︵ᠨᠢᠭᠡ︶ ᠭᠠᠴᠠᠭ᠎ᠠ ᠪᠠᠯᠭᠠᠰᠤᠨ ᠳᠤ ᠰᠠᠨᠠᠭᠠᠴᠢᠯᠠᠭᠠᠳᠤ ᠪᠤᠰᠤ ᠭᠡᠯᠪᠡᠷᠢ ᠶᠢᠨ ᠨᠠᠷᠠᠯᠠᠭ ᠤᠷᠤᠨ ᠰᠠᠭᠤᠴᠠ ᠪᠠᠷᠢᠬᠤ ᠮᠡᠷᠭᠡᠵᠢᠯ
ᠨᠡᠶᠢᠲᠡᠯᠡᠭᠰᠡᠨ ᠴᠠᠭ᠄
2015/10/19

       1. ᠶᠠᠭᠤ ᠶᠢ ᠨᠠᠷᠠᠯᠠᠭ ᠤᠷᠤᠨ ᠰᠠᠭᠤᠴᠠ ᠭᠡᠭᠦ ᠪᠤᠢ︖
        ᠨᠠᠷᠠᠯᠠᠭ ᠤᠷᠤᠨ ᠰᠠᠭᠤᠴᠠ ᠭᠡᠳᠡᠭ ᠪᠤᠯ ᠲᠠᠷᠤᠢ ᠪᠠᠷᠢᠯᠭ᠎ᠠ ᠶᠢᠨ ᠪᠦᠳᠦᠴᠡ ᠶᠢᠨ ᠲᠠᠯ᠎ᠠ ᠪᠠᠷ ᠵᠦᠢ ᠵᠤᠭᠢᠰᠳᠡᠢ ᠪᠠᠶᠢᠷᠢᠯᠠᠭᠤᠯᠵᠤ᠂ ᠬᠠᠪᠤᠯᠢᠭ ᠰᠠᠶᠢᠬᠠᠨ ᠲᠤᠠᠠᠳᠠᠭᠠᠵᠤ᠂ ᠨᠠᠷᠢᠨ ᠨᠢᠮᠪᠠᠢ ᠵᠢᠷᠤᠠᠠᠯᠠᠵᠤ᠂ ᠪᠠᠭ᠎ᠠ ᠪᠡᠯᠡ ᠤᠷᠤᠭᠤᠯᠤᠯᠳᠠ ᠤᠷᠤᠭᠤᠯᠤᠨ᠂ ᠨᠠᠷᠠᠨ ᠤ ᠡᠨᠧᠷᠭᠢ ᠶᠢ ᠠᠰᠢᠠᠠᠯᠠᠨ ᠮᠠᠰᠢ ᠶᠡᠭᠡ ᠦᠷ᠎ᠡ ᠪᠦᠳᠦᠭᠡᠯ ᠤᠯᠵᠤ᠂ ᠡᠪᠤᠯ ᠲᠤᠯᠠᠭᠠᠨ ᠵᠤᠨ ᠰᠡᠷᠢᠭᠦᠨ ᠪᠠᠶᠢᠬᠤ ᠭᠡᠷ ᠪᠠᠶᠢᠰᠢᠩ ᠢ ᠭᠡᠯᠡᠵᠤ ᠪᠠᠶᠢᠨ᠎ᠠ᠃ ᠨᠠᠷᠠᠯᠠᠭ ᠤᠷᠤᠨ ᠰᠠᠭᠤᠴᠠ ᠶᠢ ᠰᠠᠨᠠᠭᠠᠴᠢᠯᠠᠭᠠᠳᠤ ᠭᠡᠯᠪᠡᠷᠢ ᠶᠢᠨ ᠪᠡ ᠰᠠᠨᠠᠭᠠᠴᠢᠯᠠᠭᠠᠳᠤ ᠪᠤᠰᠤ ᠭᠡᠯᠪᠡᠷᠢ ᠶᠢᠨ ᠭᠡᠵᠤ ᠬᠤᠶᠠᠷ ᠲᠤᠮᠤ ᠲᠦᠷᠦᠯ ᠬᠤᠪᠢᠶᠠᠨ᠎ᠠ᠃ ᠰᠠᠨᠠᠭᠠᠴᠢᠯᠠᠭᠠᠳᠤ ᠭᠡᠯᠪᠡᠷᠢ ᠶᠢᠨ ᠨᠠᠷᠠᠯᠠᠭ ᠤᠷᠤᠨ ᠰᠠᠭᠤᠴᠠ ᠨᠢ ᠨᠠᠷᠠᠨ ᠤ ᠡᠨᠧᠷᠭᠢ ᠶᠢᠨ ᠢᠯᠴᠢ ᠲᠦᠪᠯᠡᠷᠡᠭᠦᠯᠭᠦ ᠮᠠᠰᠢᠨ᠂ ᠬᠤᠭᠤᠯᠠᠢ᠂ ᠢᠯᠴᠢ ᠲᠠᠷᠬᠠᠭᠠᠬᠤ ᠮᠠᠰᠢᠨ᠂ ᠰᠠᠯᠭᠢᠨ ᠮᠠᠰᠢᠨ ᠪᠤᠶᠤ ᠭᠦᠭᠡᠷᠭᠡ ᠵᠢᠴᠢ ᠢᠯᠴᠢ ᠬᠠᠳᠠᠭᠠᠯᠠᠬᠤ ᠲᠤᠨᠤᠠᠠᠯᠠᠯ ᠢᠶᠠᠷ ᠪᠦᠷᠢᠯᠳᠦᠭᠰᠡᠨ ᠨᠠᠷᠠᠡ ᠤ ᠡᠨᠧᠷᠭᠢ ᠶᠢᠨ ᠰᠢᠰᠲ᠋ᠧᠮ ᠢ ᠡᠷᠭᠢᠯᠳᠦᠭᠦᠯᠵᠤ ᠢᠯᠴᠢ ᠬᠠᠨᠭ᠍ᠭᠠᠳᠠᠭ ᠤᠷᠤᠨ ᠰᠠᠭᠤᠴᠠ ᠶᠢ ᠭᠡᠯᠡᠨ᠎ᠡ᠃ ᠰᠠᠨᠠᠭᠠᠴᠢᠯᠠᠭᠠᠳᠤ ᠪᠤᠰᠤ ᠭᠡᠯᠪᠡᠷᠢ ᠶᠢᠨ ᠨᠠᠷᠠᠯᠠᠭ ᠤᠷᠤᠨ ᠰᠠᠠᠭᠤᠴᠠ ᠨᠢ ᠪᠠᠷᠢᠯᠭ᠎ᠠ ᠶᠢᠨ ᠵᠦᠭ ᠴᠢᠭᠯᠡᠯ ᠪᠤᠯᠤᠨ ᠤᠷᠴᠢᠨ ᠲᠤᠭᠤᠷᠢᠨ ᠢ ᠵᠦᠢ ᠵᠤᠭᠢᠰᠳᠡᠢ ᠪᠠᠶᠢᠷᠢᠯᠠᠭᠤᠯᠵᠤ᠂ ᠲᠤᠳᠤᠭᠠᠳᠤ ᠤᠷᠤᠨ ᠵᠠᠢ ᠪᠠ ᠭᠠᠳᠠᠷ ᠭᠡᠯᠪᠡᠷᠢ ᠲᠦᠷᠰᠤ ᠶᠢ ᠬᠠᠪᠤᠯᠢᠭ ᠰᠢᠢᠳᠪᠤᠷᠢᠯᠡᠵᠤ᠂ ᠪᠠᠷᠢᠯᠭ᠎ᠠ ᠶᠢᠨ ᠮᠠᠲ᠋ᠧᠷᠢᠶᠠᠯ ᠤᠨ ᠪᠦᠳᠤᠴᠡ᠂ ᠭᠢᠴᠡ ᠶᠢ ᠲᠤᠭᠢᠳᠡᠢ ᠰᠤᠩᠭᠤᠵᠤ᠂ ᠲᠡᠭᠦᠨ ᠢ ᠡᠪᠤᠯ ᠨᠠᠷᠠᠨ ᠤ ᠡᠨᠧᠷᠭᠢ ᠶᠢ ᠬᠤᠷᠢᠶᠠᠬᠤ᠂ ᠪᠠᠳᠤᠯᠠᠬᠤ᠂ ᠬᠠᠳᠠᠭᠠᠯᠠᠬᠤ᠂ ᠬᠤᠪᠢᠶᠠᠷᠢᠯᠠᠬᠤ ᠪᠤᠯᠭᠠᠭᠠᠳ ᠭᠡᠷ ᠤᠷᠤᠨ ᠤ ᠲᠤᠯᠠᠭᠠᠮᠵᠢ ᠶᠢᠨ ᠠᠰᠠᠭᠤᠳᠠᠯ ᠢ ᠰᠢᠢᠳᠪᠤᠷᠢᠯᠡᠳᠡᠭ᠃ ᠡᠭᠦᠨ ᠤ ᠬᠠᠮᠳᠤ ᠵᠤᠨ ᠤ ᠤᠯᠠᠷᠢᠯ ᠳᠤ ᠨᠠᠷᠠᠨ ᠤ ᠰᠠᠴᠤᠷᠠᠯᠳᠠ ᠶᠢ ᠬᠠᠯᠬᠠᠯᠠᠨ᠂ ᠭᠡᠷ ᠲᠤᠳᠤᠷᠠᠭᠢ ᠬᠠᠯᠠᠭᠤᠨ ᠢ ᠰᠠᠷᠨᠢᠭᠤᠯᠵᠤ᠂ ᠪᠠᠷᠢᠯᠭ᠎ᠠ ᠶᠢᠨ ᠢᠯᠴᠢ ᠶᠢ ᠪᠠᠭᠤᠷᠠᠭᠤᠯᠤᠨ᠂ ᠡᠪᠤᠯ ᠲᠤᠯᠠᠭᠠᠨ ᠵᠤᠨ ᠰᠡᠷᠢᠭᠦᠨ ᠪᠠᠶᠢᠬᠤ ᠵᠤᠷᠢᠯᠭ᠎ᠠ ᠳᠤ ᠭᠦᠷᠦᠭᠦᠯᠳᠡᠭ ᠤᠷᠤᠨ ᠰᠠᠭᠤᠴᠠ ᠶᠢ ᠭᠡᠯᠡᠨ᠎ᠡ᠃ ᠠᠳᠡ ᠲᠠᠨᠢᠯᠴᠠᠭᠤᠯᠬᠤ ᠪᠤᠯ ᠭᠦᠳᠡᠭᠡ ᠲᠤᠰᠬᠤᠨ ᠤ ᠤᠷᠤᠨ ᠰᠠᠭᠤᠴᠠ ᠪᠠᠷ ᠭᠤᠤᠯ ᠪᠤᠯᠭᠠᠠᠠᠰᠠᠨ ᠰᠠᠨᠠᠭᠠᠴᠢᠯᠠᠭᠠᠳᠤ ᠪᠤᠰᠤ ᠭᠡᠯᠪᠡᠷᠢ ᠶᠢᠨ ᠨᠠᠷᠠᠯᠠᠭ ᠤᠷᠤᠨ ᠰᠠᠭᠤᠴᠠ ᠪᠤᠯᠤᠨ᠎ᠠ᠃
        2. ᠰᠠᠨᠠᠭᠠᠴᠢᠯᠠᠭᠠᠳᠤ ᠪᠤᠰᠤ ᠭᠡᠯᠪᠡᠷᠢ ᠶᠢᠨ ᠨᠠᠷᠠᠯᠠᠭ ᠤᠷᠤᠨ ᠰᠠᠭᠤᠴᠠ ᠶᠢᠨ ᠦᠨᠳᠤᠰᠤᠨ ᠤᠨᠤᠯ ᠨᠢ ᠶᠠᠭᠤ ᠪᠤᠢ︖
        ᠰᠠᠨᠠᠭᠠᠴᠢᠯᠠᠭᠠᠳᠤ ᠪᠤᠰᠤ ᠭᠡᠯᠪᠡᠷᠢ ᠶᠢᠨ ᠨᠠᠷᠠᠯᠠᠭ ᠤᠷᠤᠨ ᠰᠠᠭᠤᠴᠠ ᠶᠢᠨ ᠰᠢᠰᠲ᠋ᠧᠮ ᠤᠨ ᠬᠠᠮᠤᠭ ᠤᠨ ᠦᠨᠳᠤᠰᠤᠨ ᠤᠨᠤᠯ ᠪᠤᠯ ᠠᠯᠢ ᠴᠢᠳᠠᠬᠤ ᠪᠠᠷ ᠡᠮᠤᠨ᠎ᠠ ᠵᠦᠭ ᠬᠠᠨᠳᠤᠠᠠᠰᠠᠨ ᠨᠠᠷᠠ ᠲᠤᠰᠬᠤ ᠴᠤᠩᠬᠤ ᠶᠢ ᠢᠯᠡᠭᠦᠭᠡᠨ ᠭᠠᠷᠭᠠᠵᠤ᠂ ᠤᠮᠠᠷᠠᠰᠢ ᠬᠠᠨᠳᠤᠠᠠᠰᠠᠨ ᠴᠤᠩᠬᠤ ᠶᠢ ᠪᠠᠭᠠᠰᠬᠠᠵᠤ᠂ ᠵᠡᠭᠦᠨᠰᠢ ᠪᠠᠷᠠᠭᠤᠠᠰᠢ ᠬᠠᠨᠳᠤᠠᠠᠰᠠᠨ ᠴᠤᠩᠬᠤ ᠶᠢ ᠠᠯᠢ ᠴᠢᠳᠠᠬᠤ ᠪᠠᠷ ᠭᠠᠷᠭᠠᠬᠤ ᠦᠭᠡᠢ ᠪᠠᠶᠢᠬᠤ ᠶᠠᠪᠤᠳᠠᠯ ᠪᠤᠯᠤᠨ᠎ᠠ᠃ ᠨᠦᠭᠦᠴᠡᠯ ᠲᠠᠢ ᠭᠠᠵᠠᠷ ᠤᠷᠤᠨ ᠪᠤᠯ ᠲᠠᠪᠬᠤᠷ ᠡᠭᠦᠳᠡ ᠴᠤᠩᠬᠤ ᠲᠠᠢ ᠪᠤᠯ ᠨᠡᠩ ᠰᠠᠶᠢᠨ ᠶᠤᠮ᠃ ᠭᠡᠷᠡᠮ᠂ ᠠᠳᠠᠷ᠂ ᠱᠠᠯᠠ ᠵᠡᠷᠭᠡ ᠬᠠᠮᠠᠭᠠᠯᠠᠯᠳᠠ ᠶᠢᠨ ᠪᠦᠳᠦᠴᠡ ᠳᠤ ᠢᠯᠴᠢ ᠲᠠᠮᠵᠢᠭᠤᠯᠬᠤ ᠢᠯᠡᠳᠭᠡᠮᠵᠢ ᠲᠤᠭ᠎ᠠ ᠪᠠᠷ ᠪᠠᠭ᠎ᠠ ᠮᠡᠲ᠋ᠧᠷᠢᠶᠠᠯ ᠢ ᠰᠤᠩᠭᠤᠵᠤ᠂ ᠬᠠᠮᠠᠭᠠᠯᠠᠯᠳᠠ ᠶᠢᠨ ᠪᠦᠳᠤᠴᠡ ᠶᠢᠨ ᠢᠯᠴᠢ ᠶᠢᠨ ᠬᠤᠷᠢᠠᠠᠯᠠᠯᠳᠠ ᠶᠢ ᠨᠡᠮᠡᠭᠳᠡᠭᠦᠯᠦᠨ᠂ ᠬᠠᠮᠠᠭᠠᠯᠠᠯᠳᠠ ᠶᠢᠨ ᠪᠦᠳᠤᠴᠡ ᠶᠢᠨ ᠢᠯᠴᠢ ᠲᠠᠷᠬᠠᠭᠠᠬᠤ ᠶᠢ ᠪᠠᠭᠤᠷᠠᠭᠤᠯᠤᠨ᠎ᠠ᠃ ᠭᠡᠭᠡᠨ ᠡᠳᠤᠷ ᠨᠠᠷᠠᠨ ᠤ ᠭᠡᠷᠡᠯ ᠡᠮᠦᠨᠡᠰᠢ ᠬᠠᠨᠳᠤᠠᠠᠰᠠᠨ ᠰᠢᠯ ᠴᠤᠩᠬᠤ ᠶᠢ ᠨᠡᠪᠳᠡᠯᠤᠨ ᠦᠷᠦᠭᠡᠨ ᠳᠤ ᠲᠤᠰᠤᠠᠠᠰᠠᠨ ᠤ ᠰᠡᠭᠦᠯᠡᠷ ᠲᠤᠭᠤᠰᠬ᠎ᠠ᠂ ᠲᠦᠭᠦᠭᠡᠢ ᠲᠤᠭᠤᠰᠬ᠎ᠠ᠂ ᠪᠧᠲ᠋ᠤᠨ ᠵᠡᠷᠭᠡ ᠭᠦᠨᠳᠤ ᠨᠢᠠᠠᠳᠠ ᠮᠠᠲ᠋ᠧᠷᠢᠶᠠᠯ ᠨᠢ ᠨᠡᠷᠡᠨ ᠤ ᠡᠨᠧᠷᠭᠢ ᠶᠢ ᠰᠢᠩᠭᠡᠭᠡᠨ ᠬᠠᠳᠠᠭᠠᠯᠠᠳᠠᠭ᠃ ᠦᠳᠡᠰᠢ ᠰᠦᠨᠢ ᠦᠷᠦᠭᠡᠨ ᠤ ᠲᠤᠯᠠᠭᠠᠨ ᠤ ᠭᠡᠮᠵᠢᠶ᠎ᠠ ᠪᠠᠭᠤᠷᠠᠬᠤ ᠦᠶᠡᠰ᠂ ᠬᠠᠳᠠᠭᠠᠯᠬᠠᠰᠠᠨ ᠨᠠᠷᠠᠨ ᠤ ᠡᠨᠧᠷᠭᠢ ᠨᠢ ᠲᠠᠮᠵᠢᠭᠤᠯᠭ᠎ᠠ᠂ ᠰᠤᠯᠢᠭ ᠤᠷᠤᠰᠬᠠᠯ᠂ ᠰᠠᠴᠤᠷᠠᠯᠳᠠ ᠵᠡᠷᠭᠡ ᠭᠡᠯᠪᠡᠷᠢ ᠪᠠᠷ ᠦᠷᠦᠭᠡᠨ ᠳᠤ ᠢᠯᠴᠢ ᠬᠠᠨᠭ᠍ᠭᠠᠳᠠᠭ᠃ ᠪᠠᠷᠢᠯᠭ᠎ᠠ ᠶᠢᠨ ᠭᠤᠤᠯ ᠪᠤᠯᠬᠤ ᠦᠷᠦᠭᠡ ᠲᠠᠰᠤᠯᠭ᠎ᠠ ᠶᠢ ᠨᠠᠷᠠᠨ ᠲᠠᠯ᠎ᠠ ᠳᠤ ᠪᠠᠶᠢᠷᠢᠯᠠᠭᠤᠯᠵᠤ᠂ ᠲᠤᠰᠠᠯᠠᠬᠤ ᠦᠷᠦᠭᠡ ᠲᠠᠰᠤᠯᠭ᠎ᠠ ᠶᠢ ᠰᠡᠭᠦᠳᠡᠷ ᠲᠠᠯ᠎ᠠ ᠳᠤ ᠪᠠᠶᠢᠷᠢᠯᠠᠭᠤᠯᠪᠠᠯ᠂ ᠨᠠᠮᠤᠭᠤᠳᠬᠠᠬᠤ ᠦᠢᠯᠡᠳᠦᠯ ᠢ ᠪᠠᠳᠠᠷᠠᠭᠤᠯᠵᠤ ᠴᠢᠳᠠᠬᠤ ᠪᠠᠷ ᠪᠠᠷᠠᠬᠤ ᠦᠭᠡᠢ ᠪᠠᠰᠠ ᠬᠠᠳᠠᠭᠠᠯᠬᠠᠰᠠᠨ ᠭᠢᠵᠠᠭᠠᠷ ᠲᠠᠢ ᠨᠠᠷᠠᠨ ᠤ ᠡᠨᠧᠷᠭᠢ ᠶᠢᠨ ᠦᠢᠯᠡᠳᠦᠯ ᠢ ᠨᠢ ᠭᠦᠢᠴᠡᠳ ᠪᠠᠳᠠᠷᠠᠭᠤᠯᠵᠤ ᠴᠢᠳᠠᠨ᠎ᠠ᠃
        ᠶᠠᠷᠦᠩᠭᠡᠶᠢᠯᠡᠭᠡᠳ ᠭᠡᠯᠡᠪᠡᠯ ᠢᠯᠴᠢ ᠴᠤᠠᠠᠯᠠᠭᠤᠯᠬᠤ᠂ ᠢᠯᠴᠢ ᠬᠠᠳᠠᠭᠠᠯᠠᠬᠤ᠂ ᠬᠠᠯᠠᠭᠤᠨ ᠢ ᠬᠠᠮᠠᠭᠠᠯᠠᠬᠤ ᠠᠷᠭ᠎ᠠ ᠭᠡᠮᠵᠢᠶ᠎ᠠ ᠪᠤᠯ ᠨᠠᠷᠠᠯᠠᠭ ᠤᠷᠤᠨ ᠰᠠᠭᠤᠴᠠ ᠶᠢᠨ ᠵᠢᠷᠤᠭ ᠲᠦᠯᠦᠪᠯᠡᠭᠡ ᠶᠢᠨ ᠭᠤᠷᠪᠡᠨ ᠴᠢᠬᠤᠯᠠ ᠪᠦᠷᠢᠯᠳᠦᠭᠦᠨ ᠭᠡᠰᠡᠭ ᠨᠢ ᠪᠤᠯᠤᠨ᠎ᠠ᠂ ᠠᠯᠢ ᠨᠢᠭᠡ ᠨᠢ ᠴᠦ ᠲᠤᠳ᠋ᠬᠠᠳᠠᠵᠤ ᠪᠤᠯᠬᠤ ᠦᠭᠡᠢ᠃
        3. ᠰᠠᠨᠠᠭᠠᠴᠢᠯᠠᠭᠠᠳᠤ ᠪᠤᠰᠤ ᠨᠠᠷᠠᠯᠠᠭ ᠤᠷᠤᠨ ᠰᠠᠭᠤᠴᠠ ᠨᠢ ᠶᠠᠮᠠᠷ ᠦᠨᠳᠤᠰᠤᠨ ᠭᠡᠯᠪᠡᠷᠢ ᠲᠠᠢ ᠪᠤᠢ︖
       ᠶᠠᠷᠦᠳᠡ ᠶᠢᠨ ᠰᠠᠨᠠᠭᠠᠴᠢᠯᠠᠭᠠᠳᠤ ᠪᠤᠰᠤ ᠭᠡᠯᠪᠡᠷᠢ ᠶᠢᠨ ᠨᠠᠷᠠᠯᠠᠭ ᠤᠷᠤᠨ ᠰᠠᠭᠤᠴᠠ ᠨᠢ ᠶᠡᠭᠡ ᠲᠦᠯᠦᠪ ᠰᠢᠭᠤᠳ ᠠᠰᠢᠭ ᠭᠦᠷᠳᠡᠭᠦ ᠭᠡᠯᠪᠡᠷᠢ᠂ ᠢᠯᠴᠢ ᠴᠤᠠᠠᠯᠠᠭᠤᠯᠵᠤ ᠢᠯᠴᠢ ᠬᠠᠳᠠᠭᠠᠯᠠᠬᠤ ᠭᠡᠷᠡᠮ ᠤᠨ ᠭᠡᠯᠪᠡᠷᠢ ᠪᠡ ᠨᠠᠷᠠᠯᠠᠭ ᠨᠡᠮᠡᠯᠳᠡ ᠶᠢᠨ ᠵᠠᠢ ᠶᠢᠨ ᠭᠡᠯᠪᠡᠷᠢ ᠭᠡᠵᠤ ᠭᠤᠷᠪᠡᠨ ᠲᠦᠷᠦᠯ ᠪᠠᠶᠢᠳᠠᠭ᠃
        ᠨᠢᠭᠡ ᠳᠤ᠂ ᠰᠢᠭᠤᠳ ᠠᠰᠢᠭ ᠭᠦᠷᠳᠡᠭᠦ ᠭᠡᠯᠪᠡᠷᠢ ᠶᠢᠨ ᠨᠠᠷᠠᠯᠠᠭ ᠤᠷᠤᠨ ᠰᠠᠭᠤᠴᠠ ᠨᠢ ᠡᠮᠦᠨ᠎ᠠ ᠴᠤᠩᠬᠤᠨ ᠠᠴᠠ ᠨᠡᠷᠡᠨ ᠤ ᠰᠠᠴᠤᠷᠠᠯᠳᠠ ᠶᠢᠨ ᠡᠨᠧᠷᠭᠢ ᠶᠢ ᠰᠢᠭᠤᠳ ᠭᠦᠯᠢᠶᠠᠨ ᠠᠪᠳᠠᠭ᠃ ᠨᠠᠷᠠᠨ ᠤ ᠰᠠᠴᠤᠷᠠᠯ ᠨᠢ ᠴᠤᠩᠬᠤ ᠪᠠᠷ ᠲᠠᠮᠵᠢᠨ ᠦᠷᠦᠭᠡᠨ ᠲᠤᠳᠤᠷᠠᠭᠢ ᠱᠠᠯᠠ᠂ ᠭᠡᠷᠡᠮ ᠵᠢᠴᠢ ᠪᠤᠰᠤᠳ ᠡᠳ᠋ ᠲᠡᠭᠡᠷ᠎ᠡ ᠰᠢᠭᠤᠳ ᠲᠤᠰᠤᠭᠠᠳ ᠭᠠᠳᠠᠷᠭᠤ ᠶᠢᠨ ᠲᠤᠯᠠᠭᠠᠨ ᠤ ᠭᠡᠮᠵᠢᠶ᠎ᠠ ᠶᠢ ᠦᠨᠳᠤᠷᠵᠢᠭᠦᠯᠵᠤ᠂ ᠰᠤᠯᠢᠭ ᠤᠷᠤᠰᠬᠠᠯ ᠤᠨ ᠢᠯᠴᠢ ᠰᠤᠯᠢᠯᠳᠡ ᠪᠠᠷ ᠲᠠᠮᠵᠢᠭᠠᠳ᠂ ᠭᠡᠰᠡᠭ ᠡᠨᠧᠷᠭᠢ ᠨᠢ ᠦᠷᠦᠭᠡᠨ ᠲᠤᠳᠤᠷᠠᠭᠢ ᠠᠭᠠᠷ ᠢ ᠬᠠᠯᠠᠭᠠᠵᠤ᠂ ᠨᠦᠭᠦᠭᠡ ᠨᠢᠭᠡ ᠭᠡᠰᠡᠭ ᠡᠨᠧᠷᠭᠢ ᠨᠢ ᠱᠠᠯᠠ᠂ ᠭᠡᠷᠡᠮ ᠵᠡᠷᠭᠡ ᠪᠤᠳᠠᠰ ᠲᠤ ᠬᠠᠳᠠᠭᠠᠯᠬᠠᠳᠠᠵᠤ᠂ ᠦᠷᠦᠭᠡᠨ ᠲᠤᠳᠤᠷᠠᠭᠢ ᠲᠤᠯᠠᠭᠠᠨ ᠤ ᠭᠡᠮᠵᠢᠶ᠎ᠠ ᠶᠢ ᠵᠤᠭᠢᠬᠤ ᠭᠡᠮᠵᠢᠶ᠎ᠠ ᠪᠠᠷ ᠪᠠᠳᠤᠯᠠᠵᠤ ᠪᠠᠶᠢᠳᠠᠭ᠃
        ᠬᠤᠶᠠᠷ ᠲᠤ᠂ ᠢᠯᠴᠢ ᠴᠤᠠᠠᠯᠠᠭᠤᠯᠬᠤ ᠢᠯᠴᠢ ᠬᠠᠳᠠᠭᠠᠯᠠᠬᠤ ᠭᠡᠯᠪᠡᠷᠢ ᠶᠢᠨ ᠨᠠᠷᠠᠯᠠᠭ ᠤᠷᠤᠨ ᠰᠠᠭᠤᠴᠠ ᠪᠤᠯ ᠲᠠᠮ ᠭᠡᠯᠪᠡᠷᠢ ᠶᠢᠨ ᠨᠠᠷᠠᠨ ᠤ ᠡᠨᠧᠷᠭᠢ ᠪᠠᠷ ᠲᠤᠯᠠᠭᠠᠯᠠᠬᠤ ᠰᠢᠰᠲ᠋ᠧᠮ ᠪᠤᠯᠤᠨ᠎ᠠ᠃
        ᠨᠠᠷᠠᠨ ᠤ ᠭᠡᠷᠡᠯ ᠡᠩ ᠲᠡᠷᠢᠭᠦᠨ ᠳᠤ ᠨᠠᠷᠠ ᠭᠢᠭᠡᠳ ᠦᠷᠦᠭᠡᠨ ᠤ ᠬᠤᠭᠤᠷᠤᠨᠳᠤᠭᠢ ᠨᠢᠭᠡᠨ ᠰᠢᠯ ᠤᠨ ᠪᠦᠷᠭᠦᠭᠦᠯ ᠲᠤᠳᠤᠷᠠᠭᠢ ᠭᠦᠨ ᠦᠡᠭᠭᠡ ᠲᠠᠢ ᠢᠯᠴᠢ ᠬᠠᠳᠠᠭᠠᠯᠠᠬᠤ ᠭᠡᠷᠡᠮ ᠲᠡᠭᠡᠷ᠎ᠡ ᠲᠤᠰᠴᠤ᠂ ᠲᠠᠷᠠᠭ᠎ᠠ ᠪᠠᠷ ᠨᠢ ᠰᠠᠶ᠋ᠢ ᠦᠷᠦᠭᠡᠨ ᠲᠤᠳᠤᠷ᠎ᠠ ᠢᠯᠴᠢ ᠬᠠᠨᠭ᠍ᠭᠠᠳᠠᠭ᠃
        ᠭᠤᠷᠪᠡ ᠳᠤ᠂ ᠨᠠᠷᠠᠯᠠᠭ ᠲᠠᠭᠠᠯᠳᠠ ᠵᠠᠢ ᠶᠢᠨ ᠭᠡᠯᠪᠡᠷᠢᠳᠤ ᠨᠠᠷᠠᠯᠠᠭ ᠤᠷᠤᠨ ᠰᠠᠭᠤᠴᠠ ᠪᠤᠯ ᠢᠯᠴᠢ ᠴᠤᠠᠠᠯᠠᠭᠤᠯᠬᠤ᠂ ᠢᠯᠴᠢ ᠬᠠᠳᠠᠭᠠᠯᠠᠬᠤ ᠭᠡᠷᠡᠮ ᠤᠨ ᠰᠢᠰᠲ᠋ᠧᠮ ᠤᠨ ᠨᠢᠭᠡᠨ ᠭᠦᠭᠵᠢᠯᠳᠡ ᠮᠦᠨ᠃
        ᠲᠠᠷᠠ ᠨᠢ ᠰᠢᠯ ᠪᠤᠯᠤᠨ ᠭᠡᠷᠡᠮ ᠤᠨ ᠬᠤᠭᠤᠷᠤᠨᠳᠤᠭᠢ ᠠᠭᠠᠷ ᠤᠨ ᠲᠠᠪᠬᠤᠷᠭ᠎ᠠ ᠶᠢ ᠦᠷᠭᠡᠳᠭᠡᠭᠡᠳ ᠨᠢᠭᠡᠨ ᠭᠡᠷᠡᠭᠯᠡᠵᠤ ᠪᠤᠯᠬᠤ ᠤᠷᠤᠨ ᠵᠠᠢ ᠪᠤᠯᠵᠤ ᠪᠦᠷᠢᠯᠳᠦᠳᠡᠭ᠃ ᠡᠨᠡ ᠬᠦ ᠰᠢᠰᠲ᠋ᠧᠮ ᠤᠨ ᠠᠵᠢᠯ ᠤᠨ ᠦᠨᠳᠦᠰᠦᠯᠡᠯ ᠨᠢ ᠰᠢᠭᠤᠳ ᠠᠰᠢᠭ ᠭᠦᠷᠳᠡᠭᠦ ᠭᠡᠯᠪᠡᠷᠢ ᠶᠢᠨ ᠬᠢ ᠲᠠᠢ ᠠᠳᠠᠯᠢ ᠪᠠᠶᠢᠵᠤ᠂ ᠲᠤᠯᠠᠭᠠᠯᠠᠬᠤ ᠭᠡᠯᠪᠡᠷᠢ ᠨᠢ ᠢᠯᠴᠢ ᠴᠤᠠᠠᠯᠠᠭᠤᠯᠬᠤ᠂ ᠢᠯᠴᠢ ᠬᠠᠳᠠᠭᠠᠯᠠᠬᠤ ᠭᠡᠷᠡᠮ ᠤᠨ ᠭᠡᠯᠪᠡᠷᠢ ᠶᠢᠨ ᠬᠢ ᠲᠠᠢ ᠠᠳᠠᠯᠢ ᠪᠠᠶᠢᠳᠠᠭ᠃
         4. ᠨᠠᠷᠠᠯᠠᠭ ᠤᠷᠤᠨ ᠰᠠᠭᠤᠴᠠ ᠪᠠᠷᠢᠬᠤ ᠳᠤ ᠶᠠᠮᠠᠷ ᠦᠨᠳᠤᠰᠤᠨ ᠨᠦᠭᠦᠴᠡᠯ ᠪᠠᠶᠢᠬᠤ ᠪᠤᠢ︖
ᠨᠠᠷᠠᠯᠠᠭ ᠤᠷᠤᠨ ᠰᠠᠭᠤᠴᠠ ᠪᠠᠷᠢᠬᠤ ᠳᠤ ᠲᠤᠤᠷᠠᠭᠢ ᠨᠦᠭᠦᠴᠡᠯ ᠤᠳ ᠢ ᠪᠦᠷᠢᠳᠦᠭᠦᠯᠭᠦ ᠭᠡᠷᠡᠭᠳᠡᠢ᠃
         ᠨᠢᠭᠡ᠂ ᠨᠠᠷᠠᠨ ᠤ ᠡᠨᠧᠷᠭᠢ ᠶᠢᠨ ᠡᠭᠢ ᠪᠠᠶᠠᠯᠢᠭ ᠡᠷᠭᠡᠪᠰᠢ ᠡᠯᠪᠡᠭ ᠪᠠᠶᠢᠵᠤ᠂ ᠲᠤᠬᠠᠢ ᠶᠢᠨ ᠭᠠᠵᠠᠷ ᠤᠨ ᠴᠠᠭ ᠠᠭᠤᠷ ᠤᠨ ᠨᠦᠭᠦᠴᠡᠯ᠂ ᠡᠪᠤᠯ ᠤᠨ ᠨᠡᠷᠡᠨ ᠤ ᠭᠡᠷᠡᠯᠳᠦᠭᠦᠯᠭᠡ ᠶᠢᠨ ᠴᠠᠭ ᠬᠤᠭᠤᠴᠠᠭ᠎ᠠ᠂ ᠨᠠᠷᠠᠨ ᠤ ᠰᠠᠴᠤᠷᠠᠯ ᠤᠨ ᠭᠡᠮᠵᠢᠶ᠎ᠠ ᠵᠡᠷᠭᠡ ᠶᠢ ᠪᠤᠳᠤᠯᠭᠢᠯᠠᠬᠤ ᠭᠡᠷᠡᠭᠳᠡᠢ᠃
        ᠬᠤᠶᠠᠷ᠂ ᠭᠦᠢᠴᠡᠳ ᠠᠭᠤᠵᠢᠮ ᠭᠠᠵᠠᠷ ᠲᠠᠯᠠᠪᠠᠢ ᠲᠠᠢ ᠪᠠᠶᠢᠵᠤ᠂ ᠡᠮᠦᠨ᠎ᠠ ᠲᠠᠯ᠎ᠠ ᠳᠤᠨᠢ ᠬᠠᠯᠬᠠᠯᠠᠬᠤ ᠶᠠᠭᠤᠮ᠎ᠠ ᠦᠭᠡᠢ ᠪᠠᠶᠢᠬᠤ ᠭᠡᠷᠡᠭᠳᠡᠢ᠃
        ᠭᠤᠷᠪᠡ᠂ ᠵᠡᠭᠦᠠᠰᠢ ᠪᠠᠷᠠᠭᠤᠠᠰᠢ ᠪᠠᠨ ᠭᠦᠢᠴᠡᠳ ᠤᠷᠳᠤ ᠴᠢᠯᠦᠭᠡᠳᠡᠢ ᠪᠠᠶᠢᠬᠤ ᠭᠡᠷᠡᠭᠳᠡᠢ᠃
         5. ᠨᠠᠷᠠᠯᠠᠭ ᠤᠷᠤᠨ ᠰᠠᠭᠤᠴᠠ ᠶᠢ ᠶᠠᠭᠠᠭᠢᠵᠤ ᠵᠢᠷᠤᠵᠤ ᠲᠦᠯᠦᠪᠯᠡᠭᠦ ᠪᠤᠢ︖
        ᠨᠠᠷᠠᠯᠠᠭ ᠤᠷᠤᠨ ᠰᠠᠭᠤᠴᠠ ᠪᠤᠯ ᠪᠠᠷᠢᠯᠭ᠎ᠠ ᠶᠢᠨ ᠮᠡᠷᠭᠡᠵᠢᠯ ᠪᠤᠯᠤᠨ ᠢᠯᠴᠢ ᠶᠢᠨ ᠠᠵᠢᠯ ᠤᠨ ᠮᠡᠷᠭᠡᠵᠢᠯ ᠤᠨ ᠶᠠᠷᠦᠩᠭᠡᠶᠢᠯᠡᠯ ᠮᠦᠨ᠃ ᠰᠠᠨᠠᠭᠠᠴᠢᠯᠠᠭᠠᠳᠤ ᠪᠤᠰᠤ ᠭᠡᠯᠪᠡᠷᠢ ᠶᠢᠨ ᠨᠠᠷᠠᠯᠠᠭ ᠤᠷᠤᠨ ᠰᠠᠭᠤᠴᠠ ᠶᠢ ᠵᠢᠷᠤᠵᠤ ᠲᠦᠯᠦᠪᠯᠡᠭᠦ ᠳᠤ ᠢᠯᠴᠢ ᠶᠢᠨ ᠴᠢᠳᠠᠪᠤᠷᠢ ᠶᠢ ᠪᠤᠳᠤᠯᠭᠢᠯᠠᠬᠤ ᠮᠦᠷᠳᠡᠭᠡᠨ ᠪᠠᠰᠠ ᠪᠠᠷᠢᠯᠭ᠎ᠠ ᠶᠢᠨ ᠤᠨᠴᠠᠯᠢᠭ ᠪᠤᠯᠤᠨ ᠭᠡᠷᠡᠭᠯᠡᠯᠳᠡ ᠶᠢᠨ ᠦᠢᠯᠡᠳᠦᠯ ᠢᠶᠠᠨ ᠭᠦᠢᠴᠡᠳ ᠪᠤᠳᠤᠯᠭᠢᠯᠠᠬᠤ ᠭᠡᠷᠡᠭᠳᠡᠢ᠃
         ᠨᠢᠭᠡ᠂ ᠰᠠᠭᠤᠬᠤ ᠦᠷᠦᠭᠡ᠃ ᠦᠡᠭᠭᠡᠷᠡᠭᠰᠡᠨ ᠳᠤ ᠭᠦᠳᠡᠭᠡ ᠲᠤᠰᠬᠤᠨ ᠤ ᠤᠷᠤᠨ ᠰᠠᠭᠤᠴᠠ ᠳᠤ ᠲᠤᠰᠬᠠᠢ ᠰᠠᠭᠤᠬᠤ ᠦᠷᠦᠭᠡ ᠪᠠᠶᠢᠳᠠᠭ ᠦᠭᠡᠢ᠃ ᠤᠶᠢᠷ᠎ᠠ ᠶᠢᠨ ᠵᠢᠯ ᠤᠳ ᠲᠤ ᠮᠠᠯᠴᠢᠨ ᠲᠠᠷᠢᠶᠠᠴᠢᠳ ᠤᠨ ᠠᠮᠢᠳᠤᠷᠠᠯ ᠤᠨ ᠨᠦᠭᠦᠴᠡᠯ ᠤᠨ ᠰᠠᠶᠢᠵᠢᠷᠠᠯᠳᠠ ᠶᠢ ᠲᠠᠭᠠᠯᠳᠤᠨ ᠰᠢᠨ᠎ᠠ ᠤᠷᠤᠨ ᠰᠠᠭᠤᠴᠠ ᠪᠠᠶᠢᠭᠤᠯᠬᠤ ᠳᠠᠭᠠᠨ ᠰᠠᠭᠤᠬᠤ ᠦᠷᠦᠭᠡ ᠭᠠᠷᠭᠠᠬᠤ ᠪᠤᠯᠵᠠᠢ᠃ ᠰᠠᠭᠤᠬᠤ ᠦᠷᠦᠭᠡ ᠨᠢ ᠶᠠᠷᠦᠩᠭᠡᠢ ᠳᠡᠭᠡᠨ ᠤᠨᠳᠠᠬᠤ ᠲᠠᠰᠤᠯᠭ᠎ᠠ ᠠᠴᠠ ᠲᠤᠮᠤ ᠪᠠᠶᠢᠳᠠᠭ᠃ ᠮᠠᠨ ᠤ ᠤᠯᠤᠰ ᠤᠨ ᠤᠮᠠᠷᠠᠳᠤ ᠤᠷᠤᠨ ᠡᠪᠤᠯ ᠳᠡᠭᠡᠨ ᠬᠠᠭᠢᠷ ᠭᠦᠢᠳᠡᠨ ᠪᠠᠶᠢᠵᠤ᠂ ᠲᠤᠯᠠᠭᠠᠯᠠᠭ᠎ᠠ ᠳᠠᠭᠠᠨ ᠬᠠᠯᠠᠭᠤᠨ ᠬᠠᠨᠵᠤ ᠭᠡᠷᠡᠭᠯᠡᠵᠤ᠂ ᠰᠠᠭᠤᠬᠤ ᠦᠷᠦᠭᠡᠨ ᠳᠡᠭᠡᠨ ᠬᠠᠯᠠᠭᠤᠨ ᠬᠠᠨᠵᠤ ᠦᠭᠡᠢ ᠪᠠᠶᠢᠳᠠᠭ᠃ ᠨᠡᠭᠦᠷᠡᠰᠤ ᠲᠦᠯᠡᠳᠡᠭ ᠭᠠᠵᠠᠷ ᠤᠷᠤᠨ ᠪᠤᠯ ᠰᠠᠭᠤᠬᠤ ᠦᠷᠦᠭᠡᠨ ᠳᠡᠭᠡᠨ ᠬᠠᠯᠠᠭᠤᠨ ᠭᠡᠷᠡᠮ  ᠭᠠᠷᠭᠠᠵᠤ ᠭᠡᠷ ᠪᠦᠯᠢ ᠶᠢᠨ ᠭᠡᠷᠡᠭᠯᠡᠭᠡᠨ ᠤ ᠲᠤᠯᠠᠭᠠᠮᠵᠢ ᠶᠢᠨ ᠡᠳ᠋ ᠪᠤᠶᠤ ᠵᠤᠤᠬ᠎ᠠ ᠪᠠᠷᠢᠵᠤ ᠪᠤᠯᠤᠨ᠎ᠠ᠃ ᠨᠦᠭᠦᠴᠡᠯ ᠲᠠᠢ ᠨᠢ ᠠᠭᠠᠷ ᠤᠨ ᠢᠯᠴᠢ ᠴᠤᠠᠠᠯᠠᠭᠤᠯᠬᠤ ᠮᠠᠰᠢᠨ ᠨᠡᠮᠡᠨ ᠤᠠᠠᠰᠠᠷᠠᠵᠤ ᠪᠤᠯᠤᠨ᠎ᠠ᠃
        ᠬᠤᠶᠠᠷ᠂ ᠤᠨᠳᠠᠬᠤ ᠲᠠᠰᠤᠯᠭ᠎ᠠ᠃ ᠤᠨᠳᠠᠬᠤ ᠲᠠᠰᠤᠯᠭ᠎ᠠ ᠪᠤᠯ ᠤᠷᠤᠨ ᠰᠠᠭᠤᠴᠠ ᠶᠢᠨ ᠲᠤᠳᠤᠷᠠᠭᠢ ᠬᠠᠮᠤᠭ ᠤᠨ ᠭᠤᠤᠯ ᠲᠠᠰᠤᠯᠭ᠎ᠠ ᠪᠤᠯᠤᠨ᠎ᠠ᠃ ᠰᠠᠭᠤᠬᠤ ᠦᠷᠦᠭᠡ ᠦᠭᠡᠢ ᠭᠦᠳᠡᠭᠡ ᠲᠤᠰᠬᠤᠨ ᠤ ᠨᠠᠷᠠᠨ ᠤ ᠲᠤᠯᠠᠭᠠᠮᠵᠢ ᠶᠢᠨ ᠤᠷᠤᠨ ᠰᠠᠭᠤᠴᠠ ᠳᠤ ᠵᠤᠴᠢᠨ ᠤᠠᠠᠳᠤᠬᠤ᠂ ᠬᠤᠭᠤᠯᠠ ᠢᠳᠡᠭᠦ᠂ ᠨᠤᠮ ᠦᠵᠡᠭᠦ᠂ ᠭᠡᠷ ᠢᠶᠠᠷ ᠢᠶᠠᠨ ᠴᠤᠠᠠᠯᠠᠬᠤ ᠵᠢᠴᠢ ᠭᠠᠷ ᠦᠢᠯᠡᠳᠪᠤᠷᠢ ᠶᠢᠨ ᠲᠠᠭᠠᠯᠳᠠ ᠠᠵᠢᠯ ᠭᠢᠭᠦ ᠳᠡᠭᠡᠨ ᠪᠦᠷ ᠡᠨᠡ ᠬᠦ ᠲᠠᠰᠤᠯᠭᠠᠨ ᠳᠠᠭᠠᠨ ᠡᠷᠭᠢᠯᠡᠳᠡᠭ᠃ ᠶᠠᠷᠦᠩᠭᠡᠢ ᠳᠡᠭᠡᠨ ᠭᠤᠤᠯ ᠦᠷᠦᠭᠡ ᠨᠢ 14 ~16㎡᠂ ᠲᠤᠮᠳᠠ ᠵᠡᠷᠭᠡ ᠶᠢᠨ ᠦᠷᠦᠭᠡ ᠨᠢ  10 ~12㎡᠂  ᠪᠠᠭ᠎ᠠ ᠲᠠᠰᠤᠯᠭ᠎ᠠ ᠨᠢ 8 ᠤᠷᠴᠢᠮ ᠪᠠᠶᠢᠪᠠᠯ ᠲᠤᠭᠢᠷᠠᠮᠵᠢᠳᠡᠢ᠃
         ᠭᠤᠷᠪᠡ᠂ ᠭᠠᠯ ᠲᠤᠭᠤᠭᠠᠨ ᠤ ᠲᠠᠰᠤᠯᠭ᠎ᠠ᠃ ᠭᠠᠯ ᠲᠤᠭᠤᠭᠠᠨ ᠤ ᠲᠠᠰᠤᠯᠭ᠎ᠠ ᠪᠤᠯ ᠤᠷᠤᠨ ᠰᠠᠭᠤᠴᠠ ᠶᠢᠨ ᠭᠤᠤᠯ ᠲᠠᠭᠠᠯᠳᠠ ᠭᠡᠰᠡᠭ ᠪᠤᠯᠤᠨ᠎ᠠ᠃ ᠡᠵᠡᠯᠡᠭᠦ ᠭᠡᠮᠵᠢᠶ᠎ᠠ ᠨᠢ ᠲᠠᠶᠢᠮᠤ ᠲᠤᠮᠤ ᠪᠢᠰᠢ ᠪᠤᠯᠪᠠᠴᠤ ᠮᠠᠰᠢ ᠶᠡᠭᠡ ᠦᠢᠯᠡᠳᠦᠯ ᠲᠠᠢ ᠪᠠᠶᠢᠳᠠᠭ᠃ ᠭᠠᠴᠠᠭ᠎ᠠ ᠰᠤᠮᠤᠨ ᠤ ᠤᠷᠤᠨ ᠰᠠᠭᠤᠴᠠ ᠶᠢᠨ ᠭᠠᠯ ᠲᠤᠭᠤᠭᠠᠨ ᠤ ᠭᠡᠷ ᠨᠢ ᠬᠤᠭᠤᠯᠠ ᠭᠢᠭᠦ᠂ ᠬᠤᠪᠴᠠᠰᠤ ᠤᠭᠢᠶᠠᠬᠤ᠂ ᠭᠡᠷ ᠤᠨ ᠮᠠᠯ ᠵᠢᠭᠦᠷᠳᠡᠨ ᠤ ᠪᠤᠷᠳᠤᠭ᠎ᠠ ᠪᠤᠯᠪᠠᠰᠤᠷᠠᠭᠤᠯᠬᠤ ᠵᠡᠷᠭᠡ ᠤᠯᠠᠨ ᠭᠡᠷᠡᠭᠴᠡᠭᠡ ᠲᠠᠢ ᠪᠠᠶᠢᠵᠤ᠂ ᠤᠨᠴᠠ ᠵᠠᠷᠢᠮ ᠨᠢ ᠪᠠᠰᠠ ᠤᠰᠤᠨ ᠭᠠᠩ᠂ ᠤᠭᠢᠶᠠᠳᠠᠰᠤᠨ ᠭᠠᠩ ᠲᠠᠯᠪᠢᠠᠠᠰᠠᠨ ᠪᠠᠶᠢᠳᠠᠭ᠃ ᠡᠶᠢᠮᠤ ᠠᠴᠠ ᠭᠠᠯ ᠲᠤᠭᠤᠭᠠᠨ ᠤ ᠲᠠᠰᠤᠯᠭ᠎ᠠ ᠭᠠᠳᠠᠭᠠᠳᠤ ᠲᠠᠢ ᠰᠢᠭᠤᠳ ᠨᠡᠪᠳᠡᠷᠡᠭᠦ ᠭᠡᠷᠡᠯ ᠪᠡ ᠰᠠᠯᠭᠢᠨ ᠴᠤᠩᠬᠤ ᠲᠠᠢ ᠪᠠᠶᠢᠬᠤ ᠭᠡᠷᠡᠭᠳᠡᠢ᠃ ᠡᠭᠦᠨ ᠠᠴᠠ ᠭᠠᠳᠠᠨ᠎ᠠ ᠢᠳᠡᠭᠡᠨ ᠤᠮᠳᠠᠭᠠᠨ᠂ ᠰᠢᠳᠠᠭᠠᠯᠭ᠎ᠠ ᠲᠦᠯᠡᠰᠢ᠂ ᠬᠤᠭ ᠨᠤᠪᠰᠢ ᠶᠢ ᠤᠷᠤᠭᠤᠯᠵᠤ ᠭᠠᠷᠭᠠᠬᠤ ᠳᠤ ᠲᠦᠭᠦᠮ ᠪᠤᠯᠭᠠᠵᠤ᠂ ᠵᠤᠤᠬ᠎ᠠ ᠪᠠᠨ ᠤᠨᠳᠠᠬᠤ ᠲᠠᠰᠤᠯᠭ᠎ᠠ ᠶᠢᠨ ᠬᠠᠯᠠᠭᠤᠨ ᠬᠠᠨᠵᠤ᠂ ᠬᠠᠯᠠᠭᠤᠨ ᠭᠡᠷᠡᠮ ᠯᠦᠭᠡ ᠬᠤᠯᠪᠤᠵᠤ᠂ ᠰᠢᠳᠠᠭᠠᠯᠭ᠎ᠠ ᠶᠢᠨ ᠦᠯᠡᠳᠡᠪᠤᠷᠢ ᠢᠯᠴᠢ ᠶᠢᠨ ᠦᠢᠯᠡᠳᠦᠯ ᠢ ᠭᠦᠢᠴᠡᠳ ᠪᠠᠳᠠᠷᠠᠭᠤᠯᠵᠤ᠂ ᠡᠨᠧᠷᠭᠢ ᠶᠢ ᠠᠷᠪᠢᠯᠠᠨ᠂ ᠦᠷᠦᠭᠡᠨ ᠤ ᠲᠤᠭᠢᠷᠠᠮᠵᠢ ᠶᠢ ᠲᠡᠭᠡᠭᠰᠢᠯᠡᠭᠦᠯᠭᠦ ᠭᠡᠷᠡᠭᠳᠡᠢ᠃
        ᠲᠦᠷᠪᠡ᠂ ᠤᠷᠤᠨ ᠭᠡᠷ ᠤᠨ ᠭᠤᠳᠤᠮ ᠪᠠ ᠠᠰᠠᠷ ᠤᠨ ᠱᠠᠳᠤ᠃ ᠨᠠᠷᠠᠯᠠᠭ ᠤᠷᠤᠨ ᠰᠠᠭᠤᠴᠠ ᠶᠢᠨ ᠭᠤᠳᠤᠮ ᠤᠨ ᠦᠷᠭᠡᠨ ᠨᠢ 1.1m ᠤᠷᠴᠢᠮ ᠪᠠᠶᠢᠵᠤ᠂ ᠨᠠᠷᠢᠨ ᠭᠤᠳᠤᠮ ᠨᠢ 0.9m ᠪᠠᠶᠢᠳᠠᠭ᠃ ᠵᠠᠷᠢᠮ ᠨᠢ ᠭᠤᠳᠤᠮ ᠢᠶᠠᠨ ᠦᠷᠭᠡᠳᠭᠡᠭᠡᠳ ᠵᠢᠵᠢᠭ ᠲᠦᠷᠪᠡᠯᠵᠢᠨ ᠲᠠᠩᠭᠢᠮ ᠪᠤᠯᠭᠠᠵᠤ᠂ ᠲᠠᠩᠭᠢᠮ ᠳᠠᠭᠠᠨ ᠵᠤᠭᠢᠬᠤ ᠦᠷᠭᠡᠴᠡ ᠶᠢᠨ ᠭᠡᠷᠡᠮ ᠦᠯᠡᠳᠡᠭᠡᠵᠤ ᠰᠢᠷᠡᠭᠡ ᠰᠠᠠᠳᠠᠯᠢ ᠲᠠᠯᠪᠢᠬᠤ ᠪᠤᠶᠤ ᠲᠦᠷ ᠴᠠᠭ ᠤᠨ ᠤᠷᠤ ᠲᠠᠯᠪᠢᠵᠤ᠂ ᠵᠢᠵᠢᠭ ᠤᠨᠳᠠᠯᠭ᠎ᠠ ᠶᠢᠨ ᠦᠷᠦᠭᠡ ᠪᠤᠯᠭᠠᠵᠤ᠂ ᠤᠷᠤᠨ ᠵᠠᠢ ᠶᠢ ᠭᠦᠢᠴᠡᠳ ᠠᠰᠢᠠᠠᠯᠬᠠᠰᠠᠨ ᠪᠠᠶᠢᠳᠠᠭ᠃ ᠰᠠᠭᠤᠴᠠ ᠶᠢᠨ ᠲᠤᠳᠤᠷᠠᠭᠢ ᠠᠰᠠᠷ ᠤᠨ ᠱᠠᠳᠤ ᠶᠢᠨ ᠦᠷᠭᠡᠨ ᠢ ᠶᠠᠷᠦᠩᠭᠡᠢ ᠳᠡᠭᠡᠨ  0.85m ᠲᠤᠳᠤᠷ᠎ᠠ ᠭᠢᠵᠠᠭᠠᠷᠯᠠᠳᠠᠭ᠃
        ᠲᠠᠪᠤ᠂ ᠡᠷᠡᠭᠦᠯ ᠬᠠᠮᠠᠭᠠᠯᠠᠯ ᠤᠨ ᠲᠠᠰᠤᠯᠭ᠎ᠠ᠃ ᠦᠡᠭᠭᠡᠷᠡᠭᠰᠡᠨ ᠳᠤ ᠭᠦᠳᠡᠭᠡ ᠲᠤᠰᠬᠤᠨ ᠳᠤ ᠤᠰᠤ ᠵᠠᠯᠠᠬᠤ ᠰᠢᠰᠲ᠋ᠧᠮ ᠦᠭᠡᠢ ᠠᠴᠠ ᠪᠤᠯᠤᠭᠠᠳ᠂ ᠵᠤᠷᠯᠤᠩ ᠢᠶᠠᠨ ᠭᠠᠳᠠᠨ᠎ᠠ ᠪᠠᠷᠢᠵᠤ ᠤᠭᠢᠶᠠᠯᠭ᠎ᠠ ᠶᠢᠨ ᠲᠠᠰᠤᠯᠭ᠎ᠠ ᠴᠤ ᠦᠭᠡᠢ ᠪᠠᠶᠢᠳᠠᠭ᠃ ᠤᠶᠢᠷ᠎ᠠ ᠶᠢᠨ ᠵᠢᠯ ᠤᠳ ᠲᠤ ᠮᠠᠰᠢ ᠤᠯᠠᠨ ᠭᠠᠴᠠᠭ᠎ᠠ ᠰᠤᠮᠤ ᠨᠢ ᠲᠦᠭᠡᠭᠡᠯ ᠤᠰᠤ ᠪᠤᠶᠤ ᠦᠪᠡᠷ ᠤᠨ ᠭᠠᠯ ᠲᠤᠭᠤᠭᠠᠨ ᠤ ᠲᠠᠰᠤᠯᠭᠠᠨ ᠳᠠᠭᠠᠨ ᠬᠤᠳᠳᠤᠭ ᠭᠠᠷᠭᠠᠵᠤ᠂ ᠨᠡᠷᠡᠨ ᠤ ᠡᠨᠧᠷᠭᠢ ᠶᠢᠨ ᠬᠠᠯᠠᠭᠤᠨ ᠤᠰᠤᠨ ᠤ ᠮᠠᠰᠢᠨ ᠲᠠᠢ ᠪᠤᠯᠵᠠᠢ᠃ ᠡᠶᠢᠮᠤ ᠪᠠᠶᠢᠳᠠᠯ  ᠲᠤᠤᠷ᠎ᠠ ᠪᠡᠶ᠎ᠠ ᠤᠭᠢᠶᠠᠬᠤ ᠲᠠᠰᠤᠯᠭ᠎ᠠ᠂ ᠵᠤᠷᠯᠤᠩ ᠭᠠᠷᠭᠠᠵᠤ ᠪᠤᠯᠤᠨ᠎ᠠ᠃ ᠡᠷᠡᠭᠦᠯ ᠬᠠᠮᠠᠭᠠᠯᠠᠯ ᠤᠨ ᠲᠠᠰᠤᠯᠭᠠᠨ ᠳᠠᠭᠠᠨ ᠭᠡᠷᠡᠯ ᠰᠠᠯᠭᠢ ᠶᠢ ᠰᠢᠭᠤᠳ ᠨᠡᠪᠳᠡᠷᠡᠭᠦᠯᠭᠦ ᠭᠡᠷᠡᠭᠳᠡᠢ᠃
        ᠵᠢᠷᠭᠤᠭ᠎ᠠ᠂ ᠬᠠᠳᠠᠭᠠᠯᠠᠬᠤ ᠪᠡᠯᠡᠳᠭᠡᠮᠵᠢ᠃ ᠮᠠᠯᠴᠢᠨ ᠲᠠᠷᠢᠶᠠᠴᠢᠳ ᠶᠡᠭᠡ ᠭᠡᠮᠵᠢᠶᠠᠨ ᠤ ᠠᠮᠤ ᠪᠤᠳᠠᠭ᠎ᠠ᠂ ᠨᠤᠭᠤᠭ᠎ᠠ ᠴᠠᠭ᠎ᠠ᠂ ᠲᠦᠯᠡᠰᠢ ᠰᠢᠳᠠᠭᠠᠯᠭ᠎ᠠ ᠬᠠᠳᠠᠭᠠᠯᠠᠳᠠᠭ ᠪᠤᠯᠬᠤᠷ ᠨᠠᠷᠠᠯᠠᠭ ᠤᠷᠤᠨ ᠭᠡᠷ ᠵᠢᠷᠤᠵᠤ ᠲᠦᠯᠦᠪᠯᠡᠭᠦ ᠳᠡᠭᠡᠨ ᠡᠨᠡ ᠬᠦ ᠠᠰᠠᠭᠤᠳᠠᠯ ᠢ ᠰᠠᠶᠢᠳᠤᠷ ᠰᠢᠢᠳᠪᠤᠷᠢᠯᠡᠭᠦ ᠭᠡᠷᠡᠭᠳᠡᠢ᠃ ᠡᠨᠡ ᠪᠤᠯ ᠤᠷᠤᠨ ᠰᠠᠭᠤᠴᠠ ᠶᠢᠨ ᠭᠢᠷᠢ ᠲᠦᠪᠰᠢᠨ ᠢ ᠰᠠᠶᠢᠵᠢᠷᠠᠭᠤᠯᠬᠤ ᠶᠢᠨ ᠴᠢᠬᠤᠯᠠ ᠲᠠᠯ᠎ᠠ ᠪᠤᠯᠤᠨ᠎ᠠ᠃
        6. ᠨᠠᠷᠠᠯᠠᠭ ᠤᠷᠤᠨ ᠰᠠᠭᠤᠴᠠ ᠶᠢᠨ ᠵᠢᠷᠤᠭ ᠲᠦᠯᠦᠪᠯᠡᠭᠡ ᠪᠠᠨ ᠶᠠᠭᠠᠭᠢᠵᠤ ᠪᠤᠳᠠᠳᠠᠶᠢᠵᠢᠭᠤᠯᠬᠤ ᠪᠤᠢ︖
        ᠰᠠᠭᠤᠬᠤ ᠦᠷᠦᠭᠡ᠂ ᠤᠨᠳᠠᠬᠤ ᠦᠷᠦᠭᠡ᠂ ᠭᠠᠯ ᠲᠤᠭᠤᠭᠠᠨ ᠤ ᠲᠠᠰᠤᠯᠭ᠎ᠠ᠂ ᠭᠤᠳᠤᠮ ᠵᠡᠷᠭᠡ ᠪᠤᠯ ᠤᠷᠤᠨ ᠰᠠᠭᠤᠴᠠ ᠶᠢᠨ ᠭᠡᠰᠡᠭ ᠲᠠᠯ᠎ᠠ ᠮᠦᠨ᠃ ᠡᠳᠡᠭᠡᠷ ᠭᠡᠰᠡᠭ ᠲᠠᠯ᠎ᠠ ᠶᠢᠨ ᠵᠢᠷᠤᠭ ᠲᠦᠯᠦᠪᠯᠡᠭᠡ ᠶᠢ ᠭᠡᠷᠭᠢᠨ ᠬᠤᠯᠪᠤᠨ ᠨᠡᠶᠢᠯᠡᠭᠦᠯᠵᠤ᠂ ᠨᠢᠭᠡᠨ ᠪᠦᠷᠢᠨ ᠲᠦᠭᠦᠷ ᠪᠠᠷᠢᠯᠭ᠎ᠠ ᠪᠤᠯᠭᠠᠵᠤ᠂ ᠲᠡᠭᠦᠨ ᠢ ᠭᠡᠷᠡᠭᠯᠡᠭᠦ ᠱᠠᠭᠠᠷᠳᠠᠯᠭ᠎ᠠ ᠶᠢ ᠬᠠᠨᠭ᠍ᠭᠠᠵᠤ ᠲᠡᠶᠢᠯᠭᠦ ᠮᠦᠷᠳᠡᠭᠡᠨ ᠪᠠᠰᠠ ᠪᠦᠳᠦᠴᠡ ᠨᠢ ᠲᠤᠭᠢᠷᠠᠮᠵᠢᠳᠡᠢ᠂ ᠪᠠᠷᠢᠬᠤ ᠳᠤ ᠲᠦᠭᠦᠮ ᠲᠦᠳᠡ᠂ ᠨᠠᠷᠠᠨ ᠤ ᠡᠨᠧᠷᠭᠢ ᠶᠢ ᠠᠰᠢᠠᠠᠯᠠᠬᠤ ᠨᠤᠷᠮ᠎ᠠ ᠪᠠᠷ ᠦᠨᠳᠤᠷ ᠪᠤᠯᠭᠠᠬᠤ ᠪᠦᠭᠡᠳ ᠪᠠᠰᠠ ᠠᠵᠤ ᠠᠬᠤᠢ ᠶᠢᠨ ᠲᠠᠯ᠎ᠠ ᠪᠠᠷ ᠭᠢᠮᠳᠡ ᠠᠷᠪᠢᠳᠡᠢ ᠪᠠᠶᠢᠯᠭᠠᠬᠤ ᠪᠤᠯ ᠬᠠᠪᠳᠠᠭᠠᠢ ᠨᠡᠶᠢᠯᠡᠯ ᠤᠨ ᠵᠢᠷᠤᠭ ᠲᠦᠯᠦᠪᠯᠡᠭᠡ ᠪᠤᠯᠤᠨ᠎ᠠ᠃ ᠨᠢᠭᠡᠨ ᠨᠠᠷᠠᠯᠠᠭ ᠤᠷᠤᠨ ᠰᠠᠭᠤᠴᠠ ᠶᠢ ᠠᠮᠵᠢᠯᠳᠡ ᠲᠠᠢ ᠵᠢᠷᠤᠵᠤ ᠲᠦᠯᠦᠪᠯᠡᠶ᠎ᠠ ᠭᠡᠪᠡᠯ ᠲᠤᠤᠷᠠᠭᠢ ᠭᠡᠳᠦᠨ ᠲᠠᠯ᠎ᠠ ᠶᠢ ᠠᠩᠬᠠᠷᠬᠤ ᠭᠡᠷᠡᠭᠳᠡᠢ᠃
        ᠨᠢᠭᠡ ᠳᠤ᠂ ᠦᠢᠯᠡᠳᠦᠯ ᠴᠢᠳᠠᠯ ᠢ ᠨᠢ ᠪᠦᠷᠢᠨ᠂ ᠦᠨ᠎ᠠ ᠬᠠᠨᠭ᠍ᠰᠢ ᠶᠢ ᠨᠢ ᠵᠤᠭᠢᠰᠳᠡᠢ ᠪᠠᠶᠢᠯᠭᠠᠬᠤ ᠭᠡᠷᠡᠭᠳᠡᠢ᠃ ᠨᠠᠷᠠᠯᠠᠭ ᠤᠷᠤᠨ ᠰᠠᠭᠤᠴᠠ ᠶᠢᠨ  ᠬᠠᠪᠳᠠᠭᠠᠢ ᠶᠢᠨ ᠵᠢᠷᠤᠭ ᠢ  ᠵᠢᠷᠤᠵᠤ ᠲᠦᠯᠦᠪᠯᠡᠭᠦ ᠳᠡᠭᠡᠨ ᠦᠷᠦᠭᠡ ᠲᠠᠰᠤᠯᠭ᠎ᠠ ᠶᠢᠨ ᠶᠡᠭᠡ  ᠪᠠᠭ᠎ᠠ ᠨᠢ ᠲᠤᠭᠢᠷᠠᠮᠵᠢᠳᠡᠢ᠂ ᠡᠭᠦᠳᠡ ᠴᠤᠩᠬᠤᠨ ᠤ ᠪᠠᠶᠢᠷᠢᠰᠢᠯ ᠨᠢ ᠨᠠᠷᠠᠨ ᠤ ᠭᠡᠷᠡᠯ ᠢᠯᠴᠢ ᠶᠢ ᠠᠰᠢᠠᠠᠯᠠᠬᠤ ᠳᠤ ᠠᠰᠢᠭ ᠲᠠᠢ᠂ ᠡᠳ᠋ ᠪᠤᠳᠠᠰ ᠢᠶᠠᠨ ᠨᠡᠭᠦᠯᠭᠡᠵᠤ  ᠵᠦᠭᠡᠭᠡᠪᠦᠷᠢᠯᠡᠭᠦ ᠪᠡ ᠭᠡᠷ ᠤᠨ ᠡᠳ᠋ᠯᠡᠯ ᠭᠡᠷᠡᠭᠰᠡᠯ ᠲᠠᠯᠪᠢᠬᠤ ᠳᠤ ᠲᠦᠭᠦᠮ ᠪᠠᠶᠢᠯᠭᠠᠬᠤ ᠭᠡᠷᠡᠭᠳᠡᠢ᠃ ᠬᠠᠯᠠᠭᠤᠨ ᠬᠠᠨᠵᠤ᠂ ᠬᠠᠯᠠᠭᠤᠨ ᠭᠡᠷᠡᠮ ᠤᠨ ᠲᠤᠯᠠᠭᠠᠯᠠᠭ᠎ᠠ ᠶᠢᠨ ᠦᠷᠦᠭᠡ ᠲᠠᠰᠤᠯᠭ᠎ᠠ ᠶᠢ ᠵᠢᠷᠤᠵᠤ ᠲᠦᠯᠦᠪᠯᠡᠭᠦ ᠳᠡᠭᠡᠨ ᠵᠤᠭᠢᠰᠳᠠᠢ ᠲᠤᠰᠠᠯᠠᠬᠤ ᠢᠯᠴᠢ ᠶᠢᠨ ᠰᠤᠷᠪᠤᠯᠵᠢ ᠶᠢ ᠰᠢᠯᠢᠨ ᠭᠡᠷᠡᠭᠯᠡᠭᠦ ᠶᠢ ᠭᠦᠢᠴᠡᠳ ᠪᠤᠳᠤᠯᠭᠢᠯᠠᠬᠤ ᠭᠡᠷᠡᠭᠳᠡᠢ᠃ ᠭᠤᠤᠯ ᠪᠤᠯᠬᠤ ᠦᠷᠦᠭᠡ ᠲᠠᠰᠤᠯᠭ᠎ᠠ ᠶᠢ ᠨᠠᠷᠠᠨ ᠲᠠᠯ᠎ᠠ ᠳᠤ ᠪᠠᠶᠢᠷᠢᠯᠠᠭᠤᠯᠵᠤ᠂ ᠲᠤᠰᠠᠯᠠᠬᠤ ᠦᠷᠦᠭᠡ ᠲᠠᠰᠤᠯᠭ᠎ᠠ ᠶᠢ ᠰᠡᠭᠦᠳᠡᠷ ᠲᠠᠯ᠎ᠠ ᠪᠤᠶᠤ ᠪᠤᠰᠤᠳ ᠵᠦᠭ ᠤᠷᠤᠭᠤ ᠬᠠᠨᠳᠤᠭᠤᠯᠵᠤ ᠪᠤᠯᠤᠨ᠎ᠠ᠃ ᠡᠭᠦᠨ ᠠᠴᠠ ᠭᠠᠳᠠᠨ᠎ᠠ ᠤᠷᠤᠨ ᠰᠠᠭᠤᠴᠠ ᠶᠢᠨ ᠰᠡᠭᠦᠳᠡᠷ ᠲᠠᠯ᠎ᠠ ᠶᠢᠨ ᠦᠷᠦᠭᠡ ᠲᠠᠰᠤᠯᠭ᠎ᠠ ᠳᠤ ᠭᠠᠯ ᠲᠤᠭᠤᠭᠠᠨ ᠤ ᠲᠠᠰᠤᠯᠭ᠎ᠠ ᠶᠢᠨ ᠦᠯᠡᠳᠡᠪᠤᠷᠢ ᠢᠯᠴᠢ ᠪᠠᠷ ᠲᠤᠯᠠᠭᠠᠯᠠᠭ᠎ᠠ ᠶᠢᠨ ᠲᠤᠰᠠᠯᠠᠬᠤ ᠢᠷᠡᠯᠳᠡ ᠪᠤᠯᠭᠠᠵᠤ ᠰᠡᠭᠦᠳᠡᠷ ᠲᠠᠯ᠎ᠠ ᠶᠢᠨ ᠦᠷᠦᠭᠡ ᠲᠠᠰᠤᠯᠭ᠎ᠠ ᠶᠢᠨ ᠲᠤᠯᠠᠭᠠᠨ ᠢ ᠲᠡᠭᠡᠭᠰᠢᠯᠡᠭᠦᠯᠵᠤ ᠪᠤᠯᠤᠨ᠎ᠠ᠃
        ᠨᠠᠷᠠᠯᠠᠭ ᠤᠷᠤᠨ ᠰᠠᠭᠤᠴᠠ ᠶᠢᠨ ᠪᠠᠷᠢᠯᠭ᠎ᠠ ᠶᠢ ᠵᠢᠷᠦᠵᠤ ᠲᠦᠯᠦᠪᠯᠡᠭᠦ ᠳᠡᠭᠡᠨ ᠲᠠᠩ ᠭᠠᠭᠴᠠ ᠨᠠᠷᠠᠨ ᠤ ᠡᠨᠧᠷᠭᠢ ᠶᠢᠨ ᠠᠰᠢᠠᠠᠯᠠᠬᠤ ᠨᠤᠷᠮ᠎ᠠ ᠶᠢ ᠭᠦᠭᠡᠭᠡᠴᠡᠯᠳᠦᠭᠡᠳ ᠪᠤᠯᠬᠤ ᠪᠢᠰᠢ᠂ ᠪᠡᠯᠡ ᠤᠷᠤᠭᠤᠯᠤᠯᠳᠠ ᠶᠢ ᠠᠷᠪᠢᠯᠠᠬᠤ ᠪᠤᠯ ᠪᠠᠰᠠ ᠨᠢᠭᠡᠨ ᠴᠢᠬᠤᠯᠠ ᠠᠭᠤᠯᠭ᠎ᠠ ᠪᠤᠯᠤᠨ᠎ᠠ᠃ ᠠᠯᠢ ᠴᠢᠳᠠᠬᠤ ᠪᠠᠷ ᠭᠠᠵᠠᠷ ᠤᠷᠤᠨ ᠤ ᠪᠠᠶᠢᠳᠠᠯ ᠳᠤ ᠲᠤᠭᠢᠷᠠᠭᠤᠯᠤᠨ ᠲᠤᠬᠠᠢ ᠶᠢᠨ ᠭᠠᠵᠠᠷ ᠠᠴᠠ ᠨᠢ ᠮᠠᠲ᠋ᠧᠷᠢᠶᠠᠯ ᠠᠪᠬᠤ ᠭᠡᠷᠡᠭᠳᠡᠢ᠃ ᠤᠮᠠᠷᠠᠳᠤ ᠶᠢᠨ ᠭᠦᠳᠡᠭᠡ ᠲᠤᠰᠬᠤᠨ ᠦᠷᠭᠦᠯᠵᠢ ᠪᠠᠷᠢᠯᠭ᠎ᠠ ᠶᠢᠨ ᠭᠠᠳᠠᠷ ᠭᠡᠷᠡᠮ ᠢ ᠲᠦᠭᠦᠭᠡᠢ ᠲᠤᠭᠤᠰᠬ᠎ᠠ
 ᠪᠠᠷ ᠪᠤᠰᠬᠠᠳᠠᠭ᠃ ᠡᠨᠡ ᠨᠢ ᠢᠯᠴᠢ ᠬᠠᠳᠠᠭᠠᠯᠠᠬᠤ ᠪᠠᠷ ᠰᠠᠶᠢᠨ᠂ ᠵᠤᠭᠢᠬᠤ ᠲᠤᠯᠠᠭᠠᠨ ᠢ ᠬᠠᠮᠠᠭᠠᠯᠠᠬᠤ ᠦᠢᠯᠡᠳᠦᠯ ᠲᠠᠢ ᠪᠦᠭᠡᠳ ᠭᠢᠮᠳᠡ ᠲᠦᠭᠦᠮ ᠮᠠᠲ᠋ᠧᠷᠢᠶᠠᠯ ᠪᠤᠯᠤᠨ᠎ᠠ᠃ ᠠᠭᠤᠷ ᠠᠮᠢᠰᠬᠤᠯ ᠭᠠᠩ ᠬᠠᠭᠤᠷᠠᠢ ᠭᠠᠵᠠᠷ ᠤᠷᠤᠨ ᠪᠤᠯ ᠰᠢᠰᠢ ᠶᠢᠨ ᠬᠠᠯᠢᠰᠤ᠂ ᠭᠦᠪᠤᠩ ᠤᠨ ᠡᠰᠢ ᠰᠦᠷᠡᠯ ᠵᠡᠷᠭᠡ ᠪᠠᠷ ᠲᠤᠯᠠᠭᠠᠨ ᠢ ᠬᠠᠮᠠᠭᠠᠯᠠᠬᠤ ᠮᠠᠲ᠋ᠧᠷᠢᠶᠠᠯ ᠪᠤᠯᠭᠠᠨ ᠪᠤᠯᠪᠠᠰᠤᠷᠠᠭᠤᠯᠵᠤ ᠪᠤᠯᠤᠨ᠎ᠠ᠃
       ᠬᠤᠶᠠᠷ ᠲᠤ᠂ ᠪᠦᠳᠦᠴᠡ ᠶᠢ ᠠᠶᠤᠯ ᠦᠬᠡᠢ᠂ ᠰᠠᠯᠪᠢᠵᠤ ᠵᠠᠰᠠᠬᠤ ᠪᠠ ᠬᠠᠮᠢᠶᠠᠷᠬᠤ ᠳᠤ ᠲᠦᠭᠦᠮ ᠪᠠᠶᠢᠯᠭᠠᠬᠤ ᠭᠡᠷᠡᠭᠳᠡᠢ᠃ ᠠᠰᠠᠷ ᠲᠬᠠᠳᠤ ᠶᠢᠨ ᠪᠠᠷᠢᠯᠭ᠎ᠠ ᠳᠤ ᠲᠡᠭᠡᠷ᠎ᠡ ᠲᠤᠤᠷ᠎ᠡ ᠲᠠᠪᠬᠤᠷᠭ᠎ᠠ ᠶᠢᠨ ᠬᠤᠭᠤᠷᠤᠨᠳᠤᠭᠢ ᠪᠦᠳᠦᠴᠡ ᠶᠢᠨ ᠬᠠᠷᠢᠴᠠᠭ᠎ᠠ ᠶᠢ ᠭᠦᠢᠴᠡᠳ ᠰᠠᠶᠢᠨ ᠪᠤᠳᠤᠯᠭᠢᠯᠠᠵᠤ᠂ ᠲᠡᠭᠡᠷ᠎ᠡ ᠲᠤᠤᠷ᠎ᠠ ᠲᠠᠪᠬᠤᠷᠭ᠎ᠠ ᠶᠢᠨ ᠲᠤᠯᠭᠠᠭᠤᠷᠢ ᠭᠡᠷᠡᠮ ᠢ ᠡᠭ᠍ᠴᠡ ᠪᠠᠶᠢᠯᠭᠠᠬᠤ ᠭᠡᠷᠡᠭᠳᠡᠢ᠃ ᠤᠮᠠᠷᠠᠳᠤ ᠶᠢᠨ ᠶᠡᠭᠡᠨᠭᠭᠢ ᠭᠠᠵᠠᠷ ᠤᠷᠤᠨ ᠤ ᠭᠠᠵᠠᠷ ᠭᠦᠳᠡᠯᠦᠯᠳᠡ ᠶᠢᠨ ᠲᠠᠰ ᠤᠨ ᠭᠡᠮᠵᠢᠶ᠎ᠠ ᠨᠢ7 ᠲᠠᠰ᠂ ᠤᠨᠴᠠ ᠵᠠᠷᠢᠮ ᠨᠢ 8 ᠲᠠᠰ ᠪᠠᠶᠢᠵᠤ᠂ ᠲᠦᠢᠯ ᠤᠨ ᠴᠦᠭᠡᠨ ᠭᠠᠵᠠᠷ ᠤᠷᠤᠨ ᠤ ᠬᠢ 6 ᠲᠠᠰ ᠯᠡ ᠪᠠᠶᠢᠳᠠᠭ᠃ ᠭᠠᠵᠠᠷ ᠭᠦᠳᠡᠯᠦᠯᠳᠡ ᠶᠢᠨ ᠰᠡᠷᠭᠡᠶᠢᠯᠡᠯᠳᠡ ᠶᠢᠨ ᠭᠠᠵᠠᠷ ᠤᠷᠤᠨ ᠲᠤᠳᠤᠭᠠᠳᠤ ᠲᠤᠯᠭᠠᠭᠤᠷᠢ ᠭᠡᠷᠡᠮ ᠢ ᠶᠠᠷᠦᠩᠭᠡᠢ ᠳᠡᠭᠡᠨ ᠪᠦᠭᠦᠯᠢ ᠲᠤᠭᠤᠰᠬ᠎ᠠ ᠪᠠᠷ ᠪᠤᠰᠬᠠᠬᠤ ᠭᠡᠷᠡᠭᠳᠡᠢ᠃ ᠬᠠᠭᠠᠰ ᠲᠤᠭᠤᠰᠬ᠎ᠠ ᠶᠢᠨ ᠭᠡᠷᠡᠮ ᠨᠢ ᠭᠠᠵᠠᠷ ᠭᠦᠳᠡᠯᠦᠯᠳᠡ ᠳᠤ ᠠᠰᠢᠭ ᠦᠭᠡᠢ᠂ ᠲᠤᠠᠠᠳᠠᠪᠤᠷᠢᠳᠤ ᠴᠢᠨᠠᠷ ᠢᠶᠠᠷ ᠪᠠᠷᠤᠠᠠᠳᠠᠢ ᠪᠠᠶᠢᠳᠠᠭ ᠪᠦᠭᠡᠳ ᠤᠯᠤᠰ ᠤᠨ ᠬᠠᠮᠢᠶ᠎ᠠ ᠪᠦᠭᠦᠢ ᠭᠠᠵᠠᠷ ᠭᠦᠳᠡᠯᠦᠯᠳᠡ ᠶᠢᠨ ᠵᠢᠷᠤᠭ ᠲᠦᠯᠦᠪᠯᠡᠭᠡᠨ ᠤ ᠱᠠᠭᠠᠷᠳᠠᠯᠭ᠎ᠠ ᠲᠠᠢ ᠴᠤ ᠨᠡᠶᠢᠴᠡᠭᠦ ᠦᠭᠡᠢ ᠶᠤᠮ᠃
        ᠰᠠᠭᠤᠷᠢ ᠶᠢ ᠰᠢᠢᠳᠪᠤᠷᠢᠯᠡᠭᠦ ᠳᠡᠭᠡᠨ ᠲᠤᠬᠠᠢ ᠶᠢᠨ ᠭᠠᠵᠠᠷ ᠤᠨ ᠴᠠᠭ ᠠᠭᠤᠷ ᠤᠨ ᠨᠦᠭᠦᠴᠡᠯ ᠢ ᠦᠨᠳᠦᠰᠦᠯᠡᠨ ᠪᠤᠳᠤᠯᠭᠢᠯᠠᠬᠤ ᠭᠡᠷᠡᠭᠳᠡᠢ᠃ ᠲᠤᠬᠠᠢ ᠶᠢᠨ ᠭᠠᠵᠠᠷ ᠤᠨ ᠭᠠᠵᠠᠷ ᠭᠦᠯᠳᠡᠭᠦ ᠶᠢᠨ ᠭᠦᠨᠴᠡ ᠪᠡ ᠭᠠᠵᠠᠷ ᠲᠤᠤᠷᠠᠭᠢ ᠤᠰᠤᠨ ᠤ ᠪᠠᠶᠢᠷᠢᠰᠢᠯ ᠢ ᠦᠨᠳᠦᠰᠦᠯᠡᠨ ᠰᠠᠭᠤᠷᠢ ᠲᠠᠯᠪᠢᠬᠤ ᠭᠦᠨᠴᠡ ᠶᠢ ᠵᠢᠷᠦᠵᠤ ᠲᠦᠯᠦᠪᠯᠡᠵᠤ᠂ ᠡᠪᠤᠯ ᠭᠦᠯᠳᠡᠭᠡᠳ ᠪᠠᠷᠢᠯᠭ᠎ᠠ ᠳᠤ ᠡᠪᠳᠡᠯᠡᠭᠡ ᠪᠤᠯᠬᠤ ᠠᠴᠠ ᠰᠡᠷᠭᠡᠶᠢᠯᠡᠭᠦ ᠭᠡᠷᠡᠭᠳᠡᠢ᠃
         ᠭᠤᠷᠪᠡ ᠳᠤ᠂ ᠪᠡᠯᠡᠳᠭᠡᠮᠵᠢ ᠬᠤᠭᠤᠯᠠᠢ ᠭᠤᠤᠷᠰᠤ ᠶᠢ ᠠᠯᠢ ᠴᠢᠳᠠᠬᠤ ᠪᠠᠷ ᠲᠦᠪᠯᠡᠷᠡᠭᠦᠯᠭᠦ ᠭᠡᠷᠡᠭᠳᠡᠢ᠃ ᠭᠠᠯ ᠲᠤᠭᠤᠭᠠᠨ ᠤ ᠭᠡᠷ᠂ ᠵᠤᠷᠯᠤᠩ᠂ ᠤᠭᠢᠶᠠᠯᠭ᠎ᠠ ᠶᠢᠨ ᠲᠠᠰᠤᠯᠭᠠᠨ ᠤ ᠲᠡᠭᠡᠷ᠎ᠡ ᠲᠤᠤᠷᠠᠭᠢ ᠤᠰᠤᠨ ᠵᠠᠮ ᠢ ᠵᠡᠷᠭᠡᠴᠡᠭᠦᠯᠦᠨ ᠪᠠᠶᠢᠷᠢᠯᠠᠭᠤᠯᠵᠤ᠂ ᠠᠰᠠᠷ ᠤᠨ ᠲᠡᠭᠡᠷ᠎ᠡ ᠲᠤᠤᠷᠠᠭᠢ ᠤᠰᠤᠨ ᠵᠠᠮ ᠢ ᠡᠭ᠍ᠴᠡ ᠪᠠᠶᠢᠯᠭᠠᠬᠤ ᠭᠡᠷᠡᠭᠳᠡᠢ᠃ ᠭᠠᠵᠠᠷ ᠲᠤᠤᠷᠠᠭᠢ ᠤᠰᠤᠨ ᠬᠤᠭᠤᠯᠠᠢ ᠶᠢᠨ ᠲᠤᠤᠷ ᠦᠭᠡᠢ ᠭᠠᠴᠠᠭ᠎ᠠ ᠰᠤᠮᠤ ᠪᠤᠯ ᠦᠪᠡᠷᠰᠡᠳ ᠢᠶᠠᠨ ᠤᠰᠤ ᠨᠠᠪᠴᠢᠭᠦ ᠬᠤᠳᠳᠤᠭ ᠮᠠᠯᠳᠠᠵᠤ ᠪᠤᠯᠤᠨ᠎ᠠ᠃ ᠲᠦᠭᠡᠭᠡᠯ ᠤᠰᠤ ᠦᠭᠡᠢ ᠦᠷᠦᠭᠡᠨ ᠳᠡᠭᠡᠨ ᠭᠠᠷ ᠢᠶᠠᠷ ᠲᠠᠷᠤᠬᠤ ᠬᠤᠳᠳᠤᠭ ᠭᠡᠷᠡᠭᠯᠡᠵᠤ ᠪᠠᠶᠢᠭ᠎ᠠ ᠡᠷᠦᠭᠡ ᠨᠢ ᠬᠤᠳᠳᠤᠭ ᠤᠨ ᠢᠶᠠᠨ ᠲᠤᠭᠤᠷᠢᠨ ᠳᠤ ᠤᠰᠤ ᠨᠡᠪᠳᠡᠷᠡᠭᠦ ᠦᠭᠡᠢ ᠭᠦᠢᠭᠡᠨ ᠪᠧᠲ᠋ᠤᠨ ᠰᠤᠪᠠᠭ ᠪᠠ ᠤᠰᠤ ᠨᠡᠪᠴᠢᠭᠦ ᠦᠭᠡᠢ ᠤᠰᠤ ᠬᠤᠷᠢᠶᠠᠬᠤ ᠬᠤᠳᠳᠤᠭ ᠭᠠᠷᠭᠠᠵᠤ᠂ ᠸᠠᠭᠠᠷ ᠤᠨ ᠬᠤᠭᠤᠯᠠᠢ ᠪᠠᠷ ᠭᠡᠷ ᠤᠨ ᠭᠠᠳᠠᠨᠠᠭᠢ ᠤᠰᠤ ᠨᠡᠪᠴᠢᠭᠦ ᠬᠤᠳᠳᠤᠭ ᠲᠠᠭᠠᠨ ᠤᠰᠤ ᠪᠠᠨ ᠵᠠᠯᠠᠵᠤ ᠤᠷᠤᠭᠤᠯᠵᠤ ᠪᠤᠯᠤᠨ᠎ᠠ᠃ ᠬᠤᠳᠳᠤᠭ ᠤᠨ ᠤᠰᠤ ᠰᠠᠭᠤᠷᠢ ᠴᠤᠠᠠᠴᠠ ᠶᠢ ᠲᠠᠪᠳᠦᠭᠡᠭᠦ ᠠᠴᠠ ᠤᠨᠴᠠ ᠰᠡᠷᠭᠡᠶᠢᠯᠡᠭᠦ ᠭᠡᠷᠡᠭᠳᠡᠢ᠃
        7. ᠨᠠᠷᠠᠯᠠᠭ ᠤᠷᠤᠨ ᠰᠠᠭᠤᠴᠠ ᠶᠢᠨ ᠨᠢᠭᠤᠷ ᠲᠠᠯ᠎ᠠ ᠶᠢ ᠵᠢᠷᠤᠵᠤ ᠲᠦᠯᠦᠪᠯᠡᠭᠦ ᠳᠤ ᠶᠠᠮᠠᠷ ᠠᠰᠠᠭᠤᠳᠠᠯ ᠢ ᠠᠩᠬᠠᠷᠬᠤ ᠴᠢᠬᠤᠯᠠ ᠲᠠᠢ ᠪᠤᠢ︖
        ᠶᠠᠷᠦᠩᠭᠡᠢ ᠳᠡᠭᠡᠨ ᠠᠷᠠᠳ ᠤᠨ ᠭᠡᠷᠡᠭᠯᠡᠭᠡᠨ ᠤ ᠨᠠᠷᠠᠯᠠᠭ ᠤᠷᠤᠨ ᠰᠠᠭᠤᠴᠠ ᠶᠢᠨ ᠨᠢᠭᠤᠷ ᠲᠠᠯ᠎ᠠ ᠶᠢ ᠵᠢᠷᠤᠵᠤ ᠲᠦᠯᠦᠪᠯᠡᠭᠦ ᠳᠡᠭᠡᠨ ᠲᠤᠤᠷᠠᠭᠢ ᠭᠡᠳᠦᠨ ᠲᠠᠯ᠎ᠠ ᠶᠢ ᠠᠩᠬᠠᠷᠬᠤ ᠭᠡᠷᠡᠭᠳᠡᠢ᠃
        ︵1︶ ᠭᠡᠷᠡᠭᠯᠡᠭᠦ ᠱᠠᠭᠠᠷᠳᠠᠯᠭ᠎ᠠ ᠶᠢ ᠬᠠᠨᠭ᠍ᠭᠠᠬᠤ ᠪᠠᠷ ᠤᠷᠢᠳᠠᠯ ᠪᠤᠯᠭᠠᠵᠤ᠂ ᠨᠠᠷᠠᠯᠠᠭ ᠤᠷᠤᠨ ᠰᠠᠭᠤᠴᠠ ᠶᠢᠨ ᠭᠠᠳᠠᠷ ᠲᠦᠷᠰᠤ ᠶᠢ ᠶᠠᠷᠦᠩᠭᠡᠢ ᠳᠡᠭᠡᠨ ᠲᠤᠳᠤᠭᠠᠳᠤ ᠦᠢᠯᠡᠳᠦᠯ ᠴᠢᠳᠠᠯ ᠤᠨ ᠱᠠᠭᠠᠷᠳᠠᠯᠭ᠎ᠠ ᠳᠤ ᠨᠡᠶᠢᠴᠡᠭᠦᠯᠵᠤ᠂ ᠴᠢᠬᠤᠯᠠ ᠲᠠᠢ ᠦᠶᠡᠰ ᠭᠡᠰᠡᠭ ᠲᠠᠯ᠎ᠠ ᠶᠢᠨ ᠲᠤᠭᠢᠷᠠᠭᠤᠯᠤᠯᠳᠠ ᠭᠢᠵᠤ ᠪᠤᠯᠤᠨ᠎ᠠ᠃ ᠭᠡᠭᠦ ᠳᠡᠭᠡᠨ ᠭᠡᠷᠡᠭᠯᠡᠭᠦ ᠱᠠᠭᠠᠷᠳᠠᠯᠭ᠎ᠠ ᠠᠴᠠ ᠰᠠᠯᠤᠭᠠᠳ᠂ ᠭᠠᠳᠠᠷ ᠭᠡᠯᠪᠡᠷᠢ ᠲᠦᠷᠰᠤ ᠶᠢ ᠯᠡ ᠭᠦᠭᠡᠭᠡᠴᠡᠯᠳᠦᠵᠤ ᠪᠤᠯᠬᠤ ᠦᠭᠡᠢ᠃
        ︵2︶ ᠨᠠᠷᠠᠯᠠᠭ ᠤᠷᠤᠨ ᠰᠠᠭᠤᠴᠠ ᠶᠢᠨ ᠰᠢᠨᠵᠢ ᠴᠢᠨᠠᠷ᠂ ᠭᠡᠪᠴᠢᠶ᠎ᠠ᠂ ᠶᠠᠰᠤ ᠴᠢᠨᠠᠷ ᠤᠨ ᠪᠡᠷᠢᠮᠵᠢᠶ᠎ᠠ ᠪᠠ ᠪᠡᠯᠡ ᠮᠦᠡᠭᠭᠦ ᠶᠢᠨ ᠤᠷᠤᠭᠤᠯᠤᠯᠳᠠ ᠲᠠᠢ ᠲᠤᠭᠢᠷᠠᠯᠴᠠᠭᠤᠯᠬᠤ ᠭᠡᠷᠡᠭᠳᠡᠢ᠃ ᠠᠵᠤ ᠠᠬᠤᠢ ᠶᠢᠨ ᠨᠦᠭᠦᠴᠡᠯ ᠠᠴᠠ ᠰᠠᠯᠭᠠᠭᠠᠳ᠂ ᠭᠠᠳᠠᠷ ᠭᠡᠯᠪᠡᠷᠢ ᠲᠦᠷᠰᠤ ᠶᠢ ᠦᠷᠦᠭᠡᠰᠦᠨ ᠢᠶᠠᠷ ᠭᠦᠭᠡᠭᠡᠴᠡᠯᠳᠦᠵᠤ ᠪᠤᠯᠬᠤ ᠦᠭᠡᠢ᠃
        ︵3︶ ᠪᠦᠳᠦᠴᠡ ᠶᠢᠨ ᠤᠨᠴᠠᠯᠢᠭ ᠲᠠᠢ ᠤᠶᠠᠯᠳᠤᠭᠤᠯᠬᠤ ᠭᠡᠷᠡᠭᠳᠡᠢ᠃ ᠪᠦᠳᠦᠴᠡ ᠶᠢᠨ ᠵᠦᠢ ᠵᠤᠭᠢᠰᠳᠡᠢ ᠴᠢᠨᠠᠷ ᠢ ᠬᠠᠶᠢᠬᠤᠷᠤᠯ ᠦᠭᠡᠢ ᠪᠠᠷ ᠭᠠᠳᠠᠷ ᠭᠡᠯᠪᠡᠷᠢ ᠲᠦᠷᠰᠤ ᠶᠢ ᠦᠷᠦᠭᠡᠰᠦᠨ ᠢᠶᠠᠷ ᠭᠦᠭᠡᠭᠡᠴᠡᠯᠳᠦᠵᠤ ᠪᠤᠯᠬᠤ ᠦᠭᠡᠢ᠃
        ︵4︶ ᠪᠠᠷᠢᠵᠤ ᠪᠦᠳᠦᠭᠡᠭᠦ ᠪᠤᠯᠤᠯᠴᠠᠭ᠎ᠠ ᠪᠠ ᠪᠠᠷᠢᠯᠭ᠎ᠠ ᠶᠢᠨ ᠠᠵᠢᠯ ᠤᠨ ᠨᠦᠭᠦᠴᠡᠯ ᠢ ᠪᠤᠳᠤᠯᠭᠢᠯᠠᠬᠤ ᠭᠡᠷᠡᠭᠳᠡᠢ᠃ ᠭᠡᠳᠦᠷᠭᠡᠢ ᠠᠷᠪᠢᠨ ᠪᠤᠶᠤ ᠬᠤᠳᠠᠯ ᠬᠠᠭᠤᠷᠮᠠᠭ ᠵᠠᠰᠠᠵᠤ ᠴᠢᠮᠡᠭᠯᠡᠭᠦ ᠭᠡᠷᠡᠭ ᠦᠭᠡᠢ᠃
        8. ᠨᠠᠷᠠᠯᠠᠭ ᠤᠷᠤᠨ ᠰᠠᠭᠤᠴᠠ ᠶᠢᠨ ᠴᠢᠭᠯᠡᠯ ᠢ ᠰᠤᠩᠭᠤᠬᠤ ᠳᠤ ᠶᠠᠮᠠᠷ ᠠᠰᠠᠭᠤᠳᠠᠯ ᠢ ᠠᠩᠬᠠᠷᠬᠤ ᠴᠢᠬᠤᠯᠠ ᠲᠠᠢ ᠪᠤᠢ︖
        ᠭᠠᠴᠠᠭ᠎ᠠ ᠪᠠᠯᠭᠠᠰᠤᠨ ᠤ ᠪᠦᠳᠦᠭᠡᠨ ᠪᠠᠶᠢᠭᠤᠯᠤᠯᠳᠠ ᠶᠢᠨ ᠶᠠᠷᠦᠩᠭᠡᠢ ᠲᠦᠯᠦᠪᠵᠢᠭᠦᠯᠭᠡ ᠶᠢᠨ ᠵᠢᠷᠤᠭ ᠲᠦᠯᠦᠪᠯᠡᠭᠡᠨ ᠤ ᠱᠠᠭᠠᠷᠳᠠᠯᠭ᠎ᠠ ᠠᠴᠠ ᠪᠤᠯᠤᠭᠠᠳ ᠡᠯ᠎ᠠ ᠲᠦᠷᠦᠯ ᠤᠨ ᠭᠡᠷ ᠪᠠᠶᠢᠰᠢᠩ ᠤᠨ ᠵᠦᠭ ᠴᠢᠭᠯᠡᠯ ᠢ ᠨᠢᠭᠡ ᠭᠡᠪ ᠤᠨ ᠪᠠᠶᠢᠯᠭᠠᠵᠤ ᠪᠤᠯᠬᠤ ᠦᠭᠡᠢ ᠶᠤᠮ᠃ ᠭᠡᠪᠡᠴᠤ ᠨᠠᠷᠠᠯᠠᠭ ᠤᠷᠤᠨ ᠰᠠᠭᠤᠴᠠ ᠶᠢᠨ ᠵᠢᠷᠤᠭ ᠲᠦᠯᠦᠪᠯᠡᠭᠡᠨ ᠤ ᠭᠡᠷᠡᠭᠴᠡᠭᠡ ᠠᠴᠠ ᠠᠪᠴᠤ ᠦᠵᠡᠪᠡᠯ ᠤᠮᠠᠷᠠᠳᠤ ᠬᠠᠭᠠᠰ ᠪᠦᠮᠪᠤᠷᠴᠡᠭ ᠤᠨ ᠭᠡᠷ ᠪᠠᠶᠢᠰᠢᠩ ᠢ ᠠᠰ ᠡᠮᠦᠨ᠎ᠠ ᠵᠦᠭ ᠤᠷᠤᠭᠤ ᠪᠠᠶᠢᠷᠢᠯᠠᠭᠤᠯᠬᠤ ᠨᠢ ᠨᠠᠷᠠᠨ ᠤ ᠡᠨᠧᠷᠭᠢ ᠪᠠᠷ ᠲᠤᠯᠠᠭᠠᠯᠠᠬᠤ ᠳᠤ ᠠᠰᠢᠠᠠᠳᠠᠢ ᠭᠤᠤᠯ ᠨᠦᠭᠦᠴᠡᠯ ᠤᠨ ᠨᠢᠭᠡ ᠨᠢ ᠪᠤᠯᠬᠤ ᠪᠦᠭᠡᠳ ᠲᠡᠭᠦᠨ ᠤ ᠨᠡᠷᠡᠨ ᠤ ᠡᠨᠧᠷᠭᠢ ᠶᠢ ᠪᠦᠳᠦᠮᠵᠢᠳᠡᠢ ᠪᠠᠷ ᠠᠰᠢᠠᠠᠯᠠᠵᠤ ᠴᠢᠳᠠᠬᠤ ᠡᠰᠡᠭᠦ ᠶᠢᠨ ᠴᠢᠬᠤᠯᠠ ᠵᠠᠩᠭᠢᠯᠠᠭ᠎ᠠ ᠶᠢᠨ ᠠᠰᠠᠭᠤᠳᠠᠯ ᠪᠤᠯᠤᠨ᠎ᠠ᠃ ᠲᠠᠷᠠ ᠨᠢ ᠨᠠᠷᠠᠯᠠᠭ ᠤᠷᠤᠨ ᠰᠠᠭᠤᠴᠠ ᠶᠢᠨ ᠦᠢᠯᠡᠳᠦᠯ ᠤᠨ ᠰᠠᠶᠢᠨ ᠮᠠᠭᠤ ᠪᠠ ᠰᠠᠯᠪᠢᠵᠤ ᠵᠠᠰᠠᠵᠤ ᠬᠠᠮᠢᠶᠠᠷᠬᠤ ᠶᠢᠨ ᠪᠡᠷᠭᠡ ᠭᠢᠯᠪᠡᠷ ᠢ ᠰᠢᠭᠤᠳ ᠨᠦᠯᠦᠭᠡᠯᠡᠨ᠎ᠡ᠃ ᠨᠠᠷᠠᠯᠠᠭ ᠤᠷᠤᠨ ᠰᠠᠭᠤᠴᠠ ᠶᠢ ᠵᠦᠢ ᠵᠤᠭᠢᠰᠳᠡᠢ ᠵᠢᠷᠤᠵᠤ ᠲᠦᠯᠦᠪᠯᠡᠪᠡᠯ ᠲᠤᠯᠠᠭᠠᠯᠠᠬᠤ ᠤᠯᠠᠷᠢᠯ ᠳᠤ ᠲᠡᠭᠦᠨ ᠤ ᠨᠠᠷᠠᠨ ᠲᠠᠯ᠎ᠠ ᠶᠢᠨ ᠦᠷᠦᠭᠡ ᠲᠠᠰᠤᠯᠭ᠎ᠠ ᠨᠢ ᠰᠢᠭᠤᠳ ᠲᠤᠰᠬᠤ ᠨᠠᠷᠠᠨ ᠤ ᠭᠡᠷᠡᠯ ᠢ ᠬᠠᠮᠤᠭ ᠤᠨ ᠠᠷᠪᠢᠨ ᠭᠦᠷᠳᠡᠵᠤ᠂ ᠵᠤᠨ ᠤ ᠤᠯᠠᠷᠢᠯ ᠳᠤ ᠦᠷᠦᠭᠡᠨ ᠳᠤ ᠲᠤᠰᠬᠤ ᠨᠠᠷᠠᠨ ᠤ ᠭᠡᠷᠡᠯ ᠬᠠᠮᠤᠭ ᠤᠨ ᠪᠠᠭ᠎ᠠ ᠪᠠᠶᠢᠳᠠᠭ᠃ ᠵᠡᠭᠦᠨ ᠪᠠᠷᠠᠭᠤᠨ ᠵᠦᠭ ᠬᠠᠨᠳᠤᠠᠠᠰᠠᠨ ᠦᠷᠦᠭᠡ ᠲᠠᠰᠤᠯᠭ᠎ᠠ ᠶᠢᠨ ᠨᠠᠷᠠᠯᠠᠭ ᠲᠤᠰᠤᠯᠳᠠ ᠨᠢ ᠡᠭᠦᠨ ᠲᠠᠢ ᠠᠰ ᠦᠭᠡᠷ᠎ᠡ ᠪᠠᠶᠢᠳᠠᠭ᠃
        9. ᠨᠠᠷᠠᠯᠠᠭ ᠤᠷᠤᠨ ᠰᠠᠭᠤᠴᠠ ᠶᠢᠨ ᠭᠠᠳᠠᠷ ᠲᠦᠷᠭᠦ ᠶᠢ ᠰᠤᠩᠭᠤᠬᠤ ᠳᠤ ᠶᠠᠮᠠᠷ ᠠᠰᠠᠭᠤᠳᠠᠯ ᠢ ᠠᠩᠬᠠᠷᠬᠤ ᠴᠢᠬᠤᠯᠠ ᠲᠠᠢ ᠪᠤᠢ︖
       ᠶᠠᠷᠦᠩᠭᠡᠢ ᠳᠤᠨᠢ ᠠᠪᠴᠤ ᠭᠡᠯᠡᠪᠡᠯ ᠨᠠᠷᠠᠯᠠᠭ ᠤᠷᠤᠨ ᠰᠠᠭᠤᠴᠠ ᠶᠢᠨ ᠬᠠᠮᠤᠭ ᠤᠨ ᠰᠠᠶᠢᠨ ᠭᠡᠯᠪᠡᠷᠢ ᠲᠦᠷᠰᠤ ᠪᠤᠯ ᠵᠡᠭᠦᠠᠰᠢ ᠪᠠᠷᠠᠭᠤᠠᠰᠢ ᠰᠤᠨᠤᠯᠵᠬᠠᠰᠠᠨ ᠲᠡᠭᠰᠢ ᠦᠨᠴᠦᠭᠳᠤ ᠭᠡᠯᠪᠡᠷᠢ ᠪᠤᠯᠤᠨ᠎ᠠ᠃ ᠭᠡᠷᠪᠡ ᠨᠡᠷᠨᠨ ᠲᠠᠯ᠎ᠠ ᠶᠢ ᠭᠦᠳᠦᠭᠦᠷ ᠬᠤᠳᠤᠭᠤᠷ ᠪᠠᠶᠢᠯᠭᠠᠪᠠᠯ ᠲᠡᠭᠦᠨ ᠤ ᠡᠮᠦᠨ᠎ᠠ ᠬᠤᠶᠢᠨᠠᠭᠢ ᠵᠠᠢ ᠶᠢ 0.6m ᠠᠴᠠ ᠲᠠᠪᠠᠭᠤᠯᠵᠤ ᠪᠤᠯᠬᠤ ᠦᠭᠡᠢ᠃
       ᠪᠠᠷᠢᠯᠭ᠎ᠠ ᠶᠢᠨ ᠲᠠᠯᠠᠪᠠᠢ ᠨᠢ ᠲᠤᠠᠠᠳᠠᠮᠠᠯ ᠪᠠᠶᠢᠳᠠᠯ ᠲᠤᠤᠷ᠎ᠡ ᠠᠰᠠᠷ ᠤᠨ ᠲᠠᠪᠬᠤᠷᠭ᠎ᠠ ᠦᠨᠳᠦᠷᠵᠢᠭᠦ ᠲᠤᠰᠤᠮ ᠭᠠᠳᠠᠷ ᠲᠠᠯᠠᠪᠠᠢ ᠨᠢ ᠤᠯᠠᠮ ᠶᠡᠭᠡᠰᠴᠤ᠂ ᠢᠯᠴᠢ ᠬᠤᠷᠤᠠᠠᠳᠠᠭᠤᠯᠬᠤ ᠨᠢ ᠴᠤ ᠤᠯᠠᠮ ᠶᠡᠭᠡ ᠪᠠᠶᠢᠳᠠᠭ᠃ ᠡᠶᠢᠮᠤ ᠠᠴᠠ ᠨᠡᠷᠡᠯᠠᠬ ᠤᠷᠤᠨ ᠰᠠᠭᠤᠴᠠ ᠶᠢᠨ ᠭᠡᠷᠡᠭᠯᠡᠭᠡᠨ ᠤ ᠦᠢᠯᠡᠳᠦᠯ ᠢ ᠨᠢ ᠨᠦᠯᠦᠭᠡᠯᠡᠭᠦ ᠦᠭᠡᠢ ᠤᠷᠢᠳᠠᠯ ᠲᠤᠤᠷ᠎ᠠ ᠦᠨᠳᠤᠷ ᠠᠰᠠᠷ ᠪᠠᠷᠢᠬᠤ ᠶᠢ ᠠᠯᠢ ᠴᠢᠳᠠᠬᠤ ᠪᠠᠷ ᠪᠠᠭᠠᠰᠬᠠᠬᠤ ᠭᠡᠷᠡᠭᠳᠡᠢ᠃ ᠡᠨᠡ ᠨᠢ ᠨᠠᠷᠠᠨ ᠤ ᠡᠨᠧᠷᠭᠢ ᠪᠠᠷ ᠢᠯᠴᠢ ᠬᠠᠨᠭ᠍ᠭᠠᠬᠤ ᠳᠤ ᠠᠰᠢᠭ ᠲᠠᠢ ᠶᠤᠮ᠃ ᠤᠷᠤᠨ ᠰᠠᠭᠤᠴᠠ ᠪᠠᠷ ᠵᠢᠱᠢᠶᠡᠯᠡᠵᠤ ᠭᠡᠯᠡᠪᠡᠯ ᠶᠠᠷᠤ ᠶᠢᠨ ᠨᠠᠷᠠᠨ ᠤ ᠡᠨᠧᠷᠭᠢ ᠪᠠᠷ ᠢᠯᠴᠢ ᠬᠠᠨᠭ᠍ᠭᠠᠬᠤ ᠤᠷᠤᠨ ᠰᠠᠭᠤᠴᠠ ᠶᠢᠨ ᠲᠠᠪᠬᠤᠷᠭ᠎ᠠ ᠶᠢᠨ ᠦᠨᠳᠤᠷ ᠢ 2.8m ᠠᠴᠠ ᠢᠯᠡᠭᠦᠤ ᠪᠠᠶᠢᠯᠭᠠᠵᠤ ᠪᠤᠯᠬᠤ ᠦᠭᠡᠢ᠂ ᠲᠠᠪᠬᠤᠷᠭ᠎ᠠ ᠶᠢ 5 ᠲᠠᠪᠬᠤᠷ ᠠᠴᠠ ᠭᠡᠳᠦᠷᠡᠭᠦᠯᠵᠤ ᠪᠤᠯᠬᠤ ᠦᠭᠡᠢ᠃ 6 ᠲᠠᠪᠬᠤᠷ ᠠᠴᠠ ᠲᠡᠭᠡᠭᠰᠢ ᠪᠤᠯᠪᠠᠯ ᠰᠠᠯᠭᠢᠨ ᠤ ᠬᠤᠷᠳᠤᠴᠡ ᠨᠡᠮᠡᠭᠳᠡᠵᠤ ᠢᠯᠴᠢ ᠶᠢᠨ ᠭᠡᠮᠵᠢᠶ᠎ᠠ ᠶᠢ ᠪᠠᠭᠤᠷᠠᠭᠤᠯᠬᠤ ᠲᠤᠯᠠ ᠨᠠᠷᠠᠨ ᠤ ᠡᠨᠧᠷᠭᠢ ᠶᠢᠨ ᠮᠡᠷᠭᠡᠵᠢᠯ ᠢ ᠭᠡᠷᠡᠭᠯᠡᠭᠦ ᠳᠤ ᠲᠤᠭᠢᠷᠠᠬᠤ ᠦᠭᠡᠢ᠃
        ᠨᠠᠷᠠᠯᠠᠭ ᠤᠷᠤᠨ ᠰᠠᠭᠤᠴᠠ ᠪᠠᠶᠢᠭᠤᠯᠬᠤ ᠭᠠᠵᠠᠷ ᠤᠷᠤᠨ ᠨᠢ ᠨᠠᠷᠠᠨ ᠤ ᠡᠨᠧᠷᠭᠢ ᠶᠢᠨ ᠰᠠᠴᠤᠷᠠᠭ ᠢᠶᠠᠷ ᠡᠯᠪᠡᠭ ᠪᠦᠭᠡᠳ ᠠᠰᠢᠠᠠᠯᠠᠵᠤ ᠪᠤᠯᠬᠤ ᠭᠠᠵᠠᠷ ᠤᠷᠤᠨ ᠪᠠᠶᠢᠬᠤ ᠭᠡᠷᠡᠭᠳᠡᠢ᠃ ᠠᠳᠠᠯᠢ ᠨᠢᠭᠡᠨ ᠭᠠᠵᠠᠷ ᠤᠷᠤᠨ ᠤ ᠲᠤᠳᠤᠷ᠎ᠡ ᠪᠠᠰᠠ ᠨᠠᠷᠠᠯᠠᠭ ᠤᠷᠤᠨ ᠰᠠᠭᠤᠴᠠ ᠶᠢᠨ ᠵᠢᠵᠢᠭ ᠲᠤᠭᠤᠷᠢᠭ ᠤᠨ ᠤᠷᠴᠢᠨ ᠲᠤᠭᠤᠷᠢᠨ ᠢ ᠠᠩᠬᠠᠷᠴᠤ᠂ ᠡᠷᠭᠢᠨ ᠲᠤᠭᠤᠷᠢᠨ ᠤ ᠤᠷᠴᠢᠨ ᠠᠬᠤᠢ ᠨᠢ ᠨᠠᠷᠠᠯᠠᠭ ᠤᠷᠤᠨ ᠰᠠᠭᠤᠴᠠ ᠳᠤ ᠨᠦᠯᠦᠭᠡᠯᠡᠭᠳᠡᠭᠦ ᠦᠭᠡᠢ ᠪᠠᠶᠢᠬᠤ ᠶᠢ ᠠᠩᠬᠠᠷᠬᠤ ᠭᠡᠷᠡᠭᠳᠡᠢ᠃ ᠡᠭᠦᠨ ᠤ ᠬᠠᠮᠳᠤ ᠨᠠᠷᠠᠯᠠᠭ ᠤᠷᠤᠨ ᠰᠠᠭᠤᠴᠠ ᠶᠢᠨ ᠭᠠᠳᠠᠨᠠᠭᠢ ᠶᠢᠨ ᠨᠤᠭᠤᠭᠠᠷᠠᠭᠤᠯᠤᠯᠳᠠ ᠶᠢ ᠠᠩᠬᠠᠷᠬᠤ  ᠭᠡᠷᠡᠭᠳᠡᠢ᠃ ᠡᠨᠡ ᠨᠢ ᠮᠦᠨ ᠴᠦ ᠨᠢᠭᠡᠨ ᠨᠠᠷᠠᠨ ᠤ ᠡᠨᠧᠷᠭᠢ ᠶᠢᠨ ᠠᠰᠢᠠᠠᠯᠠᠯᠳᠠ ᠪᠤᠯᠤᠨ᠎ᠠ᠃
        10. ᠲᠤᠯᠠᠭᠠᠨ ᠢ ᠬᠠᠳᠠᠭᠠᠯᠠᠬᠤ ᠲᠠᠪᠬᠤᠷ ᠭᠡᠷᠡᠮ ᠢ ᠶᠠᠭᠠᠭᠢᠵᠤ ᠪᠠᠷᠢᠬᠤ ᠪᠤᠢ︖ ᠶᠠᠭᠤ ᠶᠢ ᠠᠩᠬᠠᠷᠬᠤ ᠴᠢᠬᠤᠯᠠ ᠲᠠᠢ ᠪᠤᠢ︖
        ᠨᠡᠷᠡᠨ ᠤ ᠡᠨᠧᠷᠭᠢ ᠶᠢᠨ ᠪᠠᠷᠢᠯᠭ᠎ᠠ ᠳᠤ ᠲᠤᠯᠠᠭᠠᠨ ᠢ ᠬᠠᠳᠠᠭᠠᠯᠠᠬᠤ ᠲᠠᠪᠬᠤᠷ ᠭᠡᠷᠡᠮ ᠢ ᠪᠠᠷᠢᠬᠤ ᠶᠠᠷᠦᠳᠡ ᠶᠢᠨ ᠠᠷᠭ᠎ᠠ ᠮᠠᠶ᠋ᠢᠭ ᠭᠡᠪᠡᠯ ᠭᠡᠷᠡᠮ ᠬᠠᠨ᠎ᠠ ᠶᠢᠨ ᠲᠤᠳᠤᠷ᠎ᠠ  60~120mm ᠵᠤᠵᠠᠭᠠᠨ ᠲᠤᠯᠠᠭᠠᠨ ᠢ ᠬᠠᠳᠠᠭᠠᠯᠠᠬᠤ ᠮᠠᠲ᠋ᠧᠷᠢᠶᠠᠯ ᠢ ᠨᠡᠮᠡᠵᠤ ᠪᠠᠷᠢᠨ᠎ᠠ᠃ ᠡᠭᠦᠨ ᠳᠤ ᠶᠠᠷᠦᠩᠭᠡᠢ ᠳᠡᠭᠡᠨ ᠲᠠᠯᠠᠯᠳᠠ ᠶᠢᠨ ᠰᠤᠪᠤᠳᠯᠢᠭ ᠴᠢᠯᠠᠭᠤ᠂  ᠰᠢᠷᠪᠤᠰᠤᠨ ᠴᠢᠯᠠᠭᠤ᠂ ᠪᠦᠭᠡᠭᠡᠨᠡᠷᠡᠯ ᠪᠧᠨ᠋ᠽᠧᠨ᠋ᠳᠤ ᠡᠲᠸᠠ ᠤ ᠭᠦᠭᠡᠰᠦᠷᠭᠡᠭ ᠰᠦᠯᠢᠶᠤᠤ ᠬᠠᠪᠳᠠᠰᠤ ︵ᠭᠠᠩ ᠬᠠᠭᠤᠷᠠᠢ ᠭᠠᠵᠠᠷ ᠤᠷᠤᠨ ᠪᠤᠯ ᠢᠯᠵᠠᠷᠠᠯ ᠢ ᠰᠡᠷᠭᠡᠶᠢᠯᠡᠭᠦ ᠰᠢᠢᠳᠪᠤᠷᠢᠯᠡᠯᠳᠡ ᠭᠢᠭᠰᠡᠨ ᠰᠢᠰᠢ ᠶᠢᠨ ᠬᠠᠯᠢᠰᠤ᠂ ᠭᠦᠪᠤᠩ ᠤᠨ ᠡᠰᠢ ᠭᠤᠤᠷᠰᠤ᠂ ᠦᠭᠡᠷ ᠠᠳᠤᠭᠤᠨ ᠤ ᠬᠠᠭᠤᠷᠠᠢ ᠬᠤᠮᠤᠯ︶ ᠵᠡᠷᠭᠡ ᠶᠢ ᠠᠰᠢᠠᠠᠯᠠᠬᠤ ᠪᠤᠯᠤᠨ᠎ᠠ᠃
        ᠠᠳᠡ ᠵᠢᠭᠠᠵᠤ ᠭᠠᠷᠭᠠᠭᠤᠰᠢᠳᠡᠢ ᠨᠢ ᠲᠤᠯᠠᠭᠠᠨ ᠢ ᠬᠠᠳᠠᠭᠠᠯᠠᠬᠤ ᠲᠠᠪᠬᠤᠷ ᠭᠡᠷᠡᠮ ᠪᠠᠷᠢᠬᠤ ᠶᠢᠨ ᠶᠠᠷᠦᠳᠡ ᠶᠢᠨ ᠭᠡᠷᠡᠭᠯᠡᠳᠡᠭ ᠠᠷᠭ᠎ᠠ ᠨᠢ ᠭᠡᠪᠡᠯ ᠲᠤᠯᠠᠭᠠᠨ ᠢ ᠬᠠᠳᠠᠭᠠᠯᠠᠬᠤ ᠮᠠᠲ᠋ᠧᠷᠢᠶᠠᠯ ᠢᠶᠠᠨ ᠪᠤᠳᠠᠳᠠᠢ ᠴᠤᠠᠠᠴᠠ ᠶᠢᠨ ᠲᠤᠭᠤᠰᠬᠠᠨ ᠭᠡᠷᠡᠮ ᠤᠨ ᠭᠠᠳᠠᠭᠤᠷ ᠨᠢ ᠪᠦᠰᠡᠯᠡᠵᠤ ᠪᠠᠷᠢᠨ᠎ᠠ᠃ ᠢᠡᠭᠭᠢᠪᠡᠯ ᠭᠡᠷᠡᠮ ᠳᠤ ᠬᠠᠳᠠᠭᠠᠯᠬᠠᠳ᠋ᠬᠠᠰᠠᠨ ᠢᠯᠴᠢ ᠶᠢ ᠦᠷᠦᠭᠡ ᠭᠡᠷ ᠲᠤ ᠨᠡᠪᠴᠢᠭᠦᠯᠵᠤ ᠴᠢᠳᠠᠨ᠎ᠠ᠃ ᠲᠤᠯᠠᠭᠠᠨ ᠢ ᠬᠠᠳᠠᠭᠠᠯᠠᠬᠤ ᠲᠠᠪᠬᠤᠷᠭ᠎ᠠ ᠶᠢᠨ ᠭᠠᠳᠠᠭᠤᠷ ᠨᠢ 120mm ᠤᠨ ᠲᠤᠭᠤᠰᠬᠠᠨ ᠭᠡᠷᠡᠮ ᠪᠠᠷᠢᠬᠤ ᠪᠤᠶᠤ ᠸᠠᠭᠠᠷᠯᠢᠭ ᠲᠠᠮᠤᠷ ᠬᠠᠪᠳᠠᠰᠤ ᠡᠰᠡᠭᠦᠯ᠎ᠡ ᠰᠢᠷᠪᠤᠰᠦᠯᠢᠭ ᠪᠦᠭᠡᠭᠡᠨᠡᠷᠡᠯ ᠪᠧᠨ᠋ᠽᠧᠨ᠋ᠳᠤ ᠡᠲᠸᠠ ᠤ ᠭᠦᠭᠡᠰᠦᠷᠭᠡᠭ ᠰᠦᠯᠢᠶᠤᠤ ᠬᠠᠪᠳᠠᠰᠤ ᠨᠠᠭᠠᠵᠤ᠂ ᠲᠡᠭᠡᠭᠦᠷ ᠨᠢ ᠰᠢᠭᠤᠳ ᠴᠤᠬᠤᠶᠢᠳᠠᠭᠠᠳ ᠬᠠᠮᠠᠭᠠᠯᠠᠯᠳᠠ ᠶᠢᠨ ᠲᠠᠪᠬᠤᠷᠭ᠎ᠠ ᠪᠤᠯᠭᠠᠵᠤ ᠪᠤᠯᠤᠨ᠎ᠠ᠃ ᠤᠨᠴᠠᠭᠠᠢ ᠪᠠᠶᠢᠳᠠᠯ ᠲᠤᠤᠷ᠎ᠠ ᠲᠤᠯᠠᠭᠠᠨ ᠢ ᠬᠠᠳᠠᠭᠠᠯᠠᠬᠤ ᠮᠠᠲ᠋ᠧᠷᠢᠶᠠᠯ ᠢ ᠭᠦᠨᠳᠤ ᠲᠠᠭᠠᠭᠠᠴᠠ ᠶᠢᠨ ᠲᠤᠭᠤᠰᠬᠠᠨ ᠭᠡᠷᠡᠮ ᠲᠡᠭᠡᠷ᠎ᠡ ᠨᠠᠭᠠᠬᠤ ᠴᠢᠬᠤᠯᠠ ᠲᠠᠢ ᠦᠶᠡᠰ ᠬᠠᠮᠠᠭᠠᠯᠠᠯᠳᠡ ᠶᠢᠨ ᠲᠤᠭᠤᠰᠬᠠᠨ ᠭᠡᠷᠡᠮ ᠤᠨ ᠵᠤᠵᠠᠭᠠᠴᠠ ᠶᠢ 120mm ᠠᠴᠠ ᠨᠢᠮᠭᠡᠨ ᠪᠠᠶᠢᠯᠭᠠᠵᠤ ᠪᠤᠯᠬᠤ ᠦᠭᠡᠢ᠃ ᠲᠠᠶᠢᠮᠤ ᠪᠢᠰᠢ ᠪᠤᠯ ᠦᠷᠦᠭᠡᠨ ᠲᠤᠳᠤᠷᠠᠭᠢ ᠢᠯᠴᠢ ᠬᠠᠳᠠᠭᠠᠯᠠᠬᠤ ᠦᠷ᠎ᠠ ᠳ᠋ᠦᠩ ᠢ ᠨᠦᠯᠦᠭᠡᠯᠡᠭᠦ ᠪᠤᠯᠤᠨ᠎ᠠ᠃
        ᠲᠤᠯᠠᠭᠠᠨ ᠢ ᠬᠠᠳᠠᠭᠠᠯᠠᠬᠤ ᠲᠠᠪᠬᠤᠷ ᠭᠡᠷᠡᠮ ᠢ ᠪᠠᠷᠢᠬᠤ ᠳᠤ ᠪᠠᠰᠠ ᠲᠤᠤᠷᠠᠭᠢ ᠬᠤᠶᠠᠷ ᠲᠠᠯ᠎ᠠ ᠶᠢᠨ ᠠᠰᠠᠭᠤᠳᠠᠯ ᠢ ᠠᠩᠬᠠᠷᠬᠤ ᠭᠡᠷᠡᠭᠳᠡᠢ᠃
       ︵1︶ ᠭᠡᠷᠡᠮ ᠤᠨ ᠦᠷᠦᠯᠳᠡ ᠶᠢᠨ ᠵᠠᠢ ᠵᠠᠪᠰᠠᠷ ᠢ ᠴᠤᠬᠤᠢ ᠶᠢᠨ ᠵᠢᠭᠤᠷᠠᠮᠠᠭ ᠢᠶᠠᠷ ᠰᠠᠶᠢᠳᠤᠷ ᠪᠦᠭᠯᠡᠵᠤ᠂ ᠭᠡᠷᠡᠮ ᠢᠶᠠᠷ ᠭᠦᠢᠳᠡᠨ ᠵᠢᠪᠠᠷ ᠨᠡᠪᠳᠡᠷᠡᠭᠦ ᠶᠢ ᠰᠡᠷᠭᠡᠶᠢᠯᠡᠭᠦ ᠭᠡᠷᠡᠭᠳᠡᠢ᠃
        ︵2︶ ᠢᠯᠴᠢ ᠲᠠᠮᠵᠢᠭᠤᠯᠤᠠᠠᠴᠢ ᠶᠢᠨ ᠤᠨᠴᠠᠭᠠᠢ ᠭᠡᠰᠡᠭ ᠤᠨ ᠲᠤᠯᠠᠭᠠᠨ ᠢ ᠬᠠᠳᠠᠭᠠᠯᠠᠬᠤ ᠠᠷᠭ᠎ᠠ ᠭᠡᠮᠵᠢᠶ᠎ᠠ ᠶᠢ ᠴᠢᠩᠭᠠᠳᠬᠠᠬᠤ ᠭᠡᠷᠡᠭᠳᠡᠢ᠃
        11. ᠢᠯᠴᠢ ᠴᠤᠠᠠᠯᠠᠭᠤᠯᠬᠤ ᠪᠠ ᠬᠠᠳᠠᠭᠠᠯᠠᠬᠤ ᠭᠡᠷᠡᠮ ᠲᠠᠢ ᠨᠠᠷᠠᠯᠠᠭ ᠤᠷᠤᠨ ᠰᠠᠭᠤᠴᠠ ᠶᠢ ᠶᠠᠭᠠᠭᠢᠵᠤ ᠵᠢᠷᠤᠵᠤ ᠲᠦᠯᠦᠪᠯᠡᠭᠦ ᠪᠤᠢ︖
       ᠢᠯᠴᠢ ᠴᠤᠠᠠᠯᠠᠭᠤᠯᠬᠤ ᠪᠠ ᠬᠠᠳᠠᠭᠠᠯᠠᠬᠤ ᠭᠡᠷᠡᠮ ᠪᠤᠯ ᠢᠯᠴᠢ ᠬᠠᠳᠠᠭᠠᠯᠠᠬᠤ ᠴᠢᠨᠠᠷ ᠢᠶᠠᠷ ᠰᠠᠶᠢᠨ ᠪᠧᠲ᠋ᠤᠨ᠂ ᠲᠤᠭᠤᠰᠬ᠎ᠠ ᠪᠤᠶᠤ ᠤᠰᠤ ᠠᠭᠤᠯᠬᠤ ᠰᠠᠪᠠ ᠵᠡᠷᠭᠡ ᠪᠠᠷ ᠪᠦᠷᠢᠯᠳᠦᠳᠡᠭ᠃ ᠭᠢᠭᠦ ᠠᠷᠭ᠎ᠠ ᠨᠢ ᠭᠡᠪᠡᠯ ᠲᠡᠭᠦᠨ ᠤ ᠦᠡᠭᠭᠡᠨ ᠲᠠᠯ᠎ᠠ ᠶᠢ ᠨᠢ ᠬᠠᠷ᠎ᠠ ᠦᠡᠭᠭᠡ ᠪᠤᠶᠤ ᠭᠦᠨ ᠦᠡᠭᠭᠡ ᠪᠠᠷ ᠪᠤᠳᠤᠵᠤ᠂ ᠲᠠᠷᠠᠭ᠎ᠠ ᠨᠢ ᠲᠡᠭᠦᠨ ᠤ ᠭᠠᠳᠠᠷ ᠲᠠᠯ᠎ᠠ ᠪᠠᠷ ᠨᠢ ᠭᠡᠷᠡᠮ ᠠᠴᠠ 100mm ᠵᠠᠶᠢᠳᠠᠢ ᠭᠠᠵᠠᠷ ᠲᠤ ᠨᠢᠠᠠᠳᠠ ᠪᠢᠳᠡᠭᠦᠮᠵᠢᠯᠡᠭᠰᠡᠨ ᠲᠤᠩᠭᠠᠯᠠᠭ ᠬᠠᠪᠳᠠᠰᠤᠨ ᠲᠠᠪᠬᠤᠷᠭ᠎ᠠ ᠭᠠᠷᠭᠠᠵᠤ᠂ ᠨᠢᠭᠡᠨ ᠭᠦᠨᠳᠡᠢ ᠲᠠᠪᠬᠤᠷᠭ᠎ᠠ ᠶᠢ ᠪᠤᠢ ᠪᠤᠯᠭᠠᠵᠤ᠂ ᠢᠯᠴᠢ ᠴᠤᠠᠠᠯᠠᠭᠤᠯᠬᠤ ᠭᠡᠷᠡᠮ ᠤᠨ ᠢᠶᠠᠨ ᠲᠡᠭᠡᠷ᠎ᠡ ᠲᠤᠤᠷ᠎ᠠ ᠲᠠᠯ᠎ᠠ ᠳᠤ ᠲᠤᠰ ᠲᠤᠰ ᠨᠢᠭᠡ ᠰᠠᠯᠭᠢ ᠨᠡᠪᠳᠡᠷᠡᠭᠦ ᠵᠢᠵᠢᠭ ᠨᠦᠭᠡ ᠭᠠᠷᠭᠠᠵᠤ ᠦᠷᠦᠭᠡ ᠲᠠᠰᠤᠯᠭᠠᠨ ᠳᠠᠭᠠᠨ ᠨᠡᠪᠳᠡᠷᠡᠭᠦᠯᠦᠨ᠎ᠠ᠃ ᠢᠡᠭᠭᠢᠪᠡᠯ ᠨᠠᠷᠠᠨ ᠤ ᠭᠡᠷᠡᠯ ᠬᠠᠪᠳᠠᠰᠤᠨ ᠲᠠᠪᠬᠤᠷᠭ᠎ᠠ ᠪᠠᠷ ᠲᠠᠮᠵᠢᠨ ᠢᠯᠴᠢ ᠴᠤᠠᠠᠯᠠᠭᠤᠯᠬᠤ ᠭᠡᠷᠡᠮ ᠲᠡᠭᠡᠷ᠎ᠡ ᠲᠤᠰᠬᠠᠬᠤ ᠦᠶᠡᠰ ᠭᠦᠨᠳᠡᠢ ᠲᠠᠪᠬᠤᠷᠭ᠎ᠠ ᠲᠤᠳᠤᠷᠠᠭᠢ ᠭᠡᠢ ᠠᠭᠠᠷ ᠬᠠᠯᠠᠨ ᠲᠡᠭᠡᠭᠰᠢᠯᠡᠵᠤ᠂ ᠲᠡᠭᠡᠷ᠎ᠡ ᠲᠤᠤᠷ᠎ᠠ ᠬᠤᠶᠠᠷ ᠲᠠᠯ᠎ᠠ ᠶᠢᠨ ᠰᠠᠯᠭᠢ ᠨᠡᠪᠳᠡᠷᠡᠭᠦ ᠰᠦᠪᠡ ᠪᠠᠷ ᠲᠠᠮᠵᠢᠨ ᠦᠷᠦᠭᠡᠨ ᠲᠤᠳᠤᠷᠠᠭᠢ ᠭᠡᠢ ᠠᠭᠠᠷ ᠲᠠᠢ ᠠᠶᠠᠠᠳᠠᠭᠠᠨ ᠰᠤᠯᠪᠢᠴᠡᠨ᠂ ᠦᠷᠦᠭᠡᠨ ᠤ ᠲᠤᠯᠠᠭᠠᠨ ᠢ ᠢᠳᠡᠭ ᠢᠳᠡᠭ ᠢᠶᠠᠷ ᠲᠡᠭᠡᠭᠰᠢᠯᠡᠭᠦᠯᠦᠨ᠎ᠠ᠂ ᠢᠡᠭᠭᠢᠭᠡᠳ ᠲᠤᠯᠠᠭᠠᠯᠠᠭ᠎ᠠ ᠶᠢᠨ ᠵᠤᠷᠢᠯᠭ᠎ᠠ ᠳᠤ ᠭᠦᠷᠳᠡᠭ᠃ ᠭᠡᠷᠪᠡ ᠤᠤᠯ ᠤᠨ ᠢᠯᠴᠢ ᠴᠤᠠᠠᠯᠠᠭᠤᠯᠬᠤ ᠢᠯᠴᠢ ᠬᠠᠳᠠᠭᠠᠯᠠᠬᠤ ᠭᠡᠷᠡᠮ ᠤᠨ ᠢᠶᠠᠨ ᠰᠠᠭᠤᠷᠢᠨ ᠲᠡᠭᠡᠷ᠎ᠡ ᠵᠢᠭᠦᠷ ᠤᠨ ᠬᠠᠪᠳᠠᠰᠤᠨ ᠭᠡᠯᠪᠡᠷᠢ ᠶᠢᠨ ᠲᠠᠮᠤᠷ ᠪᠤᠶᠤ ᠭᠦᠡᠭᠭᠡᠨᠴᠠᠭᠠᠨ ᠢᠶᠠᠷ ᠭᠢᠭᠰᠡᠨ ᠢᠯᠴᠢ ᠰᠤᠷᠤᠬᠤ ᠴᠤᠠᠠᠴᠠ ᠶᠢ ᠤᠠᠠᠰᠠᠷᠠᠪᠠᠯ ᠨᠡᠩ ᠰᠠᠶᠢᠨ ᠦᠷ᠎ᠠ ᠳ᠋ᠦᠩ ᠤᠯᠤᠨ᠎ᠠ᠃
        ᠢᠯᠴᠢ ᠴᠤᠠᠠᠯᠠᠭᠤᠯᠬᠤ ᠢᠯᠴᠢ ᠬᠠᠳᠠᠭᠠᠯᠠᠬᠤ ᠭᠡᠷᠡᠮ ᠤᠨ ᠭᠡᠯᠪᠡᠷᠢᠳᠤ ᠨᠠᠷᠠᠯᠠᠭ ᠤᠷᠤᠨ ᠰᠠᠭᠤᠴᠠ ᠶᠢ ᠵᠢᠷᠤᠵᠤ ᠲᠦᠯᠦᠪᠯᠡᠭᠦ ᠳᠤ ᠭᠤᠤᠯ ᠢᠯᠴᠢ ᠴᠤᠠᠠᠯᠠᠭᠤᠯᠬᠤ ᠭᠡᠷᠡᠮ ᠤᠨ ᠭᠡᠮᠵᠢᠶ᠎ᠠ᠂ ᠦᠡᠭᠭᠡᠨ ᠲᠠᠯ᠎ᠠ ᠶᠢᠨ ᠰᠢᠷᠳᠡᠯᠳᠡ᠂ ᠰᠠᠯᠭᠢ ᠰᠤᠯᠪᠢᠴᠠᠬᠤ ᠰᠦᠪᠠ ᠶᠢᠨ ᠭᠡᠮᠵᠢᠶ᠎ᠠ ᠶᠢ ᠲᠤᠠᠠᠳᠠᠭᠠᠬᠤ ᠶᠠᠪᠤᠳᠠᠯ ᠪᠤᠯᠤᠨ᠎ᠠ᠃
        ᠨᠢᠭᠡ᠂ ᠢᠯᠴᠢ ᠴᠤᠠᠠᠯᠠᠭᠤᠯᠬᠤ ᠭᠡᠷᠡᠮ ᠤᠨ ᠲᠠᠯᠠᠪᠠᠢ᠃ ᠢᠯᠴᠢ ᠴᠤᠠᠠᠯᠠᠭᠤᠯᠬᠤ ᠭᠡᠷᠡᠮ ᠤᠨ ᠲᠠᠠᠯᠪᠠᠢ ᠨᠢ ᠲᠤᠬᠠᠢ ᠶᠢᠨ ᠭᠠᠵᠠᠷ ᠤᠨ ᠴᠠᠭ ᠠᠭᠤᠷ ᠤᠨ ᠨᠦᠭᠦᠴᠡᠯ᠂ ᠭᠠᠵᠠᠷ ᠵᠦᠢ ᠶᠢᠨ ᠦᠷᠭᠡᠷᠢᠭ ᠪᠤᠯᠤᠨ ᠤᠷᠤᠨ ᠰᠠᠭᠤᠴᠠ ᠶᠢᠨ ᠪᠦᠳᠦᠴᠨ ᠵᠡᠷᠭᠡ ᠪᠠᠶᠢᠳᠠᠯ ᠢᠶᠠᠷ ᠲᠤᠠᠠᠳᠠᠭᠠᠠᠠᠳᠠᠨ᠎ᠠ᠃ ᠬᠠᠭᠢᠷ ᠭᠦᠢᠳᠡᠨ ᠭᠠᠵᠠᠷ ᠤᠷᠤᠨ ᠳᠤ ᠪᠤᠯ 1㎡ ᠱᠠᠯᠠ ᠶᠢᠨ ᠲᠠᠯᠠᠪᠠᠢ ᠪᠦᠷᠢ ᠳᠤ ᠬᠤᠤᠰ ᠲᠠᠪᠬᠤᠷᠭ᠎ᠠ ᠶᠢᠨ ᠲᠤᠩᠭᠠᠯᠠᠭ ᠬᠠᠪᠳᠠᠰᠤᠨ ᠢᠯᠴᠢ ᠴᠤᠠᠠᠯᠠᠭᠤᠯᠬᠤ ᠭᠡᠷᠡᠮ ᠤᠨ ᠲᠠᠯᠠᠪᠠᠢ ᠶᠢ 0.43~1㎡ ᠭᠡᠷᠡᠭᠰᠡᠨ᠎ᠠ᠃ ᠭᠡᠷᠪᠡ ᠰᠦᠨᠢ ᠳᠡᠭᠡᠨ ᠲᠤᠯᠠᠭᠠᠨ ᠢ ᠬᠠᠳᠠᠭᠠᠯᠠᠬᠤ ᠠᠷᠭ᠎ᠠ ᠭᠡᠮᠵᠢᠶ᠎ᠠ ᠲᠠᠢ ᠪᠤᠯ  15% ᠪᠠᠷ ᠬᠠᠰᠤᠵᠤ ᠪᠤᠯᠤᠨ᠎ᠠ᠃
        ᠬᠤᠶᠠᠷ᠂ ᠢᠯᠴᠢ ᠴᠤᠠᠠᠯᠠᠭᠤᠯᠬᠤ ᠭᠡᠷᠡᠮ ᠤᠨ ᠲᠡᠭᠡᠷ᠎ᠡ ᠲᠤᠤᠷ᠎ᠠ ᠲᠠᠯ᠎ᠠ ᠶᠢᠨ ᠰᠠᠯᠭᠢ ᠰᠤᠯᠪᠢᠴᠠᠬᠤ ᠰᠦᠪᠠ ᠶᠢᠨ ᠪᠠᠶᠢᠷᠢᠰᠢᠯ᠃ ᠲᠡᠭᠡᠷ᠎ᠡ ᠲᠤᠤᠷ᠎ᠠ ᠲᠠᠯ᠎ᠠ ᠶᠢᠨ ᠰᠠᠯᠭᠢᠨ ᠰᠤᠯᠪᠢᠴᠠᠬᠤ ᠰᠦᠪᠡ ᠶᠢᠨ ᠲᠠᠯᠠᠪᠠᠢ ᠶᠢ ᠪᠤᠯ ᠦᠷᠦᠭᠡ ᠲᠠᠰᠤᠯᠭ᠎ᠠ ᠶᠢᠨ ᠭᠡᠷᠡᠭᠯᠡᠯᠳᠡ ᠶᠢᠨ ᠰᠢᠨᠵᠢ ᠴᠢᠨᠠᠷ ᠢ ᠦᠨᠳᠦᠰᠦᠯᠡᠨ ᠲᠤᠠᠠᠳᠠᠭᠠᠨ᠎ᠠ᠃ ᠶᠠᠷᠤᠩᠭᠡᠢ ᠳᠡᠭᠡᠨ ᠢᠯᠴᠢ ᠴᠤᠠᠠᠯᠠᠭᠤᠯᠬᠤ ᠭᠡᠷᠡᠮ ᠤᠨ ᠲᠠᠯᠠᠪᠠᠢ ᠶᠢᠨ 1%~3% ᠪᠠᠶᠢᠯᠭᠠᠨ᠎ᠠ᠃ ᠰᠠᠯᠭᠢᠨ ᠰᠦᠪᠡ ᠶᠢᠨ ᠭᠡᠢ ᠤᠷᠤᠰᠬᠠᠯ ᠰᠦᠷᠴᠤ ᠤᠷᠤᠰᠬᠤ ᠠᠴᠠ ᠰᠡᠷᠭᠡᠶᠢᠯᠡᠭᠦ ᠶᠢᠨ ᠲᠤᠯᠠᠳᠠ ᠰᠠᠯᠭᠢᠨ ᠰᠦᠪᠡᠨ ᠳᠡᠭᠡᠨ ᠨᠡᠭᠡᠭᠡᠯᠭᠡ ᠲᠠᠭᠠᠷᠠᠭᠤᠯᠵᠤ᠂ ᠲᠤᠯᠠᠭᠠᠯᠠᠭ᠎ᠠ ᠶᠢᠨ ᠪᠤᠰᠤ ᠤᠯᠠᠷᠢᠯ ᠳᠤ ᠨᠡᠭᠡᠭᠡᠯᠭᠡ ᠪᠠᠨ ᠴᠢᠩᠭ᠎ᠠ ᠬᠠᠭᠠᠬᠤ ᠭᠡᠷᠡᠭᠳᠡᠢ᠃
        12. ᠨᠠᠷᠠᠯᠠᠭ ᠤᠷᠤᠨ ᠰᠠᠭᠤᠴᠠ ᠶᠢᠨ ᠴᠤᠩᠬᠤ ᠶᠢ ᠶᠠᠭᠠᠭᠢᠵᠤ ᠵᠢᠷᠤᠵᠤ ᠲᠦᠯᠦᠪᠯᠡᠭᠦ ᠪᠤᠢ︖
        ᠡᠮᠤᠨ᠎ᠠ ᠵᠦᠭ ᠲᠤ ᠬᠠᠨᠳᠤᠠᠠᠰᠠᠨ ᠴᠤᠩᠬᠤ ᠶᠢ ᠠᠰᠢᠠᠠᠯᠠᠨ ᠨᠠᠷᠠᠨ ᠤ ᠰᠠᠴᠤᠷᠠᠭ ᠤᠨ ᠡᠨᠧᠷᠭᠢ ᠶᠢ ᠰᠢᠭᠤᠳ ᠲᠤᠰᠤᠨ ᠠᠪᠳᠠᠭ ᠰᠠᠨᠠᠭᠠᠴᠢᠯᠠᠭᠠᠳᠤ ᠪᠤᠰᠤ ᠭᠡᠯᠪᠡᠷᠢ ᠶᠢᠨ ᠨᠠᠷᠠᠯᠠᠭ ᠤᠷᠤᠨ ᠰᠠᠭᠤᠴᠠ ᠪᠤᠯ ᠰᠠᠨᠠᠭᠠᠴᠢᠯᠠᠭᠠᠳᠤ ᠪᠤᠰᠤ ᠭᠡᠯᠪᠡᠷᠢ ᠶᠢᠨ ᠰᠢᠰᠲ᠋ᠧᠮ ᠤᠨ ᠲᠤᠳᠤᠷᠠᠭᠢ ᠬᠠᠮᠤᠭ ᠤᠨ ᠲᠦᠭᠦᠮ ᠭᠡᠯᠪᠡᠷᠢ ᠨᠢ ᠪᠤᠯᠤᠨ᠎ᠠ᠃ ᠴᠤᠩᠬᠤ ᠪᠤᠯ ᠨᠡᠷᠡᠨ ᠤ ᠰᠠᠴᠤᠷᠠᠭ ᠤᠨ ᠡᠨᠧᠷᠭᠢ ᠶᠢ ᠲᠤᠰᠤᠨ ᠠᠪᠬᠤ ᠭᠤᠤᠯ ᠪᠦᠳᠦᠴᠡ ᠮᠦᠨ᠃ ᠪᠠᠰᠠ ᠴᠦ ᠢᠯᠴᠢ ᠶᠢ ᠬᠤᠷᠤᠠᠠᠳᠠᠭᠤᠯᠳᠠᠭ ᠬᠠᠮᠤᠭ ᠤᠨ ᠲᠤᠮᠤ ᠪᠦᠳᠦᠴᠡ ᠮᠦᠨ᠃ ᠭᠡᠮᠵᠢᠶ᠎ᠠ ᠴᠤᠠᠠᠴᠠᠰ᠂ ᠢᠯᠴᠢ ᠭᠦᠨᠳᠡᠶᠢᠷᠡᠭᠦᠯᠦᠭᠴᠢ ᠶᠢ ᠰᠠᠶᠢᠳᠤᠷ ᠲᠤᠭᠢᠷᠠᠭᠤᠯᠬᠤ ᠪᠤᠯ ᠨᠠᠷᠠᠯᠠᠭ ᠤᠷᠤᠨ ᠰᠠᠭᠤᠴᠠ ᠶᠢᠨ ᠵᠢᠷᠤᠭ ᠲᠦᠯᠦᠪᠯᠡᠭᠡᠨ ᠤ ᠵᠠᠩᠭᠢᠯᠠᠭ᠎ᠠ ᠶᠢᠨ ᠠᠰᠠᠭᠤᠳᠠᠯ ᠮᠦᠨ᠃
        ᠤᠯᠠᠨ ᠤ ᠮᠡᠳᠡᠭᠡᠵᠢ ᠪᠠᠷ ᠲᠤᠮᠤ ᠴᠤᠩᠬᠤ ᠲᠠᠢ ᠦᠷᠦᠭᠡ ᠲᠠᠰᠤᠯᠭ᠎ᠠ ᠨᠢ ᠭᠡᠵᠢᠶᠡᠳᠡ ᠵᠢᠵᠢᠭ ᠴᠤᠩᠬᠤ ᠲᠠᠢ ᠦᠷᠦᠭᠡ ᠲᠠᠰᠤᠯᠭ᠎ᠠ ᠠᠴᠠ ᠭᠦᠢᠳᠡᠨ ᠪᠠᠶᠢᠳᠠᠭ᠃ ᠡᠨᠡ ᠨᠢ ᠴᠤᠩᠬᠤᠨ ᠤ ᠲᠤᠯᠠᠭᠠᠨ ᠢ ᠬᠠᠳᠠᠭᠠᠯᠠᠬᠤ ᠴᠢᠳᠠᠪᠤᠷᠢ ᠨᠢ ᠭᠡᠷᠡᠮ ᠤᠨ ᠬᠢ   ᠠᠴᠠ ᠬᠤᠯᠠ ᠪᠠᠭ᠎ᠠ ᠪᠠᠶᠢᠳᠠᠭ ᠠᠴᠠ ᠪᠤᠯᠵᠠᠢ᠃ ᠲᠠᠭᠢᠪᠠᠯ ᠡᠪᠤᠯ ᠤᠨ ᠴᠡᠯᠮᠡᠭ ᠡᠳᠤᠷ ᠭᠡᠷ ᠤᠨ ᠭᠠᠳᠠᠨ᠎ᠠ ᠶᠠᠰᠤ ᠶᠠᠩᠭᠢᠨᠠᠮ᠎ᠠ ᠭᠦᠢᠳᠡᠨ ᠪᠠᠶᠢᠳᠠᠯ᠎ᠠ ᠭᠡᠷ ᠲᠤ ᠬᠠᠷᠢᠨ ᠭᠠᠯ ᠲᠦᠯᠡᠭᠰᠡᠨ ᠦᠭᠡᠢ ᠪᠠᠶᠢᠭᠠᠳ ᠤᠷᠤᠵᠤ ᠤᠴᠢᠬᠤ ᠳᠤ ᠲᠤᠪ ᠲᠤᠯᠠᠭᠠᠬᠠᠨ ᠪᠠᠶᠢᠳᠠᠭ᠃ ᠡᠨᠡ ᠪᠤᠯ ᠴᠤᠩᠬᠤᠨ ᠤ ᠰᠢᠯ ᠢᠶᠠᠷ ᠲᠤᠰᠤᠠᠠᠰᠠᠨ ᠨᠠᠷᠠᠨ ᠤ ᠭᠡᠷᠡᠯ ᠨᠢ ᠭᠡᠷ ᠲᠤᠳᠤᠷᠠᠭᠢ ᠱᠠᠯᠠ᠂ ᠭᠡᠷᠡᠮ ᠵᠢᠴᠢ ᠡᠳ᠋ᠯᠠᠯ ᠭᠡᠷᠡᠭᠰᠡᠯ ᠵᠡᠷᠭᠡ ᠳᠤ ᠰᠢᠩᠭᠡᠭᠡᠳ ᠢᠯᠴᠢ ᠪᠤᠯᠵᠤ ᠬᠤᠪᠢᠷᠬᠠᠰᠠᠨ ᠠᠴᠠ ᠪᠤᠯᠤᠠᠠᠰᠠᠨ ᠶᠤᠮ᠃ ᠡᠨᠡ ᠬᠦ ᠦᠢᠯᠡᠳᠦᠯ ᠢ ᠲᠠᠷᠤᠢ ᠲᠤᠯᠠᠭᠠᠨ ᠦᠷᠦᠭᠡ ᠶᠢᠨ ᠪᠦᠳᠦᠮᠵᠢ ᠭᠡᠳᠡᠭ᠃ ᠨᠠᠷᠠᠨ ᠤ ᠭᠡᠷᠡᠯ ᠴᠤᠩᠬᠤᠨ ᠰᠢᠯ ᠲᠡᠭᠡᠷ᠎ᠡ ᠲᠤᠰᠬᠤ ᠦᠶᠡᠰ  ᠵᠠᠷᠢᠮ ᠨᠢ ᠰᠢᠯ ᠳᠤ ᠤᠶᠢᠵᠦ ᠰᠠᠴᠤᠷᠠᠵᠤ᠂ ᠵᠠᠷᠢᠮ ᠨᠢ ᠴᠤᠩᠬᠤᠨ ᠰᠢᠯ ᠳᠤ ᠰᠢᠩᠭᠡᠵᠤ᠂ ᠨᠢᠭᠡ ᠯᠡ ᠭᠡᠰᠡᠭ ᠨᠢ ᠰᠢᠯ ᠢ ᠨᠡᠪᠳᠡᠯᠳᠡᠭ᠃ ᠴᠤᠩᠬᠤᠨ ᠰᠢᠯ ᠢ ᠨᠡᠪᠳᠡᠯᠦᠭᠰᠡᠨ ᠡᠨᠡ ᠭᠡᠰᠡᠭ ᠭᠡᠷᠡᠯ ᠤᠨ ᠡᠵᠡᠯᠡᠭᠦ ᠵᠠᠭᠤᠨ ᠤ ᠬᠠᠷᠢᠴᠠᠯ ᠢ ᠨᠡᠪᠳᠡᠯᠦᠯᠳᠡ ᠶᠢᠨ ᠨᠤᠷᠮ᠎ᠠ ᠭᠡᠨ᠎ᠡ᠃ ᠮᠠᠨ ᠤ ᠤᠯᠤᠰ ᠤᠨ ᠦᠢᠯᠡᠳᠪᠤᠷᠢᠯᠡᠵᠤ ᠪᠠᠶᠢᠭ᠎ᠠ  3mm ᠤᠨ  ᠰᠢᠯ ᠤᠨ ᠨᠡᠪᠳᠡᠯᠦᠯᠳᠡ ᠶᠢᠨ ᠨᠤᠷᠮ᠎ᠠ ᠨᠢ ᠪᠠᠷᠤᠭ 80% ᠪᠠᠶᠢᠳᠠᠭ᠃ ᠲᠤᠰᠬᠠᠢ ᠮᠡᠷᠭᠡᠵᠢᠯᠳᠡᠳ ᠤᠨ ᠪᠤᠳᠤᠵᠤ ᠮᠡᠳᠡᠭᠰᠡᠨ ᠢᠶᠠᠷ ᠡᠪᠤᠯ ᠴᠤᠩᠬᠤ ᠪᠠᠷ ᠵᠠᠳᠠᠷᠠᠵᠤ ᠭᠠᠷᠬᠤ ᠢᠯᠴᠢ ᠶᠢᠨ ᠭᠡᠮᠵᠢᠶ᠎ᠠ ᠨᠢ ᠪᠦᠭᠦ᠋ᠢᠯᠡ ᠢᠯᠴᠢ ᠶᠢᠨ ᠬᠤᠷᠤᠠᠠᠳᠠᠯ ᠤᠨ 30%~50% ᠶᠢ ᠨᠢ ᠡᠵᠡᠯᠡᠳᠡᠭ ᠪᠠᠶᠢᠨ᠎ᠠ᠃ ᠡᠶᠢᠮᠤ ᠠᠴᠠ ᠴᠤᠩᠬᠤ ᠶᠢ ᠦᠨᠡᠨ ᠬᠦ ᠲᠤᠯᠠᠭᠠᠯᠠᠬᠤ ᠦᠢᠯᠡᠳᠦᠯ ᠲᠠᠢ ᠪᠠᠶᠢᠯᠭᠠᠶ᠎ᠠ ᠭᠡᠪᠡᠯ ᠠᠷᠭ᠎ᠠ ᠪᠦᠭᠦᠨ ᠢ ᠰᠦᠪᠡᠭᠴᠢᠯᠡᠨ ᠨᠠᠷᠠᠨ ᠤ ᠭᠡᠷᠡᠯ ᠬᠤᠷᠠᠮᠳᠤᠭᠤᠯᠬᠤ ᠭᠡᠮᠵᠢᠶ᠎ᠠ ᠶᠢ ᠨᠢ ᠨᠡᠮᠡᠭᠳᠡᠭᠦᠯᠦᠨ᠂ ᠢᠯᠴᠢ ᠶᠢᠨ ᠬᠤᠭᠢᠷᠠᠯ ᠢ ᠨᠢ ᠪᠠᠭᠠᠰᠬᠠᠬᠤ ᠭᠡᠷᠡᠭᠳᠡᠢ᠃
        ᠨᠡᠷᠡᠨ ᠤ ᠭᠡᠷᠡᠯ ᠢ ᠬᠤᠷᠠᠮᠳᠤᠭᠤᠯᠬᠤ ᠭᠡᠮᠵᠢᠶ᠎ᠠ ᠶᠢ ᠨᠡᠮᠡᠭᠳᠡᠭᠦᠯᠭᠦ ᠶᠢᠨ ᠲᠤᠰᠠᠳᠠ᠂ ᠡᠩ ᠲᠠᠷᠢᠭᠦᠨ ᠳᠤ ᠴᠤᠩᠬᠤᠨ ᠤ ᠵᠦᠭ ᠴᠢᠭᠯᠡᠯ ᠢ ᠵᠦᠪ ᠰᠤᠩᠭᠤᠬᠤ ᠭᠡᠷᠡᠭᠳᠡᠢ᠃ ᠦᠭᠡᠷ᠎ᠡ ᠪᠠᠷ ᠭᠡᠯᠡᠪᠡᠯ ᠵᠦᠪᠭᠡᠨ  ᠡᠮᠤᠨ᠎ᠠ ᠵᠦᠭ ᠬᠠᠨᠳᠤᠠᠠᠰᠠᠨ ᠴᠤᠩᠬᠤ ᠪᠤᠯ ᠰᠠᠶ᠋ᠢ ᠨᠠᠷᠠᠨ ᠤ ᠡᠨᠧᠷᠭᠢ ᠶᠢ ᠨᠡᠩ ᠠᠷᠪᠢᠨ ᠬᠤᠷᠢᠶᠠᠨ ᠠᠪᠴᠤ ᠴᠢᠳᠠᠨ᠎ᠠ᠃
       13. ᠴᠤᠩᠬᠤᠨ ᠤ ᠲᠤᠯᠠᠭᠠᠨ ᠢ ᠬᠠᠳᠠᠭᠠᠯᠠᠬᠤ ᠳᠤ ᠶᠠᠮᠠᠷ ᠠᠷᠭ᠎ᠠ ᠭᠡᠮᠵᠢᠶ᠎ᠠ ᠠᠪᠬᠤ ᠪᠤᠢ︖
ᠰᠢᠭᠤᠳ ᠠᠰᠢᠭ ᠭᠦᠷᠳᠡᠭᠦ ᠭᠡᠯᠪᠡᠷᠢ ᠶᠢᠨ ᠨᠠᠷᠠᠯᠠᠭ ᠤᠷᠤᠨ ᠰᠠᠭᠤᠴᠠ ᠪᠠᠷ ᠠᠪᠴᠤ ᠭᠡᠯᠡᠪᠡᠯ ᠡᠮᠦᠨ᠎ᠠ ᠴᠤᠩᠬᠤ ᠪᠤᠯ ᠨᠡᠷᠨᠨ ᠤ ᠡᠨᠧᠷᠭᠢ ᠶᠢ ᠬᠤᠷᠢᠶᠠᠨ ᠠᠪᠬᠤ ᠭᠤᠤᠯ ᠪᠦᠳᠦᠴᠡ ᠮᠦᠨ᠃ ᠡᠮᠦᠨ᠎ᠠ ᠴᠤᠩᠬᠤᠨ ᠤ ᠲᠤᠯᠠᠭᠠᠨ ᠢ ᠬᠠᠳᠠᠭᠠᠯᠠᠬᠤ ᠠᠷᠭ᠎ᠠ ᠭᠡᠮᠵᠢᠶ᠎ᠠ ᠭᠡᠪᠡᠯ᠄
       ︵1︶ ᠲᠤᠮᠳᠠ ᠪᠠᠨ ᠭᠡᠢ ᠲᠠᠢ ᠲᠤᠯᠠᠭᠠᠨ ᠢ ᠬᠠᠳᠠᠭᠠᠯᠠᠬᠤ ᠰᠢᠯ᠂ ᠭᠡᠷᠡᠯᠳᠤ ᠲᠠᠮᠦᠷᠯᠢᠭ ᠦᠡᠭᠭᠡᠯᠡᠭᠰᠡᠨ ᠤᠶᠢᠯᠳᠡ ᠶᠢᠨ ᠰᠢᠯ ᠵᠢᠴᠢ ᠢᠯᠴᠢ ᠰᠢᠩᠭᠡᠭᠡᠭᠦ ᠪᠤᠳᠤᠠᠠᠳᠤ ᠰᠢᠯ ᠢ ᠰᠤᠩᠭᠤᠬᠤ ᠭᠡᠷᠡᠭᠳᠡᠢ᠃ ᠡᠭᠦᠨ ᠳᠤ ᠢᠯᠴᠢ ᠭᠦᠨᠳᠡᠶᠢᠷᠡᠭᠦᠯᠭᠦ ᠰᠢᠯ ᠤᠨ ᠨᠡᠷᠡᠨ ᠤ ᠡᠨᠧᠷᠭᠢ ᠶᠢᠨ ᠨᠡᠪᠳᠡᠯᠤᠯᠳᠡ ᠶᠢᠨ ᠨᠤᠷᠮ᠎ᠠ ᠨᠢ ᠲᠤᠩ ᠲᠤᠤᠷ᠎ᠠ ᠪᠠᠶᠢᠳᠠᠭ᠃
       ︵2︶ ᠴᠤᠩᠬᠤᠨ ᠰᠢᠯ ᠪᠤᠶᠤ ᠴᠤᠩᠬᠤᠨ ᠭᠦᠷᠢᠶᠠᠨ ᠲᠡᠭᠡᠷ᠎ᠡ ᠪᠠᠨ ᠴᠠᠶᠢᠷᠯᠬᠠᠰᠠᠨ ᠪᠦᠷᠭᠦᠪᠴᠢ ᠨᠠᠭᠠᠪᠠᠯ ᠰᠢᠯ ᠴᠤᠩᠬᠤ ᠶᠢᠨ ᠢᠯᠴᠢ ᠬᠤᠷᠢᠠᠠᠯᠠᠬᠤ ᠶᠢ ᠨᠡᠮᠡᠭᠳᠡᠭᠦᠯᠦᠭᠡᠳ ᠲᠤᠯᠠᠭᠠᠨ ᠢ ᠬᠠᠳᠠᠭᠠᠯᠠᠬᠤ ᠦᠢᠯᠡᠳᠦᠯ ᠲᠠᠢ ᠪᠤᠯᠭᠠᠵᠤ ᠪᠤᠯᠤᠨ᠎ᠠ᠃
       ︵3︶ ᠲᠤᠯᠠᠭᠠᠨ ᠢ ᠬᠠᠳᠠᠭᠠᠯᠠᠬᠤ ᠴᠤᠩᠬᠤᠨ ᠭᠦᠰᠢᠭᠡ᠂ ᠴᠤᠩᠬᠤᠨ ᠬᠠᠪᠳᠠᠰᠤ ᠶᠢ ᠭᠡᠷᠡᠭᠯᠡᠭᠦ ᠭᠡᠷᠡᠭᠳᠡᠢ᠃
       ︵4︶ ᠨᠢᠠᠠᠳᠡ ᠪᠢᠳᠡᠭᠦᠮᠵᠢᠯᠡᠵᠤ᠂ ᠴᠤᠩᠬᠤᠨ ᠵᠠᠪᠰᠠᠷ ᠢᠶᠠᠷ ᠰᠠᠯᠭᠢ ᠨᠡᠪᠳᠡᠷᠡᠭᠦ ᠶᠢ ᠰᠡᠷᠭᠡᠶᠢᠯᠡᠭᠦ ᠭᠡᠷᠡᠭᠳᠡᠢ᠃ ᠰᠦᠯᠢᠶᠤᠤ ᠪᠤᠯᠤᠨ ᠰᠦᠯᠢᠶᠤᠤ ᠭᠦᠡᠭᠭᠡᠨ ᠴᠠᠭᠠᠨ ᠤ ᠴᠤᠩᠬᠤ ᠶᠢ ᠰᠤᠩᠭᠤᠬᠤ ᠭᠡᠷᠡᠭᠳᠡᠢ᠃ ᠲᠠᠪᠬᠤᠷ ᠴᠤᠩᠬᠤ ᠭᠢᠭᠦ ᠭᠡᠷᠡᠭᠳᠡᠢ᠃
        14. ᠨᠠᠷᠠᠯᠠᠭ ᠤᠷᠤᠨ ᠰᠠᠭᠤᠴᠠ ᠶᠢᠨ ᠭᠡᠷ ᠤᠨ ᠤᠷᠤᠢ ᠶᠢ ᠶᠠᠮᠠᠷ ᠭᠡᠯᠪᠡᠷᠢ ᠲᠠᠢ ᠪᠠᠶᠢᠯᠭᠠᠬᠤ ᠪᠤᠢ︖
ᠰᠢᠨ᠎ᠠ ᠪᠠᠷ ᠪᠠᠷᠢᠬᠤ ᠨᠠᠷᠠᠯᠠᠭ ᠭᠡᠷ ᠤᠨ ᠤᠷᠤᠢ ᠶᠢ ᠨᠠᠯᠠᠤ ᠤᠷᠤᠢ᠂ ᠭᠤᠯᠳᠤᠩ ᠤᠷᠤᠢ᠂ ᠲᠡᠭᠰᠢ ᠤᠷᠤᠢ ᠭᠡᠵᠤ ᠭᠤᠷᠪᠡᠨ ᠲᠦᠷᠦᠯ ᠬᠤᠪᠢᠶᠠᠨ᠎ᠠ᠃
        ︵1︶ ᠨᠠᠯᠠᠤ ᠤᠷᠤᠢ ᠶᠢᠨ ᠪᠦᠳᠤᠴᠡ ᠶᠢᠨ ᠭᠡᠯᠪᠡᠷᠢ ᠪᠤᠯᠤᠨ ᠭᠡᠷ ᠤᠨ ᠠᠳᠠᠷ ᠢ ᠵᠤᠭᠢᠶᠠᠬᠤ ᠳᠠᠭᠠᠨ ᠨᠠᠷᠢᠨ ᠤᠨᠢ ᠶᠢ ᠨᠢᠠᠠᠳᠠ ᠵᠡᠷᠬᠡᠯᠡᠵᠦ ᠪᠤᠰᠬᠠᠭᠠᠳ᠂ ᠭᠡᠷ ᠤᠨ ᠠᠳᠠᠷ ᠢ ᠲᠤᠯᠠᠭᠠᠨ ᠢ ᠬᠠᠳᠠᠭᠠᠯᠠᠬᠤ ᠭᠡᠯᠪᠡᠷᠢ ᠲᠠᠢ ᠪᠤᠯᠭᠠᠨ᠎ᠠ᠃
        ︵2︶ ᠭᠤᠯᠳᠤᠩ ᠤᠷᠤᠢ ᠶᠢᠨ ᠪᠦᠳᠦᠴᠡ ᠭᠡᠯᠪᠡᠷᠢ ᠪᠤᠯᠤᠨ ᠲᠡᠭᠡᠪᠤᠷ ᠤᠨ ᠠᠷᠭ᠎ᠠ ᠭᠢᠳᠡᠯ ᠭᠡᠪᠡᠯ᠂ ᠨᠢᠷᠤᠭᠤ ᠲᠠᠢ ᠤᠨᠢ ᠲᠠᠢ ᠭᠡᠯᠪᠡᠷᠢ ᠪᠤᠶᠤ ᠨᠢᠷᠤᠭᠤ ᠲᠠᠢ ᠤᠨᠢ ᠦᠭᠡᠢ ᠭᠡᠯᠪᠡᠷᠢ ᠪᠤᠯᠤᠨ᠎ᠠ᠃
        ︵3︶ ᠲᠡᠭᠰᠢ ᠤᠷᠤᠢ ᠶᠢᠨ ᠪᠦᠳᠦᠴᠡ ᠭᠡᠯᠪᠡᠷᠢ ᠪᠤᠯᠤᠨ ᠲᠡᠭᠡᠪᠤᠷ ᠤᠨ ᠠᠷᠭ᠎ᠠ ᠭᠢᠳᠡᠯ ᠭᠡᠪᠡᠯ᠂ ᠪᠦᠳᠦᠴᠡ ᠶᠢᠨ ᠲᠠᠪᠬᠤᠷᠭ᠎ᠠ ᠶᠢ ᠪᠧᠲ᠋ᠤᠨ ᠬᠠᠪᠳᠠᠰᠤ ᠪᠤᠶᠤ ᠭᠦᠨᠳᠡᠢ ᠬᠠᠪᠳᠠᠰᠤ ᠪᠠᠷ ᠭᠢᠨ᠎ᠠ᠃
        ᠲᠤᠯᠠᠭᠠᠨ ᠢ ᠬᠠᠳᠠᠭᠠᠯᠠᠬᠤ ᠲᠠᠪᠬᠤᠷᠭ᠎ᠠ ᠳᠤ ᠶᠠᠷᠦ ᠳᠡᠭᠡᠨ ᠲᠠᠯᠠᠯᠳᠠ ᠲᠠᠢ ᠰᠤᠪᠤᠳᠯᠢᠭ ᠨᠤᠨᠳᠠᠭ᠂ ᠴᠠᠭᠠᠨ ᠴᠤᠬᠤᠢ᠂ ᠭᠦᠭᠡᠰᠦᠷᠭᠡᠭ ᠰᠦᠯᠢᠶᠤᠤ ᠵᠡᠷᠭᠡ ᠮᠠᠲ᠋ᠧᠷᠢᠶᠠᠯ ᠢ ᠭᠡᠷᠡᠭᠯᠡᠨ᠎ᠡ᠃ ᠤᠰᠤ ᠰᠡᠷᠭᠡᠶᠢᠯᠡᠭᠦ ᠲᠠᠪᠬᠤᠷᠭ᠎ᠠ ᠳᠤ ᠬᠠᠶᠢᠷ ᠲᠠᠢ ᠪᠧᠲ᠋ᠤᠨ ᠰᠢᠷᠤᠢ ᠭᠡᠷᠡᠭᠯᠡᠨ᠎ᠡ᠃
       15. ᠨᠠᠷᠠᠯᠠᠭ ᠤᠷᠤᠨ ᠰᠠᠭᠤᠴᠠ ᠶᠢᠨ ᠭᠡᠷ ᠤᠨ ᠤᠷᠤᠢ ᠶᠢ ᠶᠠᠭᠠᠭᠢᠵᠤ ᠪᠠᠶᠢᠭᠤᠯᠬᠤ ᠪᠤᠢ︖
       ᠭᠡᠷ ᠤᠨ ᠤᠷᠤᠢ ᠪᠤᠯ ᠪᠠᠷᠢᠯᠭ᠎ᠠ ᠶᠢᠨ ᠢᠯᠴᠢ ᠬᠤᠷᠤᠠᠠᠳᠠᠭᠤᠯᠬᠤ ᠲᠠᠯᠠᠪᠠᠢ ᠶᠢᠨ ᠬᠠᠮᠤᠭ ᠤᠨ ᠲᠤᠮᠤ ᠭᠡᠰᠡᠭ ᠮᠦᠨ᠂ ᠪᠦᠭᠦ᠋ᠢᠯᠡ ᠪᠠᠷᠢᠯᠭ᠎ᠠ ᠶᠢᠨ ᠢᠯᠴᠢ ᠶᠢᠨ ᠬᠤᠷᠤᠠᠠᠳᠠᠭᠤᠯᠤᠯ ᠳᠤ ᠮᠠᠰᠢ ᠶᠡᠭᠡ ᠬᠤᠪᠢ ᠶᠢᠨ ᠵᠢᠩ ᠢ ᠡᠵᠡᠯᠡᠵᠤ ᠪᠠᠶᠢᠳᠠᠭ᠃ ᠡᠶᠢᠮᠤ ᠠᠴᠠ ᠨᠠᠷᠠᠯᠠᠭ ᠤᠷᠤᠨ ᠰᠠᠭᠤᠴᠡ ᠶᠢ ᠵᠢᠷᠤᠵᠤ ᠲᠦᠯᠦᠪᠯᠡᠭᠦ ᠳᠡᠭᠡᠨ ᠤᠨᠴᠠ ᠠᠩᠬᠠᠷᠬᠤ ᠭᠡᠷᠡᠭᠳᠡᠢ᠃ ᠭᠡᠷ ᠤᠨ ᠤᠷᠤᠢ ᠪᠠᠷ ᠠᠪᠴᠤ ᠭᠡᠯᠡᠪᠡᠯ ᠲᠤᠯᠠᠭᠠᠨ ᠢ ᠬᠠᠳᠠᠭᠠᠯᠠᠬᠤ ᠲᠠᠪᠬᠤᠷᠭ᠎ᠠ ᠶᠢ ᠨᠢ ᠭᠦᠨᠳᠤ ᠶᠢᠨ ᠲᠠᠭᠠᠭᠠᠴᠠ ᠶᠢᠨ ᠲᠠᠪᠬᠤᠷᠭ᠎ᠠ ᠶᠢᠨ ᠭᠠᠳᠠᠨ᠎ᠠ ᠲᠠᠯ᠎ᠠ ᠳᠤ ᠪᠠᠶᠢᠯᠭᠠᠪᠠᠯ ᠮᠠᠰᠢ ᠰᠠᠶᠢᠨ ᠶᠤᠮ᠃ ᠲᠤᠯᠠᠭᠠᠨ ᠢ ᠬᠠᠳᠠᠭᠠᠯᠠᠬᠤ ᠲᠠᠪᠬᠤᠷᠭ᠎ᠠ ᠶᠢᠨ  ᠤᠷᠤᠨ ᠪᠠᠶᠢᠷᠢ ᠶᠢᠨ ᠠᠳᠠᠯᠢ ᠦᠭᠡᠢ ᠪᠠᠶᠢᠬᠤ ᠨᠢ ᠭᠡᠷ ᠤᠨ ᠤᠷᠤᠢ ᠶᠢᠨ ᠪᠦᠳᠦᠴᠡ ᠶᠢᠨ ᠲᠤᠳᠤᠷᠠᠭᠢ ᠲᠤᠯᠠᠭᠠᠨ ᠤ ᠭᠡᠮᠵᠢᠶ᠎ᠠ ᠪᠤᠯᠤᠨ ᠭᠦᠨᠳᠤ ᠶᠢᠨ ᠲᠠᠭᠠᠭᠠᠴᠠ ᠶᠢᠨ ᠲᠠᠪᠬᠤᠷᠭ᠎ᠠ ᠶᠢᠨ ᠲᠤᠯᠠᠭᠠᠨ ᠤ ᠭᠡᠮᠵᠢᠶ᠎ᠠ ᠶᠢ ᠨᠦᠯᠦᠭᠡᠯᠡᠳᠡᠭ ᠶᠤᠮ᠃
        16. ᠨᠠᠷᠠᠯᠠᠭ ᠤᠷᠤᠨ ᠰᠠᠭᠤᠴᠠ ᠶᠢᠨ ᠱᠠᠯᠠ ᠶᠢ ᠶᠠᠭᠠᠭᠢᠵᠤ ᠲᠠᠪᠢᠰᠭᠦ ᠪᠤᠢ︖
ᠨᠠᠷᠠᠯᠠᠭ ᠤᠷᠤᠨ ᠰᠠᠭᠤᠴᠠ ᠶᠢᠨ ᠲᠤᠯᠠᠭᠠᠨ ᠢ ᠬᠠᠳᠠᠭᠠᠯᠠᠬᠤ ᠱᠠᠯᠠ ᠶᠢ ᠪᠤᠯ 20mm ᠵᠤᠵᠠᠭᠠᠨ ᠨᠢᠭᠤᠷ ᠤᠨ ᠲᠠᠪᠬᠤᠷᠭ᠎ᠠ᠂  20mm ᠵᠤᠵᠠᠭᠠᠨ ᠱᠦᠢᠨᠢ ᠬᠠᠶᠢᠷ ᠤᠨ ᠵᠢᠭᠤᠷᠠᠮᠠᠭ ᠲᠠᠪᠬᠤᠷᠭ᠎ᠠ᠂  40~80mm ᠵᠤᠵᠠᠭᠠᠨ ᠲᠤᠯᠠᠭᠠᠨ ᠢ ᠬᠠᠳᠠᠭᠠᠯᠠᠬᠤ ᠲᠠᠪᠬᠤᠷᠭ᠎ᠠ᠂ ᠴᠢᠭᠢᠭ ᠰᠡᠷᠭᠡᠶᠢᠯᠡᠭᠦ ᠲᠠᠪᠬᠤᠷᠭ᠎ᠠ᠂ 100~150mm ᠵᠤᠵᠠᠭᠠᠨ ᠲᠠᠪᠢᠰᠭᠡᠷ ᠲᠠᠪᠬᠤᠷᠭ᠎ᠠ ᠪᠠ ᠰᠠᠭᠤᠷᠢ ᠲᠠᠪᠬᠤᠷᠭ᠎ᠠ ᠪᠠᠷ ᠪᠦᠷᠢᠯᠳᠦᠭᠦᠯᠦᠨ᠎ᠠ᠃
       17. ᠪᠠᠶᠢᠡᠭᠭᠤ ᠶᠢᠨ ᠭᠡᠷᠡᠭᠯᠡᠭᠡᠨ ᠤ ᠲᠤᠰᠠᠯᠠᠬᠤ ᠢᠯᠴᠢ ᠶᠢᠨ ᠢᠷᠡᠯᠳᠡ ᠶᠢ ᠶᠠᠭᠠᠭᠢᠵᠤ ᠲᠤᠭᠢᠷᠠᠭᠤᠯᠬᠤ ᠪᠤᠢ︖
       ᠪᠠᠶᠢᠡᠭᠭᠤ ᠶᠢᠨ ᠭᠡᠷᠡᠭᠯᠡᠭᠡᠨ ᠤ ᠲᠤᠰᠠᠯᠠᠬᠤ ᠢᠯᠴᠢ ᠶᠢᠨ ᠢᠷᠡᠯᠳᠡ ᠭᠡᠪᠡᠯ ᠬᠠᠯᠠᠭᠤᠨ ᠬᠠᠨᠵᠤ᠂ ᠬᠠᠯᠠᠭᠤᠨ ᠭᠡᠷᠡᠮ ᠪᠠᠶᠢᠬᠤ ᠪᠦᠭᠡᠳ ᠨᠦᠭᠦᠴᠡᠯ ᠰᠠᠶᠢᠳᠠᠢ ᠭᠠᠵᠠᠷ ᠤᠷᠤᠨ ᠳᠤ ᠪᠤᠯ ᠴᠠᠭᠢᠯᠭᠠᠨ ᠬᠠᠯᠠᠭᠠᠭᠤᠷ ᠮᠠᠰᠢᠨ ᠵᠡᠷᠭᠡ ᠶᠢ ᠲᠤᠭᠢᠷᠠᠭᠤᠯᠵᠤ ᠪᠤᠯᠤᠨ᠎ᠠ᠃ ᠬᠠᠯᠠᠭᠤᠨ ᠬᠠᠨᠵᠤ᠂ ᠬᠠᠯᠠᠭᠤᠨ ᠭᠡᠷᠡᠮ ᠨᠢ ᠴᠦᠮ ᠢᠯᠴᠢ ᠬᠠᠳᠠᠭᠠᠯᠠᠬᠤ ᠤᠳᠤᠭ᠎ᠠ ᠪᠠᠷ ᠲᠤᠯᠠᠭᠠᠯᠠᠬᠤ ᠰᠢᠰᠲ᠋ᠧᠮ ᠳᠤ ᠬᠠᠷᠢᠶᠠᠯᠬᠠᠳᠠᠬᠤ ᠪᠦᠭᠡᠳ ᠭᠤᠤᠯ ᠨᠢ ᠰᠠᠴᠤᠷᠠᠯᠳᠠ ᠶᠢᠨ ᠢᠯᠴᠢ ᠪᠤᠯᠤᠨ ᠰᠤᠯᠢᠭ ᠤᠷᠤᠰᠬᠠᠯ ᠤᠨ ᠢᠯᠴᠢ ᠪᠤᠯᠤᠨ᠎ᠠ᠃
       ᠬᠠᠯᠠᠭᠤᠨ ᠭᠡᠷᠡᠮ ᠨᠢ ᠦᠨ᠎ᠠ ᠦᠷᠳᠡᠭ ᠢᠶᠠᠷ ᠭᠢᠮᠳᠠᠬᠠᠨ᠂ ᠦᠷᠦᠯᠳᠡ ᠨᠢ ᠠᠮᠠᠷᠬᠠᠨ᠂ ᠬᠠᠮᠢᠶᠠᠷᠬᠤ ᠳᠤ ᠲᠦᠭᠦᠮ᠂ ᠭᠡᠷᠡᠭᠯᠡᠭᠦ ᠳᠤ ᠠᠮᠢᠳᠤᠯᠢᠭ ᠵᠡᠷᠭᠡ ᠤᠨᠴᠠᠯᠢᠭ ᠲᠠᠢ ᠪᠠᠶᠢᠳᠠᠭ᠃ ᠦᠢᠯᠡᠳᠦᠯᠭᠡ ᠶᠢ ᠦᠨᠳᠦᠰᠦᠯᠡᠪᠡᠯ  1㎡ ᠬᠠᠯᠠᠭᠤᠨ ᠭᠡᠷᠡᠮ ᠨᠢ  6㎡ ᠲᠠᠯᠠᠪᠠᠢ ᠶᠢ ᠲᠤᠯᠠᠭᠠᠯᠠᠵᠤ ᠲᠠᠶᠢᠯᠦᠨ᠎ᠠ᠃
ᠬᠠᠯᠠᠭᠤᠨ ᠬᠠᠨᠵᠤ ᠶᠢ ᠭᠤᠤᠯ ᠨᠢ ᠨᠠᠷᠠᠨ ᠤ ᠡᠨᠧᠷᠭᠢ ᠪᠠᠷ ᠲᠤᠯᠠᠭᠠᠯᠠᠬᠤ ᠤᠷᠤᠨ ᠰᠠᠭᠤᠴᠠ ᠳᠤ ᠭᠡᠷᠡᠭᠯᠡᠳᠡᠭ᠃ ᠬᠠᠨᠵᠤ ᠵᠤᠤᠬᠠᠨ ᠤ ᠦᠭᠡᠷᠡᠴᠢᠯᠡᠯᠳᠡ ᠶᠢᠨ ᠮᠡᠷᠭᠡᠵᠢᠯ ᠤᠨ ᠲᠦᠭᠡᠮᠡᠯᠵᠢᠭᠦ ᠶᠢ ᠲᠠᠭᠠᠯᠳᠤᠨ ᠤᠳᠤᠬᠠᠨ ᠳᠤ ᠪᠠᠰᠠ ᠲᠡᠭᠦᠵᠢᠯᠡᠭᠦᠷ ᠬᠠᠨᠵᠤ ᠶᠢ ᠴᠤ ᠦᠷᠭᠡᠨ ᠢᠶᠠᠷ ᠭᠡᠷᠡᠭᠯᠡᠭᠦ ᠪᠤᠯᠤᠠᠠᠰᠠᠨ ᠪᠦᠭᠡᠳ ᠠᠰᠠᠷ ᠤᠨ ᠨᠢᠭᠡ ᠬᠤᠶᠠᠷ ᠭᠤᠷᠪᠡᠳᠤᠭᠠᠷ ᠲᠠᠪᠬᠤᠷᠯᠢᠭ ᠲᠤ ᠴᠦᠮ ᠭᠡᠷᠡᠭᠯᠡᠭᠦ ᠪᠤᠯᠵᠠᠢ᠃
       18. ᠨᠠᠷᠠᠯᠠᠭ ᠤᠷᠤᠨ ᠰᠠᠭᠤᠴᠠ ᠶᠢᠨ ᠪᠠᠷᠢᠯᠭ᠎ᠠ ᠶᠢᠨ ᠮᠠᠲ᠋ᠧᠷᠢᠶᠠᠯ ᠢ ᠶᠠᠭᠠᠭᠢᠵᠤ ᠰᠤᠩᠭᠤᠬᠤ ᠪᠤᠢ︖
ᠨᠠᠷᠠᠯᠠᠭ ᠤᠷᠤᠨ ᠰᠠᠭᠤᠴᠠ ᠶᠢᠨ ᠪᠠᠷᠢᠯᠭ᠎ᠠ ᠳᠤ ᠰᠤᠩᠭᠤᠬᠤ ᠢᠯᠴᠢ ᠴᠤᠠᠠᠯᠠᠭᠤᠯᠬᠤ ᠮᠠᠲ᠋ᠧᠷᠢᠶᠠᠯ᠂ ᠢᠯᠴᠢ ᠬᠠᠳᠠᠭᠠᠯᠠᠬᠤ ᠮᠠᠲ᠋ᠧᠷᠢᠶᠠᠯ᠂ ᠭᠡᠷᠡᠯ ᠨᠡᠪᠳᠡᠷᠡᠭᠦ ᠮᠠᠲ᠋ᠧᠷᠢᠶᠠᠯ ᠨᠢ ᠴᠦᠮ ᠶᠠᠷᠤ ᠶᠢᠨ ᠪᠠᠷᠢᠯᠭ᠎ᠠ ᠶᠢᠨ ᠮᠠᠲ᠋ᠧᠷᠢᠶᠠᠯ ᠪᠤᠯᠤᠨ᠎ᠠ᠃ ᠭᠡᠪᠡᠴᠤ ᠲᠠᠷᠠ ᠨᠢ ᠦᠪᠡᠷᠮᠢᠴᠡ ᠭᠡᠷᠡᠭᠯᠡᠯᠳᠡ ᠶᠢᠨ ᠦᠢᠯᠡᠳᠦᠯ ᠴᠢᠳᠠᠪᠤᠷᠢ ᠲᠠᠢ ᠪᠠᠶᠢᠵᠤ ᠨᠡᠷᠡᠨ ᠤ ᠡᠨᠧᠷᠭᠢ ᠶᠢᠨ ᠠᠰᠢᠠᠠᠯᠠᠯᠳᠠ ᠶᠢᠨ ᠨᠤᠷᠮ᠎ᠠ ᠶᠢ ᠲᠡᠭᠡᠭᠰᠢᠯᠡᠭᠦᠯᠭᠦ ᠳᠤ ᠵᠠᠩᠭᠢᠯᠠᠭ᠎ᠠ ᠶᠢᠨ ᠦᠢᠯᠡᠳᠦᠯ ᠦᠵᠡᠭᠦᠯᠳᠡᠭ ᠪᠠᠶᠢᠨ᠎ᠠ᠃ ᠡᠶᠢᠮᠤ ᠠᠴᠠ ᠲᠡᠭᠦᠨ ᠢ ᠰᠤᠩᠭᠤᠬᠤ ᠳᠠᠭᠠᠨ ᠲᠤᠤᠷᠠᠭᠢ ᠭᠡᠳᠦᠨ ᠵᠦᠢᠯ ᠢ ᠠᠩᠬᠠᠷᠬᠤ ᠭᠡᠷᠡᠭᠳᠡᠢ᠃
       ︵1︶ ᠲᠤᠯᠠᠭᠠᠨ ᠢ ᠬᠠᠳᠠᠭᠠᠯᠠᠬᠤ ᠮᠠᠲ᠋ᠧᠷᠢᠶᠠᠯ ᠤᠨ ᠦᠢᠯᠡᠳᠦᠯ ᠴᠢᠳᠠᠪᠤᠷᠢ ᠶᠢᠨ ᠭᠦᠢᠴᠡᠳᠭᠡᠯ ᠲᠤᠭ᠎ᠠ ᠨᠢ ᠵᠢᠷᠤᠭ ᠲᠦᠯᠦᠪᠯᠡᠭᠡᠨ ᠤ ᠱᠠᠭᠠᠷᠳᠠᠯᠭ᠎ᠠ ᠲᠠᠢ ᠨᠡᠶᠢᠴᠡᠭᠰᠡᠨ ᠪᠠᠶᠢᠬᠤ ᠭᠡᠷᠡᠭᠳᠡᠢ᠃
       ︵2︶ ᠲᠤᠯᠠᠭᠠᠨ ᠢ ᠬᠠᠳᠠᠭᠠᠯᠠᠬᠤ ᠮᠠᠲ᠋ᠧᠷᠢᠶᠠᠯ ᠤᠨ ᠪᠦᠬᠡᠯᠢᠭ ᠴᠢᠨᠠᠷ ᠪᠡ ᠦᠢᠯᠡᠳᠦᠯ ᠴᠢᠳᠠᠪᠤᠷᠢ ᠶᠢ ᠨᠢ ᠪᠠᠳᠤᠯᠠᠬᠤ ᠶᠢᠨ ᠲᠤᠰᠠᠳᠠ ᠲᠡᠭᠦᠨ ᠤ ᠤᠰᠤ ᠠᠭᠤᠯᠬᠤ ᠨᠤᠷᠮ᠎ᠠ ᠶᠢ ᠡᠷᠭᠡᠪᠰᠢ ᠴᠢᠩᠭ᠎ᠠ ᠭᠢᠵᠠᠭᠠᠷᠯᠠᠬᠤ ᠭᠡᠷᠡᠭᠳᠡᠢ᠃
       ︵3︶ ᠲᠤᠯᠠᠭᠠᠨ ᠢ ᠬᠠᠳᠠᠭᠠᠯᠠᠬᠤ ᠮᠠᠲ᠋ᠧᠷᠢᠶᠠᠯ ᠬᠠᠨᠭ᠍ᠭᠠᠬᠤ ᠳᠤ ᠶᠠᠰᠤ ᠴᠢᠨᠠᠷ ᠤᠨ ᠭᠡᠷᠡᠴᠢᠯᠡᠯ ᠤᠨ ᠪᠢᠴᠢᠭ ᠮᠠᠲ᠋ᠧᠷᠢᠶᠠᠯ ᠪᠠᠶᠢᠬᠤ ᠭᠡᠷᠡᠭᠳᠡᠢ᠃
       ︵4︶ ᠤᠷᠭᠠᠨᠢᠭ ᠮᠠᠲ᠋ᠧᠷᠢᠶᠠᠯ ᠵᠢᠱᠢᠶᠡᠯᠡᠪᠡᠯ ᠲᠤᠳᠤᠷᠭᠠᠨ ᠬᠠᠯᠢᠰᠤ᠂ ᠭᠦᠪᠤᠩ ᠤᠨ ᠦᠷ᠎ᠠ ᠶᠢᠨ ᠬᠠᠯᠢᠰᠤ᠂ ᠪᠤᠭᠤᠳᠠᠢ ᠶᠢᠨ ᠡᠰᠢ ᠵᠡᠷᠭᠡ ᠪᠠᠷ ᠲᠤᠯᠠᠭᠠᠨ ᠢ ᠬᠠᠳᠠᠭᠠᠯᠠᠬᠤ ᠮᠠᠲ᠋ᠧᠷᠢᠶᠠᠯ ᠪᠤᠯᠭᠠᠬᠤ ᠳᠤ ᠡᠷᠭᠡᠪᠰᠢ ᠢᠯᠵᠠᠷᠡᠬᠤ ᠶᠢ ᠰᠡᠷᠭᠡᠶᠢᠯᠡᠭᠦ᠂ ᠬᠤᠷᠤᠬᠠᠶᠢᠳᠤᠬᠤ ᠶᠢ ᠰᠡᠷᠭᠡᠶᠢᠯᠡᠭᠦ᠂ ᠴᠢᠭᠢᠭᠳᠦᠭᠦ ᠶᠢ ᠰᠡᠷᠭᠡᠶᠢᠯᠡᠭᠦ ᠰᠡᠷᠭᠡᠶᠢᠯᠡᠯᠳᠡ ᠭᠢᠭᠦ ᠭᠡᠷᠡᠭᠳᠡᠢ᠃
       ︵5︶ ᠬᠠᠪᠳᠠᠰᠤᠨ ᠭᠡᠯᠪᠡᠷᠢᠳᠤ ᠲᠤᠯᠠᠭᠠᠨ ᠢ ᠬᠠᠳᠠᠭᠠᠯᠠᠬᠤ ᠮᠠᠲ᠋ᠧᠷᠢᠶᠠᠯ ᠢ ᠲᠡᠭᠡᠭᠡᠪᠤᠷᠢᠯᠡᠭᠦ᠂ ᠠᠴᠢᠵᠤ ᠪᠠᠭᠤᠯᠭᠠᠬᠤ ᠳᠠᠭᠠᠨ ᠭᠦᠡᠭᠭᠡᠨ ᠪᠤᠯᠭᠤᠮᠵᠢᠳᠡᠢ ᠪᠠᠶᠢᠵᠤ᠂ ᠠᠩ ᠰᠠᠪ ᠤᠷᠤᠭᠤᠯᠬᠤ ᠪᠠ ᠦᠨᠴᠦᠭ ᠰᠡᠵᠢᠭᠦᠷ ᠢ ᠨᠢ ᠡᠮᠳᠡᠯᠭᠦ ᠠᠴᠠ ᠰᠡᠷᠭᠡᠶᠢᠯᠡᠵᠤ᠂ ᠬᠠᠪᠳᠠᠰᠤᠨ ᠤ ᠦᠡᠭᠭᠡᠨ ᠲᠠᠯ᠎ᠠ ᠨᠢ ᠪᠦᠷᠢᠨ ᠪᠦᠳᠦᠨ ᠪᠠᠶᠢᠬᠤ ᠶᠢ ᠪᠠᠳᠤᠯᠠᠬᠤ ᠭᠡᠷᠡᠭᠳᠡᠢ᠃
       ︵6︶ ᠢᠯᠴᠢ ᠰᠤᠷᠤᠬᠤ᠂ ᠢᠯᠴᠢ ᠨᠡᠪᠳᠡᠷᠡᠭᠦ ᠮᠠᠲ᠋ᠧᠷᠢᠶᠠᠯ ᠢ ᠵᠢᠷᠤᠭ ᠲᠦᠯᠦᠪᠯᠡᠭᠡ ᠶᠢᠨ ᠱᠠᠭᠠᠷᠳᠠᠯᠭ᠎ᠠ ᠶᠤᠰᠤᠭᠠᠷ ᠰᠤᠩᠭᠤᠬᠤ ᠭᠡᠷᠡᠭᠳᠡᠢ᠃
       ︵7︶ ᠢᠯᠴᠢ ᠴᠤᠠᠠᠯᠠᠭᠤᠯᠬᠤ ᠪᠡ ᠢᠯᠴᠢ ᠬᠠᠳᠠᠭᠠᠯᠠᠬᠤ ᠮᠠᠲ᠋ᠧᠷᠢᠶᠠᠯ ᠢ ᠭᠡᠷᠡᠭᠯᠡᠵᠤ ᠬᠠᠮᠢᠶᠠᠷᠬᠤ ᠳᠤ ᠤᠨᠴᠠᠭᠠᠢ ᠱᠠᠭᠠᠷᠳᠠᠯᠭ᠎ᠠ ᠲᠠᠢ ᠪᠠᠶᠢᠳᠠᠭ᠃ ᠪᠠᠷᠢᠯᠭ᠎ᠠ ᠶᠢᠨ ᠶᠠᠪᠤᠴᠠ ᠳᠤ ᠲᠤᠯᠠᠭᠠᠨ ᠢ ᠬᠠᠮᠠᠭᠠᠯᠠᠬᠤ ᠠᠷᠭ᠎ᠠ ᠭᠡᠮᠵᠢᠶ᠎ᠠ ᠶᠢ ᠴᠢᠩᠭ᠎ᠠ ᠭᠡᠷᠡᠭᠵᠢᠭᠦᠯᠭᠦ ᠭᠡᠷᠡᠭᠳᠡᠢ᠃ ᠢᠯᠴᠢ ᠤᠷᠤᠭᠤᠯᠬᠤ ᠮᠠᠲ᠋ᠧᠷᠢᠶᠠᠯ᠂ ᠭᠢᠮᠢ ᠶᠢᠨ ᠮᠠᠲ᠋ᠧᠷᠢᠶᠠᠯ ᠢ ᠭᠡᠷᠡᠭᠯᠡᠭᠦ ᠳᠡᠭᠡᠨ ᠭᠠᠯ ᠢ  ᠰᠡᠷᠭᠡᠶᠢᠯᠡᠭᠦ᠂ ᠬᠤᠤᠷ ᠢ ᠰᠡᠷᠭᠡᠶᠢᠯᠡᠭᠦ᠂ ᠴᠢᠭᠢᠭ ᠢ ᠰᠡᠷᠭᠡᠶᠢᠯᠡᠭᠦ ᠠᠶᠤᠯ ᠦᠬᠡᠢ ᠠᠷᠭ᠎ᠠ ᠭᠡᠮᠵᠢᠶ᠎ᠠ ᠲᠠᠢ ᠪᠠᠶᠢᠬᠤ ᠭᠡᠷᠡᠭᠳᠡᠢ᠃
       ︵8︶ ᠲᠤᠠᠠᠳᠠᠭᠠᠠᠠᠰᠠᠨ ᠢᠯᠴᠢ ᠴᠤᠠᠠᠯᠠᠭᠤᠯᠬᠤ ᠪᠡ ᠢᠯᠴᠢ ᠬᠠᠳᠠᠭᠠᠯᠠᠬᠤ᠂ ᠲᠤᠯᠠᠭᠠᠨ ᠢ ᠬᠠᠳᠠᠭᠠᠯᠠᠬᠤ᠂ ᠭᠡᠷᠡᠯ ᠨᠡᠪᠳᠡᠷᠡᠭᠦ ᠮᠠᠲ᠋ᠧᠷᠢᠶᠠᠯ ᠢ ᠵᠢᠷᠤᠭ ᠲᠦᠯᠦᠪᠯᠡᠭᠡᠨ ᠤ ᠨᠢᠭᠡᠴᠢ ᠶᠢᠨ ᠵᠦᠪᠰᠢᠶᠡᠷᠡᠯ ᠦᠭᠡᠢ ᠪᠤᠯ ᠪᠠᠷᠢᠯᠭ᠎ᠠ ᠶᠢᠨ ᠨᠢᠭᠡᠴᠢ ᠨᠢ ᠲᠤᠷ᠎ᠡ ᠪᠠᠷ ᠢᠶᠠᠨ ᠰᠤᠯᠢᠵᠤ ᠤᠷᠤᠯᠠᠭᠤᠯᠵᠤ ᠪᠤᠯᠬᠤ ᠦᠭᠡᠢ᠃
       19. ᠨᠢᠭᠡᠨᠳᠡ ᠪᠠᠷᠢᠠᠠᠰᠠᠨ ᠤᠷᠤᠨ ᠰᠠᠭᠤᠴᠠ ᠶᠢ ᠨᠠᠷᠠᠯᠠᠭ ᠤᠷᠤᠨ ᠰᠠᠭᠤᠴᠠ ᠪᠤᠯᠭᠠᠨ ᠦᠭᠡᠷᠡᠴᠢᠯᠡᠵᠤ ᠪᠤᠯᠤᠨ᠎ᠠ ᠤᠤ︖
       ᠨᠢᠭᠡᠨᠳᠡ ᠪᠠᠷᠢᠠᠠᠰᠠᠨ ᠤᠷᠤᠨ ᠰᠠᠭᠤᠴᠠ ᠪᠠᠨ ᠨᠠᠷᠡᠨ ᠤ ᠡᠨᠧᠷᠭᠢ ᠶᠢᠨ ᠪᠤᠯᠭᠠᠨ ᠦᠭᠡᠷᠡᠴᠢᠯᠡᠭᠦ ᠶᠠᠪᠤᠳᠠᠯ ᠪᠤᠯ ᠮᠠᠰᠢ ᠣᠯᠠᠨ ᠭᠦᠮᠦᠰ ᠤᠨ ᠰᠡᠳᠭᠢᠯ ᠲᠠᠯᠪᠢᠵᠤ ᠪᠠᠶᠢᠭ᠎ᠠ ᠠᠰᠠᠭᠤᠳᠠᠯ ᠪᠤᠯᠬᠤ ᠪᠦᠭᠡᠳ ᠪᠠᠰᠠ ᠴᠦ ᠰᠢᠢᠳᠪᠤᠷᠢᠯᠡᠭᠦ ᠳᠤ ᠪᠡᠷᠭᠡᠳᠡᠢ ᠠᠰᠠᠭᠤᠳᠠᠯ ᠪᠤᠯᠤᠨ᠎ᠠ᠃ ᠶᠠᠷᠦᠩᠭᠡᠢ ᠳᠤᠨᠢ ᠠᠪᠴᠤ ᠭᠡᠯᠡᠪᠡᠯ ᠨᠡᠷᠨᠨ ᠤ ᠡᠨᠧᠷᠭᠢ ᠶᠢᠨ ᠭᠡᠷ ᠤᠷᠤᠨ ᠪᠤᠯᠭᠠᠨ ᠦᠭᠡᠷᠡᠴᠢᠯᠡᠭᠦ ᠨᠢ ᠰᠢᠨ᠎ᠠ ᠨᠠᠷᠠᠯᠠᠭ ᠭᠡᠷ ᠢ ᠪᠠᠶᠢᠭᠤᠯᠬᠤ ᠠᠴᠠ ᠪᠡᠷᠭᠡ ᠲᠠᠢ ᠶᠤᠮ᠃ ᠡᠯ᠎ᠠ ᠵᠦᠢᠯ ᠤᠨ ᠨᠦᠭᠦᠴᠡᠯ ᠤᠨ ᠭᠢᠵᠠᠭᠠᠷᠯᠠᠯ ᠠᠴᠠ ᠪᠤᠯᠤᠭᠠᠳ᠂ ᠦᠭᠡᠷᠡᠴᠢᠯᠡᠭᠰᠡᠨ ᠦᠷ᠎ᠠ  ᠳ᠋ᠦᠩ ᠨᠢ ᠲᠠᠶᠢᠮᠤ ᠰᠠᠶᠢᠨ ᠪᠢᠰᠢ ᠪᠠᠶᠢᠳᠠᠭ᠃ ᠡᠶᠢᠮᠤ ᠠᠴᠠ ᠵᠠᠷᠢᠮ ᠠᠷᠭ᠎ᠠ ᠭᠡᠮᠵᠢᠶ᠎ᠠ ᠪᠠᠷ ᠲᠠᠮᠵᠢᠭᠤᠯᠤᠨ ᠤᠳᠤ ᠶᠢᠨ ᠤᠷᠤᠨ ᠰᠠᠭᠤᠴᠠ ᠪᠠᠨ ᠨᠠᠷᠠᠨ ᠤ ᠡᠨᠧᠷᠭᠢ ᠶᠢ ᠠᠰᠢᠠᠠᠯᠠᠬᠤ ᠲᠠᠯ᠎ᠠ ᠪᠠᠷ ᠰᠠᠶᠢᠵᠢᠷᠠᠭᠤᠯᠵᠤ ᠪᠤᠯᠤᠨ᠎ᠠ᠃
       ᠭᠡᠷ ᠤᠷᠤᠨ ᠢᠶᠠᠨ ᠦᠭᠡᠷᠡᠴᠢᠯᠡᠭᠦ ᠶᠢᠨ ᠪᠤᠳᠠᠳᠠᠢ ᠠᠷᠭ᠎ᠠ ᠭᠡᠪᠡᠯ᠄
        ︵1︶ ᠬᠠᠭᠤᠴᠢᠨ ᠭᠡᠷ ᠤᠷᠤᠨ ᠳᠠᠭᠠᠨ ᠮᠡᠷᠭᠡᠵᠢᠯ ᠤᠨ ᠭᠢᠨᠠᠨ ᠲᠤᠠᠠᠳᠠᠭᠠᠯ ᠭᠢᠯᠭᠡᠵᠤ ᠲᠡᠭᠦᠨ ᠤ ᠢᠯᠴᠢ ᠬᠠᠮᠠᠭᠠᠯᠠᠬᠤ ᠴᠢᠨᠠᠷ ᠨᠢ ᠭᠢᠷᠢ ᠵᠡᠷᠭᠡ ᠪᠠᠶᠢᠬᠤ᠂ ᠪᠦᠳᠦᠴᠡ ᠨᠢ ᠶᠠᠮᠠᠷ ᠪᠠᠶᠢᠬᠤ᠂ ᠨᠠᠷᠠᠨ ᠤ ᠡᠨᠧᠷᠭᠢ ᠶᠢ ᠠᠰᠢᠠᠠᠯᠠᠬᠤ ᠳᠤ ᠶᠠᠮᠠᠷ ᠶᠠᠮᠠᠷ ᠠᠰᠢᠭ ᠦᠭᠡᠢ ᠲᠠᠯ᠎ᠠ ᠪᠠᠶᠢᠬᠤ ᠵᠡᠷᠭᠡ ᠶᠢ ᠵᠠᠳᠠᠯᠤᠨ ᠰᠢᠨᠵᠢᠯᠡᠵᠤ᠂ ᠲᠤᠬᠠᠢ ᠶᠢᠨ ᠪᠠᠶᠢᠳᠠᠯ ᠳᠤᠨᠢ ᠲᠤᠭᠢᠷᠠᠭᠤᠯᠤᠨ ᠦᠭᠡᠷᠡᠴᠢᠯᠡᠭᠦ ᠭᠡᠷᠡᠭᠳᠡᠢ᠃
       ︵2︶ ᠭᠡᠷᠡᠭᠯᠡᠭᠦ ᠡᠷᠦᠭᠡ ᠶᠢᠨ ᠠᠵᠤ ᠠᠬᠤᠢ ᠶᠢᠨ ᠨᠦᠭᠦᠴᠡᠯ ᠪᠤᠯᠤᠨ ᠱᠠᠭᠠᠷᠳᠠᠯᠭ᠎ᠠ ᠶᠢ ᠦᠨᠳᠤᠰᠦᠯᠡᠵᠤ ᠦᠭᠡᠷᠡᠴᠢᠯᠡᠭᠦ ᠵᠤᠭᠢᠰᠳᠡᠢ ᠲᠦᠰᠦᠯ ᠢ ᠰᠤᠩᠭᠤᠨ᠎ᠠ᠃
       ︵3︶ ᠡᠮᠦᠨ᠎ᠠ ᠭᠡᠷᠡᠮ ᠤᠨ ᠶᠡᠭᠡ ᠪᠠᠭ᠎ᠠ ᠶᠢᠨ ᠪᠠᠶᠢᠳᠠᠯ ᠢ ᠦᠨᠳᠦᠰᠦᠯᠡᠨ ᠠᠭᠠᠷ ᠤᠨ ᠢᠯᠴᠢ ᠴᠤᠠᠠᠯᠠᠭᠤᠯᠬᠤ ᠮᠠᠰᠢᠨ ᠢ ᠴᠤᠩᠬᠤᠨ ᠲᠠᠪᠴᠡᠩ ᠤᠨ ᠲᠤᠤᠷ᠎ᠡ ᠶᠤᠮ ᠤᠤ ᠡᠰᠡᠭᠦᠯ᠎ᠠ ᠴᠤᠩᠬᠤᠨ ᠤ ᠬᠤᠭᠤᠷᠤᠨᠳᠤᠭᠢ ᠭᠡᠷᠡᠮ ᠤᠨ ᠲᠡᠭᠡᠷ᠎ᠡ ᠲᠠᠯᠪᠢᠬᠤ ᠶᠢ ᠨᠤᠳᠠᠯᠠᠨ ᠲᠤᠠᠠᠳᠠᠭᠠᠵᠤ᠂ ᠦᠷᠦᠭᠡ ᠲᠠᠰᠤᠯᠭᠠᠨ ᠳᠤ ᠬᠠᠯᠠᠭᠤᠨ ᠰᠠᠯᠭᠢ ᠭᠦᠷᠭᠡᠭᠦ ᠳᠤ ᠲᠦᠭᠦᠮ ᠪᠠᠶᠢᠯᠭᠠᠬᠤ ᠭᠡᠷᠡᠭᠳᠡᠢ᠃
       ︵4︶ ᠭᠡᠷᠡᠮ ᠴᠤᠠᠠᠴᠠ ᠶᠢᠨ ᠲᠤᠯᠠᠭᠠᠨ ᠢ ᠬᠠᠮᠠᠭᠠᠯᠠᠬᠤ ᠲᠠᠯ᠎ᠠ ᠪᠠᠷ ᠭᠡᠷᠪᠡ ᠦᠷᠦᠭᠡ ᠲᠠᠰᠤᠯᠭ᠎ᠠ ᠶᠢᠨ ᠭᠡᠷᠡᠭᠯᠡᠯᠳᠡ ᠶᠢᠨ ᠲᠠᠯᠠᠪᠠᠢ ᠶᠢ ᠦᠯᠤ ᠪᠠᠭᠠᠰᠬᠠᠬᠤ ᠪᠠᠷ ᠱᠠᠭᠠᠷᠳᠠᠪᠠᠯ ᠭᠠᠳᠠᠷ ᠬᠠᠮᠠᠭᠠᠯᠠᠯᠳᠠ ᠭᠢᠵᠤ ᠪᠤᠯᠤᠨ᠎ᠠ᠃ ᠦᠭᠡᠷ᠎ᠡ ᠪᠠᠷ ᠭᠡᠯᠡᠪᠡᠯ ᠭᠡᠷᠡᠮ ᠤᠨ ᠢᠶᠠᠨ ᠭᠠᠳᠠᠷ ᠲᠠᠯ᠎ᠠ ᠳᠤ ᠨᠢᠭᠡᠨ ᠲᠠᠪᠬᠤᠷ ᠪᠦᠭᠡᠭᠡᠨᠡᠷᠡᠯ ᠡᠲᠸᠠ ᠨᠠᠭᠠᠵᠤ ᠲᠠᠭᠢᠨ ᠴᠤᠬᠤᠢ ᠶᠢᠨ ᠵᠢᠭᠤᠷᠠᠮᠠᠭ ᠢᠶᠠᠷ ᠢᠯᠢᠭᠦ ᠪᠤᠶᠤ 12cm ᠤᠨ ᠭᠡᠷᠡᠮ ᠪᠠᠷᠢᠵᠤ ᠪᠤᠷᠤᠭᠠᠨ ᠤ ᠤᠰᠤ ᠶᠢ ᠰᠡᠷᠭᠡᠶᠢᠯᠡᠵᠤ ᠪᠤᠯᠤᠨ᠎ᠠ᠃ ᠭᠡᠷᠪᠡ ᠭᠡᠷᠡᠮ ᠤᠨ ᠭᠠᠳᠠᠷ ᠲᠠᠯ᠎ᠠ ᠳᠤ ᠢᠯᠴᠢ ᠬᠠᠳᠠᠭᠠᠯᠠᠬᠤ ᠲᠠᠪᠬᠤᠷᠭ᠎ᠠ ᠭᠠᠷᠭᠠᠬᠤ ᠭᠠᠵᠠᠷ ᠵᠠᠢ ᠦᠭᠡᠢ ᠪᠤᠶᠤ ᠪᠠᠷᠢᠬᠤ ᠳᠤ ᠴᠤ ᠲᠦᠭᠦᠮ ᠦᠭᠡᠢ ᠪᠤᠯ ᠲᠤᠳᠤᠷ᠎ᠡ ᠬᠠᠮᠠᠭᠠᠯᠠᠯᠳᠠ ᠭᠢᠵᠤ ᠪᠤᠯᠤᠨ᠎ᠠ᠃ ᠲᠠᠷᠤᠢ ᠲᠤᠳᠤᠷ᠎ᠠ ᠭᠡᠷᠡᠮ ᠲᠡᠭᠡᠷ᠎ᠡ ᠪᠠᠨ ᠨᠢᠭᠡᠨ ᠲᠠᠪᠬᠤᠷ ᠪᠦᠭᠡᠭᠡᠨᠡᠷᠡᠯ ᠡᠲᠸᠠ ᠨᠠᠭᠠᠭᠠᠳ ᠲᠡᠭᠡᠭᠦᠷ ᠨᠢ ᠴᠤᠬᠤᠢ ᠶᠢᠨ ᠵᠢᠭᠤᠷᠠᠮᠠᠭ ᠢᠶᠠᠷ
ᠢᠯᠢᠭᠦ ᠭᠡᠷᠡᠭᠳᠡᠢ᠃
        ︵5︶ ᠨᠦᠭᠦᠴᠡᠯ ᠪᠤᠯᠤᠯᠴᠠᠭ᠎ᠠ ᠲᠠᠢ ᠪᠤᠯ ᠭᠡᠷ ᠤᠨ ᠤᠷᠤᠢ ᠳᠠᠭᠠᠨ ᠡᠯᠭᠦᠮᠡᠯ ᠠᠳᠠᠷ ᠵᠤᠭᠢᠶᠠᠵᠤ ᠭᠡᠷ ᠤᠨ ᠢᠶᠠᠨ ᠲᠤᠯᠠᠭᠠᠨ ᠢ ᠬᠠᠮᠠᠭᠠᠯᠠᠬᠤ ᠴᠢᠳᠠᠪᠤᠷᠢ ᠶᠢ ᠨᠡᠮᠡᠭᠳᠡᠭᠦᠯᠦᠨ᠂ ᠢᠯᠴᠢ ᠶᠢᠨ ᠬᠤᠭᠢᠷᠠᠯ ᠢ ᠪᠠᠭᠠᠰᠬᠠᠵᠤ ᠪᠤᠯᠤᠨ᠎ᠠ᠃
       ︵6︶ ᠡᠮᠦᠨ᠎ᠠ ᠭᠡᠷᠡᠮ ᠪᠤᠶᠤ ᠭᠡᠷ ᠤᠨ ᠠᠳᠠᠷ ᠲᠤ ᠢᠯᠴᠢ ᠴᠤᠠᠠᠯᠠᠭᠤᠯᠬᠤ ᠮᠠᠰᠢᠨ ᠤᠠᠠᠰᠠᠷᠠᠵᠤ ᠪᠤᠯᠤᠨ᠎ᠠ᠃ ᠦᠷᠦᠭᠡ ᠭᠡᠷ ᠲᠤ ᠬᠠᠯᠠᠭᠤᠨ ᠰᠠᠯᠭᠢ ᠭᠦᠷᠭᠡᠳᠡᠭ ᠡᠨᠡ ᠬᠦ ᠮᠠᠰᠢᠨ ᠨᠢ ᠯᠢᠶᠤᠤᠨᠢᠩ ᠤᠨ ᠡᠮᠦᠨᠡᠳᠤ ᠤᠷᠤᠨ ᠳᠤ ᠭᠡᠷᠡᠭᠯᠡᠭᠳᠡᠵᠤ ᠪᠤᠢ᠃ ᠡᠪᠤᠯ ᠤᠨ ᠤᠯᠠᠷᠢᠯ ᠳᠤ ᠦᠳᠡ ᠶᠢᠨ ᠬᠤᠶᠢᠨ᠎ᠠ ᠢᠯᠴᠢ ᠴᠤᠠᠠᠯᠠᠭᠤᠯᠬᠤ ᠮᠠᠰᠢᠨ ᠤ ᠦᠷᠦᠭᠡ ᠭᠡᠷ ᠲᠤ ᠬᠠᠯᠠᠭᠤᠨ ᠰᠠᠯᠭᠢ ᠭᠦᠷᠭᠡᠭᠦ ᠲᠤᠯᠠᠭᠠᠨ ᠤ ᠭᠡᠮᠵᠢᠶ᠎ᠠ ᠨᠢ 30℃~40℃ ᠲᠤ ᠭᠦᠷᠳᠡᠭ ᠪᠠᠶᠢᠨ᠎ᠠ᠃
      20. ᠨᠠᠷᠠᠯᠠᠭ ᠤᠷᠤᠨ ᠰᠠᠭᠤᠴᠠ ᠪᠤᠯᠤᠨ ᠡᠩ ᠤᠨ ᠭᠡᠷ ᠪᠠᠶᠢᠰᠢᠩ ᠪᠠᠷᠢᠬᠤ ᠦᠨ᠎ᠠ ᠬᠠᠨᠭ᠍ᠰᠢ ᠨᠢ ᠭᠡᠳᠦᠢ ᠵᠦᠷᠢᠶ᠎ᠠ ᠲᠠᠢ ᠪᠤᠢ︖
     ᠡᠨᠡ ᠪᠤᠯ ᠤᠯᠠᠨ ᠤ ᠬᠠᠮᠤᠭ ᠤᠨ ᠶᠡᠭᠡ ᠰᠡᠳᠭᠢᠯ ᠲᠠᠯᠪᠢᠵᠤ ᠪᠠᠶᠢᠭ᠎ᠠ ᠭᠤᠤᠯ ᠠᠰᠠᠭᠤᠳᠠᠯ ᠪᠠᠶᠢᠨ᠎ᠠ᠃ ᠨᠠᠷᠠᠯᠠᠭ ᠤᠷᠤᠨ ᠰᠠᠭᠤᠴᠠ ᠶᠢ ᠶᠠᠷᠤ ᠶᠢᠨ ᠤᠷᠤᠨ ᠰᠠᠭᠤᠴᠠ ᠠᠴᠠ ᠰᠠᠭᠤᠬᠤ ᠨᠦᠭᠦᠴᠡᠯ ᠢᠶᠠᠷ ᠨᠡᠩ ᠲᠤᠭᠢᠯᠢᠬ ᠪᠤᠯᠭᠠᠬᠤ ᠳᠤ ᠪᠦᠳᠦᠴᠡ ᠶᠢᠨ ᠲᠤᠯᠠᠭᠠᠨ ᠢ ᠬᠠᠮᠠᠭᠠᠯᠠᠬᠤ ᠶᠢ ᠴᠢᠩᠭᠠᠳᠬᠠᠵᠤ᠂ ᠭᠡᠷᠡᠯ ᠨᠡᠪᠳᠡᠷᠡᠭᠦ ᠶᠢ ᠨᠡᠮᠡᠭᠳᠡᠭᠦᠯᠵᠤ᠂ ᠴᠤᠩᠬᠤ ᠶᠢ ᠨᠢᠠᠠᠳᠠ ᠪᠢᠳᠡᠭᠦᠮᠵᠢᠯᠡᠭᠦ ᠴᠢᠬᠤᠯᠠ ᠲᠠᠢ ᠪᠠᠶᠢᠳᠠᠭ ᠶᠤᠮ᠃ ᠡᠳᠡᠭᠡᠷ ᠠᠷᠭ᠎ᠠ ᠭᠡᠮᠵᠢᠶ᠎ᠠ ᠶᠢ ᠠᠪᠤᠪᠠᠯ ᠪᠠᠷᠢᠯᠭ᠎ᠠ ᠶᠢᠨ ᠦᠪᠡᠷ ᠤᠨ ᠦᠷᠳᠡᠭ ᠢ ᠨᠡᠮᠡᠭᠳᠡᠭᠦᠯᠭᠦ ᠪᠤᠯᠤᠨ᠎ᠠ᠃ ᠭᠡᠪᠡᠴᠤ ᠦᠪᠠᠷ ᠤᠨ ᠦᠷᠳᠡᠭ ᠨᠢ ᠴᠤᠬᠤᠮ ᠭᠡᠳᠦᠢ ᠦᠰᠭᠦ ᠨᠢ ᠲᠤᠬᠠᠢ ᠶᠢᠨ ᠭᠠᠵᠠᠷ ᠤᠨ ᠤᠤᠯ ᠤᠷᠤᠨ ᠰᠠᠭᠤᠴᠠ ᠶᠢᠨ ᠪᠠᠷᠢᠯᠭ᠎ᠠ ᠶᠢᠨ ᠶᠠᠰᠤ ᠴᠢᠨᠠᠷ ᠪᠠ ᠲᠠᠰ ᠵᠡᠷᠭᠡ ᠶᠢ ᠦᠵᠡᠭᠦ ᠭᠡᠷᠡᠭᠳᠡᠢ᠃ ᠶᠠᠷᠦᠩᠭᠡᠢ ᠳᠤᠨᠢ ᠭᠡᠯᠡᠪᠡᠯ ᠠᠵᠤ ᠠᠬᠤᠢ ᠨᠢ ᠨᠡᠯᠢᠶᠡᠳ ᠭᠦᠭᠵᠢᠭᠰᠡᠨ ᠭᠠᠵᠠᠷ ᠤᠷᠤᠨ ᠡᠳᠡᠭᠡᠷ ᠪᠠᠷᠢᠯᠭ᠎ᠠ ᠶᠢᠨ ᠠᠷᠭ᠎ᠠ ᠭᠡᠮᠵᠢᠶ᠎ᠠ ᠶᠢ ᠭᠡᠷᠡᠭᠯᠡᠭᠡᠳ ᠨᠡᠮᠡᠭᠳᠡᠭᠰᠡᠨ ᠦᠪᠠᠷ ᠤᠨ ᠦᠷᠳᠡᠭ ᠨᠢ ᠪᠦᠭᠦ ᠪᠠᠷᠢᠯᠭ᠎ᠠ ᠶᠢᠨ ᠦᠪᠠᠷ ᠤᠨ ᠦᠷᠳᠡᠭ ᠤᠨ 5% ᠶᠢᠨ ᠲᠤᠳᠤᠷ᠎ᠠ ᠪᠠᠶᠢᠳᠠᠭ᠃ ᠠᠵᠤ ᠠᠬᠤᠢ ᠨᠢ ᠭᠦᠭᠵᠢᠭᠡᠳᠦᠢ ᠭᠠᠵᠠᠷ ᠤᠷᠤᠨ ᠤ ᠤᠤᠯ ᠤᠨ ᠤᠷᠤᠨ ᠰᠠᠭᠤᠴᠠ ᠶᠢᠨ ᠪᠠᠷᠢᠯᠭ᠎ᠠ ᠨᠢ ᠬᠠᠷᠢᠴᠠᠩᠭᠤᠢ ᠪᠠᠷ ᠨᠡᠯᠢᠶᠡᠳ ᠲᠦᠭᠦᠮ ᠪᠦᠳᠦᠭᠦᠯᠢᠭ᠂ ᠪᠠᠷᠢᠯᠭ᠎ᠠ ᠶᠢᠨ ᠦᠪᠡᠷ ᠤᠨ ᠦᠷᠳᠡᠭ ᠨᠢ ᠴᠤ ᠪᠠᠭ᠎ᠠ ᠪᠠᠶᠢᠳᠠᠭ ᠪᠦᠭᠡᠳ ᠰᠢᠨ᠎ᠠ ᠪᠠᠷ ᠨᠡᠮᠡᠭᠳᠡᠭᠦᠯᠭᠦ ᠲᠤᠯᠠᠭᠠᠨ ᠢ ᠬᠠᠮᠠᠭᠠᠯᠠᠬᠤ ᠭᠡᠷᠡᠯ ᠨᠡᠪᠳᠡᠷᠡᠭᠦ ᠪᠡᠯᠡᠳᠭᠡᠮᠵᠢ ᠶᠢᠨ ᠦᠨ᠎ᠠ ᠬᠠᠨᠭ᠍ᠰᠢ ᠨᠢ ᠨᠡᠯᠢᠶᠡᠳ ᠦᠨᠳᠤᠷ ᠪᠤᠯᠬᠤᠷ ᠲᠡᠭᠦᠨ ᠤ ᠨᠡᠮᠡᠭᠳᠡᠭᠰᠡᠨ ᠦᠪᠠᠷ ᠤᠨ ᠦᠷᠳᠡᠭ ᠨᠢ ᠪᠦᠭᠦ ᠪᠠᠷᠢᠯᠭ᠎ᠠ ᠶᠢᠨ ᠦᠪᠠᠷ ᠤᠨ ᠦᠷᠳᠡᠭ ᠤᠨ 10% ᠤᠷᠴᠢᠮ ᠢ ᠡᠵᠡᠯᠡᠭᠦ ᠪᠤᠯᠤᠨ᠎ᠠ᠃ ᠭᠡᠯᠡᠯᠭᠡᠨ ᠦᠭᠡᠢ ᠲᠤᠬᠠᠢ ᠶᠢᠨ ᠭᠠᠵᠠᠷ ᠤᠨ ᠪᠤᠳᠠᠳᠤ ᠡᠭᠢ ᠪᠠᠶᠡᠯᠢᠬ ᠤᠨ ᠪᠠᠶᠢᠳᠠᠯ ᠲᠠᠢ ᠪᠠᠨ ᠤᠶᠠᠯᠳᠤᠭᠤᠯᠵᠤ᠂ ᠲᠤᠬᠠᠢ ᠶᠢᠨ ᠭᠠᠵᠠᠷ ᠤᠨ ᠢᠶᠠᠨ ᠨᠡᠯᠢᠶᠡᠳ ᠭᠢᠮᠳᠠᠬᠠᠨ ᠲᠦᠭᠦᠭᠡᠢ ᠡᠳ᠋ ᠮᠠᠲ᠋ᠧᠷᠢᠶᠠᠯ ᠢ ᠦᠭᠡᠷᠡᠴᠢᠯᠡᠨ ᠤᠷᠤᠯᠠᠭᠤᠯᠪᠠᠯ᠂ ᠪᠠᠷᠢᠯᠭ᠎ᠠ ᠶᠢᠨ ᠦᠪᠠᠷ ᠤᠨ ᠦᠷᠳᠡᠭ ᠢ ᠪᠠᠰᠠ ᠵᠢᠭᠠᠬᠠᠨ ᠪᠠᠭᠤᠷᠠᠭᠤᠯᠵᠤ ᠪᠤᠯᠤᠨ᠎ᠠ᠃
      21. ᠨᠠᠷᠠᠯᠠᠭ ᠤᠷᠤᠨ ᠰᠠᠭᠤᠴᠠ ᠨᠢ ᠡᠨᠧᠷᠭᠢ ᠶᠢ ᠭᠢᠷᠢ ᠵᠡᠷᠭᠡ ᠠᠷᠪᠢᠯᠠᠳᠠᠭ ᠪᠤᠢ︖
      ᠨᠠᠷᠠᠯᠠᠭ ᠤᠷᠤᠨ ᠰᠠᠭᠤᠴᠠ ᠨᠢ ᠭᠡᠷ ᠤᠷᠤᠨ ᠤ ᠰᠠᠭᠤᠬᠤ ᠨᠦᠭᠦᠴᠡᠯ ᠢ ᠢᠯᠡᠷᠭᠡᠢ ᠲᠡᠭᠡᠭᠰᠢᠯᠡᠭᠦᠯᠵᠤ᠂ ᠡᠪᠤᠯ ᠲᠤᠯᠠᠭᠠᠨ ᠵᠤᠨ ᠰᠡᠷᠢᠭᠦᠨ ᠪᠠᠶᠢᠯᠭᠠᠵᠤ ᠴᠢᠳᠠᠨ᠎ᠠ᠃ ᠶᠠᠷᠤ ᠶᠢᠨ ᠪᠠᠶᠢᠳᠠᠯ ᠲᠤᠤᠷ᠎ᠠ᠂ ᠨᠠᠷᠠᠯᠠᠭ ᠤᠷᠤᠨ ᠭᠡᠷ ᠰᠠᠭᠤᠴᠡ ᠶᠢᠨ ᠡᠪᠤᠯ ᠤᠨ ᠤᠯᠠᠷᠢᠯ ᠤᠨ ᠦᠷᠦᠭᠡᠨ ᠲᠤᠳᠤᠷᠠᠭᠢ ᠲᠤᠯᠠᠭᠠᠨ ᠤ ᠭᠡᠮᠵᠢᠶ᠎ᠠ ᠨᠢ ᠲᠤᠬᠠᠢ ᠶᠢᠨ ᠭᠠᠵᠠᠷ ᠤᠨ ᠡᠩ ᠤᠨ ᠤᠷᠤᠨ ᠰᠠᠭᠤᠴᠠ ᠶᠢᠨ ᠬᠢ ᠠᠴᠠ 4℃~12℃ ᠦᠨᠳᠤᠷ ᠪᠠᠶᠢᠳᠠᠭ᠃ ᠵᠤᠨ ᠴᠤ ᠡᠩ ᠤᠨ ᠤᠷᠤᠨ ᠰᠠᠭᠤᠴᠠ ᠶᠢᠨ ᠬᠢ ᠠᠴᠠ 2℃~3℃ ᠰᠡᠷᠢᠭᠦᠨ ᠪᠠᠶᠢᠳᠠᠭ᠃ ᠡᠶᠢᠮᠤ ᠨᠢᠭᠡᠨ ᠤᠷᠤᠰᠢᠨ ᠰᠠᠭᠤᠬᠤ ᠤᠷᠴᠢᠨ ᠲᠤᠭᠤᠷᠢᠨ ᠤ ᠨᠦᠭᠦᠴᠡᠯ ᠲᠤᠤᠷ᠎ᠡ ᠲᠡᠭᠦᠨ ᠤ ᠲᠤᠰᠠᠯᠠᠬᠤ ᠢᠯᠴᠢ ᠶᠢᠨ ᠢᠷᠡᠯᠳᠡ ᠶᠢᠨ ᠭᠡᠷᠡᠭᠯᠡᠯᠳᠡ ᠶᠢᠨ ᠭᠡᠮᠵᠢᠶ᠎ᠠ ᠨᠢ ᠶᠡᠭᠡ ᠪᠠᠷ ᠪᠠᠭᠤᠷᠠᠵᠤ᠂ ᠡᠨᠧᠷᠭᠢ ᠠᠷᠪᠢᠯᠠᠬᠤ ᠨᠤᠷᠮ᠎ᠠ ᠨᠢ 70% ᠠᠴᠠ ᠲᠡᠭᠡᠭᠰᠢ ᠳᠤ ᠭᠦᠷᠳᠡᠭ ᠪᠠᠶᠢᠨ᠎ᠠ᠃ ᠡᠨᠧᠷᠭᠢ ᠠᠷᠪᠢᠯᠠᠬᠤ ᠡᠯᠭᠦᠭᠦᠷ ᠬᠠᠨᠵᠤ ᠵᠡᠷᠭᠡ ᠮᠡᠷᠭᠡᠵᠢᠯ ᠢ ᠠᠳᠠᠯᠢ ᠭᠡᠷᠡᠭᠯᠡᠭᠰᠡᠨ ᠨᠦᠭᠦᠴᠡᠯ ᠲᠤᠤᠷ᠎ᠠ ᠡᠳᠤᠷ ᠤᠨ ᠭᠤᠷᠪᠡᠨ ᠡᠷᠡᠨ ᠤ ᠬᠤᠭᠤᠯᠠᠨ ᠤ ᠢᠯᠴᠢ ᠬᠤᠷᠤᠠᠠᠳᠠᠭᠤᠯᠬᠤ ᠭᠡᠮᠵᠢᠶ᠎ᠠ ᠨᠢ ᠰᠠᠭᠤᠴᠠ ᠶᠢᠨ ᠤᠷᠤᠨ ᠲᠤᠭᠤᠷᠢᠨ ᠤ ᠲᠤᠯᠠᠭᠠᠨ ᠤ ᠭᠡᠮᠵᠢᠶ᠎ᠠ ᠶᠢᠨ ᠱᠠᠭᠠᠷᠳᠠᠯᠭ᠎ᠠ ᠶᠢ ᠬᠠᠨᠭ᠍ᠭᠠᠵᠤ ᠲᠠᠶᠢᠯᠦᠨ᠎ᠠ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
Baidu
map