|
︵ᠭᠤᠷᠪᠠ︶ ᠨᠠᠷᠠᠯᠠᠭ ᠭᠦᠯᠡᠮᠵᠢ ᠶᠢᠨ ᠲᠤᠯᠠᠭᠠᠨ ᠢ ᠬᠠᠳᠠᠭᠠᠯᠠᠬᠤ ᠮᠡᠷᠭᠡᠵᠢᠯ |
|
|
ᠨᠡᠶᠢᠲᠡᠯᠡᠭᠰᠡᠨ ᠴᠠᠭ᠄
2015/10/19
|
|
1. ᠨᠠᠷᠠᠯᠠᠭ ᠭᠦᠯᠡᠮᠵᠢ ᠶᠢᠨ ᠲᠤᠯᠠᠭᠠᠨ ᠢ ᠬᠠᠳᠠᠭᠠᠯᠠᠬᠤ ᠴᠢᠳᠠᠯ ᠢ ᠨᠡᠮᠡᠭᠳᠡᠭᠦᠯᠭᠦ ᠳᠤ ᠠᠯᠢ ᠭᠡᠳᠦᠨ ᠲᠠᠯ᠎ᠠ ᠶᠢ ᠪᠤᠳᠤᠯᠭᠢᠯᠠᠬᠤ ᠪᠤᠢ︖ ᠦᠷᠭᠦᠯᠵᠢᠯᠡᠭᠰᠡᠨ ᠲᠤᠮᠤ ᠭᠡᠯᠪᠡᠷᠢ ᠶᠢᠨ ᠭᠦᠯᠡᠮᠵᠢ ᠶᠢ ᠪᠤᠳᠤᠪᠠᠯ ᠨᠠᠷᠠᠯᠠᠭ ᠭᠦᠯᠡᠮᠵᠢ ᠨᠢ ᠢᠯᠴᠢ ᠬᠤᠷᠢᠶᠠᠬᠤ ᠪᠠ ᠲᠤᠯᠠᠭᠠᠨ ᠢ ᠬᠠᠳᠠᠭᠠᠯᠠᠬᠤ ᠴᠢᠳᠠᠪᠤᠷᠢ ᠪᠠᠷ ᠮᠠᠰᠢ ᠰᠠᠶᠢᠨ ᠪᠠᠶᠢᠳᠠᠭ ᠨᠢᠭᠡᠨ ᠵᠦᠢᠯ ᠤᠨ ᠭᠦᠯᠡᠮᠵᠢ ᠶᠢᠨ ᠪᠡᠯᠡᠳᠭᠡᠮᠵᠢ ᠪᠤᠯᠤᠨ᠎ᠠ᠃ ᠮᠠᠨ ᠤ ᠤᠯᠤᠰ ᠤᠨ ᠪᠠᠷᠠᠭᠤᠨ ᠬᠤᠶᠢᠳᠤ ᠤᠷᠤᠨ᠂ ᠤᠮᠠᠷᠠᠳᠤ ᠤᠷᠤᠨ ᠪᠤᠯᠤᠨ ᠵᠡᠭᠦᠨ ᠬᠤᠶᠢᠳᠤ ᠤᠷᠤᠨ ᠤ ᠦᠷᠭᠡᠨ ᠠᠭᠤᠳᠠᠮ ᠭᠦᠳᠡᠭᠡ ᠲᠤᠰᠬᠤᠨ ᠳᠤ ᠦᠷᠭᠡᠨ ᠢᠶᠠᠷ ᠭᠡᠷᠡᠭᠯᠡᠭᠳᠡᠵᠤ ᠪᠠᠶᠢᠨ᠎ᠠ᠃ ᠮᠠᠨ ᠤ ᠤᠯᠤᠰ ᠲᠤ ᠡᠨᠧᠷᠭᠢ ᠶᠢᠨ ᠬᠠᠨᠭ᠍ᠭᠠᠯᠭ᠎ᠠ ᠭᠦᠷᠦᠯᠴᠡᠭᠡ ᠦᠭᠡᠢ ᠠᠴᠠ ᠪᠤᠯᠤᠭᠠᠳ ᠮᠠᠰᠢ ᠤᠯᠠᠨ ᠨᠠᠷᠠᠯᠠᠭ ᠭᠦᠯᠡᠮᠵᠢ ᠳᠤ ᠤᠳᠠᠭᠠᠨ ᠬᠤᠭᠤᠴᠠᠭ᠎ᠠ ᠪᠠᠷ ᠲᠤᠯᠠᠭᠠᠨ ᠢ ᠬᠠᠳᠠᠭᠠᠯᠠᠬᠤ ᠪᠡᠯᠡᠳᠭᠡᠮᠵᠢ ᠦᠭᠡᠢ ᠲᠤᠯᠠ ᠭᠦᠯᠡᠮᠵᠢ ᠶᠢᠨ ᠲᠤᠳᠤᠷᠠᠭᠢ ᠰᠦᠨᠢ ᠶᠢᠨ ᠲᠤᠯᠠᠭᠠᠨ ᠤ ᠭᠡᠮᠵᠢᠶ᠎ᠠ ᠶᠢ ᠲᠠᠷᠢᠮᠠᠯ ᠤᠨ ᠭᠡᠷᠡᠭᠴᠡᠭᠡ ᠪᠦᠭᠦᠢ ᠬᠠᠮᠤᠭ ᠤᠨ ᠲᠤᠤᠷ᠎ᠡ ᠲᠤᠯᠠᠭᠠᠨ ᠤ ᠭᠡᠮᠵᠢᠶ᠎ᠠ ᠠᠴᠠ ᠲᠤᠤᠷ᠎ᠠ ᠪᠠᠶᠢᠯᠭᠠᠬᠤ ᠦᠭᠡᠢ ᠪᠠᠶᠢᠵᠤ᠂ ᠭᠦᠯᠡᠮᠵᠢ ᠶᠢᠨ ᠲᠤᠯᠠᠭᠠᠨ ᠤ ᠬᠠᠳᠠᠭᠠᠯᠠᠯᠳᠠ ᠶᠢ ᠨᠡᠮᠡᠭᠳᠡᠭᠦᠯᠵᠤ᠂ ᠭᠦᠯᠡᠮᠵᠢ ᠶᠢᠨ ᠲᠤᠳᠤᠷᠠᠭᠢ ᠰᠦᠨᠢ ᠶᠢᠨ ᠢᠯᠴᠢ ᠵᠠᠳᠠᠷᠠᠭᠤᠯᠬᠤ ᠬᠤᠷᠳᠤᠴᠠ ᠶᠢ ᠪᠠᠭᠤᠷᠠᠭᠤᠯᠬᠤ ᠨᠢ ᠴᠤᠷ ᠤᠨ ᠭᠠᠭᠴᠠ ᠠᠷᠭ᠎ᠠ ᠭᠡᠮᠵᠢᠶ᠎ᠠ ᠪᠤᠯᠤᠨ᠎ᠠ᠃ ᠲᠡᠭᠡᠪᠡᠯ ᠶᠠᠭᠠᠭᠢᠪᠠᠯ ᠰᠠᠶ᠋ᠢ ᠭᠦᠯᠡᠮᠵᠢ ᠶᠢᠨ ᠲᠤᠳᠤᠷᠠᠭᠢ ᠲᠠᠷᠢᠮᠠᠯ ᠢ ᠡᠪᠤᠯ ᠬᠠᠪᠤᠷ ᠤᠨ ᠤᠯᠡᠷᠢᠯ ᠳᠤ ᠭᠦᠯᠳᠡᠵᠤ ᠬᠠᠭᠠᠷᠢᠠᠠᠳᠠᠬᠤ ᠠᠴᠠ ᠰᠡᠷᠭᠡᠶᠢᠯᠡᠨ ᠠᠶᠤᠯ ᠦᠬᠡᠢ ᠦᠢᠯᠡᠳᠪᠤᠷᠢᠯᠡᠭᠦ ᠶᠢ ᠪᠠᠳᠤᠯᠠᠵᠤ ᠴᠢᠳᠠᠬᠤ ᠪᠤᠢ︖ ᠡᠨᠡ ᠬᠦ ᠠᠰᠠᠭᠤᠳᠠᠯ ᠢ ᠬᠠᠷᠢᠭᠤᠯᠬᠤ ᠳᠤ᠂ ᠲᠤᠬᠠᠢ ᠶᠢᠨ ᠭᠠᠵᠠᠷ ᠤᠨ ᠨᠦᠭᠦᠴᠡᠯ ᠢ ᠦᠨᠳᠦᠰᠦᠯᠡᠵᠤ᠂ ᠭᠠᠵᠠᠷ ᠤᠷᠤᠨ ᠤ ᠪᠠᠶᠢᠳᠠᠯ ᠳᠤᠨᠢ ᠲᠤᠭᠢᠷᠠᠭᠤᠯᠵᠤ ᠭᠦᠯᠡᠮᠵᠢ ᠪᠠᠨ ᠪᠠᠶᠢᠭᠤᠯᠬᠤ᠂ ᠲᠠᠷᠢᠬᠤ᠂ ᠰᠤᠷᠲ ᠰᠤᠩᠭᠤᠬᠤ ᠵᠢᠴᠢ ᠡᠳᠤᠷ ᠲᠤᠳᠤᠮ ᠤᠨ ᠬᠠᠮᠢᠶᠠᠷᠤᠯᠳᠠ ᠪᠡ ᠪᠠᠴᠢᠮ ᠦᠶ᠎ᠠ ᠶᠢᠨ ᠬᠠᠮᠢᠶᠠᠷᠤᠯᠳᠠ ᠵᠡᠷᠭᠡ ᠭᠡᠳᠦᠨ ᠲᠠᠯ᠎ᠠ ᠪᠠᠷ ᠪᠤᠳᠤᠯᠭᠢᠯᠠᠬᠤ ᠴᠢᠬᠤᠯᠠ ᠲᠠᠢ ᠶᠤᠮ᠃ 2. ᠨᠠᠷᠠᠯᠠᠭ ᠭᠦᠯᠡᠮᠵᠢᠨ ᠳᠤ ᠲᠠᠷᠢᠬᠤ ᠰᠤᠷᠲ ᠢ ᠰᠤᠩᠭᠤᠬᠤ ᠭᠢᠭᠡᠳ ᠭᠦᠯᠡᠮᠵᠢ ᠶᠢᠨ ᠲᠤᠯᠠᠭᠠᠨ ᠢ ᠬᠠᠳᠠᠭᠠᠯᠠᠬᠤ ᠨᠢ ᠶᠠᠮᠠᠷ ᠬᠠᠷᠢᠴᠠᠭ᠎ᠠ ᠲᠠᠢ ᠪᠤᠢ︖ ᠭᠦᠯᠡᠮᠵᠢ ᠳᠤ ᠲᠠᠷᠢᠬᠤ ᠰᠤᠷᠲ ᠢ ᠰᠤᠩᠭᠤᠬᠤ ᠦᠶᠡᠰ ᠲᠠᠷᠢᠶᠠᠴᠢᠳ ᠲᠤᠬᠠᠢ ᠶᠢᠨ ᠭᠠᠵᠠᠷ ᠤᠨ ᠠᠭᠤᠷ ᠠᠮᠢᠰᠬᠤᠯ ᠤᠨ ᠨᠦᠭᠦᠴᠡᠯ ᠪᠤᠯᠤᠨ ᠦᠪᠠᠷ ᠤᠨ ᠭᠦᠯᠡᠮᠵᠢ ᠶᠢᠨ ᠲᠤᠯᠠᠭᠠᠨ ᠢ ᠬᠠᠳᠠᠭᠠᠯᠠᠬᠤ ᠴᠢᠳᠠᠪᠤᠷᠢ ᠶᠢ ᠤᠨᠤᠪᠴᠢᠳᠠᠢ ᠡᠵᠡᠮᠰᠢᠭᠰᠡᠨ ᠪᠠᠶᠢᠬᠤ ᠭᠡᠷᠡᠭᠳᠡᠢ᠃ ᠡᠨᠡ ᠪᠤᠯ ᠲᠠᠷᠢᠮᠠᠯ ᠤᠨ ᠠᠶᠤᠯ ᠦᠬᠡᠢ ᠦᠢᠯᠡᠳᠪᠤᠷᠢᠯᠡᠯ ᠢ ᠪᠠᠳᠤᠯᠠᠬᠤ ᠤᠷᠢᠳᠠᠯ ᠨᠦᠭᠦᠴᠡᠯ ᠮᠦᠨ᠃ ᠦᠨᠳᠤᠷ ᠦᠷᠭᠡᠷᠢᠭ ᠤᠨ ᠤᠷᠤᠨ ᠳᠤ ᠪᠤᠯ ᠡᠪᠤᠯ ᠳᠡᠭᠡᠨ ᠨᠠᠷᠠ ᠲᠤᠰᠬᠤ ᠴᠠᠭ ᠨᠢ ᠤᠬᠤᠷ᠂ ᠭᠦᠯᠡᠮᠵᠢ ᠶᠢᠨ ᠢᠯᠴᠢ ᠬᠤᠷᠢᠶᠠᠬᠤ ᠭᠡᠮᠵᠢᠶ᠎ᠠ ᠨᠢ ᠪᠠᠭ᠎ᠠ ᠪᠠᠶᠢᠳᠠᠭ ᠪᠤᠯᠬᠤᠷ ᠭᠡᠷᠪᠡ ᠭᠠᠳᠠᠨᠠᠭᠢ ᠶᠢᠨ ᠲᠤᠯᠠᠭᠠᠨ ᠮᠠᠰᠢ ᠲᠤᠤᠷ᠎ᠠ ᠦᠶᠡᠰ ᠭᠦᠯᠡᠮᠵᠢ ᠶᠢᠨ ᠲᠤᠳᠤᠷᠠᠭᠢ ᠲᠤᠯᠠᠭᠠᠨ ᠢ ᠨᠡᠮᠡᠭᠳᠡᠭᠦᠯᠦᠯᠠ ᠭᠡᠳ ᠳᠤᠯᠠᠭᠠᠮᠠᠳᠠᠭᠠᠢ ᠵᠢᠮᠢᠰ ᠨᠤᠭᠤᠭ᠎ᠠ ᠶᠢᠨ ᠭᠡᠪ ᠤᠨ ᠦᠢᠯᠡᠳᠪᠤᠷᠢᠯᠡᠯ ᠤᠨ ᠲᠤᠯᠠᠭᠠᠨ ᠤ ᠭᠡᠮᠵᠢᠶ᠎ᠠ ᠪᠤᠯᠤᠨ ᠨᠠᠷᠠᠨ ᠤ ᠲᠤᠰᠤᠯᠳᠠ ᠶᠢᠨ ᠱᠠᠭᠠᠷᠳᠠᠯᠭ᠎ᠠ ᠶᠢ ᠬᠠᠨᠭ᠍ᠭᠠᠵᠤ ᠲᠠᠶᠢᠯᠭᠦ ᠦᠭᠡᠢ ᠪᠦᠭᠡᠳ ᠱᠠᠭᠠᠷᠳᠠᠯᠭ᠎ᠠ ᠶᠢ ᠨᠢ ᠬᠠᠨᠭ᠍ᠭᠠᠴᠢᠬᠠᠯᠠ ᠭᠡᠳ ᠲᠤᠯᠠᠭᠠᠨ ᠢ ᠬᠠᠳᠠᠭᠠᠯᠠᠬᠤ ᠠᠷᠭ᠎ᠠ ᠭᠡᠮᠵᠢᠶᠠᠨ ᠤ ᠲᠠᠯ᠎ᠠ ᠪᠠᠷ ᠮᠠᠰᠢ ᠶᠡᠭᠡ ᠪᠡᠯᠡ ᠭᠡᠷᠡᠭᠰᠡᠵᠤ᠂ ᠠᠵᠢᠯᠯᠠᠭᠠᠨ ᠤ ᠲᠠᠯ᠎ᠠ ᠪᠠᠷ ᠠᠷᠪᠢᠴᠢ ᠪᠢᠰᠢ ᠪᠤᠯᠬᠤ ᠶᠤᠮ᠃ ᠡᠶᠢᠮᠤᠷᠭᠦᠤ ᠨᠦᠭᠦᠴᠡᠯ ᠲᠤᠤᠷ᠎ᠠ ᠲᠠᠷᠢᠶᠠᠴᠢᠳ ᠡᠷᠭᠡᠪᠰᠢ ᠭᠦᠢᠳᠡᠨ ᠳᠤ ᠲᠠᠰᠪᠤᠷᠢᠳᠡᠢ ᠨᠠᠪᠴᠢᠯᠢᠬ ᠨᠤᠭᠤᠭ᠎ᠠ ᠴᠠᠭ᠎ᠠ ᠶᠢ ᠰᠤᠩᠭᠤᠬᠤ ᠪᠤᠶᠤ ᠡᠰᠡᠭᠦᠯ᠎ᠠ ᠭᠦᠯᠡᠮᠵᠢ ᠪᠠᠨ ᠰᠡᠯᠡᠭᠦᠴᠡᠭᠦᠯᠵᠤ᠂ ᠭᠠᠳᠠᠨᠠᠭᠢ ᠶᠢᠨ ᠲᠤᠯᠠᠭᠠᠨ ᠨᠢ ᠲᠠᠷᠢᠮᠠᠯ ᠲᠠᠷᠢᠬᠤ ᠳᠤ ᠲᠤᠭᠢᠷᠠᠮᠵᠢᠳᠡᠢ ᠪᠤᠯᠬᠤ ᠦᠶᠡᠰ ᠲᠠᠷᠢᠬᠤ ᠭᠡᠷᠡᠭᠳᠡᠢ᠃ ᠭᠦᠯᠡᠮᠵᠢ ᠶᠢᠨ ᠲᠤᠯᠠᠭᠠᠨ ᠤ ᠭᠡᠮᠵᠢᠶ᠎ᠠ ᠶᠢ ᠯᠡ ᠭᠦᠭᠡᠭᠡᠴᠡᠯᠳᠦᠭᠡᠳ ᠭᠦᠯᠡᠮᠵᠢ ᠶᠢᠨ ᠦᠢᠯᠡᠳᠪᠤᠷᠢᠯᠡᠯ ᠤᠨ ᠠᠵᠤ ᠠᠬᠤᠶᠢᠴᠢ ᠴᠢᠨᠠᠷ ᠢ ᠪᠤᠳᠤᠯᠭᠢᠯᠠᠬᠤ ᠦᠭᠡᠢ ᠪᠠᠶᠢᠵᠤ ᠪᠤᠯᠬᠤ ᠦᠭᠡᠢ᠃ 3. ᠨᠠᠷᠠᠯᠠᠭ ᠭᠦᠯᠡᠮᠵᠢ ᠪᠠᠶᠢᠭᠤᠯᠬᠤ ᠳᠤ ᠲᠤᠯᠠᠭᠠᠨ ᠢ ᠬᠠᠳᠠᠭᠠᠯᠠᠬᠤ ᠴᠢᠳᠠᠪᠤᠷᠢ ᠶᠢ ᠭᠡᠷᠭᠢᠨ ᠪᠤᠳᠤᠯᠭᠢᠯᠠᠬᠤ ᠪᠤᠢ︖ ᠨᠠᠷᠠᠯᠠᠭ ᠭᠦᠯᠡᠮᠵᠢ ᠶᠢᠨ ᠲᠤᠯᠠᠭᠠᠨ ᠢ ᠬᠠᠳᠠᠭᠠᠯᠠᠬᠤ ᠴᠢᠳᠠᠪᠤᠷᠢ ᠨᠢ ᠤᠯᠠᠨ ᠵᠦᠢᠯ ᠤᠨ ᠨᠦᠬᠦᠴᠡᠯ ᠤᠨ ᠶᠠᠷᠦᠩᠭᠡᠶᠢᠯᠡᠭᠰᠡᠨ ᠦᠷ᠎ᠠ ᠳ᠋ᠦᠩ ᠮᠦᠨ᠃ ᠨᠠᠷᠠᠯᠠᠭ ᠭᠦᠯᠡᠮᠵᠢ ᠶᠢ ᠪᠦᠳᠦᠭᠡᠨ ᠪᠠᠶᠢᠭᠤᠯᠬᠤ ᠳᠤ ᠲᠤᠬᠠᠢ ᠶᠢᠨ ᠭᠠᠵᠠᠷ ᠤᠨ ᠪᠠᠶᠢᠭᠠᠯᠢ ᠪᠤᠯᠤᠨ ᠠᠭᠤᠷ ᠠᠮᠢᠰᠬᠤᠯ ᠤᠨ ᠨᠦᠭᠦᠴᠡᠯ ᠲᠠᠢ ᠤᠶᠠᠯᠳᠤᠭᠤᠯᠵᠤ᠂ ᠭᠦᠯᠡᠮᠵᠢ ᠶᠢᠨ ᠭᠧᠤᠮᠧᠲᠷᠢ ᠶᠢᠨ ᠭᠡᠮᠵᠢᠯ ᠢ ᠵᠤᠭᠢᠰᠳᠠᠢ ᠲᠤᠠᠠᠳᠠᠭᠠᠵᠤ᠂ ᠭᠡᠷᠡᠮ ᠤᠨ ᠪᠦᠳᠦᠴᠡ ᠪᠤᠯᠤᠨ ᠭᠡᠷᠡᠮ ᠤᠨ ᠮᠠᠲ᠋ᠧᠷᠢᠶᠠᠯ ᠢ ᠲᠤᠭᠢᠳᠠᠢ ᠰᠤᠩᠭᠤᠵᠤ ᠲᠤᠯᠠᠭᠠᠨ ᠢ ᠬᠠᠳᠠᠭᠠᠯᠠᠬᠤ ᠲᠤᠭᠢᠷᠠᠮᠵᠢᠳᠡᠢ ᠮᠠᠲ᠋ᠧᠷᠢᠶᠠᠯ ᠪᠠ ᠰᠦᠯᠢᠶᠤᠤ ᠪᠦᠷᠭᠦᠭᠦᠯ ᠢ ᠵᠤᠭᠢᠰᠳᠡᠢ ᠰᠤᠩᠭᠤᠬᠤ ᠵᠡᠷᠭᠡ ᠭᠡᠳᠦᠨ ᠲᠠᠯ᠎ᠠ ᠶᠢ ᠪᠤᠳᠤᠯᠭᠢᠯᠠᠬᠤ ᠭᠡᠷᠡᠭᠳᠡᠢ᠃ 4. ᠨᠠᠷᠠᠯᠠᠭ ᠭᠦᠯᠡᠮᠵᠢ ᠶᠢᠨ ᠭᠸᠤᠮᠧᠲᠷᠢ ᠶᠢᠨ ᠭᠡᠮᠵᠢᠯ ᠭᠢᠭᠡᠳ ᠲᠤᠯᠠᠭᠠᠨ ᠢ ᠬᠠᠮᠠᠭᠠᠯᠠᠬᠤ ᠨᠢ ᠶᠠᠮᠠᠷ ᠬᠠᠷᠢᠴᠠᠭ᠎ᠠ ᠲᠠᠢ ᠪᠤᠢ︖ ᠨᠠᠷᠠᠯᠠᠭ ᠭᠦᠯᠡᠮᠵᠢ ᠶᠢᠨ ᠲᠤᠯᠠᠭᠠᠨ ᠢ ᠬᠠᠳᠠᠭᠠᠯᠠᠬᠤ ᠴᠢᠳᠠᠪᠤᠷᠢ ᠶᠢ ᠪᠠᠳᠤᠯᠠᠬᠤ ᠶᠢᠨ ᠲᠤᠰᠠᠳᠠ ᠭᠦᠯᠡᠮᠵᠢ ᠪᠠᠶᠢᠭᠤᠯᠬᠤ ᠠᠴᠠ ᠪᠠᠨ ᠡᠮᠦᠨ᠎ᠠ ᠲᠤᠬᠠᠢ ᠶᠢᠨ ᠭᠠᠵᠠᠷ ᠤᠨ ᠭᠠᠵᠠᠷ ᠵᠦᠢ ᠶᠢᠨ ᠦᠷᠭᠡᠷᠢᠭ᠂ ᠴᠠᠭ ᠠᠭᠤᠷ ᠤᠨ ᠨᠦᠭᠦᠴᠡᠯ᠂ ᠪᠠᠷᠢᠯᠭ᠎ᠠ ᠶᠢᠨ ᠮᠠᠲ᠋ᠧᠷᠢᠶᠠᠯ ᠤᠨ ᠬᠠᠨᠭ᠍ᠭᠠᠯᠭ᠎ᠠ ᠶᠢᠨ ᠪᠠᠶᠢᠳᠠᠯ ᠵᠢᠴᠢ ᠲᠠᠷᠢᠶᠠᠴᠢᠳ ᠤᠨ ᠦᠢᠯᠡᠳᠪᠤᠷᠢᠯᠡᠯ ᠤᠨ ᠬᠠᠷᠠᠯᠳᠠ ᠪᠠᠨ ᠦᠨᠳᠦᠰᠦᠯᠡᠵᠤ ᠲᠤᠰᠬᠠᠢ ᠠᠵᠢᠯ ᠤᠨ ᠵᠢᠷᠤᠭ ᠲᠦᠯᠦᠪᠯᠡᠭᠡ᠂ ᠰᠤᠳᠤᠯᠭᠠᠨ ᠪᠤᠶᠤ ᠮᠡᠷᠭᠡᠵᠢᠯ ᠲᠡᠯᠭᠡᠷᠡᠭᠦᠯᠭᠦ ᠰᠠᠯᠠᠭ᠎ᠠ ᠮᠦᠴᠢᠷ ᠵᠢᠴᠢ ᠬᠠᠰᠢᠷ ᠲᠠᠷᠢᠶᠠᠴᠢᠳ ᠠᠴᠠ ᠠᠰᠠᠭᠤᠨ ᠰᠤᠷᠠᠵᠦ᠂ ᠲᠤᠬᠠᠢ ᠶᠢᠨ ᠭᠠᠵᠠᠷ ᠤᠨ ᠲᠤᠷᠰᠢᠯᠭ᠎ᠠ ᠲᠠᠢ ᠲᠠᠷᠢᠶᠠᠴᠢᠳ ᠤᠨ ᠪᠦᠳᠦᠭᠡᠨ ᠪᠠᠶᠢᠭᠤᠯᠤᠠᠠᠰᠠᠨ ᠦᠯᠢᠭᠡᠷ ᠭᠡᠪ ᠢᠶᠠᠷ ᠯᠠᠪᠯᠠᠯᠳᠠ ᠪᠤᠯᠭᠠᠵᠤ ᠨᠠᠷᠠᠯᠠᠭ ᠭᠦᠯᠡᠮᠵᠢ ᠶᠢᠨ ᠭᠧᠤᠮᠧᠲᠷᠢ ᠶᠢᠨ ᠭᠡᠮᠵᠢᠯ ᠢ ᠵᠤᠭᠢᠰᠳᠠᠢ ᠲᠤᠠᠠᠳᠠᠭᠠᠬᠤ ᠭᠡᠷᠡᠭᠳᠡᠢ᠃ ᠤᠴᠢᠷ ᠨᠢ ᠲᠤᠯᠠᠭᠠᠨ ᠢ ᠬᠠᠳᠠᠭᠠᠯᠠᠬᠤ ᠪᠤᠯ ᠭᠦᠯᠡᠮᠵᠢ ᠶᠢᠨ ᠲᠤᠳᠤᠷᠠᠭᠢ ᠢᠯᠴᠢ ᠶᠢᠨ ᠵᠠᠳᠠᠷᠠᠯᠳᠠ ᠶᠢ ᠬᠤᠷᠢᠠᠠᠯᠠᠬᠤ ᠠᠷᠭ᠎ᠠ ᠭᠡᠮᠵᠢᠶ᠎ᠠ ᠮᠦᠨ᠃ ᠭᠡᠭᠦ ᠳᠡᠭᠡᠨ ᠭᠦᠯᠡᠮᠵᠢ ᠶᠢᠨ ᠲᠤᠳᠤᠷᠠᠭᠢ ᠢᠯᠴᠢ ᠶᠢᠨ ᠭᠡᠮᠵᠢᠶ᠎ᠠ ᠶᠢᠨ ᠶᠡᠭᠡ ᠪᠠᠭ᠎ᠠ ᠨᠢ ᠨᠠᠷᠠᠯᠠᠭ ᠭᠦᠯᠡᠮᠵᠢ ᠶᠢᠨ ᠡᠳᠤᠷ ᠲᠤ ᠨᠡᠷᠡᠨ ᠤ ᠡᠨᠧᠷᠭᠢ ᠶᠢ ᠲᠤᠰᠴᠤ ᠬᠤᠷᠢᠶ᠋ᠬᠠᠰᠠᠨ ᠶᠡᠭᠡ ᠪᠠᠭ᠎ᠠ ᠪᠠᠷ ᠲᠤᠠᠠᠳᠠᠭᠠᠠᠠᠳᠠᠳᠠᠭ᠃ ᠵᠢᠱᠢᠶᠡᠯᠡᠪᠡᠯ ᠲᠠᠪᠤᠨ ᠡᠳᠤᠷ ᠠᠴᠠ ᠲᠡᠭᠡᠭᠰᠢ ᠪᠦᠷᠭᠦ᠋ᠢᠵᠤ ᠪᠤᠷᠤᠭᠠᠯᠠᠪᠠᠯ ᠭᠡᠳᠦᠢ ᠰᠠᠶᠢᠨ ᠲᠤᠯᠠᠭᠠᠨ ᠢ ᠬᠠᠳᠠᠭᠠᠯᠠᠬᠤ ᠭᠦᠯᠡᠮᠵᠢ ᠴᠤ ᠭᠡᠳ ᠨᠡᠷᠡᠨ ᠤ ᠰᠠᠴᠤᠷᠠᠭ ᠠᠴᠠ ᠢᠯᠴᠢ ᠭᠦᠷᠳᠡᠵᠤ ᠴᠢᠳᠠᠬᠤ ᠦᠭᠡᠢ ᠲᠤᠯᠠ ᠲᠠᠷᠢᠮᠠᠯ ᠤᠨ ᠭᠡᠪ ᠤᠨ ᠤᠷᠭᠤᠯᠳᠠ ᠶᠢᠨ ᠭᠡᠷᠡᠭᠴᠡᠭᠡ ᠪᠦᠭᠦᠢ ᠲᠤᠯᠠᠭᠠᠨ ᠤ ᠭᠡᠮᠵᠢᠶ᠎ᠠ ᠶᠢ ᠨᠢ ᠪᠠᠳᠤᠯᠠᠵᠤ ᠴᠢᠳᠠᠬᠤ ᠦᠭᠡᠢ ᠶᠤᠮ᠃ ᠡᠶᠢᠮᠤ ᠠᠴᠠ ᠭᠦᠯᠡᠮᠵᠢ ᠶᠢᠨ ᠲᠤᠯᠠᠭᠠᠨ ᠢ ᠰᠠᠶᠢᠨ ᠬᠠᠳᠠᠭᠠᠯᠠᠵᠤ ᠭᠦᠯᠡᠮᠵᠢ ᠶᠢᠨ ᠰᠦᠨᠢ ᠶᠢᠨ ᠲᠤᠯᠠᠭᠠᠨ ᠢ ᠪᠠᠳᠤᠯᠠᠬᠤ ᠳᠤ ᠡᠩ ᠲᠠᠷᠢᠭᠦᠨ ᠳᠤ ᠡᠳᠤᠷ ᠲᠡᠭᠡᠨ ᠨᠠᠷᠠᠨ ᠤ ᠡᠨᠧᠷᠭᠢ ᠶᠢ ᠨᠡᠩ ᠢᠯᠡᠭᠦᠤ ᠭᠦᠷᠳᠡᠭᠦ ᠠᠴᠠ ᠭᠠᠷᠳᠠᠬᠤ ᠭᠡᠷᠡᠭᠳᠡᠢ᠃ ᠨᠠᠷᠠᠯᠠᠭ ᠭᠦᠯᠡᠮᠵᠢ ᠶᠢᠨ ᠲᠠᠯᠠᠪᠠᠢ ᠨᠢᠭᠡᠴᠢ ᠶᠢᠨ ᠨᠡᠩ ᠰᠠᠶᠢᠨ ᠭᠦᠷᠳᠡᠵᠤ ᠲᠡᠶᠢᠯᠭᠦ ᠨᠡᠷᠡᠨ ᠤ ᠰᠠᠴᠤᠷᠠᠭ ᠨᠢ ᠲᠤᠬᠠᠢ ᠶᠢᠨ ᠭᠠᠵᠠᠷ ᠤᠨ ᠭᠠᠵᠠᠷ ᠵᠦᠢ ᠶᠢᠨ ᠦᠷᠭᠡᠷᠢᠭ᠂ ᠶᠡᠭᠡ ᠠᠭᠠᠷ ᠤᠨ ᠲᠤᠩᠭᠠᠯᠠᠬ ᠤᠨ ᠬᠡᠮᠵᠢᠶ᠎ᠠ ᠪᠤᠯᠤᠨ ᠭᠦᠯᠡᠮᠵᠢ ᠶᠢᠨ ᠭᠧᠤᠮᠧᠲᠷᠢ ᠶᠢᠨ ᠭᠡᠮᠵᠢᠯ ᠯᠦᠭᠡ ᠰᠢᠭᠤᠳ ᠬᠤᠯᠪᠤᠭ᠎ᠠ ᠲᠠᠢ ᠪᠠᠶᠢᠳᠠᠭ᠃ ᠡᠪᠤᠯ ᠳᠡᠭᠡᠨ ᠨᠠᠷᠠᠨ ᠤ ᠰᠠᠴᠤᠷᠠᠭ ᠨᠢ ᠭᠠᠵᠠᠷ ᠵᠦᠢ ᠶᠢᠨ ᠦᠷᠭᠡᠷᠢᠭ ᠤᠨ ᠦᠨᠳᠦᠷᠵᠢᠬᠦ ᠶᠢ ᠲᠠᠭᠠᠯᠳᠤᠨ ᠢᠳᠡᠭ ᠢᠳᠡᠭ ᠢᠶᠠᠷ ᠪᠠᠭᠤᠷᠠᠳᠠᠭ ᠪᠤᠯᠬᠤᠷ ᠭᠦᠯᠡᠮᠵᠢ ᠶᠢᠨ ᠠᠯᠭᠠᠰᠠᠯ ᠵᠠᠢ ᠶᠢ ᠪᠦᠳᠦᠭᠡᠨ ᠪᠠᠶᠢᠭᠤᠯᠬᠤ ᠭᠠᠵᠠᠷ ᠤᠷᠤᠨ ᠤ ᠭᠠᠵᠠᠷ ᠵᠦᠢ ᠶᠢᠨ ᠦᠷᠭᠡᠷᠢᠭ ᠤᠨ ᠦᠨᠳᠦᠷᠵᠢᠬᠦ ᠶᠢ ᠲᠠᠭᠠᠯᠳᠤᠨ ᠠᠯᠬᠤᠮ ᠠᠯᠬᠤᠮ ᠢᠶᠠᠷ ᠪᠠᠭᠠᠰᠬᠠᠬᠤ ᠪᠤᠶᠤ ᠠᠳᠠᠯᠢ ᠠᠯᠭᠠᠰᠠᠯ ᠵᠠᠢ ᠲᠠᠢ ᠪᠠᠶᠢᠯᠭᠠᠬᠤ ᠶᠢ ᠪᠠᠳᠤᠯᠬᠠᠰᠠᠨ ᠨᠦᠭᠦᠴᠡᠯ ᠲᠤᠤᠷ᠎ᠠ ᠭᠦᠯᠡᠮᠵᠢ ᠶᠢᠨ ᠤᠷᠤᠢ ᠶᠢᠨ ᠦᠨᠳᠤᠷ ᠢ ᠬᠠᠷᠢᠴᠠᠩᠭᠤᠢ ᠪᠠᠷ ᠦᠨᠳᠦᠷᠵᠢᠭᠦᠯᠭᠦ ᠭᠡᠷᠡᠭᠳᠡᠢ᠃ ᠶᠠᠷᠦᠩᠭᠡᠢ ᠳᠡᠭᠡᠨ ᠤᠮᠠᠷᠠᠳᠤ ᠦᠷᠭᠡᠷᠢᠭ ᠤᠨ 40° ᠤᠨ ᠭᠠᠵᠠᠷ ᠤᠷᠤᠨ ᠤ ᠨᠠᠷᠠᠯᠠᠭ ᠠᠯᠭᠠᠰᠠᠯ ᠵᠠᠢ ᠶᠢ 6~8m ᠪᠠᠶᠢᠯᠭᠠᠵᠤ᠂ ᠦᠷᠭᠡᠷᠢᠭ ᠤᠨ ᠭᠡᠮᠵᠢᠶ᠎ᠠ 1° ᠦᠨᠳᠤᠷᠵᠢᠭᠦ ᠪᠤᠶᠤ ᠲᠤᠷᠤᠠᠠᠰᠢᠯᠠᠬᠤ ᠳᠤ ᠭᠦᠯᠡᠮᠵᠢ ᠶᠢᠨ ᠠᠯᠭᠠᠰᠠᠯ ᠵᠠᠢ ᠶᠢ ᠬᠠᠷᠢᠴᠠᠩᠭᠤᠢ ᠪᠠᠷ 0.5m ᠦᠨᠳᠤᠷᠵᠢᠭᠦᠯᠭᠦ ᠪᠤᠶᠤ ᠲᠤᠷᠤᠠᠠᠰᠢᠯᠠᠭᠤᠯᠬᠤ ᠭᠡᠷᠡᠭᠳᠡᠢ᠃ ᠠᠷᠤ ᠭᠡᠷᠡᠮ ᠤᠨ ᠲᠤᠰᠬᠠᠯᠳᠠ ᠶᠢᠨ ᠦᠷᠭᠡᠨ ᠤ ᠭᠡᠮᠵᠢᠶ᠎ᠠ ᠨᠢ ᠨᠠᠷᠠᠯᠠᠭ ᠭᠦᠯᠡᠮᠵᠢ ᠶᠢᠨ ᠲᠤᠯᠠᠭᠠᠨ ᠢ ᠬᠠᠳᠠᠭᠠᠯᠠᠬᠤ ᠬᠠᠷᠢᠴᠠᠯ ᠢ ᠰᠢᠭᠤᠳ ᠨᠦᠯᠦᠭᠡᠯᠡᠳᠡᠭ᠃ ᠲᠤᠬᠠᠶᠢᠯᠠᠪᠠᠯ ᠢᠯᠴᠢ ᠬᠠᠳᠠᠭᠠᠯᠠᠬᠤ ᠪᠦᠰᠡᠯᠢᠭ ᠪᠦᠳᠦᠴᠡ ᠶᠢᠨ ᠲᠠᠯᠠᠪᠠᠢ ᠭᠢᠭᠡᠳ ᠭᠠᠵᠠᠷ ᠲᠠᠯᠠᠪᠠᠢ ᠶᠢᠨ ᠨᠠᠶᠢᠯᠡᠪᠤᠷᠢ ᠨᠢ ᠢᠯᠴᠢ ᠵᠠᠳᠠᠷᠠᠭᠤᠯᠬᠤ ᠪᠦᠰᠡᠯᠢᠭ ᠪᠦᠳᠦᠴᠡ ᠶᠢᠨ ᠲᠠᠯᠠᠪᠠᠢ ᠲᠠᠢ ᠠᠳᠠᠯᠢ ᠬᠠᠷᠢᠴᠠᠯ ᠲᠠᠢ ᠪᠠᠶᠢᠬᠤ ᠭᠡᠷᠡᠭᠳᠡᠢ᠃ ᠨᠠᠷᠠᠯᠠᠭ ᠭᠦᠯᠡᠮᠵᠢ ᠪᠠᠷ ᠠᠪᠴᠤ ᠭᠡᠯᠡᠪᠡᠯ ᠠᠷᠤ ᠭᠡᠷᠡᠮ᠂ ᠠᠷᠤ ᠭᠡᠷ ᠤᠨ ᠲᠠᠯᠠᠪᠠᠢ ᠨᠢ ᠴᠦᠮ ᠢᠯᠴᠢ ᠬᠠᠳᠠᠭᠠᠯᠠᠬᠤ ᠪᠦᠰᠡᠯᠢᠭ ᠪᠦᠳᠦᠴᠡ ᠪᠤᠯᠤᠨ᠎ᠠ᠃ ᠡᠶᠢᠮᠤ ᠠᠴᠠ ᠠᠷᠤ ᠭᠡᠷᠡᠮ ᠤᠨ ᠲᠤᠰᠠᠬᠯᠳᠠ ᠶᠢᠨ ᠦᠷᠭᠡᠴᠡ ᠶᠢᠨ ᠭᠡᠮᠵᠢᠶ᠎ᠠ ᠨᠢ ᠤᠯᠠᠮ ᠶᠡᠭᠡᠰᠭᠦ ᠲᠤᠳᠤᠮ ᠭᠡᠷᠡᠯ ᠭᠦᠷᠳᠡᠭᠦ ᠡᠮᠦᠨ᠎ᠠ ᠭᠡᠷᠡᠮ ᠤᠨ ᠡᠵᠡᠯᠡᠭᠦ ᠪᠦᠰᠡᠯᠢᠭ ᠪᠦᠳᠦᠴᠡ ᠶᠢᠨ ᠬᠠᠷᠢᠴᠠᠯ ᠨᠢ ᠤᠯᠠᠮ ᠪᠠᠭᠠᠰᠴᠤ᠂ ᠭᠦᠯᠡᠮᠵᠢ ᠶᠢᠨ ᠲᠤᠯᠠᠭᠠᠨ ᠢ ᠬᠠᠳᠠᠭᠠᠯᠠᠬᠤ ᠴᠢᠳᠠᠪᠤᠷᠢ ᠨᠢ ᠤᠯᠠᠮ ᠰᠠᠶᠢᠨ ᠪᠤᠯᠳᠠᠭ᠃ ᠭᠡᠭᠦ ᠳᠡᠭᠡᠨ ᠭᠦᠯᠡᠮᠵᠢ ᠪᠠᠶᠢᠭᠤᠯᠬᠤ ᠳᠠᠭᠠᠨ ᠠᠷᠤ ᠭᠡᠷᠡᠮ ᠤᠨ ᠲᠤᠰᠬᠠᠯᠳᠠ ᠶᠢᠨ ᠦᠷᠭᠡᠴᠡ ᠶᠢᠨ ᠭᠡᠮᠵᠢᠶ᠎ᠠ ᠶᠢ ᠨᠡᠮᠡᠭᠳᠡᠭᠦᠯᠭᠦ ᠪᠠᠷ ᠭᠦᠭᠡᠭᠡᠴᠡᠯᠳᠦᠵᠤ ᠪᠤᠯᠬᠤ ᠦᠭᠡᠢ᠃ ᠤᠴᠢᠷ ᠨᠢ ᠠᠷᠤ ᠭᠡᠷᠡᠮ ᠤᠨ ᠲᠤᠰᠬᠠᠯᠳᠠ ᠶᠢᠨ ᠦᠷᠭᠡᠴᠡ ᠶᠢᠨ ᠭᠡᠮᠵᠢᠶ᠎ᠠ ᠶᠢ ᠭᠡᠳᠦᠷᠭᠡᠢ ᠶᠡᠭᠡᠰᠬᠡᠪᠡᠯ ᠵᠤᠨ ᠤ ᠴᠠᠭ ᠲᠤ ᠭᠦᠯᠡᠮᠵᠢ ᠶᠢᠨ ᠠᠷᠤ ᠲᠠᠯ᠎ᠠ ᠶᠢᠨ ᠭᠡᠷᠡᠯ ᠢ ᠨᠢ ᠬᠠᠯᠬᠠᠯᠠᠬᠤ ᠪᠤᠯᠤᠨ᠎ᠠ᠃ ᠶᠠᠷᠦᠩᠭᠡᠢ ᠳᠡᠭᠡᠨ ᠤᠮᠠᠷᠠᠳᠤ ᠦᠷᠭᠡᠷᠢᠭ ᠤᠨ 40° ᠤᠨ ᠭᠠᠵᠠᠷ ᠤᠷᠤᠨ ᠤ ᠨᠠᠷᠠᠯᠠᠭ ᠭᠦᠯᠡᠮᠵᠢ ᠶᠢᠨ ᠠᠷᠤ ᠭᠡᠷᠡᠮ ᠤᠨ ᠲᠤᠰᠬᠠᠯᠳᠠ ᠶᠢᠨ ᠦᠷᠭᠡᠴᠡ ᠶᠢ ᠤᠯᠠᠩᠭᠢ ᠳᠠᠭᠠᠨ 1.2m ᠤᠷᠴᠢᠮ ᠪᠠᠶᠢᠯᠭᠠᠵᠤ᠂ ᠦᠷᠭᠡᠷᠢᠭ ᠤᠨ ᠦᠨᠳᠤᠷᠵᠢᠬᠦ ᠪᠤᠯᠤᠨ ᠭᠠᠳᠠᠨᠠᠭᠢ ᠲᠤᠯᠠᠭᠠᠨ ᠤ ᠭᠡᠮᠵᠢᠶ᠎ᠠ ᠶᠢᠨ ᠪᠠᠭᠤᠷᠠᠯ ᠢ ᠲᠠᠭᠠᠯᠳᠤᠭᠤᠯᠤᠨ ᠠᠷᠤ ᠭᠡᠷᠡᠮ ᠤᠨ ᠲᠤᠰᠬᠠᠯᠳᠠ ᠶᠢᠨ ᠦᠷᠭᠡᠴᠡ ᠶᠢ ᠲᠤᠭᠢᠳᠡᠢ ᠨᠡᠮᠡᠭᠳᠡᠭᠦᠯᠵᠤ ᠪᠤᠯᠤᠨ᠎ᠠ᠃ ᠭᠡᠪᠡᠴᠤ ᠠᠯᠢ ᠤᠷᠳᠤ ᠳᠠᠭᠠᠨ 2m ᠤᠨ ᠤᠷᠴᠢᠮ ᠳᠤ ᠭᠢᠵᠠᠭᠠᠷᠯᠠᠵᠤ᠂ ᠠᠯᠢ ᠪᠤᠭᠤᠨᠢ ᠳᠠᠭᠠᠨ 1m ᠤᠷᠴᠢᠮ ᠪᠠᠶᠢᠯᠭᠠᠬᠤ ᠭᠡᠷᠡᠭᠳᠡᠢ᠃ ᠨᠠᠷᠠᠯᠠᠭ ᠭᠦᠯᠡᠮᠵᠢ ᠶᠢᠨ ᠨᠢᠷᠤᠭᠤ ᠶᠢᠨ ᠦᠨᠳᠤᠷ ᠪᠤᠯᠤᠨ ᠠᠷᠤ ᠭᠡᠷᠡᠮ ᠤᠨ ᠦᠨᠳᠤᠷᠴᠡ ᠨᠢ ᠭᠦᠯᠡᠮᠵᠢ ᠶᠢᠨ ᠤᠷᠤᠨ ᠵᠠᠢ ᠶᠢᠨ ᠦᠨᠳᠤᠷᠴᠡ ᠶᠢ ᠲᠤᠠᠠᠳᠠᠭᠠᠳᠠᠭ᠃ ᠭᠦᠯᠡᠮᠵᠢ ᠶᠢᠨ ᠤᠷᠤᠨ ᠵᠠᠢ ᠨᠢ ᠭᠡᠳᠦᠢ ᠶᠡᠭᠡ ᠪᠤᠯ ᠢᠯᠴᠢ ᠬᠠᠳᠠᠭᠠᠯᠠᠬᠤ ᠴᠢᠳᠠᠪᠤᠷᠢ ᠨᠢ ᠲᠡᠳᠦᠢ ᠰᠠᠶᠢᠨ ᠪᠠᠶᠢᠵᠤ᠂ ᠭᠦᠯᠡᠮᠵᠢ ᠶᠢᠨ ᠤᠷᠴᠢᠨ ᠪᠠᠶᠢᠳᠠᠯ ᠴᠤ ᠲᠡᠩᠴᠡᠭᠦᠷᠢᠳᠡᠢ ᠪᠤᠯᠳᠠᠭ᠃ ᠡᠶᠢᠮᠤ ᠠᠴᠠ ᠤᠶᠢᠷ᠎ᠠ ᠶᠢᠨ ᠵᠢᠯ ᠤᠳ ᠲᠤ ᠨᠠᠷᠠᠯᠠᠭ ᠭᠦᠯᠡᠮᠵᠢ ᠶᠠᠪᠤᠬᠤ ᠲᠤᠳᠤᠮ ᠢᠶᠠᠨ ᠲᠤᠮᠤᠴᠢᠯᠠᠬᠤ ᠵᠦᠭ ᠭᠦᠭᠵᠢᠵᠤ ᠪᠠᠶᠢᠨ᠎ᠠ᠃ ᠭᠡᠪᠡᠴᠤ ᠤᠷᠤᠨ ᠵᠠᠢ ᠶᠢᠨ ᠶᠡᠭᠡᠰᠦᠯ ᠨᠢ ᠭᠦᠯᠡᠮᠵᠢ ᠳᠤ ᠪᠤᠭᠤᠨᠢ ᠤᠷᠭᠤᠴᠠ ᠶᠢᠨ ᠲᠠᠷᠢᠮᠠᠯ ᠲᠠᠷᠢᠬᠤ ᠳᠤ ᠠᠰᠢᠭ ᠦᠭᠡᠢ ᠶᠤᠮ᠃ ᠶᠠᠭᠠᠭᠢᠭᠠᠳ ᠭᠡᠪᠡᠯ ᠬᠠᠯᠠᠭᠤᠨ ᠠᠭᠠᠷ ᠨᠢ ᠭᠦᠯᠡᠮᠵᠢ ᠶᠢᠨ ᠲᠡᠭᠡᠳᠤ ᠭᠡᠰᠡᠭ ᠤᠨ ᠤᠷᠤᠨ ᠵᠠᠢ ᠳᠤ ᠤᠷᠤᠰᠢᠵᠤ ᠪᠠᠶᠢᠳᠠᠭ ᠲᠤᠯᠠ ᠲᠤᠤᠷᠠᠳᠤ ᠭᠡᠰᠡᠭ ᠤᠨ ᠤᠷᠤᠨ ᠵᠠᠢ ᠶᠢᠨ ᠲᠤᠯᠠᠭᠠᠨ ᠤ ᠭᠡᠮᠵᠢᠶ᠎ᠠ ᠨᠢ ᠬᠠᠷᠢᠴᠠᠩᠭᠤᠢ ᠪᠠᠷ ᠲᠤᠤᠷ᠎ᠠ ᠪᠠᠶᠢᠳᠠᠭ᠃ ᠡᠶᠢᠮᠤ ᠠᠴᠠ ᠭᠦᠯᠡᠮᠵᠢ ᠶᠢᠨ ᠤᠷᠤᠨ ᠵᠠᠢ ᠶᠢᠨ ᠦᠨᠳᠤᠷᠴᠡ ᠶᠢ ᠪᠤᠯ ᠵᠠᠪᠠᠯ ᠭᠦᠯᠡᠮᠵᠢ ᠳᠤ ᠲᠠᠷᠢᠬᠤ ᠲᠠᠷᠢᠮᠡᠯ ᠢᠶᠠᠨ ᠦᠨᠳᠦᠰᠦᠯᠡᠨ ᠲᠤᠠᠠᠳᠠᠭᠠᠬᠤ ᠭᠡᠷᠡᠭᠳᠡᠢ᠃ 5. ᠨᠠᠷᠠᠯᠠᠭ ᠭᠦᠯᠡᠮᠵᠢ ᠶᠢᠨ ᠭᠤᠤᠯ ᠪᠦᠳᠦᠴᠡ ᠨᠢ ᠶᠠᠮᠠᠷ ᠭᠡᠯᠪᠡᠷᠢ ᠲᠠᠢ ᠪᠤᠢ︖ ᠲᠠᠷᠠ ᠨᠢ ᠲᠤᠯᠠᠭᠠᠨ ᠢ ᠬᠠᠳᠠᠭᠠᠯᠠᠬᠤ ᠲᠠᠢ ᠶᠠᠮᠠᠷ ᠬᠠᠷᠢᠴᠠᠭ᠎ᠠ ᠲᠠᠢ ᠪᠤᠢ︖ ᠭᠦᠯᠡᠮᠵᠢ ᠶᠢᠨ ᠪᠦᠳᠦᠭᠡᠨ ᠪᠠᠶᠢᠭᠤᠯᠬᠤ ᠭᠧᠤᠮᠧᠲᠷᠢ ᠶᠢᠨ ᠭᠡᠮᠵᠢᠭᠳᠡᠯ ᠢ ᠲᠤᠠᠠᠳᠠᠭᠠᠠᠠᠰᠠᠨ ᠤ ᠰᠡᠭᠦᠯᠡᠷ ᠲᠤᠭᠢᠷᠠᠮᠵᠢᠳᠡᠢ ᠭᠦᠯᠡᠮᠵᠢ ᠶᠢᠨ ᠪᠦᠳᠦᠴᠡ ᠶᠢᠨ ᠭᠡᠯᠪᠡᠷᠢ ᠶᠢ ᠰᠤᠩᠭᠤᠬᠤ ᠨᠢ ᠭᠦᠯᠡᠮᠵᠢ ᠶᠢᠨ ᠲᠤᠯᠠᠭᠠᠨ ᠢ ᠬᠠᠳᠠᠭᠠᠯᠠᠬᠤ ᠴᠢᠳᠠᠪᠤᠷᠢ ᠶᠢ ᠲᠡᠭᠡᠭᠰᠢᠯᠡᠭᠦᠯᠭᠦ ᠳᠤ ᠲᠤᠩ ᠴᠢᠬᠤᠯᠠ ᠠᠴᠢ ᠬᠤᠯᠪᠤᠠᠠᠳᠠᠯ ᠲᠠᠢ ᠶᠤᠮ᠃ ᠨᠠᠷᠠᠯᠠᠭ ᠭᠦᠯᠡᠮᠵᠢ ᠶᠢᠨ ᠪᠦᠳᠦᠴᠡ ᠶᠢᠨ ᠭᠡᠯᠪᠡᠷᠢ ᠨᠢ ᠭᠡᠪᠡᠯ ᠭᠤᠤᠯ ᠨᠢ ᠠᠷᠤ ᠭᠡᠷᠡᠮ ᠢ ᠵᠢᠭᠠᠵᠤ ᠪᠠᠶᠢᠳᠠᠭ᠃ ᠤᠯᠠᠮᠵᠢᠯᠠᠯᠳᠤ ᠠᠷᠭ᠎ᠠ ᠪᠠᠷ ᠪᠤᠯ ᠠᠷᠤ ᠭᠡᠷᠡᠮ ᠢᠶᠠᠨ ᠭᠤᠤᠯ ᠨᠢ ᠬᠠᠭᠤᠷᠠᠢ ᠪᠠᠷ ᠭᠡᠷᠡᠮ ᠪᠠᠷᠢᠬᠤ᠂ ᠡᠪᠡᠰᠤ ᠰᠢᠪᠠᠷ ᠢᠶᠠᠷ ᠤᠪᠤᠭᠠᠯᠠᠵᠤ ᠪᠤᠰᠬᠠᠬᠤ᠂ ᠰᠢᠷᠤᠢ ᠪᠠᠷ ᠭᠡᠷᠡᠮ ᠪᠠᠷᠢᠬᠤ᠂ ᠲᠤᠭᠤᠰᠬᠠᠨ ᠭᠡᠷᠡᠮ ᠪᠠ ᠲᠤᠭᠤᠰᠬᠠᠨ ᠨᠡᠶᠢᠯᠡᠮᠡᠯ ᠭᠡᠷᠡᠮ ᠵᠡᠷᠭᠡ ᠪᠠᠶᠢᠳᠠᠭ᠃ ᠬᠠᠭᠤᠷᠠᠢ ᠭᠡᠷᠡᠮ ᠨᠦᠳᠦᠵᠤ ᠪᠤᠰᠬᠠᠬᠤ ᠨᠢ ᠭᠠᠩ ᠬᠠᠭᠤᠷᠠᠢ ᠪᠤᠷᠤᠭᠠᠨ ᠪᠠᠭ᠎ᠠ ᠲᠠᠢ ᠪᠠᠷᠠᠭᠤᠨ ᠬᠤᠶᠢᠳᠤ ᠶᠢᠨ ᠭᠠᠵᠠᠷ ᠤᠷᠤᠨ ᠳᠤ ᠲᠤᠭᠢᠷᠠᠨ᠎ᠠ᠃ ᠭᠡᠷᠡᠮ ᠤᠨ ᠴᠤᠠᠠᠴᠠ ᠶᠢᠨ ᠵᠤᠵᠠᠭᠠᠴᠠ ᠶᠢ ᠶᠠᠷᠦᠩᠭᠡᠢ ᠳᠡᠭᠡᠨ 0.6~1.0m ᠪᠠᠶᠢᠯᠭᠠᠨ᠎ᠠ᠃ ᠰᠢᠷ᠎ᠠ ᠰᠢᠷᠤᠢ ᠪᠤᠯᠤᠨ ᠨᠠᠩᠭᠢ ᠰᠢᠷᠤᠢ ᠨᠢ ᠬᠠᠭᠤᠷᠠᠢ ᠪᠠᠷ ᠨᠦᠳᠦᠵᠤ ᠪᠤᠰᠬᠠᠬᠤ ᠳᠤ ᠲᠤᠭᠢᠷᠠᠮᠵᠢᠳᠡᠢ᠂ ᠡᠯᠡᠰᠤ ᠲᠠᠢ ᠰᠢᠷᠤᠢ ᠲᠤᠭᠢᠷᠠᠬᠤ ᠦᠭᠡᠢ᠃ ᠭᠡᠷᠡᠮ ᠪᠤᠰᠬᠠᠬᠤ ᠳᠤ ᠴᠢᠭᠢᠭᠯᠢᠭ ᠰᠢᠷᠤᠢ ᠶᠢ ᠭᠡᠷᠡᠭᠯᠡᠭᠦ ᠭᠡᠷᠡᠭᠳᠡᠢ᠃ ᠰᠢᠷᠤᠢ ᠨᠢ ᠭᠡᠳᠦᠷᠭᠡᠢ ᠬᠠᠭᠤᠷᠠᠢ ᠪᠠᠶᠢᠪᠠᠯ ᠵᠢᠭᠠᠬᠠᠨ ᠤᠰᠤ ᠰᠦᠷᠴᠢᠨ ᠴᠢᠭᠢᠭᠳᠦᠭᠦᠯᠵᠤ᠂ ᠤᠳᠠᠭ᠎ᠠ ᠪᠦᠷᠢ 20cm ᠵᠤᠵᠠᠭᠠᠨ ᠲᠠᠪᠢᠰᠭᠦ ᠪᠦᠷᠢ ᠰᠠᠶᠢᠳᠤᠷ ᠬᠠᠨᠭ᠍ᠳᠠᠨ ᠲᠠᠷᠤᠵᠤ᠂ ᠵᠠᠢ ᠵᠠᠪᠰᠠᠷ ᠲᠠᠢ ᠪᠤᠯᠬᠤ ᠠᠴᠠ ᠰᠡᠷᠭᠡᠶᠢᠯᠡᠭᠦ ᠭᠡᠷᠡᠭᠳᠡᠢ᠃ ᠢᠡᠭᠭᠢᠵᠤ ᠪᠠᠷᠢᠭᠰᠠᠨ ᠭᠡᠷᠡᠮ ᠤᠨ ᠢᠯᠴᠢ ᠬᠠᠳᠠᠭᠠᠯᠠᠬᠤ ᠨᠢ ᠰᠠᠶᠢᠨ ᠪᠠᠶᠢᠵᠤ᠂ ᠭᠠᠩ ᠬᠠᠭᠤᠷᠠᠢ ᠪᠠᠶᠢᠳᠠᠯ ᠲᠤᠤᠷ᠎ᠠ ᠴᠤ ᠵᠤᠭᠢᠬᠤ ᠭᠡᠮᠵᠢᠶᠠᠨ ᠤ ᠲᠤᠯᠠᠭᠠᠨ ᠢ ᠬᠠᠳᠠᠭᠠᠯᠠᠵᠤ ᠴᠢᠳᠠᠨ᠎ᠠ᠃ ᠡᠯᠡᠰᠤ ᠶᠡᠭᠡᠳᠡᠢ ᠰᠢᠷᠤᠢ ᠪᠤᠯ ᠡᠪᠡᠰᠤ ᠭᠢᠵᠤ ᠰᠢᠪᠠᠷ ᠭᠡᠷᠡᠮ ᠪᠤᠰᠬᠠᠵᠤ ᠪᠤᠯᠤᠨ᠎ᠠ᠃ ᠰᠢᠪᠠᠷ ᠢᠶᠠᠷ ᠭᠡᠷᠡᠮ ᠪᠤᠰᠬᠠᠬᠤ ᠳᠠᠭᠠᠨ ᠤᠷᠢᠳ ᠢᠶᠠᠷ ᠰᠢᠪᠠᠷ ᠪᠤᠯᠤᠨ ᠡᠪᠡᠰᠤ ᠪᠠᠨ ᠰᠠᠶᠢᠳᠤᠷ ᠨᠡᠶᠢᠴᠡᠭᠦᠯᠦᠨ ᠪᠠᠭᠰᠤᠷᠴᠤ ᠲᠠᠭᠢᠨ ᠲᠡᠭᠡᠷ᠎ᠡ ᠨᠢ ᠤᠰᠤ ᠰᠦᠷᠴᠢᠨ ᠴᠢᠭᠢᠭᠳᠦᠭᠦᠯᠵᠤ᠂ ᠲᠠᠪᠬᠤᠷᠭ᠎ᠠ ᠲᠠᠪᠬᠤᠷᠭ᠎ᠠ ᠪᠠᠷ ᠲᠠᠪᠳᠠᠨ ᠤᠪᠤᠭᠠᠯᠠᠵᠤ᠂ ᠲᠠᠪᠬᠤᠷᠭ᠎ᠠ ᠪᠦᠷᠢ ᠶᠢᠨ ᠵᠤᠵᠠᠭᠠᠨ ᠢ 20~30cm ᠪᠠᠶᠢᠯᠭᠠᠵᠤ᠂ ᠡᠳᠤᠷ ᠪᠦᠷᠢ ᠨᠢᠭᠡ ᠯᠡ ᠲᠠᠪᠬᠤᠷᠭ᠎ᠠ ᠲᠠᠪᠳᠡᠵᠤ᠂ ᠤᠨᠠᠵᠤ ᠨᠤᠷᠠᠬᠤ ᠠᠴᠠ ᠰᠡᠷᠭᠡᠶᠢᠯᠡᠭᠦ ᠭᠡᠷᠡᠭᠳᠡᠢ᠃ ᠭᠡᠷᠡᠮ ᠤᠨ ᠵᠤᠵᠠᠭᠠᠴᠠ ᠶᠢ ᠰᠢᠷᠤᠢ ᠶᠢᠨ ᠭᠡᠷᠡᠮ ᠤᠨ ᠬᠢ ᠲᠠᠢ ᠠᠳᠠᠯᠢ ᠪᠠᠶᠢᠯᠭᠠᠨ᠎ᠠ᠃ ᠰᠢᠷᠤᠢ ᠶᠢᠨ ᠭᠡᠷᠡᠮ ᠪᠡ ᠰᠢᠪᠠᠷ ᠭᠡᠷᠡᠮ ᠤᠨ ᠲᠤᠯᠠᠭᠠᠨ ᠢ ᠬᠠᠳᠠᠭᠠᠯᠠᠬᠤ ᠴᠢᠳᠠᠪᠤᠷᠢ ᠶᠢ ᠨᠢ ᠴᠢᠨ᠋ᠬᠠᠰᠢᠳᠡ ᠲᠡᠭᠡᠭᠰᠢᠯᠡᠭᠦᠯᠭᠦ ᠶᠢᠨ ᠲᠤᠰᠠᠳᠠ ᠭᠡᠷᠡᠮ ᠢᠶᠠᠨ ᠬᠠᠳ᠋ᠬᠠᠰᠠᠨ ᠤ ᠰᠡᠭᠦᠯᠡᠷ ᠭᠠᠳᠠᠭᠤᠷ ᠨᠢ ᠰᠢᠷᠤᠢ ᠤᠪᠤᠭᠠᠯᠠᠨ ᠭᠦᠢᠳᠡᠨ ᠢ ᠰᠡᠷᠭᠡᠶᠢᠯᠡᠵᠤ᠂ ᠭᠡᠷᠡᠮ ᠤᠨ ᠨᠡᠶᠢᠯᠡᠮᠡᠯ ᠵᠤᠵᠠᠭᠠᠴᠠ ᠶᠢ ᠲᠤᠬᠠᠢ ᠶᠢᠨ ᠭᠠᠵᠠᠷ ᠤᠨ ᠰᠢᠷᠤᠢ ᠭᠦᠯᠳᠡᠭᠦ ᠲᠠᠪᠬᠤᠷᠭ᠎ᠠ ᠶᠢᠨ ᠵᠤᠵᠠᠭᠠᠴᠠ ᠳᠤ ᠭᠦᠷᠦᠭᠦᠯᠭᠦ ᠪᠤᠶᠤ ᠲᠡᠭᠦᠨ ᠠᠴᠠ ᠲᠠᠪᠠᠭᠤᠯᠬᠤ ᠭᠡᠷᠡᠭᠳᠡᠢ᠃ ᠪᠠᠭᠢᠯᠡᠯᠳᠡ ᠭᠡᠷᠡᠮ ᠪᠤᠯ ᠭᠦᠯᠡᠮᠵᠢ ᠶᠢᠨ ᠲᠤᠳᠤᠨ᠎ᠠ ᠭᠠᠳᠠᠨᠠᠭᠢ ᠰᠢᠷᠤᠢ ᠶᠢ ᠮᠠᠯᠳᠠᠭᠤᠷ ᠮᠠᠰᠢᠨ ᠪᠤᠶᠤ ᠰᠢᠷᠤᠢ ᠲᠦᠯᠭᠢᠭᠦ ᠮᠠᠰᠢᠨ ᠢᠶᠠᠷ ᠤᠪᠤᠭᠠᠯᠠᠵᠤ ᠭᠠᠷᠭᠠᠠᠠᠰᠠᠨ ᠭᠡᠷᠡᠮ ᠪᠤᠯᠤᠨ᠎ᠠ᠃ ᠭᠡᠷᠡᠮ ᠪᠠᠷᠢᠬᠤ ᠶᠠᠪᠤᠴᠠ ᠳᠠᠭᠠᠨ ᠲᠠᠪᠬᠤᠷᠭ᠎ᠠ ᠬᠤᠪᠢᠶᠠᠠ ᠨᠢᠠᠠᠳᠠ ᠴᠢᠩᠭ᠎ᠠ ᠲᠠᠷᠤᠵᠤ᠂ ᠶᠠᠷᠦᠩᠭᠡᠢ ᠳᠡᠭᠡᠨ 30~50cm ᠲᠠᠪᠳᠠᠬᠤ ᠪᠦᠷᠢ ᠨᠢᠭᠡ ᠤᠳᠠᠭ᠎ᠠ ᠰᠠᠶᠢᠳᠤᠷ ᠲᠠᠷᠤᠵᠤ᠂ ᠲᠤᠠᠠᠳ᠋ᠬᠠᠰᠠᠨ ᠦᠨᠳᠤᠷ ᠲᠤ ᠲᠤᠯᠤᠠᠠᠰᠠᠨ ᠤ ᠰᠡᠭᠦᠯᠡᠷ ᠲᠤᠳᠤᠷ᠎ᠡ ᠦᠡᠭᠭᠡᠨ ᠲᠠᠯ᠎ᠠ ᠶᠢ ᠨᠢ ᠵᠢᠭᠳᠡ ᠬᠤᠰᠤᠵᠤ ᠴᠡᠪᠡᠷᠯᠡᠭᠦ ᠭᠡᠷᠡᠭᠳᠡᠢ᠃ ᠰᠢᠷᠤᠢ ᠪᠠᠨ ᠤᠪᠤᠭᠠᠯᠠᠵᠤ ᠲᠠᠷᠤᠬᠤ ᠳᠠᠭᠠᠨ ᠴᠤ ᠵᠤᠭᠢᠬᠤ ᠴᠢᠭᠢᠭ ᠲᠠᠢ ᠪᠠᠶᠢᠯᠭᠠᠵᠤ ᠰᠠᠶᠢᠳᠤᠷ ᠲᠠᠷᠤᠵᠤ ᠨᠢᠠᠠᠳᠠᠯᠠᠬᠤ ᠭᠡᠷᠡᠭᠳᠡᠢ᠃ ᠰᠢᠷᠤᠢ ᠶᠢᠨ ᠭᠡᠷᠡᠮ ᠪᠤᠰᠬᠠᠬᠤ ᠳᠠᠭᠠᠨ ᠭᠡᠷᠡᠮ ᠤᠨ ᠰᠠᠭᠤᠷᠢ ᠶᠢ ᠨᠢ ᠦᠷᠭᠡᠨ᠂ ᠲᠡᠭᠡᠷ᠎ᠡ ᠲᠠᠯ᠎ᠠ ᠶᠢ ᠨᠠᠷᠢᠬᠠᠨ ᠪᠠᠶᠢᠯᠭᠠᠵᠤ᠂ ᠶᠠᠷᠦᠩᠭᠡᠢ ᠳᠡᠭᠡᠨ ᠲᠡᠭᠡᠷ᠎ᠡ ᠲᠠᠯ᠎ᠠ ᠶᠢᠨ ᠦᠷᠭᠡᠨ ᠢ 1~1.5m᠂ ᠰᠠᠭᠤᠷᠢ ᠶᠢᠨ ᠦᠷᠭᠡᠨ ᠢ 3m ᠪᠠᠶᠢᠯᠭᠠᠬᠤ ᠭᠡᠷᠡᠭᠳᠡᠢ᠃ ᠲᠤᠯᠠᠭᠠᠨ ᠢ ᠬᠠᠳᠠᠭᠠᠯᠠᠬᠤ ᠲᠠᠯ᠎ᠠ ᠠᠴᠠ ᠠᠪᠴᠤ ᠦᠵᠡᠪᠡᠯ ᠭᠡᠳᠦᠷᠭᠡᠢ ᠦᠷᠭᠡᠨ ᠪᠠᠶᠢᠯᠭᠠᠬᠤ ᠨᠢ ᠲᠠᠮᠡᠢ ᠶᠡᠭᠡ ᠠᠴᠢ ᠬᠤᠯᠪᠤᠠᠠᠳᠠᠯ ᠦᠭᠡᠢ ᠪᠦᠭᠡᠳ ᠭᠡᠳᠡᠷᠭᠦ ᠪᠠᠨ ᠭᠦᠴᠤ ᠭᠦᠯᠦᠰᠤ ᠢᠯᠡᠭᠦᠤ ᠵᠠᠷᠤᠴᠠᠭᠤᠯᠬᠤ ᠪᠤᠯᠤᠨ᠎ᠠ᠃ ᠪᠤᠳᠠᠳᠤ ᠦᠢᠯᠡᠳᠦᠯᠭᠡ ᠶᠢᠨ ᠲᠤᠮᠳᠠ ᠵᠠᠷᠢᠮ ᠭᠠᠵᠠᠷ ᠪᠠᠰᠠ ᠰᠤᠯᠠ ᠰᠢᠷᠤᠢ ᠶᠢ ᠤᠭᠤᠳᠠᠯᠡᠨ ᠤᠭᠤᠳᠠᠨ ᠭᠡᠷᠡᠮ ᠪᠤᠰᠬᠠᠵᠤ᠂ ᠰᠦᠯᠵᠢᠮᠡᠯ ᠤᠭᠤᠳᠠ ᠪᠠᠨ ᠬᠠᠮᠠᠭᠠᠯᠠᠬᠤ ᠶᠢᠨ ᠲᠤᠰᠠᠳᠠ ᠭᠡᠷᠡᠮ ᠤᠨ ᠢᠶᠠᠨ ᠬᠤᠶᠠᠷ ᠲᠠᠯ᠎ᠠ ᠶᠢ ᠨᠢ ᠰᠢᠪᠠᠷ ᠪᠤᠶᠤ ᠱᠦᠢᠨᠢ ᠪᠠᠷ ᠢᠯᠢᠭᠰᠡᠨ ᠪᠠ ᠭᠡᠷᠡᠮ ᠤᠨ ᠭᠠᠳᠠᠭᠤᠷ ᠨᠢ ᠰᠢᠭᠤᠳ ᠰᠢᠷᠤᠢ ᠪᠠᠷ ᠲᠠᠷᠤᠠᠠᠰᠠᠨ ᠪᠠᠶᠢᠳᠠᠭ᠃ ᠨᠡᠶᠢᠯᠡᠮᠡᠯ ᠭᠡᠷᠡᠮ ᠪᠤᠯ ᠤᠯᠠᠨ ᠲᠠᠪᠬᠤᠷᠭ᠎ᠠ ᠠᠳᠠᠯᠢ ᠪᠤᠰᠤ ᠮᠠᠲ᠋ᠧᠷᠢᠶᠠᠯ ᠢᠶᠠᠷ ᠪᠤᠰᠬᠠᠠᠠᠰᠠᠨ ᠭᠡᠷᠡᠮ ᠪᠤᠯᠤᠨ᠎ᠠ᠃ ᠶᠠᠷᠦᠳᠡ ᠶᠢᠨ ᠨᠡᠶᠢᠯᠡᠮᠡᠯ ᠴᠤᠠᠠᠴᠠ ᠶᠢᠨ ᠭᠡᠷᠡᠮ ᠨᠢ ᠭᠤᠷᠪᠡᠨ ᠲᠠᠪᠬᠤᠷᠭ᠎ᠠ ᠪᠠᠷ ᠪᠦᠷᠢᠯᠳᠦᠭᠰᠡᠨ ᠪᠠᠶᠢᠳᠠᠭ᠃ ᠲᠤᠬᠠᠶᠢᠯᠠᠪᠠᠯ ᠲᠤᠳᠤᠷ᠎ᠠ ᠲᠠᠪᠬᠤᠷᠭ᠎ᠠ ᠨᠢ ᠢᠯᠴᠢ ᠰᠤᠷᠤᠬᠤ ᠢᠯᠴᠢ ᠬᠠᠳᠠᠭᠠᠯᠠᠬᠤ ᠲᠠᠪᠬᠤᠷᠭ᠎ᠠ ᠪᠠᠶᠢᠵᠤ᠂ ᠲᠤᠮᠳᠠ ᠲᠠᠪᠬᠤᠷᠭ᠎ᠠ ᠨᠢ ᠢᠯᠴᠢ ᠭᠦᠨᠳᠡᠶᠢᠷᠡᠭᠦᠯᠭᠦ ᠲᠠᠪᠬᠤᠷᠭ᠎ᠠ ᠪᠠ ᠭᠠᠳᠠᠷ ᠲᠠᠪᠬᠤᠷᠭ᠎ᠠ ᠨᠢ ᠢᠯᠴᠢ ᠬᠦᠨᠳᠡᠶᠢᠷᠡᠬᠦᠯᠤᠯᠳᠡ ᠬᠠᠮᠠᠭᠠᠯᠠᠯᠳᠠ ᠶᠢᠨ ᠲᠠᠪᠬᠤᠷᠭ᠎ᠠ ᠪᠤᠯᠤᠨ᠎ᠠ᠃ ᠲᠤᠳᠤᠷ᠎ᠠ ᠲᠠᠪᠬᠤᠷᠭ᠎ᠠ ᠨᠢ ᠡᠳᠤᠷ ᠲᠡᠭᠡᠨ ᠬᠠᠯᠠᠭᠤᠨ ᠢ ᠰᠤᠷᠤᠨ ᠠᠪᠴᠤ᠂ ᠲᠤᠰ ᠪᠡᠶ᠎ᠠ ᠶᠢᠨ ᠲᠤᠯᠠᠭᠠᠨ ᠤ ᠭᠡᠮᠵᠢᠶ᠎ᠠ ᠨᠢ ᠦᠨᠳᠤᠷᠵᠢᠭᠦ ᠮᠦᠷᠳᠡᠭᠡᠨ ᠰᠤᠷᠤᠵᠤ ᠠᠪᠤᠠᠠᠰᠠᠨ ᠢᠯᠴᠢ ᠪᠠᠨ ᠪᠡᠶ᠎ᠠ ᠳᠡᠭᠡᠨ ᠬᠠᠳᠠᠭᠠᠯᠠᠵᠤ᠂ ᠰᠦᠨᠢ ᠳᠡᠭᠡᠨ ᠭᠦᠯᠡᠮᠵᠢ ᠶᠢᠨ ᠲᠤᠳᠤᠷᠠᠭᠢ ᠲᠤᠯᠠᠭᠠᠨ ᠪᠠᠭᠤᠷᠠᠬᠤ ᠦᠶᠡᠰ ᠲᠡᠭᠢᠨ ᠭᠡᠷᠡᠮ ᠳᠤ ᠬᠠᠳᠠᠭᠠᠯᠬᠠᠰᠠᠨ ᠢᠯᠴᠢ ᠪᠠᠨ ᠭᠦᠯᠡᠮᠵᠢ ᠶᠢᠨ ᠲᠤᠳᠤᠷ᠎ᠠ ᠵᠠᠳᠠᠷᠠᠭᠤᠯᠵᠤ᠂ ᠭᠦᠯᠡᠮᠵᠢ ᠶᠢᠨ ᠲᠤᠳᠤᠷᠠᠭᠢ ᠲᠤᠯᠠᠭᠠᠨ ᠢ ᠪᠠᠳᠤᠯᠠᠵᠤ᠂ ᠭᠦᠯᠡᠮᠵᠢ ᠶᠢᠨ ᠲᠤᠳᠤᠷᠠᠭᠢ ᠲᠤᠯᠠᠭᠠᠨ ᠤ ᠭᠡᠮᠵᠢᠶ᠎ᠠ ᠰᠢᠷᠦᠭᠦᠨ ᠪᠠᠭᠤᠷᠠᠬᠤ ᠦᠶᠡᠰ ᠭᠦᠳᠡᠯᠦᠩᠭᠦᠢ ᠪᠤᠰᠤ ᠪᠠᠷ ᠢᠯᠴᠢ ᠬᠠᠨᠭ᠍ᠭᠠᠬᠤ ᠦᠢᠯᠡᠳᠦᠯ ᠦᠵᠡᠭᠦᠯᠳᠡᠭ ᠪᠠᠶᠢᠨ᠎ᠠ᠃ ᠲᠤᠳᠤᠷ᠎ᠠ ᠲᠠᠪᠬᠤᠷᠭ᠎ᠠ ᠶᠢᠨ ᠡᠳᠤᠷ ᠲᠡᠭᠡᠨ ᠰᠢᠩᠭᠡᠭᠡᠨ ᠠᠪᠤᠠᠠᠰᠠᠨ ᠢᠯᠴᠢ ᠨᠢ ᠭᠢᠷᠢ ᠵᠡᠷᠭᠡ ᠪᠠᠶᠢᠬᠤ ᠨᠢ ᠭᠦᠯᠡᠮᠵᠢ ᠶᠢᠨ ᠰᠦᠨᠢ ᠶᠢᠨ ᠲᠤᠯᠠᠭᠠᠨ ᠤ ᠭᠡᠮᠵᠢᠶ᠎ᠠ ᠶᠢ ᠰᠢᠭᠤᠳ ᠨᠦᠯᠦᠭᠡᠯᠡᠳᠡᠭ᠃ ᠴᠢᠯᠠᠭᠤᠨ ᠮᠠᠲ᠋ᠧᠷᠢᠶᠠᠯ᠂ ᠪᠧᠲ᠋ᠤᠨ ᠮᠠᠲ᠋ᠧᠷᠢᠶᠠᠯ ᠪᠤᠯ ᠢᠯᠴᠢ ᠰᠢᠩᠭᠡᠭᠡᠭᠦ ᠢᠯᠴᠢ ᠬᠠᠳᠠᠭᠠᠯᠠᠬᠤ ᠮᠠᠰᠢ ᠰᠠᠶᠢᠨ ᠮᠠᠲ᠋ᠧᠷᠢᠶᠠᠯ ᠪᠤᠯᠬᠤ ᠪᠦᠭᠡᠳ ᠲᠠᠷᠠᠭ᠎ᠠ ᠨᠢ ᠲᠤᠭᠤᠰᠬᠠᠨ ᠭᠡᠷᠡᠮ ᠪᠠ ᠰᠢᠷᠤᠢ ᠭᠡᠷᠡᠮ ᠪᠤᠯᠤᠨ᠎ᠠ᠃ ᠭᠦᠡᠭᠭᠡᠨ ᠮᠠᠲ᠋ᠧᠷᠢᠶᠠᠯ ᠤᠨ ᠭᠡᠷᠡᠮ ᠨᠢ ᠲᠤᠯᠠᠭᠠᠨ ᠢ ᠬᠠᠳᠠᠭᠠᠯᠠᠬᠤ ᠨᠢ ᠮᠠᠰᠢ ᠠᠨᠠᠢ ᠪᠠᠶᠢᠳᠠᠭ᠃ 6. ᠠᠷᠤ ᠲᠡᠭᠡᠪᠤᠷ ᠢ ᠭᠡᠷᠭᠢᠨ ᠪᠠᠶᠢᠭᠤᠯᠪᠠᠯ ᠲᠤᠯᠠᠭᠠᠨ ᠢ ᠨᠡᠩ ᠰᠠᠶᠢᠨ ᠬᠠᠳᠠᠭᠠᠯᠠᠵᠤ ᠴᠢᠳᠠᠬᠤ ᠪᠤᠢ︖ ᠠᠷᠤ ᠲᠡᠭᠡᠪᠤᠷ ᠪᠤᠯ ᠭᠡᠷᠡᠮ ᠲᠠᠢ ᠨᠢᠬᠡ ᠯᠠ ᠠᠳᠠᠯᠢ ᠮᠦᠨ ᠭᠦ ᠲᠤᠯᠠᠭᠠᠨ ᠢ ᠬᠠᠳᠠᠭᠠᠯᠠᠬᠤ ᠴᠢᠬᠤᠯᠠ ᠭᠡᠰᠡᠭ ᠪᠤᠯᠤᠨ᠎ᠠ᠃ ᠨᠠᠷᠠᠯᠠᠭ ᠭᠦᠯᠡᠮᠵᠢ ᠪᠠᠶᠢᠭᠤᠯᠬᠤ ᠳᠠᠭᠠᠨ ᠠᠷᠤ ᠰᠠᠷᠠᠪᠴᠢ ᠶᠢᠨ ᠲᠤᠯᠠᠭᠠᠨ ᠢ ᠬᠠᠳᠠᠭᠠᠯᠠᠬᠤ ᠬᠤᠶᠠᠷ ᠲᠠᠯ᠎ᠠ ᠶᠢᠨ ᠶᠠᠪᠤᠳᠠᠯ ᠢ ᠪᠤᠳᠤᠯᠭᠢᠯᠠᠬᠤ ᠭᠡᠷᠡᠭᠳᠡᠢ᠄ ᠨᠢᠭᠡ ᠳᠤ ᠦᠯᠢᠢᠭᠰᠡᠨ ᠦᠨᠴᠦᠭ ᠪᠤᠯᠤᠨ ᠦᠷᠭᠡᠴᠡ᠃ ᠬᠤᠶᠠᠷ ᠲᠤ ᠮᠠᠲ᠋ᠧᠷᠢᠶᠠᠯ ᠤᠨ ᠰᠤᠩᠭᠤᠯᠳᠠ ᠪᠤᠯᠤᠨ᠎ᠠ᠃ ᠵᠢᠯ ᠲᠤᠵᠢ ᠦᠢᠯᠡᠳᠪᠤᠷᠢᠯᠡᠭᠦ ᠨᠠᠷᠠᠯᠠᠭ ᠭᠦᠯᠡᠮᠵᠢ ᠶᠢᠨ ᠠᠷᠤ ᠰᠠᠷᠠᠪᠴᠢ ᠶᠢᠨ ᠦᠯᠢᠢᠭᠰᠡᠨ ᠦᠨᠴᠦᠭ ᠪᠤᠯ ᠵᠤᠨ ᠤ ᠴᠠᠭ ᠲᠤ ᠭᠦᠯᠡᠮᠵᠢ ᠳᠤ ᠲᠠᠷᠢᠠᠠᠰᠠᠨ ᠲᠠᠷᠢᠮᠠᠯ ᠤᠨ ᠲᠠᠯᠠᠪᠠᠢ ᠶᠢᠨ ᠭᠡᠰᠡᠭ ᠤᠨ ᠦᠨᠳᠤᠷᠴᠡ ᠨᠢ ᠭᠡᠷᠡᠯ ᠬᠠᠯᠬᠠᠯᠠᠬᠤ ᠦᠭᠡᠢ ᠪᠠᠶᠢᠬᠤ ᠶᠢ ᠪᠠᠳᠤᠯᠠᠬᠤ ᠭᠡᠷᠡᠭᠳᠡᠢ᠃ ᠡᠭᠦᠨ ᠠᠴᠠ ᠭᠠᠳᠠᠨ᠎ᠠ ᠪᠠᠰᠠ ᠬᠠᠪᠤᠷ ᠨᠠᠮᠤᠷ ᠤᠨ ᠴᠠᠭ ᠲᠤ ᠠᠷᠤ ᠰᠠᠷᠠᠪᠴᠢ ᠶᠢ ᠨᠠᠷᠠᠨ ᠤ ᠰᠢᠭᠤᠳ ᠲᠤᠰᠤᠯᠳᠠ ᠶᠢ ᠨᠡᠩ ᠤᠷᠳᠤ ᠴᠠᠭ ᠢᠶᠠᠷ ᠭᠦᠷᠳᠡᠵᠤ ᠴᠢᠳᠠᠬᠤ ᠪᠤᠯᠭᠠᠬᠤ ᠭᠡᠷᠡᠭᠳᠡᠢ᠃ ᠨᠡᠷᠡᠨ ᠤ ᠦᠨᠳᠤᠷᠴᠡ ᠶᠢᠨ ᠦᠨᠴᠦᠭ ᠭᠢᠭᠡᠳ ᠭᠠᠵᠠᠷ ᠵᠦᠢ ᠶᠢᠨ ᠦᠷᠭᠡᠷᠢᠭ ᠤᠨ ᠭᠡᠮᠵᠢᠶ᠎ᠠ ᠨᠢ ᠰᠢᠭᠤᠳ ᠬᠤᠯᠪᠤᠭ᠎ᠠ ᠲᠠᠢ ᠪᠠᠶᠢᠳᠠᠭ᠃ ᠡᠶᠢᠮᠤ ᠠᠴᠠ ᠭᠦᠯᠡᠮᠵᠢ ᠶᠢᠨ ᠲᠡᠭᠡᠪᠤᠷ ᠤᠨ ᠦᠯᠢᠢᠭᠰᠡᠨ ᠦᠨᠴᠦᠭ ᠢ ᠴᠤ ᠭᠦᠯᠡᠮᠵᠢ ᠪᠠᠶᠢᠭᠤᠯᠬᠤ ᠭᠠᠵᠠᠷ ᠤᠷᠤᠨ ᠤ ᠭᠠᠵᠠᠷ ᠵᠦᠢ ᠶᠢᠨ ᠦᠷᠭᠡᠷᠢᠭ ᠢ ᠦᠨᠳᠦᠰᠦᠯᠡᠨ ᠰᠤᠩᠭᠤᠬᠤ ᠭᠡᠷᠡᠭᠳᠡᠢ᠃ ᠶᠠᠷᠦᠩᠭᠡᠢ ᠳᠡᠭᠡᠨ 40°~50° ᠤᠨ ᠤᠷᠤᠨ ᠪᠠᠶᠢᠪᠠᠯ ᠵᠤᠭᠢᠨ᠎ᠠ᠃ ᠠᠷᠤ ᠰᠠᠷᠠᠪᠴᠢᠨ ᠤ ᠦᠷᠭᠡᠴᠡ ᠨᠢ ᠭᠦᠯᠡᠮᠵᠢ ᠶᠢᠨ ᠲᠤᠯᠠᠭᠠᠨ ᠤ ᠬᠠᠳᠠᠭᠠᠯᠠᠯᠳᠠ ᠶᠢ ᠨᠦᠯᠦᠭᠡᠯᠡᠭᠦ ᠴᠢᠬᠤᠯᠠ ᠵᠦᠢᠯ ᠪᠤᠯᠤᠨ᠎ᠠ᠃ ᠡᠪᠤᠯ ᠳᠡᠭᠡᠨ ᠭᠠᠳᠠᠨᠠᠭᠢ ᠲᠤᠯᠠᠭᠠᠨ ᠤ ᠭᠡᠮᠵᠢᠶ᠎ᠠ ᠨᠡᠯᠢᠶᠡᠳ ᠲᠤᠤᠷ᠎ᠠ ᠪᠠᠶᠢᠳᠠᠭ ᠭᠠᠵᠠᠷ ᠤᠷᠤᠨ ᠪᠤᠯ ᠰᠠᠷᠠᠪᠴᠢᠨ ᠤ ᠦᠷᠭᠡᠴᠡ ᠶᠢ ᠲᠤᠭᠢᠳᠠᠢ ᠨᠡᠮᠡᠭᠳᠡᠭᠦᠯᠵᠤ ᠪᠤᠯᠤᠨ᠎ᠠ᠃ ᠡᠭᠦᠨ ᠤ ᠡᠰᠡᠷᠭᠦ ᠪᠠᠷ ᠡᠪᠤᠯ ᠳᠡᠭᠡᠨ ᠨᠡᠯᠢᠶᠡᠳ ᠲᠤᠯᠠᠭᠠᠨ ᠪᠠᠶᠢᠳᠠᠭ ᠭᠠᠵᠠᠷ ᠤᠷᠤᠨ ᠪᠤᠯ ᠰᠠᠷᠠᠪᠴᠢᠨ ᠤ ᠦᠷᠭᠡᠴᠡ ᠪᠠᠨ ᠪᠠᠭ᠋ᠠᠨ ᠨᠠᠷᠢᠰᠬᠠᠵᠤ ᠪᠤᠯᠤᠨ᠎ᠠ᠃ ᠭᠡᠭᠦ ᠳᠡᠭᠡᠨ ᠰᠠᠷᠠᠪᠴᠢᠨ ᠤ ᠦᠷᠭᠡᠴᠡ ᠪᠤᠯᠤᠨ ᠦᠯᠢᠢᠭᠰᠡᠨ ᠦᠨᠴᠦᠭ ᠤᠨ ᠨᠡᠶᠢᠯᠡᠯ ᠨᠢ ᠭᠦᠯᠡᠮᠵᠢ ᠶᠢᠨ ᠨᠢᠷᠤᠭᠤᠨ ᠤ ᠦᠨᠳᠤᠷᠴᠡ ᠶᠢ ᠰᠢᠭᠤᠳ ᠨᠦᠯᠦᠭᠡᠯᠡᠳᠡᠭ ᠪᠤᠯᠬᠤᠷ ᠵᠢᠷᠤᠵᠤ ᠲᠦᠯᠦᠪᠯᠡᠭᠦ ᠳᠡᠭᠡᠨ ᠬᠠᠮᠳᠤ ᠳᠤᠨᠢ ᠪᠤᠳᠣᠯᠭᠢᠯᠠᠬᠤ ᠭᠡᠷᠡᠭᠳᠡᠢ᠃ ᠶᠡᠷᠦᠩᠭᠡᠢ ᠳᠡᠭᠡᠨ ᠡᠪᠤᠯ ᠭᠡᠷ ᠤᠨ ᠭᠠᠳᠠᠨᠠᠭᠢ ᠲᠤᠯᠠᠭᠠᠨ ᠤ ᠭᠡᠮᠵᠢᠶ᠎ᠠ ᠨᠢ — 10℃ ᠠᠴᠠ ᠲᠡᠭᠡᠭᠰᠢᠭᠢ ᠭᠠᠵᠠᠷ ᠤᠷᠤᠨ ᠪᠤᠯ ᠰᠠᠷᠠᠪᠴᠢᠨ ᠤ ᠦᠷᠭᠡᠴᠡ ᠶᠢ 1m ᠤᠨ ᠲᠤᠳᠤᠷ᠎ᠠ ᠲᠦᠯᠦᠪᠯᠡᠵᠤ᠂ — 15℃ ᠤᠨ ᠭᠠᠵᠠᠷ ᠤᠷᠤᠨ ᠪᠤᠯ 1.2~1.5m ᠢᠶᠠᠷ ᠲᠦᠯᠦᠪᠯᠡᠵᠤ᠂ — 20℃ ᠤᠨ ᠭᠠᠵᠠᠷ ᠤᠷᠤᠨ ᠪᠤᠯ 1.5~2.0m ᠢᠶᠠᠷ ᠲᠦᠯᠦᠪᠯᠡᠵᠤ᠂ — 25℃ ᠪᠤᠶᠤ ᠡᠭᠦᠨ ᠠᠴᠠ ᠲᠤᠷᠤᠠᠠᠰᠢᠭᠢ ᠭᠠᠵᠠᠷ ᠤᠷᠤᠨ ᠪᠤᠯ 2.5m ᠤᠷᠴᠢᠮ ᠢᠶᠠᠷ ᠲᠦᠯᠦᠪᠯᠡᠵᠤ ᠪᠤᠯᠤᠨ᠎ᠠ᠃ ᠭᠦᠯᠡᠮᠵᠢ ᠶᠢᠨ ᠠᠷᠤ ᠲᠡᠭᠡᠪᠤᠷ ᠤᠨ ᠪᠠᠷᠢᠯᠭ᠎ᠠ ᠶᠢᠨ ᠮᠠᠲ᠋ᠧᠷᠢᠶᠠᠯ ᠢ ᠰᠤᠩᠭᠤᠬᠤ ᠳᠠᠭᠠᠨ ᠡᠩ ᠲᠠᠷᠢᠭᠦᠨ ᠳᠤ ᠭᠦᠡᠭᠭᠡᠨ ᠮᠠᠲ᠋ᠧᠷᠢᠶᠠᠯ ᠰᠤᠩᠭᠤᠬᠤ ᠶᠢ ᠱᠠᠭᠠᠷᠳᠠᠨ᠎ᠠ᠃ ᠢᠡᠭᠭᠢᠪᠡᠯ ᠭᠦᠯᠡᠮᠵᠢ ᠶᠢᠨ ᠪᠦᠳᠦᠴᠡ ᠶᠢᠨ ᠲᠠᠭᠠᠭᠠᠴᠠ ᠶᠢ ᠭᠦᠡᠭᠭᠡᠷᠡᠭᠦᠯᠭᠦ ᠪᠤᠯᠤᠨ᠎ᠠ᠃ ᠲᠠᠷᠠᠭ᠎ᠠ ᠳᠤᠨᠢ ᠮᠠᠲ᠋ᠧᠷᠢᠶᠠᠯ ᠨᠢ ᠮᠠᠰᠢ ᠰᠠᠶᠢᠨ ᠲᠤᠯᠠᠭᠠᠨ ᠢ ᠬᠠᠳᠠᠭᠠᠯᠠᠬᠤ ᠴᠢᠳᠠᠪᠤᠷᠢ ᠲᠠᠢ ᠪᠠᠶᠢᠬᠤ ᠶᠢ ᠱᠠᠭᠠᠷᠳᠠᠨ᠎ᠠ᠃ ᠮᠠᠨ ᠤ ᠤᠯᠤᠰ ᠤᠨ ᠦᠷᠭᠡᠨ ᠠᠭᠤᠳᠠᠮ ᠭᠦᠳᠡᠭᠡ ᠲᠤᠰᠬᠤᠨ ᠳᠤ ᠤᠯᠠᠩᠭᠢ ᠨᠢ ᠲᠤᠬᠠᠢ ᠶᠢᠨ ᠭᠠᠵᠠᠷ ᠠᠴᠠ ᠪᠠᠨ ᠮᠠᠲ᠋ᠧᠷᠢᠶᠠᠯ ᠰᠤᠩᠭᠤᠵᠤ ᠪᠤᠯᠤᠨ᠎ᠠ᠃ ᠵᠢᠱᠢᠶᠡᠯᠡᠪᠡᠯ ᠡᠷᠳᠡᠨᠢ ᠰᠢᠰᠢ ᠶᠢᠨ ᠡᠰᠢ ᠰᠦᠷᠡᠯ ᠢᠶᠠᠷ ᠲᠤᠯᠠᠭᠠᠨ ᠢ ᠬᠠᠳᠠᠭᠠᠯᠠᠬᠤ ᠲᠠᠪᠬᠤᠷᠭ᠎ᠠ ᠭᠠᠷᠭᠠᠵᠤ᠂ ᠭᠠᠳᠠᠭᠤᠷ ᠨᠢ ᠰᠢᠪᠠᠷ ᠱᠦᠢᠨᠢ ᠢᠯᠢᠵᠤ ᠤᠰᠤ ᠰᠡᠷᠭᠡᠶᠢᠯᠡᠵᠤ ᠪᠠᠶᠢᠨ᠎ᠠ᠃ ᠪᠠᠰᠠ ᠮᠤᠳᠤᠨ ᠬᠠᠪᠳᠠᠰᠤ ᠪᠤᠶᠤ ᠪᠧᠲ᠋ᠤᠨ ᠬᠠᠪᠳᠠᠰᠤ ᠪᠠᠷ ᠪᠤᠰᠬᠠᠵᠤ᠂ ᠲᠡᠭᠡᠷ᠎ᠡ ᠨᠢ ᠰᠤᠪᠤᠳᠯᠢᠭ ᠴᠢᠯᠠᠭᠤ ᠵᠡᠷᠭᠡ ᠰᠠᠶᠢᠷ ᠴᠢᠯᠠᠭᠤ ᠪᠤᠶᠤ ᠮᠦᠭᠦᠯᠢᠭ ᠴᠢᠯᠠᠭᠤ ᠶᠢ ᠰᠠᠴᠤᠵᠤ ᠲᠤᠯᠠᠭᠠᠨ ᠢ ᠬᠠᠳᠠᠭᠠᠯᠠᠬᠤ ᠮᠠᠲ᠋ᠧᠷᠢᠶᠠᠯ ᠪᠤᠯᠭᠠᠵᠤ᠂ ᠲᠡᠭᠡᠷ᠎ᠡ ᠨᠢ ᠴᠤᠬᠤᠢ ᠶᠢᠨ ᠵᠢᠭᠤᠷᠠᠮᠠᠭ᠂ ᠲᠤᠰᠤᠨ ᠢᠰᠡᠭᠡᠶᠢᠠᠴᠢᠷ ᠢ ᠲᠠᠪᠢᠰᠤᠨ ᠤᠰᠤ ᠶᠢ ᠰᠡᠷᠭᠡᠶᠢᠯᠡᠵᠤ ᠪᠠᠶᠢᠨ᠎ᠠ᠃ ᠤᠳᠤᠬᠠᠨ ᠤ ᠭᠡᠷᠡᠭᠯᠡᠵᠤ ᠪᠠᠶᠢᠭ᠎ᠠ ᠨᠢᠭᠡᠨ ᠵᠦᠢᠯ ᠤᠨ GMC ᠬᠠᠪᠳᠠᠰᠤ ᠪᠤᠯ ᠮᠠᠰᠢ ᠭᠦᠡᠭᠭᠡᠨ ᠮᠠᠲ᠋ᠧᠷᠢᠶᠠᠯ ᠪᠤᠯᠬᠤ ᠪᠦᠭᠡᠳ ᠭᠠᠳᠠᠷᠭᠤ ᠳᠤᠨᠢ ᠬᠠᠮᠠᠭᠠᠯᠠᠯᠳᠠ ᠭᠢᠪᠡᠯ ᠤᠰᠤ ᠶᠢ ᠰᠡᠷᠭᠡᠶᠢᠯᠡᠭᠦ ᠦᠢᠯᠡᠳᠦᠯ ᠲᠠᠢ ᠪᠠᠶᠢᠵᠤ᠂ ᠰᠢᠭᠤᠳ ᠠᠷᠤ ᠲᠡᠭᠡᠪᠤᠷ ᠭᠢᠵᠤ ᠪᠤᠯᠬᠤ ᠪᠦᠭᠡᠳ ᠲᠡᠭᠡᠪᠤᠷᠯᠡᠭᠰᠡᠨ ᠤ ᠪᠠᠨ ᠰᠡᠭᠦᠯᠡᠷ ᠠᠩ ᠴᠠᠪᠠ ᠶᠢ ᠨᠢ ᠱᠦᠢᠨᠢ ᠶᠢᠨ ᠵᠢᠭᠤᠷᠠᠮᠠᠭ ᠢᠶᠠᠷ ᠪᠦᠭᠯᠡᠪᠠᠯ ᠪᠤᠯᠴᠢᠬᠠᠨ᠎ᠠ᠃ ᠭᠡᠪᠡᠴᠤ ᠡᠨᠡ ᠬᠦ ᠮᠠᠲ᠋ᠧᠷᠢᠶᠠᠯ ᠤᠨ ᠢᠯᠴᠢ ᠬᠠᠳᠠᠭᠠᠯᠠᠬᠤ ᠴᠢᠳᠠᠪᠤᠷᠢ ᠨᠢ ᠪᠠᠷᠤᠠᠠᠳᠠᠢ ᠪᠠᠶᠢᠳᠠᠭ ᠪᠡ ᠲᠤᠰ ᠪᠡᠶ᠎ᠠ ᠶᠢᠨ ᠲᠠᠭᠠᠭᠠᠴᠠ ᠶᠢᠨ ᠴᠢᠳᠠᠪᠤᠷᠢ ᠨᠢ ᠴᠤ ᠠᠨᠠᠢ ᠪᠠᠶᠢᠳᠠᠭ᠃ 7. ᠨᠠᠷᠠᠯᠠᠭ ᠭᠦᠯᠡᠮᠵᠢ ᠶᠢᠨ ᠳᠤᠯᠠᠭᠠᠨ ᠢ ᠬᠠᠳᠠᠭᠠᠯᠠᠬᠤ ᠪᠦᠳᠡᠭᠡᠯᠭᠡ ᠳᠤ ᠶᠠᠮᠠᠷ ᠱᠠᠭᠠᠷᠳᠠᠯᠭ᠎ᠠ ᠪᠠᠶᠢᠬᠤ ᠪᠤᠢ︖ ᠤᠳᠤᠬᠠᠨ ᠳᠤ ᠵᠠᠬ᠎ᠠ ᠲᠡᠯᠭᠡᠭᠦᠷ ᠲᠡᠭᠡᠷ᠎ᠠ ᠶᠠᠮᠠᠷ ᠵᠦᠢᠯ ᠤᠨ ᠲᠤᠯᠠᠭᠠᠨ ᠢ ᠬᠠᠮᠠᠭᠠᠯᠠᠬᠤ ᠪᠦᠳᠡᠭᠡᠯᠭᠡ ᠪᠠᠶᠢᠬᠤ ᠪᠤᠢ︖ ᠨᠢᠭᠡ ᠳᠤ᠂ ᠨᠠᠷᠠᠯᠠᠭ ᠭᠦᠯᠡᠮᠵᠢ ᠶᠢᠨ ᠲᠤᠯᠠᠭᠠᠨ ᠢ ᠬᠠᠳᠠᠭᠠᠯᠠᠬᠤ ᠪᠦᠳᠡᠭᠡᠯᠭᠡ ᠶᠢ ᠭᠦᠯᠡᠮᠵᠢ ᠶᠢᠨ ᠡᠩᠭᠡᠷ ᠠᠳᠠᠷ ᠲᠡᠭᠡᠭᠦᠷ ᠪᠦᠷᠭᠦᠨ ᠲᠠᠯᠪᠢᠨ᠎ᠠ᠃ ᠭᠤᠤᠯ ᠨᠢ ᠭᠦᠯᠡᠮᠵᠢ ᠶᠢᠨ ᠰᠦᠨᠢ ᠶᠢᠨ ᠲᠤᠯᠠᠭᠠᠨ ᠢ ᠪᠠᠳᠤᠯᠠᠬᠤ ᠳᠤ ᠭᠡᠷᠡᠭᠯᠡᠳᠡᠭ ᠪᠠᠶᠢᠨ᠎ᠠ᠃ ᠡᠶᠢᠮᠤ ᠠᠴᠠ ᠮᠠᠰᠢ ᠰᠠᠶᠢᠨ ᠲᠤᠯᠠᠭᠠᠨ ᠢ ᠬᠠᠳᠠᠭᠠᠯᠠᠬᠤ ᠦᠢᠯᠡᠳᠦᠯ ᠲᠠᠢ ᠪᠠᠶᠢᠬᠤ ᠨᠢ ᠲᠤᠯᠠᠭᠠᠨ ᠢ ᠬᠠᠳᠠᠭᠠᠯᠠᠬᠤ ᠪᠦᠳᠡᠭᠡᠯᠭᠡ ᠶᠢᠨ ᠦᠨᠳᠤᠰᠤᠨ ᠱᠠᠭᠠᠷᠳᠠᠯᠭ᠎ᠠ ᠪᠤᠯᠤᠨ᠎ᠠ᠃ ᠳᠠᠷᠠᠭ᠎ᠠ ᠳᠤᠨᠢ ᠲᠤᠯᠠᠭᠠᠨ ᠢ ᠬᠠᠮᠠᠭᠠᠯᠠᠬᠤ ᠲᠡᠭᠡᠪᠤᠷ ᠪᠦᠳᠡᠬᠡᠯᠬᠡ ᠶᠢ ᠨᠠᠷᠠᠨ ᠮᠠᠠᠳᠤᠠᠠᠰᠠᠨ ᠤ ᠰᠡᠭᠦᠯᠡᠷ ᠡᠪᠭᠡᠨ ᠬᠤᠷᠢᠶᠠᠵᠤ᠂ ᠨᠠᠷᠠ ᠵᠢᠷᠭᠠᠠᠠᠰᠠᠨ ᠤ ᠰᠡᠭᠦᠯᠡᠷ ᠪᠦᠳᠡᠭᠡᠵᠤ ᠲᠠᠯᠪᠢᠬᠤ ᠶᠢ ᠱᠠᠭᠠᠷᠳᠠᠳᠠᠭ᠃ ᠡᠶᠢᠮᠤ ᠠᠴᠠ ᠲᠤᠯᠠᠭᠠᠨ ᠢ ᠬᠠᠳᠠᠭᠠᠯᠠᠬᠤ ᠪᠦᠳᠡᠭᠡᠯᠭᠡ ᠶᠢᠨ ᠮᠠᠲ᠋ᠧᠷᠢᠶᠠᠯ ᠨᠢ ᠡᠷᠭᠡᠪᠰᠢ ᠤᠶᠠᠨ ᠵᠦᠭᠡᠯᠡᠨ ᠮᠠᠲ᠋ᠧᠷᠢᠶᠠᠯ ᠪᠠᠶᠢᠬᠤ ᠭᠡᠷᠡᠭᠳᠡᠢ᠃ ᠭᠤᠷᠪᠠᠳᠤᠭᠠᠷ ᠲᠤ᠂ ᠨᠠᠷᠠᠯᠠᠭ ᠭᠦᠯᠡᠮᠵᠢ ᠶᠢᠨ ᠲᠤᠯᠠᠭᠠᠨ ᠢ ᠬᠠᠳᠠᠭᠠᠯᠠᠬᠤ ᠪᠦᠳᠡᠭᠡᠯᠭᠡ ᠨᠢ ᠢᠮᠬᠠᠳᠠ ᠭᠡᠷ ᠤᠨ ᠭᠠᠳᠠᠨ᠎ᠠ ᠤᠷᠤᠰᠢᠬᠤ ᠪᠤᠯᠬᠤᠷ ᠲᠠᠷᠠ ᠨᠢ ᠰᠠᠯᠭᠢᠨ ᠢ ᠰᠡᠷᠭᠡᠶᠢᠯᠡᠭᠦ᠂ ᠤᠰᠤᠨ ᠠᠴᠠ ᠰᠡᠷᠭᠡᠶᠢᠯᠡᠭᠦ ᠪᠦᠭᠡᠯᠢᠭ ᠡᠳ᠋ ᠪᠠᠶᠢᠬᠤ ᠶᠢ ᠱᠠᠭᠠᠷᠳᠠᠬᠤ ᠪᠦᠭᠡᠳ ᠡᠳᠤᠷ ᠲᠤᠳᠤᠮ ᠤᠨ ᠰᠠᠯᠭᠢᠨ ᠪᠤᠷᠤᠭᠠᠨ᠂ ᠴᠠᠰᠤ ᠰᠢᠭᠤᠷᠭᠠᠨ᠂ ᠮᠦᠨᠳᠤᠷ ᠵᠡᠷᠭᠡ ᠪᠠᠶᠢᠭᠠᠯᠢ ᠶᠢᠨ ᠠᠭᠤᠷ ᠠᠮᠢᠰᠬᠤᠯ ᠤᠨ ᠨᠦᠭᠦᠴᠡᠯ ᠳᠤ ᠲᠤᠭᠢᠷᠬᠠᠰᠠᠨ ᠪᠠᠶᠢᠬᠤ ᠭᠡᠷᠡᠭᠳᠡᠢ᠃ ᠬᠠᠮᠤᠭ ᠰᠡᠭᠦᠯ ᠳᠤᠨᠢ ᠭᠦᠯᠡᠮᠵᠢ ᠶᠢᠨ ᠲᠤᠯᠠᠭᠠᠨ ᠢ ᠬᠠᠳᠠᠭᠠᠯᠠᠬᠤ ᠪᠦᠳᠡᠬᠡᠯᠬᠡ ᠨᠢ ᠪᠠᠰᠠ ᠦᠷᠭᠡᠨ ᠲᠡᠯᠭᠡᠷ ᠮᠠᠲ᠋ᠧᠷᠢᠶᠠᠯ ᠤᠨ ᠢᠷᠡᠯᠳᠡ ᠲᠠᠢ ᠪᠦᠭᠡᠳ ᠦᠨ᠎ᠠ ᠬᠠᠨᠭ᠍ᠰᠢ ᠨᠢ ᠭᠢᠮᠳᠡ ᠪᠠᠶᠢᠬᠤ ᠭᠡᠷᠡᠭᠳᠡᠢ᠃ ᠦᠢᠯᠡᠳᠪᠤᠷᠢᠯᠡᠯ ᠤᠨ ᠲᠠᠯ᠎ᠠ ᠪᠠᠷ ᠠᠯᠢ ᠡᠷᠳᠡ ᠪᠡ ᠠᠯᠢ ᠦᠷᠭᠡᠨ ᠭᠡᠷᠡᠭᠯᠡᠵᠤ ᠪᠠᠶᠢᠠᠠᠰᠠᠨ ᠲᠤᠯᠠᠭᠠᠨ ᠢ ᠬᠠᠳᠠᠭᠠᠯᠠᠬᠤ ᠪᠦᠳᠡᠭᠡᠯᠭᠡ ᠪᠤᠯ ᠭᠤᠤᠯ ᠨᠢ ᠡᠪᠡᠰᠤᠨ ᠪᠦᠳᠡᠭᠡᠯᠭᠡ ᠪᠤᠯᠤᠨ᠎ᠠ᠃ ᠨᠢᠭᠡ ᠳᠤ᠂ ᠲᠠᠷᠠ ᠨᠢ ᠲᠤᠬᠠᠢ ᠶᠢᠨ ᠭᠠᠵᠠᠷ ᠠᠴᠠ ᠪᠠᠨ ᠮᠠᠲ᠋ᠧᠷᠢᠶᠠᠯ ᠤᠨ ᠢᠷᠡᠯᠳᠡ ᠲᠠᠢ᠂ ᠭᠦᠳᠡᠭᠡ ᠲᠤᠰᠬᠤᠨ ᠤ ᠲᠠᠷᠢᠶᠠᠯᠠᠩ ᠤᠨ ᠦᠯᠡᠭᠦᠤ ᠡᠳ᠋ ᠢᠶᠠᠷ ᠮᠠᠲ᠋ᠧᠷᠢᠶᠠᠯ ᠪᠤᠯᠭᠠᠳᠠᠭ︔ ᠬᠤᠶᠠᠷ ᠲᠤ᠂ ᠦᠨ᠎ᠠ ᠬᠠᠨᠭ᠍ᠰᠢ ᠨᠢ ᠭᠢᠮᠳᠡ ᠪᠦᠭᠡᠳ ᠲᠤᠯᠠᠭᠠᠨ ᠢ ᠬᠠᠳᠠᠭᠠᠯᠠᠬᠤ ᠳᠤ ᠰᠠᠶᠢᠨ ᠪᠠᠶᠢᠳᠠᠭ᠃ ᠡᠶᠢᠮᠤ ᠠᠴᠠ ᠨᠠᠷᠠᠯᠠᠭ ᠭᠦᠯᠡᠮᠵᠢ ᠶᠢᠨ ᠲᠤᠯᠠᠭᠠᠨ ᠢ ᠬᠠᠳᠠᠭᠠᠯᠠᠬᠤ ᠪᠦᠳᠡᠭᠡᠯᠭᠡ ᠳᠤ ᠡᠪᠡᠰᠤᠨ ᠪᠦᠳᠡᠭᠡᠯᠭᠡ ᠨᠢ ᠤᠷᠤᠯᠬᠠᠳᠠᠰᠢ ᠦᠭᠡᠢ ᠰᠠᠶᠢᠨ ᠮᠠᠲ᠋ᠧᠷᠢᠶᠠᠯ ᠪᠤᠯᠵᠤ ᠪᠠᠶᠢᠳᠠᠭ᠃ ᠭᠡᠪᠡᠴᠤ ᠨᠠᠷᠠᠯᠠᠭ ᠭᠦᠯᠡᠮᠵᠢ ᠶᠢᠨ ᠲᠠᠯᠠᠪᠠᠢ ᠶᠢᠨ ᠦᠷᠭᠡᠵᠢᠯ ᠢ ᠲᠠᠭᠠᠯᠳᠤᠨ ᠡᠪᠡᠰᠤᠨ ᠪᠦᠳᠡᠭᠡᠯᠭᠡ ᠶᠢᠨ ᠬᠠᠨᠭ᠍ᠭᠠᠯᠭ᠎ᠠ ᠨᠢ ᠶᠠᠪᠤᠬᠤ ᠲᠤᠳᠤᠮ ᠪᠠᠴᠢᠮ ᠪᠤᠯᠤᠠᠠᠰᠠᠨ ᠪᠦᠭᠡᠳ ᠡᠪᠡᠰᠤᠨ ᠪᠦᠳᠡᠭᠡᠯᠭᠡ ᠳᠤ ᠴᠤ ᠲᠠᠪᠴᠢᠵᠤ ᠪᠤᠯᠤᠰᠢ ᠦᠭᠡᠢ ᠲᠤᠳᠠᠮᠠᠭ ᠲᠠᠯ᠎ᠠ ᠤᠷᠤᠰᠢᠵᠤ ᠪᠠᠶᠢᠳᠠᠭ᠃ ᠵᠢᠱᠢᠶᠡᠯᠡᠪᠡᠯ ᠮᠠᠰᠢ ᠭᠦᠨᠳᠤ᠂ ᠪᠦᠳᠡᠭᠡᠵᠤ ᠬᠤᠷᠢᠶᠠᠬᠤ ᠴᠠᠭ ᠤᠷᠳᠤ᠂ ᠭᠦᠳᠡᠯᠮᠤᠷᠢ ᠶᠢᠨ ᠡᠷᠴᠢᠮ ᠴᠢᠩᠭ᠎ᠠ ᠪᠠᠶᠢᠵᠤ᠂ ᠮᠠᠰᠢᠠᠴᠢᠯᠠᠨ ᠠᠵᠢᠯᠯᠠᠬᠤ ᠶᠢᠨ ᠠᠷᠭ᠎ᠠ ᠦᠭᠡᠢ ᠪᠠᠶᠢᠳᠠᠭ᠃ ᠤᠰᠤ ᠰᠡᠷᠭᠡᠶᠢᠯᠡᠭᠦ ᠴᠢᠨᠠᠷ ᠢᠶᠠᠷ ᠪᠠᠷᠤᠠᠠᠳᠠᠢ᠂ ᠪᠤᠷᠤᠭ᠎ᠠ ᠤᠰᠤᠨ ᠳᠤ ᠨᠤᠷᠪᠠᠯ ᠢᠯᠴᠢ ᠲᠠᠮᠵᠢᠭᠤᠯᠬᠤ ᠢᠯᠡᠳᠭᠡᠮᠵᠢ ᠲᠤᠭ᠎ᠠ ᠨᠢ ᠦᠨᠳᠤᠷᠵᠢᠵᠤ᠂ ᠲᠤᠯᠠᠭᠠᠨ ᠢ ᠬᠠᠳᠠᠭᠠᠯᠠᠬᠤ ᠦᠢᠯᠡᠳᠦᠯ ᠢᠶᠠᠨ ᠦᠨᠳᠤᠰᠤᠨ ᠳᠡᠭᠡᠨ ᠠᠯᠳᠠᠵᠤ᠂ ᠭᠦᠨᠳᠤ ᠨᠢ ᠴᠤ ᠲᠠᠭᠢᠨ ᠢᠶᠠᠷ ᠨᠡᠮᠡᠭᠳᠡᠵᠤ᠂ ᠭᠦᠯᠡᠮᠵᠢ ᠶᠢᠨ ᠨᠢᠷᠤᠭᠤᠪᠴᠢ ᠪᠦᠳᠦᠴᠡ ᠳᠤ ᠮᠠᠰᠢ ᠶᠡᠭᠡ ᠲᠠᠷᠤᠯᠳᠠ ᠤᠴᠠᠷᠠᠭᠤᠯᠳᠠᠭ᠃ ᠰᠠᠯᠭᠢ ᠶᠡᠭᠡᠳᠡᠢ ᠭᠠᠵᠠᠷ ᠤᠷᠤᠨ ᠪᠤᠶᠤ ᠶᠡᠭᠡ ᠰᠠᠯᠭᠢᠨ ᠳᠤ ᠲᠤᠰ ᠪᠠᠶ᠎ᠠ ᠨᠢ ᠮᠠᠰᠢ ᠤᠯᠠᠨ ᠠᠩ ᠰᠦᠪᠠ ᠲᠠᠢ ᠪᠤᠯᠬᠤᠷ ᠦᠭᠡᠷ᠎ᠠ ᠪᠤᠰᠤᠳ ᠨᠢᠠᠠᠳᠠᠴᠠ ᠰᠠᠶᠢᠳᠠᠢ ᠮᠠᠲ᠋ᠧᠷᠢᠶᠠᠯ ᠢ ᠬᠠᠪᠰᠤᠷᠭᠠᠨ ᠭᠡᠷᠡᠭᠯᠡᠭᠦ ᠦᠭᠡᠢ ᠪᠤᠯ ᠲᠠᠷᠠ ᠨᠢ ᠲᠤᠯᠠᠭᠠᠨ ᠢ ᠬᠠᠳᠠᠭᠠᠯᠠᠬᠤ ᠦᠢᠯᠡᠳᠦᠯ ᠢᠶᠠᠨ ᠠᠯᠳᠠᠳᠠᠭ᠃ ᠡᠶᠢᠮᠤ ᠠᠴᠠ ᠰᠢᠨ᠎ᠠ ᠮᠠᠶ᠋ᠢᠭ ᠤᠨ ᠪᠦᠳᠡᠭᠡᠯᠭᠡ ᠮᠠᠲ᠋ᠧᠷᠢᠶᠠᠯ ᠢ ᠰᠤᠳᠤᠯᠬᠤ ᠲᠤᠷᠰᠢᠬᠤ ᠠᠵᠢᠯ ᠦᠷᠭᠦᠯᠵᠢᠯᠡᠨ ᠶᠠᠪᠤᠠᠠᠳ᠋ᠬᠠᠰᠠᠭᠠᠷ ᠪᠠᠶᠢᠨ᠎ᠠ᠃ ᠴᠠᠭᠠᠰᠤᠨ ᠪᠦᠳᠡᠭᠡᠯᠭᠡ ᠪᠤᠯ ᠬᠠᠮᠤᠭ ᠡᠷᠳᠡᠨ ᠳᠡᠭᠡᠨ ᠡᠪᠡᠰᠤᠨ ᠪᠦᠳᠡᠭᠡᠯᠭᠡ ᠲᠠᠢ ᠬᠠᠪᠰᠤᠷᠭᠠᠨ ᠭᠡᠷᠡᠭᠯᠡᠵᠤ ᠪᠠᠶᠢᠠᠠᠰᠠᠨ ᠲᠤᠯᠠᠭᠠᠨ ᠢ ᠬᠠᠳᠠᠭᠠᠯᠠᠬᠤ ᠪᠦᠳᠡᠭᠡᠯᠭᠡ ᠶᠢᠨ ᠮᠠᠲ᠋ᠧᠷᠢᠶᠠᠯ ᠪᠤᠯᠤᠨ᠎ᠠ᠃ ᠴᠠᠭᠠᠰᠤᠨ ᠪᠦᠳᠡᠭᠡᠯᠭᠡ ᠨᠢ ᠭᠤᠤᠯ ᠨᠢ ᠴᠤᠬᠤᠢ ᠶᠢᠨ ᠤᠭᠤᠳᠠ ᠠᠴᠠ ᠢᠷᠠᠯᠳᠡ ᠲᠠᠢ ᠪᠠᠶᠢᠠᠠᠰᠠᠨ ᠪᠤᠯ ᠤᠳᠤ ᠭᠦᠭᠵᠢᠭᠡᠳ ᠴᠠᠭᠠᠰᠤᠨ ᠦᠢᠯᠡᠳᠪᠤᠷᠢ ᠲᠠᠢ ᠪᠤᠯᠵᠤᠭ᠎ᠠ ᠲᠤᠠᠠᠳᠠᠵᠤ ᠰᠢᠭᠤᠳ ᠬᠤᠳᠠᠯᠳᠤᠨ ᠠᠪᠳᠠᠭ ᠪᠤᠯᠵᠠᠢ᠃ ᠭᠡᠪᠡᠴᠤ ᠲᠡᠭᠦᠨ ᠤ ᠦᠪᠡᠷ ᠤᠨ ᠦᠷᠳᠡᠭ ᠨᠢ ᠴᠤᠬᠤᠢ ᠶᠢᠨ ᠤᠭᠤᠳᠡ ᠠᠴᠠ ᠪᠠᠭ᠋ᠠᠨ ᠦᠨᠳᠤᠷ ᠪᠠᠶᠢᠳᠠᠭ᠃ ᠴᠠᠭᠠᠰᠤᠨ ᠪᠦᠳᠡᠭᠡᠯᠭᠡ ᠶᠢ ᠭᠡᠷᠡᠭᠯᠡᠭᠦ ᠳᠡᠭᠡᠨ ᠭᠤᠤᠯ ᠨᠢ ᠡᠪᠡᠰᠤᠨ ᠪᠦᠳᠡᠭᠡᠯᠭᠡ ᠶᠢᠨ ᠲᠤᠤᠷ᠎ᠠ ᠲᠠᠯ᠎ᠠ ᠳᠤᠨᠢ ᠲᠠᠪᠢᠰᠴᠤ ᠡᠪᠡᠰᠤᠨ ᠪᠦᠳᠡᠭᠡᠯᠭᠡ ᠨᠢ ᠰᠦᠯᠢᠶᠤᠤ ᠨᠢᠮᠭᠡᠨ ᠪᠦᠷᠭᠦᠭᠦᠯ ᠢ ᠴᠤᠭᠤᠯᠬᠤ ᠠᠴᠠ ᠰᠡᠷᠭᠡᠶᠢᠯᠡᠳᠡᠭ ᠪᠠ ᠡᠪᠡᠰᠤᠨ ᠪᠦᠳᠡᠭᠡᠯᠭᠡ ᠪᠤᠯᠤᠨ ᠰᠦᠯᠢᠶᠤᠤ ᠪᠦᠷᠭᠦᠭᠦᠯ ᠤᠨ ᠵᠠᠪᠰᠠᠷ ᠲᠤ ᠨᠢᠭᠡᠨ ᠲᠠᠪᠬᠤᠷ ᠲᠤᠯᠠᠭᠠᠨ ᠢ ᠬᠠᠳᠠᠭᠠᠯᠠᠬᠤ ᠨᠢᠠᠠᠳᠠ ᠲᠠᠪᠬᠤᠷᠭ᠎ᠠ ᠭᠠᠷᠭᠠᠵᠤ᠂ ᠭᠦᠯᠡᠮᠵᠢ ᠶᠢᠨ ᠲᠤᠯᠠᠭᠠᠨ ᠢ ᠬᠠᠳᠠᠭᠠᠯᠠᠬᠤ ᠦᠢᠯᠡᠳᠦᠯ ᠢ ᠨᠢ ᠤᠯᠠᠮ ᠢᠯᠡᠭᠦᠤ ᠲᠡᠭᠡᠭᠰᠢᠯᠡᠭᠦᠯᠳᠡᠭ ᠪᠠᠶᠢᠨ᠎ᠠ᠃ ᠭᠡᠮᠵᠢᠨ ᠲᠤᠠᠠᠳᠠᠭᠠᠠᠠᠰᠠᠨ ᠢ ᠦᠨᠳᠦᠰᠦᠯᠡᠪᠡᠯ᠂ ᠬᠠᠭᠢᠷ ᠡᠪᠤᠯ ᠤᠨ ᠭᠦᠢᠳᠡᠨ ᠳᠤ 4~6 ᠲᠠᠪᠬᠤᠷ ᠴᠤᠬᠤᠢ ᠶᠢᠨ ᠤᠭᠤᠳᠠ ᠶᠢᠨ ᠴᠠᠭᠠᠰᠤᠨ ᠪᠦᠳᠡᠭᠡᠯᠭᠡ ᠭᠢᠭᠡᠳ 65cm ᠵᠤᠵᠠᠭᠠᠨ ᠡᠪᠡᠰᠤᠨ ᠪᠦᠳᠡᠭᠡᠯᠭᠡ ᠶᠢ ᠬᠠᠪᠰᠤᠷᠭᠠᠨ ᠭᠡᠷᠡᠭᠯᠡᠪᠡᠯ ᠭᠦᠯᠡᠮᠵᠢ ᠶᠢᠨ ᠲᠤᠳᠤᠷᠠᠭᠢ ᠲᠤᠯᠠᠭᠠᠨ ᠤ ᠭᠡᠮᠵᠢᠶ᠎ᠠ ᠨᠢ ᠲᠠᠩ ᠭᠠᠭᠴᠠ ᠡᠪᠡᠰᠤᠨ ᠪᠦᠳᠡᠭᠡᠯᠭᠡ ᠶᠢ ᠭᠡᠷᠡᠭᠯᠡᠭᠰᠡᠨ ᠠᠴᠠ 7.8℃ ᠦᠨᠳᠤᠷ ᠪᠠᠶᠢᠳᠠᠭ ᠪᠠᠶᠢᠨ᠎ᠠ᠃ ᠭᠡᠭᠦ ᠳᠡᠭᠡᠨ ᠴᠠᠭᠠᠰᠤᠨ ᠪᠦᠳᠡᠭᠡᠯᠭᠡ ᠨᠢ ᠡᠪᠡᠰᠤᠨ ᠪᠦᠳᠡᠭᠡᠯᠭᠡ ᠲᠠᠢ ᠠᠳᠠᠯᠢ ᠪᠠᠷ ᠪᠤᠷᠤᠭᠠᠨ ᠤᠰᠤᠨ ᠳᠤ ᠲᠠᠪᠳᠦᠪᠡᠯ ᠲᠤᠯᠠᠭᠠᠨ ᠢ ᠬᠠᠳᠠᠭᠠᠯᠠᠬᠤ ᠴᠢᠳᠠᠪᠤᠷᠢ ᠨᠢ ᠰᠦᠷᠡᠭᠡᠢ ᠪᠠᠭᠤᠷᠠᠳᠠᠭ ᠪᠦᠭᠡᠳ ᠠᠮᠠᠷᠬᠠᠨ ᠤᠷᠬᠠᠳᠠᠵᠤ ᠰᠦᠢᠳᠬᠦ ᠪᠤᠯᠤᠨ᠎ᠠ᠃ ᠭᠡᠷᠪᠡ ᠴᠠᠭᠠᠰᠤᠨ ᠪᠦᠳᠡᠭᠡᠯᠭᠡ ᠲᠡᠭᠡᠷ᠎ᠡ ᠪᠠᠨ ᠨᠢᠭᠡᠨ ᠲᠠᠪᠬᠤᠷ ᠡᠪᠡᠰᠤᠨ ᠪᠦᠳᠡᠭᠡᠯᠭᠡ ᠪᠤᠶᠤ ᠵᠡᠭᠡᠰᠤ ᠬᠤᠯᠤᠰᠤ ᠲᠠᠯᠪᠢᠵᠤ᠂ ᠡᠪᠡᠰᠤᠨ ᠪᠦᠳᠡᠭᠡᠯᠭᠡ ᠲᠠᠢ ᠠᠳᠠᠯᠢ ᠪᠤᠯᠭᠠᠨ ᠤᠶᠤᠵᠤ ᠲᠤᠪᠭᠢᠵᠦ ᠭᠡᠷᠡᠭᠯᠡᠪᠡᠯ ᠬᠠᠷᠢᠨ ᠲᠤᠯᠠᠭᠠᠨ ᠢ ᠬᠠᠳᠠᠭᠠᠯᠠᠬᠤ ᠦᠢᠯᠡᠳᠦᠯ ᠨᠢ ᠬᠤᠪᠢᠷᠠᠬᠤ ᠦᠭᠡᠢ ᠪᠦᠭᠡᠳ ᠪᠦᠭᠡ ᠪᠦᠭᠡᠯᠢᠭ ᠪᠤᠯᠵᠤ ᠴᠢᠳᠠᠨ᠎ᠠ᠃ ᠭᠦᠪᠤᠩ ᠪᠦᠳᠡᠭᠡᠯᠭᠡ ᠪᠤᠯ ᠭᠦᠪᠤᠩ ᠤᠨ ᠭᠠᠷᠤᠯᠳᠠ ᠶᠢᠨ ᠤᠷᠤᠨ ᠪᠤᠯᠤᠨ ᠲᠠᠷᠢᠶᠠᠯᠠᠩ ᠤᠨ ᠪᠤᠰᠤ ᠤᠷᠤᠨ ᠤ ᠬᠠᠮᠤᠭ ᠤᠨ ᠡᠷᠳᠡ ᠭᠡᠷᠡᠭᠯᠡᠵᠤ ᠪᠠᠶᠢᠠᠠᠰᠠᠨ ᠲᠤᠯᠠᠭᠠᠨ ᠢ ᠬᠠᠳᠠᠭᠠᠯᠠᠬᠤ ᠮᠠᠲ᠋ᠧᠷᠢᠶᠠᠯ ᠪᠤᠯᠤᠨ᠎ᠠ᠃ ᠲᠡᠭᠦᠨ ᠤ ᠲᠤᠯᠠᠭᠠᠨ ᠢ ᠬᠠᠳᠠᠭᠠᠯᠠᠬᠤ ᠦᠷ᠎ᠡ ᠳ᠋ᠦᠩ ᠨᠢ ᠡᠪᠡᠰᠤᠨ ᠪᠦᠳᠡᠭᠡᠯᠭᠡ ᠠᠴᠠ ᠬᠤᠯᠠ ᠰᠠᠶᠢᠨ ᠪᠠᠶᠢᠳᠠᠭ᠃ ᠭᠦᠪᠤᠩ ᠪᠦᠳᠡᠭᠡᠯᠭᠡ ᠶᠢ ᠤᠶᠤᠵᠤ ᠲᠤᠪᠭᠢᠬᠤ ᠳᠠᠭᠠᠨ ᠶᠠᠷᠦᠩᠭᠡᠢ ᠳᠡᠭᠡᠨ ᠭᠠᠳᠠᠭᠤᠷ ᠨᠢ ᠨᠢᠭᠡᠨ ᠲᠠᠪᠬᠤᠷᠭ᠎ᠠ ᠤᠰᠤ ᠰᠡᠷᠭᠡᠶᠢᠯᠡᠭᠦ ᠮᠠᠲ᠋ᠧᠷᠢᠶᠠᠯ ᠢ ᠭᠡᠷᠡᠭᠯᠡᠵᠤ᠂ ᠭᠦᠪᠤᠩ ᠢᠶᠠᠨ ᠨᠤᠷᠴᠦ ᠴᠢᠭᠢᠭᠳᠦᠭᠦ ᠠᠴᠠ ᠰᠡᠷᠭᠡᠶᠢᠯᠡᠭᠰᠡᠨ ᠪᠠᠶᠢᠳᠠᠭ᠃ ᠪᠠᠷᠢᠮᠵᠢᠶᠠᠳᠤ ᠭᠦᠪᠤᠩ ᠪᠦᠳᠡᠭᠡᠯᠭᠡ ᠭᠢᠭᠦ ᠳᠤ ᠶᠠᠷᠦᠩᠭᠡᠢ ᠳᠡᠭᠡᠨ ᠲᠡᠭᠰᠢ ᠲᠦᠷᠪᠠᠯᠵᠢᠨ ᠮᠧᠲᠷ ᠪᠦᠷᠢ 2kg ᠭᠦᠪᠤᠩ ᠭᠡᠷᠡᠭᠯᠡᠵᠤ᠂ 3~4cm ᠵᠤᠵᠠᠭᠠᠨ᠂ 4m ᠤᠷᠴᠢᠮ ᠦᠷᠭᠡᠨ ᠪᠠᠶᠢᠯᠭᠠᠵᠤ᠂ ᠤᠷᠳᠤ ᠶᠢᠨ ᠭᠡᠮᠵᠢᠶ᠎ᠠ ᠶᠢ ᠭᠡᠷ ᠤᠨ ᠡᠩᠭᠡᠷ ᠲᠠᠯᠠᠪᠠᠢ ᠶᠢᠨ ᠭᠡᠷᠡᠯ ᠲᠤᠰᠬᠤ ᠲᠠᠯᠠᠪᠠᠢ ᠠᠴᠠ 0.5m ᠤᠷᠳᠤ ᠪᠠᠶᠢᠯᠭᠠᠨ᠎ᠠ᠃ ᠵᠠᠷᠢᠮ ᠬᠠᠭᠠᠰ ᠲᠠᠷᠢᠶᠠᠯᠠᠬᠤ ᠬᠠᠭᠠᠰ ᠮᠠᠯᠵᠢᠬᠤ ᠤᠷᠤᠨ ᠳᠤ ᠪᠠᠰᠠ ᠨᠤᠤᠰᠤ ᠪᠠᠷ ᠭᠦᠪᠤᠩ ᠢ ᠤᠷᠤᠯᠠᠭᠤᠯᠤᠨ᠂ ᠲᠤᠯᠠᠭᠠᠨ ᠢ ᠬᠠᠳᠠᠭᠠᠯᠠᠬᠤ ᠪᠦᠳᠡᠭᠡᠯᠭᠡ ᠭᠢᠭᠰᠡᠨ ᠪᠠᠶᠢᠳᠠᠭ᠃ ᠭᠦᠪᠤᠩ ᠢᠶᠠᠷ ᠴᠤ ᠲᠠᠷᠠ ᠨᠤᠤᠰᠤ ᠪᠠᠷ ᠴᠤ ᠲᠠᠷᠠ ᠨᠠᠷᠠᠯᠠᠭ ᠭᠦᠯᠡᠮᠵᠢ ᠶᠢᠨ ᠲᠤᠯᠠᠭᠠᠨ ᠢ ᠬᠠᠳᠠᠭᠠᠯᠠᠬᠤ ᠪᠦᠳᠡᠭᠡᠯᠭᠡ ᠭᠢᠭᠦ ᠳᠡᠭᠡᠨ ᠶᠠᠷᠦᠩᠭᠡᠢ ᠳᠡᠭᠡᠨ ᠴᠦᠮ ᠲᠠᠸᠠᠷ ᠤᠨ ᠪᠤᠰᠤ ᠮᠠᠲ᠋ᠧᠷᠢᠶᠠᠯ ᠪᠠᠶᠢᠬᠤ ᠠᠵᠤ ᠦᠢᠯᠡᠳᠪᠤᠷᠢ ᠶᠢᠨ ᠦᠢᠯᠡᠳᠭᠦᠨ ᠤ ᠭᠡᠭᠡᠭᠳᠡᠮᠡᠯ ᠮᠠᠲ᠋ᠧᠷᠢᠶᠠᠯ ᠢ ᠬᠤᠯᠢᠨ ᠭᠡᠷᠡᠭᠯᠡᠵᠤ ᠲᠡᠭᠦᠨ ᠤ ᠦᠪᠠᠷ ᠤᠨ ᠦᠷᠳᠡᠭ ᠢ ᠪᠠᠭᠤᠷᠠᠭᠤᠯᠵᠤ ᠪᠤᠯᠤᠨ᠎ᠠ᠃ ᠲᠡᠭᠡᠷ᠎ᠡ ᠲᠤᠷᠠᠳᠤᠠᠠᠰᠠᠨ ᠤᠯᠠᠮᠵᠢᠯᠡᠯᠳᠤ ᠲᠤᠯᠠᠭᠠᠨ ᠢ ᠬᠠᠳᠠᠭᠠᠯᠠᠬᠤ ᠪᠦᠳᠡᠭᠡᠯᠭᠡ ᠠᠴᠠ ᠭᠠᠳᠠᠨ᠎ᠠ ᠦᠢᠯᠡᠳᠪᠤᠷᠢᠯᠡᠯ ᠤᠨ ᠪᠡ ᠰᠢᠨᠵᠢᠯᠡᠭᠦ ᠤᠬᠠᠭᠠᠨ ᠤ ᠰᠤᠳᠤᠯᠤᠯ ᠤᠨ ᠰᠠᠯᠠᠭ᠎ᠠ ᠮᠦᠴᠢᠷ ᠤᠳ ᠨᠠᠷᠠᠯᠠᠭ ᠭᠦᠯᠡᠮᠵᠢ ᠶᠢᠨ ᠲᠤᠯᠠᠭᠠᠨ ᠢ ᠬᠠᠳᠠᠭᠠᠯᠠᠬᠤ ᠰᠢᠨ᠎ᠠ ᠭᠡᠯᠪᠡᠷᠢ ᠶᠢᠨ ᠪᠦᠳᠡᠭᠡᠯᠭᠡ ᠶᠢᠨ ᠮᠠᠲ᠋ᠧᠷᠢᠶᠠᠯ ᠢ ᠰᠤᠳᠤᠯᠤᠠᠠᠰᠠᠭᠠᠷ ᠪᠠᠶᠢᠨ᠎ᠠ᠃ ᠤᠳᠤᠬᠠᠨ ᠳᠤ ᠬᠤᠶᠠᠷ ᠵᠦᠢᠯ ᠤᠨ ᠮᠠᠲ᠋ᠧᠷᠢᠶᠠᠯ ᠢ ᠬᠠᠮᠤᠭ ᠤᠨ ᠦᠷᠭᠡᠨ ᠲᠡᠯᠭᠡᠷ ᠭᠡᠷᠡᠭᠯᠡᠵᠤ ᠪᠠᠶᠢᠨ᠎ᠠ᠃ ᠨᠢᠭᠡ ᠳᠤ ᠰᠢᠷᠢᠮᠠᠯ ᠢᠰᠡᠭᠡᠢ ᠪᠠᠷ ᠴᠠᠭᠢᠮ ᠭᠢᠵᠤ᠂ ᠬᠤᠶᠠᠷ ᠲᠠᠯ᠎ᠠ ᠪᠠᠷ ᠨᠢ ᠤᠰᠤ ᠰᠡᠷᠭᠡᠶᠢᠯᠡᠭᠦ ᠬᠠᠮᠠᠭᠠᠯᠠᠯᠳᠠ ᠶᠢᠨ ᠲᠠᠪᠬᠤᠷᠭ᠎ᠠ ᠲᠠᠢ ᠭᠢᠭᠰᠡᠨ ᠪᠠᠶᠢᠳᠠᠭ︔ ᠬᠤᠶᠠᠷ ᠲᠤ ᠭᠦᠭᠡᠰᠦᠳᠦᠭᠦᠯᠦᠭᠰᠡᠨ ᠡᠲᠸᠠ ᠤ ᠮᠠᠲ᠋ᠧᠷᠢᠶᠠᠯ ᠪᠤᠯᠤᠨ᠎ᠠ᠃ ᠰᠢᠷᠢᠮᠡᠯ ᠢᠰᠡᠭᠡᠢ ᠪᠦᠳᠡᠭᠡᠯᠭᠡ ᠶᠢᠨ ᠦᠨ᠎ᠠ ᠨᠢ ᠭᠢᠮᠳᠡ᠂ ᠠᠵᠤ ᠦᠢᠯᠡᠳᠪᠤᠷᠢ ᠶᠢᠨ ᠭᠡᠭᠡᠭᠳᠡᠮᠡᠯ ᠡᠳ᠋ ᠢ ᠭᠦᠢᠴᠡᠳ ᠠᠰᠢᠠᠠᠯᠠᠵᠦ ᠪᠤᠯᠬᠤ ᠪᠦᠭᠡᠳ ᠡᠭᠢ ᠪᠠᠶᠠᠯᠢᠭ ᠢ ᠡᠷᠭᠢᠯᠳᠦᠭᠦᠯᠦᠨ ᠠᠰᠢᠠᠠᠯᠠᠬᠤ ᠪᠤᠯᠬᠤᠷ ᠤᠷᠴᠢᠨ ᠲᠤᠭᠤᠷᠢᠨ ᠤ ᠬᠠᠮᠠᠭᠠᠯᠠᠯᠳᠠ ᠶᠢᠨ ᠴᠢᠨᠠᠷ ᠲᠠᠢ ᠨᠢᠭᠡᠨ ᠵᠦᠢᠯ ᠤᠨ ᠮᠠᠲ᠋ᠧᠷᠢᠶᠠᠯ ᠪᠤᠯᠤᠨ᠎ᠠ᠃ ᠭᠡᠪᠡᠴᠤ ᠡᠳᠡᠭᠡᠷ ᠮᠠᠲ᠋ᠧᠷᠢᠶᠠᠯ ᠤᠨ ᠲᠦᠭᠦᠭᠡᠢ ᠡᠳ᠋ ᠤᠨ ᠢᠷᠡᠯᠳᠡ ᠨᠢ ᠠᠳᠠᠯᠢ ᠦᠭᠡᠢ ᠠᠴᠠ ᠪᠤᠯᠤᠭᠠᠳ᠂ ᠦᠢᠯᠡᠳᠭᠦᠨ ᠤ ᠦᠢᠯᠡᠳᠦᠯ ᠴᠢᠳᠠᠯ ᠨᠢ ᠨᠡᠯᠢᠶᠡᠳ ᠶᠡᠭᠡ ᠵᠦᠷᠢᠶ᠎ᠠ ᠲᠠᠢ ᠪᠠᠶᠢᠵᠤ᠂ ᠢᠯᠠᠩᠭᠤᠶ᠎ᠠ ᠲᠤᠯᠠᠭᠠᠨ ᠢ ᠬᠠᠳᠠᠭᠠᠯᠠᠬᠤ ᠰᠢᠷᠢᠮᠠᠯ ᠪᠦᠳᠡᠭᠡᠯᠭᠡ ᠨᠢ ᠮᠠᠰᠢ ᠤᠯᠠᠨ ᠵᠡᠭᠦᠤ ᠶᠢᠨ ᠰᠦᠪᠡ ᠲᠠᠢ ᠪᠠᠶᠢᠵᠤ᠂ ᠡᠳᠡᠭᠡᠷ ᠵᠡᠭᠦᠤ ᠶᠢᠨ ᠰᠦᠪᠡ ᠶᠢᠨ ᠵᠠᠷᠢᠮ ᠢ ᠨᠢ ᠤᠰᠤ ᠰᠡᠷᠭᠡᠶᠢᠯᠡᠭᠦ ᠪᠠᠷ ᠰᠢᠢᠳᠪᠤᠷᠢᠯᠡᠭᠰᠡᠨ ᠪᠤᠯᠪᠠᠴᠤ ᠤᠯᠠᠩᠭᠢ ᠳᠤᠨᠢ ᠤᠰᠤ ᠰᠡᠷᠭᠡᠶᠢᠯᠡᠭᠦ ᠰᠢᠢᠳᠪᠤᠷᠢᠯᠡᠯᠳᠡ ᠭᠢᠭᠰᠡᠨ ᠦᠭᠡᠢ ᠪᠤᠶᠤ ᠵᠠᠷᠢᠮ ᠳᠤᠨᠢ ᠦᠢᠯᠡᠳᠪᠤᠷᠢ ᠠᠴᠠ ᠭᠠᠷᠭᠠᠬᠤ ᠠᠴᠠ ᠪᠠᠨ ᠡᠮᠦᠨᠡᠭᠡᠨ ᠤᠰᠤ ᠰᠡᠷᠭᠡᠶᠢᠯᠡᠭᠦ ᠰᠢᠢᠳᠪᠤᠷᠢᠯᠡᠯᠳᠡ ᠭᠢᠭᠰᠡᠨ ᠲᠤᠯᠠ ᠨᠢᠭᠡ ᠬᠤᠭᠤᠴᠠᠭ᠎ᠠ ᠭᠡᠷᠡᠭᠯᠡᠭᠰᠡᠨ ᠤ ᠰᠡᠭᠦᠯᠡᠷ ᠲᠤᠯᠠᠭᠠᠨ ᠢ ᠬᠠᠳᠠᠭᠠᠯᠠᠬᠤ ᠪᠦᠳᠡᠭᠡᠯᠭᠡ ᠶᠢ ᠦᠷᠭᠦᠯᠵᠢ ᠡᠪᠭᠡᠵᠤ ᠬᠤᠷᠢᠶᠠᠬᠤ ᠪᠠ ᠲᠠᠳᠠᠵᠤ ᠴᠢᠩᠭᠠᠯᠠᠬᠤ ᠠᠴᠠ ᠪᠤᠯᠤᠭᠠᠳ ᠵᠡᠭᠦᠤ ᠶᠢᠨ ᠰᠦᠪᠡ ᠶᠢᠨ ᠤᠰᠤ ᠰᠡᠷᠭᠡᠶᠢᠯᠡᠯᠳᠡ ᠨᠢ ᠦᠨᠳᠦᠰᠦᠨ ᠳᠡᠭᠡᠨ ᠦᠢᠯᠡᠳᠦᠯ ᠢᠶᠠᠨ ᠠᠯᠳᠠᠳᠠᠭ ᠪᠠᠶᠢᠨ᠎ᠠ᠃ ᠲᠠᠭᠢᠪᠠᠯ ᠲᠤᠯᠠᠭᠠᠨ ᠢ ᠬᠠᠳᠠᠭᠠᠯᠠᠬᠤ ᠪᠦᠳᠡᠭᠡᠯᠭᠡ ᠶᠢᠨ ᠵᠡᠭᠦᠤ ᠶᠢᠨ ᠰᠦᠪᠡ ᠪᠠᠷ ᠤᠰᠤ ᠨᠠᠪᠴᠢᠵᠤ᠂ ᠪᠤᠷᠤᠭᠠᠨ ᠴᠠᠰᠤ ᠤᠷᠤᠪᠠᠯ ᠲᠤᠯᠠᠭᠠᠨ ᠢ ᠬᠠᠳᠠᠭᠠᠯᠠᠬᠤ ᠪᠦᠳᠡᠭᠡᠯᠭᠡ ᠶᠢᠨ ᠴᠠᠭᠢᠮ ᠳᠤ ᠠᠮᠠᠷᠬᠠᠨ ᠤᠰᠤ ᠤᠷᠤᠵᠤ᠂ ᠴᠠᠭᠢᠮ ᠨᠢ ᠴᠢᠭᠢᠭᠳᠦᠭᠡᠳ ᠲᠤᠯᠠᠭᠠᠨ ᠢ ᠬᠠᠳᠠᠭᠠᠯᠠᠬᠤ ᠴᠢᠳᠠᠯ ᠢᠶᠠᠨ ᠠᠯᠳᠠᠳᠠᠭ ᠪᠠ ᠵᠡᠭᠦᠤ ᠶᠢᠨ ᠰᠦᠪᠡ ᠨᠢ ᠴᠤ ᠮᠠᠰᠢ ᠵᠢᠵᠢᠭ ᠪᠠᠶᠢᠳᠠᠭ ᠪᠤᠯᠬᠤᠷ ᠲᠤᠯᠠᠭᠠᠨ ᠢ ᠬᠠᠳᠠᠭᠠᠯᠠᠬᠤ ᠴᠠᠭᠢᠮ ᠳᠤ ᠤᠷᠤᠠᠠᠰᠠᠨ ᠤᠰᠤ ᠶᠢ ᠵᠠᠯᠠᠵᠤ ᠭᠠᠷᠭᠠᠬᠤ ᠳᠤ ᠪᠡᠷᠭᠡ ᠲᠠᠢ ᠪᠤᠯᠵᠤ᠂ ᠲᠠᠷᠠᠴᠢᠯᠠᠨ ᠲᠤᠯᠠᠭᠠᠨ ᠢ ᠬᠠᠳᠠᠭᠠᠯᠠᠬᠤ ᠴᠠᠭᠢᠮ ᠤᠨ ᠮᠠᠲ᠋ᠧᠷᠢᠶᠠᠯ ᠨᠢ ᠴᠤ ᠨᠠᠷᠢᠨ ᠨᠢᠠᠠᠳᠠ ᠤᠰᠤ ᠰᠡᠷᠭᠡᠶᠢᠯᠡᠭᠦ ᠮᠠᠲ᠋ᠧᠷᠢᠶᠠᠯ ᠪᠤᠯᠬᠤᠷ ᠡᠳᠤᠷ ᠤᠨ ᠤᠳᠠᠭᠠᠨ ᠳᠠᠭᠠᠨ ᠲᠤᠯᠠᠭᠠᠨ ᠢ ᠬᠠᠳᠠᠭᠠᠯᠠᠬᠤ ᠪᠦᠳᠡᠭᠡᠯᠭᠡ ᠨᠢ ᠲᠤᠳᠤᠷ᠎ᠠ ᠠᠴᠠ ᠪᠠᠨ ᠴᠢᠭᠢᠭᠳᠦᠭᠰᠡᠨ ᠠᠴᠠ ᠪᠤᠯᠤᠭᠠᠳ ᠲᠤᠯᠠᠭᠠᠨ ᠢ ᠬᠠᠳᠠᠭᠠᠯᠠᠬᠤ ᠦᠢᠯᠡᠳᠦᠯ ᠢᠶᠠᠨ ᠠᠯᠳᠠᠬᠤ ᠪᠤᠶᠤ ᠲᠤᠳᠤᠷ᠎ᠠ ᠠᠴᠠ ᠪᠠᠨ ᠴᠢᠭᠢᠭᠳᠦᠨ ᠢᠯᠵᠡᠷᠠᠵᠤ᠂ ᠭᠡᠷᠡᠭᠯᠡᠯᠳᠡ ᠶᠢᠨ ᠦᠢᠯᠡᠳᠦᠯ ᠢᠶᠠᠨ ᠭᠦᠢᠴᠡᠳ ᠠᠯᠳᠠᠳᠠᠭ ᠪᠠᠶᠢᠨ᠎ᠠ᠃ ᠡᠭᠦᠨ ᠠᠴᠠ ᠭᠠᠳᠠᠨ᠎ᠠ ᠲᠤᠯᠠᠭᠠᠨ ᠢ ᠬᠠᠳᠠᠭᠠᠯᠠᠬᠤ ᠪᠦᠳᠡᠭᠡᠯᠭᠡ ᠶᠢ ᠦᠢᠯᠡᠳᠪᠤᠷᠢ ᠠᠴᠠ ᠭᠠᠷᠭᠠᠬᠤ ᠦᠶᠡᠰ ᠲᠡᠭᠦᠨ ᠤ ᠲᠤᠯᠠᠭᠠᠨ ᠢ ᠬᠠᠳᠠᠭᠠᠯᠠᠬᠤ ᠦᠢᠯᠡᠳᠦᠯ ᠨᠢ ᠴᠤ ᠮᠠᠰᠢ ᠰᠠᠶᠢᠨ ᠪᠠᠶᠢᠳᠠᠭ᠃ ᠭᠡᠪᠡᠴᠤ ᠨᠢᠭᠡ ᠬᠤᠭᠤᠴᠠᠭ᠎ᠠ ᠭᠡᠷᠡᠭᠯᠡᠭᠰᠡᠨ ᠤ ᠰᠡᠭᠦᠯᠡᠷ ᠡᠪᠭᠡᠯᠳᠡ ᠶᠢᠨ ᠮᠠᠰᠢᠨ ᠤ ᠰᠢᠬᠠᠵᠤ ᠲᠠᠷᠤᠬᠤ ᠪᠠ ᠲᠠᠳᠠᠵᠤ ᠴᠢᠩᠭᠠᠭᠠᠬᠤ ᠠᠴᠠ ᠪᠤᠯᠤᠭᠠᠳ ᠰᠡᠪᠰᠡᠭᠡᠷ ᠴᠠᠭᠢᠮ ᠤᠨ ᠡᠷᠴᠢ ᠨᠢ ᠪᠠᠭᠤᠷᠠᠬᠤ ᠪᠤᠶᠤ ᠵᠢᠭᠳᠡ ᠵᠤᠵᠠᠭᠠᠴᠠ ᠨᠢ ᠲᠡᠩᠴᠡᠭᠦᠷᠢ ᠪᠠᠨ ᠠᠯᠳᠠᠵᠤ᠂ ᠴᠢᠨ᠋ᠬᠠᠰᠢᠯᠠᠪᠠᠯ ᠨᠦᠭᠡ ᠰᠦᠪᠡ ᠭᠠᠷᠴᠤ᠂ ᠲᠤᠯᠠᠭᠠᠨ ᠢ ᠬᠠᠳᠠᠭᠠᠯᠠᠬᠤ ᠪᠦᠳᠡᠭᠡᠯᠭᠡ ᠶᠢᠨ ᠵᠠᠷᠢᠮ ᠭᠡᠰᠡᠭ ᠤᠨ ᠲᠤᠯᠠᠭᠠᠨ ᠢ ᠬᠠᠳᠠᠭᠠᠯᠠᠬᠤ ᠦᠢᠯᠡᠳᠦᠯ ᠨᠢ ᠪᠠᠭᠤᠷᠠᠳᠠᠭ ᠪᠠᠶᠢᠨ᠎ᠠ᠃ ᠡᠳᠡᠭᠡᠷ ᠲᠦᠷᠦᠯ ᠤᠨ ᠲᠤᠯᠠᠭᠠᠨ ᠢ ᠬᠠᠳᠠᠭᠠᠯᠠᠬᠤ ᠪᠦᠳᠡᠭᠡᠯᠭᠡ ᠶᠢᠨ ᠦᠷᠭᠦᠯᠵᠢ ᠭᠡᠷᠡᠭᠯᠡᠳᠡᠭ ᠤᠰᠤ ᠰᠡᠷᠭᠡᠶᠢᠯᠡᠭᠦ ᠮᠠᠲ᠋ᠧᠷᠢᠶᠠᠯ ᠭᠡᠪᠡᠯ ᠪᠠᠷᠵᠢᠩᠭᠡ ᠪᠦᠰ᠂ ᠨᠢᠤᠵᠢᠨ ᠪᠦᠰ ᠪᠡ ᠳ᠋ᠢᠯᠦ᠋ᠨ ᠪᠦᠰ ᠵᠡᠷᠭᠡ ᠪᠤᠢ᠃ ᠲᠡᠭᠦᠨ ᠤ ᠤᠰᠤ ᠰᠡᠷᠭᠡᠶᠢᠯᠡᠭᠦ ᠴᠢᠳᠠᠯ ᠨᠢ ᠭᠡᠪᠡᠯ ᠮᠠᠲ᠋ᠧᠷᠢᠶᠠᠯ ᠤᠨ ᠦᠡᠭᠭᠡᠨ ᠲᠠᠯ᠎ᠠ ᠳᠤ ᠤᠰᠤ ᠰᠡᠷᠭᠡᠶᠢᠯᠡᠭᠦ ᠰᠢᠢᠳᠪᠤᠷᠢᠯᠡᠯᠳᠡ ᠭᠢᠭᠰᠡᠨ ᠠᠴᠠ ᠪᠤᠯᠤᠠᠠᠰᠠᠨ ᠪᠠᠶᠢᠳᠠᠭ᠃ ᠲᠤᠯᠠᠭᠠᠨ ᠢ ᠬᠠᠳᠠᠭᠠᠯᠠᠬᠤ ᠦᠷ᠎ᠠ ᠳ᠋ᠦᠩ ᠢ ᠲᠡᠭᠡᠭᠰᠢᠯᠡᠭᠦᠯᠭᠦ ᠶᠢᠨ ᠲᠤᠰᠠᠳᠠ ᠴᠢᠬᠤᠯᠠ ᠪᠦᠭᠦᠢ ᠲᠤᠯᠠᠭᠠᠨ ᠢ ᠬᠠᠳᠠᠭᠠᠯᠠᠬᠤ ᠴᠠᠭᠢᠮ ᠪᠤᠯᠤᠨ ᠤᠰᠤ ᠰᠡᠷᠭᠡᠶᠢᠯᠡᠭᠦ ᠲᠠᠪᠬᠤᠷᠭ᠎ᠠ ᠪᠠᠶᠢᠬᠤ ᠶᠢᠨ ᠭᠠᠳᠠᠨ᠎ᠠ ᠪᠠᠰᠠ ᠡᠨᠡ ᠬᠤᠶᠠᠷ ᠤᠨ ᠬᠤᠭᠤᠷᠤᠨᠳᠤ ᠨᠢ ᠨᠡᠭᠡᠮᠡᠯ ᠪᠤᠰᠤ ᠪᠦᠰ᠂ ᠰᠦᠯᠢᠶᠤᠤ ᠪᠦᠷᠭᠦᠭᠦᠯ᠂ ᠢᠯᠭᠢᠨ ᠴᠠᠭᠠᠰᠤ ᠵᠡᠷᠭᠡ ᠶᠢ ᠨᠡᠮᠡᠵᠤ ᠤᠷᠤᠭᠤᠯᠳᠠᠭ ᠪᠠ ᠪᠠᠰᠠ ᠲᠤᠯᠠᠭᠠᠨ ᠢ ᠬᠠᠳᠠᠭᠠᠯᠠᠬᠤ ᠪᠦᠳᠡᠭᠡᠯᠭᠡ ᠶᠢᠨ ᠲᠤᠳᠤᠷ᠎ᠠ ᠲᠠᠯ᠎ᠠ ᠳᠤᠨᠢ ᠭᠦᠡᠭᠭᠡᠨᠴᠠᠭᠠᠨ ᠤ ᠴᠠᠭᠠᠰᠤ ᠨᠠᠭᠠᠵᠤ᠂ ᠭᠦᠯᠡᠮᠵᠢ ᠶᠢᠨ ᠲᠤᠳᠤᠷᠠᠭᠢ ᠤᠷᠳᠤ ᠲᠤᠯᠭᠢᠶᠠᠨ ᠤ ᠰᠠᠴᠤᠷᠠᠭ ᠢ ᠬᠤᠷᠢᠠᠠᠯᠠᠳᠠᠭ ᠪᠠᠶᠢᠨ᠎ᠠ᠃ ᠪᠠᠭᠴᠠᠯᠠᠭᠠᠳ ᠭᠡᠯᠡᠪᠡᠯ ᠡᠨᠡ ᠬᠦ ᠲᠦᠷᠦᠯ ᠭᠡᠯᠪᠡᠷᠢ ᠶᠢᠨ ᠮᠠᠲ᠋ᠧᠷᠢᠶᠡᠯ ᠵᠠᠬ᠎ᠠ ᠲᠡᠯᠭᠡᠭᠦᠷ ᠲᠡᠭᠡᠷ᠎ᠡ ᠮᠠᠰᠢ ᠤᠯᠠᠨ ᠲᠦᠷᠦᠯ ᠪᠠᠶᠢᠬᠤ ᠪᠦᠭᠡᠳ ᠦᠢᠯᠡᠳᠭᠦᠨ ᠤ ᠴᠢᠳᠠᠯ ᠪᠤᠯᠤᠨ ᠦᠨ᠎ᠠ ᠬᠠᠨᠭ᠍ᠰᠢ ᠨᠢ ᠴᠤ ᠮᠠᠰᠢ ᠶᠭᠡ ᠵᠦᠷᠢᠶ᠎ᠠ ᠲᠠᠢ ᠪᠠᠶᠢᠳᠠᠭ᠃ ᠭᠡᠷᠡᠭᠯᠡᠭᠴᠢᠳ ᠡᠳᠡᠭᠡᠷ ᠲᠦᠷᠦᠯ ᠭᠡᠯᠪᠡᠷᠢ ᠶᠢᠨ ᠮᠠᠲ᠋ᠧᠷᠢᠶᠠᠯ ᠢ ᠬᠤᠳᠠᠯᠳᠤᠨ ᠠᠪᠬᠤ ᠳᠠᠭᠠᠨ ᠵᠠᠪᠠᠯ ᠭᠤᠤᠯ ᠪᠤᠯᠬᠤ ᠮᠠᠲ᠋ᠧᠷᠢᠶᠠᠯ ᠤᠨ ᠦᠢᠯᠡᠳᠦᠯ ᠴᠢᠳᠠᠯ ᠢ ᠨᠢ ᠰᠠᠶᠢᠳᠤᠷ ᠰᠢᠨᠵᠢᠵᠤ ᠦᠵᠡᠵᠤ᠂ ᠮᠡᠭᠡᠯᠡᠭᠳᠡᠭᠦ ᠠᠴᠠ ᠰᠡᠷᠭᠡᠶᠢᠯᠡᠭᠡᠷᠡᠢ᠃ ᠭᠦᠭᠡᠰᠦᠳᠦᠯᠡᠯ ᠡᠲᠸᠠ ᠮᠠᠲ᠋ᠧᠷᠢᠶᠠᠯ ᠤᠨ ᠲᠤᠯᠠᠭᠠᠨ ᠢ ᠬᠠᠳᠠᠭᠠᠯᠠᠬᠤ ᠪᠦᠳᠡᠭᠡᠯᠭᠡ ᠪᠤᠯ ᠨᠢᠭᠡᠨ ᠵᠦᠢᠯ ᠤᠨ ᠭᠦᠡᠭᠭᠡᠨ ᠭᠡᠯᠪᠡᠷᠢ ᠶᠢᠨ ᠤᠰᠤ ᠰᠡᠷᠭᠡᠶᠢᠯᠡᠭᠦ ᠮᠠᠲ᠋ᠧᠷᠢᠶᠠᠯ ᠪᠤᠯᠤᠨ᠎ᠠ᠃ ᠮᠠᠲ᠋ᠧᠷᠢᠶᠠᠯ ᠢ ᠭᠦᠭᠡᠰᠦᠳᠦᠭᠦᠯᠭᠦ ᠶᠠᠪᠤᠴᠠ ᠳᠤ ᠪᠤᠢ ᠪᠤᠯᠤᠠᠠᠰᠠᠨ ᠲᠤᠳᠤᠭᠠᠳᠤ ᠵᠠᠢ ᠵᠠᠪᠰᠠᠷ ᠨᠢ ᠲᠤᠯᠠᠭᠠᠨ ᠢ ᠬᠠᠳᠠᠭᠠᠯᠠᠬᠤ ᠴᠢᠳᠠᠪᠤᠷᠢ ᠶᠢᠨ ᠭᠤᠤᠯ ᠰᠢᠯᠳᠠᠭᠠᠨ ᠨᠢ ᠪᠤᠯᠤᠨ᠎ᠠ᠃ ᠤᠴᠢᠷ ᠨᠢ ᠵᠢᠵᠢᠭ ᠤᠷᠤᠨ ᠵᠠᠢ ᠳᠤ ᠵᠤᠠᠠᠰᠤᠩᠭᠤᠶᠢᠷᠬᠠᠰᠠᠨ ᠠᠭᠠᠷ ᠨᠢ ᠲᠤᠯᠠᠭᠠᠨ ᠢ ᠬᠠᠳᠠᠭᠠᠯᠠᠬᠤ ᠮᠠᠰᠢ ᠰᠠᠶᠢᠨ ᠦᠢᠯᠡᠳᠦᠯ ᠲᠠᠢ ᠪᠠᠶᠢᠳᠠᠭ ᠠᠴᠠ ᠪᠤᠯᠵᠠᠢ᠃ ᠮᠠᠲ᠋ᠧᠷᠢᠶᠠᠯ ᠤᠨ ᠲᠤᠳᠤᠭᠠᠳᠤᠭᠢ ᠵᠠᠢ ᠵᠠᠪᠰᠠᠷ ᠨᠢ ᠬᠠᠷᠢᠯᠴᠠᠨ ᠨᠡᠪᠳᠡᠷᠡᠯᠴᠡᠭᠦ ᠦᠭᠡᠢ ᠪᠠᠶᠢᠳᠠᠭ᠂ ᠡᠶᠢᠮᠤ ᠠᠴᠠ ᠮᠠᠲ᠋ᠧᠷᠢᠶᠠᠯ ᠤᠨ ᠲᠤᠳᠤᠭᠠᠳᠤ ᠳᠤ ᠭᠠᠳᠠᠨᠠᠭᠢ ᠤᠰᠤ ᠰᠢᠭᠤᠳ ᠤᠷᠤᠵᠤ ᠴᠢᠳᠠᠬᠤ ᠦᠭᠡᠢ ᠪᠤᠯᠬᠤᠷ ᠲᠡᠭᠡᠷ᠎ᠡ ᠲᠤᠷᠠᠳᠤᠠᠠᠰᠠᠨ ᠲᠤᠯᠠᠭᠠᠨ ᠢ ᠬᠠᠳᠠᠭᠠᠯᠠᠬᠤ ᠴᠠᠭᠢᠮ ᠤᠨ ᠮᠠᠲ᠋ᠧᠷᠢᠶᠠᠯ ᠤᠨ ᠴᠢᠭᠢᠭᠳᠦᠵᠤ ᠦᠢᠯᠡᠳᠦᠯ ᠨᠢ ᠪᠠᠭᠤᠷᠠᠬᠤ ᠠᠰᠠᠭᠤᠳᠠᠯ ᠢ ᠲᠠᠪᠴᠢᠭ᠍ᠰᠡᠨ ᠤ ᠬᠠᠮᠳᠤ ᠪᠠᠰᠠ ᠮᠠᠲ᠋ᠧᠷᠢᠶᠠᠯ ᠤᠨ ᠤᠰᠤ ᠰᠡᠷᠭᠡᠶᠢᠯᠡᠭᠦ ᠲᠠᠪᠬᠤᠷᠭ᠎ᠠ ᠶᠢ ᠠᠷᠪᠢᠯᠠᠵᠤ᠂ ᠮᠠᠲ᠋ᠧᠷᠢᠶᠠᠯ ᠤᠨ ᠦᠪᠡᠷᠳᠡᠭᠡᠨ ᠤᠰᠤ ᠰᠡᠷᠭᠡᠶᠢᠯᠡᠭᠦ ᠶᠢ ᠪᠡᠶᠡᠯᠡᠭᠦᠯᠦᠭᠰᠡᠨ ᠪᠠᠶᠢᠨ᠎ᠠ᠃ ᠡᠨᠡ ᠬᠦ ᠮᠠᠲ᠋ᠧᠷᠢᠶᠠᠯ ᠨᠢ ᠭᠦᠭᠡᠰᠦᠳᠦᠭᠦᠯᠦᠭᠰᠡᠨ ᠤ ᠰᠡᠭᠦᠯᠡᠷ ᠭᠦᠡᠭᠭᠡᠨ ᠮᠦᠷᠳᠡᠭᠡᠨ ᠴᠢᠭᠢᠭᠳᠦᠭᠦ ᠦᠭᠡᠢ᠂ ᠬᠤᠷᠢᠶᠠᠵᠤ ᠲᠡᠯᠭᠡᠭᠦ ᠳᠤ ᠭᠦᠴᠤ ᠪᠠᠭ᠎ᠠ ᠭᠡᠷᠡᠭᠰᠡᠭᠦ ᠲᠤᠯᠠ ᠡᠪᠭᠡᠭᠦ ᠮᠠᠰᠢᠨ ᠤ ᠴᠢᠳᠠᠪᠤᠷᠢ ᠳᠠᠬᠢ ᠱᠠᠭᠠᠷᠳᠠᠯᠭ᠎ᠠ ᠴᠤ ᠬᠠᠷᠢᠴᠠᠩᠭᠤᠢ ᠪᠠᠷ ᠪᠠᠭᠤᠷᠬᠠᠰᠠᠨ ᠪᠠᠶᠢᠨ᠎ᠠ᠃ ᠭᠡᠪᠡᠴᠤ ᠡᠨᠡ ᠬᠦ ᠮᠠᠲ᠋ᠧᠷᠢᠶᠠᠯ ᠨᠢ ᠪᠠᠰᠠ ᠭᠡᠳᠦᠷᠭᠡᠢ ᠭᠦᠡᠭᠭᠡᠨ ᠪᠤᠯᠬᠤᠷ ᠰᠠᠯᠭᠢᠨ ᠳᠤ ᠲᠡᠰᠪᠤᠷᠢ ᠮᠠᠭᠤᠳᠠᠢ ᠲᠤᠯᠠ ᠡᠷᠭᠡᠪᠰᠢ ᠪᠦᠰᠡᠯᠡᠭᠦᠷ ᠢᠶᠠᠷ ᠴᠢᠩᠭ᠎ᠠ ᠲᠠᠳᠠᠵᠤ ᠲᠠᠷᠤᠬᠤ ᠭᠡᠷᠡᠭᠳᠡᠢ᠃ ᠡᠭᠦᠨ ᠠᠴᠠ ᠭᠠᠳᠠᠨ᠎ᠠ ᠡᠨᠡ ᠬᠦ ᠮᠠᠲ᠋ᠧᠷᠢᠶᠠᠯ ᠨᠢ ᠴᠢᠯᠠᠭᠤᠨ ᠲᠤᠰᠤᠨ ᠤ ᠲᠠᠭᠠᠯᠳᠠ ᠦᠢᠯᠡᠳᠭᠦᠨ ᠪᠤᠯᠬᠤᠷ ᠲᠡᠯᠡᠭᠡᠢ ᠲᠠᠶᠠᠭᠠᠷ ᠴᠢᠯᠠᠭᠤᠨ ᠲᠤᠰᠤᠨ ᠤ ᠬᠠᠨᠭ᠍ᠭᠠᠯᠭ᠎ᠠ ᠤᠯᠠᠮ ᠠᠴᠠ ᠤᠯᠠᠮ ᠪᠠᠴᠢᠮ ᠪᠤᠯᠬᠤ ᠨᠦᠭᠦᠴᠡᠯ ᠲᠤᠤᠷ᠎ᠠ ᠲᠡᠭᠦᠨ ᠤ ᠦᠨ᠎ᠠ ᠬᠠᠨᠭ᠍ᠰᠢ ᠨᠢ ᠵᠠᠯᠭᠠᠭ᠎ᠠ ᠪᠠᠷ ᠦᠰᠴᠤ᠂ ᠡᠨᠡ ᠬᠦ ᠮᠠᠲ᠋ᠧᠷᠢᠶᠠᠯ ᠢ ᠲᠤᠮᠤ ᠭᠡᠪᠴᠢᠶᠠᠨ ᠳᠤ ᠦᠷᠭᠡᠨ ᠢᠶᠠᠷ ᠭᠡᠷᠡᠭᠯᠡᠭᠦ ᠶᠢ ᠨᠦᠯᠦᠭᠡᠯᠡᠵᠤ ᠪᠠᠶᠢᠨ᠎ᠠ᠃ ᠶᠠᠷᠦᠩᠭᠡᠶᠢᠯᠡᠭᠡᠳ ᠭᠡᠯᠡᠪᠡᠯ ᠰᠢᠨ᠎ᠠ ᠭᠡᠯᠪᠡᠷᠢ ᠶᠢᠨ ᠲᠤᠯᠠᠭᠠᠨ ᠢ ᠬᠠᠳᠠᠭᠠᠯᠠᠬᠤ ᠮᠠᠲ᠋ᠧᠷᠢᠶᠠᠯ ᠢ ᠰᠤᠳᠤᠯᠵᠤ ᠡᠭᠦᠳᠭᠦ ᠳᠡᠭᠡᠨ ᠮᠠᠰᠢᠠᠴᠢᠯᠠᠨ ᠠᠵᠢᠯᠯᠠᠬᠤ ᠳᠤ ᠲᠦᠭᠦᠮ᠂ ᠦᠨ᠎ᠠ ᠬᠠᠨᠭ᠍ᠰᠢ ᠭᠢᠮᠳᠡ᠂ ᠭᠦᠡᠭᠭᠡᠨ ᠪᠦᠭᠡᠳ ᠪᠦᠭᠡᠯᠢᠭ ᠪᠠᠶᠢᠬᠤ ᠪᠠ ᠤᠰᠤ ᠰᠡᠷᠭᠡᠶᠢᠯᠡᠭᠦ ᠵᠡᠷᠭᠡ ᠱᠠᠭᠠᠷᠳᠠᠯᠭ᠎ᠠ ᠶᠢᠨ ᠲᠠᠯ᠎ᠠ ᠳᠤ ᠢᠯᠡᠭᠦᠤ ᠭᠦᠴᠤ ᠲᠠᠯᠪᠢᠵᠤ ᠲᠤᠯᠠᠭᠠᠨ ᠢ ᠬᠠᠳᠠᠭᠠᠯᠠᠬᠤ ᠦᠢᠯᠡᠳᠦᠯ ᠴᠢᠳᠠᠯ ᠤᠨ ᠲᠠᠯ᠎ᠠ ᠪᠠᠷ ᠡᠪᠡᠰᠤᠨ ᠪᠦᠳᠡᠭᠡᠯᠭᠡ ᠶᠢᠨ ᠦᠢᠯᠡᠳᠦᠯ ᠴᠢᠳᠠᠯ ᠳᠤ ᠭᠦᠷᠦᠭᠦᠯᠭᠦ ᠪᠤᠶᠤ ᠲᠡᠭᠦᠨ ᠲᠠᠢ ᠤᠶᠢᠷᠠᠳᠤᠭᠤᠯᠬᠤ ᠪᠠᠷ ᠱᠠᠭᠠᠷᠳᠠᠪᠠᠯ ᠪᠤᠯᠴᠢᠬᠠᠨ᠎ᠠ᠃ 8. ᠨᠠᠷᠠᠯᠠᠭ ᠭᠦᠯᠡᠮᠵᠢ ᠶᠢᠨ ᠲᠤᠯᠠᠭᠠᠨ ᠢ ᠬᠠᠳᠠᠭᠠᠯᠠᠬᠤ ᠳᠤ ᠭᠡᠳᠦᠢ ᠵᠤᠵᠠᠭᠠᠨ ᠪᠦᠳᠡᠭᠡᠯᠭᠡ ᠶᠢ ᠰᠤᠩᠭᠤᠪᠠᠯ ᠵᠤᠭᠢᠬᠤ ᠪᠤᠢ︖ ᠨᠠᠷᠠᠯᠠᠭ ᠭᠦᠯᠡᠮᠵᠢ ᠶᠢᠨ ᠲᠤᠯᠠᠭᠠᠨ ᠢ ᠬᠠᠳᠠᠭᠠᠯᠠᠬᠤ ᠪᠦᠳᠡᠭᠡᠯᠭᠡ ᠶᠢᠨ ᠮᠠᠲ᠋ᠧᠷᠢᠶᠠᠯ ᠤᠨ ᠲᠦᠷᠦᠯ ᠭᠡᠯᠪᠡᠷᠢ ᠶᠢ ᠰᠤᠩᠭᠤᠨ ᠲᠤᠠᠠᠳᠠᠭᠠᠠᠠᠰᠠᠨ ᠤ ᠰᠡᠭᠦᠯᠡᠷ ᠲᠡᠭᠦᠨ ᠤ ᠲᠤᠯᠠᠭᠠᠨ ᠢ ᠬᠠᠳᠠᠭᠠᠯᠠᠬᠤ ᠦᠢᠯᠡᠳᠦᠯ ᠴᠢᠳᠠᠪᠤᠷᠢ ᠨᠢ ᠰᠠᠶᠢᠨ ᠪᠠᠶᠢᠬᠤ ᠡᠰᠡᠭᠦ ᠨᠢ ᠭᠤᠤᠯ ᠨᠢ ᠲᠤᠯᠠᠭᠠᠨ ᠢ ᠬᠠᠳᠠᠭᠠᠯᠠᠬᠤ ᠪᠦᠳᠡᠭᠡᠯᠭᠡ ᠶᠢᠨ ᠵᠤᠵᠠᠭᠠᠴᠠ ᠪᠠᠷ ᠰᠢᠢᠳᠪᠤᠷᠢᠯᠡᠭᠳᠡᠨᠡ᠃ ᠨᠡᠩ ᠲᠤᠳᠤᠷᠬᠠᠢ ᠰᠢᠬ ᠭᠡᠯᠡᠪᠡᠯ ᠲᠤᠯᠠᠭᠠᠨ ᠢ ᠬᠠᠳᠠᠭᠠᠯᠠᠬᠤ ᠴᠠᠭᠢᠮ ᠤᠨ ᠵᠤᠵᠠᠭᠠᠴᠠ ᠪᠠᠷ ᠰᠢᠢᠳᠪᠤᠷᠢᠯᠡᠭᠳᠡᠨᠡ᠃ ᠨᠠᠷᠠᠯᠠᠭ ᠭᠦᠯᠡᠮᠵᠢ ᠶᠢᠨ ᠡᠭᠡᠪᠤᠷ ᠤᠷᠤᠢ ᠶᠢᠨ ᠲᠤᠯᠠᠭᠠᠨ ᠢ ᠬᠠᠳᠠᠭᠠᠯᠠᠬᠤ ᠮᠠᠲ᠋ᠧᠷᠢᠶᠠᠯ ᠤᠨ ᠵᠤᠵᠠᠭᠠᠴᠠ ᠶᠢ ᠰᠤᠩᠭᠤᠬᠤ ᠳᠤ ᠵᠠᠷᠴᠢᠮ ᠲᠡᠭᠡᠷ᠎ᠡ ᠪᠠᠨ ᠭᠦᠯᠡᠮᠵᠢ ᠶᠢᠨ ᠠᠷᠤ ᠭᠡᠷᠡᠮ ᠠᠷᠤ ᠤᠷᠤᠢ ᠶᠢᠨ ᠲᠤᠯᠠᠭᠠᠨ ᠢ ᠬᠠᠮᠠᠭᠠᠯᠠᠬᠤ ᠦᠢᠯᠡᠳᠦᠯ ᠴᠢᠳᠠᠪᠤᠷᠢ ᠲᠠᠢ ᠠᠳᠠᠯᠢ ᠪᠠᠶᠢᠯᠭᠠᠬᠤ ᠭᠡᠷᠡᠭᠳᠡᠢ᠃ ᠢᠡᠭᠭᠢᠪᠡᠯ ᠭᠦᠯᠡᠮᠵᠢ ᠠᠴᠠ ᠡᠯ᠎ᠡ ᠴᠢᠭᠯᠡᠯ ᠤᠨ ᠢᠯᠴᠢ ᠵᠠᠳᠠᠷᠠᠯᠳᠠ ᠶᠢ ᠨᠢᠬᠡ ᠯᠠ ᠠᠳᠠᠯᠢ ᠪᠠᠶᠢᠯᠭᠠᠵᠤ᠂ ᠭᠦᠯᠡᠮᠵᠢ ᠶᠢᠨ ᠲᠤᠳᠤᠷᠠᠭᠢ ᠲᠤᠯᠠᠭᠠᠨ ᠤ ᠭᠡᠮᠵᠢᠶ᠎ᠠ ᠨᠢ ᠵᠢᠭᠳᠡ ᠪᠤᠯᠵᠤ ᠴᠢᠳᠠᠨ᠎ᠠ᠃ ᠭᠡᠪᠡᠴᠤ ᠡᠭᠡᠪᠤᠷ ᠤᠷᠤᠢ ᠶᠢᠨ ᠲᠤᠯᠠᠭᠠᠨ ᠢ ᠬᠠᠳᠠᠭᠠᠯᠠᠬᠤ ᠮᠠᠲ᠋ᠧᠷᠢᠶᠠᠯ ᠨᠢ ᠮᠠᠲ᠋ᠧᠷᠢᠶᠠᠯ ᠤᠨ ᠢᠯᠴᠢ ᠲᠠᠮᠵᠢᠭᠤᠯᠬᠤ ᠢᠯᠡᠳᠭᠡᠮᠵᠢ ᠲᠤᠭᠠᠨ ᠳᠤ ᠭᠢᠵᠠᠭᠠᠷᠯᠬᠠᠳᠠᠬᠤ ᠠᠴᠠ ᠪᠤᠯᠤᠭᠠᠳ ᠶᠠᠷᠤ ᠳᠡᠭᠡᠨ ᠡᠭᠡᠪᠤᠷ ᠤᠷᠤᠢ ᠶᠢᠨ ᠲᠤᠯᠠᠭᠠᠨ ᠢ ᠬᠠᠳᠠᠭᠠᠯᠠᠬᠤ ᠮᠠᠲ᠋ᠧᠷᠢᠶᠠᠯ ᠤᠨ ᠢᠯᠴᠢ ᠶᠢᠨ ᠡᠰᠡᠷᠭᠦᠴᠡᠯ ᠨᠢ ᠭᠡᠷᠡᠮ ᠤᠨ ᠲᠤᠯᠠᠭᠠᠨ ᠢ ᠬᠠᠳᠠᠭᠠᠯᠠᠬᠤ ᠮᠠᠲ᠋ᠧᠷᠢᠶᠠᠯ ᠤᠨ ᠢᠯᠴᠢ ᠶᠢᠨ ᠡᠰᠡᠷᠭᠦᠴᠡᠯ ᠢ ᠬᠤᠯᠠ ᠭᠦᠷᠭᠦ ᠦᠭᠡᠢ ᠪᠠᠶᠢᠵᠤ᠂ ᠰᠦᠨᠢ ᠳᠡᠭᠡᠨ ᠭᠦᠯᠡᠮᠵᠢ ᠶᠢᠨ ᠡᠭᠡᠪᠤᠷ ᠤᠷᠤᠢ ᠪᠠᠷ ᠲᠠᠮᠵᠢᠨ ᠭᠠᠷᠬᠤ ᠢᠯᠴᠢ ᠶᠢᠨ ᠵᠠᠳᠠᠷᠠᠯᠳᠠ ᠶᠢᠨ ᠭᠡᠮᠵᠢᠶ᠎ᠠ ᠨᠢ ᠮᠦᠨ ᠬᠦ ᠭᠦᠯᠡᠮᠵᠢ ᠶᠢᠨ ᠶᠠᠷᠦᠩᠭᠡᠢ ᠢᠯᠴᠢ ᠶᠢᠨ ᠵᠠᠳᠠᠷᠠᠯᠳᠠ ᠶᠢᠨ ᠵᠤᠩᠭᠢᠯᠠᠬᠤ ᠲᠤᠭ᠎ᠠ ᠶᠢ ᠨᠢ ᠡᠵᠡᠯᠡᠵᠤ ᠪᠠᠶᠢᠳᠠᠭ᠃ ᠭᠦᠯᠡᠮᠵᠢ ᠶᠢᠨ ᠲᠤᠳᠤᠷᠠᠭᠢ ᠲᠤᠯᠠᠭᠠᠨ ᠤ ᠵᠦᠷᠢᠶ᠎ᠠ ᠶᠢ ᠠᠯᠢ ᠴᠢᠳᠠᠬᠤ ᠪᠠᠷ ᠪᠠᠭᠠᠰᠬᠠᠬᠤ ᠶᠢᠨ ᠲᠤᠰᠠᠳᠠ ᠭᠦᠯᠡᠮᠵᠢ ᠶᠢᠨ ᠡᠭᠡᠪᠤᠷ ᠤᠷᠤᠢ ᠶᠢᠨ ᠰᠦᠨᠢ ᠶᠢᠨ ᠪᠦᠳᠡᠭᠡᠯᠭᠡ ᠶᠢᠨ ᠲᠤᠯᠠᠭᠠᠨ ᠢ ᠬᠠᠳᠠᠭᠠᠯᠠᠬᠤ ᠮᠠᠲ᠋ᠧᠷᠢᠶᠠᠯ ᠤᠨ ᠢᠯᠴᠢ ᠶᠢᠨ ᠡᠰᠡᠷᠭᠦᠴᠡᠯ ᠢ ᠭᠡᠷᠡᠮ ᠤᠨ ᠶᠠᠷᠦᠩᠭᠡᠢ ᠢᠯᠴᠢ ᠶᠢᠨ ᠡᠰᠡᠷᠭᠦᠴᠡᠯ ᠤᠨ ᠭᠤᠷᠪᠡᠨ ᠤ ᠬᠤᠶᠠᠷ ᠠᠴᠠ ᠲᠡᠭᠡᠭᠰᠢ ᠳᠤ ᠭᠦᠷᠦᠭᠦᠯᠭᠦ ᠶᠢ ᠱᠠᠭᠠᠷᠳᠠᠨ᠎ᠠ᠃ 9. ᠶᠠᠮᠠᠷ ᠪᠠᠴᠢᠮ ᠬᠠᠮᠢᠶᠠᠷᠤᠯᠳᠠ ᠶᠢᠨ ᠠᠷᠭ᠎ᠠ ᠭᠡᠮᠵᠢᠶ᠎ᠠ ᠪᠠᠶᠢᠬᠤ ᠪᠤᠢ︖ ᠬᠠᠭᠢᠷ ᠭᠦᠢᠳᠡᠨ ᠠᠭᠤᠷ ᠠᠮᠢᠰᠬᠤᠯ ᠲᠤᠭᠢᠶᠠᠯᠳᠤᠠᠠᠰᠠᠨ ᠨᠦᠭᠦᠴᠡᠯ ᠲᠤᠤᠷ᠎ᠡ ᠭᠦᠯᠡᠮᠵᠢ ᠶᠢᠨ ᠬᠠᠮᠢᠶᠠᠷᠤᠠᠠᠴᠢᠳ ᠨᠡᠩ ᠨᠠᠷᠢᠨ ᠨᠢᠮᠪᠠᠢ ᠬᠠᠮᠢᠶᠠᠷᠴᠤ᠂ ᠭᠦᠯᠡᠮᠵᠢ ᠶᠢᠨ ᠡᠳᠤᠷ ᠲᠤᠳᠤᠮ ᠤᠨ ᠰᠠᠯᠪᠢᠨ ᠵᠠᠰᠠᠬᠤ ᠠᠵᠢᠯ ᠢ ᠰᠠᠶᠢᠨ ᠭᠢᠭᠦ ᠠᠴᠠ ᠭᠠᠳᠠᠨ᠎ᠠ ᠪᠠᠰᠠ ᠨᠢᠭᠡ ᠪᠦᠯᠦᠭ ᠪᠠᠴᠢᠮ ᠭᠡᠷᠡᠭᠯᠡᠭᠡᠨ ᠤ ᠮᠠᠲ᠋ᠧᠷᠢᠶᠠᠯ᠂ ᠲᠦᠭᠦᠭᠡᠷᠤᠮᠵᠢ ᠪᠤᠯᠤᠨ ᠠᠷᠭ᠎ᠠ ᠭᠡᠮᠵᠢᠶ᠎ᠠ ᠪᠠᠯᠡᠳᠭᠡᠵᠤ᠂ ᠪᠡᠯᠡᠳᠭᠡᠯ ᠲᠠᠢ ᠪᠤᠯ ᠪᠠᠯᠠᠳᠠᠬᠤ ᠦᠭᠡᠢ ᠪᠠᠷ ᠭᠦᠯᠡᠮᠵᠢ ᠶᠢᠨ ᠠᠶᠤᠯ ᠦᠬᠡᠢ ᠶᠢᠨ ᠦᠢᠯᠡᠳᠪᠤᠷᠢᠯᠡᠯ ᠢ ᠪᠠᠳᠤᠯᠠᠬᠤ ᠭᠡᠷᠡᠭᠳᠡᠢ᠃ 10. ᠡᠳᠤᠷ ᠲᠤᠳᠤᠮ ᠤᠨ ᠵᠠᠰᠠᠯᠳᠠ ᠶᠢᠨ ᠠᠵᠢᠯ ᠤᠨ ᠲᠠᠯ᠎ᠠ ᠪᠠᠷ ᠶᠠᠭᠤ ᠶᠢ ᠠᠩᠬᠠᠷᠬᠤ ᠴᠢᠬᠤᠯᠠ ᠲᠠᠢ ᠪᠤᠢ︖ ᠨᠠᠷᠠᠯᠠᠭ ᠭᠦᠯᠡᠮᠵᠢ ᠶᠢᠨ ᠡᠳᠤᠷ ᠲᠤᠳᠤᠮ ᠤᠨ ᠵᠠᠰᠠᠯᠳᠠ ᠬᠠᠮᠢᠶᠠᠷᠤᠯᠳᠠ ᠶᠢᠨ ᠲᠠᠯ᠎ᠠ ᠪᠠᠷ ᠲᠤᠯᠠᠭᠠᠨ ᠤ ᠬᠠᠳᠠᠭᠠᠯᠠᠯᠳᠠ ᠶᠢ ᠴᠢᠩᠭᠠᠳᠬᠠᠬᠤ ᠲᠠᠯ᠎ᠠ ᠠᠴᠠ ᠨᠢ ᠠᠪᠴᠤ ᠭᠡᠯᠡᠪᠡᠯ ᠭᠤᠤᠯ ᠨᠢ ᠲᠤᠤᠷᠠᠭᠢ ᠮᠡᠳᠤ ᠬᠤᠶᠠᠷ ᠲᠠᠯ᠎ᠠ ᠶᠢ ᠪᠤᠳᠤᠯᠭᠢᠯᠠᠬᠤ ᠭᠡᠷᠡᠭᠳᠡᠢ᠃ ︵1︶ ᠰᠠᠷᠠᠪᠴᠢᠨ ᠤ ᠪᠦᠷᠭᠦᠭᠦᠯ ᠤᠨ ᠡᠳᠤᠷ ᠲᠤᠳᠤᠮ ᠤᠨ ᠬᠠᠮᠢᠶᠠᠷᠤᠯᠳᠠ ᠶᠢ ᠴᠢᠩᠭᠠᠳᠬᠠᠨ᠎ᠠ᠃ ᠨᠢᠭᠡ ᠳᠤ᠂ ᠴᠢᠨᠠᠷ ᠰᠠᠶᠢᠳᠠᠢ ᠨᠢᠮᠭᠡᠨ ᠪᠦᠷᠭᠦᠭᠦᠯ ᠢ ᠰᠤᠩᠭᠤᠨ ᠭᠡᠷᠡᠭᠯᠡᠵᠤ᠂ ᠰᠠᠷᠠᠪᠴᠢᠨ ᠳᠤ ᠲᠤᠰᠬᠤ ᠭᠡᠷᠡᠯ ᠤᠨ ᠭᠡᠮᠵᠢᠶ᠎ᠠ ᠶᠢ ᠨᠡᠮᠡᠭᠳᠡᠭᠦᠯᠭᠦ ᠪᠠᠷ ᠲᠠᠮᠵᠢᠭᠤᠯᠤᠨ ᠱᠠᠯᠠ ᠶᠢᠨ ᠰᠢᠷᠤᠢ ᠶᠢᠨ ᠢᠯᠴᠢ ᠬᠠᠳᠠᠭᠠᠯᠠᠬᠤ ᠭᠡᠮᠵᠢᠶ᠎ᠠ ᠶᠢ ᠨᠡᠮᠡᠭᠳᠡᠭᠦᠯᠦᠨ᠎ᠠ᠃ ᠴᠢᠨᠠᠷ ᠰᠠᠶᠢᠳᠠᠢ ᠨᠢᠮᠭᠡᠨ ᠪᠦᠷᠭᠦᠭᠦᠯ ᠨᠢ ᠲᠤᠤᠷ᠎ᠠ ᠲᠤᠯᠠᠭᠠᠨ ᠳᠤ ᠲᠠᠰᠪᠤᠷᠢᠳᠡᠢ ᠪᠦᠭᠡᠳ ᠠᠮᠠᠷᠬᠠᠨ ᠬᠠᠭᠤᠴᠢᠷᠠᠳᠠᠭ ᠦᠭᠡᠢ᠃ ᠬᠤᠶᠠᠷ ᠲᠤ᠂ ᠰᠠᠷᠠᠪᠴᠢᠨ ᠤ ᠪᠦᠷᠭᠦᠭᠦᠯ ᠡᠪᠳᠡᠷᠡᠵᠤ ᠰᠦᠢᠳᠦᠭᠰᠡᠨ ᠡᠰᠡᠭᠦ ᠶᠢ ᠦᠷᠭᠦᠯᠵᠢ ᠪᠠᠶᠢᠴᠠᠭᠠᠨ᠎ᠠ᠃ ᠭᠦᠯᠡᠮᠵᠢ ᠶᠢᠨ ᠡᠳᠤᠷ ᠲᠤᠳᠤᠮ ᠤᠨ ᠬᠠᠮᠢᠶᠠᠷᠤᠯᠳᠠ ᠳᠠᠭᠠᠨ ᠰᠠᠷᠠᠪᠴᠢᠨ ᠪᠦᠷᠭᠦᠭᠦᠯ ᠢᠶᠠᠨ ᠪᠠᠶᠢᠡᠭᠭᠤ ᠶᠢᠨ ᠴᠢᠨᠠᠷᠳᠡᠢ ᠪᠠᠶᠢᠴᠠᠭᠠᠵᠤ᠂ ᠤᠷᠬᠠᠳᠠᠵᠤ ᠴᠤᠭᠤᠷᠤᠠᠠᠰᠠᠨ ᠢ ᠤᠯᠵᠤ ᠮᠡᠳᠡᠪᠡᠯ ᠲᠠᠷᠠ ᠲᠠᠷᠤᠢ ᠳᠤᠨᠢ ᠰᠠᠷᠠᠪᠴᠢᠨ ᠪᠦᠷᠭᠦᠭᠦᠯ ᠤᠨ ᠨᠠᠭᠠᠯᠳᠠ ᠪᠠᠷ ᠨᠦᠭᠦᠵᠤ ᠨᠠᠭᠠᠵᠤ᠂ ᠭᠦᠯᠡᠮᠵᠢ ᠶᠢᠨ ᠲᠤᠳᠤᠷᠠᠭᠢ ᠢᠯᠴᠢ ᠨᠢ ᠨᠦᠭᠡ ᠰᠦᠪᠡ ᠪᠠᠷ ᠵᠠᠳᠠᠷᠠᠨ ᠭᠠᠷᠬᠤ ᠶᠢ ᠰᠠᠷᠭᠡᠶᠢᠯᠡᠨ᠎ᠡ᠃ ᠭᠤᠷᠪᠡ ᠳᠤ᠂ ᠰᠠᠷᠠᠪᠴᠢᠨ ᠪᠦᠷᠭᠦᠭᠦᠯ ᠤᠨ ᠦᠡᠭᠭᠡᠨ ᠲᠠᠯ᠎ᠠ ᠶᠢᠨ ᠲᠤᠭᠤᠰᠤ ᠰᠢᠷᠤᠢ ᠪᠠ ᠲᠤᠳᠤᠷ᠎ᠠ ᠲᠠᠯ᠎ᠠ ᠶᠢᠨ ᠰᠢᠭᠦᠳᠡᠷᠢ ᠶᠢᠨ ᠮᠦᠭᠦᠯᠢᠭ ᠢ ᠡᠳᠤᠷ ᠪᠦᠷᠢ ᠵᠦᠭᠡᠯᠡᠨ ᠮᠠᠲ᠋ᠧᠷᠢᠶᠠᠯ ᠢᠶᠠᠷ ᠠᠷᠴᠢᠵᠤ ᠵᠦᠯᠭᠦᠵᠤ᠂ ᠰᠠᠷᠠᠪᠴᠢᠨ ᠪᠦᠷᠭᠦᠭᠦᠯ ᠢ ᠴᠡᠪᠡᠷᠭᠡᠨ ᠪᠠᠶᠢᠯᠭᠠᠵᠤ᠂ ᠨᠠᠷᠠᠯᠠᠭ ᠭᠦᠯᠡᠮᠵᠢ ᠳᠤ ᠨᠡᠩ ᠰᠠᠶᠢᠨ ᠭᠡᠷᠡᠯ ᠭᠦᠷᠳᠡᠭᠡᠵᠤ᠂ ᠨᠡᠩ ᠶᠡᠭᠡ ᠡᠨᠧᠷᠭᠢ ᠬᠤᠷᠠᠮᠳᠤᠭᠤᠯᠤᠨ᠎ᠠ᠃ ᠲᠦᠷᠪᠡ ᠳᠤ᠂ ᠰᠠᠷᠠᠪᠴᠢᠨ ᠪᠦᠷᠭᠦᠭᠦᠯ ᠨᠢ ᠲᠡᠨᠢᠢᠵᠤ ᠪᠠᠶᠢᠬᠤ ᠡᠰᠡᠭᠦ ᠶᠢ ᠪᠠᠶᠢᠴᠠᠭᠠᠨ᠎ᠠ᠃ ᠭᠦᠯᠡᠮᠵᠢ ᠶᠢᠨ ᠰᠠᠷᠠᠪᠴᠢᠨ ᠪᠦᠷᠭᠦᠭᠦᠯ ᠨᠢ ᠠᠳᠤᠷᠢᠶ᠎ᠠ ᠦᠭᠡᠢ ᠲᠡᠨᠢᠭᠦᠨ ᠪᠠᠶᠢᠬᠤ ᠭᠡᠷᠡᠭᠳᠡᠢ᠃ ᠭᠡᠷᠪᠡ ᠰᠤᠯᠠᠬᠠᠨ ᠪᠤᠯᠵᠤ ᠠᠳᠤᠷᠢᠶ᠎ᠠ ᠬᠤᠨᠢᠶᠠᠰᠤ ᠲᠠᠢ ᠪᠤᠯᠪᠠᠯ ᠭᠡᠷᠡᠯ ᠲᠤᠰᠬᠤ ᠶᠢ ᠨᠦᠯᠦᠭᠡᠯᠡᠭᠦ ᠪᠦᠭᠡᠳ ᠰᠠᠯᠭᠢᠨ ᠳᠤ ᠠᠮᠠᠷᠬᠠᠨ ᠤᠷᠬᠠᠳᠠᠵᠤ ᠴᠤᠭᠤᠷᠤᠬᠤ ᠪᠤᠯᠤᠨ᠎ᠠ᠃ ︵2︶ ᠭᠦᠯᠡᠮᠵᠢ ᠶᠢᠨ ᠲᠤᠳᠤᠷᠠᠭᠢ ᠴᠢᠭᠢᠭ ᠤᠨ ᠭᠡᠮᠵᠢᠶ᠎ᠠ ᠶᠢ ᠭᠢᠵᠠᠭᠠᠷᠯᠠᠨ᠎ᠠ᠃ ᠤᠴᠢᠷ ᠨᠢ ᠴᠢᠭᠢᠭ ᠲᠠᠢ ᠠᠭᠠᠷ ᠤᠨ ᠢᠯᠴᠢ ᠲᠠᠮᠵᠢᠭᠤᠯᠬᠤ ᠬᠤᠷᠳᠤᠴᠠ ᠨᠢ ᠬᠠᠭᠤᠷᠠᠢ ᠠᠭᠠᠷ ᠤᠨ ᠬᠢ ᠠᠴᠠ ᠬᠤᠯᠠ ᠶᠡᠭᠡ ᠪᠠᠶᠢᠳᠠᠭ᠃ ᠡᠶᠢᠮᠤ ᠠᠴᠠ ᠭᠦᠯᠡᠮᠵᠢ ᠶᠢᠨ ᠲᠤᠳᠤᠷᠠᠭᠢ ᠠᠭᠠᠷ ᠤᠨ ᠴᠢᠭᠢᠭ ᠤᠨ ᠭᠡᠮᠵᠢᠶ᠎ᠠ ᠶᠢ ᠠᠯᠢ ᠴᠢᠳᠠᠬᠤ ᠪᠠᠷ ᠪᠠᠭᠠᠰᠬᠠᠵᠤ᠂ ᠭᠦᠯᠡᠮᠵᠢ ᠶᠢᠨ ᠢᠯᠴᠢ ᠲᠠᠮᠵᠢᠭᠤᠯᠬᠤ ᠬᠤᠷᠳᠤᠴᠠ ᠶᠢ ᠪᠦᠳᠦᠮᠵᠢᠳᠡᠢ ᠪᠠᠷ ᠪᠠᠭᠤᠷᠠᠭᠤᠯᠵᠤ᠂ ᠢᠯᠴᠢ ᠶᠢᠨ ᠬᠤᠷᠤᠠᠠᠳᠠᠯ ᠢ ᠪᠠᠭᠠᠰᠬᠠᠬᠤ ᠭᠡᠷᠡᠭᠳᠡᠢ᠃ ᠡᠭᠦᠨ ᠠᠴᠠ ᠭᠠᠳᠠᠨ᠎ᠠ ᠠᠭᠠᠷ ᠤᠨ ᠴᠢᠭᠢᠭ ᠤᠨ ᠭᠡᠮᠵᠢᠶ᠎ᠠ ᠶᠢ ᠪᠠᠭᠤᠷᠠᠭᠤᠯᠬᠤ ᠨᠢ ᠭᠦᠯᠡᠮᠵᠢ ᠶᠢᠨ ᠲᠤᠳᠤᠷ᠎ᠠ ᠭᠡᠮ ᠭᠦᠨᠦᠭᠡᠯ ᠡᠭᠦᠰᠭᠦ ᠪᠡ ᠬᠠᠯᠳᠠᠪᠤᠷᠢᠯᠠᠬᠤ ᠶᠢ ᠰᠡᠷᠭᠡᠶᠢᠯᠡᠭᠦ ᠳᠤ ᠴᠤ ᠵᠤᠭᠢᠬᠤ ᠠᠴᠢ ᠲᠤᠰᠠ ᠲᠠᠢ ᠶᠤᠮ᠃ ᠭᠦᠯᠡᠮᠵᠢ ᠶᠢᠨ ᠡᠨᠧᠷᠭᠢ ᠶᠢᠨ ᠲᠤᠳᠤᠷᠠᠭᠢ ᠠᠭᠠᠷ ᠤᠨ ᠴᠢᠭᠢᠭ ᠤᠨ ᠭᠡᠮᠵᠢᠶ᠎ᠠ ᠶᠢ ᠪᠠᠭᠤᠷᠠᠭᠤᠯᠬᠤ ᠠᠷᠭ᠎ᠠ ᠭᠡᠮᠵᠢᠶ᠎ᠠ ᠭᠡᠪᠡᠯ ᠭᠤᠤᠯ ᠨᠢ ᠲᠤᠤᠷᠠᠭᠢ ᠮᠡᠳᠤ ᠭᠡᠳᠦᠨ ᠵᠦᠢᠯ ᠪᠠᠶᠢᠨ᠎ᠠ᠃ ᠨᠢᠭᠡ ᠳᠤ᠂ ᠡᠳᠤᠷ ᠲᠡᠭᠡᠨ ᠭᠦᠯᠡᠮᠵᠢ ᠶᠢᠨ ᠰᠠᠷᠠᠪᠴᠢᠨ ᠪᠦᠷᠭᠦᠭᠦᠯ ᠢᠶᠠᠨ ᠠᠪᠴᠤ ᠲᠤᠭᠢᠳᠡᠢ ᠰᠠᠯᠭᠢ ᠨᠡᠪᠳᠡᠷᠡᠭᠦᠯᠦᠨ᠎ᠠ᠃ ᠬᠤᠶᠠᠷ ᠲᠤ᠂ ᠠᠯᠢ ᠴᠢᠳᠠᠬᠤ ᠪᠠᠷ ᠪᠠᠭ᠎ᠠ ᠤᠰᠤᠯᠠᠨ᠎ᠠ᠃ ᠵᠢᠱᠢᠶᠡᠯᠡᠪᠡᠯ ᠤᠷᠤᠰᠬᠠᠨ ᠤᠰᠤᠯᠠᠬᠤ ᠶᠢ ᠲᠤᠰᠤᠭᠠᠨ ᠤᠰᠤᠯᠠᠬᠤ ᠪᠠᠷ ᠤᠷᠤᠯᠠᠭᠤᠯᠬᠤ᠂ ᠪᠦᠷᠭᠦᠭᠦᠯ ᠤᠨ ᠲᠤᠤᠭᠤᠷ ᠲᠤᠰᠤᠭᠠᠨ ᠤᠰᠤᠯᠠᠬᠤ᠂ ᠰᠦᠷᠴᠢᠨ ᠤᠰᠤᠯᠠᠬᠤ ᠶᠢ ᠪᠠᠭᠠᠰᠬᠠᠬᠤ᠂ ᠭᠦᠢᠳᠡᠷᠡᠭᠦ ᠠᠴᠠ ᠡᠮᠦᠨ᠎ᠠ ᠶᠡᠭᠡ ᠭᠡᠪᠴᠢᠶ᠎ᠠ ᠪᠠᠷ ᠤᠰᠤᠯᠠᠬᠤ ᠶᠢ ᠭᠢᠵᠠᠭᠠᠷᠯᠠᠬᠤ ᠵᠡᠷᠭᠡ ᠠᠷᠭ᠎ᠠ ᠶᠢ ᠭᠡᠷᠡᠭᠯᠡᠵᠤ᠂ ᠤᠰᠤᠯᠬᠠᠰᠠᠨ ᠤ ᠪᠠᠨ ᠰᠠᠭᠦᠯᠡᠷ ᠲᠠᠷᠠ ᠲᠠᠷᠤᠢ ᠳᠤᠨᠢ ᠰᠠᠯᠭᠢ ᠨᠡᠪᠳᠡᠷᠡᠭᠦᠯᠦᠨ ᠠᠭᠠᠷ ᠢ ᠰᠤᠯᠢᠬᠤ ᠭᠡᠷᠡᠭᠳᠡᠢ᠃ ᠭᠤᠷᠪᠡ ᠳᠤ᠂ ᠭᠠᠳᠤᠷ᠎ᠠ᠂ ᠰᠠᠭᠤᠯᠠᠭ᠎ᠠ ᠵᠡᠷᠭᠡ ᠰᠠᠪᠠᠨ ᠳᠤ ᠲᠦᠭᠦᠭᠡᠢ ᠴᠤᠬᠤᠢ ᠰᠠᠪᠠᠯᠠᠵᠤ ᠭᠦᠯᠡᠮᠵᠢ ᠶᠢᠨ ᠲᠤᠳᠤᠷ᠎ᠠ ᠲᠠᠯᠪᠢᠵᠤ᠂ ᠲᠦᠭᠦᠭᠡᠢ ᠴᠤᠬᠤᠢ ᠶᠢᠨ ᠴᠢᠭᠢᠭ ᠲᠠᠳᠠᠬᠤ ᠦᠢᠯᠡᠳᠦᠯ ᠢ ᠠᠰᠢᠠᠠᠯᠠᠨ ᠴᠢᠭᠢᠭ ᠢ ᠪᠠᠭᠠᠰᠬᠠᠨ᠎ᠠ᠃ ᠲᠦᠷᠪᠡ ᠳᠤ᠂ ᠭᠦᠯᠡᠮᠵᠢ ᠶᠢᠨ ᠲᠤᠳᠤᠷ᠎ᠡ ᠡᠪᠡᠰᠤ ᠮᠤᠳᠤᠨ ᠤ ᠦᠨᠡᠰᠤ ᠰᠠᠴᠤᠵᠤ᠂ ᠡᠪᠡᠰᠤ ᠮᠤᠳᠤᠨ ᠤ ᠦᠨᠡᠰᠤ ᠶᠢᠨ ᠴᠢᠭᠢᠭ ᠰᠤᠷᠤᠬᠤ ᠦᠢᠯᠡᠳᠦᠯ ᠢ ᠠᠰᠢᠠᠠᠯᠠᠨ ᠭᠦᠯᠡᠮᠵᠢ ᠶᠢᠨ ᠲᠤᠳᠤᠷᠠᠭᠢ ᠴᠢᠭᠢᠭ ᠤᠨ ᠭᠡᠮᠵᠢᠶ᠎ᠠ ᠶᠢ ᠪᠠᠭᠤᠷᠠᠭᠤᠯᠤᠨ᠎ᠠ᠃ 11. ᠪᠠᠴᠢᠮ ᠪᠠᠶᠢᠳᠠᠯ ᠲᠤᠯᠭᠠᠷᠬᠠᠰᠠᠨ ᠦᠶ᠎ᠠ ᠳᠤ ᠶᠠᠮᠠᠷ ᠪᠠᠴᠢᠮ ᠠᠷᠭᠠᠴᠠᠬᠤ ᠠᠷᠭ᠎ᠠ ᠭᠡᠮᠵᠢᠶ᠎ᠠ ᠪᠠᠶᠢᠬᠤ ᠪᠤᠢ︖ ᠭᠡᠨᠡᠳᠳᠡ ᠭᠦᠢᠳᠡᠷᠡᠭᠰᠡᠨ ᠪᠠᠴᠢᠮ ᠪᠠᠶᠢᠳᠠᠯ ᠲᠤᠤᠷ᠎ᠠ ᠲᠤᠯᠠᠭᠠᠨ ᠤ ᠬᠠᠳᠠᠭᠠᠯᠠᠯᠳᠠ ᠶᠢ ᠴᠢᠩᠭᠠᠳᠬᠠᠬᠤ ᠪᠠ ᠲᠦᠷ ᠴᠠᠭ ᠲᠤᠯᠠᠭᠠᠨ ᠢ ᠨᠦᠭᠦᠭᠦ ᠬᠤᠶᠠᠷ ᠲᠠᠯ᠎ᠠ ᠪᠠᠷ ᠪᠤᠳᠤᠯᠭᠢᠯᠠᠪᠠᠯ ᠵᠤᠭᠢᠨ᠎ᠠ᠃ ᠲᠤᠯᠠᠭᠠᠨ ᠤ ᠬᠠᠳᠠᠭᠠᠯᠠᠯᠳᠠ ᠶᠢ ᠴᠢᠩᠭᠠᠳᠬᠠᠬᠤ ᠠᠷᠭ᠎ᠠ ᠭᠡᠮᠵᠢᠶ᠎ᠠ ᠳᠤ ᠪᠦᠭᠦᠯᠢ ᠴᠤᠠᠠᠴᠠ ᠶᠢᠨ ᠲᠤᠯᠠᠭᠠᠨ ᠤ ᠬᠠᠳᠠᠭᠠᠯᠠᠯᠳᠠ ᠪᠠ ᠭᠡᠰᠡᠭ ᠲᠠᠯ᠎ᠠ ᠶᠢᠨ ᠲᠤᠯᠠᠭᠠᠨ ᠤ ᠬᠠᠳᠠᠭᠠᠯᠠᠯᠳᠠ ᠭᠡᠵᠤ ᠬᠤᠶᠠᠷ ᠵᠦᠢᠯ ᠤᠨ ᠪᠠᠶᠢᠳᠠᠯ ᠪᠠᠶᠢᠳᠠᠭ᠃ ᠪᠦᠭᠦᠯᠢ ᠴᠤᠠᠠᠴᠠ ᠪᠠᠷ ᠲᠤᠯᠠᠭᠠᠨ ᠢ ᠬᠠᠳᠠᠭᠠᠯᠠᠬᠤ ᠠᠷᠭ᠎ᠠ ᠭᠡᠮᠵᠢᠶ᠎ᠠ ᠪᠤᠯ ᠭᠤᠤᠯ ᠨᠢ ᠤᠯᠠᠨ ᠲᠠᠪᠬᠤᠷ ᠬᠤᠴᠢᠬᠤ ᠠᠷᠭ᠎ᠠ ᠪᠤᠯᠤᠨ᠎ᠠ᠃ ᠨᠢᠭᠡ ᠳᠤ᠂ ᠨᠠᠷᠠᠯᠠᠭ ᠭᠦᠯᠡᠮᠵᠢ ᠶᠢᠨ ᠡᠭᠡᠪᠤᠷ ᠤᠷᠤᠢ ᠶᠢ ᠬᠤᠶᠠᠷ ᠲᠠᠪᠬᠤᠷ ᠲᠤᠩᠭᠠᠯᠠᠭ ᠰᠦᠯᠢᠶᠤᠤ ᠪᠦᠷᠭᠦᠭᠦᠯ ᠢᠶᠠᠷ ᠪᠦᠷᠭᠦᠵᠤ ᠬᠤᠴᠢᠨ᠎ᠠ᠃ ᠡᠨᠡ ᠠᠷᠭ᠎ᠠ ᠨᠢ ᠭᠡᠳᠦ᠋ᠢᠪᠡᠷ ᠭᠦᠯᠡᠮᠵᠢ ᠶᠢᠨ ᠨᠡᠪᠳᠡᠷᠡᠴᠡ ᠶᠢᠨ ᠨᠤᠷᠮ᠎ᠠ ᠶᠢ ᠪᠠᠷᠤᠭ 10% ᠪᠠᠷ ᠪᠠᠭᠤᠷᠠᠭᠤᠯᠬᠤ ᠪᠤᠯᠪᠠᠴᠤ ᠭᠦᠯᠡᠮᠵᠢ ᠶᠢᠨ ᠡᠳᠤᠷ ᠤᠨ ᠲᠤᠯᠠᠭᠠᠨ ᠢ ᠬᠠᠳᠠᠭᠠᠯᠠᠬᠤ ᠦᠷ᠎ᠡ ᠪᠦᠳᠦᠮᠵᠢ ᠶᠢ ᠢᠯᠡᠳᠳᠡ ᠲᠡᠭᠡᠭᠰᠢᠯᠡᠭᠦᠯᠦᠨ᠎ᠠ᠃ ᠨᠠᠷᠠᠯᠠᠭ ᠭᠦᠯᠡᠮᠵᠢ ᠨᠢ ᠡᠳᠤᠷ ᠲᠡᠭᠡᠨ ᠭᠡᠷᠡᠯ ᠭᠦᠷᠳᠡᠭᠦ ᠳᠤ ᠶᠠᠷᠦᠩᠭᠡᠢ ᠳᠡᠭᠡᠨ ᠴᠦᠮ ᠲᠠᠩ ᠲᠠᠪᠬᠤᠷᠭ᠎ᠠ ᠰᠦᠯᠢᠶᠤᠤ ᠪᠦᠷᠭᠦᠭᠦᠯ ᠢᠶᠠᠷ ᠲᠠᠮᠵᠢᠨ ᠭᠦᠷᠳᠡᠳᠡᠭ᠃ ᠲᠠᠩ ᠲᠠᠪᠬᠤᠷᠭ᠎ᠠ ᠰᠦᠯᠢᠶᠤᠤ ᠪᠦᠷᠭᠦᠭᠦᠯ ᠤᠨ ᠲᠤᠰ ᠪᠡᠶ᠎ᠠ ᠶᠢᠨ ᠢᠯᠴᠢ ᠶᠢᠨ ᠡᠰᠡᠷᠭᠦᠴᠡᠯ ᠨᠢ ᠲᠤᠩ ᠪᠠᠭ᠎ᠠ ᠪᠠᠶᠢᠳᠠᠭ ᠪᠤᠯᠬᠤᠷ ᠡᠳᠤᠷ ᠲᠡᠭᠡᠨ ᠭᠦᠯᠡᠮᠵᠢ ᠳᠤ ᠬᠠᠳᠠᠭᠠᠯᠬᠠᠳ᠋ᠬᠠᠰᠠᠨ ᠢᠯᠴᠢ ᠶᠢᠨ ᠤᠯᠠᠩᠭᠢ ᠨᠢ ᠡᠭᠡᠪᠤᠷ ᠤᠷᠤᠢ ᠪᠠᠷ ᠲᠠᠮᠵᠢᠨ ᠵᠠᠳᠠᠷᠠᠳᠠᠭ ᠪᠠᠶᠢᠨ᠎ᠠ᠃ ᠭᠡᠮᠵᠢᠨ ᠲᠤᠠᠠᠳᠠᠭᠠᠠᠠᠰᠠᠨ ᠢ ᠦᠨᠳᠦᠰᠦᠯᠡᠪᠡᠯ ᠲᠤᠩᠭᠠᠯᠠᠭ ᠡᠳᠤᠷ ᠡᠭᠡᠪᠤᠷ ᠤᠷᠤᠢ ᠶᠢᠨ ᠡᠳᠤᠷ ᠲᠡᠭᠡᠨ ᠵᠠᠳᠠᠷᠠᠭᠤᠯᠬᠤ ᠢᠯᠴᠢ ᠶᠢᠨ ᠭᠡᠮᠵᠢᠶ᠎ᠠ ᠨᠢ ᠭᠦᠯᠡᠮᠵᠢ ᠶᠢᠨ ᠶᠠᠷᠦᠩᠭᠡᠢ ᠵᠠᠳᠠᠷᠠᠭᠤᠯᠬᠤ ᠢᠯᠴᠢ ᠶᠢᠨ ᠭᠡᠮᠵᠢᠶᠠᠨ ᠤ 80% ᠤᠷᠴᠢᠮ ᠢ ᠨᠢ ᠡᠵᠡᠯᠡᠵᠤ᠂ ᠬᠠᠷᠢᠨ ᠲᠤᠠᠠᠳᠠᠮᠠᠯ ᠭᠡᠯᠪᠡᠷᠢ ᠶᠢᠨ ᠬᠤᠶᠠᠷ ᠲᠠᠪᠬᠤᠷ ᠪᠦᠷᠭᠦᠭᠦᠯ ᠭᠡᠷᠡᠭᠯᠡᠪᠡᠯ 40% ᠶᠢᠨ ᠡᠨᠧᠷᠭᠢ ᠶᠢ ᠠᠷᠪᠢᠯᠠᠵᠤ᠂ ᠬᠠᠮᠤᠭ ᠠᠷᠪᠢᠨ ᠳᠠᠭᠠᠨ 55% ᠶᠢ ᠠᠷᠪᠢᠯᠠᠵᠤ᠂ ᠡᠪᠤᠯ ᠤᠨ ᠤᠯᠠᠷᠢᠯ ᠳᠤ ᠨᠠᠷᠠᠨ ᠤ ᠭᠡᠷᠡᠯ ᠭᠦᠢᠴᠡᠳ ᠪᠦᠭᠦᠢ ᠭᠠᠵᠠᠷ ᠤᠷᠤᠨ ᠳᠤ ᠬᠤᠶᠠᠷ ᠲᠠᠪᠬᠤᠷ ᠪᠦᠷᠭᠦᠭᠦᠯ ᠭᠡᠷᠡᠭᠯᠡᠪᠡᠯ ᠨᠠᠷᠠᠯᠠᠭ ᠭᠦᠯᠡᠮᠵᠢ ᠶᠢᠨ ᠲᠤᠯᠠᠭᠠᠨ ᠤ ᠬᠠᠳᠠᠭᠠᠯᠠᠯᠳᠠ ᠳᠤ ᠮᠠᠰᠢ ᠢᠳᠡᠪᠭᠢ ᠦᠢᠯᠡᠳᠦᠯ ᠲᠠᠢ ᠪᠠᠶᠢᠨ᠎ᠠ᠃ ᠡᠪᠤᠯ ᠤᠨ ᠤᠯᠠᠷᠢᠯ ᠳᠤ ᠨᠠᠷᠠᠨ ᠤ ᠭᠡᠷᠡᠯ ᠪᠠᠭᠤᠷᠠᠢ ᠪᠠᠶᠢᠳᠠᠭ ᠭᠠᠵᠠᠷ ᠤᠷᠤᠨ ᠳᠤ ᠲᠤᠠᠠᠳᠠᠮᠠᠯ ᠭᠡᠯᠪᠡᠷᠢ ᠶᠢᠨ ᠬᠤᠶᠠᠷ ᠲᠠᠪᠬᠤᠷ ᠪᠦᠷᠭᠦᠭᠦᠯ ᠭᠡᠷᠡᠭᠯᠡᠭᠦ ᠠᠴᠠ ᠪᠤᠯᠤᠭᠠᠳ ᠨᠠᠷᠠᠯᠠᠭ ᠭᠦᠯᠡᠮᠵᠢ ᠶᠢᠨ ᠨᠠᠪᠳᠡᠷᠡᠴᠡ ᠶᠢᠨ ᠨᠤᠷᠮ᠎ᠠ ᠨᠢ ᠪᠠᠭᠤᠷᠠᠵᠤ᠂ ᠲᠠᠷᠢᠮᠠᠯ ᠤᠨ ᠭᠡᠪ ᠤᠨ ᠭᠡᠷᠡᠯ ᠤᠨ ᠨᠡᠶᠢᠯᠡᠯᠭᠡ ᠶᠢᠨ ᠦᠢᠯᠡᠳᠦᠯ ᠢ ᠰᠦᠷᠳᠡᠭᠦᠯᠭᠦ ᠪᠡ ᠲᠠᠷᠢᠮᠠᠯ ᠤᠨ ᠭᠡᠪ ᠤᠨ ᠲᠠᠯᠭᠡᠷᠡᠯᠳᠡ ᠪᠤᠯᠤᠨ ᠦᠷᠡᠯᠡᠬᠦ ᠶᠢ ᠨᠦᠯᠦᠭᠡᠯᠡᠭᠦ ᠠᠴᠠ ᠵᠠᠶᠢᠯᠠᠰᠭᠢᠭᠦ ᠶᠢᠨ ᠲᠤᠰᠠᠳᠠ ᠲᠤᠳᠤᠭᠠᠳᠤ ᠲᠠᠪᠬᠤᠷ ᠪᠦᠷᠭᠦᠭᠦᠯ ᠢ ᠭᠦᠳᠡᠯᠦᠩᠭᠦᠢ ᠭᠡᠯᠪᠡᠷᠢ ᠪᠠᠷ ᠵᠤᠭᠢᠶᠠᠵᠤ᠂ ᠡᠳᠤᠷ ᠲᠡᠭᠡᠨ ᠭᠡᠷᠡᠯ ᠭᠦᠷᠳᠡᠭᠦ ᠦᠶᠡᠰ ᠲᠤᠳᠤᠭᠠᠳᠤ ᠲᠠᠪᠬᠤᠷ ᠪᠦᠷᠭᠦᠭᠦᠯ ᠢ ᠬᠤᠷᠢᠶᠠᠨ ᠠᠪᠴᠤ᠂ ᠲᠠᠩ ᠲᠠᠪᠬᠤᠷ ᠪᠦᠷᠭᠦᠭᠦᠯ ᠢᠶᠠᠷ ᠨᠠᠷᠠᠨ ᠤ ᠭᠡᠷᠡᠯ ᠢ ᠭᠦᠢᠴᠡᠳ ᠭᠦᠷᠳᠡᠭᠡᠵᠤ᠂ ᠭᠡᠷᠡᠯ ᠭᠦᠷᠳᠡᠭᠦ ᠠᠴᠠ ᠪᠤᠰᠤᠳ ᠴᠠᠭ ᠲᠤᠨᠢ ᠲᠤᠳᠤᠭᠠᠳᠤ ᠲᠠᠪᠬᠤᠷ ᠪᠦᠷᠭᠦᠭᠦᠯ ᠢᠶᠠᠨ ᠬᠤᠴᠢᠵᠤ᠂ ᠬᠤᠶᠠᠷ ᠲᠠᠪᠬᠤᠷ ᠪᠦᠷᠭᠦᠭᠦᠯ ᠪᠤᠯᠭᠠᠪᠠᠯ ᠲᠤᠯᠠᠭᠠᠨ ᠢ ᠬᠠᠳᠠᠭᠠᠯᠠᠬᠤ ᠲᠠᠯ᠎ᠠ ᠪᠠᠷ ᠮᠦᠨ ᠬᠦ᠋ ᠨᠢᠬᠡ ᠯᠠ ᠠᠳᠠᠯᠢ ᠮᠠᠰᠢ ᠰᠠᠶᠢᠨ ᠦᠷ᠎ᠡ ᠪᠦᠳᠦᠮᠵᠢ ᠤᠯᠬᠤ ᠪᠤᠯᠤᠨ᠎ᠠ᠃ ᠡᠭᠦᠨ ᠠᠴᠠ ᠭᠠᠳᠠᠨ᠎ᠠ ᠭᠦᠯᠡᠮᠵᠢ ᠶᠢᠨ ᠲᠤᠳᠤᠷ᠎ᠡ ᠪᠠᠨ ᠭᠦᠳᠡᠯᠦᠩᠭᠦᠢ ᠭᠡᠯᠪᠡᠷᠢ ᠶᠢᠨ ᠭᠦᠰᠢᠭᠡ ᠪᠤᠶᠤ ᠪᠦᠷᠭᠦᠭᠦᠯ ᠪᠡᠯᠡᠳᠭᠡᠪᠡᠯ ᠮᠦᠨ ᠬᠦ ᠲᠤᠯᠠᠭᠠᠨ ᠢ ᠬᠠᠳᠠᠭᠠᠯᠠᠬᠤ ᠵᠤᠭᠢᠬᠤ ᠦᠷ᠎ᠡ ᠪᠦᠳᠦᠮᠵᠢ ᠤᠯᠵᠤ ᠴᠢᠳᠠᠨ᠎ᠠ᠃ ᠭᠦᠯᠡᠮᠵᠢ ᠶᠢᠨ ᠰᠠᠷᠠᠪᠴᠢᠨ ᠪᠦᠷᠭᠦᠭᠦᠯ ᠤᠨ ᠲᠤᠤᠷ᠎ᠡ ᠲᠠᠯ᠎ᠠ ᠪᠠᠷ 10~20cm ᠤᠷᠴᠢᠮ ᠳᠤ ᠲᠠᠮᠤᠷ ᠤᠳᠠᠰᠤ ᠭᠦᠨᠳᠡᠯᠡᠨ ᠲᠠᠳᠠᠵᠤ᠂ ᠲᠠᠮᠤᠷ ᠤᠳᠠᠰᠤᠨ ᠲᠡᠭᠡᠷ᠎ᠡ ᠪᠠᠨ ᠨᠢᠮᠭᠡᠨ ᠪᠦᠷᠭᠦᠭᠦᠯ ᠪᠤᠶᠤ ᠨᠡᠭᠡᠮᠡᠯ ᠪᠤᠰᠤ ᠪᠦᠰ ᠡᠯᠭᠦᠵᠤ᠂ ᠲᠡᠭᠦᠨ ᠢᠶᠠᠨ ᠡᠳᠤᠷ ᠲᠡᠭᠡᠨ ᠬᠤᠮᠢᠵᠤ᠂ ᠰᠦᠨᠢ ᠳᠡᠭᠡᠨ ᠲᠠᠳᠠᠪᠠᠯ ᠲᠤᠯᠠᠭᠠᠨ ᠢ ᠬᠠᠳᠠᠭᠠᠯᠠᠬᠤ ᠴᠢᠨᠠᠷ ᠨᠢ ᠪᠠᠭᠤᠷᠠᠬᠤ ᠠᠴᠠ ᠰᠡᠷᠭᠡᠶᠢᠯᠡᠵᠤ ᠴᠢᠳᠠᠨ᠎ᠠ᠃ ᠡᠭᠦᠨ ᠠᠴᠠ ᠭᠠᠳᠠᠨ᠎ᠠ ᠪᠠᠰᠠ ᠬᠤᠷᠬᠠᠰᠠᠨ ᠴᠠᠰᠤ ᠶᠢ ᠨᠢ ᠠᠷᠢᠯᠭᠠᠬᠤ ᠳᠤ ᠲᠦᠭᠦᠮ ᠪᠠᠶᠢᠳᠠᠭ᠃ ᠨᠠᠷᠠᠯᠠᠭ ᠭᠦᠯᠡᠮᠵᠢ ᠶᠢᠨ ᠢᠯᠴᠢ ᠵᠠᠳᠠᠷᠠᠭᠤᠯᠬᠤ ᠭᠡᠮᠵᠢᠶ᠎ᠠ ᠨᠢ ᠨᠡᠯᠢᠶ᠋ᠳ ᠶᠡᠭᠡ ᠪᠠᠶᠢᠳᠠᠭ ᠭᠤᠤᠯᠳᠠᠯᠭ᠎ᠠ ᠲᠠᠢ ᠭᠠᠵᠠᠷ ᠤᠷᠤᠨ ᠳᠤ ᠭᠡᠰᠡᠭ ᠲᠠᠯ᠎ᠠ ᠶᠢᠨ ᠲᠤᠯᠠᠭᠠᠨ ᠢ ᠬᠠᠳᠠᠭᠠᠯᠠᠬᠤ ᠶᠢ ᠨᠡᠮᠡᠭᠳᠡᠭᠦᠯᠭᠦ ᠠᠷᠭ᠎ᠠ ᠭᠡᠮᠵᠢᠶ᠎ᠠ ᠠᠪᠤᠪᠠᠯ ᠮᠠᠲ᠋ᠧᠷᠢᠶᠠᠯ ᠳᠤ ᠠᠷᠪᠢᠳᠡᠢ ᠮᠦᠷᠳᠡᠭᠡᠨ ᠦᠴᠦᠭᠡᠨ ᠭᠦᠴᠤ ᠤᠷᠤᠭᠤᠯᠵᠤ ᠦᠯᠡᠮᠵᠢ ᠦᠷ᠎ᠡ ᠪᠦᠳᠦᠮᠵᠢ ᠤᠯᠵᠤ ᠴᠢᠳᠠᠨ᠎ᠠ᠃ ᠦᠷᠭᠦᠯᠵᠢ ᠭᠡᠷᠡᠭᠯᠡᠳᠡᠭ ᠭᠡᠰᠡᠭ ᠲᠠᠯ᠎ᠠ ᠶᠢᠨ ᠲᠤᠯᠠᠭᠠᠨ ᠤ ᠬᠠᠳᠠᠭᠠᠯᠠᠯᠳᠠ ᠶᠢ ᠨᠡᠮᠡᠭᠳᠡᠭᠦᠯᠭᠦ ᠠᠷᠭ᠎ᠠ ᠭᠡᠮᠵᠢᠶ᠎ᠠ ᠭᠡᠪᠡᠯ ᠲᠤᠤᠷᠠᠭᠢ ᠮᠡᠳᠤ ᠭᠡᠳᠦᠨ ᠵᠦᠢᠯ ᠪᠠᠶᠢᠨ᠎ᠠ᠃ ︵1︶ ᠬᠤᠷᠮᠦ᠋ᠢᠪᠴᠢ ᠨᠡᠮᠡᠭᠦ᠃ ᠲᠤᠬᠠᠶᠢᠯᠠᠪᠠᠯ ᠨᠠᠷᠠᠯᠠᠭ ᠭᠦᠯᠡᠮᠵᠢ ᠶᠢᠨ ᠡᠭᠡᠪᠤᠷ ᠲᠠᠯ᠎ᠠ ᠶᠢᠨ ᠲᠤᠳᠤᠭᠤᠷ 1.5~2m ᠦᠨᠳᠤᠷ ᠨᠢᠮᠭᠡᠨ ᠪᠦᠷᠭᠦᠭᠦᠯ ᠨᠡᠮᠡᠭᠦ ᠪᠤᠶᠤ ᠭᠠᠳᠠᠷ ᠲᠠᠯ᠎ᠠ ᠪᠠᠷ ᠲᠤᠯᠠᠭᠠᠨ ᠢ ᠬᠠᠳᠠᠭᠠᠯᠠᠬᠤ ᠪᠦᠳᠡᠭᠡᠯᠭᠡ ᠲᠠᠷᠤᠠᠠᠰᠠᠨ ᠤ ᠲᠠᠷᠠᠭ᠎ᠠ ᠬᠤᠷᠮᠤᠢ ᠪᠠᠷ ᠨᠢ ᠡᠪᠡᠰᠤᠨ ᠭᠦᠰᠢᠭᠡ ᠪᠤᠶᠤ ᠪᠤᠰᠤᠳ ᠵᠦᠢᠯ ᠤᠨ ᠲᠤᠯᠠᠭᠠᠨ ᠢ ᠬᠠᠳᠠᠭᠠᠯᠠᠬᠤ ᠮᠠᠲ᠋ᠧᠷᠢᠶᠠᠯ ᠢ ᠨᠡᠮᠡᠵᠤ᠂ ᠭᠡᠰᠡᠭ ᠲᠠᠯ᠎ᠠ ᠶᠢᠨ ᠲᠤᠯᠠᠭᠠᠨ ᠤ ᠬᠠᠮᠠᠭᠠᠯᠠᠯᠳᠠ ᠶᠢ ᠨᠡᠮᠡᠭᠳᠡᠭᠦᠯᠪᠡᠯ ᠰᠠᠷᠠᠪᠴᠢ ᠶᠢᠨ ᠲᠤᠯᠠᠭᠠᠨ ᠤ ᠭᠡᠮᠵᠢᠶ᠎ᠠ ᠶᠢ ᠦᠨᠳᠦᠷᠵᠢᠭᠦᠯᠵᠤ ᠪᠤᠯᠤᠨ᠎ᠠ᠃ ︵2︶ ᠣᠷᠤᠢ ᠶᠢᠨ ᠵᠤᠵᠠᠭᠠᠴᠠ ᠶᠢ ᠨᠡᠮᠡᠭᠳᠡᠭᠦᠯᠭᠦ᠃ ᠤᠷᠤᠢ ᠲᠡᠭᠡᠷ᠎ᠡ ᠨᠢ 20cm ᠵᠤᠵᠠᠭᠠᠨ ᠨᠠᠷᠢᠨ ᠡᠪᠡᠰᠤ ᠮᠤᠳᠤ ᠲᠠᠷᠤᠵᠤ᠂ ᠬᠠᠭᠤᠴᠢᠨ ᠰᠦᠯᠢᠶᠤᠤ ᠪᠦᠷᠭᠦᠭᠦᠯ ᠢᠶᠠᠷ ᠨᠢᠠᠠᠳᠠ ᠪᠢᠳᠡᠭᠦᠮᠵᠢᠯᠡᠭᠦ ᠪᠤᠶᠤ ᠡᠭᠡᠪᠤᠷ ᠲᠠᠯ᠎ᠠ ᠶᠢᠨ ᠲᠤᠯᠠᠭᠠᠨ ᠢ ᠬᠠᠳᠠᠭᠠᠯᠠᠬᠤ ᠪᠦᠳᠡᠭᠡᠯᠭᠡ ᠪᠠᠷ ᠨᠢ ᠰᠢᠭᠤᠳ ᠠᠷᠤ ᠲᠠᠯ᠎ᠠ ᠶᠢ ᠨᠢ ᠲᠠᠷᠤᠵᠤ᠂ ᠬᠤᠶᠢᠳᠤ ᠭᠡᠷᠡᠮ ᠳᠡᠭᠡᠨ ᠲᠤᠠᠠᠳᠠᠪᠤᠷᠢᠵᠢᠭᠤᠯᠵᠤ ᠲᠠᠯᠪᠢᠨ᠎ᠠ᠃ ︵3︶ ᠡᠭᠦᠳᠡᠨ ᠳᠡᠭᠡᠨ ᠭᠦᠢᠳᠡᠨ ᠢ ᠰᠡᠷᠭᠡᠶᠢᠯᠡᠭᠦ ᠬᠤᠶᠠᠷ ᠭᠦᠰᠢᠭᠡ ᠲᠠᠳᠠᠵᠤ᠂ ᠲᠤᠰ ᠲᠤᠰ ᠭᠦᠯᠡᠮᠵᠢ ᠶᠢᠨ ᠡᠭᠦᠳᠡᠨ ᠤ ᠬᠤᠶᠠᠷ ᠲᠠᠯ᠎ᠠ ᠶᠢ ᠪᠠᠭᠢᠯᠡᠨᠡ᠃ ︵4︶ ᠭᠦᠯᠡᠮᠵᠢ ᠶᠢᠨ ᠡᠭᠦᠳᠡᠨ ᠳᠤ ᠰᠠᠯᠭᠢ ᠰᠡᠷᠭᠡᠶᠢᠯᠡᠭᠦ ᠬᠠᠯᠬᠠᠪᠴᠢ ᠪᠠᠶᠢᠭᠤᠯᠤᠨ᠎ᠠ᠃ ᠦᠭᠡᠷ᠎ᠡ ᠪᠠᠷ ᠭᠡᠯᠡᠪᠡᠯ ᠨᠠᠷᠠᠯᠠᠭ ᠭᠦᠯᠡᠮᠵᠢ ᠶᠢᠨ ᠡᠭᠦᠳᠡ ᠶᠢ ᠲᠠᠭᠠᠭᠤᠯᠤᠨ ᠭᠦᠯᠡᠮᠵᠢ ᠶᠢᠨ ᠲᠤᠳᠤᠷ᠎ᠠ ᠭᠤᠳᠤᠮ ᠢᠶᠠᠷ 1.5~2.0m ᠦᠨᠳᠤᠷ᠂ 10~15m ᠤᠷᠳᠤ ᠰᠠᠯᠭᠢ ᠬᠠᠯᠬᠠᠯᠠᠬᠤ ᠲᠤᠩᠭᠠᠯᠠᠭ ᠰᠦᠯᠢᠶᠤᠤ ᠪᠦᠷᠭᠦᠭᠦᠯ ᠤᠨ ᠬᠠᠯᠬᠠᠪᠴᠢ ᠪᠠᠶᠢᠭᠤᠯᠵᠤ᠂ ᠭᠦᠯᠡᠮᠵᠢ ᠶᠢᠨ ᠡᠭᠦᠳᠡ ᠪᠠᠷ ᠤᠷᠤᠵᠤ ᠭᠠᠷᠬᠤ ᠳᠤ ᠭᠦᠢᠳᠡᠨ ᠠᠭᠠᠷ ᠨᠡᠪᠳᠡᠷᠨᠨ ᠭᠦᠯᠡᠮᠵᠢ ᠶᠢᠨ ᠲᠤᠳᠤᠷᠠᠭᠢ ᠲᠠᠷᠢᠮᠠᠯ ᠢ ᠰᠢᠭᠤᠳ ᠦᠯᠢᠶᠡᠭᠦ ᠠᠴᠠ ᠰᠡᠷᠭᠡᠶᠢᠯᠡᠨ᠎ᠡ᠃ ᠰᠠᠯᠭᠢᠨ ᠬᠠᠯᠬᠠᠪᠴᠢ ᠪᠠᠷᠢᠬᠤ ᠨᠢ ᠮᠦᠨ ᠴᠦ ᠨᠢᠭᠡᠨ ᠵᠦᠢᠯ ᠤᠨ ᠭᠡᠰᠡᠭ ᠲᠠᠯ᠎ᠠ ᠪᠠᠷ ᠲᠤᠯᠠᠭᠠᠨ ᠢ ᠬᠠᠳᠠᠭᠠᠯᠠᠬᠤ ᠪᠦᠳᠦᠮᠵᠢᠳᠡᠢ ᠠᠷᠭ᠎ᠠ ᠭᠡᠮᠵᠢᠶ᠎ᠠ ᠪᠤᠯᠤᠨ᠎ᠠ᠃ ᠨᠠᠷᠠᠯᠠᠭ ᠭᠦᠯᠡᠮᠵᠢ ᠶᠢᠨ ᠰᠠᠯᠭᠢᠨ ᠬᠠᠯᠬᠠᠪᠴᠢ ᠶᠢ ᠶᠠᠷᠦᠩᠭᠡᠢ ᠳᠡᠭᠡᠨ ᠭᠦᠯᠡᠮᠵᠢ ᠶᠢᠨ ᠬᠤᠶᠢᠳᠤ ᠭᠡᠷᠡᠮ ᠢᠶᠠᠷ ᠪᠠᠶᠢᠭᠤᠯᠪᠠᠯ ᠰᠠᠶᠢᠨ ᠪᠠᠶᠢᠳᠠᠭ᠃ ᠪᠤᠭᠤᠵᠢ ᠲᠠᠢ ᠲᠠᠷᠢᠶᠠᠨ ᠡᠰᠢ ᠰᠦᠷᠠᠯ᠂ ᠨᠠᠷᠢᠮᠤ ᠶᠢᠨ ᠰᠦᠷᠡᠯ ᠢᠶᠠᠷ ᠲᠠᠷᠤᠪᠠᠯ ᠤᠮᠠᠷᠠᠳᠤ ᠶᠢᠨ ᠰᠠᠯᠭᠢᠨ ᠤ ᠰᠦᠷᠳᠡᠭᠦᠯᠦᠯ ᠢ ᠪᠦᠳᠦᠮᠵᠢᠳᠡᠢ ᠪᠠᠷ ᠰᠡᠷᠭᠡᠶᠢᠯᠡᠵᠤ ᠪᠤᠯᠬᠤ ᠪᠦᠭᠡᠳ ᠪᠠᠰᠠ ᠭᠦᠯᠡᠮᠵᠢ ᠶᠢᠨ ᠬᠤᠶᠢᠳᠤ ᠭᠡᠷᠡᠮ ᠢᠶᠠᠷ ᠪᠠᠶᠢᠷᠢᠯᠠᠭᠤᠯᠤᠠᠠᠰᠠᠨ ᠪᠤᠯᠬᠤᠷ ᠭᠡᠷᠡᠭ ᠲᠡᠭᠡᠷ᠎ᠡ ᠪᠠᠨ ᠭᠦᠯᠡᠮᠵᠢ ᠶᠢᠨ ᠬᠤᠶᠢᠳᠤ ᠭᠡᠷᠡᠮ ᠤᠨ ᠲᠤᠯᠠᠭᠠᠨ ᠢ ᠬᠠᠳᠠᠭᠠᠯᠠᠬᠤ ᠦᠢᠯᠡᠳᠦᠯ ᠢ ᠪᠠᠳᠠᠷᠠᠭᠤᠯᠤᠠᠠᠰᠠᠨ ᠭᠡᠷᠡᠭ ᠪᠤᠯᠬᠤ ᠶᠤᠮ᠃ ᠶᠠᠷᠦᠩᠭᠡᠢ ᠳᠡᠭᠡᠨ ᠭᠦᠯᠡᠮᠵᠢ ᠶᠢᠨ ᠬᠤᠭᠤᠷᠤᠨᠳᠤᠭᠢ ᠵᠠᠢ ᠨᠢ 10m ᠠᠴᠠ ᠢᠯᠡᠭᠦᠤ ᠪᠠᠶᠢᠬᠤ ᠭᠦᠯᠡᠮᠵᠢ ᠶᠢᠨ ᠠᠷᠤ ᠭᠡᠷᠡᠮ ᠳᠤᠨᠢ ᠰᠠᠶ᠋ᠢ ᠰᠠᠯᠭᠢᠨ ᠬᠠᠯᠬᠠᠪᠴᠢ ᠭᠠᠷᠭᠠᠬᠤ ᠶᠢ ᠱᠠᠭᠠᠷᠳᠠᠨ᠎ᠠ᠃ ᠵᠢᠵᠢᠭ ᠲᠤᠭᠤᠷᠢᠭ ᠤᠨ ᠭᠦᠯᠡᠮᠵᠢ ᠶᠢᠨ ᠰᠦᠷᠦᠭ ᠲᠤ ᠪᠤᠯ ᠶᠠᠷᠦᠩᠭᠡᠢ ᠳᠡᠭᠡᠨ ᠵᠢᠵᠢᠭ ᠲᠤᠭᠤᠷᠢᠭ ᠤᠨ ᠠᠷᠤ ᠲᠠᠯ᠎ᠠ ᠶᠢᠨ ᠭᠠᠳᠠᠭᠤᠷ ᠨᠢ ᠰᠠᠯᠭᠢᠨ ᠬᠠᠯᠬᠠᠪᠴᠢ ᠭᠠᠷᠭᠠᠨ᠎ᠠ᠃ ᠡᠶᠢᠮᠤ ᠬᠠᠯᠬᠠᠪᠴᠢ ᠶᠢ ᠪᠠᠰᠠ ᠦᠨᠳᠤᠷ ᠪᠤᠭᠤᠨᠢ ᠨᠢ ᠲᠡᠭᠰᠢ ᠦᠭᠡᠢ ᠰᠠᠯᠭᠢ ᠰᠡᠷᠭᠡᠶᠢᠯᠡᠭᠦ ᠤᠢ ᠶᠢᠨ ᠪᠦᠰᠡ ᠪᠠᠷ ᠤᠷᠤᠯᠠᠭᠤᠯᠵᠤ ᠪᠤᠯᠤᠨ᠎ᠠ᠃ ᠡᠯ᠎ᠡ ᠵᠦᠢᠯ ᠤᠨ ᠲᠤᠯᠠᠭᠠᠨ ᠢ ᠬᠠᠳᠠᠭᠠᠯᠠᠬᠤ ᠠᠷᠭ᠎ᠠ ᠭᠡᠮᠵᠢᠶ᠎ᠠ ᠶᠢ ᠭᠡᠷᠡᠭᠯᠡᠭᠰᠡᠨ ᠤ ᠰᠡᠭᠦᠯᠡᠷ ᠮᠦᠨ ᠬᠦ ᠭᠦᠯᠡᠮᠵᠢ ᠶᠢᠨ ᠠᠶᠤᠯ ᠦᠬᠡᠢ ᠦᠢᠯᠡᠳᠪᠤᠷᠢᠯᠡᠯ ᠢ ᠪᠠᠳᠤᠯᠠᠵᠤ ᠲᠠᠶᠢᠯᠭᠦ ᠦᠭᠡᠢ ᠨᠦᠭᠦᠴᠡᠯ ᠲᠤᠤᠷ᠎ᠠ ᠨᠠᠷᠠᠯᠠᠭ ᠭᠦᠯᠡᠮᠵᠢ ᠳᠤ ᠲᠦᠷ ᠴᠠᠭ ᠤᠨ ᠲᠤᠯᠠᠭᠠᠨ ᠢ ᠦᠨᠳᠤᠷᠵᠢᠭᠦᠯᠭᠦ ᠠᠷᠭ᠎ᠠ ᠭᠡᠮᠵᠢᠶ᠎ᠠ ᠠᠪᠬᠤ ᠶᠢ ᠦᠭᠡᠶᠢᠰᠭᠡᠭᠦ ᠦᠭᠡᠢ᠂ ᠲᠦᠷ ᠴᠠᠭ ᠤᠨ ᠲᠤᠯᠠᠭᠠᠨ ᠢ ᠲᠡᠭᠡᠭᠰᠢᠯᠡᠭᠦᠯᠭᠦ ᠠᠷᠭ᠎ᠠ ᠭᠡᠮᠵᠢᠶ᠎ᠠ ᠭᠡᠪᠡᠯ ᠲᠤᠤᠷᠠᠭᠢ ᠮᠡᠳᠤ ᠭᠡᠳᠦᠨ ᠵᠦᠢᠯ ᠪᠠᠶᠢᠨ᠎ᠠ᠃ ︵1︶ ᠠᠭᠠᠷ ᠬᠠᠯᠠᠭᠠᠭᠤᠷ ᠵᠤᠤᠬ᠎ᠠ᠂ ᠴᠠᠭᠢᠯᠭᠠᠨ ᠬᠠᠯᠠᠭᠠᠭᠤᠷ ᠵᠢᠴᠢ ᠬᠤᠪᠤᠩ ᠢ ᠠᠰᠢᠠᠠᠯᠠᠨ ᠲᠤᠯᠠᠭᠠᠨ ᠢ ᠲᠡᠭᠡᠭᠰᠢᠯᠡᠭᠦᠯᠦᠨ᠎ᠠ᠃ ᠠᠳᠡ ᠤᠨᠴᠠ ᠲᠤᠷᠠᠳᠤᠭᠤᠰᠢᠳᠡᠢ ᠨᠢ ᠭᠡᠪᠡᠯ ᠭᠦᠯᠡᠮᠵᠢ ᠶᠢᠨ ᠲᠤᠳᠤᠷ᠎ᠡ ᠰᠢᠭᠤᠳ ᠭᠠᠯ ᠲᠦᠯᠡᠵᠤ ᠪᠤᠯᠬᠤ ᠦᠭᠡᠢ᠃ ᠬᠤᠯᠠᠩ ᠭᠠᠷᠭᠠᠵᠤ ᠬᠤᠯᠠᠩ ᠤᠨ ᠵᠠᠯᠭᠠᠭᠤᠷ ᠢ ᠨᠢᠠᠠᠳᠠ ᠪᠢᠳᠡᠭᠦᠮᠵᠢᠯᠡᠵᠤ ᠭᠦᠯᠡᠮᠵᠢᠨ ᠳᠤ ᠤᠳᠤᠭ᠎ᠠ ᠤᠨᠢᠶᠠᠷ ᠲᠤᠨᠵᠤ᠂ ᠭᠦᠮᠦᠨ᠂ ᠲᠠᠷᠢᠮᠠᠯ ᠬᠤᠤᠷᠳ᠋ᠬᠠᠳᠠᠬᠤ ᠠᠴᠠ ᠰᠡᠷᠭᠡᠶᠢᠯᠡᠭᠦ ᠭᠡᠷᠡᠭᠳᠡᠢ᠃ ︵2︶ ᠴᠠᠭᠢᠯᠭᠠᠨ ᠬᠠᠯᠠᠭᠤᠷᠳᠤ ᠬᠠᠯᠠᠭᠤᠨ ᠲᠠᠳᠠᠭᠠᠯ ᠭᠠᠷᠭᠠᠬᠤ᠃ ᠭᠦᠯᠡᠮᠵᠢ ᠶᠢᠨ ᠲᠤᠳᠤᠷ᠎ᠠ ᠴᠠᠭᠢᠯᠭᠠᠨ ᠬᠠᠯᠠᠭᠤᠷᠳᠤ ᠬᠠᠯᠠᠭᠤᠨ ᠲᠠᠳᠠᠭᠠᠯ ᠭᠠᠷᠭᠠᠵᠤ ᠭᠦᠷᠦᠰᠤ ᠰᠢᠷᠤᠢ ᠶᠢᠨ ᠵᠤᠭᠢᠬᠤ ᠲᠤᠯᠠᠭᠠᠨ ᠤ ᠭᠡᠮᠵᠢᠶ᠎ᠠ ᠶᠢ ᠪᠠᠳᠤᠯᠠᠵᠤ ᠪᠤᠯᠤᠨ᠎ᠠ᠃ ︵3︶ ᠠᠭᠠᠷ ᠤᠨ ᠴᠠᠭᠢᠯᠭᠠᠨ ᠢᠶᠠᠷ ᠬᠠᠯᠠᠭᠠᠬᠤ ᠱᠤᠭᠤᠮ ᠢᠶᠠᠷ ᠲᠤᠯᠠᠭᠠᠨ ᠢ ᠲᠡᠭᠡᠭᠰᠢᠯᠡᠭᠦᠯᠵᠤ ᠠᠭᠠᠷ ᠤᠨ ᠲᠤᠯᠠᠭᠠᠴᠠ ᠶᠢ ᠰᠢᠭᠤᠳ ᠲᠡᠭᠡᠭᠰᠢᠯᠡᠭᠦᠯᠵᠤ ᠪᠤᠯᠤᠨ᠎ᠠ᠃ ︵4︶ ᠠᠵᠤ ᠦᠢᠯᠡᠳᠪᠤᠷᠢ ᠶᠢᠨ ᠭᠡᠷᠡᠭᠯᠡᠭᠡᠨ ᠤ ᠦᠨᠳᠤᠷ ᠭᠷᠡᠳᠦ᠋ᠰ ᠤᠨ ᠴᠠᠭᠢᠯᠭᠠᠨ ᠸᠤᠯᠹᠷᠠᠮ ᠤᠨ ᠳ᠋ᠧᠩ ᠢᠶᠠᠷ ᠭᠡᠷᠡᠯ ᠨᠦᠭᠦᠭᠦ ᠶᠢᠨ ᠬᠠᠮᠳᠤ ᠲᠤᠯᠠᠭᠠᠨ ᠢ ᠨᠦᠭᠦᠨ᠎ᠠ᠃ ᠭᠦᠯᠡᠮᠵᠢ ᠪᠦᠷᠢ ᠳᠤ 200W ᠪᠤᠶᠤ 100W ᠶᠢᠨ ᠳ᠋ᠧᠩ ᠢ 5~10 ᠶᠢ ᠡᠯᠭᠦᠵᠤ᠂ ᠳ᠋ᠧᠩ ᠤᠨ ᠦᠨᠳᠤᠷ ᠤᠨ ᠵᠠᠢ ᠶᠢ ᠲᠠᠷᠢᠮᠠᠯ ᠤᠨ ᠦᠰᠦᠯᠳᠡ ᠠᠴᠠ 0.5m ᠦᠨᠳᠤᠷ ᠪᠠᠶᠢᠯᠭᠠᠵᠤ᠂ ᠲᠠᠷᠢᠮᠠᠯ ᠤᠨ ᠰᠢᠳᠠᠵᠤ ᠰᠢᠷᠬᠠᠳᠤᠬᠤ ᠠᠴᠠ ᠰᠡᠷᠭᠡᠶᠢᠯᠡᠨ᠎ᠡ᠃ ᠦᠳᠡ ᠶᠢᠨ ᠡᠮᠦᠨᠡᠭᠢ 9 ᠴᠠᠭ ᠠᠴᠠ ᠦᠳᠡ ᠶᠢᠨ ᠬᠤᠶᠢᠨ᠎ᠠ ᠶᠢᠨ 5 ᠴᠠᠭ ᠭᠦᠷᠳᠡᠯ᠎ᠠ ᠳ᠋ᠧᠩ ᠢᠶᠠᠨ ᠨᠤᠴᠤᠭᠠᠵᠤ ᠭᠡᠷᠡᠯ ᠪᠡ ᠲᠤᠯᠠᠭᠠᠨ ᠢ ᠨᠦᠭᠦᠨ᠎ᠠ᠃ 12. ᠭᠦᠢᠳᠡᠨ ᠢ ᠰᠡᠷᠭᠡᠶᠢᠯᠡᠭᠦ ᠰᠤᠪᠠᠭ ᠢ ᠭᠡᠷᠭᠢᠨ ᠵᠢᠷᠤᠠᠠᠯᠠᠨ ᠪᠠᠶᠢᠭᠤᠯᠬᠤ ᠪᠤᠢ︖ ᠨᠠᠷᠠᠯᠠᠭ ᠭᠦᠯᠡᠮᠵᠢ ᠶᠢᠨ ᠡᠮᠦᠨ᠎ᠠ ᠲᠠᠯ᠎ᠠ ᠪᠠᠷ ᠨᠢ ᠰᠠᠭᠤᠷᠢ ᠶᠢᠨ ᠭᠡᠰᠡᠭ ᠲᠠᠢ ᠶᠠᠭ ᠨᠠᠭᠠᠯᠳᠤᠭᠤᠯᠤᠨ ᠭᠦᠢᠳᠡᠨ ᠢ ᠰᠡᠷᠭᠡᠶᠢᠯᠡᠭᠦ ᠰᠤᠪᠠᠭ ᠭᠠᠷᠭᠠᠪᠠᠯ ᠭᠦᠯᠡᠮᠵᠢ ᠶᠢᠨ ᠲᠤᠳᠤᠷᠠᠭᠢ ᠭᠠᠵᠠᠷ ᠤᠨ ᠢᠯᠴᠢ ᠨᠢ ᠭᠠᠳ᠋ᠬᠠᠰᠢ ᠲᠠᠮᠵᠢᠬᠤ ᠶᠢ ᠪᠦᠳᠦᠮᠵᠢᠳᠡᠢ ᠪᠠᠷ ᠬᠤᠷᠢᠠᠠᠯᠠᠵᠤ᠂ ᠭᠦᠷᠦᠰᠤ ᠰᠢᠷᠤᠢ ᠶᠢᠨ ᠲᠤᠯᠠᠭᠠᠨ ᠤ ᠭᠡᠮᠵᠢᠶ᠎ᠠ ᠶᠢ ᠲᠡᠭᠡᠭᠰᠢᠯᠡᠭᠦᠯᠵᠤ ᠪᠤᠯᠤᠨ᠎ᠠ᠃ ᠭᠦᠢᠳᠡᠨ ᠢ ᠰᠡᠷᠭᠡᠶᠢᠯᠡᠭᠦ ᠰᠤᠪᠠᠭ ᠢ ᠭᠦᠯᠡᠮᠵᠢ ᠶᠢᠨ ᠲᠤᠳᠤᠷ᠎ᠠ ᠭᠠᠷᠭᠠᠠᠠᠰᠠᠨ ᠴᠤ ᠪᠤᠯᠤᠨ᠎ᠠ᠃ ᠭᠦᠯᠡᠮᠵᠢ ᠶᠢᠨ ᠭᠠᠳᠠᠨ᠎ᠠ ᠭᠠᠷᠭᠠᠠᠠᠰᠠᠨ ᠴᠤ ᠪᠤᠯᠤᠨ᠎ᠠ᠃ ᠭᠦᠯᠡᠮᠵᠢ ᠶᠢᠨ ᠲᠤᠳᠤᠷ᠎ᠠ ᠭᠠᠷᠭᠠᠪᠠᠯ ᠢᠯᠴᠢ ᠶᠢ ᠭᠦᠨᠳᠡᠶᠢᠷᠡᠭᠦᠯᠭᠦ ᠨᠢ ᠭᠦᠯᠡᠮᠵᠢ ᠶᠢᠨ ᠭᠠᠳᠠᠨᠠᠭᠢ ᠠᠴᠠ ᠰᠠᠶᠢᠨ ᠪᠠᠶᠢᠳᠠᠭ ᠪᠤᠯᠪᠠᠴᠤ ᠭᠦᠯᠡᠮᠵᠢ ᠶᠢᠨ ᠲᠤᠳᠤᠷᠠᠭᠢ ᠲᠠᠷᠢᠶᠠᠯᠠᠭ᠎ᠠ ᠶᠢᠨ ᠤᠷᠤᠨ ᠵᠠᠢ ᠶᠢ ᠡᠵᠡᠯᠡᠭᠦ ᠪᠤᠯᠤᠨ᠎ᠠ᠃ ᠨᠠᠷᠠᠯᠠᠭ ᠭᠦᠯᠡᠮᠵᠢ ᠶᠢᠨ ᠡᠮᠦᠨ᠎ᠠ ᠭᠡᠷᠡᠮ ᠤᠨ ᠢᠷᠤᠭᠠᠷ ᠢ ᠲᠠᠭᠠᠭᠤᠯᠤᠨ ᠭᠦᠢᠳᠡᠨ ᠢ ᠰᠡᠷᠭᠡᠶᠢᠯᠡᠭᠦ ᠰᠤᠪᠠᠭ ᠭᠠᠷᠭᠠᠬᠤ ᠨᠢ ᠭᠦᠯᠡᠮᠵᠢ ᠶᠢᠨ ᠭᠠᠵᠠᠷ ᠨᠢ ᠭᠠᠳ᠋ᠬᠠᠰᠢ ᠪᠠᠨ ᠢᠯᠴᠢ ᠲᠠᠮᠵᠢᠭᠤᠯᠬᠤ ᠶᠢ ᠨᠢ ᠪᠦᠳᠦᠮᠵᠢᠳᠡᠢ ᠪᠠᠷ ᠪᠠᠭᠠᠰᠬᠠᠬᠤ ᠳᠤ ᠮᠠᠰᠢ ᠶᠡᠭᠡ ᠦᠢᠯᠡᠳᠦᠯ ᠲᠠᠢ ᠶᠤᠮ᠃ ᠬᠠᠷᠢᠨ ᠨᠠᠷᠠᠯᠠᠭ ᠭᠦᠯᠡᠮᠵᠢ ᠶᠢᠨ ᠪᠤᠰᠤᠳ ᠭᠤᠷᠪᠡᠨ ᠲᠠᠯ᠎ᠠ ᠪᠠᠷ ᠭᠦᠢᠳᠡᠨ ᠢ ᠰᠡᠷᠭᠡᠶᠢᠯᠡᠭᠦ ᠰᠤᠪᠠᠭ ᠭᠠᠷᠭᠠᠬᠤ ᠨᠢ ᠲᠠᠮᠠᠢ ᠦᠢᠯᠡᠳᠦᠯ ᠦᠭᠡᠢ᠂ ᠤᠴᠢᠷ ᠨᠢ ᠲᠠᠷᠠ ᠭᠤᠷᠪᠡᠨ ᠭᠡᠷᠡᠮ ᠤᠨ ᠲᠤᠰ ᠪᠡᠶ᠎ᠠ ᠨᠢ ᠮᠠᠰᠢ ᠵᠤᠵᠠᠭᠠᠨ ᠪᠦᠭᠡᠳ ᠭᠦᠯᠡᠮᠵᠢ ᠶᠢᠨ ᠲᠤᠳᠤᠷ᠎ᠠ ᠠᠴᠠ ᠭᠠᠳ᠋ᠬᠠᠰᠢ ᠢᠯᠴᠢ ᠲᠠᠮᠵᠢᠭᠤᠯᠬᠤ ᠵᠠᠮ ᠨᠢ ᠴᠤ ᠮᠠᠰᠢ ᠤᠷᠳᠤ ᠪᠠᠶᠢᠳᠠᠭ ᠪᠤᠯᠬᠤᠷ ᠶᠠᠷᠦᠩᠭᠡᠢ ᠳᠡᠭᠡᠨ ᠭᠠᠵᠠᠷ ᠰᠠᠭᠤᠠᠠᠳ᠋ᠬᠠᠰᠠᠨ ᠰᠠᠭᠤᠷᠢ ᠨᠢ ᠨᠢᠭᠡᠨᠳᠡ ᠭᠦᠢᠳᠡᠨ ᠢ ᠰᠡᠷᠭᠡᠶᠢᠯᠡᠭᠦ ᠦᠢᠯᠡᠳᠦᠯ ᠲᠠᠢ ᠪᠠᠶᠢᠳᠠᠭ᠃ ᠭᠠᠭᠴᠠ ᠭᠦ ᠨᠠᠷᠠᠯᠠᠭ ᠭᠦᠯᠡᠮᠵᠢ ᠶᠢᠨ ᠭᠤᠷᠪᠡᠨ ᠲᠠᠯ᠎ᠠ ᠶᠢᠨ ᠪᠦᠰᠡᠯᠡᠭᠦᠷ ᠭᠡᠷᠡᠮ ᠨᠢ ᠭᠦᠡᠭᠭᠡᠨ ᠭᠡᠯᠪᠡᠷᠢ ᠶᠢᠨ ᠪᠦᠳᠦᠴᠡ ᠲᠠᠢ ᠪᠠᠶᠢᠵᠤ᠂ ᠰᠠᠭᠤᠷᠢ ᠨᠢ ᠲᠤᠯᠠᠭᠠᠨ ᠢ ᠬᠠᠳᠠᠭᠠᠯᠠᠬᠤ ᠲᠠᠯ᠎ᠠ ᠪᠠᠷ ᠮᠠᠰᠢ ᠪᠠᠷᠤᠠᠠᠳᠠᠢ ᠪᠠᠶᠢᠬᠤ ᠦᠶᠡᠰ ᠰᠠᠶ᠋ᠢ ᠭᠤᠷᠪᠡᠨ ᠲᠠᠯ᠎ᠠ ᠶᠢᠨ ᠪᠦᠰᠡᠯᠡᠭᠦᠷ ᠭᠡᠷᠡᠮ ᠤᠨ ᠦᠨᠴᠦᠭ ᠲᠤ ᠭᠦᠢᠳᠡᠨ ᠢ ᠰᠡᠷᠭᠡᠶᠢᠯᠡᠭᠦ ᠰᠤᠪᠠᠭ ᠭᠠᠷᠭᠠᠵᠤ ᠪᠤᠯᠤᠨ᠎ᠠ᠃ ᠭᠦᠢᠳᠡᠨ ᠢ ᠰᠡᠷᠭᠡᠶᠢᠯᠡᠭᠦ ᠰᠤᠪᠠᠭ ᠢ ᠶᠠᠷᠦᠩᠭᠡᠢ ᠳᠡᠭᠡᠨ 20~40cm ᠦᠷᠭᠡᠨ᠂ 40~60cm ᠭᠦᠨ ᠪᠠᠶᠢᠯᠭᠠᠵᠤ᠂ ᠲᠤᠭᠤᠰᠬ᠎ᠠ ᠪᠤᠶᠤ ᠪᠤᠰᠤᠳ ᠵᠦᠢᠯ ᠤᠨ ᠤᠰᠤ ᠰᠡᠷᠭᠡᠶᠢᠯᠡᠭᠦ ᠮᠠᠲ᠋ᠧᠷᠢᠶᠠᠯ ᠢᠶᠠᠷ ᠭᠦᠷᠢᠶᠡᠯᠡᠵᠤ᠂ ᠲᠤᠳᠤᠷ᠎ᠡ ᠨᠢ ᠨᠠᠷᠢᠮᠤ ᠶᠢᠨ ᠰᠦᠷᠡᠯ᠂ ᠲᠤᠳᠤᠷᠭᠠᠨ ᠡᠪᠡᠰᠤ᠂ ᠡᠷᠳᠡᠨᠢ ᠰᠢᠰᠢ ᠶᠢᠨ ᠡᠰᠢ᠂ ᠲᠤᠳᠤᠷᠭ᠎ᠠ ᠪᠤᠳᠠᠭᠠᠨ ᠤ ᠬᠠᠯᠢᠰᠤ᠂ ᠮᠤᠳᠤᠨ ᠤ ᠦᠷᠦᠳᠡᠰᠤ᠂ ᠦᠨᠡᠰᠤ᠂ ᠰᠤᠪᠤᠳᠯᠢᠭ ᠴᠢᠯᠠᠭᠤ ᠵᠡᠷᠭᠡ ᠢᠯᠴᠢ ᠭᠦᠨᠳᠡᠶᠢᠷᠡᠭᠦᠯᠭᠦ ᠮᠠᠲ᠋ᠧᠷᠢᠶᠠᠯ ᠢ ᠨᠢᠠᠠᠳᠠ ᠴᠢᠩᠭ᠎ᠠ ᠴᠢᠭᠵᠢᠨ ᠲᠡᠭᠰᠢᠯᠡᠭᠡᠳ ᠠᠮᠠᠰᠠᠷ ᠢ ᠨᠢ ᠪᠢᠳᠡᠭᠦᠮᠵᠢᠯᠡᠨ᠎ᠡ᠃ ᠤᠴᠢᠷ ᠨᠢ ᠲᠤᠮᠳᠡᠭᠢ ᠲᠠᠪᠬᠤᠷᠭ᠎ᠠ ᠳᠤ ᠴᠢᠭᠵᠢᠭᠰᠡᠨ ᠡᠳ᠋ ᠤᠨ ᠢᠯᠴᠢ ᠲᠠᠮᠵᠢᠭᠤᠯᠬᠤ ᠢᠯᠡᠳᠭᠡᠮᠵᠢ ᠲᠤᠭ᠎ᠠ ᠨᠢ ᠭᠦᠷᠦᠰᠤ ᠰᠢᠷᠤᠢ ᠶᠢᠨ ᠢᠯᠴᠢ ᠲᠠᠮᠵᠢᠭᠤᠯᠬᠤ ᠢᠯᠡᠳᠭᠡᠮᠵᠢ ᠲᠤᠭ᠎ᠠ ᠠᠴᠠ ᠬᠤᠯᠠ ᠪᠠᠭ᠎ᠠ ᠪᠠᠶᠢᠳᠠᠭ ᠪᠤᠯᠬᠤᠷ ᠭᠦᠯᠡᠮᠵᠢ ᠶᠢᠨ ᠭᠠᠵᠠᠷ ᠠᠴᠠ ᠭᠠᠳ᠋ᠬᠠᠰᠢ ᠢᠯᠴᠢ ᠵᠠᠳᠠᠷᠠᠭᠤᠯᠬᠤ ᠶᠢ ᠪᠦᠳᠦᠮᠵᠢᠳᠡᠢ ᠪᠠᠷ ᠲᠠᠰᠤᠳᠠᠵᠤ ᠴᠢᠳᠠᠨ᠎ᠠ᠃ ᠡᠶᠢᠮᠤ ᠭᠦᠢᠳᠡᠨ ᠢ ᠰᠡᠷᠭᠡᠶᠢᠯᠡᠭᠦ ᠰᠤᠪᠠᠭ ᠨᠢ ᠶᠠᠷᠦᠩᠭᠡᠢ ᠳᠡᠭᠡᠨ ᠭᠦᠯᠡᠮᠵᠢ ᠶᠢᠨ ᠲᠤᠳᠤᠷᠠᠭᠢ ᠡᠮᠦᠨ᠎ᠠ ᠬᠠᠨ᠎ᠠ ᠶᠢᠨ 1m ᠤᠨ ᠭᠡᠪᠴᠢᠶᠠᠨ ᠲᠤᠳᠤᠷ᠎ᠠ 5cm ᠭᠦᠨ ᠳᠠᠬᠢ ᠭᠠᠵᠠᠷ ᠤᠨ ᠲᠤᠯᠠᠭᠠᠨ ᠢ ᠲᠤᠮᠳᠠᠴᠢ ᠪᠠᠷ 2℃~4℃ ᠲᠡᠭᠡᠭᠰᠢᠯᠡᠭᠦᠯᠵᠤ ᠴᠢᠳᠠᠨ᠎ᠠ᠃ ᠭᠦᠢᠳᠡᠨ ᠢ ᠰᠡᠷᠭᠡᠶᠢᠯᠡᠭᠦ ᠰᠤᠪᠠᠭ ᠨᠢ ᠭᠡᠵᠢᠶᠡᠳᠡ ᠰᠤᠪᠠᠭ ᠤᠨ ᠬᠠᠨ᠎ᠠ ᠨᠢ ᠤᠰᠤ ᠰᠡᠷᠭᠡᠶᠢᠯᠡᠭᠦ ᠲᠠᠯ᠎ᠠ ᠪᠠᠷ ᠮᠠᠭᠤ ᠪᠠᠶᠢᠳᠠᠭ ᠠᠴᠠ ᠪᠤᠯᠤᠭᠠᠳ ᠢᠯᠴᠢ ᠭᠦᠨᠳᠡᠶᠢᠷᠡᠭᠦᠯᠭᠦ ᠮᠠᠲ᠋ᠧᠷᠢᠶᠠᠯ ᠨᠢ ᠴᠢᠭᠢᠭᠳᠦᠭᠡᠳ ᠡᠭᠦᠨ ᠤ ᠤᠯᠠᠮ ᠢᠶᠠᠷ ᠢᠯᠴᠢ ᠭᠦᠨᠳᠡᠶᠢᠷᠡᠭᠦᠯᠭᠦ ᠮᠠᠲ᠋ᠧᠷᠢᠶᠠᠯ ᠤᠨ ᠢᠯᠴᠢ ᠭᠦᠨᠳᠡᠶᠢᠷᠡᠭᠦᠯᠭᠦ ᠦᠢᠯᠡᠳᠦᠯ ᠨᠢ ᠰᠦᠷᠡᠭᠡᠢ ᠰᠢᠷᠦᠭᠦᠨ ᠪᠠᠭᠤᠷᠠᠳᠠᠭ ᠪᠠᠶᠢᠨ᠎ᠠ᠃ ᠨᠢᠭᠡᠨ ᠬᠠᠮᠤᠭ ᠤᠨ ᠲᠦᠭᠦᠮ ᠠᠷᠭ᠎ᠠ ᠭᠡᠪᠡᠯ ᠤᠰᠤ ᠨᠠᠪᠴᠢᠭᠦ ᠦᠭᠡᠢ ᠢᠯᠴᠢ ᠭᠦᠨᠳᠡᠶᠢᠷᠡᠭᠦᠯᠭᠦ ᠮᠠᠲ᠋ᠧᠷᠢᠶᠠᠯ ᠵᠢᠱᠢᠶᠡᠯᠡᠪᠡᠯ ᠪᠧᠨ᠋ᠽᠧᠨ ᠬᠠᠪᠳᠠᠰᠤ ᠶᠢ ᠭᠦᠯᠡᠮᠵᠢ ᠶᠢᠨ ᠰᠠᠭᠤᠷᠢ ᠭᠡᠷᠡᠮ ᠤᠨ ᠲᠤᠳᠤᠷ᠎ᠠ ᠲᠠᠯ᠎ᠠ ᠳᠤ ᠰᠢᠭᠤᠳ ᠨᠠᠭᠠᠵᠤ ᠲᠠᠯᠪᠢᠨ᠎ᠠ᠃ ᠡᠨᠡ ᠬᠦ ᠠᠷᠭ᠎ᠠ ᠨᠢ ᠭᠦᠢᠳᠡᠨ ᠢ ᠰᠡᠷᠭᠡᠶᠢᠯᠡᠭᠦ ᠰᠤᠪᠠᠭ ᠤᠨ ᠰᠢᠷᠤᠢ ᠶᠢᠨ ᠪᠠᠷᠢᠯᠭ᠎ᠠ ᠶᠢ ᠠᠷᠪᠢᠯᠠᠬᠤ ᠮᠦᠷᠳᠡᠭᠡᠨ ᠪᠠᠰᠠ ᠤᠰᠤ ᠰᠡᠷᠭᠡᠶᠢᠯᠡᠭᠦ ᠰᠢᠢᠳᠪᠤᠷᠢᠯᠡᠯᠳᠡ ᠭᠢᠭᠦ ᠭᠡᠷᠡᠭ ᠦᠭᠡᠢ ᠪᠠᠶᠢᠵᠤ᠂ ᠲᠠᠷᠠᠴᠢᠯᠡᠨ ᠪᠧᠨ᠋ᠽᠸᠠ ᠬᠠᠪᠳᠠᠰᠤ ᠶᠢᠨ ᠢᠯᠴᠢ ᠲᠠᠮᠵᠢᠭᠤᠯᠬᠤ ᠢᠯᠡᠳᠭᠡᠮᠵᠢ ᠲᠤᠭ᠎ᠠ ᠨᠢ ᠪᠠᠭ᠎ᠠ ᠪᠠᠶᠢᠵᠤ 3~5cm ᠵᠤᠵᠠᠭᠠᠴᠠ ᠲᠠᠢ ᠪᠠᠶᠢᠪᠠᠯ ᠲᠡᠭᠡᠷ᠎ᠡ ᠲᠤᠷᠠᠳᠤᠠᠠᠰᠠᠨ ᠭᠦᠢᠳᠡᠨ ᠢ ᠰᠡᠷᠭᠡᠶᠢᠯᠡᠭᠦ ᠰᠤᠪᠠᠭ ᠤᠨ ᠲᠤᠯᠠᠭᠠᠨ ᠢ ᠬᠠᠳᠠᠭᠠᠯᠠᠬᠤ ᠦᠷ᠎ᠡ ᠪᠦᠳᠦᠮᠵᠢ ᠳᠤ ᠭᠦᠷᠴᠤ ᠴᠢᠳᠠᠳᠠᠭ᠃ ᠡᠭᠦᠨ ᠤ ᠬᠠᠮᠳᠤ ᠭᠦᠯᠡᠮᠵᠢ ᠶᠢᠨ ᠲᠤᠳᠤᠷ᠎ᠠ ᠲᠡᠭᠦᠨ ᠤ ᠡᠵᠡᠯᠡᠭᠦ ᠲᠠᠯᠠᠪᠠᠢ ᠨᠢ ᠶᠡᠭᠡᠳᠡ ᠪᠠᠭᠠᠰᠴᠤ᠂ ᠦᠨ᠎ᠠ ᠬᠠᠨᠭ᠍ᠰᠢ ᠨᠢ ᠴᠤ ᠭᠢᠮᠳᠡᠬᠠᠨ ᠪᠠᠶᠢᠳᠠᠭ ᠲᠤᠯᠠ ᠭᠦᠢᠳᠡᠨ ᠢ ᠰᠡᠷᠭᠡᠶᠢᠯᠡᠨ ᠲᠤᠯᠠᠭᠠᠨ ᠢ ᠬᠠᠳᠠᠭᠠᠯᠠᠬᠤ ᠨᠠᠯᠢᠶᠡᠳ ᠰᠠᠶᠢᠨ ᠠᠷᠭ᠎ᠠ ᠭᠡᠮᠵᠢᠶ᠎ᠠ ᠪᠤᠯᠤᠨ᠎ᠠ᠃ ᠭᠦᠯᠡᠮᠵᠢ ᠶᠢᠨ ᠭᠠᠵᠠᠷ ᠲᠠᠯᠠᠪᠠᠢ ᠶᠢᠨ ᠠᠰᠢᠠᠠᠯᠠᠯᠳᠠ ᠶᠢᠨ ᠨᠤᠷᠮ᠎ᠠ ᠶᠢ ᠲᠡᠭᠡᠭᠰᠢᠯᠡᠭᠦᠯᠭᠦ ᠶᠢᠨ ᠲᠤᠰᠠᠳᠠ ᠵᠠᠷᠢᠮ ᠳᠠᠭᠠᠨ ᠭᠦᠢᠳᠡᠨ ᠢ ᠰᠡᠷᠭᠡᠶᠢᠯᠡᠭᠦ ᠰᠤᠪᠠᠭ ᠢ ᠭᠦᠯᠡᠮᠵᠢ ᠶᠢᠨ ᠰᠠᠭᠤᠷᠢ ᠭᠡᠷᠡᠮ ᠤᠨ ᠭᠠᠳᠠᠷ ᠲᠠᠯ᠎ᠠ ᠳᠤᠨᠢ ᠭᠠᠷᠭᠠᠳᠠᠭ᠃ ᠡᠨᠡ ᠠᠷᠭ᠎ᠠ ᠨᠢ ᠶᠠᠷᠦᠩᠭᠡᠢ ᠳᠡᠭᠡᠨ ᠭᠦᠢᠳᠡᠨ ᠢ ᠰᠡᠷᠭᠡᠶᠢᠯᠡᠭᠦ ᠰᠤᠪᠠᠭ ᠢ ᠨᠡᠯᠢᠶᠡᠳ ᠦᠷᠭᠡᠨ ᠭᠠᠷᠭᠠᠵᠤ ᠪᠤᠯᠳᠠᠭ᠃ ᠭᠡᠪᠡᠴᠤ ᠡᠨᠡ ᠬᠦ ᠭᠦᠢᠳᠡᠨ ᠢ ᠰᠡᠷᠭᠡᠶᠢᠯᠡᠭᠦ ᠠᠷᠭ᠎ᠠ ᠨᠢ ᠭᠦᠯᠡᠮᠵᠢ ᠶᠢᠨ ᠭᠠᠳᠠᠨᠠᠭᠢ ᠤᠰᠤ ᠨᠢ ᠰᠤᠪᠠᠭ ᠲᠤ ᠤᠷᠤᠰᠤᠨ ᠤᠷᠤᠬᠤ ᠠᠴᠠ ᠰᠡᠷᠭᠡᠶᠢᠯᠡᠵᠤ᠂ ᠭᠦᠢᠳᠡᠨ ᠢ ᠰᠡᠷᠭᠡᠶᠢᠯᠡᠭᠦ ᠰᠤᠪᠠᠭ ᠢ ᠭᠠᠵᠠᠷ ᠠᠴᠠ ᠦᠨᠳᠤᠷ ᠰᠢᠭ ᠭᠠᠷᠭᠠᠬᠤ ᠶᠢ ᠱᠠᠭᠠᠷᠳᠠᠳᠠᠭ᠃ ᠡᠭᠦᠨ ᠠᠴᠠ ᠭᠠᠳᠠᠨ᠎ᠠ ᠭᠦᠢᠳᠡᠨ ᠢ ᠰᠡᠷᠭᠡᠶᠢᠯᠡᠭᠦ ᠰᠤᠪᠠᠭ ᠤᠨ ᠲᠡᠭᠡᠷ᠎ᠡ ᠨᠡᠯᠢᠶᠡᠳ ᠲᠠᠭᠠᠭᠠᠴᠠ ᠲᠠᠢ ᠠᠮᠠᠰᠠᠷ ᠲᠠᠭᠠᠷᠠᠭᠤᠯᠵᠤ ᠭᠠᠳᠠᠨᠠᠭᠢ ᠲᠡᠭᠡᠭᠡᠪᠤᠷᠢ ᠶᠢᠨ ᠲᠡᠷᠭᠡ ᠭᠦᠰᠭᠡ ᠪᠤᠶᠤ ᠭᠦᠮᠦᠨ ᠠᠮᠢᠳᠠᠨ ᠤ ᠨᠠᠰᠢ ᠴᠠᠰᠢ ᠶᠠᠪᠤᠬᠤ ᠳᠤ ᠲᠦᠭᠦᠮ ᠦᠵᠡᠭᠦᠯᠭᠦ ᠴᠢᠬᠤᠯᠠ ᠲᠠᠢ ᠪᠠᠶᠢᠳᠠᠭ᠃ 13. ᠭᠦᠯᠡᠮᠵᠢ ᠶᠢᠨ ᠭᠠᠵᠠᠷ ᠤᠨ ᠲᠤᠯᠠᠭᠠᠨ ᠢ ᠶᠠᠮᠠᠷ ᠠᠷᠭ᠎ᠠ ᠪᠠᠷ ᠲᠡᠭᠡᠭᠰᠢᠯᠡᠭᠦᠯᠭᠦ ᠪᠤᠢ︖ ᠲᠠᠷᠢᠮᠠᠯ ᠤᠨ ᠤᠷᠭᠤᠴᠠ ᠶᠢᠨ ᠲᠠᠯ᠎ᠠ ᠪᠠᠷ ᠲᠠᠷᠢᠮᠠᠯ ᠤᠨ ᠦᠨᠳᠤᠰᠤᠨ ᠤ ᠭᠡᠰᠡᠭ ᠤᠨ ᠲᠤᠯᠠᠭᠠᠨ ᠤ ᠭᠡᠮᠵᠢᠶ᠎ᠠ ᠶᠢ ᠪᠠᠳᠤᠯᠠᠬᠤ ᠨᠢ ᠲᠠᠷᠢᠮᠠᠯ ᠤᠨ ᠨᠠᠪᠴᠢᠨ ᠭᠡᠰᠡᠭ ᠤᠨ ᠲᠤᠯᠠᠭᠠᠨ ᠤ ᠭᠡᠮᠵᠢᠶ᠎ᠠ ᠶᠢ ᠪᠠᠳᠤᠯᠠᠬᠤ ᠠᠴᠠ ᠨᠡᠩ ᠴᠢᠬᠤᠯᠠ ᠪᠠᠶᠢᠳᠠᠭ᠃ ᠨᠠᠷᠠᠯᠠᠭ ᠭᠦᠯᠡᠮᠵᠢ ᠳᠤ ᠭᠦᠷᠦᠰᠤ ᠰᠢᠷᠤᠢ ᠶᠢᠨ ᠲᠤᠯᠠᠭᠠᠨ ᠤ ᠭᠡᠮᠵᠢᠶ᠎ᠠ ᠪᠠᠭᠠᠬᠠᠨ ᠲᠤᠤᠷ᠎ᠠ ᠪᠠᠶᠢᠳᠠᠭ ᠠᠴᠠ ᠪᠤᠯᠤᠭᠠᠳ ᠲᠠᠷᠢᠮᠠᠯ ᠤᠷᠭᠤᠴᠠ ᠮᠠᠭᠤᠳᠠᠢ ᠪᠠᠶᠢᠳᠠᠭ ᠦᠵᠡᠭᠳᠡᠯ ᠦᠷᠭᠦᠯᠵᠢ ᠬᠠᠷᠬᠠᠳᠠᠵᠤ ᠪᠠᠶᠢᠳᠠᠭ᠃ ᠡᠶᠢᠮᠤ ᠠᠴᠠ ᠪᠢᠳᠡ ᠭᠦᠷᠦᠰᠤ ᠰᠢᠷᠤᠢ ᠶᠢᠨ ᠲᠤᠯᠠᠭᠠᠨ ᠤ ᠭᠡᠮᠵᠢᠶ᠎ᠠ ᠶᠢ ᠲᠡᠭᠡᠭᠰᠢᠯᠡᠭᠦᠯᠭᠦ ᠶᠠᠪᠤᠳᠠᠯ ᠢ ᠭᠦᠢᠴᠡᠳ ᠭᠦᠨᠳᠦᠳᠭᠡᠨ ᠦᠵᠡᠭᠦ ᠭᠡᠷᠡᠭᠳᠡᠢ᠃ ᠲᠡᠭᠡᠷ᠎ᠡ ᠲᠤᠷᠠᠳᠤᠠᠠᠰᠠᠨ ᠭᠦᠢᠳᠡᠨ ᠢ ᠰᠡᠷᠭᠡᠶᠢᠯᠡᠭᠦ ᠰᠤᠪᠠᠭ ᠭᠠᠷᠭᠠᠵᠤ ᠭᠡᠰᠡᠭ ᠲᠠᠯ᠎ᠠ ᠶᠢᠨ ᠭᠦᠷᠤᠰᠤ ᠰᠢᠷᠤᠢ ᠶᠢᠨ ᠲᠤᠯᠠᠭᠠᠨ ᠤ ᠭᠡᠮᠵᠢᠶ᠎ᠠ ᠪᠠᠭᠤᠷᠠᠬᠤ ᠶᠢ ᠰᠡᠷᠭᠡᠶᠢᠯᠡᠭᠦ ᠠᠴᠠ ᠭᠠᠳᠠᠨ᠎ᠠ ᠪᠠᠰᠠ ᠨᠠᠷᠠᠯᠠᠭ ᠭᠦᠯᠡᠮᠵᠢ ᠶᠢᠨ ᠵᠠᠶᠢᠯᠠᠵᠤ ᠪᠤᠶᠢᠵᠢᠭᠤᠯᠬᠤ ᠲᠠᠳᠠᠭᠠᠯ ᠤᠨ ᠲᠤᠤᠷ᠎ᠠ ᠭᠡᠰᠡᠭ ᠲᠤ 15~30cm ᠵᠤᠵᠠᠭᠠᠨ ᠲᠤᠯᠠᠭᠠᠯᠠᠯᠭ᠎ᠠ ᠡᠳ᠋ ᠲᠠᠪᠢᠰᠤᠨ ᠲᠠᠭᠢᠨ ᠲᠡᠭᠡᠷ᠎ᠡ ᠨᠢ ᠰᠢᠮ᠎ᠠ ᠲᠡᠵᠢᠭᠡᠯᠳᠤ ᠰᠢᠷᠤᠢ ᠲᠠᠪᠢᠰᠪᠡᠯ ᠮᠦᠨ ᠭᠦ ᠲᠠᠳᠠᠭᠠᠯ ᠤᠨ ᠲᠤᠯᠠᠭᠠᠨ ᠢ ᠪᠦᠳᠦᠮᠵᠢᠳᠡᠢ ᠪᠠᠷ ᠲᠡᠭᠡᠭᠰᠢᠯᠡᠭᠦᠯᠵᠤ ᠴᠢᠳᠠᠬᠤ ᠪᠦᠭᠡᠳ ᠲᠠᠷᠢᠮᠠᠯ ᠪᠤᠯᠤᠨ ᠨᠢᠯᠬ᠎ᠠ ᠴᠢᠭᠢ ᠶᠢᠨ ᠤᠷᠭᠤᠴᠠ ᠳᠤ ᠠᠰᠢᠠᠠᠳᠠᠢ ᠶᠤᠮ᠃ ᠲᠤᠯᠠᠭᠠᠯᠠᠯᠭ᠎ᠠ ᠡᠳ᠋ ᠲᠤ ᠠᠳᠤᠭᠤᠨ ᠬᠤᠮᠤᠯ᠂ ᠠᠷᠭᠠᠯ᠂ ᠭᠠᠭ᠋ᠠᠢ ᠶᠢᠨ ᠪᠠᠭᠠᠰᠤ᠂ ᠬᠤᠨᠢᠨ ᠤ ᠬᠤᠷᠭᠤᠯ᠂ ᠲᠠᠭᠢᠶᠠᠨ ᠤ ᠪᠠᠭᠠᠰᠤ᠂ ᠤᠷᠭᠠᠨᠢᠭ ᠬᠤᠭ ᠪᠤᠷᠳᠤᠭᠤᠷ᠂ ᠨᠠᠷᠢᠮᠤ ᠲᠤᠳᠤᠷᠭ᠎ᠠ ᠶᠢᠨ ᠰᠦᠷᠡᠯ ᠵᠡᠷᠭᠡ ᠪᠤᠢ᠂ ᠡᠭᠦᠨ ᠳᠤ ᠬᠠᠮᠤᠭ ᠤᠨ ᠰᠠᠶᠢᠨ ᠲᠤᠯᠠᠭᠠᠯᠠᠯᠭ᠎ᠠ ᠡᠳ᠋ ᠨᠢ ᠪᠤᠯ ᠠᠳᠤᠭᠤᠨ ᠤ ᠬᠤᠮᠤᠯ ᠪᠤᠯᠤᠨ᠎ᠠ᠃ ᠲᠡᠭᠦᠨ ᠢ 7 ᠬᠤᠨᠤᠭ ᠢᠰᠭᠡᠪᠡᠯ ᠲᠤᠯᠠᠭᠠᠨ ᠤ ᠭᠡᠮᠵᠢᠶ᠎ᠠ ᠨᠢ 70℃ ᠭᠦᠷᠴᠤ᠂ ᠲᠠᠷᠠᠭ᠎ᠠ ᠪᠠᠷ ᠨᠢ ᠠᠭᠠᠵᠢᠮ ᠢᠶᠠᠷ 50℃ ᠭᠦᠷᠳᠡᠯ᠎ᠠ ᠪᠠᠭᠤᠷᠠᠵᠤ᠂ ᠰᠠᠷ᠎ᠠ ᠤᠷᠴᠢᠮ ᠪᠠᠳᠤᠯᠠᠵᠤ ᠴᠢᠳᠠᠳᠠᠭ᠃ ᠠᠷᠭᠠᠯ᠂ ᠭᠠᠭ᠋ᠠᠢ ᠶᠢᠨ ᠪᠠᠭᠠᠰᠤᠨ ᠳᠤ ᠭᠤᠷᠪᠡᠨ ᠤ ᠨᠢᠭᠡ ᠪᠠᠷ ᠮᠤᠳᠤᠨ ᠤ ᠦᠷᠦᠳᠡᠰᠤ᠂ ᠲᠤᠳᠤᠷᠭ᠎ᠠ ᠶᠢᠨ ᠬᠠᠯᠢᠰᠤ᠂ ᠭᠡᠪᠡᠭ ᠡᠪᠡᠰᠤ ᠵᠡᠷᠭᠡ ᠶᠢ ᠬᠤᠯᠢᠪᠠᠯ 30℃ ᠤᠷᠴᠢᠮ ᠤᠨ ᠲᠤᠯᠠᠭᠠᠨ ᠤ ᠭᠡᠮᠵᠢᠶ᠎ᠠ ᠶᠢ ᠨᠡᠯᠢᠶᠡᠳ ᠤᠷᠳᠤ ᠬᠤᠭᠤᠴᠠᠭ᠎ᠠ ᠪᠠᠳᠤᠯᠠᠵᠤ ᠲᠠᠶᠢᠯᠦᠨ᠎ᠠ᠃ ᠨᠠᠷᠠᠯᠠᠭ ᠭᠦᠯᠡᠮᠵᠢ ᠦᠷᠭᠡᠨ ᠢᠶᠠᠷ ᠭᠦᠭᠵᠢᠭᠰᠡᠨ ᠲᠠᠷᠢᠶᠠᠯᠠᠬᠤ ᠤᠷᠤᠨ ᠳᠤ ᠠᠳᠤᠭᠤᠨ ᠤ ᠬᠤᠮᠤᠯ ᠪᠤᠯᠤᠨ ᠠᠷᠭᠠᠯ ᠴᠦᠮ ᠨᠡᠯᠢᠶᠡᠳ ᠬᠤᠪᠤᠷ ᠪᠠᠶᠢᠵᠤ᠂ ᠨᠠᠷᠢᠮᠤ ᠲᠤᠳᠤᠷᠭ᠎ᠠ ᠶᠢᠨ ᠰᠦᠷᠡᠯ ᠬᠠᠷᠢᠨ ᠡᠯᠪᠡᠭ ᠪᠠᠶᠢᠳᠠᠭ᠃ ᠲᠠᠷᠢᠶᠠᠨ ᠤ ᠡᠰᠢ ᠰᠦᠷᠡᠯ ᠢᠶᠠᠷ ᠠᠳᠤᠭᠤᠨ ᠤ ᠬᠤᠮᠤᠯ ᠢ ᠮᠦᠨ ᠬᠦ ᠤᠷᠤᠯᠠᠭᠤᠯᠵᠤ ᠪᠤᠯᠬᠤ ᠶᠢ ᠦᠢᠯᠡᠳᠦᠯᠭᠡ ᠭᠡᠷᠡᠴᠢᠯᠡᠵᠤ ᠪᠠᠶᠢᠨ᠎ᠠ᠃ ᠰᠢᠨ᠎ᠠ ᠠᠳᠤᠭᠤᠨ ᠤ ᠬᠤᠮᠤᠯ ᠤᠨ ᠨᠡᠭᠦᠷᠡᠰᠦᠳᠦ᠋ᠷᠦᠭᠴᠢ ᠠᠽᠤᠲ ᠤᠨ ᠬᠠᠷᠢᠴᠠᠯ ᠨᠢ 28∶1 ᠪᠠᠶᠢᠵᠤ᠂ ᠦᠨᠳᠤᠷ ᠢᠯᠴᠢ ᠡᠭᠦᠰᠭᠦ ᠡᠳ᠋ ᠲᠤ ᠬᠠᠷᠢᠶᠠᠯᠬᠠᠳᠠᠬᠤ ᠪᠦᠭᠡᠳ ᠠᠭᠠᠷ ᠨᠠᠪᠳᠡᠷᠡᠭᠦ ᠳᠤ ᠰᠠᠶᠢᠨ᠂ ᠢᠯᠴᠢ ᠡᠭᠦᠰᠭᠡᠭᠦ ᠨᠢ ᠲᠦᠷᠭᠡᠨ ᠪᠠᠶᠢᠳᠠᠭ᠃ ᠬᠠᠷᠢᠨ ᠨᠠᠷᠢᠮᠤ ᠶᠢᠨ ᠰᠦᠷᠡᠯ ᠪᠤᠯ ᠲᠤᠤᠷ᠎ᠠ ᠢᠯᠴᠢ ᠡᠭᠦᠰᠭᠡᠭᠴᠢ ᠡᠳ᠋ ᠪᠤᠯᠤᠨ᠎ᠠ᠃ ᠲᠡᠭᠦᠨ ᠤ ᠨᠡᠭᠦᠷᠡᠰᠦᠳᠦ᠋ᠷᠦᠭᠴᠢ ᠤᠰᠤᠳᠦ᠋ᠷᠦᠭᠴᠢ ᠶᠢᠨ ᠬᠠᠷᠢᠴᠠᠯ ᠨᠢ 72∶1 ᠪᠠᠶᠢᠵᠤ᠂ ᠨᠡᠭᠦᠷᠡᠰᠦᠳᠦ᠋ᠷᠦᠭᠴᠢ ᠠᠷᠪᠢᠨ ᠠᠽᠤᠲ ᠪᠠᠭ᠎ᠠ᠂ ᠢᠯᠴᠢ ᠡᠭᠦᠰᠭᠡᠭᠦ ᠲᠤᠯᠠᠭᠠᠨ ᠤ ᠭᠡᠮᠵᠢᠶ᠎ᠠ ᠨᠢ ᠲᠤᠤᠷ᠎ᠠ ᠪᠠᠶᠢᠵᠤ᠂ ᠲᠠᠩ ᠢᠶᠠᠷ ᠨᠢ ᠭᠡᠷᠡᠭᠯᠡᠪᠡᠯ ᠪᠠᠷᠤᠠᠠᠳᠠᠢ ᠳᠤ ᠢᠯᠴᠢ ᠡᠭᠦᠰᠭᠡᠳᠡᠭ ᠦᠭᠡᠢ᠃ ᠶᠠᠷᠦᠩᠭᠡᠢ ᠳᠡᠭᠡᠨ ᠭᠦᠷᠦᠰᠤ ᠰᠢᠷᠤᠢ ᠶᠢᠨ 40cm ᠭᠦᠨ ᠳᠤ 10~15cm ᠵᠤᠵᠠᠭᠠᠨ ᠲᠤᠳᠤᠷᠭᠠᠨ ᠰᠦᠷᠡᠯ ᠤᠨ ᠢᠯᠴᠢ ᠡᠭᠦᠰᠭᠡᠭᠴᠢ ᠡᠳ᠋ ᠲᠠᠪᠢᠰᠪᠠᠯ ᠭᠠᠵᠠᠷ ᠤᠨ ᠲᠤᠯᠠᠭᠠᠨ ᠢ 1℃~3℃ ᠲᠡᠭᠡᠭᠰᠢᠯᠡᠭᠦᠯᠵᠤ ᠪᠤᠯᠤᠨ᠎ᠠ᠃ ᠠᠳᠤᠭᠤᠨ ᠤ ᠬᠤᠮᠤᠯ ᠲᠠᠪᠢᠰᠪᠠᠯ ᠭᠠᠵᠠᠷ ᠤᠨ ᠲᠤᠯᠠᠭᠠᠨ ᠢ 2℃~4℃ ᠲᠡᠭᠡᠭᠰᠢᠯᠡᠭᠦᠯᠵᠤ ᠲᠠᠶᠢᠯᠦᠨ᠎ᠠ᠃ ᠠᠳᠤᠭᠤᠨ ᠤ ᠬᠤᠮᠤᠯ ᠪᠠ ᠲᠤᠳᠤᠷᠭᠠᠨ ᠤ ᠰᠦᠷᠡᠯ ᠲᠠᠪᠢᠰᠦᠭᠰᠡᠨ ᠤ ᠴᠠᠭ ᠤᠨ ᠳ᠋ᠦᠩ ᠨᠢ ᠶᠠᠷᠦᠩᠭᠡᠢ ᠳᠡᠭᠡᠨ 10 ᠬᠤᠨᠤᠭ ᠤᠨ ᠲᠤᠳᠤᠷ᠎ᠠ ᠡᠭᠢᠯᠡᠨ ᠢᠯᠴᠢ ᠡᠭᠦᠰᠭᠡᠵᠤ᠂ ᠪᠠᠷᠤᠭ 20 ᠬᠤᠨᠤᠭ ᠪᠤᠯᠪᠠᠯ ᠤᠷᠭᠢᠯ ᠳᠠᠭᠠᠨ ᠲᠤᠯᠵᠤ᠂ ᠰᠡᠭᠦᠯᠡᠷ ᠨᠢ ᠲᠤᠯᠠᠭᠠᠨ ᠤ ᠭᠡᠮᠵᠢᠶ᠎ᠠ ᠨᠢ ᠢᠳᠡᠭ ᠢᠳᠡᠭ ᠢᠶᠠᠷ ᠪᠠᠭᠤᠷᠠᠨ᠎ᠠ᠃ ᠭᠠᠵᠠᠷ ᠲᠠᠯᠠᠪᠠᠢ ᠲᠡᠭᠡᠷ᠎ᠡ ᠢᠯᠴᠢ ᠡᠭᠦᠰᠭᠡᠭᠦ ᠭᠢᠮᠢ ᠶᠢᠨ ᠡᠳ᠋ ᠰᠦᠷᠴᠢᠭᠦ ᠨᠢ ᠭᠠᠵᠠᠷ ᠤᠨ ᠲᠤᠯᠠᠭᠠᠨ ᠢ ᠲᠡᠭᠡᠭᠰᠢᠯᠡᠭᠦᠯᠭᠦ ᠳᠤ ᠮᠦᠨ ᠬᠦ ᠢᠯᠡᠳᠳᠡ ᠦᠢᠯᠡᠳᠦᠯ ᠲᠠᠢ ᠶᠤᠮ᠃ ᠭᠠᠵᠠᠷ ᠲᠡᠭᠡᠷ᠎ᠡ ᠰᠦᠷᠴᠢᠭᠦ ᠡᠳ᠋ ᠪᠤᠯᠤᠨ ᠭᠠᠵᠠᠷ ᠲᠤᠤᠷᠠᠭᠢ ᠢᠯᠴᠢ ᠡᠭᠦᠰᠭᠡᠭᠴᠢ ᠡᠳ᠋ ᠢ ᠤᠶᠠᠯᠳᠤᠭᠤᠯᠤᠨ ᠭᠡᠷᠡᠭᠯᠡᠪᠡᠯ ᠦᠷ᠎ᠡ ᠪᠦᠳᠦᠮᠵᠢ ᠨᠢ ᠨᠡᠩ ᠰᠠᠶᠢᠨ ᠪᠠᠶᠢᠳᠠᠭ᠃ ᠶᠠᠷᠤᠩᠭᠡᠢ ᠳᠡᠭᠡᠨ ᠭᠠᠵᠠᠷ ᠲᠡᠭᠡᠷ᠎ᠡ ᠰᠦᠷᠴᠢᠭᠦ ᠡᠳ᠋ ᠨᠢ ᠭᠠᠵᠠᠷ ᠤᠨ ᠭᠠᠳᠠᠷᠭᠤ ᠶᠢᠨ ᠲᠤᠯᠠᠭᠠᠨ ᠤ ᠭᠡᠮᠵᠢᠶ᠎ᠠ ᠶᠢ 2℃~4℃ ᠲᠡᠭᠡᠭᠰᠢᠯᠡᠭᠦᠯᠵᠤ ᠪᠤᠯᠤᠨ᠎ᠠ᠃ ᠭᠡᠪᠡᠴᠤ ᠰᠦᠷᠴᠢᠮᠡᠯ ᠡᠳ᠋ ᠤᠨ ᠢᠯᠴᠢ ᠶᠢᠨ ᠦᠢᠯᠡᠳᠦᠯ ᠨᠢ ᠬᠤᠭᠤᠴᠠᠭᠠᠨ ᠤ ᠴᠢᠨᠠᠷᠳᠠᠢ ᠪᠠᠶᠢᠳᠠᠭ ᠪᠤᠯᠬᠤᠷ ᠰᠦᠷᠴᠢᠮᠡᠯ ᠡᠳ᠋ ᠢ ᠰᠦᠷᠴᠢᠭᠰᠡᠨ ᠤ ᠰᠡᠭᠦᠯᠡᠷ 3 ~20 ᠬᠤᠨᠤᠭ ᠤᠨ ᠲᠤᠳᠤᠷ᠎ᠠ ᠲᠤᠯᠠᠭᠠᠨ ᠤ ᠭᠡᠮᠵᠢᠶ᠎ᠠ ᠮᠡᠳᠡᠭᠳᠡᠮ᠎ᠡ ᠲᠡᠭᠡᠭᠰᠢᠯᠡᠨᠠ᠃ ᠪᠤᠳᠠᠳᠠᠢ ᠦᠢᠯᠡᠳᠪᠤᠷᠢᠯᠡᠯ ᠤᠨ ᠲᠤᠮᠳᠠ 30 ᠬᠤᠨᠤᠭ ᠠᠯᠤᠰᠯᠠᠬᠤ ᠪᠦᠷᠢ ᠨᠢᠭᠡ ᠤᠳᠠᠭ᠎ᠠ ᠰᠦᠷᠴᠢᠪᠡᠯ ᠬᠠᠮᠤᠭ ᠤᠨ ᠰᠠᠶᠢᠨ᠃ ᠨᠠᠷᠠᠯᠠᠭ ᠭᠦᠯᠡᠮᠵᠢ ᠶᠢ ᠪᠠᠶᠢᠭᠤᠯᠬᠤ ᠳᠠᠭᠠᠨ ᠭᠠᠵᠠᠷ ᠢ 30~50cm ᠬᠤᠨᠭ᠍ᠬᠤᠶᠢᠯᠠᠨ ᠬᠠᠭᠠᠰ ᠨᠦᠭᠡᠨ ᠭᠡᠯᠪᠡᠷᠢ ᠶᠢᠨ ᠭᠦᠯᠡᠮᠵᠢ ᠪᠠᠶᠢᠭᠤᠯᠪᠠᠯ᠂ ᠭᠦᠯᠡᠮᠵᠢ ᠶᠢᠨ ᠭᠠᠵᠠᠷ ᠤᠨ ᠲᠤᠯᠠᠭᠠᠨ ᠢ ᠲᠡᠭᠡᠭᠰᠢᠯᠡᠭᠦᠯᠭᠦ ᠳᠤ ᠴᠤ ᠵᠤᠭᠢᠬᠤ ᠦᠢᠯᠡᠳᠦᠯ ᠲᠠᠢ ᠶᠤᠮ᠃ ᠢᠯᠠᠩᠭᠤᠶ᠎ᠠ ᠦᠨᠳᠦᠷᠯᠢᠭ ᠭᠦᠢᠳᠡᠨ ᠭᠠᠵᠠᠷ ᠤᠷᠤᠨ ᠳᠤ ᠭᠠᠵᠠᠷ ᠨᠡᠯᠢᠶᠡᠳ ᠵᠤᠵᠠᠭᠠᠨ ᠭᠦᠯᠳᠡᠵᠤ᠂ ᠭᠦᠷᠤᠰᠤ ᠰᠢᠷᠤᠢ ᠶᠢᠨ ᠢᠯᠴᠢ ᠲᠠᠮᠵᠢᠭᠤᠯᠬᠤ ᠭᠡᠮᠵᠢᠶ᠎ᠠ ᠨᠢ ᠨᠡᠯᠢᠶᠡᠳ ᠶᠡᠭᠡ ᠪᠠᠶᠢᠳᠠᠭ ᠪᠤᠯᠬᠤᠷ ᠭᠠᠵᠠᠷ ᠢ ᠬᠤᠨᠭ᠍ᠬᠤᠶᠢᠯᠠᠵᠤ ᠭᠦᠯᠡᠮᠵᠢ ᠪᠠᠶᠢᠭᠤᠯᠪᠠᠯ ᠭᠠᠵᠠᠷ ᠭᠦᠯᠳᠡᠭᠦ ᠵᠤᠵᠠᠭᠠᠴᠠ ᠶᠢ ᠬᠠᠷᠢᠴᠠᠩᠭᠤᠢ ᠪᠠᠷ ᠨᠢᠮᠭᠡᠷᠡᠭᠦᠯᠵᠤ ᠪᠤᠯᠤᠨ᠎ᠠ᠃ ᠭᠡᠪᠡᠴᠤ ᠵᠢᠷᠤᠵᠤ ᠲᠦᠯᠦᠪᠯᠡᠭᠦ ᠳᠡᠭᠡᠨ ᠬᠠᠭᠠᠰ ᠨᠦᠭᠡᠯᠡᠭᠰᠡᠨ ᠭᠦᠯᠡᠮᠵᠢ ᠶᠢ ᠭᠡᠳᠦᠷᠭᠡᠢ ᠭᠦᠨ ᠪᠠᠶᠢᠯᠭᠠᠵᠤ ᠪᠤᠯᠬᠤ ᠦᠭᠡᠢ ᠶᠢ ᠵᠠᠪᠠᠯ ᠪᠤᠳᠤᠯᠭᠢᠯᠠᠬᠤ ᠭᠡᠷᠡᠭᠳᠡᠢ᠃ ᠡᠰᠡ ᠲᠠᠶᠢᠮᠤ ᠪᠤᠯ ᠭᠦᠯᠡᠮᠵᠢ ᠶᠢᠨ ᠲᠡᠭᠡᠷ᠎ᠡ ᠲᠠᠯ᠎ᠠ ᠶᠢᠨ ᠭᠡᠷᠡᠯ ᠭᠦᠷᠳᠡᠭᠦ ᠶᠢ ᠨᠦᠯᠦᠭᠡᠯᠡᠭᠦ ᠪᠤᠯᠤᠨ᠎ᠠ᠃ ᠭᠠᠵᠠᠷ ᠲᠤᠤᠷᠠᠭᠢ ᠤᠰᠤᠨ ᠲᠦᠪᠰᠢᠨ ᠨᠢ ᠨᠡᠯᠢᠶᠡᠳ ᠲᠠᠭᠡᠷ᠎ᠡ ᠪᠠᠶᠢᠳᠠᠭ ᠭᠠᠵᠠᠷ ᠤᠷᠤᠨ ᠬᠠᠭᠠᠰ ᠨᠦᠭᠡᠯᠡᠭᠰᠡᠨ ᠭᠦᠯᠡᠮᠵᠢ ᠶᠢᠨ ᠭᠦᠨᠴᠠ ᠶᠢ ᠲᠤᠠᠠᠳᠠᠭᠠᠬᠤ ᠳᠠᠭᠠᠨ ᠭᠠᠵᠠᠷ ᠲᠤᠤᠷᠠᠭᠢ ᠤᠰᠤᠨ ᠲᠦᠪᠰᠢᠨ ᠠᠴᠠ ᠵᠠᠶᠢᠯᠠᠰᠭᠢᠭᠦ ᠭᠡᠷᠡᠭᠳᠡᠢ᠃ ᠭᠠᠵᠠᠷ ᠲᠤᠤᠷᠠᠭᠢ ᠢᠯᠴᠢ ᠰᠤᠯᠢᠯᠴᠠᠬᠤ ᠰᠢᠰᠲ᠋ᠧᠮ ᠢ ᠭᠡᠷᠡᠭᠯᠡᠭᠦ ᠨᠢ ᠮᠦᠨ ᠴᠦ ᠭᠠᠵᠠᠷ ᠤᠨ ᠲᠤᠯᠠᠭᠠᠨ ᠢ ᠲᠡᠭᠡᠭᠰᠢᠯᠡᠭᠦᠯᠭᠦ ᠶᠢᠨ ᠪᠠᠰᠠ ᠨᠢᠭᠡᠨ ᠠᠷᠭ᠎ᠠ ᠭᠡᠮᠵᠢᠶ᠎ᠠ ᠪᠤᠯᠤᠨ᠎ᠠ᠃ ᠶᠠᠷᠦᠩᠭᠡᠢ ᠳᠡᠭᠡᠨ ᠨᠠᠷᠠᠯᠠᠭ ᠭᠦᠯᠡᠮᠵᠢ ᠶᠢᠨ ᠲᠤᠮᠳᠠ ᠭᠡᠰᠡᠭ ᠤᠨ ᠠᠯᠤᠰᠯᠠᠯ ᠴᠢᠭᠯᠡᠯ ᠢ ᠲᠠᠭᠠᠯᠳᠤᠭᠤᠯᠤᠨ ᠰᠠᠯᠭᠢ ᠤᠷᠤᠭᠤᠯᠬᠤ ᠠᠮᠠ ᠭᠠᠷᠭᠠᠵᠤ᠂ ᠭᠦᠯᠡᠮᠵᠢ ᠶᠢᠨ ᠬᠤᠶᠠᠷ ᠲᠠᠯ᠎ᠠ ᠶᠢᠨ ᠭᠡᠷᠡᠮ ᠳᠤ ᠰᠠᠯᠭᠢ ᠭᠠᠷᠬᠤ ᠠᠮᠠ ᠭᠠᠷᠭᠠᠵᠤ᠂ ᠭᠦᠷᠦᠰᠤᠨ ᠤ ᠬᠠᠭᠠᠯᠪᠤᠷᠢᠯᠠᠬᠤ ᠲᠠᠪᠬᠤᠷᠭ᠎ᠠ ᠲᠤᠤᠷ᠎ᠠ ᠰᠠᠯᠭᠢᠨ ᠤ ᠬᠤᠭᠤᠯᠠᠢ ᠪᠤᠶᠤ ᠰᠠᠯᠭᠢᠨ ᠤ ᠵᠠᠮ ᠭᠠᠷᠭᠠᠨ᠎ᠠ᠃ ᠰᠠᠯᠭᠢᠨ ᠤ ᠬᠤᠭᠤᠯᠠᠢ ᠪᠤᠶᠤ ᠰᠠᠯᠭᠢᠨ ᠤ ᠵᠠᠮ ᠢ ᠰᠢᠪᠠᠷ ᠬᠤᠭᠤᠯᠠᠢ ᠪᠤᠶᠤ ᠲᠤᠭᠤᠰᠬᠠᠨ ᠪᠦᠳᠦᠴᠡ ᠲᠠᠢ ᠪᠠᠶᠢᠯᠭᠠᠵᠤ ᠪᠤᠯᠤᠨ᠎ᠠ᠃ ᠶᠠᠷᠦᠩᠭᠡᠢ ᠳᠡᠭᠡᠨ ᠰᠠᠯᠭᠢ ᠭᠠᠷᠬᠤ ᠠᠮᠠ ᠳᠤ ᠰᠠᠯᠭᠢᠨ ᠰᠠᠩᠰᠠ ᠤᠠᠠᠰᠠᠷᠠᠨᠠ᠃ ᠡᠳᠤᠷ ᠲᠡᠭᠡᠨ ᠭᠦᠯᠡᠮᠵᠢ ᠶᠢᠨ ᠲᠤᠳᠤᠷᠠᠭᠢ ᠲᠤᠯᠠᠭᠠᠨ ᠤ ᠭᠡᠮᠵᠢᠶ᠎ᠠ 25℃ ᠠᠴᠠ ᠲᠡᠭᠡᠭᠰᠢ ᠪᠤᠯᠬᠤ ᠦᠶᠡᠰ ᠰᠠᠯᠭᠢ ᠨᠡᠪᠳᠡᠷᠡᠭᠦᠯᠭᠦ ᠰᠠᠩᠰᠠ ᠪᠠᠨ ᠨᠡᠭᠡᠭᠡᠵᠤ᠂ ᠭᠦᠯᠡᠮᠵᠢ ᠶᠢᠨ ᠲᠤᠳᠤᠷᠠᠭᠢ ᠬᠠᠯᠠᠭᠤᠨ ᠠᠭᠠᠷ ᠢ ᠭᠠᠵᠠᠷ ᠲᠤᠤᠷᠠᠭᠢ ᠰᠠᠯᠭᠢᠨ ᠵᠠᠮ ᠳᠠᠭᠠᠨ ᠰᠤᠷᠤᠨ ᠤᠷᠤᠭᠤᠯᠵᠤ᠂ ᠬᠠᠯᠠᠭᠤᠨ ᠠᠭᠠᠷ ᠢ ᠭᠠᠵᠠᠷ ᠲᠤᠤᠷᠠᠭᠢ ᠭᠦᠷᠤᠰᠤ ᠰᠢᠷᠤᠢ ᠲᠠᠢ ᠢᠯᠴᠢ ᠶᠢᠨ ᠰᠤᠯᠢᠯᠴᠠᠭ᠎ᠠ ᠭᠢᠯᠭᠡᠵᠤ᠂ ᠭᠦᠷᠤᠰᠤ ᠰᠢᠷᠤᠢ ᠶᠢᠨ ᠲᠤᠯᠠᠭᠠᠨ ᠤ ᠭᠡᠮᠵᠢᠶ᠎ᠠ ᠶᠢ ᠠᠭᠠᠷ ᠤᠨ ᠲᠤᠯᠠᠭᠠᠨ ᠤ ᠭᠡᠮᠵᠢᠶ᠎ᠠ ᠠᠴᠠ ᠲᠤᠷᠤᠠᠠᠰᠢᠯᠠᠭᠤᠯᠵᠤ᠂ ᠡᠭᠦᠨ ᠤ ᠬᠠᠮᠳᠤ ᠠᠭᠠᠷ ᠤᠨ ᠲᠤᠯᠠᠭᠠᠨ ᠤ ᠭᠡᠮᠵᠢᠶ᠎ᠠ ᠲᠤᠷᠤᠠᠠᠰᠢᠯᠠᠬᠤ ᠠᠴᠠ ᠪᠤᠯᠤᠭᠠᠳ ᠪᠠᠰᠠ ᠵᠤᠭᠢᠬᠤ ᠭᠡᠮᠵᠢᠶᠠᠨ ᠲᠡᠭᠡᠷ᠎ᠡ ᠠᠭᠠᠷ ᠲᠤᠳᠤᠷᠠᠭᠢ ᠤᠰᠤᠨ ᠪᠦᠷᠢᠯᠳᠦᠭᠦᠨ ᠴᠠᠷᠴᠠᠵᠤ᠂ ᠴᠢᠭᠢᠭ ᠢ ᠠᠷᠢᠯᠭᠠᠬᠤ ᠦᠢᠯᠡᠳᠦᠯ ᠦᠵᠡᠭᠦᠯᠵᠤ ᠴᠢᠳᠠᠨ᠎ᠠ᠃ ᠰᠦᠨᠢ ᠳᠡᠭᠡᠨ ᠭᠦᠯᠡᠮᠵᠢ ᠶᠢᠨ ᠲᠤᠳᠤᠷᠠᠭᠢ ᠲᠤᠯᠠᠭᠠᠨ ᠤ ᠭᠡᠮᠵᠢᠶ᠎ᠠ 15℃ ᠠᠴᠠ ᠲᠤᠷᠤᠠᠠᠰᠢᠯᠠᠬᠤ ᠦᠶ᠎ᠠ ᠳᠤ ᠰᠠᠯᠭᠢᠨ ᠰᠠᠩᠰᠠ ᠪᠠᠨ ᠲᠠᠭᠢᠨᠳᠠ ᠨᠡᠭᠡᠭᠡᠵᠤ ᠭᠦᠯᠡᠮᠵᠢ ᠶᠢᠨ ᠲᠤᠳᠤᠷᠠᠭᠢ ᠭᠦᠢᠳᠡᠨ ᠠᠭᠠᠷ ᠢ ᠭᠠᠵᠠᠷ ᠲᠤᠤᠷᠠᠭᠢ ᠰᠠᠯᠭᠢᠨ ᠤ ᠵᠠᠮ ᠳᠤ ᠰᠤᠷᠤᠨ ᠤᠷᠤᠭᠤᠯᠵᠤ᠂ ᠭᠦᠢᠳᠡᠨ ᠠᠭᠠᠷ ᠢ ᠭᠠᠵᠠᠷ ᠲᠤᠤᠷᠠᠭᠢ ᠬᠠᠯᠠᠭᠤᠨ ᠭᠦᠷᠤᠰᠤ ᠰᠢᠷᠤᠢ ᠲᠠᠢ ᠢᠯᠴᠢ ᠶᠢᠨ ᠰᠤᠯᠢᠯᠴᠠᠭ᠎ᠠ ᠭᠢᠯᠭᠡᠵᠤ᠂ ᠡᠳᠤᠷ ᠬᠤᠷᠢᠶᠠᠵᠤ ᠬᠠᠳᠠᠭᠠᠯᠬᠠᠰᠠᠨ ᠭᠠᠵᠠᠷ ᠲᠤᠤᠷᠠᠭᠢ ᠢᠯᠴᠢ ᠶᠢ ᠲᠠᠭᠢᠨᠳᠡ ᠭᠦᠯᠡᠮᠵᠢ ᠶᠢᠨ ᠲᠤᠳᠤᠷ᠎ᠡ ᠭᠦᠷᠭᠡᠵᠤ᠂ ᠭᠦᠯᠡᠮᠵᠢ ᠶᠢᠨ ᠠᠭᠠᠷ ᠤᠨ ᠲᠤᠯᠠᠭᠠᠨ ᠤ ᠭᠡᠮᠵᠢᠶ᠎ᠠ ᠶᠢ ᠲᠡᠭᠡᠭᠰᠢᠯᠡᠭᠦᠯᠦᠨ᠎ᠠ᠃ ᠡᠨᠡ ᠬᠦ ᠠᠷᠭ᠎ᠠ ᠨᠢ ᠡᠳᠤᠷ ᠤᠨ ᠭᠡᠷᠡᠯ ᠤᠨ ᠲᠤᠰᠤᠯᠳᠠ ᠨᠡᠯᠢᠶᠡᠳ ᠴᠢᠩᠭ᠎ᠠ ᠪᠠᠶᠢᠬᠤ ᠨᠦᠭᠦᠴᠡᠯ ᠲᠤᠤᠷ᠎ᠠ ᠲᠤᠩ ᠶᠡᠭᠡ ᠦᠢᠯᠡᠳᠦᠯ ᠲᠠᠢ ᠪᠦᠭᠡᠳ ᠭᠦᠯᠡᠮᠵᠢ ᠶᠢᠨ ᠲᠤᠳᠤᠷᠠᠭᠢ ᠲᠤᠯᠠᠭᠠᠨ ᠤ ᠭᠡᠮᠵᠢᠶ᠎ᠠ ᠶᠢ 3℃~5℃ ᠲᠡᠭᠡᠭᠰᠢᠯᠡᠭᠦᠯᠵᠤ ᠲᠡᠶᠢᠯᠦᠨ᠎ᠠ᠃ ᠭᠡᠪᠡᠴᠤ ᠡᠨᠡ ᠬᠦ ᠠᠷᠭ᠎ᠠ ᠶᠢ ᠭᠡᠷᠡᠭᠯᠡᠭᠦ ᠳᠤ ᠵᠤᠭᠢᠬᠤ ᠪᠦᠳᠦᠭᠡᠨ ᠪᠠᠶᠢᠭᠤᠯᠤᠯᠳᠠ ᠶᠢᠨ ᠪᠡᠯᠡ ᠮᠦᠡᠭᠭᠦ ᠭᠡᠷᠡᠭᠴᠡᠭᠡ ᠲᠠᠢ ᠪᠦᠭᠡᠳ ᠡᠳᠤᠷ ᠲᠤᠳᠤᠮ ᠤᠨ ᠠᠵᠢᠯᠯᠠᠭᠠᠨ ᠳᠤ ᠰᠠᠯᠭᠢᠨ ᠮᠠᠰᠢᠨ ᠢ ᠭᠦᠳᠡᠯᠭᠡᠭᠦ ᠴᠢᠬᠤᠯᠠ ᠲᠠᠢ ᠲᠤᠯᠠ ᠭᠦᠯᠡᠮᠵᠢ ᠶᠢᠨ ᠠᠵᠢᠯᠯᠠᠭᠠᠨ ᠤ ᠦᠪᠡᠷ ᠤᠨ ᠦᠷᠳᠡᠭ ᠢ ᠬᠠᠷᠢᠴᠠᠩᠭᠤᠢ ᠪᠠᠷ ᠨᠡᠮᠡᠭᠳᠡᠭᠦᠯᠭᠦ ᠮᠦᠷᠳᠡᠭᠡᠨ ᠴᠠᠭᠢᠯᠭᠠᠨ ᠢᠶᠠᠷ ᠲᠤᠳᠠᠮᠠᠭ ᠭᠠᠵᠠᠷ ᠤᠷᠤᠨ ᠳᠤ ᠭᠡᠷᠡᠭᠯᠡᠭᠦ ᠳᠤ ᠪᠡᠷᠭᠡ ᠲᠠᠢ ᠶᠤᠮ᠃ |
|
|
|
ᠢᠷᠡᠯᠲᠡ᠄
ᠦᠪᠦᠷ ᠮᠣᠩᠭᠤᠯ ᠤᠨ ᠵᠠᠰᠠᠭ ᠤᠨ ᠣᠷᠳᠤᠨ
|