠯᠡᠵᠤ᠂ ᠦᠭᠶᠦᠭᠡ ᠪᠦᠷᠢ ᠳᠤ 3~5g ᠲᠤᠰᠤᠭᠠᠨ᠎ᠠ᠃ ᠭᠡᠭᠡᠷ᠎ᠡ ᠶᠢᠨ ᠦᠭᠡᠷ ᠤᠠᠠᠳᠤᠢ᠂ ᠰᠢᠷ᠎ᠠ ᠬᠤᠯᠤᠭᠠᠨ᠎ᠠ ᠶᠢ ᠤᠰᠠᠳᠬᠠᠬᠤ ᠳᠤ ᠦᠭᠶᠦᠭᠡ ᠪᠦᠷᠢ 0.037% ᠶᠢᠨ ᠡᠮ ᠢ 3g ᠲᠤᠰᠤᠭᠠᠬᠤ ᠪᠠ ᠡᠰᠡᠭᠦᠯ᠎ᠠ 2~3g 0.037% ᠶᠢᠨ ᠬᠤᠤᠷᠳᠤ ᠦᠭᠶᠦᠭᠡ ᠪᠠᠷ ᠭᠢᠨᠭ᠍ᠭᠠᠨ ᠰᠢᠷ᠎ᠠ ᠬᠤᠯᠤᠭᠠᠨ᠎ᠠ᠂ ᠤᠷᠳᠤ ᠭᠢᠮᠤᠰᠤᠳᠤ ᠡᠯᠡᠰᠦᠴᠢ ᠬᠤᠯᠤᠭᠠᠨ᠎ᠠ ᠶᠢ ᠤᠰᠠᠳᠬᠠᠨ᠎ᠠ᠃ ᠬᠤᠤᠷ ᠲᠠᠯᠪᠢᠬᠤ ᠳᠠᠭᠠᠨ ᠲᠠᠭᠢᠶ᠎ᠠ ᠭᠠᠭ᠋ᠠᠢ ᠶᠢᠨ ᠲᠠᠵᠢᠭᠡᠯ ᠪᠤᠷᠳᠤᠭ᠎ᠠ ᠳᠤ ᠤᠶᠢᠷᠠᠳᠤᠭᠤᠯᠬᠤ ᠠᠴᠠ ᠭᠢᠴᠢᠶᠡᠵᠤ᠂ ᠮᠠᠯ ᠵᠢᠭᠦᠷᠳᠡᠨ ᠬᠤᠤᠷᠳᠤ ᠦᠭᠶᠦᠭᠡ ᠳᠤ ᠤᠶᠢᠷᠠᠳᠤᠬᠤ ᠶᠢ ᠠᠯᠢ ᠴᠢᠳᠠᠬᠤ ᠪᠠᠷ ᠬᠤᠷᠢᠠᠠᠯᠠᠬᠤ ᠭᠡᠷᠡᠭᠳᠡᠢ᠃ ᠭᠡᠷᠪᠡ ᠬᠤᠤᠷᠳ᠋ᠬᠠᠳ᠋ᠬᠠᠰᠠᠨ ᠢ ᠤᠯᠵᠤ ᠮᠡᠳᠡᠪᠡᠯ᠂ ᠸᠢᠲ᠋ᠠᠮᠢᠨ K1 ᠡᠮ ᠢ ᠴᠢᠳᠬᠤᠨ ᠦᠭᠴᠤ᠂ ᠬᠤᠤᠷ ᠢ ᠨᠢ ᠲᠠᠶᠢᠯᠵᠤ ᠪᠤᠯᠤᠨ᠎ᠠ᠃ ③ ᠳ᠋ᠢ ᠱᠦ᠋ ︵敌鼠︶ ᠡᠮ᠂ ᠪᠠᠰᠠ ᠶᠧ ᠱᠦ᠋ ᠵᠢᠩ ︵野鼠净︶ ᠭᠡᠳᠡᠭ᠃ ᠬᠠᠯᠠᠭᠤᠨ ᠱᠦᠯᠳᠤ ᠳᠤ ᠤᠴᠠᠷᠠᠪᠠᠯ ᠳ᠋ᠢ ᠱᠦ᠋ ᠨᠠᠲᠷᠢᠳᠤ ᠲᠠᠪᠤᠰᠤ ᠪᠤᠯᠳᠠᠭ᠃ ᠳ᠋ᠢ ᠱᠦ᠋ ᠨᠠᠲᠷᠢᠳᠤ ᠲᠠᠪᠤᠰᠤ ᠪᠤᠯ ᠪᠠᠶᠢᠡᠭᠭᠤ ᠭᠡᠷᠡᠭᠯᠡᠳᠡᠭ ᠡᠮ ᠮᠦᠨ ᠪᠦᠭᠡᠳ ᠨᠢᠭᠡᠳᠦᠭᠡᠷ ᠦᠶ᠎ᠠ ᠶᠢᠨ ᠴᠢᠰᠤ ᠡᠭᠡᠳᠡᠬᠦᠯᠬᠦ ᠬᠤᠯᠤᠭᠠᠨ᠎ᠠ ᠤᠰᠠᠳᠬᠠᠬᠤ ᠡᠮ ᠪᠤᠯᠤᠨ᠎ᠠ᠃ ᠬᠤᠯᠤᠭᠠᠨ᠎ᠠ ᠶᠢᠨ ᠬᠤᠳᠤᠭᠤᠳᠤ ᠶᠢ ᠬᠤᠤᠷᠳᠠᠭᠤᠯᠬᠤ ᠨᠡᠯᠢᠶᠡᠳ ᠴᠢᠩᠭ᠎ᠠ ᠦᠢᠯᠡᠳᠦᠯ ᠲᠠᠢ᠂ ᠢᠳᠡᠰᠢᠨ ᠲᠤᠷᠠᠰᠢᠯ ᠢᠶᠠᠷ ᠰᠠᠶᠢᠨ᠂ ᠬᠤᠯᠤᠭᠠᠨ᠎ᠠ ᠠᠯᠠᠬᠤ ᠦᠢᠯᠡᠳᠦᠯ ᠨᠢ ᠤᠳᠠᠭᠠᠨ᠂ ᠬᠤᠤᠷᠳ᠋ᠬᠠᠳᠠᠭᠰᠠᠳ ᠲᠤ ᠡᠪᠡᠳᠴᠢᠨ ᠤ ᠰᠢᠷᠦᠭᠦᠨ ᠪᠠᠶᠢᠳᠠᠯ ᠦᠭᠡᠢ᠂ ᠠᠳᠠᠯᠢ ᠲᠦᠷᠦᠯ ᠤᠨ ᠪᠤᠰᠤᠳ ᠬᠤᠯᠤᠭᠠᠨ᠎ᠠ ᠨᠢ ᠰᠠᠷᠠᠵᠤ ᠮᠡᠳᠡᠳᠡᠭ ᠦᠭᠡᠢ ᠪᠠᠶᠢᠵᠤ᠂ ᠡᠭᠦᠨ ᠤ ᠤᠯᠠᠮ ᠢᠶᠠᠷ ᠤᠯᠠᠩᠭᠢ ᠨᠢ ᠦᠭᠦᠭᠦ ᠭᠡᠮᠵᠢᠶᠠᠨ ᠳᠤ ᠭᠦᠷᠳᠡᠯ᠎ᠠ ᠢᠳᠡᠭᠦ ᠲᠤᠯᠠ ᠬᠤᠯᠤᠭᠠᠨ᠎ᠠ ᠶᠢ ᠨᠡᠯᠢᠶᠡᠳ ᠲᠦᠢᠯᠪᠤᠷᠢᠳᠡᠢ ᠤᠰᠠᠳᠬᠠᠳᠠᠭ᠃ ᠡᠶᠢᠮᠤ ᠠᠴᠠ ᠦᠢᠯᠡᠳᠪᠤᠷᠢᠯᠡᠯ ᠤᠨ ᠲᠠᠯ᠎ᠠ ᠪᠠᠷ ᠳ᠋ᠢ ᠱᠦ᠋ ᠨᠠᠲᠷᠢᠳᠤ ᠲᠠᠪᠤᠰᠤᠳᠤ ᠡᠮ ᠢ ᠨᠢᠬᠡ ᠯᠠ ᠲᠡᠭᠡᠷ᠎ᠠ ᠬᠠᠨᠤᠮᠠᠯ ᠲᠠᠯᠪᠢᠬᠤ ᠨᠢ ᠭᠦᠳᠡᠯᠮᠤᠷᠢ ᠭᠦᠴᠤ ᠳᠤ ᠠᠷᠪᠢᠳᠡᠢ᠂ ᠦᠪᠠᠷ ᠤᠨ ᠦᠷᠳᠡᠭ ᠨᠢ ᠭᠢᠮᠳᠡ ᠶᠤᠮ᠃ ᠭᠡᠷ ᠤᠨ ᠬᠤᠯᠤᠭᠠᠨ᠎ᠠ ᠶᠢ ᠣᠰᠠᠳᠬᠠᠬᠤ ᠳᠤ ᠦᠭᠶᠦᠭᠡ ᠪᠦᠷᠢ 0.05% ᠶᠢᠨ ᠬᠤᠤᠷᠳᠤ ᠦᠭᠶᠦᠭᠡ ᠶᠢ 10g ᠤᠷᠴᠢᠮ ᠭᠡᠷᠡᠭᠯᠡᠵᠤ᠂ ᠭᠡᠷ ᠤᠨ ᠭᠠᠳᠠᠨ᠎ᠠ ᠪᠤᠯ ᠦᠭᠶᠦᠭᠡ ᠪᠦᠷᠢ 6g ᠭᠡᠷᠡᠭᠯᠡᠭᠦ ᠭᠡᠷᠡᠭᠳᠡᠢ᠃ ᠲᠠᠷᠢᠶᠠᠨ ᠬᠤᠯᠤᠭᠠᠨ᠎ᠠ ᠶᠢ ᠤᠰᠠᠳᠬᠠᠬᠤ ᠳᠤ ᠶᠠᠷᠦᠩᠭᠡᠢ ᠳᠡᠭᠡᠨ ᠬᠤᠯᠤᠭᠠᠨ᠎ᠠ ᠶᠢᠨ ᠨᠦᠭᠡ ᠪᠦᠷᠢ 0.05% ᠶᠢᠨ ᠬᠤᠤᠷᠳᠤ ᠦᠭᠶᠦᠭᠡ ᠶᠢ 10~20g ᠲᠠᠯᠪᠢᠬᠤ ᠪᠠ 5~10m ᠪᠦᠷᠢ 1 ᠭᠡᠰᠡᠭ ᠬᠠᠶᠠᠵᠤ᠂ ᠭᠡᠰᠡᠭ ᠪᠦᠷᠢ ᠶᠢ 10g ᠤᠷᠴᠢᠮ ᠪᠠᠶᠢᠯᠭᠠᠵᠤ᠂ ᠦᠭᠶᠦᠭᠡ ᠪᠠᠨ ᠵᠢᠭᠳᠡᠭᠡᠨ ᠬᠠᠶᠠᠬᠤ ᠭᠡᠷᠡᠭᠳᠡᠢ᠃ ᠮᠤᠤᠷ᠂ ᠨᠤᠬᠠᠢ᠂ ᠲᠠᠤᠯᠠᠢ ᠡᠨᠡ ᠡᠮ ᠳᠤ ᠰᠡᠷᠭᠡᠭ ᠪᠠᠶᠢᠳᠠᠭ᠃ ᠡᠭᠦᠨ ᠤ ᠬᠠᠮᠳᠤ ᠪᠠᠰᠠ ᠬᠤᠶᠠᠷᠳᠡᠭᠢ ᠬᠤᠤᠷᠳᠠᠯ ᠤᠨ ᠦᠵᠡᠭᠳᠡᠯ ᠲᠠᠢ᠂ ᠡᠶᠢᠮᠤ ᠠᠴᠠ ᠬᠤᠤᠷᠳᠠᠬᠳᠠᠵᠤ ᠦᠭᠦᠭᠰᠡᠨ ᠬᠤᠯᠤᠭᠠᠨ᠎ᠠ ᠶᠢ ᠭᠦᠨ ᠪᠤᠯᠠᠬᠤ ᠭᠡᠷᠡᠭᠳᠡᠢ᠃ ④ ᠯᠤ᠋ ᠱᠦ᠋ ᠲᠦᠩ ︵氯鼠酮︶ ᠡᠮ᠂ ᠪᠠᠰᠠ ᠳ᠋ᠢ ᠱᠦ᠋ ᠡᠮ ᠭᠡᠳᠡᠭ᠂ ᠨᠢᠭᠡᠳᠦᠭᠡᠷ ᠦᠶ᠎ᠠ ᠶᠢᠨ ᠴᠢᠰᠤ ᠡᠭᠡᠳᠡᠬᠦᠯᠬᠦ ᠬᠤᠯᠤᠭᠠᠨ᠎ᠠ ᠤᠰᠠᠳᠬᠠᠬᠤ ᠡᠮ ᠳᠤ ᠬᠠᠷᠢᠶᠠᠯᠬᠠᠳᠠᠨ᠎ᠠ᠃ ᠬᠤᠯᠤᠭᠠᠨ᠎ᠠ ᠶᠢ ᠬᠤᠤᠷᠳᠠᠭᠤᠯᠬᠤ ᠢᠳᠡ ᠪᠠᠷ ᠳ᠋ᠢ ᠱᠦ᠋ ᠨᠠᠲᠷᠢᠳᠤ ᠲᠠᠪᠤᠰᠤᠨ ᠡᠮ ᠠᠴᠠ 10 ᠲᠠᠭᠢᠨ ᠪᠠᠶᠢᠳᠠᠭ᠃ ᠢᠳᠡᠭᠦ ᠲᠤᠷᠠᠰᠢᠯ ᠢᠶᠠᠷ ᠨᠡᠯᠢᠶᠡᠳ ᠰᠠᠶᠢᠨ᠂ ᠦᠢᠯᠡᠳᠦᠯ ᠤᠳᠠᠭᠠᠪᠳᠤᠷ᠂ ᠬᠤᠯᠤᠭᠠᠨ᠎ᠠ ᠶᠢ ᠶᠡᠭᠡ ᠪᠠᠷ ᠤᠰᠠᠳᠬᠠᠠᠠᠰᠠᠨ ᠲᠠᠤᠭᠡ ᠲᠠᠢ᠂ ᠨᠢᠭᠡ ᠯᠠ ᠤᠳᠠᠭ᠎ᠠ ᠳᠤ ᠬᠠᠨᠤᠮᠠᠯ ᠬᠤᠤᠷ ᠲᠠᠯᠪᠢᠵᠤ ᠪᠤᠯᠤᠨ᠎ᠠ᠃ ᠲᠤᠰᠤᠨ ᠳᠤ ᠠᠭᠤᠰᠬᠤ ᠪᠠᠷ ᠰᠠᠶᠢᠨ᠂ ᠤᠰᠤᠨ ᠳᠤ ᠠᠭᠤᠰᠬᠤ ᠪᠠᠷ ᠠᠨᠠᠢ ᠲᠤᠯᠠ ᠪᠤᠷᠤᠭᠠᠨ ᠳᠤ ᠨᠤᠷᠬᠤ ᠠᠴᠠ ᠠᠶᠤᠬᠤ ᠦᠭᠡᠢ᠂ ᠭᠡᠭᠡᠷ᠎ᠡ ᠶᠢᠨ ᠬᠤᠯᠤᠭᠠᠨ᠎ᠠ ᠶᠢ ᠤᠰᠠᠳᠬᠠᠬᠤ ᠳᠤ ᠨᠡᠩ ᠠᠰᠢᠠᠠᠳᠠᠢ ᠪᠠᠶᠢᠳᠠᠭ᠃ ᠨᠤᠬᠠᠢ ᠪᠤᠯ ᠲᠤᠰ ᠡᠮ ᠳᠤ ᠰᠡᠳᠤᠯᠳᠡ ᠲᠠᠢ ᠪᠠᠶᠢᠳᠠᠭ᠃ ᠭᠡᠪᠡᠴᠤ ᠭᠦᠮᠦᠨ ᠮᠠᠯ᠂ ᠭᠡᠷ ᠤᠨ ᠵᠢᠭᠦᠷᠳᠡᠨ ᠳᠤ ᠠᠶᠤᠯ ᠪᠠᠭ᠎ᠠ ᠲᠠᠢ᠃ ᠭᠡᠷ ᠤᠨ ᠬᠤᠯᠤᠭᠠᠨ᠎ᠠ ᠶᠢ ᠤᠰᠠᠳᠬᠠᠬᠤ ᠳᠤ ᠴᠡᠭ ᠪᠦᠷᠢ 0.075% ᠶᠢᠨ ᠬᠤᠤᠷᠳᠤ ᠦᠭᠶᠦᠭᠡ ᠶᠢ 10~20g᠂ ᠭᠡᠷ ᠤᠨ ᠭᠠᠳᠠᠨ᠎ᠠ ᠴᠡᠭ ᠪᠦᠷᠢ 3~5g ᠲᠠᠯᠪᠢᠨ᠎ᠠ᠃ ᠲᠠᠷᠢᠶᠠᠨ ᠭᠠᠵᠠᠷ ᠤᠨ ᠬᠤᠯᠤᠭᠠᠨ᠎ᠠ ᠶᠢ ᠤᠰᠠᠳᠬᠠᠬᠤ ᠳᠤ ᠶᠠᠷᠦᠩᠭᠡᠢ ᠳᠡᠭᠡᠨ ᠾᠧᠺᠲ᠋ᠠᠷ ᠪᠦᠷᠢ 0.075% ᠶᠢᠨ ᠬᠤᠤᠷᠳᠤ ᠦᠭᠶᠦᠭᠡ ᠶᠢ 1.5~3kg ᠭᠡᠷᠡᠭᠯᠡᠵᠤ᠂ ᠴᠡᠭ ᠪᠦᠷᠢ 3~5g ᠲᠠᠯᠪᠢᠨ᠎ᠠ᠃ ᠭᠢᠨᠭ᠍ᠭᠠᠨ ᠰᠢᠷ᠎ᠠ ᠬᠤᠯᠤᠭᠠᠨ᠎ᠠ᠂ ᠤᠷᠳᠤ ᠭᠢᠮᠤᠰᠤᠳᠤ ᠡᠯᠡᠰᠦᠴᠢ ᠬᠤᠯᠤᠭᠠᠨ᠎ᠠ ᠶᠢ ᠤᠰᠠᠳᠬᠠᠬᠤ ᠳᠤ ᠨᠦᠭᠡ ᠪᠦᠷᠢ 3~5g ᠲᠠᠯᠪᠢᠨ᠎ᠠ᠃ ⑤ ᠰᠢᠦ ᠳ᠋ᠢ ᠯᠦᠩ ︵嗅敌隆︶ ᠡᠮ᠂ ᠪᠠᠰᠠ ᠯᠧ ᠸᠠᠨ ᠲᠦᠩ ︵乐万通︶ ᠡᠮ ᠭᠡᠳᠡᠭ᠃ ᠬᠤᠶᠠᠳᠤᠭᠠᠷ ᠦᠶ᠎ᠠ ᠶᠢᠨ ᠴᠢᠰᠤ ᠡᠭᠡᠳᠡᠬᠦᠯᠬᠦ ᠬᠤᠯᠤᠭᠠᠨ᠎ᠠ ᠤᠰᠠᠳᠬᠠᠬᠤ ᠡᠮ ᠪᠤᠯᠤᠨ᠎ᠠ᠃ ᠬᠤᠯᠤᠭᠠᠨ᠎ᠠ ᠶᠢᠨ ᠲᠦᠷᠦᠯ ᠤᠨ ᠬᠤᠳᠤᠭᠤᠳᠤ ᠶᠢ ᠨᠢ ᠬᠤᠤᠷᠳᠠᠭᠤᠯᠬᠤ ᠦᠢᠯᠡᠳᠦᠯ ᠢᠶᠠᠷ ᠶᠡᠭᠡ᠂ ᠬᠤᠯᠤᠭᠠᠨ᠎ᠠ ᠶᠢ ᠦᠷᠭᠡᠨ ᠢᠶᠠᠷ ᠤᠰᠠᠳᠬᠠᠠᠠᠰᠠᠨ ᠲᠠᠤᠭᠡ ᠲᠠᠢ᠃ ᠢᠳᠡᠭᠦ ᠲᠤᠷᠠᠰᠢᠯ ᠢᠶᠠᠷ ᠰᠠᠶᠢᠨ᠂ ᠲᠠᠷᠠ ᠨᠢ ᠬᠤᠯᠤᠭᠠᠨ᠎ᠠ ᠤᠰᠠᠳᠬᠠᠬᠤ ᠦᠢᠯᠡᠳᠦᠯ ᠨᠢ ᠤᠳᠠᠭᠠᠪᠳᠤᠷ᠂ ᠪᠠᠭ᠎ᠠ ᠭᠡᠮᠵᠢᠶ᠎ᠠ ᠪᠠᠷ ᠤᠯᠠᠠᠳᠠ ᠲᠠᠯᠪᠢᠵᠤ᠂ ᠬᠤᠯᠤᠭᠠᠨ᠎ᠠ ᠶᠢ ᠲᠦᠢᠯᠪᠤᠷᠢᠳᠡᠢ ᠤᠰᠠᠳᠬᠠᠳᠠᠭ ᠤᠨᠴᠠᠯᠢᠭ ᠲᠠᠢ ᠮᠦᠷᠳᠡᠭᠡᠨ ᠪᠠᠰᠠ ᠲᠦᠷᠭᠡᠨ ᠬᠤᠤᠷᠳᠠᠭᠤᠯᠬᠤ ᠢᠳᠡ ᠲᠠᠢ᠃ ᠨᠢᠬᠡ ᠯᠠ ᠤᠳᠠᠭ᠎ᠠ ᠬᠤᠤᠷ ᠲᠠᠯᠪᠢᠪᠠᠯ ᠲᠠᠷᠦ᠋ᠢᠬᠠᠨ ᠦᠢᠯᠡᠳᠦᠯ ᠭᠠᠷᠬᠤ ᠲᠠᠪᠠᠭᠤᠯᠢᠭ ᠲᠠᠯ᠎ᠠ ᠲᠠᠢ ᠪᠦᠭᠡᠳ ᠨᠢᠭᠡᠳᠦᠭᠡᠷ ᠦᠶ᠎ᠠ ᠶᠢᠨ ᠴᠢᠰᠤ ᠡᠭᠡᠳᠡᠬᠦᠯᠭᠦ ᠬᠤᠯᠤᠭᠠᠨ᠎ᠠ ᠤᠰᠠᠳᠬᠠᠬᠤ ᠡᠮ ᠳᠤ ᠲᠠᠭᠠᠭᠠᠴᠠ ᠲᠠᠢ ᠬᠤᠯᠤᠭᠠᠨ᠎ᠠ ᠶᠢ ᠤᠰᠠᠳᠬᠠᠬᠤ ᠳᠤ ᠦᠨᠳᠤᠷ ᠪᠦᠳᠦᠮᠵᠢ ᠲᠠᠢ᠂ ᠭᠡᠷ ᠲᠤ ᠤᠷᠤᠩᠨᠠᠬᠤ ᠬᠤᠯᠤᠭᠠᠨ᠎ᠠ ᠶᠢ ᠤᠰᠠᠳᠬᠬᠠᠤ ᠳᠤ ᠲᠠᠰᠤᠯᠭ᠎ᠠ ᠪᠦᠷᠢ 0.005% ᠶᠢᠨ ᠬᠤᠤᠷᠳᠤ ᠦᠭᠶᠦᠭᠡ ᠶᠢ 5~15g ᠤᠷᠴᠢᠮ ᠭᠡᠰᠡᠭᠯᠡᠨ ᠲᠠᠯᠪᠢᠨ᠎ᠠ᠃ ᠲᠠᠷᠢᠶᠠᠨ ᠤ ᠬᠤᠯᠤᠭᠠᠨ᠎ᠠ ᠶᠢ ᠤᠰᠠᠳᠬᠠᠬᠤ ᠳᠤ 0.005% ᠶᠢᠨ ᠬᠤᠤᠷᠳᠤ ᠦᠭᠶᠦᠭᠡ ᠶᠢᠨ ᠭᠡᠮᠵᠢᠶ᠎ᠠ ᠪᠠᠷ ᠬᠤᠯᠤᠭᠠᠨ᠎ᠠ ᠶᠢᠨ ᠲᠦᠷᠦᠯ ᠢ ᠦᠨᠳᠤᠰᠦᠯᠡᠨ᠂ ᠦᠨᠳᠦᠷᠯᠢᠭ ᠤᠨ ᠨᠤᠮᠤᠨ ᠰᠤᠬᠤᠷ ᠪᠤᠯ ᠨᠦᠭᠡ ᠪᠦᠷᠢ 10g᠂ ᠦᠨᠳᠦᠷᠯᠢᠭ ᠤᠨ ᠤᠭᠤᠳᠤᠨ᠎ᠠ ᠪᠤᠯ ᠨᠦᠭᠡ ᠪᠦᠷᠢ 2g᠂ ᠤᠷᠳᠤ ᠭᠢᠮᠤᠰᠤᠳᠤ ᠡᠯᠡᠰᠤᠴᠢ ᠬᠤᠯᠤᠭᠠᠨ᠎ᠠ ᠪᠤᠯ ᠨᠦᠭᠡ ᠪᠦᠷᠢ 1~2g᠂ ᠭᠢᠨᠭ᠍ᠭᠠᠨ ᠰᠢᠷ᠎ᠠ ᠬᠤᠯᠤᠭᠠᠨ᠎ᠠ ᠪᠤᠯ 3~5g ᠲᠠᠯᠪᠢᠨ᠎ᠠ᠃ ᠪᠠᠰᠠ ᠲᠠᠷᠢᠶᠠᠨ ᠲᠠᠯᠠᠩ᠂ ᠲᠠᠷᠢᠶᠠᠨ ᠭᠦᠪᠡᠭᠡ ᠵᠠᠬ᠎ᠠ ᠪᠠᠷ 5m ᠪᠦᠷᠢ ᠨᠢᠭᠡ ᠤᠪᠤᠭ᠎ᠠ᠂ ᠤᠪᠤᠭ᠎ᠠ ᠪᠦᠷᠢ 5g ᠬᠠᠶᠠᠵᠤ ᠪᠤᠯᠤᠨ᠎ᠠ᠃ ᠶᠠᠷᠦᠩᠭᠡᠢ ᠳᠡᠭᠡᠨ ᠨᠢᠬᠡ ᠯᠠ ᠤᠳᠠᠭ᠎ᠠ ᠬᠠᠶᠠᠪᠠᠯ ᠦᠷ᠎ᠠ ᠪᠦᠳᠦᠮᠵᠢ ᠭᠠᠷᠳᠠᠭ᠃ ᠴᠢᠬᠤᠯᠠ ᠲᠠᠢ ᠪᠤᠯ 7~10 ᠡᠳᠤᠷ ᠠᠯᠤᠰᠯᠠᠭᠠᠳ ᠨᠢᠭᠡᠳᠦᠭᠡᠷ ᠤᠳᠠᠭ᠎ᠠ ᠶᠢᠨ ᠢᠳᠡᠭᠳᠡᠭᠰᠡᠨ ᠬᠤᠤᠷᠳᠤ ᠦᠭᠶᠦᠭᠡ ᠶᠢᠨ ᠭᠡᠮᠵᠢᠶ᠎ᠠ ᠪᠠᠷ ᠨᠦᠭᠦᠨ ᠬᠠᠶᠠᠵᠤ ᠪᠤᠯᠤᠨ᠎ᠠ᠃ ⑥ ᠳ᠋ᠠ ᠯᠦᠩ ︵大隆︶ ᠡᠮ᠂ ᠪᠠᠰᠠ ᠰᠢᠦ ᠱᠦ᠋ ᠯᠦᠩ ᠡᠮ᠂ ᠱᠠ ᠱᠦ᠋ ᠯᠦᠩ ︵杀鼠隆︶ ᠡᠮ ᠭᠡᠳᠡᠭ᠃ ᠬᠤᠶᠠᠳᠤᠭᠠᠷ ᠦᠶ᠎ᠠ ᠶᠢᠨ ᠴᠢᠰᠤ ᠡᠭᠡᠳᠡᠬᠦᠯᠬᠦ ᠬᠤᠯᠤᠭᠠᠨ᠎ᠠ ᠤᠰᠠᠳᠬᠠᠬᠤ ᠡᠮ ᠪᠤᠯᠤᠨ᠎ᠠ᠃ ᠲᠡᠭᠦᠨ ᠤ ᠤᠨᠴᠠᠯᠢᠭ ᠨᠢ ᠱᠦ᠋ ᠳ᠋ᠢ ᠯᠦᠩ ᠡᠮ ᠲᠠᠢ ᠲᠦᠰᠳᠡᠢ᠂ ᠭᠡᠳᠡᠯ᠎ᠠ ᠬᠤᠶᠠᠷᠳᠡᠮᠡᠯ ᠬᠤᠤᠷᠳᠠᠯ ᠤᠨ ᠦᠵᠡᠭᠳᠡᠯ ᠦᠭᠡᠢ᠃ ᠭᠡᠷ ᠤᠨ ᠬᠤᠯᠤᠭᠠᠨ᠎ᠠ ᠶᠢ ᠤᠰᠠᠳᠬᠠᠬᠤ ᠳᠤ ᠲᠠᠰᠤᠯᠭ᠎ᠠ ᠪᠦᠷᠢ 0.005% ᠶᠢᠨ ᠬᠤᠤᠷᠳᠤ ᠦᠭᠶᠦᠭᠡ 20g ᠤᠷᠴᠢᠮ᠂ ᠲᠠᠷᠢᠶᠠᠨ ᠬᠤᠯᠤᠭᠠᠨ᠎ᠠ ᠶᠢ ᠤᠰᠠᠳᠬᠠᠬᠤ ᠳᠤ ᠾᠧᠺᠲ᠋ᠠᠷ ᠪᠦᠷᠢ 0.005% ᠶᠢᠨ ᠬᠤᠤᠷᠳᠤ ᠦᠭᠶᠦᠭᠡ 900~3000g ᠪᠤᠶᠤ ᠨᠦᠭᠡ ᠪᠦᠷᠢ 20~30g ᠲᠠᠯᠪᠢᠨ᠎ᠠ᠃ ⑦ ᠹᠦ᠋ ᠱᠦ᠋ ᠲᠦᠩ ︵氟鼠酮︶ ᠡᠮ᠂ ᠪᠠᠰᠠ ᠱᠠ ᠲᠠ ᠵᠠᠩ ︵杀它仗︶ ᠭᠡᠳᠡᠭ᠂ ᠬᠤᠶᠠᠳᠤᠭᠠᠷ ᠦᠶ᠎ᠠ ᠶᠢᠨ ᠴᠢᠰᠤ ᠡᠭᠡᠳᠡᠬᠦᠯᠬᠦ ᠬᠤᠯᠤᠭᠠᠨ᠎ᠠ ᠤᠰᠠᠳᠬᠠᠬᠤ ᠡᠮ ᠪᠤᠯᠤᠨ᠎ᠠ᠃ ᠲᠡᠭᠦᠨ ᠤ ᠤᠨᠴᠠᠯᠢᠭ ᠨᠢ ᠱᠦ᠋ ᠳ᠋ᠢ ᠯᠦᠩ ᠡᠮ ᠤᠨ ᠬᠢ ᠲᠠᠢ ᠲᠦᠰᠳᠡᠢ᠂ ᠡᠶᠢᠮᠤ ᠠᠴᠠ ᠨᠢᠭᠡᠳᠦᠭᠡᠷ ᠦᠶ᠎ᠠ ᠶᠢᠨ ᠴᠢᠰᠤ ᠡᠭᠡᠳᠡᠬᠦᠯᠬᠦ ᠬᠤᠯᠤᠭᠠᠨ᠎ᠠ ᠤᠰᠠᠳᠬᠠᠬᠤ ᠡᠮ ᠳᠤ ᠲᠠᠭᠠᠭᠠᠴᠠ ᠲᠠᠢ ᠬᠤᠯᠤᠭᠠᠨ᠎ᠠ ᠶᠢ ᠤᠰᠠᠳᠬᠠᠬᠤ ᠳᠤ ᠦᠨᠳᠤᠷ ᠪᠦᠳᠦᠮᠵᠢ ᠲᠠᠢ᠃ ᠭᠡᠷ ᠤᠨ ᠬᠤᠯᠤᠭᠠᠨ᠎ᠠ ᠶᠢ ᠤᠰᠠᠳᠬᠠᠬᠤ ᠳᠤ ᠲᠠᠰᠤᠯᠭ᠎ᠠ ᠪᠦᠷᠢ 0.005% ᠶᠢᠨ ᠬᠤᠤᠷᠳᠤ ᠦᠭᠶᠦᠭᠡ 50g ᠢ ᠴᠡᠭ ᠪᠦᠷᠢ 4~5g ᠭᠡᠰᠡᠭᠯᠡᠨ ᠲᠠᠯᠪᠢᠵᠤ᠂ ᠲᠠᠷᠢᠶᠠᠨ ᠤ ᠭᠦᠨᠦᠭᠡᠯᠳᠤ ᠬᠤᠯᠤᠭᠠᠨ᠎ᠠ ᠶᠢ ᠤᠰᠠᠳᠬᠬᠤ ᠳᠤ ᠾᠧᠺᠲ᠋ᠠᠷ ᠪᠦᠷᠢ 0.005% ᠶᠢᠨ ᠬᠤᠤᠷᠳᠤ ᠦᠭᠶᠦᠭᠡ 1000~5000g ᠢ ᠴᠡᠭ ᠪᠦᠷᠢ 3~5g ᠭᠡᠰᠡᠭᠯᠡᠨ ᠬᠠᠶᠠᠵᠤ᠂ ᠨᠦᠭᠡ ᠪᠦᠷᠢ 1g ᠲᠠᠯᠪᠢᠨ᠎ᠠ᠃ ⑧ ᠹᠤᠰᠹᠤᠷᠳᠤ ᠴᠠᠶᠢᠷ ᠤᠨ ᠡᠮ᠄ ᠲᠤᠰ ᠡᠮ ᠪᠤᠯ ᠲᠦᠷᠭᠡᠨ ᠴᠢᠨᠠᠷ ᠲᠠᠢ ᠬᠤᠯᠤᠭᠠᠨ᠎ᠠ ᠤᠰᠠᠳᠬᠠᠬᠤ ᠡᠮ ᠪᠤᠯᠤᠨ᠎ᠠ᠃ ᠲᠠᠷᠢᠶᠠᠨ ᠭᠠᠵᠠᠷ᠂ ᠠᠮᠤ ᠶᠢᠨ ᠭᠦᠮᠦᠷᠭᠡ᠂ ᠠᠶᠢᠯ ᠭᠡᠷ ᠵᠢᠴᠢ ᠦᠢᠯᠡᠳᠪᠤᠷᠢ ᠶᠢᠨ ᠲᠠᠰᠤᠭ ᠵᠡᠷᠭᠡ ᠭᠠᠵᠠᠷ ᠲᠠᠯᠠᠪᠤᠷ ᠤᠨ ᠬᠤᠯᠤᠭᠠᠨ᠎ᠠ ᠶᠢ ᠤᠰᠠᠳᠬᠠᠨ᠎ᠠ᠃ ᠭᠤᠤᠯ ᠨᠢ ᠭᠤᠷᠪᠡᠨ ᠵᠦᠢᠯ ᠤᠨ ᠭᠡᠷᠡᠭᠯᠡᠭᠦ ᠠᠷᠭ᠎ᠠ ᠲᠠᠢ᠃ A. ᠬᠤᠤᠷᠳᠤ ᠦᠭᠶᠦᠭᠡ ᠶᠢᠨ ᠠᠷᠭ᠎ᠠ᠄ ᠭᠡᠷ ᠤᠨ ᠵᠢᠵᠢᠭ ᠬᠤᠯᠤᠭᠠᠨ᠎ᠠ᠂ ᠤᠠᠠᠳᠤᠢ᠂ ᠦᠭᠡᠷ ᠤᠠᠠᠳᠤᠢ ᠵᠡᠷᠭᠡ ᠳᠤ 2%~3% ᠶᠢᠨ ᠬᠤᠤᠷᠳᠤ ᠦᠭᠶᠦᠭᠡ ᠶᠢ ᠭᠡᠷᠡᠭᠯᠡᠨ᠎ᠠ᠃ ᠰᠢᠷ᠎ᠠ ᠬᠤᠯᠤᠭᠠᠨ᠎ᠠ᠂ ᠨᠤᠮᠤᠨ ᠰᠤᠬᠤᠷ ᠵᠡᠷᠭᠡ ᠪᠦᠳᠦᠭᠦᠨ ᠬᠤᠯᠤᠭᠠᠨ᠎ᠠ ᠶᠢᠨ ᠲᠦᠷᠦᠯ ᠳᠤ 5%~10% ᠶᠢᠨ ᠬᠤᠤᠷᠳᠤ ᠦᠭᠶᠦᠭᠡ ᠶᠢ ᠭᠡᠷᠡᠭᠯᠡᠨ᠎ᠠ᠃ ᠶᠠᠷᠦᠩᠭᠡᠢ ᠳᠡᠭᠡᠨ ᠨᠦᠭᠡᠨ ᠳᠤᠨᠢ ᠬᠠᠶᠠᠬᠤ ᠦᠭᠡᠢ ᠬᠠᠷᠢᠨ ᠬᠤᠯᠤᠭᠠᠨ᠎ᠠ ᠶᠢᠨ ᠲᠦᠷᠦᠯ ᠤᠨ ᠭᠦᠳᠡᠯᠭᠡᠭᠡᠨ ᠭᠢᠳᠡᠭ ᠭᠠᠵᠠᠷ ᠲᠠᠯᠠᠪᠤᠷ ᠲᠤ ᠴᠡᠭ ᠪᠦᠷᠢ 4~6g ᠬᠠᠶᠠᠨ᠎ᠠ᠃ B. ᠬᠤᠤᠷᠳᠤ ᠤᠰᠤ ᠶᠢᠨ ᠠᠷᠭ᠎ᠠ᠄ ᠲᠤᠰ ᠠᠷᠭ᠎ᠠ ᠶᠢ ᠤᠰᠤ ᠲᠠᠢ ᠭᠠᠵᠠᠷ ᠲᠠᠯᠠᠪᠤᠷ ᠲᠤ ᠭᠡᠷᠡᠭᠯᠡᠭᠦ ᠳᠤ ᠮᠠᠰᠢ ᠰᠠᠶᠢᠨ᠂ ᠶᠠᠷᠦᠩᠭᠡᠢ ᠳᠡᠭᠡᠨ ᠲᠡᠭᠰᠢᠭᠡᠨ ᠢᠷᠤᠭᠠᠷ ᠲᠠᠢ ᠫᠢᠯᠠ ᠳᠤ 10~15mL ᠤᠰᠤ ᠭᠢᠵᠤ᠂ ᠲᠡᠭᠡᠷ᠎ᠡ ᠨᠢ ᠪᠠᠭ᠎ᠠ ᠲᠠᠪᠤᠰᠤ ᠪᠤᠶᠤ ᠰᠢᠭᠢᠷ ᠨᠡᠮᠡᠵᠤ᠂ ᠲᠠᠭᠢᠨ ᠦᠰᠤᠨ ᠪᠢᠷ ᠢᠶᠠᠷ ᠡᠮ ᠤᠨ ᠲᠠᠯᠬ᠎ᠠ ᠪᠠᠨ ᠤᠰᠤᠨ ᠲᠡᠭᠡᠷ᠎ᠡ ᠰᠠᠴᠤᠨ ᠡᠮᠳᠤ ᠪᠦᠷᠭᠦᠪᠴᠢ ᠪᠤᠯᠭᠠᠭᠠᠳ᠂ ᠬᠤᠯᠤᠭᠠᠨ᠎ᠠ ᠤᠰᠤ ᠤᠤᠭᠤᠪᠠᠯ ᠲᠠᠷᠤᠢ ᠬᠤᠤᠷᠳ᠋ᠬᠠᠳᠠᠨ ᠦᠭᠦᠨᠠ᠃ C. ᠬᠤᠤᠷᠳᠤ ᠵᠤᠳᠠᠩ ᠤᠨ ᠠᠷᠭ᠎ᠠ᠄ ᠰᠤᠩᠭᠢᠨ᠎ᠠ ᠶᠢ ᠰᠠᠮᠤᠷ ᠤᠨ ᠲᠤᠰᠤ᠂ ᠲᠠᠪᠤᠰᠤ ᠲᠠᠢ ᠬᠠᠭᠤᠷᠴᠤ᠂ ᠤᠰᠤ ᠭᠢᠵᠤ ᠪᠤᠴᠠᠯᠭᠠᠭᠠᠳ᠂ ᠲᠠᠭᠢᠨ ᠪᠤᠭᠤᠳᠠᠢ ᠶᠢᠨ ᠲᠠᠯᠬ᠎ᠠ ᠭᠢᠵᠤ ᠵᠤᠳᠠᠩ ᠪᠤᠯᠭᠠᠭᠠᠳ ᠫᠸᠡᠭᠰᠡ ᠳᠤ ᠭᠢᠵᠤ ᠭᠦᠢᠴᠡᠳ ᠭᠦᠷᠦᠭᠡᠨᠡ᠃ ᠲᠠᠭᠢᠨ ᠹᠤᠰᠹᠤᠷᠳᠤ ᠴᠠᠶᠢᠷ ᠢ ᠭᠢᠵᠤ ᠵᠢᠭᠳᠡᠭᠡᠨ ᠬᠤᠯᠢᠵᠤ ᠬᠤᠳᠬᠤᠨ᠎ᠠ᠃ ᠭᠡᠷᠡᠭᠯᠡᠭᠦ ᠳᠡᠭᠡᠨ ᠬᠤᠤᠷᠳᠤ ᠵᠤᠳᠠᠩ ᠢᠶᠠᠨ ᠰᠢᠷᠤᠢ ᠶᠢᠨ ᠭᠡᠰᠡᠭ ᠤᠨ ᠨᠢᠭᠡ ᠲᠠᠯ᠎ᠠ ᠳᠤᠨᠢ ᠲᠦᠷᠭᠢᠵᠤ᠂ ᠡᠮ ᠲᠠᠢ ᠲᠠᠯ᠎ᠠ ᠪᠠᠷ ᠨᠢ ᠨᠦᠭᠡ ᠶᠢ ᠪᠦᠭᠯᠡᠭᠦ ᠪᠤᠶᠤ ᠬᠤᠤᠷᠳᠤ ᠵᠤᠳᠠᠩ ᠢᠶᠠᠨ ᠡᠪᠡᠰᠤᠨ ᠪᠠᠭᠯᠠᠭ᠎ᠠ ᠲᠡᠭᠡᠷ᠎ᠡ ᠲᠦᠷᠭᠢᠵᠤ᠂ ᠡᠪᠡᠰᠤᠨ ᠪᠠᠭᠯᠠᠭ᠎ᠠ ᠪᠠᠷ ᠢᠶᠠᠨ ᠨᠦᠭᠡ ᠶᠢᠨ ᠠᠮᠠ ᠶᠢ ᠲᠦᠭᠵᠢᠨᠠ᠂ ᠬᠤᠯᠤᠭᠠᠨ᠎ᠠ ᠨᠦᠭᠡᠨ ᠠᠴᠠ ᠭᠠᠷᠬᠤ ᠦᠶᠠᠰ ᠡᠮ ᠲᠠᠢ ᠵᠤᠯᠭᠠᠵᠤ ᠬᠤᠤᠷᠳ᠋ᠬᠠᠳᠠᠨᠠ᠃ ⑨ ᠹᠤᠰᠹᠤᠷᠳᠤ ᠭᠦᠡᠭᠭᠡᠨᠴᠠᠭᠠᠨ᠂ ᠡᠨᠡ ᠪᠤᠯ ᠬᠤᠤᠷ ᠶᠡᠭᠡᠳᠡᠢ ᠲᠠᠷᠢᠶᠠᠨ ᠡᠮ ᠪᠤᠯᠬᠤ ᠪᠦᠭᠡᠳ ᠤᠳᠤᠯᠭ᠎ᠠ ᠡᠮ ᠪᠤᠯᠭᠠᠵᠤ᠂ ᠬᠤᠯᠤᠭᠠᠨ᠎ᠠ ᠶᠢ ᠤᠰᠠᠳᠬᠠᠵᠤ ᠪᠤᠯᠤᠨ᠎ᠠ᠃ ᠲᠡᠭᠦᠨ ᠢ ᠭᠡᠭᠡᠷ᠎ᠠ ᠶᠢᠨ ᠬᠤᠯᠤᠭᠠᠨ᠎ᠠ ᠶᠢ ᠤᠰᠠᠳᠬᠠᠬᠤ ᠪᠠᠷ ᠭᠢᠵᠠᠭᠠᠷᠯᠠᠨ᠎ᠠ᠃ ᠭᠤᠤᠯ ᠨᠢ ᠨᠦᠭᠡ ᠨᠢ ᠨᠡᠯᠢᠶᠡᠳ ᠢᠯᠠ ᠪᠠᠶᠢᠳᠠᠭ ᠬᠤᠯᠤᠭᠠᠨ᠎ᠠ ᠶᠢ ᠤᠰᠠᠳᠬᠠᠬᠤ ᠳᠤ ᠭᠡᠷᠡᠭᠯᠡᠨ᠎ᠠ᠃ ᠴᠢᠭᠢᠭ ᠨᠦᠢᠳᠡᠨ ᠤᠷᠴᠢᠨ ᠳᠤ ᠭᠡᠷᠡᠭᠯᠡᠪᠡᠯ 0.0037% ᠶᠢᠨ ᠹᠤᠰᠹᠤᠷᠳᠤ ᠭᠦᠡᠭᠭᠡᠨᠴᠠᠭᠠᠨ ᠤ ᠬᠠᠪᠳᠠᠭᠠᠢ ᠶᠢ ᠬᠤᠯᠤᠭᠠᠨ᠎ᠠ ᠶᠢᠨ ᠨᠦᠭᠡᠨ ᠳᠤ ᠰᠢᠭᠤᠳ ᠭᠢᠵᠤ ᠲᠠᠯᠪᠢᠨ᠎ᠠ᠃ ᠬᠠᠭᠤᠷᠠᠢ ᠤᠷᠴᠢᠨ ᠳᠤ ᠬᠠᠪᠳᠠᠭᠠᠢ ᠡᠮ ᠢᠶᠠᠨ ᠨᠦᠭᠡᠨ ᠳᠤ ᠭᠢᠭᠰᠡᠨ ᠤ ᠰᠡᠭᠦᠯᠡᠷ ᠨᠦᠭᠡᠨ ᠳᠤᠨᠢ ᠵᠢᠭᠠᠬᠠᠨ ᠤᠰᠤ ᠰᠦᠷᠴᠢᠵᠤ ᠬᠠᠪᠳᠠᠭᠠᠢ ᠡᠮ ᠤᠨ ᠵᠠᠳᠠᠷᠠᠬᠤ ᠶᠢ ᠨᠢ ᠲᠦᠷᠭᠡᠳᠭᠡᠵᠤ᠂ ᠲᠠᠷᠠᠭ᠎ᠠ ᠪᠠᠷ ᠨᠢ ᠰᠢᠷᠤᠢ ᠪᠠᠷ ᠰᠠᠶᠢᠨ ᠲᠦᠭᠵᠢᠪᠡᠯ ᠪᠤᠯᠴᠢᠬᠠᠨ᠎ᠠ᠃ ᠶᠠᠷᠦᠩᠭᠡᠢ ᠳᠡᠭᠡᠨ ᠬᠤᠯᠤᠭᠠᠨ᠎ᠠ ᠶᠢᠨ ᠨᠦᠭᠡ ᠪᠦᠷᠢ ᠬᠠᠭᠠᠰ ᠬᠠᠪᠳᠠᠭᠠᠢ ᠪᠤᠶᠤ 1 ᠬᠠᠪᠳᠠᠭᠠᠢ ᠲᠠᠯᠪᠢᠵᠤ᠂ ᠨᠦᠭᠡ ᠨᠢ ᠭᠦᠨ ᠪᠤᠯ 1~2 ᠬᠠᠪᠳᠠᠭᠠᠢ ᠲᠠᠯᠪᠢᠨ᠎ᠠ᠃ ᠡᠮ ᠨᠢ ᠤᠰᠤ ᠰᠢᠩᠭᠡᠮᠡᠭᠴᠡ ᠪᠠᠨ ᠰᠢᠷᠦᠭᠦᠨ ᠬᠤᠤᠷᠳᠠᠢ ᠹᠤᠰᠹᠤᠷᠳᠤ ᠤᠰᠤᠳᠦᠷᠦ᠋ᠭᠴᠢ ᠶᠢᠨ ᠭᠡᠢ ᠪᠡᠶᠡᠳᠤ ᠪᠤᠯᠵᠤ᠂ ᠨᠦᠭᠡᠨ ᠳᠠᠬᠢ ᠬᠤᠯᠤᠭᠠᠨ᠎ᠠ ᠶᠢ ᠦᠭᠦᠭᠦᠯᠳᠡᠭ ᠪᠠᠶᠢᠨ᠎ᠠ᠃ 6 . ᠬᠠᠮᠠᠭᠠᠯᠠᠯᠳᠠ ᠶᠢᠨ ᠲᠠᠷᠢᠶᠠᠨ ᠤ ᠬᠤᠯᠤᠭᠠᠨ᠎ᠠ ᠶᠢᠨ ᠭᠦᠨᠦᠭᠡᠯ ᠢ ᠰᠡᠷᠭᠡᠶᠢᠯᠡᠭᠦ ᠮᠡᠷᠭᠡᠵᠢᠯ ᠲᠤᠮᠤ ᠰᠠᠷᠠᠪᠴᠢ ᠵᠡᠷᠭᠡ ᠬᠠᠮᠠᠭᠠᠯᠠᠯᠳᠠ ᠶᠢᠨ ᠲᠠᠷᠢᠶᠠᠨ ᠳᠤ ᠬᠤᠯᠤᠭᠠᠨ᠎ᠠ ᠤᠰᠠᠳᠬᠠᠬᠤ ᠳᠠᠭᠠᠨ ᠡᠩ ᠲᠠᠷᠢᠭᠦᠨ ᠳᠤ ᠵᠤᠭᠢᠬᠤ ᠦᠭᠶᠦᠭᠡ ᠶᠢ ᠰᠤᠩᠭᠤᠬᠤ ᠭᠡᠷᠡᠭᠳᠡᠢ᠃ ᠬᠠᠮᠠᠭᠠᠯᠠᠯᠳᠠ ᠶᠢᠨ ᠲᠠᠷᠢᠶᠠᠨ ᠳᠠᠬᠢ ᠬᠤᠯᠤᠭᠠᠨ᠎ᠠ ᠶᠢᠨ ᠢᠳᠡᠰᠢᠨ ᠤ ᠵᠦᠢᠯ ᠨᠢ ᠡᠯᠪᠡᠭ ᠪᠤᠯᠬᠤᠷ ᠶᠠᠷᠦᠳᠡ ᠶᠢᠨ ᠪᠤᠭᠤᠳᠠᠢ᠂ ᠡᠷᠳᠡᠨᠢ ᠰᠢᠰᠢ ᠵᠡᠷᠭᠡ ᠶᠢ ᠬᠤᠯᠤᠭᠠᠨ᠎ᠠ ᠢᠳᠡᠭᠦ ᠲᠤᠷ᠎ᠡ ᠦᠭᠡᠢ ᠪᠠᠶᠢᠳᠠᠭ᠃ ᠡᠶᠢᠮᠤ ᠠᠴᠠ ᠲᠤᠰ ᠵᠢᠯ ᠤᠨ ᠰᠠᠮᠤᠷ ᠤᠨ ᠦᠷ᠎ᠡ ᠶᠢ ᠰᠤᠩᠭᠤᠵᠤ᠂ ᠰᠢᠤᠢ ᠱᠦ᠋ ᠯᠢᠩ ᠪᠤᠶᠤ ᠰᠢᠤ ᠳ᠋ᠢ ᠯᠦᠩ ᠵᠡᠷᠭᠡ ᠬᠤᠯᠤᠭᠠᠨ᠎ᠠ ᠤᠰᠠᠳᠬᠠᠬᠤ ᠡᠮ ᠢ ᠪᠠᠭᠰᠤᠷᠤᠨ ᠬᠤᠤᠷᠳᠤ ᠦᠭᠶᠦᠭᠡ ᠨᠡᠶᠢᠷᠠᠭᠤᠯᠤᠨ ᠭᠢᠨ᠎ᠠ᠃ ᠬᠤᠤᠷᠳᠤ ᠦᠭᠶᠦᠭᠡ ᠨᠠᠶᠢᠷᠠᠭᠤᠯᠬᠤ ᠠᠷᠭ᠎ᠠ ᠭᠡᠪᠡᠯ ᠡᠮ ᠤᠰᠤ ᠦᠭᠶᠦᠭᠡ ᠶᠢ 1᠄ 9᠄ 90 ᠶᠢᠨ ᠬᠤᠪᠢ ᠶᠢᠨ ᠬᠠᠷᠢᠴᠠᠯ ᠢᠶᠠᠷ ᠤᠷᠢᠳ ᠢᠶᠠᠷ ᠡᠮ ᠢᠶᠠᠨ ᠤᠰᠤᠨ ᠳᠤ ᠭᠢᠵᠤ ᠬᠤᠯᠢᠵᠤ ᠬᠤᠳᠬᠤᠭᠠᠳ᠂ ᠲᠠᠷᠠᠭ᠎ᠠ ᠪᠠᠷ ᠨᠢ ᠡᠮᠳᠤ ᠤᠰᠤ ᠪᠠᠨ ᠦᠭᠶᠦᠭᠡ ᠲᠡᠭᠡᠷ᠎ᠡ ᠪᠠᠨ ᠠᠭᠠᠵᠢᠮ ᠢᠶᠠᠷ ᠴᠢᠳᠬᠤᠵᠤ᠂ ᠴᠢᠳᠬᠤᠬᠤ ᠶᠢᠨ ᠲᠠᠭᠠᠤ ᠬᠤᠯᠢᠵᠤ᠂ ᠦᠭᠶᠦᠭᠡ ᠨᠢ ᠡᠮᠳᠤ ᠤᠰᠤ ᠶᠢ ᠪᠦᠷᠢᠮᠦᠰᠤᠨ ᠰᠢᠩᠭᠡᠭᠡᠪᠡᠯ ᠲᠠᠷᠤᠢ 0.005% ᠶᠢᠨ ᠠᠭᠤᠯᠤᠭᠳᠠᠴᠨ ᠲᠠᠢ ᠬᠤᠤᠷᠳᠤ ᠦᠭᠶᠦᠭᠡ ᠪᠤᠯᠴᠢᠬᠠᠨ᠎ᠠ᠃ ᠨᠠᠶᠢᠷᠠᠭᠤᠯᠤᠠᠠᠰᠠᠨ ᠬᠤᠤᠷᠳᠤ ᠦᠭᠶᠦᠭᠡ ᠪᠠᠨ ᠲᠠᠪᠤᠨ ᠴᠠᠭ ᠤᠷᠴᠢᠮ ᠪᠢᠳᠡᠭᠦᠯᠡᠨ ᠲᠠᠯᠪᠢᠵᠤ᠂ ᠡᠭᠡᠭᠡᠨ ᠬᠠᠳᠠᠭᠠᠪᠠᠯ ᠲᠠᠷᠤᠢ ᠭᠡᠷᠡᠭᠯᠡᠵᠤ ᠪᠤᠯᠤᠨ᠎ᠠ᠃ ᠲᠤᠮᠤ ᠰᠠᠷᠠᠪᠴᠢᠨ ᠳᠤ ᠬᠤᠯᠤᠭᠠᠨ᠎ᠠ ᠤᠰᠠᠳᠬᠠᠬᠤ ᠳᠠᠭᠠᠨ ︽ᠦᠭᠶᠦᠭᠡ ᠶᠢᠨ ᠦᠷᠳᠡᠭᠡ︾ ᠪᠠᠷ ᠬᠤᠯᠤᠭᠠᠨ᠎ᠠ ᠤᠰᠠᠳᠬᠠᠬᠤ ᠠᠷᠭ᠎ᠠ ᠶᠢ ᠠᠪᠤᠨ᠎ᠠ᠃ ︽ᠦᠭᠶᠦᠭᠡ ᠶᠢᠨ ᠦᠷᠳᠡᠭᠡ︾ ᠭᠡᠳᠡᠭ ᠨᠢ ᠲᠠᠷᠤᠢ ᠦᠭᠶᠦᠭᠡ ᠪᠠᠨ ᠨᠢᠭᠡᠨ ᠤᠷᠳᠤᠯᠵᠢᠨ ᠬᠤᠨᠭ᠍ᠭᠢᠶᠠ ᠶᠢᠨ ᠭᠡᠯᠪᠡᠷᠢᠳᠤ ᠰᠠᠪᠠᠨ ᠳᠤ ᠭᠢᠵᠤ᠂ ᠲᠤᠬᠠᠶᠢᠯᠠᠪᠠᠯ ᠤᠮᠳᠠᠭᠠᠨ ᠤ ᠯᠤᠩᠬᠤ ᠶᠢᠨ ᠬᠤᠶᠠᠷ ᠦᠵᠦᠭᠦᠷ ᠢ ᠨᠢ ᠬᠠᠶᠢᠴᠢᠯᠡᠨ ᠬᠤᠤᠷᠳᠤ ᠦᠭᠶᠦᠭᠡ ᠭᠢᠭᠦ ᠬᠠᠶᠢᠷᠴᠠᠭ ᠪᠤᠯᠭᠠᠭᠠᠳ᠂ ᠭᠢᠭᠰᠡᠨ ᠬᠤᠤᠷᠳᠤ ᠦᠭᠶᠦᠭᠡ ᠶᠢᠨ ᠬᠠᠶᠢᠷᠴᠠᠭ ᠢᠶᠠᠨ ᠲᠤᠮᠤ ᠰᠠᠷᠠᠪᠴᠢᠨ ᠳᠠᠭᠠᠨ ᠵᠤᠷᠠᠭ᠎ᠠ ᠶᠢᠨ ᠢᠶᠠᠨ ᠴᠢᠭᠯᠡᠯ ᠢᠶᠠᠷ ᠲᠠᠯᠪᠢᠵᠤ᠂ ᠲᠠᠷᠠᠭ᠎ᠠ ᠪᠠᠷ ᠨᠢ ᠨᠠᠶᠢᠷᠠᠭᠤᠯᠤᠠᠠᠰᠠᠨ ᠰᠠᠮᠤᠷ ᠤᠨ ᠦᠷ᠎ᠡ ᠶᠢᠨ ᠬᠤᠤᠷᠳᠤ ᠦᠭᠶᠦᠭᠡ ᠪᠠᠨ ᠬᠠᠶᠢᠷᠴᠠᠭ ᠤᠨ ᠢᠶᠠᠨ ᠲᠤᠮᠳᠠ ᠲᠠᠯᠪᠢᠵᠤ᠂ 1 ᠮᠤ᠋ ᠲᠤᠮᠤ ᠰᠠᠷᠠᠪᠴᠢᠨ ᠲᠤᠳᠤᠷ᠎ᠠ ᠭᠡᠷᠪᠡ ᠬᠤᠯᠤᠭᠠᠨ᠎ᠠ ᠶᠢᠨ ᠭᠦᠨᠦᠭᠡᠯ ᠭᠦᠨᠳᠤ ᠨᠤᠴᠢᠳᠡᠢ ᠪᠠᠶᠢᠪᠠᠯ 3 ᠬᠠᠶᠢᠷᠴᠠᠭ ᠢ ᠵᠢᠭᠳᠡᠭᠡᠨ ᠲᠠᠯᠪᠢᠨ᠎ᠠ᠃ ᠡᠨᠡ ᠮᠡᠳᠤ ᠪᠠᠷ ᠵᠢᠯ ᠤᠨ ᠲᠦᠷᠪᠡᠨ ᠤᠯᠠᠷᠢᠯ ᠳᠤ ᠴᠦᠮ ᠰᠠᠷᠠᠪᠴᠢᠨ ᠲᠤᠳᠤᠷᠠᠭᠢ ᠬᠤᠯᠤᠭᠠᠨ᠎ᠠ ᠶᠢ ᠤᠰᠠᠳᠬᠠᠵᠤ ᠪᠤᠯᠤᠨ᠎ᠠ᠃ ᠲᠠᠷᠠᠴᠢᠯᠡᠨ ᠬᠤᠤᠷᠳᠤ ᠦᠭᠶᠦᠭᠡ ᠴᠤ ᠴᠢᠭᠢᠭᠳᠦᠨ ᠴᠢᠨᠠᠷ ᠨᠢ ᠬᠤᠪᠢᠷᠠᠬᠤ ᠦᠭᠡᠢ ᠶᠤᠮ᠃ ᠢᠡᠭᠭᠢᠭᠡᠳ ᠬᠠᠮᠨᠭᠠᠯᠠᠯᠳᠠ ᠶᠢᠨ ᠲᠠᠷᠢᠶᠠᠨ ᠳᠠᠬᠢ ᠬᠤᠯᠤᠭᠠᠨ᠎ᠠ ᠶᠢᠨ ᠭᠦᠨᠦᠭᠡᠯ ᠢ ᠪᠦᠳᠦᠮᠵᠢᠳᠡᠢ ᠪᠠᠷ ᠬᠤᠷᠢᠠᠠᠯᠠᠵᠤ ᠴᠢᠳᠠᠨ᠎ᠠ᠃ ᠲᠤᠮᠤ ᠰᠠᠷᠠᠪᠴᠢᠨ ᠳᠤ ᠭᠢᠮᠢ ᠶᠢᠨ ᠠᠷᠭ᠎ᠠ ᠪᠠᠷ ᠬᠤᠯᠤᠭᠠᠨ᠎ᠠ ᠤᠰᠠᠳᠬᠠᠬᠤ ᠶᠢᠨ ᠲᠠᠭᠠᠤ ᠲᠤᠮᠤ ᠰᠠᠷᠠᠪᠴᠢᠨ ᠤ ᠤᠷᠴᠢᠨ ᠲᠤᠭᠤᠷᠢᠨ ᠳᠤ ᠴᠤ ᠬᠤᠤᠷᠳᠤ ᠦᠭᠶᠦᠭᠡ ᠲᠠᠯᠪᠢᠵᠤ ᠪᠤᠯᠤᠨ᠎ᠠ᠃ ᠡᠰᠡᠭᠦᠯ᠎ᠠ ᠲᠤᠮᠤ ᠰᠠᠷᠠᠪᠴᠢᠨ ᠤ ᠡᠷᠭᠢᠨ ᠲᠤᠭᠤᠷᠢᠨ ᠳᠤ 5m ᠪᠦᠷᠢ ᠨᠢᠭᠡ ᠬᠠᠪᠬ᠎ᠠ ᠲᠠᠯᠪᠢᠬᠤ ᠪᠠ ᠰᠠᠮᠤᠷ ᠤᠨ ᠦᠷ᠎ᠠ ᠶᠢᠨ ᠦᠭᠶᠦᠭᠡ ᠲᠠᠯᠪᠢᠵᠤ᠂ ᠬᠤᠯᠤᠭᠠᠨ᠎ᠠ ᠶᠢᠨ ᠭᠦᠨᠦᠭᠡᠯ ᠢ ᠪᠦᠳᠦᠮᠵᠢᠳᠡᠢ ᠪᠠᠷ ᠬᠤᠷᠢᠠᠠᠯᠠᠵᠤ ᠪᠤᠯᠤᠨ᠎ᠠ᠃ ᠲᠠᠷᠠᠴᠢᠯᠠᠨ ᠪᠤᠰᠤᠳ ᠭᠠᠵᠠᠷ ᠤᠨ ᠬᠤᠯᠤᠭᠠᠨ᠎ᠠ ᠲᠤᠮᠤ ᠰᠠᠷᠠᠪᠴᠢᠨ ᠵᠦᠭ ᠨᠡᠭᠦᠳᠡᠯᠯᠡᠭᠦ ᠶᠢ ᠰᠡᠷᠭᠡᠶᠢᠯᠡᠭᠦ ᠭᠡᠷᠡᠭᠳᠡᠢ᠃ 7. ᠬᠤᠯᠤᠭᠠᠨ᠎ᠠ ᠶᠢᠨ ᠭᠦᠨᠦᠭᠡᠯ ᠢ ᠰᠡᠷᠭᠡᠶᠢᠯᠡᠨ ᠵᠠᠰᠠᠬᠤ ᠳᠤ ᠶᠠᠮᠠᠷ ᠪᠠᠳᠤᠯᠠᠭᠠᠳᠤ ᠠᠷᠭ᠎ᠠ ᠭᠡᠮᠵᠢᠶ᠎ᠠ ᠠᠪᠬᠤ ᠪᠤᠢ︖ ᠪᠠᠳᠤᠯᠠᠭᠠᠳᠤ ᠠᠷᠭ᠎ᠠ ᠭᠡᠮᠵᠢᠶ᠎ᠠ ᠭᠡᠪᠡᠯ ᠲᠤᠤᠷᠠᠭᠢ ᠮᠡᠳᠤ ᠭᠡᠳᠦᠨ ᠵᠦᠢᠯ ᠪᠠᠶᠢᠨ᠎ᠠ᠃ ︵1︶ ᠬᠤᠯᠤᠭᠠᠨ᠎ᠠ ᠶᠢᠨ ᠭᠦᠨᠦᠭᠡᠯ ᠢ ᠰᠢᠯᠭᠠᠨ ᠭᠡᠮᠵᠢᠭᠦ ᠪᠠ ᠰᠡᠷᠭᠡᠶᠢᠯᠡᠨ ᠵᠠᠰᠠᠬᠤ ᠡᠩᠨᠡᠭᠡ ᠪᠠᠶᠢᠭᠤᠯᠤᠨ᠎ᠠ᠃᠂ ᠬᠤᠯᠤᠭᠠᠨ᠎ᠠ ᠶᠢᠨ ᠭᠦᠨᠦᠭᠡᠯ ᠢ ᠰᠢᠯᠭᠠᠨ ᠭᠡᠮᠵᠢᠭᠦ ᠪᠤᠯ ᠰᠡᠷᠭᠡᠶᠢᠯᠡᠨ ᠵᠠᠰᠠᠬᠤ ᠪᠠᠶᠢᠯᠳᠤᠬᠤ ᠪᠤᠳᠤᠯᠭ᠎ᠠ ᠶᠢᠨ ᠤᠳᠤᠷᠢᠳᠤᠮᠵᠢ ᠮᠦᠨ᠃ ᠡᠶᠢᠮᠤ ᠠᠴᠠ ᠰᠡᠷᠭᠡᠶᠢᠯᠡᠨ ᠵᠠᠰᠠᠬᠤ ᠠᠷᠭ᠎ᠠ ᠭᠡᠮᠵᠢᠶ᠎ᠠ ᠠᠪᠬᠤ ᠠᠴᠠ ᠪᠠᠨ ᠡᠮᠦᠨ᠎ᠠ᠂ ᠡᠷᠭᠡᠪᠰᠢ ᠲᠠᠷᠢᠶᠠᠨ ᠳᠠᠬᠢ ᠬᠤᠯᠤᠭᠠᠨ᠎ᠠ ᠶᠢᠨ ᠨᠢᠠᠠᠳᠠᠴᠠ ᠶᠢᠨ ᠭᠡᠮᠵᠢᠶ᠎ᠠ ᠶᠢ ᠪᠠᠶᠢᠴᠠᠭᠠᠬᠤ ᠭᠡᠷᠡᠭᠳᠡᠢ᠃ ᠬᠤᠯᠤᠭᠠᠨ᠎ᠠ ᠶᠢᠨ ᠭᠦᠨᠦᠭᠡᠯ ᠦᠷᠭᠦᠯᠵᠢ ᠡᠭᠦᠰᠳᠡᠭ ᠤᠷᠤᠨ ᠳᠤ ᠬᠤᠯᠤᠭᠠᠨ᠎ᠠ ᠶᠢᠨ ᠭᠦᠨᠦᠭᠡᠯ ᠢ ᠰᠢᠯᠭᠠᠨ ᠭᠡᠮᠵᠢᠭᠦ ᠴᠢᠬᠤᠯᠠ ᠪᠦᠭᠦᠢ ᠡᠩᠨᠡᠭᠡ ᠶᠢ ᠪᠠᠶᠢᠭᠤᠯᠵᠤ᠂ ᠬᠤᠯᠤᠭᠠᠨ᠎ᠠ ᠶᠢᠨ ᠭᠦᠨᠦᠭᠡᠯ ᠤᠨ ᠡᠭᠦᠰᠦᠭᠰᠡᠨ ᠪᠠᠶᠢᠳᠠᠯ ᠢ ᠲᠤᠠᠠᠳᠠᠮᠠᠯ ᠬᠤᠭᠤᠴᠠᠭ᠎ᠠ ᠪᠠᠷ ᠪᠠᠶᠢᠴᠠᠭᠠᠵᠤ᠂ ᠤᠷᠢᠳᠴᠢᠯᠠᠨ ᠮᠡᠳᠡᠭᠡᠯᠡᠭᠦ ᠭᠡᠷᠡᠭᠳᠡᠢ᠃ ᠡᠭᠦᠨ ᠠᠴᠠ ᠭᠠᠳᠠᠨ᠎ᠠ ᠬᠤᠯᠤᠭᠠᠨ᠎ᠠ ᠶᠢᠨ ᠭᠦᠨᠦᠭᠡᠯ ᠢ ᠰᠡᠷᠭᠡᠶᠢᠯᠡᠨ ᠵᠠᠰᠠᠬᠤ ᠠᠵᠢᠯ ᠨᠢ ᠮᠡᠷᠭᠡᠵᠢᠯ ᠤᠨ ᠴᠢᠨᠠᠷ ᠢᠶᠠᠷ ᠴᠢᠩᠭ᠎ᠠ ᠪᠠᠶᠢᠳᠠᠭ ᠲᠤᠯᠠ ᠪᠤᠯᠪᠠᠰᠤᠷᠠᠯ ᠰᠠᠶᠢᠳᠠᠢ ᠨᠢᠭᠡᠨ ᠡᠩᠨᠡᠭᠡ ᠪᠠᠷ ᠤᠬᠠᠭᠤᠯᠬᠤ᠂ ᠪᠤᠯᠪᠠᠰᠤᠷᠠᠭᠤᠯᠬᠤ ᠪᠠ ᠰᠡᠷᠭᠡᠶᠢᠯᠡᠨ ᠵᠠᠰᠠᠬᠤ ᠮᠡᠷᠭᠡᠵᠢᠯ ᠤᠨ ᠵᠢᠯᠤᠭᠤᠳᠤᠯᠭ᠎ᠠ ᠵᠡᠷᠭᠡ ᠠᠵᠢᠯ ᠤᠳ ᠢ ᠭᠢᠯᠭᠡᠭᠦ ᠭᠡᠷᠡᠭᠳᠡᠢ᠃ ︵2︶ ᠵᠤᠭᠢᠶᠠᠨ ᠪᠠᠶᠢᠭᠤᠯᠤᠨ ᠲᠠᠶᠢᠴᠢᠯᠠᠬᠤ ᠠᠵᠢᠯ ᠢ ᠴᠢᠩᠭᠠᠳᠬᠠᠨ᠎ᠠ᠃ ᠲᠠᠷᠢᠶᠠᠨ ᠭᠠᠵᠠᠷ ᠤᠨ ᠬᠤᠯᠤᠭᠠᠨ᠎ᠠ ᠶᠢᠨ ᠭᠦᠨᠦᠭᠡᠯ ᠢ ᠰᠡᠷᠭᠡᠶᠢᠯᠡᠨ ᠵᠠᠰᠠᠬᠤ ᠪᠤᠯ ᠭᠠᠮᠰᠢᠭ ᠢ ᠰᠡᠷᠭᠡᠶᠢᠯᠡᠵᠤ ᠭᠠᠮᠰᠢᠭ ᠢ ᠪᠠᠭᠠᠰᠬᠠᠬᠤ ᠨᠢᠭᠡᠨ ᠤᠨᠴᠠᠭᠠᠢ ᠠᠵᠢᠯ ᠮᠦᠨ ᠪᠦᠭᠡᠳ ᠬᠤᠯᠪᠤᠠᠠᠳᠠᠬᠤ ᠭᠡᠪᠴᠢᠶ᠎ᠠ ᠨᠢ ᠮᠠᠰᠢ ᠦᠷᠭᠡᠨ ᠪᠠᠶᠢᠳᠠᠭ᠂ ᠡᠶᠢᠮᠤ ᠠᠴᠠ ᠵᠤᠭᠢᠶᠠᠨ ᠪᠠᠶᠢᠭᠤᠯᠤᠯᠳᠠ ᠶᠢᠨ ᠲᠠᠯ᠎ᠠ ᠪᠠᠷ ᠴᠢᠬᠤᠯᠠ ᠪᠦᠭᠦᠢ ᠪᠠᠳᠤᠯᠠᠭ᠎ᠠ ᠶᠢᠨ ᠠᠷᠭ᠎ᠠ ᠭᠡᠮᠵᠢᠶ᠎ᠠ ᠲᠠᠢ ᠪᠠᠶᠢᠬᠤ ᠴᠢᠬᠤᠯᠠ ᠲᠠᠢ᠃ ᠲᠤᠬᠠᠶᠢᠯᠠᠪᠠᠯ ᠵᠠᠰᠠᠭ ᠤᠨ ᠤᠷᠳᠤᠨ ᠲᠡᠮᠵᠢᠯᠭᠡ ᠦᠵᠡᠭᠦᠯᠵᠤ᠂ ᠵᠠᠰᠠᠭ ᠵᠠᠭᠢᠷᠭᠠᠨ ᠤ ᠤᠳᠤᠷᠢᠳᠤᠯᠭ᠎ᠠ ᠤᠷᠤᠯᠴᠠᠬᠤ ᠭᠡᠷᠡᠭᠳᠡᠢ᠃ ᠵᠤᠭᠢᠶᠠᠨ ᠪᠠᠶᠢᠭᠤᠯᠤᠯᠳᠠ ᠶᠢᠨ ᠲᠠᠶᠢᠴᠢᠯᠠᠬᠤ ᠡᠷᠴᠢᠮ ᠢ ᠴᠢᠩᠭᠠᠷᠠᠭᠤᠯᠵᠤ᠂ ᠬᠤᠯᠤᠭᠠᠨ᠎ᠠ ᠤᠰᠠᠳᠬᠠᠬᠤ ᠠᠵᠢᠯᠯᠠᠭ᠎ᠠ ᠶᠢ ᠵᠠᠰᠠᠭ ᠤᠨ ᠤᠷᠳᠤᠨ ᠤ ᠠᠵᠢᠯᠯᠠᠭ᠎ᠠ ᠪᠠᠷ ᠲᠠᠮᠵᠢᠭᠤᠯᠤᠨ᠂ ᠠᠷᠠᠳ ᠤᠯᠠᠨ ᠤ ᠠᠵᠢᠯᠯᠠᠭ᠎ᠠ ᠪᠤᠯᠭᠠᠳᠠᠭ ᠯᠡ ᠶᠤᠮ ᠪᠤᠯ ᠲᠠᠷᠤᠢ ᠡᠨᠡ ᠬᠦ ᠠᠵᠢᠯ ᠢ ᠦᠷᠭᠡᠨ ᠲᠠᠯᠭᠡᠷ ᠦᠷᠨᠢᠭᠦᠯᠵᠤ ᠴᠢᠳᠠᠨ᠎ᠠ᠃ ︵3︶ ᠰᠡᠷᠭᠡᠶᠢᠯᠡᠨ ᠵᠠᠰᠠᠬᠤ ᠪᠠᠯᠠ ᠮᠦᠡᠭᠭᠦ ᠶᠢ ᠲᠤᠭᠢᠳᠡᠢ ᠴᠤᠭᠯᠠᠭᠤᠯᠤᠨ᠎ᠠ᠃ ᠲᠠᠷᠢᠶᠠᠨ ᠭᠠᠵᠠᠷ ᠤᠨ ᠬᠤᠯᠤᠭᠠᠨ᠎ᠠ ᠶᠢ ᠰᠡᠷᠭᠡᠶᠢᠯᠡᠨ ᠵᠠᠰᠠᠬᠤ ᠳᠤ ᠠᠰᠢᠭ ᠭᠦᠷᠳᠡᠭᠴᠢᠳ ᠤᠨ ᠭᠤᠤᠯ ᠨᠢ ᠲᠠᠷᠢᠶᠠᠴᠢᠨ ᠲᠦᠮᠡᠨ ᠪᠤᠯᠤᠨ᠎ᠠ᠃ ᠡᠶᠢᠮᠤ ᠠᠴᠠ ᠰᠡᠷᠭᠡᠶᠢᠯᠡᠡ ᠵᠠᠰᠠᠬᠤ ᠵᠠᠷᠤᠳᠠᠯ ᠢ ᠦᠢᠯᠡᠳᠪᠤᠷᠢᠯᠡᠯ ᠤᠨ ᠴᠢᠨᠠᠷ ᠲᠠᠢ ᠤᠷᠤᠭᠤᠯᠤᠯᠳᠠ ᠳᠤ ᠤᠷᠤᠭᠤᠯᠬᠤ ᠶᠢᠨ ᠲᠠᠭᠠᠤ ᠤᠯᠠᠨ ᠲᠦᠮᠡᠨ ᠳᠤ ᠲᠦᠰᠢᠭᠯᠡᠨ ᠴᠤᠠᠠᠯᠠᠭᠤᠯᠬᠤ ᠭᠡᠷᠡᠭᠳᠡᠢ᠃ ᠭᠡᠪᠡᠴᠤ ᠲᠠᠷᠢᠶᠠᠨ ᠤ ᠬᠤᠯᠤᠭᠠᠨ᠎ᠠ ᠶᠢᠨ ᠭᠦᠨᠦᠭᠡᠯ ᠢ ᠰᠠᠶᠢᠳᠤᠷ ᠰᠡᠷᠭᠡᠶᠢᠯᠡᠨ ᠵᠠᠰᠠᠬᠤ ᠨᠢ ᠭᠦᠳᠡᠭᠡ ᠲᠤᠰᠬᠤᠨ ᠤ ᠬᠤᠯᠤᠭᠠᠨ᠎ᠠ ᠶᠢᠨ ᠬᠠᠯᠳᠠᠪᠤᠷᠢᠳᠤ ᠡᠪᠡᠳᠴᠢᠨ ᠤ ᠡᠭᠦᠰᠦᠯ ᠢ ᠬᠤᠷᠢᠠᠠᠯᠠᠬᠤ ᠵᠢᠴᠢ ᠬᠤᠳᠠ ᠪᠠᠯᠭᠠᠰᠤᠨ ᠤ ᠬᠤᠯᠤᠭᠠᠨ᠎ᠠ ᠶᠢᠨ ᠵᠦᠢᠯ ᠢ ᠪᠠᠭᠠᠰᠬᠠᠬᠤ ᠴᠢᠬᠤᠯᠠ ᠠᠴᠢ ᠬᠤᠯᠪᠤᠠᠠᠳᠠᠯ ᠲᠠᠢ ᠪᠤᠯᠬᠤᠷ᠂ ᠬᠤᠯᠤᠭᠠᠨ᠎ᠠ ᠶᠢᠨ ᠭᠦᠨᠦᠭᠡᠯ ᠢᠶᠠᠷ ᠭᠦᠨᠳᠤ ᠨᠤᠴᠢᠳᠡᠢ ᠭᠠᠵᠠᠷ ᠤᠷᠤᠨ᠂ ᠶᠠᠳᠠᠭᠤ ᠵᠦᠳᠡᠭᠦᠤ ᠭᠠᠵᠠᠷ ᠤᠷᠤᠨ᠂ ᠤᠯᠤᠰ ᠤᠨ ᠦᠮᠴᠢᠯᠡᠯ ᠤᠨ ᠠᠳᠠᠷ ᠭᠠᠵᠠᠷ᠂ ᠤᠯᠠᠨ ᠨᠠᠶᠢᠳᠡ ᠶᠢᠨ ᠭᠠᠵᠠᠷ ᠲᠠᠯᠠᠪᠤᠷ ᠲᠠᠬᠢ ᠬᠤᠯᠤᠭᠠᠨ᠎ᠠ ᠶᠢᠨ ᠭᠦᠨᠦᠭᠡᠯ ᠢ ᠰᠡᠷᠭᠡᠶᠢᠯᠡᠨ ᠵᠠᠰᠠᠬᠤ ᠵᠠᠷᠤᠳᠡᠯ ᠪᠤᠯᠤᠨ ᠬᠤᠯᠤᠭᠠᠨ᠎ᠠ ᠶᠢᠨ ᠭᠦᠨᠦᠭᠡᠯ ᠢ ᠰᠢᠯᠭᠠᠨ ᠭᠡᠮᠵᠢᠭᠦ᠂ ᠮᠡᠷᠭᠡᠵᠢᠯ ᠲᠡᠯᠭᠡᠷᠡᠭᠦᠯᠭᠦ ᠵᠡᠷᠭᠡ ᠰᠠᠭᠤᠷᠢ ᠠᠵᠢᠯ ᠳᠤ ᠡᠯ᠎ᠠ ᠱᠠᠳᠤᠨ ᠤ ᠡᠳ᠋ ᠤᠨ ᠵᠠᠰᠠᠭ ᠠᠴᠠ ᠴᠢᠬᠤᠯᠠ ᠪᠦᠭᠦᠢ ᠪᠡᠯᠡ ᠤᠷᠤᠭᠤᠯᠤᠯᠳᠠ ᠤᠯᠭᠤᠬᠤ ᠭᠡᠷᠡᠭᠳᠡᠢ᠃ ︵4︶ ᠰᠡᠷᠭᠡᠶᠢᠯᠡᠨ ᠵᠠᠰᠠᠬᠤ ᠦᠷ᠎ᠠ ᠪᠦᠳᠦᠮᠵᠢ ᠶᠢ ᠭᠢᠨᠠᠨ ᠰᠢᠯᠭᠠᠨ᠎ᠠ᠃ ᠦᠷ᠎ᠠ ᠪᠦᠳᠦᠮᠵᠢ ᠶᠢ ᠭᠢᠨᠠᠨ ᠰᠢᠯᠭᠠᠬᠤ ᠪᠤᠯ ᠬᠤᠯᠤᠭᠠᠨ᠎ᠠ ᠶᠢᠨ ᠭᠦᠨᠦᠭᠡᠯ ᠢ ᠰᠡᠷᠭᠡᠶᠢᠯᠡᠨ ᠵᠠᠰᠠᠬᠤ ᠠᠵᠢᠯ ᠢ ᠠᠭᠢᠭᠤᠯᠬᠤ ᠴᠢᠬᠤᠯᠠ ᠪᠦᠭᠦᠢ ᠠᠷᠭ᠎ᠠ ᠭᠡᠮᠵᠢᠶ᠎ᠠ ᠮᠦᠨ᠃ ᠶᠠᠮᠠᠷ ᠨᠢᠭᠡᠨ ᠭᠠᠵᠠᠷ ᠤᠷᠤᠨ ᠤ ᠬᠤᠯᠤᠭᠠᠨ᠎ᠠ ᠶᠢᠨ ᠭᠦᠨᠦᠭᠡᠯ ᠢ ᠠᠮᠵᠢᠯᠳᠡ ᠲᠠᠢ ᠪᠠᠷ ᠵᠠᠰᠠᠵᠤ ᠴᠢᠳ᠋ᠬᠠᠰᠠᠨ ᠡᠰᠡᠭᠦ ᠶᠢ ᠭᠤᠤᠯ ᠨᠢ ᠲᠤᠤᠷᠠᠭᠢ ᠭᠡᠳᠦᠨ ᠲᠠᠯ᠎ᠠ ᠪᠠᠷ ᠭᠢᠨᠠᠨ ᠰᠢᠯᠭᠠᠨ᠎ᠠ᠃ ① ᠬᠤᠯᠤᠭᠠᠨ᠎ᠠ ᠶᠢᠨ ᠨᠢᠠᠠᠳᠠᠴᠠ ᠶᠢᠨ ᠭᠡᠮᠵᠢᠶ᠎ᠠ ᠶᠢ ᠪᠠᠭᠤᠷᠠᠭᠤᠯᠬᠤ ᠭᠦᠢᠴᠡᠳᠭᠡᠯ ᠲᠤᠭ᠎ᠠ᠄ ᠶᠠᠷᠦᠩᠭᠡᠢ ᠳᠡᠭᠡᠨ ᠰᠡᠷᠭᠡᠶᠢᠯᠡᠨ ᠵᠠᠰᠠᠬᠤ ᠠᠷᠭ᠎ᠠ ᠭᠡᠮᠵᠢᠶ᠎ᠠ ᠠᠪᠤᠠᠠᠰᠠᠨ ᠤ ᠰᠡᠭᠦᠯᠡᠷ 15 ᠬᠤᠨᠤᠭ ᠤᠨ ᠲᠠᠷᠠᠭ᠎ᠠ ᠪᠠᠶᠢᠴᠠᠭᠠᠯᠳᠠ ᠭᠢᠵᠤ᠂ ᠬᠤᠯᠤᠭᠠᠨ᠎ᠠ ᠶᠢᠨ ᠨᠢᠠᠠᠳᠠᠴᠠ ᠶᠢᠨ ᠭᠡᠮᠵᠢᠶ᠎ᠠ 80% ᠠᠴᠠ ᠲᠡᠭᠡᠭᠰᠢ ᠪᠠᠭᠤᠷᠬᠠᠰᠠᠨ ᠪᠤᠶᠤ ᠲᠠᠷᠢᠶᠠᠨ ᠳᠠᠬᠢ ᠦᠯᠡᠳᠡᠭᠰᠡᠨ ᠬᠤᠯᠤᠭᠠᠨ᠎ᠠ ᠶᠢᠨ ᠨᠢᠠᠠᠳᠠᠴᠠ ᠶᠢᠨ ᠭᠡᠮᠵᠢᠶ᠎ᠠ ᠨᠢ 3% ᠠᠴᠠ ᠲᠤᠷᠤᠠᠠᠰᠢ ᠪᠠᠶᠢᠪᠠᠯ᠂ ᠪᠦᠳᠦᠮᠵᠢᠳᠡᠢ ᠰᠡᠷᠭᠡᠶᠢᠯᠡᠨ ᠵᠠᠰᠬᠠᠰᠠᠨ ᠤᠷᠤᠨ ᠪᠤᠶᠤ ᠰᠡᠷᠭᠡᠶᠢᠯᠡᠨ ᠵᠠᠰᠠᠬᠤ ᠳᠤ ᠭᠢᠷᠢ ᠳᠤ ᠲᠡᠩᠴᠡᠭᠰᠡᠨ ᠤᠷᠤᠨ ᠪᠤᠯᠤᠨ᠎ᠠ᠃ ② ᠲᠠᠷᠢᠮᠠᠯ ᠤᠨ ᠭᠦᠨᠦᠭᠡᠯ ᠳᠤ ᠤᠴᠠᠷᠬᠠᠰᠠᠨ ᠭᠡᠮᠵᠢᠶ᠎ᠠ ᠶᠢᠨ ᠭᠦᠢᠴᠡᠳᠭᠡᠯ ᠲᠤᠭ᠎ᠠ᠄ ᠲᠠᠷᠢᠶᠠᠨ ᠤ ᠬᠤᠯᠤᠭᠠᠨ᠎ᠠ ᠶᠢᠨ ᠭᠦᠨᠦᠭᠡᠯ ᠢ ᠰᠡᠷᠭᠡᠶᠢᠯᠡᠨ ᠵᠠᠰᠠᠬᠤ ᠶᠢᠨ ᠬᠠᠮᠤᠭ ᠡᠴᠤᠰ ᠤᠨ ᠵᠤᠷᠢᠯᠭ᠎ᠠ ᠪᠤᠯ ᠲᠠᠷᠤᠢ ᠲᠠᠷᠢᠶᠠᠨ ᠴᠢᠭᠢ ᠶᠢ ᠬᠠᠮᠠᠭᠠᠯᠠᠬᠤ᠂ ᠬᠤᠷᠢᠶᠠᠯᠳᠠ ᠶᠢ ᠪᠠᠳᠤᠯᠠᠬᠤ ᠶᠠᠪᠤᠳᠠᠯ ᠪᠤᠯᠤᠨ᠎ᠠ᠃ ᠶᠠᠷᠤ ᠶᠢᠨ ᠱᠠᠭᠠᠷᠳᠠᠯᠭ᠎ᠠ ᠪᠤᠯ ᠰᠡᠷᠭᠡᠶᠢᠯᠡᠯᠳᠡ ᠶᠢᠨ ᠲᠤᠭᠤᠷᠢᠭ ᠲᠤᠳᠤᠷ᠎ᠠ ᠲᠤᠮᠳᠡᠴᠢ ᠴᠢᠭᠢ ᠬᠠᠮᠠᠭᠠᠯᠠᠬᠤ ᠨᠤᠷᠮ᠎ᠠ ᠶᠢ 95% ᠠᠴᠠ ᠲᠡᠭᠡᠭᠰᠢ ᠳᠤ ᠭᠦᠷᠦᠭᠦᠯᠵᠤ᠂ ᠠᠮᠤ ᠪᠤᠳᠠᠭᠠᠨ ᠤ ᠲᠠᠷᠢᠮᠠᠯ ᠤᠨ ᠤᠨᠠᠯᠳᠠ ᠶᠢᠨ ᠬᠤᠭᠢᠷᠠᠯ ᠤᠨ ᠨᠤᠷᠮ᠎ᠠ ᠶᠢ 3% ᠠᠴᠠ ᠲᠤᠷᠤᠠᠠᠰᠢ ᠳᠤ ᠭᠢᠵᠠᠭᠠᠷᠯᠠᠵᠤ᠂ ᠠᠵᠤ ᠠᠬᠤᠢ ᠶᠢᠨ ᠲᠠᠷᠢᠮᠠᠯ ᠤᠨ ᠬᠤᠭᠢᠷᠠᠯ ᠤᠨ ᠨᠤᠷᠮ᠎ᠠ ᠶᠢ 2% ᠠᠴᠠ ᠲᠤᠷᠤᠠᠠᠰᠢ ᠳᠤ ᠭᠢᠵᠠᠭᠠᠷᠯᠬᠠᠰᠠᠨ ᠪᠠᠶᠢᠪᠠᠯ ᠪᠦᠳᠦᠮᠵᠢᠳᠡᠢ ᠪᠠᠷ ᠰᠡᠷᠭᠡᠶᠢᠯᠡᠨ ᠵᠠᠰᠬᠠᠰᠠᠨ ᠤᠷᠤᠨ ᠪᠤᠯᠤᠨ᠎ᠠ᠃ ③ ᠠᠶᠤᠯ ᠦᠬᠡᠢ ᠶᠢᠨ ᠭᠦᠢᠴᠡᠳᠭᠡᠯ ᠲᠤᠭ᠎ᠠ᠄ ᠭᠦᠮᠦᠨ ᠢ ᠦᠢᠯᠡᠳᠪᠤᠷᠢᠯᠡᠯ ᠤᠨ ᠴᠢᠨᠠᠷ ᠲᠠᠢ ᠬᠤᠤᠷᠳᠠᠭᠤᠯᠤᠠᠠᠰᠠᠨ ᠠᠳᠡᠯ ᠦᠭᠡᠢ᠂ ᠮᠠᠯ ᠵᠢᠭᠦᠷᠳᠡᠨ ᠢ ᠦᠢᠯᠡᠳᠪᠤᠷᠢᠯᠡᠯ ᠤᠨ ᠴᠢᠨᠠᠷ ᠲᠠᠢ ᠬᠤᠤᠷᠳᠠᠭᠤᠯᠤᠠᠠᠰᠠᠨ ᠭᠡᠷᠡᠭ ᠨᠢ ᠰᠡᠷᠭᠡᠶᠢᠯᠡᠨ ᠵᠠᠰᠠᠬᠤ ᠤᠷᠤᠨ ᠤ ᠮᠠᠯ ᠵᠢᠭᠦᠷᠳᠡᠨ ᠤ ᠶᠠᠷᠦᠩᠭᠡᠢ ᠲᠤᠭᠠᠨ ᠤ ᠲᠦᠮᠡᠨ ᠬᠤᠪᠢ ᠶᠢᠨ ᠨᠢᠭᠡ ᠠᠴᠠ ᠲᠤᠤᠷ᠎ᠠ ᠪᠠᠶᠢᠬᠤ ᠭᠡᠷᠡᠭᠳᠡᠢ᠃ ④ ᠠᠵᠤ ᠠᠬᠤᠢ ᠶᠢᠨ ᠦᠷ᠎ᠠ ᠠᠰᠢᠭ ᠤᠨ ᠭᠦᠢᠴᠡᠳᠭᠡᠯ ᠲᠤᠭ᠎ᠠ᠄ ᠬᠤᠯᠤᠭᠠᠨ᠎ᠠ ᠶᠢᠨ ᠭᠦᠨᠦᠭᠡᠯ ᠢ ᠰᠡᠷᠭᠡᠶᠢᠯᠡᠨ ᠵᠠᠰᠬᠠᠰᠠᠨ ᠦᠷ᠎ᠠ ᠪᠦᠳᠦᠮᠵᠢ ᠶᠢ ᠦᠨᠳᠦᠰᠦᠯᠡᠨ᠂ ᠰᠡᠷᠭᠡᠶᠢᠯᠡᠨ ᠵᠠᠰᠠᠬᠤ ᠤᠷᠤᠨ ᠤ ᠲᠠᠷᠢᠶᠠᠨ ᠭᠠᠵᠠᠷ ᠲᠠᠬᠢ ᠲᠠᠷᠢᠮᠡᠯ ᠪᠤᠯᠤᠨ ᠲᠠᠷᠢᠶᠠᠴᠢᠨ ᠡᠷᠦᠭᠡ ᠶᠢᠨ ᠬᠠᠳᠠᠭᠠᠯᠠᠮᠵᠢ ᠶᠢᠨ ᠠᠮᠤ ᠪᠤᠳᠠᠭᠠᠨ ᠤ ᠬᠤᠭᠢᠷᠠᠯ ᠢ ᠦᠨᠡᠯᠠᠨ ᠮᠠᠭᠠᠳᠯᠠᠵᠤ᠂ ᠤᠷᠤᠭᠤᠯᠤᠯᠳᠠ ᠭᠢᠭᠰᠡᠨ ᠭᠢᠭᠡᠳ ᠬᠤᠭᠢᠷᠠᠯ ᠢ ᠡᠭᠡᠭᠦᠯᠦᠨ ᠠᠪᠴᠢᠷᠬᠠᠰᠠᠨ ᠠᠵᠤ ᠠᠬᠤᠢ ᠶᠢᠨ ᠦᠷ᠎ᠠ ᠠᠰᠢᠭ ᠤᠨ ᠬᠠᠷᠢᠴᠠᠯ ᠨᠢ ᠠᠷᠪᠡᠨ ᠤ ᠨᠢᠭᠡ ᠠᠴᠠ ᠲᠡᠭᠡᠭᠰᠢ ᠪᠠᠶᠢᠬᠤ ᠭᠡᠷᠡᠭᠳᠡᠢ᠃ ᠡᠭᠦᠨ ᠠᠴᠠ ᠭᠠᠳᠠᠨ᠎ᠠ᠂ ᠬᠤᠯᠤᠭᠠᠨ᠎ᠠ ᠤᠰᠠᠳᠬᠠᠠᠠᠰᠠᠨ ᠤᠷᠤᠨ ᠤ ᠬᠤᠯᠤᠭᠠᠨ᠎ᠠ ᠶᠢᠨ ᠬᠠᠯᠳᠠᠪᠤᠷᠢᠳᠤ ᠡᠪᠡᠳᠴᠢᠨ ᠤ ᠡᠭᠦᠰᠦᠯ ᠤᠨ ᠨᠤᠷᠮ᠎ᠠ ᠨᠢ ᠡᠳᠦᠢ ᠲᠡᠳᠦᠢ ᠪᠠᠭᠤᠷᠠᠵᠤ᠂ ᠬᠤᠯᠤᠭᠠᠨ᠎ᠠ ᠶᠢᠨ ᠲᠦᠷᠦᠯ ᠤᠨ ᠲᠦᠷᠦᠯᠭᠢ ᠲᠠᠶᠢᠰᠤᠨ ᠤ ᠬᠤᠶᠠᠷᠳᠠᠮᠠᠯ ᠬᠤᠤᠷᠳᠠᠯ ᠤᠨ ᠠᠳᠡᠯ ᠢᠯᠡᠳᠳᠡ ᠪᠠᠭᠠᠰᠤᠠᠠᠰᠠᠨ ᠪᠠᠶᠢᠬᠤ ᠭᠡᠷᠡᠭᠳᠡᠢ᠃ |
|
|
|
ᠢᠷᠡᠯᠲᠡ᠄
ᠦᠪᠦᠷ ᠮᠣᠩᠭᠤᠯ ᠤᠨ ᠵᠠᠰᠠᠭ ᠤᠨ ᠣᠷᠳᠤᠨ
|