︵ᠬᠤᠶᠠᠷ︶ ᠡᠮᠡᠭᠳᠡᠶᠢᠴᠤᠳ ᠤᠨ ᠵᠢᠷᠮᠤᠰᠤᠨ ᠬᠤᠭᠤᠴᠠᠭᠠᠨ ᠤ ᠡᠷᠡᠭᠦᠯ ᠮᠡᠨᠳᠤ ᠶᠢ ᠬᠠᠮᠠᠭᠠᠯᠠᠬᠤ
ᠨᠡᠶᠢᠲᠡᠯᠡᠭᠰᠡᠨ ᠴᠠᠭ᠄
2015/10/19

     ᠨᠢᠭᠡᠨ ᠰᠡᠴᠡᠨ ᠰᠡᠷᠭᠦᠯᠡᠩ᠂ ᠡᠷᠡᠭᠦᠯ ᠴᠢᠭᠢᠷᠠᠭ ᠭᠡᠤᠭᠡᠳ ᠠᠪᠬᠤ ᠶᠢᠨ ᠲᠤᠰᠠᠳᠠ᠂ ᠬᠠᠮᠤᠭ ᠤᠨ ᠰᠠᠶᠢᠨ ᠵᠢᠷᠮᠦᠰᠦᠯᠡᠭᠦ ᠨᠠᠰᠤᠨ ᠳᠠᠭᠠᠨ  ︵ᠡᠮᠡᠭᠳᠡᠶᠢᠴᠤᠳ ᠲᠤ ᠠᠪᠴᠤ ᠭᠡᠯᠡᠪᠡᠯ 24~29 ᠨᠠᠰᠤ ᠪᠤᠯ ᠬᠠᠮᠤᠭ ᠤᠨ ᠲᠤᠭᠢᠷᠠᠮᠵᠢᠳᠡᠢ ᠨᠠᠰᠤ ᠪᠤᠯᠤᠨ᠎ᠠ᠃ ᠡᠨᠡ ᠨᠠᠰᠤᠨ ᠳᠤ ᠭᠡᠤᠭᠡᠳ ᠲᠦᠷᠦᠪᠡᠯ ᠭᠡᠤᠭᠡᠳ ᠤᠨ ᠦᠭᠦᠯ ᠤᠨ ᠨᠤᠷᠮ᠎ᠠ ᠮᠠᠰᠢ ᠲᠤᠤᠷ᠎ᠡ ᠪᠠᠶᠢᠵᠤ᠂ 18 ᠨᠠᠰᠤᠨ ᠠᠴᠠ ᠡᠮᠦᠨ᠎ᠠ ᠪᠤᠶᠤ 35 ᠨᠠᠰᠤᠨ ᠠᠴᠠ ᠬᠤᠶᠢᠰᠢ ᠵᠢᠷᠮᠦᠰᠦᠯᠡᠪᠡᠯ ᠵᠢᠷᠮᠦᠰᠤᠨ ᠪᠦᠰᠡᠭᠦᠢ ᠪᠠ ᠭᠡᠤᠭᠡᠢ ᠶᠢᠨ ᠠᠶᠤᠯ ᠨᠡᠮᠡᠭᠳᠡᠳᠡᠭ︶ ᠵᠢᠷᠮᠦᠰᠦᠯᠡᠭᠦ ᠠᠴᠠ ᠭᠠᠳᠠᠨ᠎ᠠ ᠪᠠᠰᠠ ᠬᠠᠷᠢᠴᠠᠩᠭᠤᠢ ᠪᠦᠭᠦᠢ ᠪᠡᠯᠡᠳᠭᠡᠯ ᠭᠢᠭᠦ ᠭᠡᠷᠡᠭᠳᠡᠢ᠃ ᠪᠤᠳᠠᠳᠠᠢ ᠪᠠᠷ ᠭᠡᠯᠡᠪᠡᠯ ᠲᠤᠤᠷᠠᠭᠢ ᠵᠢᠷᠭᠤᠭᠠᠨ ᠲᠠᠯ᠎ᠠ ᠶᠢᠨ ᠪᠡᠯᠡᠳᠭᠡᠯ ᠢ ᠰᠠᠶᠢᠨ ᠭᠢᠭᠦ ᠭᠡᠷᠡᠭᠳᠡᠢ᠃
      ᠨᠢᠭᠡ᠂ ᠪᠡᠶ᠎ᠠ ᠶᠢᠨ ᠪᠡᠯᠡᠳᠭᠡᠯ ᠭᠢᠭᠦ ᠭᠡᠷᠡᠭᠳᠡᠢ᠃ ᠵᠢᠷᠮᠦᠰᠦᠯᠡᠭᠦ ᠠᠴᠠ ᠪᠠᠨ 3~6 ᠰᠠᠷ᠎ᠠ ᠶᠢᠨ ᠡᠮᠦᠨ᠎ᠠ ᠠᠴᠠ ᠡᠷ᠎ᠡ ᠡᠮ᠎ᠡ ᠬᠤᠶᠠᠭᠤᠯᠠ ᠠᠮᠠᠷᠠᠵᠤ ᠰᠤᠪᠢᠯᠠᠬᠤ ᠪᠠᠨ ᠠᠩᠬᠠᠷᠴᠤ᠂ ᠭᠡᠳᠦᠷᠭᠡᠢ ᠶᠠᠳᠠᠷᠠᠵᠤ ᠵᠦᠳᠡᠷᠡᠭᠦ ᠠᠴᠠ ᠵᠠᠶᠢᠯᠡᠰᠭᠢᠭᠦ ᠭᠡᠷᠡᠭᠳᠡᠢ᠃ ᠦᠷᠭᠦᠯᠵᠢ ᠪᠡᠶ᠎ᠠ ᠶᠢᠨ ᠪᠤᠯᠪᠡᠰᠤᠷᠠᠯ ᠭᠢᠵᠤ᠂ ᠪᠡᠶ᠎ᠠ ᠪᠠᠨ ᠡᠷᠡᠭᠦᠯ ᠴᠢᠭᠢᠷᠠᠭ ᠪᠠᠶᠢᠯᠭᠠᠨ᠂ ᠭᠠᠳᠠᠭᠠᠳᠤ ᠡᠳᠡᠭᠡᠳ ᠤᠨ ᠡᠪᠡᠳᠴᠢᠨ ᠤ ᠬᠤᠤᠷ ᠤᠨ ᠬᠠᠯᠳᠠᠪᠤᠷᠢᠯᠡᠯ ᠢ ᠲᠤᠯᠵᠤ ᠲᠡᠶᠢᠯᠭᠦ ᠴᠢᠳᠠᠪᠤᠷᠢ ᠪᠠᠨ ᠨᠡᠮᠡᠭᠳᠡᠭᠦᠯᠵᠤ᠂ ᠡᠪᠡᠳᠴᠢᠨ ᠤ ᠬᠤᠤᠷ ᠤᠨ ᠬᠠᠯᠳᠠᠪᠤᠷᠢᠯᠠᠯ ᠠᠴᠠ ᠪᠤᠯᠵᠤ ᠭᠡᠤᠭᠡᠢ ᠨᠢ ᠵᠡᠷᠡᠮᠳᠡᠭ ᠪᠤᠯᠬᠤ ᠠᠴᠠ ᠰᠡᠷᠭᠡᠶᠢᠯᠡᠭᠦ ᠭᠡᠷᠡᠭᠳᠡᠢ᠃
      ᠬᠤᠶᠠᠷ᠂ ᠰᠢᠮ᠎ᠠ ᠲᠡᠵᠢᠭᠡᠯ ᠢ ᠨᠡᠮᠡᠭᠳᠡᠭᠦᠯᠭᠦ ᠭᠡᠷᠡᠭᠳᠡᠢ᠃ ᠵᠢᠷᠮᠦᠰᠦᠯᠡᠭᠦ ᠠᠴᠠ ᠪᠠᠨ ᠡᠮᠦᠨ᠎ᠠ ᠰᠢᠮ᠎ᠠ ᠲᠡᠵᠢᠭᠡᠯ ᠡᠯᠪᠡᠭ ᠠᠭᠤᠯᠤᠠᠠᠳᠠᠵᠤ ᠪᠠᠶᠢᠭ᠎ᠠ ᠢᠳᠡᠭᠡᠨ ᠢ ᠢᠯᠡᠭᠦᠭᠡᠨ ᠢᠳᠡᠵᠤ᠂ ᠢᠯᠠᠩᠭᠤᠶ᠎ᠠ ᠮᠢᠬᠠᠨ ᠤ ᠵᠦᠢᠯ᠂ ᠵᠢᠭᠠᠰᠤ ᠰᠠᠮ᠂ ᠦᠨᠢᠶᠠᠨ ᠰᠦ ᠪᠤᠯᠤᠨ ᠰᠢᠨ᠎ᠠ ᠰᠤᠷᠭᠤᠭ ᠨᠤᠭᠤᠭ᠎ᠠ ᠵᠢᠮᠢᠰ ᠢ ᠢᠯᠡᠭᠦᠭᠡᠨ ᠢᠳᠡᠭᠦ ᠭᠡᠷᠡᠭᠳᠡᠢ᠃ ᠡᠭᠦᠨ ᠤ ᠬᠠᠮᠳᠤ ᠡᠳᠤᠷ ᠪᠦᠷᠢ 0.4mg ᠨᠠᠪᠴᠢᠨ ᠤ ᠭᠦᠴᠢᠯ ︵叶酸︶ ᠨᠦᠭᠦᠵᠤ ᠮᠡᠳᠡᠷᠡᠯ ᠤᠨ ᠰᠢᠷᠬᠡᠭ ᠵᠡᠮᠳᠡᠭᠷᠡᠭᠦ ᠠᠴᠠ ᠰᠡᠷᠭᠡᠶᠢᠯᠡᠭᠦ ᠭᠡᠷᠡᠭᠳᠡᠢ᠃
      ᠭᠤᠷᠪᠡ᠂ ᠬᠤᠤᠷ ᠲᠠᠢ ᠪᠤᠳᠠᠰ ᠲᠤ ᠤᠶᠢᠷᠠᠳᠤᠬᠤ ᠠᠴᠠ ᠵᠠᠶᠢᠯᠠᠰᠭᠢᠵᠤ᠂ ᠡᠷ᠎ᠡ ᠡᠮ᠎ᠡ ᠬᠤᠶᠠᠭᠤᠯᠠ ᠪᠠᠨ ᠠᠷᠢᠭᠢ ᠲᠠᠮᠠᠭᠢ ᠶᠢ ᠴᠡᠭᠡᠷᠯᠡᠭᠦ ᠭᠡᠷᠡᠭᠳᠡᠢ᠃ ᠵᠡᠮᠳᠡᠭᠷᠡᠭᠦᠯᠵᠤ ᠮᠡᠳᠡᠭᠦ ᠬᠤᠤᠷᠳᠤ ᠵᠦᠢᠯ ᠵᠢᠱᠢᠶᠡᠯᠡᠪᠡᠯ ᠲᠠᠷᠢᠶᠠᠨ ᠡᠮ᠂ ᠰᠠᠴᠤᠷᠠᠭ ᠪᠡ ᠭᠦᠡᠭᠭᠡᠨᠴᠡᠭᠠᠨ᠂ ᠮᠦᠡᠭᠭᠦᠨ ᠤᠰᠤ᠂ ᠪᠧᠨ᠋ᠽᠸᠠ ︵ᠴᠢᠶ᠋ᠢᠦ︶ ᠵᠡᠷᠭᠡ ᠤᠷᠭᠠᠨᠢᠭ ᠵᠦᠢᠯ ᠠᠴᠠ ᠬᠤᠯᠠ ᠵᠠᠶᠢᠯᠠᠬᠤ ᠭᠡᠷᠡᠭᠳᠡᠢ᠃
      ᠲᠦᠷᠪᠡ᠂ ᠠᠷᠬᠠᠭ ᠴᠢᠨᠠᠷᠳᠡᠢ ᠡᠪᠡᠳᠴᠢᠨ ᠬᠠᠭᠤᠴᠢᠨ ᠢ ᠢᠳᠡᠪᠭᠢᠳᠡᠢ ᠵᠠᠰᠠᠭᠤᠯᠬᠤ ᠪᠠ ᠬᠤᠷᠢᠠᠠᠯᠠᠵᠤ᠂ ᠴᠢᠬᠤᠯᠠ ᠰᠢᠰᠲ᠋ᠧᠮ ᠤᠨ ᠡᠪᠡᠳᠴᠢᠨ ᠡᠮᠭᠡᠭ ᠲᠠᠢ ᠵᠢᠷᠮᠦᠰᠦᠯᠡᠭᠦ ᠨᠠᠰᠤᠨ ᠤ ᠡᠮᠡᠭᠳᠡᠢ ᠨᠢ ᠵᠢᠷᠮᠦᠰᠦᠯᠡᠭᠦ ᠠᠴᠠ ᠪᠠᠨ ᠡᠮᠦᠨ᠎ᠠ ᠡᠮᠨᠡᠯᠭᠡ ᠳᠤ ᠭᠦᠷᠴᠤ ᠠᠰᠠᠭᠤᠨ ᠰᠤᠷᠠᠬᠤ ᠪᠠ ᠪᠠᠶᠢᠴᠠᠭᠠᠯᠳᠠ ᠭᠢᠯᠭᠡᠵᠤ᠂ ᠡᠪᠡᠳᠴᠢᠨ ᠡᠮᠭᠡᠭ ᠤᠨ ᠪᠠᠶᠢᠳᠠᠯ ᠢ ᠦᠨᠳᠦᠰᠦᠯᠡᠨ ᠲᠤᠭᠢᠳᠡᠢ ᠵᠢᠷᠮᠦᠰᠦᠯᠡᠭᠦ ᠴᠠᠭ ᠬᠤᠭᠤᠴᠠᠭ᠎ᠠ ᠪᠠᠨ ᠲᠦᠯᠦᠪᠯᠡᠭᠦ ᠭᠡᠷᠡᠭᠳᠡᠢ᠃
      ᠲᠠᠪᠤ᠂ ᠭᠡᠷᠪᠡ ᠵᠢᠷᠮᠦᠰᠦᠯᠡᠭᠦ ᠶᠢ ᠬᠤᠷᠢᠠᠠᠯᠠᠬᠤ ᠡᠮ ᠤᠤᠭᠤᠠᠠᠰᠠᠨ ᠪᠤᠯ ᠡᠷᠭᠡᠪᠰᠢ ᠡᠮ ᠤᠤᠭᠤᠬᠤ ᠪᠠᠨ ᠵᠤᠠᠠᠰᠤᠠᠠᠰᠠᠨ ᠤ ᠰᠡᠭᠦᠯᠡᠷᠭᠢ 6 ᠰᠠᠷ᠎ᠠ ᠶᠢᠨ ᠲᠠᠷᠠᠭ᠎ᠠ ᠰᠠᠶ᠋ᠢ ᠵᠢᠷᠮᠦᠰᠤᠯᠡᠵᠤ ᠪᠤᠯᠤᠨ᠎ᠠ᠃
ᠵᠢᠷᠭᠤᠭ᠎ᠠ᠂ ᠰᠠᠨᠠᠭ᠎ᠠ ᠰᠡᠳᠭᠢᠯ ᠲᠠᠶᠢᠪᠤᠩ᠂ ᠪᠠᠶᠠᠷ ᠭᠦᠷ ᠲᠠᠢ ᠪᠠᠶᠢᠬᠤ ᠭᠡᠷᠡᠭᠳᠡᠢ᠃
     1. ᠶᠠᠮᠠᠷ ᠡᠪᠡᠳᠴᠢᠨ ᠡᠮᠭᠡᠭ ᠢ ᠵᠢᠷᠮᠦᠰᠦᠯᠡᠭᠦ ᠠᠴᠠ ᠡᠮᠦᠨ᠎ᠠ ᠡᠮᠨᠡᠨ ᠵᠠᠰᠠᠭᠤᠯᠬᠤ ᠴᠢᠬᠤᠯᠠ ᠲᠠᠢ ᠪᠤᠢ︖
     ᠴᠢᠬᠤᠯᠠ ᠴᠤᠯᠤ ᠰᠠᠪᠠ ᠪᠤᠶᠤ ᠦᠷᠡᠵᠢᠯ ᠤᠨ ᠰᠢᠰᠲ᠋ᠧᠮ ᠤᠨ ᠤᠵᠢᠭ ᠡᠪᠡᠳᠴᠢᠨ᠂ ᠦᠡᠭᠭᠡᠨ ᠡᠪᠡᠳᠴᠢᠨ ᠳᠤ ᠨᠡᠷᠪᠡᠭᠳᠡᠭᠰᠡᠨ ᠵᠢᠷᠮᠦᠰᠦᠯᠡᠭᠦ ᠨᠠᠰᠤᠨ ᠤ ᠪᠦᠰᠡᠭᠦ᠋ᠢᠴᠤᠳ ᠵᠢᠷᠮᠦᠰᠦᠯᠡᠭᠦ ᠠᠴᠠ ᠪᠠᠨ ᠡᠮᠦᠨ᠎ᠠ ᠡᠷᠭᠡᠪᠰᠢ ᠡᠮᠨᠡᠯᠭᠡ ᠳᠤ ᠭᠦᠷᠴᠤ ᠰᠢᠰᠲ᠋ᠧᠮ ᠲᠠᠢ ᠪᠠᠶᠢᠴᠠᠭᠠᠯᠭᠠᠬᠤ ᠪᠠ ᠡᠮᠨᠡᠭᠦᠯᠵᠤ᠂ ᠡᠪᠡᠳᠴᠢᠨ ᠤ ᠪᠠᠶᠢᠳᠠᠯ ᠢᠶᠠᠨ ᠦᠨᠳᠦᠰᠦᠯᠡᠨ᠂ ᠡᠮᠴᠢ ᠶᠢᠨ ᠵᠢᠯᠤᠭᠤᠳᠤᠯᠭ᠎ᠠ ᠶᠢᠨ ᠲᠤᠤᠷ᠎ᠠ ᠵᠢᠷᠮᠦᠰᠦᠯᠡᠭᠦ ᠪᠠ ᠭᠦᠡᠭᠭᠡᠵᠢᠵᠤ᠂ ᠡᠭᠡ ᠨᠢᠯᠬ᠎ᠠ ᠶᠢᠨ ᠠᠮᠤᠷ ᠲᠦᠪᠰᠢᠨ ᠢ ᠪᠠᠳᠤᠯᠠᠬᠤ ᠭᠡᠷᠡᠭᠳᠡᠢ᠃ ᠵᠢᠷᠮᠦᠰᠦᠯᠡᠭᠦ ᠠᠴᠠ ᠪᠠᠨ ᠡᠮᠦᠨ᠎ᠠ ᠡᠮᠨᠡᠭᠦᠯᠭᠦ ᠪᠡ ᠬᠤᠷᠢᠠᠠᠯᠠᠬᠤ ᠴᠢᠬᠤᠯᠠ ᠲᠠᠢ ᠡᠪᠡᠳᠴᠢᠨ ᠭᠡᠪᠡᠯ᠂ ᠵᠢᠷᠦᠭᠡ ᠴᠢᠰᠤᠨ ᠰᠤᠳᠡᠯ ᠤᠨ ᠡᠪᠡᠳᠴᠢᠨ ︵ᠡᠶᠢᠮᠤ ᠡᠪᠡᠳᠴᠢᠨ ᠲᠠᠢ ᠪᠤᠯ ᠵᠢᠷᠮᠦᠰᠦᠯᠡᠭᠦ ᠪᠡ ᠭᠦᠡᠭᠭᠡᠵᠢᠭᠦ ᠦᠶᠡᠰ ᠵᠢᠷᠦᠭᠡᠨ ᠤ ᠲᠠᠷᠤᠭᠠᠰᠤ ᠶᠢ ᠭᠦᠨᠳᠦᠷᠡᠭᠦᠯᠳᠡᠭ︶᠂ ᠠᠮᠢᠰᠬᠤᠯ ᠤᠨ ᠰᠢᠰᠲ᠋ᠧᠮ ᠤᠨ ᠡᠪᠡᠳᠴᠢᠨ ︵ᠡᠶᠢᠮᠤ ᠡᠪᠡᠳᠴᠢᠨ ᠪᠤᠯ ᠲᠤᠮᠤᠷᠬᠠᠰᠠᠨ ᠰᠠᠪᠠᠨ ᠤ ᠰᠢᠬᠠᠯᠳᠠ ᠶᠢ ᠭᠦᠨᠳᠡᠯᠡᠨ ᠲᠠᠰᠤᠯᠪᠤᠷᠢᠯᠠᠵᠤ᠂ ᠴᠡᠭᠡᠵᠢ ᠶᠢ ᠢᠪᠴᠤᠷᠠᠭᠤᠯᠵᠤ᠂ ᠠᠮᠢᠰᠬᠤᠯ ᠢ ᠲᠡᠭᠡᠷᠡᠳᠡᠭᠦᠯᠵᠤ᠂ ᠭᠦᠴᠢᠯᠳᠦ᠋ᠷᠦᠭᠴᠢ ᠲᠤᠳ᠋ᠬᠠᠳᠠᠭᠤᠯᠳᠠᠭ︶᠂ ᠡᠯᠢᠭᠡᠨ ᠤ ᠡᠪᠡᠳᠴᠢᠨ ︵ᠡᠨᠡ ᠡᠪᠡᠳᠴᠢᠨ ᠪᠤᠯ ᠡᠯᠢᠭᠡᠨ ᠤ ᠡᠭᠦᠷᠭᠡᠯᠡᠯ ᠢ ᠨᠡᠮᠡᠭᠳᠡᠭᠦᠯᠳᠡᠭ︶᠂ ᠲᠤᠳᠤᠭᠠᠳᠤ ᠱᠦᠭᠦᠷᠡᠯ ᠤᠨ ᠰᠢᠰᠲ᠋ᠧᠮ ᠤᠨ ᠡᠪᠡᠳᠴᠢᠨ ︵ᠵᠢᠱᠢᠶᠡᠯᠡᠪᠡᠯ ᠪᠠᠮᠪᠠᠢ ᠡᠪᠡᠳᠴᠢᠨ᠂ ᠰᠢᠭᠢᠷ ᠰᠢᠵᠢᠩ ᠡᠪᠡᠳᠴᠢᠨ︶᠂ ᠦᠡᠭᠭᠡᠨ ᠡᠪᠡᠳᠴᠢᠨ ︵ᠵᠢᠱᠢᠶᠡᠯᠡᠪᠡᠯ ᠲᠠᠮᠪᠤᠤ ᠡᠪᠡᠳᠴᠢᠨ᠂ ᠭᠦᠢᠳᠡᠨ ᠡᠪᠡᠳᠴᠢᠨ︶ ᠵᠡᠷᠭᠡ ᠪᠠᠶᠢᠨ᠎ᠠ᠃
     2. ᠠᠶᠢᠽ ᠡᠪᠡᠳᠴᠢᠨ ᠤ ᠸᠢᠷᠦ᠋ᠰ ᠲᠠᠶᠢᠬᠴᠢ ᠪᠦᠰᠡᠭᠦᠢ ᠵᠢᠷᠮᠤᠰᠤᠯᠠᠵᠤ ᠪᠤᠯᠤᠨ᠎ᠠ ᠤᠤ︖
     ᠠᠶᠢᠽ ᠡᠪᠡᠳᠴᠢᠨ ᠳᠤ ᠨᠡᠷᠪᠡᠭᠳᠡᠭᠰᠡᠨ ᠵᠢᠷᠮᠦᠰᠤᠨ ᠪᠦᠰᠡᠭᠦᠢ ᠨᠢ ᠬᠤᠶᠢᠳᠤᠭᠢ ᠶᠢᠨ ᠴᠢᠰᠤᠨ ᠤ ᠡᠷᠭᠢᠯᠳᠡ ᠪᠠᠷ ᠲᠠᠮᠵᠢᠨ ᠭᠡᠪᠡᠯᠢ ᠳᠠᠬᠢ ᠭᠡᠤᠭᠡᠳ ᠲᠤ ᠡᠪᠡᠳᠴᠢᠨ ᠤ ᠬᠤᠤᠷ ᠢ ᠲᠠᠮᠵᠢᠭᠤᠯᠵᠤ᠂ ᠭᠡᠤᠭᠡᠢ ᠨᠢ ᠰᠡᠪᠡᠨ ᠲᠤᠳᠤᠷ᠎ᠠ ᠪᠠᠨ ᠡᠪᠡᠳᠴᠢᠨ ᠳᠤ ᠬᠠᠯᠳᠠᠪᠤᠷᠢᠯᠬᠠᠳᠠᠬᠤ ᠪᠤᠶᠤ ᠭᠦᠡᠭᠭᠡᠵᠢᠭᠦ ᠦᠶᠡᠰ ᠪᠤᠵᠠᠷ ᠪᠤᠷᠳᠠᠭ ᠤᠮᠠᠢ ᠪᠠᠷ ᠲᠡᠮᠵᠢᠨ ᠨᠢᠯᠬ᠎ᠠ ᠭᠡᠤᠭᠡᠳ ᠲᠤ ᠬᠠᠯᠳᠠᠪᠤᠷᠢᠯᠠᠳᠠᠭ᠃ ᠡᠭᠦᠨ ᠠᠴᠠ ᠭᠠᠳᠠᠨ᠎ᠠ ᠠᠶᠢᠽ ᠡᠪᠡᠳᠴᠢᠨ ᠤ ᠬᠤᠤᠷ ᠲᠤ ᠨᠡᠷᠪᠡᠭᠳᠡᠭᠰᠡᠨ ᠭᠦᠭᠦᠭᠦᠯ ᠡᠭᠡ ᠨᠢ ᠪᠠᠰᠠ ᠡᠭᠡ ᠶᠢᠨ ᠰᠦ ᠪᠠᠷ ᠢᠶᠠᠨ ᠲᠠᠮᠵᠢᠭᠤᠯᠤᠨ ᠡᠪᠡᠳᠴᠢᠨ ᠤ ᠬᠤᠤᠷ ᠢ ᠭᠡᠤᠭᠡᠳ ᠲᠤ ᠬᠠᠯᠳᠠᠪᠤᠷᠢᠯᠠᠭᠤᠯᠳᠠᠭ᠃
     ᠶᠠᠮᠠᠷ ᠴᠤ ᠠᠷᠭ᠎ᠠ ᠭᠡᠮᠵᠢᠶ᠎ᠠ ᠠᠪᠤᠠᠠᠰᠠᠨ ᠦᠭᠡᠢ ᠪᠠᠶᠢᠳᠠᠯ ᠲᠤᠤᠷ᠎ᠠ ᠡᠭᠡ ᠶᠢᠨ ᠴᠤᠠᠠᠴᠠ ᠠᠴᠠ ᠨᠢᠯᠬ᠎ᠠ ᠭᠡᠤᠭᠡᠳ ᠲᠤ ᠬᠠᠯᠳᠠᠭᠠᠬᠤ ᠨᠤᠷᠮ᠎ᠠ ᠨᠢ ᠪᠠᠷᠤᠭ 30% ᠳᠤ ᠭᠦᠷᠳᠡᠭ᠃ ᠨᠢᠯᠬ᠎ᠠ ᠭᠡᠤᠭᠡᠳ ᠭᠡᠷᠪᠡ ᠠᠶᠢᠽ ᠡᠪᠡᠳᠴᠢᠨ ᠳᠤ ᠨᠡᠷᠪᠡᠭᠳᠡᠪᠡᠯ ᠡᠪᠡᠳᠴᠢᠨ ᠡᠭᠦᠰᠭᠦ ᠨᠢ ᠲᠦᠷᠭᠡᠨ᠂ ᠭᠦᠭᠵᠢᠯᠳᠡ ᠨᠢ ᠬᠤᠷᠳᠤᠨ᠂ ᠦᠭᠦᠭᠦ ᠨᠤᠷᠮ᠎ᠠ ᠨᠢ ᠴᠤ ᠦᠨᠳᠤᠷ ᠪᠠᠶᠢᠳᠠᠭ᠃ ᠡᠶᠢᠮᠤ ᠠᠴᠠ ᠶᠠᠷᠦᠩᠭᠡᠢ ᠳᠤᠨᠢ ᠠᠪᠴᠤ ᠭᠡᠯᠡᠪᠡᠯ᠂ ᠠᠶᠢᠽ ᠡᠪᠡᠳᠴᠢᠨ ᠤ ᠬᠤᠤᠷ ᠲᠤ ᠨᠡᠷᠪᠡᠭᠳᠡᠭᠰᠡᠨ ᠵᠢᠷᠮᠦᠰᠤᠯᠡᠭᠦ ᠨᠠᠰᠤᠨ ᠤ ᠪᠦᠰᠡᠭᠦ᠋ᠢᠴᠤᠳ ᠵᠢᠷᠮᠦᠰᠦᠯᠡᠭᠦ ᠠᠴᠠ ᠵᠠᠶᠢᠯᠠᠰᠭᠢᠪᠡᠯ ᠵᠤᠭᠢᠨ᠎ᠠ᠃
     3. ᠠᠶᠢᠽ ᠡᠪᠡᠳᠴᠢᠨ ᠡᠭᠡ ᠨᠢᠯᠬ᠎ᠠ ᠳᠤ ᠬᠠᠯᠳᠠᠪᠤᠷᠢᠯᠠᠬᠤ ᠶᠢ ᠭᠡᠷᠭᠢᠨ ᠰᠡᠷᠭᠡᠶᠢᠯᠡᠭᠦ ᠪᠤᠢ︖
     ᠤᠳᠤᠬᠠᠨ ᠳᠤ ᠲᠡᠯᠡᠭᠡᠢ ᠨᠠᠶᠢᠳᠡ ᠪᠠᠷ ᠢᠶᠠᠨ ᠮᠡᠳᠡᠷᠡᠵᠤ ᠪᠠᠶᠢᠬᠤ ᠪᠠᠷ ᠠᠶᠢᠽ ᠡᠪᠡᠳᠴᠢᠨ ᠤ ᠡᠭᠡ ᠨᠢᠯᠬ᠎ᠠ ᠳᠤ ᠬᠠᠯᠳᠠᠪᠤᠷᠢᠯᠠᠬᠤ ᠶᠢ ᠤᠷᠢᠳᠴᠢᠯᠠᠨ ᠰᠡᠷᠭᠡᠶᠢᠯᠡᠭᠦ ᠶᠠᠪᠤᠳᠠᠯ ᠢ ᠲᠦᠷᠪᠡᠨ ᠱᠠᠳᠤ ᠬᠤᠪᠢᠶᠠᠵᠤ ᠪᠠᠶᠢᠨ᠎ᠠ᠃
ᠡᠩ ᠲᠡᠷᠢᠭᠦᠨ ᠳᠤ ᠪᠦᠰᠡᠭᠦ᠋ᠢᠴᠤᠳ ᠠᠶᠢᠽ ᠡᠪᠡᠳᠴᠢᠨ ᠳᠤ ᠨᠡᠷᠪᠡᠭᠳᠡᠭᠦ ᠠᠴᠠ ᠵᠠᠶᠢᠯᠠᠰᠭᠢᠨ᠎ᠠ︔ ᠠᠶᠢᠽ ᠡᠪᠡᠳᠴᠢᠨ ᠳᠤ ᠨᠡᠷᠪᠡᠭᠳᠡᠭᠰᠡᠨ ᠪᠦᠰᠡᠭᠦᠢ ᠰᠠᠨᠠᠭᠠᠨ ᠳᠤ ᠦᠭᠡᠢ ᠪᠠᠷ ᠭᠡᠤᠭᠡᠳ ᠤᠯᠬᠤ ᠠᠴᠠ ᠵᠠᠶᠢᠯᠠᠰᠭᠢᠨ᠎ᠠ︔ ᠠᠶᠢᠽ ᠡᠪᠡᠳᠴᠢᠨ ᠳᠤ ᠨᠡᠷᠪᠡᠭᠳᠡᠭᠰᠡᠨ ᠵᠢᠷᠮᠦᠰᠤᠨ ᠪᠦᠰᠡᠭᠦᠢ ᠡᠭᠡ ᠨᠢᠯᠬ᠎ᠠ ᠳᠤ ᠬᠠᠯᠳᠠᠪᠤᠷᠢᠯᠠᠬᠤ ᠶᠢ ᠤᠷᠢᠳᠴᠢᠯᠠᠨ ᠰᠡᠷᠭᠡᠶᠢᠯᠡᠭᠦ ᠠᠷᠭ᠎ᠠ ᠭᠡᠮᠵᠢᠶ᠎ᠠ ᠠᠪᠤᠨ᠎ᠠ︔ ᠠᠶᠢᠽ ᠡᠪᠡᠳᠴᠢᠨ ᠳᠤ ᠨᠡᠷᠪᠡᠭᠳᠡᠭᠰᠡᠨ ᠵᠢᠷᠮᠦᠰᠤᠨ ᠭᠦᠡᠭᠭᠡᠵᠢᠭᠦ ᠪᠦᠰᠡᠭᠦ᠋ᠢᠴᠤᠳ ᠢ ᠬᠠᠯᠠᠮᠵᠢᠯᠠᠵᠤ᠂ ᠭᠦᠡᠭᠭᠡᠵᠢᠭᠰᠡᠨ ᠤ ᠰᠡᠭᠦᠯᠡᠷ ᠡᠷᠡᠭᠦᠯ ᠮᠡᠨᠳᠤ ᠶᠢ ᠨᠢ ᠬᠠᠮᠠᠭᠠᠯᠠᠬᠤ ᠪᠠ ᠮᠦᠷᠳᠡᠨ ᠰᠤᠷᠪᠤᠯᠵᠢᠯᠠᠬᠤ ᠶᠢ ᠴᠢᠩᠭᠠᠳᠬᠠᠨ᠎ᠠ᠃ ᠲᠤᠷᠤᠮᠵᠢᠯᠠᠨ ᠭᠤᠳᠤᠭᠠᠵᠤ ᠪᠤᠯᠬᠤ ᠦᠭᠡᠢ᠃ ᠭᠡᠷᠪᠡ ᠨᠢᠭᠡ ᠠᠶᠢᠽ ᠡᠪᠡᠳᠴᠢᠨ ᠲᠠᠢ ᠪᠦᠰᠡᠭᠦᠢ ᠵᠠᠪᠠᠯ ᠭᠡᠤᠭᠡᠳ ᠠᠪᠬᠤ ᠪᠠᠷ ᠲᠤᠠᠠᠳ᠋ᠬᠠᠰᠠᠨ ᠪᠤᠯ ᠵᠢᠷᠮᠦᠰᠦᠯᠡᠭᠦ ᠪᠡ ᠭᠦᠡᠭᠭᠡᠵᠢᠭᠦ ᠬᠤᠭᠤᠴᠠᠭᠠᠨ ᠳᠤᠨᠢ ᠶᠠᠷᠦᠩᠭᠡᠶᠢᠯᠡᠭᠰᠡᠨ ᠬᠠᠰᠢᠵᠤ ᠬᠤᠷᠢᠠᠠᠯᠠᠬᠤ ᠠᠷᠭ᠎ᠠ ᠭᠡᠮᠵᠢᠶ᠎ᠠ ᠠᠪᠴᠤ᠂ ᠠᠶᠢᠽ ᠡᠪᠡᠳᠴᠢᠨ ᠡᠭᠡ ᠨᠢᠯᠬ᠎ᠠ ᠳᠤ ᠬᠠᠯᠳᠠᠪᠤᠷᠢᠯᠠᠬᠤ ᠶᠢ ᠬᠤᠷᠢᠠᠠᠯᠠᠨ ᠵᠤᠠᠠᠰᠤᠭᠠᠨ᠎ᠠ᠃ ᠲᠠᠷᠠᠴᠢᠯᠠᠨ ᠵᠢᠷᠮᠦᠰᠤᠨ ᠪᠦᠰᠡᠭᠦᠢ ᠵᠢᠴᠢ ᠲᠦᠷᠦᠭᠰᠡᠨ ᠨᠢᠯᠬ᠎ᠠ ᠳᠤᠨᠢ ᠵᠢᠷᠮᠦᠰᠤᠨ ᠬᠤᠭᠤᠴᠠᠭ᠎ᠠ ᠪᠤᠶᠤ ᠲᠦᠷᠦᠭᠰᠡᠨ ᠦᠶ᠎ᠠ ᠪᠡ ᠲᠦᠷᠦᠭᠰᠡᠨ ᠠᠴᠠ ᠨᠢ ᠬᠤᠶᠢᠨ᠎ᠠ ᠡᠪᠡᠳᠴᠢᠨ ᠤ ᠬᠤᠤᠷ ᠢ ᠲᠠᠷᠤᠬᠤ ᠡᠮ ᠲᠠᠩ ᠤᠤᠭᠤᠯᠭᠠᠨ᠎ᠠ᠃ ᠭᠡᠷᠪᠡ ᠡᠮᠨᠡᠯᠭᠡ ᠳᠤ ᠭᠦᠡᠭᠭᠡᠵᠢᠭᠰᠡᠨ ᠪᠤᠯ ᠭᠦᠡᠭᠭᠡᠵᠢᠭᠦ ᠦᠶᠡᠰ ᠰᠡᠷᠭᠡᠶᠢᠯᠡᠯᠳᠡ ᠶᠢᠨ ᠴᠢᠨᠠᠷᠳᠡᠢ ᠠᠵᠢᠯᠯᠠᠭ᠎ᠠ ᠠᠪᠬᠤ ᠪᠠ ᠡᠮ ᠲᠡᠩ ᠤᠤᠭᠤᠯᠭᠠᠵᠤ᠂ ᠨᠢᠯᠬ᠎ᠠ ᠭᠡᠤᠭᠡᠳ ᠢ ᠠᠰ ᠢᠶᠠᠷ ᠨᠢ ᠲᠡᠵᠢᠭᠡᠨ ᠪᠤᠶᠢᠵᠢᠭᠤᠯᠤᠨ᠎ᠠ᠃ ᠤᠯᠤᠰ ᠠᠴᠠ ᠤᠳᠤᠬᠠᠨ ᠳᠤ ᠡᠭᠡ ᠨᠢᠯᠬᠠᠰ ᠢ ᠰᠠᠯᠭᠠᠨ ᠲᠤᠰᠠᠭᠠᠷᠯᠠᠬᠤ ᠳᠤ ᠰᠦᠢᠳᠭᠡᠯ ᠬᠤᠷᠢᠶᠠᠬᠤ ᠦᠭᠡᠢ ᠡᠮ ᠡᠮᠨᠡᠯᠭᠡ ᠬᠠᠨᠭ᠍ᠭᠠᠵᠤ ᠪᠠᠶᠢᠨ᠎ᠠ᠃ ᠭᠡᠪᠡᠴᠤ ᠰᠡᠭᠦᠯᠴᠢ ᠶᠢᠨ ᠵᠠᠷᠤᠳᠠᠯ ᠰᠦᠢᠳᠭᠡᠯ ᠵᠢᠱᠢᠶᠡᠯᠡᠪᠡᠯ ᠲᠡᠵᠢᠭᠡᠵᠤ ᠪᠤᠶᠢᠵᠢᠭᠤᠯᠬᠤ ᠵᠡᠷᠭᠡ ᠨᠢ ᠮᠦᠨ ᠭᠦ ᠮᠠᠰᠢ ᠶᠡᠭᠡ ᠵᠠᠷᠤᠳᠠᠯ ᠭᠠᠷᠭᠠᠬᠤ ᠲᠤᠯᠠ ᠶᠠᠷᠦᠩᠭᠡᠶᠢᠯᠡᠨ ᠪᠤᠳᠤᠯᠭᠢᠯᠠᠬᠤ ᠭᠡᠷᠡᠭᠳᠡᠢ᠃
     4. ᠵᠢᠷᠮᠤᠰᠤᠨ ᠬᠤᠭᠤᠴᠠᠭᠠᠨ ᠳᠤ ᠡᠮ ᠤᠤᠭᠤᠬᠤ ᠳᠤ ᠶᠠᠮᠠᠷ ᠵᠠᠷᠴᠢᠮ ᠢ ᠪᠠᠷᠢᠮᠳᠠᠯᠠᠬᠤ ᠪᠤᠢ︖
     ᠡᠮᠴᠢ ᠶᠢᠨ ᠵᠢᠯᠤᠭᠤᠳᠤᠯᠭ᠎ᠠ ᠲᠤᠤᠷ᠎ᠠ ᠡᠮ ᠭᠡᠷᠡᠭᠯᠡᠵᠤ᠂ ᠵᠤᠭᠢᠰᠳᠠᠢ ᠡᠮ ᠤᠤᠭᠤᠬᠤ ᠶᠢ ᠠᠩᠬᠠᠷᠬᠤ ᠭᠡᠷᠡᠭᠳᠡᠢ᠃ ᠶᠠᠷᠦᠩᠭᠡᠢ ᠳᠤᠨᠢ ᠠᠪᠴᠤ ᠭᠡᠯᠡᠪᠡᠯ ᠵᠢᠷᠮᠤᠰᠤᠨ ᠬᠤᠭᠤᠴᠠᠭᠠᠨ ᠳᠤ ᠡᠮ ᠤᠤᠭᠤᠬᠤ ᠳᠠᠭᠠᠨ ᠲᠤᠤᠷᠠᠭᠢ ᠭᠤᠷᠪᠡᠨ ᠵᠠᠷᠴᠢᠮ ᠢ ᠡᠵᠡᠮᠰᠢᠭᠦ ᠭᠡᠷᠡᠭᠳᠡᠢ᠃
     ︵1︶ ᠡᠷᠭᠡᠪᠰᠢ ᠤᠤᠭᠤᠬᠤ ᠴᠢᠬᠤᠯᠠ ᠲᠠᠢ ᠡᠮ ᠪᠢᠰᠢ ᠪᠤᠯ ᠤᠤᠭᠤᠬᠤ ᠦᠭᠡᠢ ᠪᠠᠶᠢᠵᠤ ᠪᠤᠯᠤᠨ᠎ᠠ᠂ ᠢᠯᠠᠩᠭᠤᠶ᠎ᠠ ᠵᠢᠷᠮᠤᠰᠦᠯᠡᠭᠰᠡᠨ ᠡᠭᠢᠨ ᠤ ᠭᠤᠷᠪᠡᠨ ᠰᠠᠷ᠎ᠠ ᠶᠢᠨ ᠲᠤᠳᠤᠷ᠎ᠠ ᠠᠯᠢ ᠴᠢᠳᠠᠬᠤ ᠪᠠᠷ ᠡᠮ ᠤᠤᠭᠤᠬᠤ ᠦᠭᠡᠢ ᠪᠠᠶᠢᠬᠤ ᠭᠡᠷᠡᠭᠳᠡᠢ᠃
     ︵2︶ ᠵᠢᠷᠮᠤᠰᠤᠨ ᠪᠦᠰᠡᠭᠦᠢ ᠡᠷᠭᠡᠪᠰᠢ ᠨᠦᠭᠦᠭᠦ ᠴᠢᠬᠤᠯᠠ ᠲᠠᠢ ᠺᠠᠯᠼ᠂ ᠲᠠᠮᠤᠷ᠂ ᠸᠢᠲ᠋ᠠᠮᠢᠨ ᠵᠡᠷᠭᠡ ᠶᠢ ᠵᠤᠭᠢᠬᠤ ᠭᠡᠮᠵᠢᠶ᠎ᠠ ᠪᠠᠷ ᠤᠤᠭᠤᠪᠠᠯ ᠵᠤᠭᠢᠨ᠎ᠠ᠃ ᠵᠢᠷᠮᠦᠰᠦᠯᠡᠭᠰᠡᠨ ᠳᠤ ᠲᠠᠪᠬᠤᠴᠬᠠᠰᠠᠨ ᠡᠪᠡᠳᠴᠢᠨ ᠵᠢᠴᠢ ᠪᠤᠰᠤᠳ ᠲᠠᠪᠬᠤᠴᠠ ᠡᠪᠡᠳᠴᠢᠨ ᠢᠯᠡᠷᠡᠪᠡᠯ ᠡᠮᠴᠢ ᠶᠢᠨ ᠵᠢᠯᠤᠭᠤᠳᠤᠯᠭ᠎ᠠ ᠲᠤᠤᠷ᠎ᠡ ᠭᠡᠤᠭᠡᠢ ᠳᠤ ᠬᠤᠤᠷ ᠦᠭᠡᠢ ᠡᠮ ᠢ ᠰᠤᠩᠭᠤᠨ ᠭᠡᠷᠡᠭᠯᠡᠭᠦ ᠪᠡ ᠡᠮ ᠤᠨ ᠭᠡᠮᠵᠢᠶ᠎ᠠ ᠪᠡ ᠬᠤᠭᠤᠴᠠᠭ᠎ᠠ ᠶᠢ ᠰᠠᠶᠢᠳᠤᠷ ᠡᠵᠡᠮᠰᠢᠭᠦ ᠭᠡᠷᠡᠭᠳᠡᠢ᠃
     ︵3︶ ᠵᠢᠷᠮᠤᠰᠤᠨ ᠬᠤᠭᠤᠴᠠᠭᠠᠨ ᠳᠤ ᠠᠶ᠎ᠠ ᠦᠬᠡᠢ ᠰᠠᠨ᠋ᠬᠠᠳᠠᠪᠠᠯ ᠵᠠᠪᠠᠯ ᠴᠠᠭ ᠲᠤᠬᠠᠢ ᠳᠤᠨᠢ ᠡᠮᠨᠡᠭᠦᠯᠭᠦ ᠭᠡᠷᠡᠭᠳᠡᠢ᠃
     ᠲᠠᠷᠠᠴᠢᠯᠠᠨ ᠡᠮᠴᠢ ᠳᠤ ᠵᠢᠷᠮᠦᠰᠦᠯᠡᠭᠰᠡᠨ ᠴᠠᠭ ᠬᠤᠭᠤᠴᠠᠭ᠎ᠠ ᠪᠠᠨ ᠭᠡᠯᠡᠵᠤ ᠦᠭᠴᠤ᠂ ᠡᠮᠴᠢ ᠶᠢᠨ ᠵᠢᠷᠮᠤᠰᠤᠨ ᠬᠤᠭᠤᠴᠠᠭ᠎ᠠ ᠶᠢ ᠦᠨᠳᠤᠰᠦᠯᠡᠨ ᠲᠤᠭᠢᠳᠡᠢ ᠡᠮ ᠰᠤᠩᠭᠤᠬᠤ ᠳᠤ ᠲᠦᠭᠦᠮ ᠦᠵᠡᠭᠦᠯᠵᠤ᠂ ᠡᠮᠴᠢ ᠶᠢᠨ ᠵᠢᠭᠠᠪᠤᠷᠢ ᠪᠠᠷ ᠡᠮ ᠢᠶᠠᠨ ᠤᠤᠭᠤᠬᠤ ᠭᠡᠷᠡᠭᠳᠡᠢ᠃
     5. ᠵᠢᠷᠮᠤᠰᠤᠨ ᠬᠤᠭᠤᠴᠠᠭᠠᠨ ᠳᠤ ᠰᠢᠮ᠎ᠠ ᠲᠡᠵᠢᠭᠡᠯ ᠲᠤᠳ᠋ᠬᠠᠳᠠᠬᠤ ᠪᠠ ᠠᠬᠠᠳᠠᠪᠠᠯ ᠶᠠᠮᠠᠷ ᠶᠠᠪᠤᠳᠠᠯ ᠲᠤᠯᠭᠠᠷᠠᠳᠠᠭ ᠪᠤᠢ︖
     ᠵᠢᠷᠮᠤᠰᠤᠨ ᠬᠤᠭᠤᠴᠠᠭᠠᠨ ᠳᠤ ᠰᠢᠮ᠎ᠠ ᠲᠡᠵᠢᠭᠡᠯ ᠲᠤᠳ᠋ᠬᠠᠳᠠᠪᠠᠯ ᠵᠢᠷᠮᠤᠰᠤᠨ ᠪᠦᠰᠡᠭᠦᠢ ᠶᠢᠨ ᠪᠠᠶ᠎ᠠ ᠴᠤᠠᠠᠴᠠᠰ ᠤᠨ ᠴᠤᠯᠤ ᠰᠠᠪᠠ ᠶᠢᠨ ᠪᠤᠶᠢᠵᠢᠯᠳᠡ ᠤᠳᠠᠭᠠᠰᠢᠷᠠᠵᠤ᠂ ᠰᠢᠮ᠎ᠠ ᠲᠡᠵᠢᠭᠡᠯᠳᠤ ᠡᠳ᠋ ᠢ ᠰᠢᠩᠭᠡᠭᠡᠭᠦ ᠨᠢ ᠪᠠᠷᠤᠠᠠᠳᠠᠢ ᠪᠤᠯᠵᠤ᠂ ᠭᠡᠤᠭᠡᠢ ᠶᠢᠨ ᠦᠰᠦᠯᠳᠡ ᠪᠤᠶᠢᠵᠢᠯᠳᠡ ᠨᠢ ᠤᠳᠠᠭᠠᠨ ᠪᠠᠶᠢᠵᠤ᠂
ᠲᠤᠳᠠᠭᠤ ᠲᠦᠷᠦᠭᠦ ᠨᠤᠷᠮ᠎ᠠ ᠨᠢ ᠦᠨᠳᠤᠷᠵᠢᠳᠡᠭ᠃ ᠭᠡᠳᠡᠯ᠎ᠠ ᠵᠢᠷᠮᠦᠰᠤᠨ ᠪᠦᠰᠡᠭᠦᠢ ᠭᠡᠳᠦᠷᠭᠡᠢ ᠮᠠᠷᠢᠶᠠᠯᠠᠵᠤ ᠲᠠᠷᠭᠤᠯᠠᠵᠤ᠂ ᠰᠢᠮ᠎ᠠ ᠲᠡᠵᠢᠭᠡᠯ ᠠᠬᠠᠳᠠᠪᠠᠯ ᠡᠭᠡ ᠨᠢᠯᠬ᠎ᠠ ᠳᠤ ᠴᠤ ᠴᠦᠮ ᠠᠰᠢᠭ ᠦᠭᠡᠢ᠃
ᠨᠢᠭᠡ ᠳᠤ ᠭᠡᠤᠭᠡᠢ ᠨᠢ ᠭᠡᠪᠡᠯᠢ ᠳᠡᠭᠡᠨ ᠭᠡᠳᠦᠷᠭᠡᠢ ᠮᠠᠷᠢᠶᠠᠯᠠᠵᠤ᠂ ᠲᠦᠷᠦᠭᠦ ᠳᠤ ᠪᠡᠷᠭᠡᠳᠤᠭᠦ ᠠᠶᠤᠯᠳᠤ ᠴᠢᠨᠠᠷ ᠢ ᠨᠡᠮᠡᠭᠳᠡᠭᠦᠯᠦᠨ᠎ᠠ᠃
     ᠬᠤᠶᠠᠷ ᠲᠤ ᠵᠢᠷᠮᠤᠰᠤᠨ ᠪᠦᠰᠡᠭᠦᠢ ᠶᠢᠨ ᠪᠡᠶᠠᠨ ᠳᠤ ᠶᠡᠭᠡ ᠭᠡᠮᠵᠢᠶᠠᠨ ᠤ ᠤᠰᠤᠨ ᠤ ᠬᠠᠳᠠᠭᠠᠯᠬᠠᠳᠠᠴᠠ ᠦᠯᠡᠳᠡᠭᠦ ᠪᠠ ᠰᠢᠭᠢᠷ ᠰᠢᠵᠢᠩ ᠡᠪᠡᠳᠴᠢᠨ᠂ ᠤᠵᠢᠭ ᠴᠢᠨᠠᠷᠳᠡᠢ ᠴᠢᠰᠤᠨ ᠲᠠᠷᠤᠯᠳᠠ ᠦᠨᠳᠤᠷ ᠡᠪᠡᠳᠴᠢᠨ ᠪᠡ ᠵᠢᠷᠮᠤᠰᠦᠯᠡᠯ ᠤᠨ ᠴᠢᠰᠤᠨ ᠲᠠᠷᠤᠯᠳᠠ ᠦᠨᠳᠤᠷ ᠡᠪᠡᠳᠴᠢᠨ ᠳᠤ ᠠᠮᠠᠷᠬᠠᠨ ᠨᠡᠷᠪᠡᠭᠳᠡᠨ᠎ᠠ᠃
6. ᠵᠢᠷᠮᠦᠰᠦᠯᠡᠭᠰᠡᠨ ᠪᠦᠰᠡᠭᠦ᠋ᠢᠴᠤᠳ ᠵᠢᠷᠮᠤᠰᠤᠨ ᠬᠤᠭᠤᠴᠠᠭᠠᠨ ᠳᠠᠭᠠᠨ ᠶᠠᠮᠠᠷ ᠠᠰᠠᠭᠤᠳᠠᠯ ᠢ ᠠᠩᠬᠠᠷᠬᠤ ᠴᠢᠬᠤᠯᠠ ᠲᠠᠢ ᠪᠤᠢ︖
     ᠵᠢᠷᠮᠤᠰᠤᠨ ᠪᠦᠰᠡᠭᠦᠢ ᠵᠢᠷᠮᠦᠰᠦᠯᠡᠭᠰᠡᠨ ᠬᠤᠭᠤᠴᠠᠭᠠᠨ ᠳᠠᠭᠠᠨ ᠮᠠᠬᠠᠪᠤᠳ ᠤᠨ ᠠᠯᠢ ᠤᠯᠠᠨ ᠲᠤᠭᠢᠷᠠᠭᠤᠯᠤᠯᠳᠠ ᠭᠢᠵᠤ᠂ ᠭᠡᠤᠭᠡᠢ ᠶᠢᠨ ᠭᠡᠪᠡᠯᠢ ᠳᠠᠬᠢ ᠦᠰᠦᠯᠳᠡ ᠪᠤᠶᠢᠵᠢᠯᠳᠡ ᠪᠤᠯᠤᠨ ᠦᠪᠠᠷ ᠤᠨ ᠪᠡᠶ᠎ᠠ ᠮᠠᠬᠠᠪᠤᠳ ᠤᠨ ᠬᠤᠪᠢᠷᠠᠯᠳᠠ ᠳᠤ ᠵᠤᠭᠢᠴᠠᠭᠤᠯᠬᠤ ᠴᠢᠬᠤᠯᠠ ᠲᠠᠢ ᠪᠠᠶᠢᠳᠠᠭ᠃ ᠵᠢᠷᠮᠦᠰᠦᠯᠡᠯ ᠢ ᠭᠤᠷᠪᠡᠨ ᠬᠤᠭᠤᠴᠠᠭ᠎ᠠ ᠬᠤᠪᠢᠶᠠᠵᠤ᠂ ᠭᠤᠷᠪᠡᠨ ᠰᠠᠷ᠎ᠠ ᠪᠦᠷᠢ ᠨᠢᠭᠡ ᠬᠤᠭᠤᠴᠠᠭ᠎ᠠ ᠪᠤᠯᠤᠨ᠎ᠠ᠂ ᠵᠢᠷᠮᠦᠰᠦᠯᠡᠭᠰᠡᠨ ᠡᠭᠢᠨ ᠤ ᠭᠤᠷᠪᠡᠨ ᠰᠠᠷ᠎ᠠ
︵12 ᠭᠠᠷᠠᠭ︶ ᠶᠢ ᠵᠢᠷᠮᠦᠰᠦᠯᠡᠭᠰᠡᠨ ᠡᠭᠢᠨ ᠤ ᠬᠤᠭᠤᠴᠠᠭ᠎ᠠ᠂ ᠡᠨᠡ ᠨᠢ ᠲᠠᠷᠤᠢ ᠭᠦᠪᠤᠷᠠᠯ ᠪᠤᠶᠢᠵᠢᠬᠤ ᠡᠭᠢᠨ ᠤ ᠬᠤᠭᠤᠴᠠᠭ᠎ᠠ ᠪᠤᠯᠤᠨ᠎ᠠ᠂ ᠲᠦᠷᠪᠡᠳᠦᠭᠡᠷ ᠰᠠᠷ᠎ᠠ ᠠᠴᠠ ᠡᠭᠢᠯᠡᠵᠤ ︵13~28 ᠭᠠᠷᠠᠭ︶ ᠵᠢᠷᠮᠦᠰᠦᠯᠡᠭᠰᠡᠨ ᠤ ᠲᠤᠮᠳᠡᠭᠢ ᠬᠤᠭᠤᠴᠠᠭ᠎ᠠ ᠪᠤᠯᠤᠨ᠎ᠠ᠃ 28 ᠭᠠᠷᠠᠭ ᠠᠴᠠ ᠬᠤᠶᠢᠰᠢ ᠪᠤᠯ ᠵᠢᠷᠮᠦᠰᠦᠯᠡᠭᠰᠡᠨ ᠤ ᠰᠡᠭᠦᠯᠴᠢ ᠶᠢᠨ ᠬᠤᠭᠤᠴᠠᠭ᠎ᠠ ᠪᠤᠯᠤᠨ᠎ᠠ᠃
     ᠵᠢᠷᠮᠦᠰᠦᠯᠡᠭᠰᠡᠨ ᠤ ᠡᠭᠢᠨ ᠤ ᠬᠤᠭᠤᠴᠠᠭ᠎ᠠ᠄ ᠮᠠᠰᠢ ᠤᠯᠠᠨ ᠵᠢᠷᠮᠤᠰᠤᠨ ᠪᠦᠰᠡᠭᠦ᠋ᠢᠴᠤᠳ ᠡᠨᠡ ᠦᠶᠡᠰ ᠦᠷᠭᠦᠯᠵᠢ ᠲᠤᠷ᠎ᠠ ᠪᠤᠯᠭᠢᠬᠤ᠂ ᠪᠦᠭᠡᠯᠵᠢᠭᠦ᠂ ᠬᠤᠭᠤᠯᠠ ᠰᠢᠯᠢᠭᠦ᠂ ᠬᠤᠭᠤᠯᠠᠨ ᠳᠤ ᠵᠢᠭᠰᠢᠭᠦ᠂ ᠢᠳᠡᠬᠦ ᠨᠢ ᠪᠠᠭᠠᠰᠬᠤ᠂ ᠲᠤᠯᠤᠭᠠᠢ ᠡᠷᠭᠢᠵᠤ ᠪᠡᠶ᠎ᠠ ᠰᠤᠯᠳᠠᠶᠢᠬᠤ᠂ ᠭᠦᠴᠢᠯᠢᠭ ᠵᠦᠢᠯ ᠳᠤ ᠲᠤᠷᠠᠯᠠᠬᠤ᠂ ᠲᠤᠰᠤᠯᠢᠭ ᠵᠦᠢᠯ ᠢ ᠵᠢᠭᠰᠢᠭᠦ ᠵᠡᠷᠭᠡ ᠭᠦᠨᠳᠤ ᠭᠦᠡᠭᠭᠡᠨ ᠨᠢ ᠠᠳᠠᠯᠢ ᠦᠭᠡᠢ ᠲᠤᠰᠬᠠᠯ ᠲᠠᠢ ᠪᠤᠯᠵᠤ ᠪᠠᠰᠠ ᠤᠨᠴᠠ ᠵᠠᠷᠢᠮ ᠶᠠᠭᠤᠮ᠎ᠠ ᠳᠤ ᠲᠤᠷᠠᠯᠠᠬᠤ ᠦᠵᠡᠭᠳᠡᠯ ᠲᠠᠢ ᠪᠤᠯᠳᠠᠭ᠃ ᠲᠤᠷ᠎ᠠ ᠪᠤᠯᠭᠢᠬᠤ ᠪᠠ ᠪᠦᠭᠡᠯᠵᠢᠭᠦ ᠦᠵᠡᠭᠳᠡᠯ ᠨᠢ ᠦᠷᠭᠦᠯᠵᠢ ᠦᠷᠯᠦᠭᠡ ᠡᠷᠳᠡ ᠢᠯᠡᠷᠡᠵᠤ᠂ ᠴᠦᠭᠡᠨ ᠲᠤᠭᠠᠨ ᠤ ᠭᠦᠨᠳᠤ ᠨᠤᠴᠢᠳᠠᠢ ᠨᠢ ᠤᠯᠠᠠᠳᠠ ᠪᠦᠭᠡᠯᠵᠢᠵᠤ᠂ ᠢᠯᠠᠩᠭᠤᠶ᠎ᠠ ᠦᠷᠯᠦᠭᠡ ᠡᠷᠳᠡ ᠪᠤᠰᠬᠤ ᠪᠤᠶᠤ ᠬᠤᠭᠤᠯᠠ ᠢᠳᠡᠭᠰᠡᠨ ᠤ ᠰᠡᠭᠦᠯᠡᠷ ᠨᠡᠩ ᠭᠡᠴᠡᠭᠦᠳᠴᠤ᠂ ᠪᠠᠶᠠᠨ ᠳᠠᠬᠢ ᠤᠰᠤ᠂ ᠨᠠᠲᠷᠢ᠂ ᠺᠠᠯᠢ ᠵᠡᠷᠭᠡ ᠰᠢᠮ᠎ᠠ ᠲᠡᠵᠢᠭᠡᠯᠳᠤ ᠡᠳ᠋ ᠨᠢ ᠬᠤᠷᠤᠠᠠᠳᠠᠵᠤ᠂ ᠴᠠᠭᠢᠯᠭᠠᠨ ᠢᠶᠠᠷ ᠵᠠᠳᠠᠯᠤᠠᠠᠰᠠᠨ ᠪᠤᠳᠠᠰ ᠤᠨ ᠰᠠᠮᠠᠭᠤᠷᠠᠯ ᠡᠭᠦᠰᠴᠤ᠂ ᠴᠢᠨ᠋ᠬᠠᠰᠢᠯᠠᠪᠠᠯ ᠺᠧᠲ᠋ᠤᠨ ᠭᠦᠴᠢᠯ ᠤᠨ ᠬᠤᠤᠷᠳᠠᠯ ᠤᠨ ᠦᠵᠡᠭᠳᠡᠯ ᠭᠠᠷᠳᠠᠭ᠃ ᠵᠢᠷᠮᠤᠰᠤᠨ ᠤ ᠡᠭᠢᠨ ᠤ ᠬᠤᠭᠤᠴᠠᠭᠠᠨ ᠳᠤ ᠢᠳᠡᠰᠢ ᠤᠤᠭᠤᠰᠢ ᠶᠢᠨ ᠰᠢᠮ᠎ᠠ ᠲᠡᠵᠢᠭᠡᠯ ᠢ ᠭᠦᠢᠴᠡᠳ ᠪᠦᠷᠢᠳᠦᠭᠦᠯᠵᠤ᠂ ᠵᠤᠭᠢᠰᠳᠠᠢ ᠲᠤᠭᠢᠷᠠᠭᠤᠯᠵᠤ᠂ ᠤᠰᠤ᠂ ᠴᠠᠭᠢᠯᠭᠠᠨ ᠢᠶᠠᠷ ᠵᠠᠳᠠᠯᠤᠠᠠᠰᠠᠨ ᠪᠤᠳᠠᠰ ᠤᠨ ᠰᠠᠮᠠᠭᠤᠷᠠᠯ ᠢ ᠰᠠᠷᠭᠡᠶᠢᠯᠡᠵᠤ᠂ ᠪᠡᠶ᠎ᠠ ᠮᠠᠬᠠᠪᠤᠳ ᠤᠨ ᠲᠡᠩᠴᠡᠭᠦᠷᠢ ᠶᠢ ᠪᠠᠳᠤᠯᠠᠬᠤ ᠭᠡᠷᠡᠭᠳᠡᠢ᠃ ᠵᠢᠷᠮᠤᠰᠤᠯᠠᠯ ᠤᠨ ᠲᠤᠰᠬᠠᠯ ᠨᠢ ᠬᠤᠭᠤᠯᠠ ᠢᠳᠡᠭᠡᠨ ᠤ ᠰᠢᠮ᠎ᠠ ᠲᠡᠵᠢᠭᠡᠯ ᠤᠨ ᠨᠦᠯᠦᠭᠡᠯᠡᠯ ᠢ ᠪᠤᠳᠤᠯᠭᠢᠯᠠᠵᠤ᠂ ᠢᠳᠡᠭᠡᠨ ᠤᠮᠳᠠᠭᠠᠨ ᠢᠶᠠᠨ ᠵᠢᠷᠮᠤᠰᠤᠨ ᠪᠦᠰᠡᠭᠦᠢ ᠶᠢᠨ ᠲᠤᠷᠠᠰᠢᠯ ᠳᠤ ᠨᠡᠶᠢᠴᠡᠭᠦᠯᠵᠤ᠂ ᠰᠢᠮ᠎ᠠ ᠲᠡᠵᠢᠭᠡᠯ ᠲᠤᠳ᠋ᠬᠠᠳᠠᠬᠤ ᠪᠤᠶᠤ ᠠᠬᠠᠳᠠᠵᠤ ᠭᠡᠤᠭᠡᠢ ᠶᠢᠨ ᠦᠰᠦᠯᠳᠡ ᠪᠤᠶᠢᠵᠢᠯᠳᠡ ᠳᠤ ᠮᠠᠭᠤ ᠨᠦᠯᠦᠭᠡ ᠦᠵᠡᠭᠦᠯᠭᠦ ᠶᠢ ᠰᠡᠷᠭᠡᠶᠢᠯᠡᠵᠤ᠂ ᠵᠢᠷᠮᠤᠰᠤᠨ ᠪᠦᠰᠡᠭᠦᠢ ᠨᠢ ᠠᠷᠢᠭᠢ ᠲᠠᠮᠠᠭᠢ ᠶᠢ ᠴᠡᠭᠡᠷᠯᠡᠵᠤ᠂ ᠭᠦᠢᠴᠡᠳ ᠤᠨᠳᠠᠵᠤ ᠠᠮᠠᠷᠠᠬᠤ ᠶᠢ ᠪᠠᠳᠤᠯᠠᠬᠤ ᠭᠡᠷᠡᠭᠳᠡᠢ᠃ ᠭᠦᠮᠦᠨ ᠠᠮᠢᠳᠠᠨ ᠤᠯᠠᠨ ᠦᠢᠮᠡᠭᠡᠨ ᠱᠤᠤᠭᠢᠶᠠᠨ ᠲᠠᠢ ᠭᠠᠵᠠᠷ ᠤᠴᠢᠬᠤ ᠦᠭᠡᠢ ᠪᠤᠶᠤ ᠴᠦᠭᠡᠨ ᠤᠴᠢᠬᠤ ᠭᠡᠷᠡᠭᠳᠡᠢ᠃ ᠵᠢᠵᠢᠭ ᠠᠮᠢᠳᠠᠳ ᠲᠠᠢ ᠤᠶᠢᠷᠠᠳᠤᠬᠤ ᠠᠴᠠ ᠵᠠᠶᠢᠯᠠᠰᠭᠢᠵᠤ᠂ ᠨᠤᠮᠤᠯᠵᠢᠨ ᠦᠳᠤᠨ ᠳᠤ ᠨᠡᠷᠪᠡᠭᠳᠡᠵᠤ ᠭᠡᠤᠭᠡᠢ ᠵᠡᠷᠡᠮᠳᠡᠭ ᠪᠤᠯᠬᠤ ᠠᠴᠠ ᠰᠡᠷᠭᠡᠶᠢᠯᠡᠭᠦ ᠭᠡᠷᠡᠭᠳᠡᠢ᠃ ᠬᠤᠤᠷᠳᠤ ᠵᠦᠢᠯ ᠤᠨ ᠶᠠᠭᠤᠮ᠎ᠠ ᠠᠭᠤᠯᠤᠠᠠᠳᠠᠵᠤ ᠪᠠᠶᠢᠭ᠎ᠠ ᠤᠷᠴᠢᠨ ᠲᠤᠭᠤᠷᠢᠨ ᠳᠤ ᠤᠶᠢᠷᠠᠳᠤᠵᠤ ᠪᠤᠯᠬᠤ ᠦᠭᠡᠢ ᠪᠦᠭᠡᠳ ᠪᠡᠶ᠎ᠠ ᠰᠡᠳᠭᠢᠯ ᠢᠶᠠᠨ ᠲᠠᠶᠢᠪᠤᠩ ᠪᠠᠶᠢᠯᠭᠠᠬᠤ ᠭᠡᠷᠡᠭᠳᠡᠢ᠃ ᠭᠡᠷᠪᠡ ᠤᠮᠠᠢ ᠠᠴᠠ ᠴᠢᠰᠤ ᠭᠠᠷᠬᠤ᠂ ᠭᠡᠪᠡᠯᠢ ᠡᠪᠡᠳᠭᠦ᠂ ᠬᠠᠯᠠᠭᠤᠷᠠᠬᠤ᠂ ᠰᠦᠷᠡᠭᠡᠢ ᠪᠦᠭᠡᠯᠵᠢᠭᠦ ᠵᠡᠷᠭᠡ ᠶᠠᠷᠤ ᠪᠤᠰᠤ ᠶᠢᠨ ᠪᠠᠶᠢᠳᠠᠯ ᠢᠯᠡᠷᠡᠪᠡᠯ ᠴᠠᠭ ᠲᠤᠬᠠᠢ ᠳᠤᠨᠢ ᠡᠮᠨᠡᠭᠦᠯᠭᠦ ᠭᠡᠷᠡᠭᠳᠡᠢ᠃
     ᠵᠢᠷᠮᠤᠰᠤᠨ ᠤ ᠲᠤᠮᠳᠠᠴᠢ ᠬᠤᠭᠤᠴᠠᠭ᠎ᠠ᠄ ᠡᠭᠡ ᠶᠢᠨ ᠪᠡᠶ᠎ᠠ ᠨᠢ ᠦᠭᠡᠭᠦ ᠵᠢᠴᠢ ᠵᠠᠷᠢᠮ ᠤᠭᠤᠷᠠᠭ ᠵᠡᠷᠬᠡ ᠡᠳ᠋ ᠢ ᠡᠭᠢᠯᠡᠨ ᠬᠤᠷᠠᠮᠳᠤᠭᠤᠯᠵᠤ᠂ ᠡᠨᠡ ᠦᠶᠡᠰ ᠭᠡᠤᠭᠡᠢ᠂ ᠬᠤᠶᠢᠳᠤᠭᠢ᠂ ᠬᠤᠶᠢᠳᠤᠭᠢ ᠶᠢᠨ ᠤᠰᠤ ᠰᠠᠪᠠ᠂ ᠭᠦᠭᠦ᠂ ᠴᠢᠰᠤ ᠵᠡᠷᠭᠡ ᠨᠢ ᠴᠦᠮ ᠲᠦᠷᠭᠡᠨ ᠦᠰᠴᠤ᠂ ᠪᠡᠶ᠎ᠠ ᠶᠢᠨ ᠭᠦᠨᠳᠤ ᠨᠢ ᠪᠠᠷᠤᠭ 4~5kg ᠨᠡᠮᠡᠭᠳᠡᠭᠦ ᠪᠤᠯᠤᠨ᠎ᠠ᠃ ᠡᠶᠢᠮᠤ ᠠᠴᠠ ᠵᠢᠷᠮᠦᠰᠦᠯᠡᠭᠰᠡᠨ ᠲᠦᠷᠪᠡᠳᠦᠭᠡᠷ ᠰᠠᠷ᠎ᠠ ᠠᠴᠠ ᠡᠭᠢᠯᠡᠨ ᠡᠷᠭᠡᠪᠰᠢ ᠡᠨᠧᠷᠭᠢ ᠪᠡ ᠰᠢᠮ᠎ᠠ ᠲᠡᠵᠢᠭᠡᠯ ᠤᠨ ᠵᠦᠢᠯ ᠢᠶᠠᠨ ᠨᠡᠮᠡᠭᠳᠡᠭᠦᠯᠵᠤ᠂ ᠨᠡᠶᠢᠯᠡᠯᠭᠡ ᠰᠤᠯᠢᠯᠴᠠᠭ᠎ᠠ ᠶᠢᠨ ᠭᠡᠷᠡᠭᠴᠡᠭᠡ ᠶᠢ ᠬᠠᠨᠭ᠍ᠭᠠᠬᠤ ᠭᠡᠷᠡᠭᠳᠡᠢ᠃ ᠢᠳᠡᠭᠡᠨ ᠤᠮᠳᠠᠭᠠᠨ ᠳᠠᠭᠠᠨ ᠵᠢᠭᠠᠰᠤ᠂ ᠮᠢᠬ᠎ᠠ᠂ ᠦᠨᠳᠡᠭᠡ ᠵᠡᠷᠭᠡ ᠰᠠᠶᠢᠨ ᠤᠭᠤᠷᠠᠭ ᠡᠯᠪᠡᠭ ᠠᠭᠤᠯᠤᠠᠠᠳᠠᠵᠤ ᠪᠦᠭᠦᠢ ᠠᠮᠢᠳᠠᠨ ᠤ ᠵᠦᠢᠯ ᠤᠨ ᠢᠳᠡᠭᠡᠨ᠂ ᠺᠠᠯᠼ ᠡᠯᠪᠡᠭ ᠠᠭᠤᠯᠤᠠᠠᠳᠠᠵᠤ ᠪᠦᠭᠦᠢ ᠰᠦ ᠴᠠᠭ᠎ᠠ ᠶᠢᠨ ᠢᠳᠡᠭᠡᠨ᠂ ᠤᠷᠭᠠᠨᠢᠭ ᠪᠤᠰᠤ ᠲᠠᠪᠤᠰᠤ ᠪᠤᠯᠤᠨ ᠸᠢᠲ᠋ᠠᠮᠢᠨ ᠡᠯᠪᠡᠭ ᠠᠭᠤᠯᠤᠠᠠᠳᠠᠵᠤ ᠪᠦᠭᠦᠢ ᠨᠤᠭᠤᠭ᠎ᠠ ᠵᠢᠮᠢᠰ ᠢ ᠨᠡᠮᠡᠭᠳᠡᠭᠦᠯᠭᠦ ᠭᠡᠷᠡᠭᠳᠡᠢ᠃ ᠨᠤᠭᠤᠭ᠎ᠠ ᠵᠢᠮᠢᠰ ᠲᠤ ᠪᠠᠰᠠ ᠢᠳᠡᠭᠡᠨ ᠤ ᠰᠢᠷᠬᠡᠭᠯᠢᠭ ᠡᠯᠪᠡᠭ ᠠᠭᠤᠯᠤᠠᠠᠳᠠᠵᠤ ᠪᠠᠶᠢᠬᠤ ᠪᠤᠯᠬᠤᠷ ᠭᠡᠳᠡᠰᠤᠨ ᠤ ᠭᠦᠷᠪᠡᠯᠵᠡᠯᠳᠡ ᠶᠢ ᠠᠭᠢᠭᠤᠯᠵᠤ᠂ ᠵᠢᠷᠮᠤᠰᠤᠨ ᠪᠦᠰᠡᠭᠦᠢ ᠶᠢᠨ ᠬᠤᠷᠭᠤᠰᠤᠯᠠᠬᠤ ᠶᠢ ᠬᠤᠷᠢᠠᠠᠯᠠᠵᠤ ᠴᠢᠳᠠᠨ᠎ᠠ᠃ ᠴᠢᠰᠤ ᠲᠤᠳ᠋ᠬᠠᠳᠠᠬᠤ ᠶᠢ ᠤᠷᠢᠳᠴᠢᠯᠠᠨ ᠰᠡᠷᠭᠡᠶᠢᠯᠡᠭᠦ ᠭᠡᠷᠡᠭᠳᠡᠢ᠃ ᠵᠢᠷᠮᠦᠰᠦᠯᠡᠭᠰᠡᠨ 24 ᠳ᠋ᠤᠭᠡᠷ ᠭᠠᠷᠠᠭ ᠠᠴᠠ ᠡᠭᠢᠯᠡᠨ ᠭᠦᠭᠦᠨ ᠲᠤᠪᠴᠢ ᠪᠠᠨ ᠬᠠᠯᠠᠭᠤᠨ ᠤᠰᠤ ᠪᠠᠷ ᠤᠭᠢᠶᠠᠵᠤ ᠪᠠᠶᠢᠪᠠᠯ ᠬᠠᠮᠤᠭ ᠤᠨ ᠰᠠᠶᠢᠨ ᠪᠠᠶᠢᠳᠠᠭ᠃ ᠲᠤᠬᠠᠶᠢᠯᠠᠪᠠᠯ ᠵᠢᠷᠮᠤᠰᠤᠨ ᠪᠦᠰᠡᠭᠦᠢ ᠡᠳᠤᠷ ᠪᠦᠷᠢ ᠠᠯᠴᠢᠭᠤᠷ ᠪᠤᠶᠤ ᠴᠠᠪᠠᠷ ᠤᠰᠤ ᠪᠠᠷ ᠭᠦᠭᠦ ᠪᠠᠨ ᠲᠠᠭᠢᠨ ᠲᠠᠪᠳᠡᠨ ᠤᠭᠢᠶᠠᠵᠤ ᠵᠦᠯᠭᠦᠵᠤ᠂ ᠲᠡᠭᠰᠢᠭᠡᠨ ᠪᠤᠶᠤ ᠰᠢᠭᠢᠳᠦᠭᠰᠡᠨ ᠭᠦᠭᠦᠨ ᠲᠤᠪᠴᠢ ᠶᠢ ᠬᠠᠮᠤᠭ ᠤᠨ ᠰᠠᠶᠢᠨ ᠨᠢ 17 ᠳ᠋ᠤᠭᠠᠷ ᠭᠠᠷᠠᠭ ᠠᠴᠠ ᠡᠭᠢᠯᠡᠨ ᠲᠠᠳᠠᠵᠤ ᠴᠢᠩᠭᠠᠨ ᠵᠠᠰᠠᠵᠤ᠂ ᠡᠳᠤᠷ ᠪᠦᠷᠢ ᠨᠢᠭᠡ ᠴᠠᠭ᠂ ᠬᠤᠶᠠᠷ ᠤᠳᠠᠭ᠎ᠠ ᠲᠠᠪᠳᠠᠵᠤ ᠭᠢᠭᠦ ᠭᠡᠷᠡᠭᠳᠡᠢ᠃ ᠵᠢᠷᠮᠤᠰᠤᠨ ᠤ ᠲᠤᠮᠳᠠᠴᠢ ᠬᠤᠭᠤᠴᠠᠭᠠᠨ ᠳᠤ ᠬᠤᠷᠢᠴᠠᠯ ᠤᠨ ᠠᠵᠢᠯᠯᠠᠭ᠎ᠠ ᠤᠯᠠᠨ ᠭᠢᠭᠦ ᠪᠠ ᠭᠦᠳᠡᠯᠭᠡᠭᠡᠨ ᠨᠢ ᠭᠡᠳᠦᠷᠭᠡᠢ ᠰᠢᠷᠦᠭᠦᠨ ᠪᠠᠶᠢᠵᠤ ᠪᠤᠯᠬᠤ ᠦᠭᠡᠢ᠃
     ᠵᠢᠷᠮᠦᠰᠦᠯᠡᠭᠰᠡᠨ ᠤ ᠰᠡᠭᠦᠯ ᠤᠨ ᠬᠤᠭᠤᠴᠠᠭ᠎ᠠ᠄ ᠵᠢᠷᠮᠤᠰᠤᠨ ᠪᠦᠰᠡᠭᠦᠢ ᠶᠢᠨ ᠶᠠᠷᠦᠩᠭᠡᠢ ᠪᠡᠶ᠎ᠠ ᠶᠢᠨ ᠭᠦᠨᠳᠤ ᠨᠢ ᠪᠠᠷᠤᠭ 12kg ᠨᠡᠮᠡᠭᠳᠡᠨ᠎ᠡ᠂ 7~9 ᠰᠠᠷ᠎ᠠ ᠳᠤ ᠤᠭᠤᠷᠬᠠᠳᠤ ᠡᠳ᠋ ᠨᠢ 25g᠂ ᠺᠠᠯᠼ 1500mg᠂ ᠲᠠᠮᠤᠷ 28mg ᠨᠡᠮᠡᠭᠳᠡᠵᠤ᠂ ᠪᠤᠰᠤᠳ ᠵᠦᠢᠯ ᠤᠨ ᠰᠢᠮ᠎ᠠ ᠲᠡᠵᠢᠭᠡᠯᠳᠤ ᠡᠳ᠋ ᠵᠢᠱᠢᠶᠡᠯᠡᠪᠡᠯ ᠴᠠᠷᠳᠠᠭᠤᠯ᠂ ᠴᠠᠶᠢᠷ᠂ ᠸᠢᠲ᠋ᠠᠮᠢᠨ A᠂ ᠸᠢᠲ᠋ᠠᠮᠢᠨ D᠂ ᠸᠢᠲ᠋ᠠᠮᠢᠨ E᠂ ᠸᠢᠲ᠋ᠠᠮᠢᠨ B1᠂ ᠸᠢᠲ᠋ᠠᠮᠢᠨ B2᠂ ᠸᠢᠲ᠋ᠠᠮᠢᠨ C ᠵᠡᠷᠭᠡ ᠴᠤ ᠬᠠᠷᠢᠴᠠᠩᠭᠤᠢ ᠪᠠᠷ ᠨᠡᠮᠡᠭᠳᠡᠭᠦ ᠪᠤᠯᠤᠨ᠎ᠠ᠃ ᠵᠢᠷᠮᠤᠰᠤᠨ ᠪᠦᠰᠡᠭᠦᠢ ᠨᠢ ᠭᠡᠪ ᠤᠨ ᠵᠢᠷᠮᠤᠰᠤᠨ ᠬᠤᠭᠤᠴᠠᠭᠠᠨ ᠤ ᠪᠡᠶ᠎ᠠ ᠶᠢᠨ ᠭᠦᠨᠳᠤ ᠶᠢᠨ ᠨᠡᠮᠡᠭᠳᠡᠯ ᠤᠨ ᠵᠢᠮ᠎ᠠ ᠶᠤᠰᠤ ᠪᠠᠷ ᠢᠳᠡᠭᠡᠨ ᠤᠮᠳᠠᠭᠠᠨ ᠢᠶᠠᠨ ᠵᠤᠭᠢᠰᠳᠠᠢ ᠲᠤᠭᠢᠷᠠᠭᠤᠯᠵᠤ᠂ ᠪᠡᠶ᠎ᠠ ᠶᠢᠨ ᠭᠦᠨᠳᠤ ᠪᠠᠨ ᠵᠤᠭᠢᠰᠳᠠᠢ ᠭᠢᠵᠠᠭᠠᠷᠯᠠᠵᠤ᠂ ᠵᠤᠭᠢᠬᠤ ᠲᠠᠮᠢᠷ ᠤᠨ ᠭᠦᠳᠡᠯᠭᠡᠭᠡᠨ ᠭᠢᠭᠦ ᠭᠡᠷᠡᠭᠳᠡᠢ᠃ ᠵᠢᠷᠮᠤᠰᠤᠯᠠᠭᠡᠳ 32 ᠭᠠᠷᠠᠭ ᠪᠤᠯᠤᠠᠠᠰᠠᠨ ᠤ ᠰᠡᠭᠦᠯᠡᠷ ᠡᠳᠤᠷ ᠪᠦᠷᠢ ᠭᠡᠤᠭᠡᠢ ᠶᠢᠨ ᠭᠦᠳᠡᠯᠦᠯ ᠢ ᠲᠤᠭᠠᠯᠠᠪᠠᠯ ᠵᠤᠭᠢᠨ᠎ᠠ᠃ ᠶᠠᠷᠤ ᠳᠡᠭᠡᠨ ᠪᠤᠯ 20 ᠠᠴᠠ ᠲᠡᠭᠡᠭᠰᠢ ᠪᠠᠶᠢᠬᠤ ᠶᠤᠰᠤᠳᠠᠢ᠃ ᠭᠡᠷᠪᠡ ᠭᠦᠨᠳᠤ ᠡᠪᠡᠳᠴᠢᠨ ᠳᠤ ᠨᠡᠷᠪᠡᠭᠳᠡᠪᠡᠯ ᠵᠢᠱᠢᠶᠡᠯᠡᠪᠡᠯ ᠲᠤᠯᠤᠭᠠᠢ ᠡᠷᠭᠢᠭᠦ᠂ ᠨᠢᠳᠤ ᠡᠷᠢᠶᠡᠯᠵᠡᠭᠦ ᠪᠤᠶᠤ ᠮᠠᠨᠠᠷᠠᠬᠤ᠂ ᠭᠤᠤᠯ ᠲᠠᠯᠠᠰᠭᠦ᠂ ᠠᠮᠢᠰᠬᠤᠯ ᠲᠠᠪᠬᠤᠴᠠᠬᠤ᠂ ᠵᠢᠷᠦᠭᠡᠨ ᠴᠤᠭᠢᠯᠭ᠎ᠠ ᠰᠢᠷᠦᠭᠦᠰᠭᠦ᠂ ᠴᠢᠰᠤᠨ ᠲᠠᠷᠤᠯᠳᠠ ᠦᠨᠳᠤᠷᠵᠢᠭᠦ᠂ ᠤᠮᠠᠢ ᠠᠴᠠ ᠴᠢᠰᠤ ᠭᠠᠷᠬᠤ ᠶᠢᠨ ᠲᠠᠭᠠᠤ ᠭᠡᠪᠡᠯᠢ ᠡᠪᠡᠳᠭᠦ᠂ ᠤᠮᠠᠢ ᠠᠴᠠ ᠤᠰᠤ ᠪᠠᠭᠤᠬᠤ᠂ ᠲᠤᠤᠷ᠎ᠡ ᠮᠦᠴᠢ ᠬᠠᠪᠤᠳᠴᠤ ᠠᠮᠠᠷᠠᠪᠠᠴᠤ ᠦᠯᠤ ᠬᠠᠷᠢᠬᠤ᠂ ᠭᠡᠤᠭᠡᠢ ᠶᠢᠨ ᠭᠦᠳᠡᠯᠦᠯ ᠴᠦᠭᠡᠷᠡᠭᠦ᠂ ᠭᠦᠡᠭᠭᠡᠵᠢᠭᠦ ᠬᠤᠭᠤᠴᠠᠭ᠎ᠠ 2 ᠭᠠᠷᠠᠭ ᠦᠡᠭᠭᠡᠷᠡᠭᠰᠡᠨ ᠪᠠᠶᠢᠳᠠᠯ᠎ᠠ ᠦᠯᠤ ᠲᠦᠷᠦᠭᠦ ᠵᠡᠷᠭᠡ ᠪᠠᠶᠢᠳᠠᠯ ᠢᠯᠡᠷᠡᠪᠡᠯ ᠲᠠᠷᠠ ᠲᠠᠷᠦ᠋ᠢᠬᠠᠨ ᠡᠮᠨᠡᠯᠭᠡ ᠳᠤ ᠤᠴᠢᠵᠤ ᠦᠵᠡᠭᠦᠯᠭᠦ ᠭᠡᠷᠡᠭᠳᠡᠢ᠃
     7. ᠵᠢᠷᠮᠤᠰᠤᠨ ᠪᠦᠰᠡᠭᠦᠢ ᠶᠠᠭᠠᠭᠢᠬᠤ ᠳᠠᠭᠠᠨ ᠦᠷᠭᠦᠯᠵᠢ ᠪᠠᠶᠢᠴᠠᠭᠠᠯᠭᠠᠬᠤ ᠴᠢᠬᠤᠯᠠ ᠲᠠᠢ ᠪᠤᠢ︖ ᠭᠡᠳᠤ ᠤᠳᠠᠭ᠎ᠠ ᠪᠠᠶᠢᠴᠠᠭᠠᠯᠭᠠᠪᠠᠯ ᠵᠤᠭᠢᠬᠤ ᠪᠤᠢ︖
     ᠵᠢᠷᠮᠤᠰᠤᠨ ᠪᠦᠰᠡᠭᠦᠢ ᠭᠦᠡᠭᠭᠡᠵᠢᠭᠦ ᠠᠴᠠ ᠪᠠᠨ ᠡᠮᠦᠨ᠎ᠠ ᠲᠤᠠᠠᠳᠠᠮᠠᠯ ᠬᠤᠭᠤᠴᠠᠭ᠎ᠠ ᠲᠠᠢ ᠪᠠᠷ ᠪᠠᠶᠢᠴᠠᠭᠠᠯᠭᠠᠬᠤ ᠨᠢ ᠪᠤᠯ ᠭᠡᠤᠭᠡᠢ ᠶᠢᠨ ᠪᠤᠶᠢᠵᠢᠯᠳᠡ ᠪᠤᠯᠤᠨ ᠡᠭᠡ ᠶᠢᠨ ᠭᠢᠨᠢ ᠮᠠᠬᠠᠪᠤᠳ ᠤᠨ ᠬᠤᠪᠢᠷᠠᠯᠳᠠ ᠶᠢᠨ ᠤᠨᠴᠠᠯᠢᠭ ᠢᠶᠠᠷ ᠲᠤᠠᠠᠳᠠᠭᠠᠠᠠᠰᠠᠨ ᠶᠤᠮ᠃ ᠵᠤᠷᠢᠯᠭ᠎ᠠ ᠨᠢ ᠭᠡᠪᠡᠯ ᠭᠡᠤᠭᠡᠢ ᠶᠢᠨ ᠪᠤᠶᠢᠵᠢᠯᠳᠡ ᠪᠤᠯᠤᠨ ᠵᠢᠷᠮᠤᠰᠤᠨ ᠪᠦᠰᠡᠭᠦᠢ ᠶᠢᠨ ᠡᠷᠡᠭᠦᠯ ᠮᠡᠨᠳᠤ ᠶᠢᠨ ᠪᠠᠶᠢᠳᠠᠯ ᠢ ᠪᠠᠶᠢᠴᠠᠭᠠᠨ ᠦᠵᠡᠵᠤ᠂ ᠠᠰᠠᠭᠤᠳᠠᠯ ᠪᠠᠶᠢᠪᠠᠯ ᠡᠷᠳᠡᠭᠡᠨ ᠮᠡᠳᠡᠵᠤ᠂ ᠡᠷᠳᠡᠭᠡᠨ ᠵᠠᠰᠠᠵᠤ ᠡᠮᠨᠡᠭᠦᠯᠭᠦ ᠶᠢᠨ ᠲᠦᠯᠦᠭᠡ ᠶᠤᠮ᠃
     ᠪᠦᠭᠦ᠋ᠢᠯᠡ ᠵᠢᠷᠮᠤᠰᠦᠯᠡᠭᠰᠡᠨ ᠬᠤᠭᠤᠴᠠᠭᠠᠨ ᠤ ᠭᠦᠡᠭᠭᠡᠵᠢᠭᠦ ᠠᠴᠠ ᠡᠮᠦᠨᠡᠭᠢ ᠪᠠᠶᠢᠴᠠᠭᠠᠯᠳᠠ ᠶᠢ ᠶᠠᠷᠦᠩᠭᠡᠢ ᠳᠡᠭᠡᠨ 9~13 ᠤᠳᠠᠭ᠎ᠠ ᠭᠢᠯᠭᠡᠭᠦ ᠶᠢ ᠱᠠᠭᠠᠷᠳᠠᠨ᠎ᠠ᠃ ᠠᠩᠬᠠᠨ ᠤ ᠪᠠᠶᠢᠴᠠᠭᠠᠯᠳᠠ ᠶᠢ ᠰᠠᠷ᠎ᠠ ᠶᠢᠨ ᠭᠭᠢᠷ ᠵᠤᠠᠠᠰᠤᠠᠠᠰᠠᠨ ᠠᠴᠠ ᠬᠤᠶᠢᠰᠢ 3 ᠬᠤᠨᠤᠭ ᠤᠨ ᠲᠤᠳᠤᠷ᠎ᠡ ᠭᠢᠯᠭᠡᠵᠤ᠂ ᠰᠡᠭᠦᠯᠡᠷ ᠨᠢ 1~2 ᠰᠠᠷ᠎ᠠ ᠪᠤᠯᠪᠠᠯ ᠨᠢᠭᠡ ᠤᠳᠠᠭ᠎ᠠ ᠪᠠᠶᠢᠴᠠᠭᠠᠯᠭᠠᠵᠤ᠂ 6~7 ᠰᠠᠷ᠎ᠠ ︵24~32 ᠭᠠᠷᠠᠭ︶ ᠪᠤᠯᠪᠠᠯ ᠨᠢᠭᠡ ᠤᠳᠠᠭ᠎ᠠ ᠪᠠᠶᠢᠴᠠᠭᠠᠯᠭᠠᠵᠤ᠂ 8 ᠰᠠᠷ᠎ᠠ ︵32~36 ᠭᠠᠷᠠᠭ︶ ᠪᠤᠯᠤᠠᠠᠰᠠᠨ ᠤ ᠰᠡᠭᠦᠯᠡᠷ 2 ᠭᠠᠷᠠᠭ ᠪᠤᠯᠬᠤ ᠪᠦᠷᠢ ᠨᠢᠭᠡ ᠤᠳᠠᠭ᠎ᠠ᠂ ᠬᠠᠮᠤᠭ ᠤᠨ ᠰᠡᠭᠦᠯ ᠤᠨ 1 ᠰᠠᠷ᠎ᠠ ᠲᠤᠳᠤᠷ᠎ᠠ ᠭᠠᠷᠠᠭ ᠪᠦᠷᠢ ᠨᠢᠭᠡ ᠤᠳᠠᠭ᠎ᠠ ᠪᠠᠶᠢᠴᠠᠭᠠᠯᠭᠠᠨ᠎ᠠ᠃ ᠢᠡᠭᠭᠢᠭᠡᠳ ᠭᠡᠷᠪᠡ ᠶᠠᠷᠤ ᠪᠤᠰᠤ ᠶᠢᠨ ᠪᠠᠶᠢᠳᠠᠯ ᠭᠠᠷᠪᠠᠯ ᠡᠷᠭᠡᠪᠰᠢ ᠡᠮᠴᠢ ᠶᠢᠨ ᠪᠤᠯᠵᠤᠠᠠᠰᠠᠨ ᠲᠠᠪᠳᠡᠨ ᠪᠠᠶᠢᠴᠠᠭᠠᠬᠤ ᠡᠳᠤᠷ ᠲᠤ ᠤᠴᠢᠵᠤ ᠪᠠᠶᠢᠴᠠᠭᠠᠯᠭᠠᠬᠤ ᠭᠡᠷᠡᠭᠳᠡᠢ᠃ ᠲᠤᠠᠠᠳᠠᠮᠠᠯ ᠬᠤᠭᠤᠴᠠᠭ᠎ᠠ ᠲᠠᠢ ᠪᠠᠷ ᠪᠠᠶᠢᠴᠠᠭᠠᠯᠭᠠᠬᠤ ᠨᠢ ᠡᠯ᠎ᠡ ᠱᠠᠳᠤ ᠦᠶ᠎ᠠ ᠶᠢᠨ ᠭᠡᠤᠭᠡᠢ ᠶᠢᠨ ᠪᠤᠶᠢᠵᠢᠯᠳᠡ ᠪᠤᠯᠤᠨ ᠵᠢᠷᠮᠤᠰᠤᠨ ᠪᠦᠰᠡᠭᠦᠢ ᠶᠢᠨ ᠪᠡᠶ᠎ᠠ ᠶᠢᠨ ᠬᠤᠪᠢᠷᠠᠯᠳᠠ ᠶᠢᠨ ᠪᠠᠶᠢᠳᠠᠯ ᠢ ᠦᠷᠭᠦᠯᠵᠢᠯᠡᠨ ᠠᠵᠢᠠᠠᠯᠠᠨ  ᠤᠶᠢᠯᠠᠭᠠᠵᠤ ᠴᠢᠳᠠᠨ᠎ᠠ᠃
     ᠵᠢᠱᠢᠶᠡᠯᠡᠪᠡᠯ ᠭᠡᠤᠭᠡᠢ ᠶᠢᠨ ᠭᠡᠪᠡᠯᠢ ᠳᠠᠬᠢ ᠦᠰᠦᠯᠳᠡ ᠪᠤᠶᠢᠵᠢᠯᠳᠡ ᠨᠢ ᠭᠡᠪ ᠤᠨ ᠪᠠᠶᠢᠬᠤ ᠡᠰᠡᠭᠦ᠂ ᠵᠢᠷᠮᠤᠰᠤᠨ ᠪᠦᠰᠡᠭᠦᠢ ᠶᠢᠨ ᠰᠢᠮ᠎ᠠ ᠲᠡᠵᠢᠭᠡᠯ ᠨᠢ ᠰᠠᠶᠢᠨ ᠪᠠᠶᠢᠬᠤ ᠡᠰᠡᠭᠦ ᠵᠡᠷᠭᠡ ᠶᠢ ᠴᠦᠮ ᠤᠶᠢᠯᠠᠭᠠᠵᠤ ᠮᠡᠳᠡᠨ᠎ᠠ᠃
ᠮᠦᠨ ᠴᠦ ᠵᠢᠷᠮᠤᠰᠤᠨ ᠪᠦᠰᠡᠭᠦᠢ ᠶᠢᠨ ᠦᠷᠭᠦᠯᠵᠢ ᠲᠤᠭᠢᠶᠠᠯᠳᠤᠳᠠᠭ ᠲᠠᠪᠬᠤᠴᠠ ᠡᠪᠡᠳᠴᠢᠨ ᠵᠢᠱᠢᠶᠡᠯᠡᠪᠡᠯ ᠬᠠᠪᠤᠩ᠂ ᠬᠤᠤᠷᠳᠠᠯ᠂ ᠴᠢᠰᠤ ᠲᠤᠳ᠋ᠬᠠᠳᠠᠬᠤ ᠵᠡᠷᠭᠡ ᠡᠪᠡᠳᠴᠢᠨ ᠤ ᠠᠩᠬᠠᠨ ᠤ ᠢᠯᠡᠷᠡᠯ ᠢ ᠡᠷᠳᠡ ᠠᠴᠠ ᠤᠯᠵᠤ ᠮᠡᠳᠡᠭᠡᠳ ᠴᠠᠭ ᠲᠤᠬᠠᠢ ᠳᠤᠨᠢ ᠡᠮᠨᠡᠭᠦᠯᠭᠦ ᠳᠤ ᠲᠦᠭᠦᠮ ᠪᠤᠯᠭᠠᠵᠤ᠂ ᠡᠪᠡᠳᠴᠢᠨ ᠡᠮᠭᠡᠭ ᠨᠢ ᠭᠦᠨᠳᠦᠷᠡᠭᠦ ᠲᠠᠰᠢ ᠭᠦᠭᠵᠢᠭᠦ ᠶᠢ ᠰᠡᠷᠭᠡᠶᠢᠯᠡᠵᠤ ᠴᠢᠳᠠᠨ᠎ᠠ᠃ ᠵᠢᠷᠮᠤᠰᠤᠨ ᠬᠤᠭᠤᠴᠠᠭ᠎ᠠ ᠳᠤ ᠭᠡᠤᠭᠡᠢ ᠶᠢᠨ ᠤᠷᠤᠨ ᠪᠠᠶᠢᠷᠢ ᠳᠤ ᠴᠤ ᠬᠤᠪᠢᠷᠠᠯᠳᠠ ᠭᠠᠷᠳᠠᠭ᠃ ᠭᠡᠤᠭᠡᠢ ᠨᠢ ᠰᠡᠪᠡᠨ ᠲᠤᠳᠤᠷ᠎ᠠ ᠬᠤᠶᠢᠳᠤᠭᠢ ᠶᠢᠨ ᠤᠰᠤᠨ ᠳᠤ ᠭᠦᠪᠴᠦ᠂ ᠪᠠᠶᠢᠡᠭᠭᠤ ᠭᠦᠳᠡᠯᠵᠤ ᠪᠠᠶᠢᠳᠠᠭ ᠠᠴᠠ ᠪᠤᠯᠤᠭᠠᠳ ᠵᠠᠷᠢᠮ ᠦᠶ᠎ᠠ ᠳᠤ ᠭᠡᠪ ᠤᠨ ᠤᠷᠤᠨ ᠪᠠᠶᠢᠷᠢ ᠠᠴᠠ ᠪᠠᠨ ᠭᠡᠪ ᠤᠨ ᠪᠤᠰᠤ ᠤᠷᠤᠨ ᠪᠠᠶᠢᠷᠢ ᠳᠤ ᠰᠢᠯᠵᠢᠴᠢᠭᠡᠳᠡᠭ ᠲᠤᠯᠠ ᠲᠠᠷᠦ᠋ᠢᠬᠠᠨ ᠤᠯᠵᠤ ᠮᠡᠳᠡᠪᠡᠯ ᠲᠠᠷᠠ ᠲᠠᠷᠤᠢ ᠳᠤᠨᠢ ᠵᠠᠯᠠᠷᠠᠭᠤᠯᠵᠤ ᠴᠢᠳᠠᠨ᠎ᠠ᠃ ᠭᠡᠷᠪᠡ ᠲᠤᠠᠠᠳᠠᠮᠠᠯ ᠬᠤᠭᠤᠴᠠᠭ᠎ᠠ ᠪᠠᠷ ᠪᠠᠶᠢᠴᠠᠭᠠᠯᠭᠠᠬᠤ ᠦᠭᠡᠢ ᠪᠤᠶᠤ ᠭᠡᠳᠦᠷᠭᠡᠢ ᠤᠷᠤᠢ ᠪᠠᠶᠢᠴᠠᠭᠠᠯᠭᠠᠪᠠᠯ ᠶᠠᠷᠤ ᠪᠤᠰᠤ ᠶᠢᠨ ᠪᠠᠶᠢᠳᠠᠯ ᠢ ᠤᠯᠵᠤ ᠮᠡᠳᠡᠭᠰᠡᠨ ᠴᠤ ᠤᠳᠠᠭᠠᠰᠢᠷᠠᠭᠤᠯᠤᠠᠠᠰᠠᠨ ᠠᠴᠠ ᠪᠤᠯᠤᠭᠠᠳ ᠵᠠᠰᠠᠵᠤ ᠵᠠᠯᠠᠷᠠᠭᠤᠯᠬᠤ ᠳᠤ ᠪᠡᠷᠭᠡᠳᠡᠢ ᠪᠤᠶᠤ ᠵᠠᠰᠠᠬᠤ ᠶᠢᠨ ᠠᠷᠭ᠎ᠠ ᠦᠭᠡᠢ ᠪᠤᠯᠳᠠᠭ᠃ ᠡᠶᠢᠮᠤ ᠠᠴᠠ ᠭᠦᠡᠭᠭᠡᠵᠢᠭᠦ ᠠᠴᠠ ᠪᠠᠨ ᠡᠮᠦᠨ᠎ᠠ ᠲᠤᠠᠠᠳᠠᠮᠠᠯ ᠬᠤᠭᠤᠴᠠᠭ᠎ᠠ ᠪᠠᠷ ᠪᠠᠶᠢᠴᠠᠭᠠᠯᠭᠠᠬᠤ ᠨᠢ ᠲᠤᠩ ᠴᠢᠬᠤᠯᠠ ᠲᠠᠢ ᠶᠤᠮ᠃ ᠵᠢᠷᠮᠦᠰᠦᠯᠡᠭᠰᠡᠨ ᠤ ᠰᠡᠭᠦᠯ ᠤᠨ ᠬᠤᠭᠤᠴᠠᠭ᠎ᠠ ᠳᠤ ᠨᠠᠷᠢᠨ ᠪᠠᠶᠢᠴᠠᠭᠠᠯᠭᠠᠬᠤ ᠨᠢ ᠨᠡᠩ ᠴᠢᠬᠤᠯᠠ ᠶᠤᠮ᠃ ᠤᠴᠢᠷ ᠨᠢ ᠭᠦᠡᠭᠭᠡᠵᠢᠭᠦ ᠬᠤᠭᠤᠴᠠᠭ᠎ᠠ ᠤᠯᠠᠮ ᠤᠶᠢᠷᠠᠳᠤᠬᠤ ᠲᠤᠰᠤᠮ ᠡᠯ᠎ᠠ ᠵᠦᠢᠯ ᠤᠨ ᠲᠠᠪᠬᠤᠴᠠ ᠡᠪᠡᠳᠴᠢᠨ ᠡᠭᠦᠰᠭᠦ ᠨᠢ ᠨᠡᠩ ᠠᠮᠠᠷᠬᠠᠨ ᠪᠠᠶᠢᠳᠠᠭ ᠪᠤᠯᠬᠤᠷ ᠡᠷᠭᠡᠪᠰᠢ ᠡᠮᠴᠢ ᠶᠢᠨ ᠵᠢᠭᠠᠪᠤᠷᠢ ᠪᠠᠷ ᠬᠤᠭᠤᠴᠠᠭ᠎ᠠ ᠶᠤᠰᠤᠭᠠᠷ ᠪᠠᠶᠢᠴᠠᠭᠠᠯᠭᠠᠵᠤ᠂ ᠡᠮᠴᠢ ᠶᠢᠨ ᠵᠢᠯᠤᠭᠤᠳᠤᠯᠭ᠎ᠠ ᠪᠠ ᠭᠢᠨᠠᠯᠳᠠ ᠶᠢ ᠭᠦᠯᠢᠶᠡᠭᠦ ᠳᠤ ᠲᠦᠭᠦᠮ ᠪᠤᠯᠭᠠᠬᠤ ᠭᠡᠷᠡᠭᠳᠡᠢ᠃ ᠭᠦᠡᠭᠭᠡᠵᠢᠭᠦ ᠠᠴᠠ ᠪᠠᠨ ᠡᠮᠦᠨ᠎ᠠ ᠲᠤᠠᠠᠳᠠᠮᠠᠯ ᠬᠤᠭᠤᠴᠠᠭ᠎ᠠ ᠪᠠᠷ ᠪᠠᠶᠢᠴᠠᠭᠠᠯᠭᠠᠬᠤ ᠨᠢ ᠪᠠᠰᠠ ᠵᠢᠷᠮᠤᠰᠤᠨ ᠬᠤᠭᠤᠴᠠᠭᠠᠨ ᠤ ᠡᠷᠡᠭᠦᠯ ᠬᠠᠮᠠᠭᠠᠯᠠᠯ ᠤᠨ ᠮᠡᠳᠡᠯᠭᠡ ᠶᠢᠨ ᠭᠦᠮᠦᠵᠢᠯ ᠢ ᠭᠦᠷᠳᠡᠭᠦ ᠵᠢᠴᠢ ᠭᠦᠡᠭᠭᠡᠵᠢᠭᠦ ᠠᠴᠠ ᠡᠮᠦᠨᠡᠭᠢ ᠡᠯ᠎ᠡ ᠵᠦᠢᠯ ᠤᠨ ᠪᠡᠯᠡᠳᠭᠡᠯ ᠠᠵᠢᠯ ᠤᠨ ᠵᠢᠯᠤᠭᠤᠳᠤᠯᠭ᠎ᠠ ᠶᠢ ᠭᠦᠷᠳᠡᠵᠤ ᠪᠤᠯᠤᠨ᠎ᠠ᠃ ᠪᠠᠭᠴᠠᠯᠠᠭᠠᠳ ᠭᠡᠯᠡᠪᠡᠯ ᠡᠭᠡ ᠨᠢᠯᠬ᠎ᠠ ᠶᠢᠨ ᠡᠷᠡᠭᠦᠯ ᠮᠡᠨᠳᠤ ᠶᠢ ᠪᠠᠳᠤᠯᠬᠠᠤ ᠶᠢᠨ ᠲᠤᠰᠠᠳᠠ᠂ ᠵᠢᠷᠮᠤᠰᠤᠨ ᠬᠤᠭᠤᠴᠠᠭᠠᠨ ᠳᠠᠭᠠᠨ ᠵᠠᠪᠠᠯ ᠲᠤᠠᠠᠳᠠᠮᠠᠯ ᠬᠤᠭᠤᠴᠠᠭ᠎ᠠ ᠪᠠᠷ ᠪᠠᠶᠢᠴᠠᠭᠠᠯᠭᠠᠬᠤ ᠶᠢ ᠪᠠᠷᠢᠮᠳᠠᠯᠠᠬᠤ ᠭᠡᠷᠡᠭᠳᠡᠢ᠃
     ᠵᠠᠷᠢᠮ ᠶᠠᠳᠠᠭᠤ ᠭᠦᠴᠢᠷᠳᠡᠯ ᠲᠠᠢ ᠪᠠ ᠪᠤᠶᠢᠳᠡ ᠪᠦᠭᠯᠡᠭᠦᠤ ᠭᠠᠵᠠᠷ ᠤᠷᠤᠨ ᠤ ᠵᠢᠷᠮᠤᠰᠤᠨ ᠪᠦᠰᠡᠭᠦ᠋ᠢᠴᠦᠳ ᠠᠵᠤ ᠠᠮᠢᠳᠤᠷᠠᠯ ᠪᠠ ᠵᠠᠮ ᠬᠠᠷᠢᠯᠴᠠᠭ᠎ᠠ ᠵᠡᠷᠭᠡ ᠡᠯ᠎ᠡ ᠲᠠᠯ᠎ᠠ ᠶᠢᠨ ᠭᠢᠵᠠᠭᠠᠷᠯᠠᠯ ᠠᠴᠠ ᠪᠤᠯᠵᠤ᠂ ᠲᠡᠭᠡᠷ᠎ᠡ ᠲᠤᠷᠠᠳᠤᠠᠠᠰᠠᠨ ᠪᠠᠶᠢᠴᠠᠭᠠᠯᠭᠠᠬᠤ ᠤᠳᠠᠭ᠎ᠠ ᠲᠤᠭ᠎ᠠ ᠶᠢ ᠭᠦᠢᠴᠡᠳᠭᠡᠭᠦ ᠠᠷᠭ᠎ᠠ ᠦᠭᠡᠢ ᠪᠠᠶᠢᠵᠤ ᠮᠡᠳᠡᠨ᠎ᠡ᠃ ᠭᠡᠪᠡᠴᠤ ᠭᠦᠡᠭᠭᠡᠵᠢᠭᠦ ᠠᠴᠠ ᠡᠮᠦᠨᠡᠭᠢ ᠪᠠᠶᠢᠴᠠᠭᠠᠯᠳᠠ ᠶᠢ ᠠᠯᠢ ᠴᠢᠳᠠᠬᠤ ᠶᠢᠨ ᠲᠤᠳᠤᠷ᠎ᠠ ᠲᠠᠪᠤ ᠤᠳᠠᠭ᠎ᠠ ᠭᠢᠯᠭᠡᠭᠦ ᠭᠡᠷᠡᠭᠳᠡᠢ᠃ ᠲᠤᠬᠠᠶᠢᠯᠠᠪᠠᠯ ᠵᠢᠷᠮᠤᠰᠦᠯᠡᠭᠰᠡᠨ ᠤ ᠡᠭᠢᠨ ᠤ ᠭᠤᠷᠪᠡᠨ ᠰᠠᠷ᠎ᠠ ᠳᠤ ᠨᠢᠭᠡ ᠤᠳᠠᠭ᠎ᠠ︔ ᠵᠢᠷᠮᠦᠰᠦᠯᠡᠭᠰᠡᠨ ᠤ 4~6 ᠰᠠᠷ᠎ᠠ ᠳᠤ ᠨᠢᠭᠡ ᠤᠳᠠᠭ᠎ᠠ︔ ᠵᠢᠷᠮᠤᠰᠦᠯᠡᠭᠰᠡᠨ ᠤ ᠬᠠᠮᠤᠭ ᠤᠨ ᠰᠡᠭᠦᠯ ᠤᠨ ᠨᠢᠭᠡ ᠰᠠᠷ᠎ᠠ ᠳᠤ 1~2 ᠭᠠᠷᠠᠭ ᠪᠦᠷᠢ ᠨᠢᠭᠡ ᠤᠳᠠᠭ᠎ᠠ ᠪᠠᠶᠢᠴᠠᠭᠠᠯᠭᠠᠬᠤ ᠭᠡᠷᠡᠭᠳᠡᠢ᠃ ᠪᠠᠶᠢᠴᠠᠭᠠᠯᠭᠠᠬᠤ ᠳᠠᠭᠠᠨ ᠦᠢᠯᠡᠴᠢᠯᠡᠭᠡ ᠰᠠᠶᠢᠳᠠᠢ ᠲᠦᠪ ᠡᠮᠨᠡᠯᠭᠡ ᠶᠢᠨ ᠬᠤᠷᠢᠶᠠᠨ ᠳᠤ ᠭᠦᠷᠴᠤ ᠪᠠᠶᠢᠴᠠᠭᠠᠯᠭᠠᠬᠤ ᠭᠡᠷᠡᠭᠳᠡᠢ᠃ ᠵᠢᠷᠮᠤᠰᠤᠯᠡᠭᠰᠡᠨ ᠬᠤᠭᠤᠴᠠᠭᠠᠨ ᠳᠤ ᠴᠢᠰᠤ ᠪᠠᠭᠤᠯᠭᠠᠬᠤ᠂ ᠲᠤᠯᠤᠭᠠᠢ ᠰᠦᠷᠡᠭᠡᠢ ᠡᠪᠡᠳᠭᠦ᠂ ᠰᠦᠷᠡᠭᠡᠢ ᠪᠦᠭᠡᠯᠵᠢᠭᠦ᠂ ᠦᠨᠳᠤᠷ ᠬᠠᠯᠠᠭᠤᠷᠠᠬᠤ᠂ ᠭᠡᠪᠡᠯᠢ ᠡᠪᠡᠳᠭᠦ ᠵᠡᠷᠭᠡ ᠶᠠᠮᠠᠷ ᠨᠢᠭᠡᠨ ᠠᠶᠤᠯ ᠲᠠᠢ ᠪᠠᠶᠢᠳᠠᠯ ᠢᠯᠡᠷᠡᠪᠡᠯ ᠲᠠᠷᠦ᠋ᠢᠬᠠᠨ ᠡᠮᠨᠡᠯᠭᠡ ᠳᠤ ᠭᠦᠷᠴᠤ ᠦᠵᠡᠭᠦᠯᠭᠦ ᠭᠡᠷᠡᠭᠳᠡᠢ᠃
     8. ᠡᠮᠨᠡᠯᠭᠡ ᠳᠤ ᠭᠦᠡᠭᠭᠡᠵᠢᠭᠦ ᠨᠢ ᠶᠠᠮᠠᠷ ᠰᠠᠶᠢᠨ ᠲᠠᠯ᠎ᠠ ᠲᠠᠢ ᠪᠤᠢ︖
     ᠵᠢᠷᠮᠤᠰᠤᠨ ᠪᠦᠰᠡᠭᠦ᠋ᠢᠴᠤᠳ ᠨᠢᠭᠡᠪᠤᠷᠢ ᠭᠦᠡᠭᠭᠡᠵᠢᠭᠦ ᠦᠶᠡᠰ ᠲᠤᠨᠢ ᠠᠶᠤᠯ ᠲᠤᠯᠭᠠᠷᠠᠵᠤ ᠮᠡᠳᠡᠭᠦ ᠲᠤᠯᠠ ᠴᠦᠮ ᠡᠮᠨᠡᠯᠭᠡ ᠳᠤ ᠭᠦᠡᠭᠭᠡᠵᠢᠪᠡᠯ ᠵᠤᠭᠢᠨ᠎ᠠ᠃ ᠪᠦᠰᠡᠭᠦᠢ ᠭᠦᠮᠦᠨ ᠭᠡᠤᠭᠡᠳ ᠲᠦᠷᠦᠭᠦ ᠨᠢ ᠭᠡᠳᠦ᠋ᠢᠪᠡᠷ ᠭᠡᠪ ᠤᠨ ᠮᠠᠬᠠᠪᠤᠳ ᠤᠨ ᠶᠠᠪᠤᠴᠠ ᠪᠤᠯᠬᠤ ᠪᠤᠯᠪᠠᠴᠤ ᠪᠡᠶ᠎ᠠ ᠭᠦᠴᠤ ᠪᠠᠷᠠᠬᠤ ᠨᠢ ᠶᠡᠭᠡ᠂ ᠰᠢᠷᠬᠠᠳᠤᠬᠤ ᠲᠤᠭᠢᠶᠠᠯ ᠤᠯᠠᠨ ᠲᠤᠯᠠ ᠵᠤᠭᠢᠰᠳᠠᠢ ᠰᠢᠢᠳᠪᠤᠷᠢᠯᠡᠭᠦ ᠦᠭᠡᠢ ᠪᠤᠯ ᠰᠠᠨᠠᠭᠠᠨ ᠳᠤ ᠦᠭᠡᠢ ᠶᠠᠪᠤᠳᠠᠯ ᠡᠭᠦᠰᠭᠦ ᠪᠦᠭᠡᠳ ᠡᠭᠡ ᠨᠢᠯᠬ᠎ᠠ ᠶᠢᠨ ᠠᠮᠢ ᠨᠠᠰᠤᠨ ᠤ ᠠᠮᠤᠷ ᠲᠦᠪᠰᠢᠨ ᠪᠠ ᠡᠷᠡᠭᠦᠯ ᠮᠡᠨᠳᠤ ᠶᠢ ᠰᠦᠷᠳᠡᠭᠦᠯᠵᠤ ᠮᠡᠳᠡᠨ᠎ᠡ᠃ ᠵᠢᠱᠢᠶᠡᠯᠡᠪᠡᠯ ᠭᠦᠡᠭᠭᠡᠵᠢᠭᠦ ᠶᠠᠪᠤᠴᠠ ᠳᠤ ᠬᠠᠮᠤᠭ ᠤᠨ ᠪᠠᠶᠢᠡᠭᠭᠤ ᠲᠤᠭᠢᠶᠠᠯᠳᠤᠳᠠᠭ ᠴᠢᠰᠤ ᠪᠠᠭᠤᠬᠤ ᠶᠠᠪᠤᠳᠠᠯ ᠪᠤᠯ ᠭᠦᠨᠳᠤ ᠡᠪᠡᠳᠴᠢᠨ ᠪᠢᠰᠢ ᠶᠤᠮ᠃ ᠭᠡᠳᠡᠯ᠎ᠡ ᠭᠦᠳᠡᠭᠡ ᠲᠤᠰᠬᠤᠨ ᠢᠯᠠᠩᠭᠤᠶ᠎ᠠ ᠪᠤᠶᠢᠳᠡ ᠪᠦᠭᠯᠡᠭᠦᠤ ᠭᠦᠳᠡᠭᠡ ᠲᠤᠰᠬᠤᠨ ᠤ ᠵᠢᠷᠮᠤᠰᠤᠨ ᠪᠦᠰᠡᠭᠦ᠋ᠢᠴᠤᠳ ᠠᠵᠤ ᠠᠮᠢᠳᠤᠷᠠᠯ ᠨᠢ ᠶᠠᠳᠠᠭᠤ ᠵᠦᠳᠡᠭᠦᠤ ᠠᠴᠠ ᠪᠤᠯᠵᠤ ᠡᠮᠨᠡᠯᠭᠡ ᠳᠤ ᠭᠦᠡᠭᠭᠡᠵᠢᠵᠤ ᠴᠢᠳᠠᠬᠤ ᠦᠭᠡᠢ ᠪᠤᠶᠤ ᠵᠠᠮ ᠬᠠᠷᠢᠯᠴᠠᠭ᠎ᠠ ᠲᠦᠭᠦᠮ ᠲᠦᠳᠡ ᠦᠭᠡᠢ ᠠᠴᠠ ᠲᠠᠷᠠ ᠲᠤᠤᠷ᠎ᠠ ᠨᠢ ᠡᠮᠨᠡᠯᠭᠡ ᠳᠤ ᠰᠢᠯᠵᠢᠭᠦᠯᠵᠤ ᠲᠠᠶᠢᠯᠭᠦ ᠦᠭᠡᠢ᠂ ᠰᠢᠶᠠᠩ ᠪᠠᠯᠭᠠᠰᠤᠨ ᠤ ᠡᠷᠡᠭᠦᠯ ᠬᠠᠮᠠᠭᠠᠯᠠᠯ ᠤᠨ ᠬᠤᠷᠢᠶ᠎ᠠ ᠨᠢ ᠴᠠᠭ ᠲᠤᠬᠠᠢ ᠳᠤᠨᠢ ᠴᠢᠰᠤ ᠬᠠᠨᠭ᠍ᠭᠠᠵᠤ ᠲᠡᠶᠢᠯᠭᠦ ᠦᠭᠡᠢ ᠵᠡᠷᠭᠡ ᠰᠢᠯᠳᠠᠭᠠᠨ ᠠᠴᠠ ᠪᠤᠯᠤᠭᠠᠳ ᠴᠢᠰᠤ ᠪᠠᠷ ᠪᠠᠭᠤᠯᠭᠠᠠᠠᠰᠠᠨ ᠤ ᠰᠡᠭᠦᠯᠡᠷ ᠲᠠᠷᠦ᠋ᠢᠬᠠᠨ ᠡᠮᠨᠡᠭᠦᠯᠦᠭᠰᠡᠨ ᠦᠭᠡᠢ ᠪᠤᠶᠤ ᠲᠦᠷᠭᠡᠨ ᠠᠪᠤᠷᠠᠯᠳᠠ ᠭᠢᠵᠤ ᠴᠢᠳ᠋ᠬᠠᠰᠠᠨ ᠦᠭᠡᠢ ᠠᠴᠠ ᠠᠮᠢ ᠨᠠᠰᠤ ᠪᠠᠨ ᠠᠯᠳᠠᠬᠤ ᠪᠠᠶᠢᠳᠠᠯ ᠭᠠᠷᠳᠠᠭ ᠪᠢᠯᠡ᠃ ᠡᠨᠡ ᠨᠢ ᠤᠯᠠᠨ ᠵᠢᠯ ᠤᠨ ᠲᠤᠷᠰᠢ ᠵᠢᠷᠮᠤᠰᠤᠨ ᠪᠦᠰᠡᠭᠦᠢ ᠶᠢᠨ ᠦᠭᠦᠭᠦ ᠶᠢᠨ ᠲᠠᠷᠢᠭᠦᠨ ᠰᠢᠯᠳᠠᠭᠠᠨ ᠨᠢ ᠪᠤᠯᠤᠠᠠᠰᠠᠭᠠᠷ ᠪᠠᠶᠢᠨ᠎ᠠ᠃ ᠡᠶᠢᠮᠤ ᠠᠴᠠ ᠡᠮᠨᠡᠯᠭᠡ ᠳᠤ ᠭᠦᠡᠭᠭᠡᠵᠢᠭᠦ ᠶᠢ ᠶᠡᠭᠡ ᠪᠠᠷ ᠰᠠᠨᠠᠭᠠᠴᠢᠯᠠᠬᠤ ᠭᠡᠷᠡᠭᠳᠡᠢ᠃ ᠶᠠᠷᠤ ᠠᠴᠠ ᠤᠷᠤᠭ ᠤᠨᠠᠭᠠᠳᠠᠭ᠂ ᠭᠦᠡᠭᠭᠡᠵᠢᠭᠦ ᠳᠤ ᠪᠡᠷᠭᠡᠳᠤᠳᠡᠭ ᠪᠤᠶᠤ ᠴᠢᠰᠤᠨ ᠲᠠᠷᠤᠯᠳᠠ ᠨᠢ ᠦᠨᠳᠤᠷ᠂ ᠵᠢᠷᠦᠭᠡᠨ ᠤ ᠡᠪᠡᠳᠴᠢᠨ ᠲᠠᠢ ᠵᠢᠷᠮᠤᠰᠤᠨ ᠪᠦᠰᠡᠭᠦ᠋ᠢᠴᠤᠳ ᠨᠡᠩ ᠡᠮᠨᠡᠯᠭᠡ ᠳᠤ ᠭᠦᠡᠭᠭᠡᠵᠢᠭᠦ ᠭᠡᠷᠡᠭᠳᠡᠢ᠃ ᠡᠮᠨᠡᠯᠭᠡ ᠳᠤ ᠭᠦᠡᠭᠭᠡᠵᠢᠭᠦ ᠨᠢ ᠡᠭᠡ ᠪᠠᠷᠢᠬᠴᠢ ᠶᠢᠨ ᠨᠢᠮᠪᠠᠢ ᠰᠤᠪᠢᠯᠠᠯᠳᠠ ᠶᠢ ᠭᠦᠷᠳᠡᠵᠤ᠂ ᠴᠢᠬᠤᠯᠠ ᠲᠠᠢ ᠦᠶᠡᠰ ᠡᠮᠨᠡᠯᠭᠡ ᠶᠢᠨ ᠪᠠᠶᠢᠴᠠᠭᠠᠯᠳᠠ ᠪᠠ ᠠᠵᠢᠠᠠᠯᠠᠯᠳᠠ ᠭᠢᠵᠤ᠂ ᠭᠦᠡᠭᠭᠡᠵᠢᠭᠦ ᠦᠶᠡᠰ ᠢᠯᠡᠷᠡᠭᠰᠡᠨ ᠪᠡᠷᠭᠡᠳᠡᠢ ᠠᠰᠠᠭᠤᠳᠠᠯ ᠢ ᠴᠠᠭ ᠲᠤᠬᠠᠢ ᠳᠤᠨᠢ ᠤᠯᠵᠤ ᠮᠡᠳᠡᠨ᠂ ᠡᠷᠳᠡ ᠠᠴᠠ ᠰᠢᠢᠳᠪᠤᠷᠢᠯᠡᠵᠤ ᠪᠤᠯᠬᠤ ᠪᠦᠭᠡᠳ ᠪᠠᠰᠠ ᠡᠮᠨᠡᠯᠭᠡ ᠳᠤ ᠭᠦᠡᠭᠭᠡᠵᠢᠭᠦ ᠨᠢ ᠵᠢᠷᠮᠤᠰᠤᠨ ᠪᠦᠰᠡᠭᠦᠢ ᠪᠤᠯᠤᠨ ᠨᠢᠯᠬ᠎ᠠ ᠭᠡᠤᠭᠡᠳ ᠤᠨ ᠦᠭᠦᠯ ᠤᠨ ᠨᠤᠷᠮ᠎ᠠ ᠶᠢ ᠶᠡᠭᠡᠪᠡᠷ ᠪᠠᠭᠤᠷᠠᠭᠤᠯᠵᠤ᠂ ᠡᠭᠡ ᠨᠢᠯᠬ᠎ᠠ ᠶᠢᠨ ᠠᠮᠤᠷ ᠲᠦᠪᠰᠢᠨ ᠢ ᠪᠠᠳᠤᠯᠠᠵᠤ ᠲᠠᠶᠢᠯᠦᠨ᠎ᠠ᠃ ᠭᠡᠷᠪᠡ ᠵᠠᠷᠢᠮ ᠲᠠᠯ᠎ᠠ ᠶᠢᠨ ᠪᠤᠰᠤᠳᠴᠢ ᠪᠡ ᠲᠡᠪᠴᠢᠭᠦ ᠳᠤ ᠪᠡᠷᠭᠡᠳᠡᠢ ᠭᠦᠴᠢᠷᠳᠡᠯ ᠠᠴᠠ ᠪᠤᠯᠵᠤ ᠡᠮᠨᠡᠯᠭᠡ ᠳᠤ ᠭᠦᠡᠭᠭᠡᠵᠢᠵᠤ ᠲᠠᠶᠢᠯᠭᠦ ᠦᠭᠡᠢ ᠭᠡᠷ ᠲᠡᠭᠡᠨ ᠭᠦᠡᠭᠭᠡᠵᠢᠭᠦ ᠳᠤ ᠭᠦᠷᠪᠡᠯ ᠡᠷᠭᠡᠪᠰᠢ ᠲᠤᠰᠬᠠᠢ ᠮᠡᠷᠭᠡᠵᠢᠯ ᠤᠨ ᠪᠤᠯᠪᠠᠰᠤᠷᠠᠯ ᠢᠶᠠᠷ ᠲᠠᠮᠵᠢᠨ ᠡᠷᠡᠭᠦᠯ ᠬᠠᠮᠠᠭᠠᠯᠠᠯ ᠤᠨ ᠵᠠᠰᠠᠭ ᠵᠠᠭᠢᠷᠭᠠᠨ ᠤ ᠰᠠᠯᠠᠭ᠎ᠠ ᠮᠦᠴᠢᠷ ᠠᠴᠠ ᠤᠯᠭᠤᠠᠠᠰᠠᠨ ︽ᠡᠭᠡ ᠨᠢᠯᠬ᠎ᠠ ᠶᠢᠨ ᠡᠷᠡᠭᠦᠯ ᠮᠡᠨᠳᠤ ᠶᠢ ᠬᠠᠮᠠᠭᠠᠯᠠᠬᠤ ᠲᠤᠰᠬᠠᠢ ᠮᠡᠷᠭᠡᠵᠢᠯ ᠤᠨ ᠦᠢᠯᠡᠴᠢᠯᠡᠭᠡᠨ ᠤ ᠦᠨᠡᠮᠯᠡᠯ︾ ᠲᠠᠢ ᠡᠭᠡ ᠪᠠᠷᠢᠬᠴᠢ ᠶᠢ ᠵᠠᠯᠠᠬᠤ ᠭᠡᠷᠡᠭᠳᠡᠢ᠃ ᠲᠡᠳᠡᠨ ᠳᠤ ᠡᠭᠡ ᠪᠠᠷᠢᠬᠴᠢ ᠶᠢᠨ ᠪᠡᠯᠡᠳᠭᠡᠯ ᠲᠦᠭᠦᠭᠡᠷᠤᠮᠵᠢ ᠲᠠᠢ ᠪᠦᠭᠡᠳ ᠭᠦᠡᠭᠭᠡᠵᠢᠭᠦ ᠶᠠᠪᠤᠴᠠ ᠳᠤ ᠲᠤᠭᠢᠶᠠᠯᠳᠤᠵᠤ ᠮᠡᠳᠡᠭᠦ ᠡᠯ᠎ᠡ ᠵᠦᠢᠯ ᠤᠨ ᠪᠠᠴᠢᠮ ᠪᠠᠶᠢᠳᠠᠯ ᠢ ᠠᠷᠭᠠᠴᠠᠬᠤ ᠴᠢᠳᠠᠪᠤᠷᠢ ᠲᠠᠢ ᠶᠤᠮ᠃
     9. ᠭᠦᠡᠭᠭᠡᠵᠢᠭᠰᠡᠨ ᠤ ᠰᠡᠭᠦᠯᠡᠷ ᠶᠠᠭᠤ ᠶᠢ ᠠᠩᠬᠠᠷᠬᠤ ᠴᠢᠬᠤᠯᠠ ᠲᠠᠢ ᠪᠤᠢ︖
     ᠭᠡᠪ ᠤᠨ ᠶᠤᠰᠤ ᠪᠠᠷ ᠭᠦᠡᠭᠭᠡᠵᠢᠭᠦ ᠶᠠᠪᠤᠴᠠ ᠳᠤ ᠭᠡᠤᠭᠡᠳ ᠭᠠᠷᠤᠠᠠᠰᠠᠨ ᠪᠡ ᠬᠤᠶᠢᠳᠤᠭᠢ ᠪᠠᠭᠤᠠᠠᠰᠠᠨ ᠠᠴᠠ  ᠬᠤᠶᠢᠰᠢ ᠰᠠᠪᠠ ᠡᠷᠭᠡᠳᠡᠨ ᠰᠡᠷᠭᠦᠵᠤ᠂ ᠬᠤᠶᠢᠳᠤᠭᠢ ᠶᠢᠨ ᠰᠠᠯᠤᠯᠳᠠ ᠪᠦᠷᠢᠮᠦᠰᠤᠨ ᠡᠳᠡᠭᠡᠷᠡᠭᠦ ᠭᠦᠷᠳᠡᠯ᠎ᠡ ᠪᠠᠷᠤᠭ 6 ᠭᠠᠷᠠᠭ ᠤᠨ ᠬᠤᠭᠤᠴᠠᠭ᠎ᠠ ᠭᠡᠷᠡᠭᠰᠡᠨ᠎ᠡ᠃ ᠡᠶᠢᠮᠤ ᠠᠴᠠ ᠭᠡᠤᠭᠡᠳ ᠲᠦᠷᠦᠭᠰᠡᠨ ᠠᠴᠠ ᠬᠤᠶᠢᠰᠢᠭᠢ ᠡᠨᠡ 6 ᠭᠠᠷᠠᠭ ᠤᠨ ᠬᠤᠭᠤᠴᠠᠭ᠎ᠠ ᠶᠢ ᠬᠤᠴᠢᠯᠭ᠎ᠠ ᠶᠢᠨ  ᠬᠤᠭᠤᠴᠠᠭ᠎ᠠ ᠭᠡᠨ᠎ᠡ᠃
     ᠠᠷᠠᠳ ᠤᠨ ᠶᠠᠷᠢᠶᠠᠨ ᠳᠤ ᠰᠠᠷ᠎ᠠ ᠳᠤ ᠰᠠᠭᠤᠬᠤ ᠭᠡᠳᠡᠭ᠃ ᠰᠠᠷ᠎ᠠ ᠳᠤ ᠰᠠᠭᠤᠬᠤ ᠬᠤᠭᠤᠴᠠᠭ᠎ᠠ ᠪᠤᠯ ᠭᠡᠷᠡᠭ ᠲᠡᠭᠡᠷ᠎ᠡ ᠪᠠᠨ ᠡᠭᠡ ᠶᠢᠨ ᠭᠢᠨᠢ ᠪᠦᠭᠦ᠋ᠢᠯᠡ ᠦᠷᠡᠵᠢᠯ ᠤᠨ ᠡᠷᠭᠡᠳᠡᠨ ᠤ ᠰᠢᠰᠲ᠋ᠧᠮ ᠨᠢ ᠤᠭ ᠭᠡᠪ ᠲᠡᠭᠡᠨ ᠤᠷᠤᠵᠤ ᠲᠡᠩᠭᠡᠷᠡᠭᠦ ᠶᠠᠪᠤᠴᠠ ᠪᠤᠯᠤᠨ᠎ᠠ᠃ ᠰᠠᠶᠢᠳᠤᠷ ᠲᠡᠩᠭᠡᠷᠡᠵᠤ ᠲᠠᠶᠢᠯᠭᠦ ᠦᠭᠡᠢ ᠪᠤᠯ ᠭᠦᠡᠭᠭᠡᠵᠢᠭᠰᠡᠨ ᠪᠦᠰᠡᠭᠦᠢ ᠶᠢᠨ ᠪᠡᠶ᠎ᠠ ᠶᠢᠨ ᠡᠷᠡᠭᠦᠯ ᠮᠡᠨᠳᠤ ᠶᠢ ᠨᠦᠯᠦᠭᠡᠯᠡᠨ᠎ᠡ᠃ ᠲᠠᠷᠠᠴᠢᠯᠡᠨ ᠰᠠᠷ᠎ᠠ ᠳᠤ ᠰᠠᠭᠤᠬᠤ ᠬᠤᠭᠤᠴᠠᠭ᠎ᠠ ᠳᠠᠭᠠᠨ ᠭᠦᠡᠭᠭᠡᠵᠢᠭᠰᠡᠨ ᠪᠦᠰᠡᠭᠦ᠋ᠢᠴᠤᠳ ᠲᠤ ᠨᠢᠷᠠᠢ ᠬᠠᠯᠠᠭᠤᠨ ᠬᠠᠯᠳᠠᠪᠤᠷᠢᠯᠠᠬᠤ᠂ ᠭᠦᠭᠦᠨ ᠤ ᠪᠤᠯᠴᠢᠷᠬᠠᠢ ᠶᠢᠨ ᠦᠷᠪᠢᠰᠦᠯ ᠤᠯᠬᠤ᠂ ᠰᠠᠪᠠ ᠨᠢ ᠤᠠᠵᠢᠬᠤ᠂ ᠲᠠᠭᠠᠯᠳᠠ ᠡᠷᠭᠡᠳᠡᠨ ᠤ ᠦᠷᠪᠢᠰᠦᠯ ᠤᠯᠬᠤ ᠵᠡᠷᠭᠡ ᠭᠦᠡᠭᠭᠡᠵᠢᠭᠰᠡᠨ ᠪᠦᠰᠡᠭᠦᠢ ᠶᠢᠨ ᠡᠷᠡᠭᠦᠯ ᠮᠡᠨᠳᠤ ᠶᠢ ᠰᠦᠷᠳᠡᠭᠦᠯᠭᠦ ᠤᠯᠠᠨ ᠵᠦᠢᠯ ᠤᠨ ᠡᠪᠡᠳᠴᠢᠨ ᠡᠨᠡ ᠬᠤᠭᠤᠴᠠᠭᠠᠨ ᠳᠤ ᠡᠭᠦᠰᠳᠡᠭ᠃ ᠡᠶᠢᠮᠤ ᠠᠴᠠ ᠰᠠᠷ᠎ᠠ ᠳᠤ ᠰᠠᠭᠤᠬᠤ ᠬᠤᠭᠤᠴᠠᠭᠠᠨ ᠳᠤ ᠲᠤᠤᠷᠠᠭᠢ ᠭᠡᠳᠦᠨ ᠵᠦᠢᠯ ᠢ ᠠᠩᠬᠠᠷᠬᠤ ᠭᠡᠷᠡᠭᠳᠡᠢ᠃
     ︵1︶ ᠰᠠᠶᠢᠳᠤᠷ ᠢᠳᠡᠵᠤ ᠰᠠᠶᠢᠳᠤᠷ ᠠᠮᠠᠷᠠᠬᠤ ᠭᠡᠷᠡᠭᠳᠡᠢ᠃ ᠭᠦᠡᠭᠭᠡᠵᠢᠭᠦ ᠨᠢ ᠪᠦᠰᠡᠭᠦ᠋ᠢᠴᠤᠳ ᠶᠢᠨ ᠪᠡᠶ᠎ᠠ ᠰᠡᠳᠭᠢᠯ ᠢ ᠶᠡᠭᠡᠳᠡ ᠵᠤᠪᠠᠭᠠᠵᠤ ᠵᠦᠳᠡᠭᠡᠭᠦ ᠲᠤᠯᠠ ᠭᠦᠡᠭᠭᠡᠵᠢᠭᠰᠡᠨ ᠤ ᠲᠠᠷᠠᠭ᠎ᠠ ᠡᠩ ᠲᠠᠷᠢᠭᠦᠨ ᠳᠤ ᠭᠦᠡᠭᠭᠡᠵᠢᠭᠰᠡᠨ ᠪᠦᠰᠡᠭᠦᠢ ᠶᠢ ᠰᠠᠶᠢᠳᠤᠷ ᠤᠠᠳᠠᠭᠤᠯᠵᠤ ᠠᠮᠠᠷᠠᠭᠤᠯᠵᠤ᠂ ᠭᠦᠢᠴᠡᠳ ᠰᠠᠶᠢᠨ ᠤᠨᠳ᠋ᠬᠠᠰᠠᠨ ᠤ ᠰᠡᠭᠦᠯᠡᠷ ᠰᠢᠮ᠎ᠠ ᠲᠡᠵᠢᠭᠡᠯ ᠡᠯᠪᠡᠭ ᠲᠠᠢ ᠪᠦᠭᠡᠳ ᠰᠢᠩᠭᠡᠭᠡᠭᠦ ᠳᠤ ᠠᠮᠠᠷᠬᠠᠨ ᠢᠳᠡᠭᠡᠨ ᠢ ᠢᠳᠡᠭᠦᠯᠵᠤ᠂ ᠢᠯᠡᠭᠦᠭᠡᠨ ᠤᠰᠤ ᠤᠤᠭᠤᠯᠭᠠᠬᠤ ᠭᠡᠷᠡᠭᠳᠡᠢ᠃ ᠰᠠᠷ᠎ᠠ ᠳᠤ ᠰᠠᠭᠤᠬᠤ ᠬᠤᠭᠤᠴᠠᠭ᠎ᠠ ᠪᠠ ᠭᠦᠭᠦᠭᠦᠯ ᠤᠨ ᠬᠤᠭᠤᠴᠠᠭᠠᠨ ᠳᠤ ᠴᠦᠮ ᠰᠢᠮ᠎ᠠ ᠲᠡᠵᠢᠭᠡᠯ ᠰᠠᠶᠢᠳᠠᠢ᠂ ᠢᠯᠴᠢ ᠰᠠᠶᠢᠳᠠᠢ᠂ ᠰᠢᠩᠭᠡᠭᠡᠭᠦ ᠳᠤ ᠠᠮᠠᠷᠬᠠᠨ ᠢᠳᠡᠭᠡᠨ ᠢ ᠢᠳᠡᠭᠦᠯᠵᠤ᠂ ᠪᠡᠶ᠎ᠠ ᠮᠠᠬᠠᠪᠤᠳ ᠢ ᠲᠦᠷᠭᠡᠨ ᠲᠡᠩᠭᠡᠷᠡᠭᠦᠯᠭᠦ ᠪᠡ ᠭᠦᠢᠴᠡᠳ ᠰᠦ ᠪᠠᠭᠤᠬᠤ ᠶᠢ ᠪᠠᠳᠤᠯᠠᠬᠤ ᠭᠡᠷᠡᠭᠳᠡᠢ᠃
     ︵2︶ ᠡᠷᠳᠡᠭᠡᠨ ᠤᠷᠤ ᠠᠴᠠ ᠪᠠᠨ ᠪᠠᠭᠤᠵᠤ ᠭᠦᠳᠡᠯᠭᠡᠭᠡᠨ ᠭᠢᠭᠦ ᠭᠡᠷᠡᠭᠳᠡᠢ᠃ ᠡᠩ ᠤᠨ ᠪᠠᠶᠢᠳᠠᠯ ᠲᠤᠤᠷ᠎ᠠ ᠭᠡᠪ ᠤᠨ ᠶᠤᠰᠤ ᠪᠠᠷ ᠭᠦᠡᠭᠭᠡᠵᠢᠭᠰᠡᠨ ᠪᠦᠰᠡᠭᠦ᠋ᠢᠴᠤᠳ ᠭᠦᠡᠭᠭᠡᠵᠢᠭᠰᠡᠨ ᠤ ᠪᠠᠨ ᠬᠤᠶᠠᠳᠤᠭᠠᠷ ᠡᠳᠤᠷ ᠠᠴᠠ ᠡᠭᠢᠯᠡᠨ ᠤᠷᠤ ᠠᠴᠠ ᠪᠠᠨ ᠪᠠᠭᠤᠵᠤ ᠭᠦᠳᠡᠯᠭᠦ ᠭᠡᠷᠡᠭᠳᠡᠢ᠃ ᠭᠡᠭᠦ ᠳᠡᠭᠡᠨ ᠲᠠᠭᠠᠷᠠᠬᠤ ᠪᠤᠶᠤ ᠭᠦᠢᠳᠡᠨ ᠵᠢᠪᠠᠷ ᠲᠤ ᠦᠯᠢᠶᠡᠭᠳᠡᠭᠦ ᠠᠴᠠ ᠰᠡᠷᠭᠡᠶᠢᠯᠡᠭᠦ ᠭᠡᠷᠡᠭᠳᠡᠢ᠃ ᠪᠠᠰᠠ ᠡᠮᠴᠢ ᠰᠤᠪᠢᠯᠬᠠᠴᠢᠳ ᠤᠨ ᠵᠢᠯᠤᠭᠤᠳᠤᠯᠭ᠎ᠠ ᠲᠤᠤᠷ᠎ᠡ ᠡᠳᠤᠷ ᠪᠦᠷᠢ ᠲᠦᠭᠦᠮᠭᠡᠨ ᠪᠤᠯᠪᠠᠰᠤᠷᠠᠯ ᠭᠢᠭᠦ ᠪᠤᠶᠤ ᠭᠦᠡᠭᠭᠡᠵᠢᠭᠰᠡᠨ ᠤ ᠰᠡᠭᠦᠯᠡᠷᠭᠢ ᠪᠡᠶ᠎ᠠ ᠶᠢᠨ ᠲᠠᠮᠢᠷ ᠭᠢᠪᠡᠯ ᠪᠡᠶ᠎ᠠ ᠶᠢᠨ ᠲᠡᠩᠭᠡᠷᠡᠯᠳᠡ ᠳᠤ ᠠᠰᠢᠠᠠᠳᠠᠢ ᠪᠦᠭᠡᠳ ᠪᠠᠰᠠ ᠪᠠᠶ᠎ᠠ ᠶᠢᠨ ᠭᠠᠯᠪᠢᠷ ᠲᠦᠷᠭᠦ ᠶᠢ ᠪᠠᠳᠤᠯᠠᠵᠤ ᠴᠢᠳᠠᠨ᠎ᠠ᠃ ᠭᠦᠡᠭᠭᠡᠵᠢᠭᠰᠡᠨ ᠤ ᠲᠠᠷᠠᠭ᠎ᠠ ᠨᠢᠭᠡ ᠭᠠᠷᠠᠭ ᠲᠤ ᠭᠡᠷ ᠵᠠᠭᠤᠷ᠎ᠠ ᠶᠢᠨ ᠠᠷᠰᠠᠷ ᠠᠵᠢᠯ ᠵᠢᠱᠢᠶᠡᠯᠡᠪᠡᠯ ᠰᠢᠷᠡᠭᠡ ᠵᠦᠯᠭᠦᠭᠦ᠂ ᠭᠠᠵᠠᠷ ᠱᠦᠭᠦᠷᠳᠡᠭᠦ ᠵᠡᠷᠭᠡ ᠠᠵᠢᠯ ᠢ ᠭᠢᠵᠤ ᠪᠤᠯᠤᠨ᠎ᠠ᠃ ᠭᠡᠭᠦ ᠳᠡᠭᠡᠨ ᠤᠳᠠᠭᠠᠨ ᠴᠠᠭ
ᠦᠷᠭᠦᠯᠵᠢᠯᠡᠨ ᠭᠢᠵᠤ ᠪᠤᠯᠬᠤ ᠦᠭᠡᠢ ᠪᠦᠭᠡᠳ ᠨᠡᠩ ᠴᠤ ᠨᠦᠰᠡᠷ ᠭᠦᠨᠳᠤ ᠠᠵᠢᠯ ᠭᠢᠵᠤ ᠪᠤᠯᠬᠤ ᠦᠭᠡᠢ᠃
     ︵3︶ ᠪᠡᠶ᠎ᠠ ᠶᠢᠨ ᠡᠷᠡᠭᠦᠯ ᠬᠠᠮᠠᠭᠠᠯᠠᠯ ᠢ ᠠᠩᠬᠠᠷᠬᠤ ᠭᠡᠷᠡᠭᠳᠡᠢ᠃ ᠰᠠᠷ᠎ᠠ ᠳᠤ ᠰᠠᠭᠤᠬᠤ ᠬᠤᠭᠤᠴᠠᠭᠠᠨ ᠳᠤ ᠪᠦᠰᠡᠭᠦ᠋ᠢᠴᠤᠳ ᠤᠨ ᠪᠡᠯᠭᠡ ᠶᠢᠨ ᠡᠷᠭᠡᠳᠡᠨ ᠠᠴᠠ ᠱᠦᠭᠦᠷᠡᠯ ᠡᠳ᠋ ᠠᠷᠪᠢᠨ ᠪᠠᠭᠤᠬᠤ ᠲᠤᠯᠠ ᠡᠳᠤᠷ ᠪᠦᠷᠢ ᠪᠦᠯᠢᠶᠠᠨ ᠤᠰᠤ ᠪᠤᠶᠤ ᠮᠠᠩᠭᠠᠨ ᠭᠦᠴᠢᠯ ᠤᠨ ᠨᠠᠲᠷᠢ ᠪᠠᠷ ᠤᠭᠢᠶᠠᠬᠤ ᠭᠡᠷᠡᠭᠳᠡᠢ᠃ ᠭᠦᠡᠭᠭᠡᠵᠢᠭᠰᠡᠨ ᠤ ᠰᠡᠭᠦᠯᠡᠷ ᠭᠦᠯᠦᠰᠤ ᠠᠷᠪᠢᠨ ᠭᠠᠷᠬᠤ ᠲᠤᠯᠠ ᠲᠤᠯᠤᠭᠠᠢ ᠭᠦᠯ ᠢᠶᠠᠨ ᠦᠷᠭᠦᠯᠵᠢ ᠤᠭᠢᠶᠠᠵᠤ᠂ ᠲᠤᠳᠤᠷ᠎ᠠ ᠬᠤᠪᠴᠠᠰᠤ ᠪᠠᠨ ᠪᠠᠶᠢᠡᠭᠭᠤ ᠰᠤᠯᠢᠵᠤ᠂ ᠠᠷᠠᠰᠤ ᠮᠢᠬ᠎ᠠ ᠪᠠᠨ ᠴᠡᠪᠡᠷ ᠪᠠᠶᠢᠯᠭᠠᠬᠤ ᠭᠡᠷᠡᠭᠳᠡᠢ᠃ ᠰᠦᠷᠴᠢᠭᠦᠷ ᠢᠶᠠᠷ ᠪᠡᠶ᠎ᠠ ᠪᠠᠨ ᠤᠭᠢᠶᠠᠵᠤ ᠪᠤᠯᠤᠨ᠎ᠠ᠃ ᠰᠠᠷ᠎ᠠ ᠳᠤ ᠰᠠᠭᠤᠬᠤ ᠬᠤᠭᠤᠴᠠᠭᠠᠨ ᠳᠤ ᠤᠯᠠᠠᠳᠠ ᠢᠳᠡᠵᠤ ᠤᠤᠭᠤᠵᠤ᠂ ᠢᠳᠡᠭᠦ ᠵᠦᠢᠯ ᠴᠤ ᠨᠡᠯᠢᠶᠡᠳ ᠤᠯᠠᠨ ᠪᠤᠯᠬᠤᠷ ᠠᠮᠠ ᠰᠢᠳᠤ ᠪᠠᠨ ᠪᠠᠶᠢᠡᠭᠭᠤ ᠤᠭᠢᠶᠠᠨ ᠵᠠᠶᠢᠯᠵᠤ᠂ ᠦᠷᠦᠭᠡ ᠭᠡᠷ ᠲᠡᠭᠡᠨ ᠰᠠᠯᠭᠢ ᠨᠡᠪᠳᠡᠷᠡᠭᠦᠯᠦᠨ ᠴᠡᠪᠡᠷ ᠠᠭᠠᠷ ᠤᠷᠤᠭᠤᠯᠬᠤ ᠭᠡᠷᠡᠭᠳᠡᠢ᠃
     ︵4︶ ᠭᠡᠤᠭᠡᠳ ᠢᠶᠠᠨ ᠡᠷᠳᠡ ᠠᠴᠠ ᠡᠭᠢᠯᠡᠨ ᠭᠦᠭᠦᠭᠦᠯᠭᠦ ᠭᠡᠷᠡᠭᠳᠡᠢ᠃ ᠭᠦᠡᠭᠭᠡᠵᠢᠭᠰᠡᠨ ᠠᠴᠠ ᠬᠤᠶᠢᠰᠢ ᠭᠦᠭᠦᠨ ᠳᠤ ᠴᠢᠰᠤ ᠬᠤᠷᠠᠵᠤ ᠴᠢᠨᠤᠷᠡᠬᠦ ᠪᠤᠯᠬᠤᠷ ᠡᠷᠳᠡᠭᠡᠨ ᠭᠦᠭᠦᠭᠦᠯᠭᠦ ᠨᠢ ᠰᠦ ᠶᠢᠨ ᠱᠦᠭᠦᠷᠡᠯ ᠳᠤ ᠰᠡᠳᠤᠯᠳᠡ ᠦᠭᠭᠦ ᠳᠤ ᠠᠰᠢᠠᠠᠳᠠᠢ ᠶᠤᠮ᠃ ᠭᠡᠤᠭᠡᠳ ᠭᠦᠭᠦᠭᠦᠯᠭᠦ ᠳᠡᠭᠡᠨ ᠬᠤᠶᠠᠷ ᠭᠠᠷ ᠪᠤᠯᠤᠨ ᠭᠦᠭᠦ᠂ ᠭᠦᠭᠦᠨ ᠲᠤᠪᠴᠢ ᠪᠠᠨ ᠴᠡᠪᠡᠷ ᠠᠷᠢᠭᠤᠨ ᠪᠠᠶᠢᠯᠭᠠᠵᠤ᠂ ᠭᠦᠭᠦᠨ ᠤ ᠪᠤᠯᠴᠢᠷᠬᠠᠢ ᠶᠢᠨ ᠦᠷᠪᠢᠰᠦᠯ ᠡᠭᠦᠰᠭᠦ ᠪᠡ ᠨᠢᠯᠬ᠎ᠠ ᠭᠡᠤᠭᠡᠳ ᠭᠡᠳᠡᠰᠤᠨ ᠬᠠᠯᠳᠠᠪᠤᠷᠢ ᠤᠯᠬᠤ ᠠᠴᠠ ᠰᠡᠷᠭᠡᠶᠢᠯᠡᠭᠦ ᠭᠡᠷᠡᠭᠳᠡᠢ᠃
     ︵5︶ ᠭᠦᠡᠭᠭᠡᠵᠢᠭᠰᠡᠨ ᠤ ᠰᠡᠭᠦᠯᠡᠷᠭᠢ ᠬᠤᠷᠢᠴᠠᠯ ᠤᠨ ᠠᠵᠢᠯᠯᠠᠭ᠎ᠠ ᠶᠢ ᠵᠤᠭᠢᠰᠳᠠᠢ ᠲᠤᠭᠢᠷᠠᠭᠤᠯᠬᠤ ᠭᠡᠷᠡᠭᠳᠡᠢ᠃ ᠭᠦᠡᠭᠭᠡᠵᠢᠭᠰᠡᠨ ᠤ ᠰᠡᠭᠦᠯᠡᠷᠭᠢ 42 ᠬᠤᠨᠤᠭ ᠳᠤᠳᠤᠷ᠎ᠠ ᠬᠤᠷᠢᠴᠠᠯ ᠤᠨ ᠠᠵᠢᠯᠯᠠᠭ᠎ᠠ ᠭᠢᠵᠤ ᠪᠤᠯᠬᠤ ᠦᠭᠡᠢ᠃ ᠡᠰᠡ ᠲᠠᠶᠢᠮᠤ ᠪᠤᠯ ᠡᠯᠳᠡᠪ ᠡᠰᠡᠨ ᠡᠪᠡᠳᠴᠢᠨ ᠬᠠᠭᠤᠴᠢᠨ ᠰᠠᠭᠤᠵᠤ ᠮᠡᠳᠡᠨ᠎ᠡ᠃ ᠬᠤᠷᠢᠴᠠᠯ ᠤᠨ ᠠᠵᠢᠯᠯᠠᠭ᠎ᠠ ᠶᠢ ᠰᠡᠷᠭᠦᠭᠡᠭᠦ ᠦᠶᠡᠰ ᠵᠢᠷᠮᠦᠰᠦᠯᠡᠭᠦ ᠶᠢ ᠬᠤᠷᠢᠠᠠᠯᠠᠬᠤ ᠨᠠᠶᠢᠳᠠᠪᠤᠷᠢᠳᠡᠢ ᠠᠷᠭ᠎ᠠ ᠭᠡᠮᠵᠢᠶ᠎ᠠ ᠠᠪᠬᠤ ᠴᠢᠬᠤᠯᠠ ᠲᠠᠢ᠂ ᠦᠭᠡᠢ ᠪᠤᠯ ᠡᠨᠡ ᠦᠶ᠎ᠠ ᠳᠤ ᠠᠮᠠᠷᠬᠠᠨ ᠵᠢᠷᠮᠦᠰᠦᠯᠡᠵᠤ ᠮᠡᠳᠡᠨ᠎ᠡ᠃
      ︵6︶ ᠴᠠᠭ ᠲᠤᠬᠠᠢ ᠳᠤᠨᠢ ᠭᠦᠡᠭᠭᠡᠵᠢᠭᠰᠡᠨ ᠤ ᠰᠡᠭᠦᠯᠡᠷᠭᠢ ᠪᠠᠶᠢᠴᠠᠭᠠᠯᠳᠠ ᠭᠢᠯᠭᠡᠭᠦ ᠭᠡᠷᠡᠭᠳᠡᠢ᠃ ᠭᠦᠡᠭᠭᠡᠵᠢᠭᠰᠡᠨ ᠤ ᠲᠠᠷᠠᠭᠠᠭᠢ 42~45 ᠬᠤᠨᠤᠭ ᠤᠨ ᠤᠷᠴᠢᠮ ᠳᠤ ᠰᠠᠷ᠎ᠠ ᠶᠢᠨ ᠬᠤᠭᠤᠴᠠᠭ᠎ᠠ ᠲᠠᠭᠤᠰᠬᠤ ᠲᠤᠯᠠ ᠡᠮᠨᠡᠯᠭᠡ ᠳᠤ ᠭᠦᠷᠴᠤ ᠪᠠᠶᠢᠴᠠᠭᠠᠯᠳᠠ ᠭᠢᠯᠭᠡᠵᠤ᠂ ᠪᠡᠶ᠎ᠠ ᠮᠠᠬᠠᠪᠤᠳ ᠤᠨ ᠰᠡᠷᠭᠦᠭᠡᠯᠳᠡ ᠶᠢᠨ ᠪᠠᠶᠢᠳᠠᠯ ᠢᠶᠠᠨ ᠤᠶᠢᠯᠠᠭᠠᠨ ᠮᠡᠳᠡᠭᠦ ᠭᠡᠷᠡᠭᠳᠡᠢ᠃ ᠭᠡᠷᠪᠡ ᠶᠠᠷᠤ ᠪᠤᠰᠤ ᠶᠢᠨ ᠪᠠᠶᠢᠳᠠᠯ ᠲᠠᠢ ᠪᠤᠯ ᠲᠠᠷᠦ᠋ᠢᠬᠠᠨ ᠡᠮᠨᠡᠭᠦᠯᠭᠦ ᠭᠡᠷᠡᠭᠳᠡᠢ᠃
      ︵7︶ ᠲᠠᠭᠠᠷᠠᠵᠤ ᠪᠡᠭᠡᠷᠡᠭᠦ ᠪᠤᠶᠤ ᠰᠠᠯᠭᠢᠨ ᠳᠤ ᠴᠤᠭᠢᠭᠤᠯᠵᠤ ᠪᠤᠯᠬᠤ ᠦᠭᠡᠢ᠃ ᠭᠡᠷᠪᠡ ᠦᠷᠦᠭᠡ ᠭᠡᠷ ᠤᠨ ᠲᠤᠯᠠᠭᠠᠨ ᠨᠢ ᠭᠡᠳᠦᠷᠭᠡᠢ ᠦᠨᠳᠤᠷ ᠪᠠᠶᠢᠪᠠᠯ ᠠᠭᠠᠷ ᠲᠤᠭᠢᠷᠠᠭᠤᠯᠤᠠᠠᠴᠢ ᠶᠢ ᠭᠡᠷᠡᠭᠯᠡᠵᠤ ᠪᠤᠯᠤᠨ᠎ᠠ᠃ ᠭᠡᠷ ᠤᠨ ᠲᠤᠯᠠᠭᠠᠨ ᠨᠢ ᠶᠠᠷᠦᠩᠭᠡᠢ ᠳᠡᠭᠡᠨ 25℃~28℃ ᠪᠠᠶᠢᠪᠠᠯ ᠲᠤᠭᠢᠷᠠᠮᠵᠢᠳᠡᠢ᠃ ᠭᠡᠭᠦ ᠳᠡᠭᠡᠨ ᠠᠭᠠᠷ ᠲᠤᠭᠢᠷᠠᠭᠤᠯᠤᠠᠠᠴᠢ ᠶᠢᠨ ᠰᠠᠯᠭᠢᠨ ᠳᠤ ᠰᠢᠭᠤᠳ ᠴᠤᠭᠢᠨ᠋ᠠᠳᠠᠬᠤ ᠠᠴᠠ ᠰᠡᠷᠭᠡᠶᠢᠯᠡᠭᠦ ᠭᠡᠷᠡᠭᠳᠡᠢ᠃ ᠭᠦᠡᠭᠭᠡᠵᠢᠭᠰᠡᠨ ᠪᠦᠰᠡᠭᠦᠢ ᠤᠷᠳᠤ ᠬᠠᠨᠴᠤᠢ ᠲᠠᠢ ᠴᠠᠮᠴᠠ ᠪᠠ ᠤᠷᠳᠤ ᠦᠮᠤᠳᠤ ᠡᠮᠦᠰᠪᠡᠯ ᠵᠤᠭᠢᠨ᠎ᠠ᠂ ᠬᠠᠮᠤᠭ ᠰᠠᠶᠢᠨ ᠨᠢ ᠪᠠᠰᠠ ᠨᠢᠮᠭᠡᠨ ᠤᠶᠢᠮᠤᠰᠤ ᠡᠮᠦᠰᠭᠦ ᠭᠡᠷᠡᠭᠳᠡᠢ᠃ ᠰᠠᠷ᠎ᠠ ᠳᠤ ᠰᠠᠭᠤᠵᠤ ᠪᠠᠶᠢᠭ᠎ᠠ ᠪᠦᠰᠡᠭᠦ᠋ᠢᠴᠤᠳ ᠭᠦᠢᠳᠡᠨ ᠤᠰᠤᠨ ᠳᠤ ᠰᠢᠭᠤᠳ ᠤᠶᠢᠷᠠᠳᠤᠬᠤ ᠪᠠ ᠲᠠᠭᠠᠷᠠᠵᠤ ᠪᠡᠭᠡᠷᠡᠭᠦ ᠠᠴᠠ ᠰᠡᠷᠭᠡᠶᠢᠯᠡᠭᠦ ᠭᠡᠷᠡᠭᠳᠡᠢ᠃
      ᠡᠭᠦᠨ ᠠᠴᠠ ᠭᠠᠳᠠᠨ᠎ᠠ ᠭᠦᠡᠭᠭᠡᠵᠢᠭᠰᠡᠨ ᠪᠦᠰᠡᠭᠦᠢ ᠵᠠᠷᠢᠮ ᠦᠶ᠎ᠠ ᠳᠤ ᠰᠡᠳᠭᠢᠯ ᠰᠠᠨᠠᠭ᠎ᠠ ᠨᠢ ᠲᠤᠠᠠᠳᠠᠭᠤᠨ ᠪᠤᠰᠤ ᠪᠠᠶᠢᠪᠠᠯ᠂ ᠭᠡᠷ ᠤᠨ ᠭᠦᠮᠦᠰ ᠨᠢ ᠢᠯᠡᠭᠦᠭᠡᠨ ᠬᠠᠯᠠᠮᠵᠢᠯᠠᠵᠤ᠂ ᠰᠠᠷ᠎ᠠ ᠳᠤ ᠰᠠᠭᠤᠭ᠎ᠠ ᠪᠦᠰᠡᠭᠦᠢ ᠶᠢ ᠪᠠᠶᠠᠷ ᠭᠦᠷ ᠲᠠᠢ ᠪᠠᠶᠢᠯᠭᠠᠬᠤ ᠭᠡᠷᠡᠭᠳᠡᠢ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
Baidu
map