|
︵ᠨᠢᠭᠡ︶ ᠭᠠᠴᠠᠭᠠᠨ ᠳᠠᠷᠤᠭ᠎ᠠ ᠨᠠᠷ ᠰᠢᠨ᠎ᠡ ᠪᠠᠶᠢᠳᠠᠯ ᠳᠤ ᠵᠤᠬᠢᠴᠠᠨ ᠰᠠᠶᠢᠨ ᠳᠠᠭᠠᠭᠤᠯᠤᠭᠴᠢ ᠪᠤᠯᠬᠤ ᠶᠢᠨ ᠴᠢᠬᠤᠯᠠᠴᠢᠯᠠᠭ᠎ᠠ |
|
|
ᠨᠡᠶᠢᠲᠡᠯᠡᠭᠰᠡᠨ ᠴᠠᠭ᠄
2015/10/19
|
|
︽ᠨᠡᠶᠢᠬᠡᠮ ᠵᠢᠷᠤᠮᠳᠤ ᠰᠢᠨ᠎ᠠ ᠬᠦᠳᠡᠭᠡ ᠲᠤᠰᠬᠤᠨ︾ ᠢ ᠪᠦᠳᠦᠭᠡᠨ ᠪᠠᠶᠢᠭᠤᠯᠬᠤ ᠪᠤᠯ ᠮᠠᠨ ᠤ ᠤᠯᠤᠰ ᠤᠨ ᠤᠳᠤᠬᠢᠴᠢᠯᠡᠯᠳᠡ ᠶᠢᠨ ᠠᠬᠢᠴᠠ ᠳᠤᠮᠳᠠᠬᠢ ᠲᠤᠮᠤ ᠲᠡᠤᠬᠡᠨ ᠡᠭᠦᠷᠭᠡ ᠮᠦᠨ᠃ ᠬᠦᠳᠡᠭᠡ ᠲᠤᠰᠬᠤᠨ ᠤ ᠦᠷᠭᠡᠨ ᠤᠯᠠᠨ ᠦᠨᠳᠦᠰᠦᠨ ᠱᠠᠳᠤᠨ ᠤ ᠺᠠᠳ᠋ᠷᠴᠤᠳ ᠰᠢᠨ᠎ᠠ ᠬᠦᠳᠡᠭᠡ ᠳᠤᠰᠬᠤᠨ ᠤ ᠪᠦᠳᠦᠭᠡᠨ ᠪᠠᠶᠢᠭᠤᠯᠤᠯᠳᠠ ᠶᠢ ᠶᠠᠭᠠᠬᠢᠵᠤ ᠦᠢᠯᠠᠭᠠᠬᠤ᠂ ᠶᠠᠮᠠᠷ ᠰᠠᠨᠠᠯ ᠪᠤᠳᠤᠯ ᠲᠠᠢ ᠪᠠᠶᠢᠬᠤ᠂ ᠦᠷᠭᠡᠨ ᠤᠯᠠᠨ ᠮᠠᠯᠴᠢᠨ ᠲᠠᠷᠢᠶᠠᠴᠢᠨ ᠢ ᠬᠡᠷᠬᠢᠨ ᠲᠠᠶᠢᠴᠢᠯᠡᠵᠤ ᠰᠢᠨ᠎ᠠ ᠬᠦᠳᠡᠭᠡ ᠲᠤᠰᠬᠤᠨ ᠤ ᠪᠦᠳᠦᠭᠡᠨ ᠪᠠᠶᠢᠭᠤᠯᠤᠯᠳᠠ ᠳᠤ ᠤᠷᠤᠯᠴᠠᠭᠤᠯᠬᠤ ᠶᠠᠪᠤᠳᠠᠯ ᠨᠢ ᠲᠡᠳᠡᠨ ᠤ ᠮᠡᠳᠡᠯᠭᠡ ᠪᠤᠯᠪᠠᠰᠤᠷᠠᠯ ᠪᠠ ᠡᠷᠳᠡᠮ ᠴᠢᠳᠡᠪᠤᠷᠢ ᠲᠠᠢ ᠨᠢ ᠰᠢᠭᠤᠳ ᠬᠤᠯᠪᠤᠭᠳᠠᠨ᠎ᠠ᠃ ᠨᠡᠶᠢᠬᠡᠮ ᠵᠢᠷᠤᠮᠳᠤ ᠰᠢᠨ᠎ᠠ ᠬᠦᠳᠡᠭᠡ ᠲᠤᠰᠬᠤᠨ ᠢ ᠪᠦᠬᠦ ᠲᠠᠯ᠎ᠠ ᠪᠠᠷ ᠪᠦᠳᠦᠭᠡᠨ ᠪᠠᠶᠢᠭᠤᠯᠬᠤ ᠠᠵᠢᠯ ᠲᠤᠮᠳᠠ ᠬᠦᠳᠡᠭᠡ ᠲᠤᠰᠬᠤᠨ ᠤ ᠦᠨᠳᠦᠰᠦᠨ ᠱᠠᠳᠤᠨ ᠤ ᠺᠠᠳ᠋ᠷᠴᠤᠳ ᠤᠨ ᠮᠡᠳᠡᠯᠭᠡ ᠪᠤᠯᠪᠠᠰᠤᠷᠠᠯ ᠤᠨ ᠠᠰᠠᠭᠤᠳᠠᠯ ᠪᠤᠯ ᠵᠠᠩᠬᠢᠯᠠᠭ᠎ᠠ ᠪᠤᠯᠤᠨ᠎ᠠ᠃ ᠡᠶᠢᠮᠤ ᠠᠴᠠ ᠦᠨᠳᠦᠰᠦᠨ ᠱᠠᠳᠤᠨ ᠤ ᠺᠠᠳ᠋ᠷᠴᠤᠳ ᠤᠨ ᠮᠡᠳᠡᠯᠭᠡ ᠪᠤᠯᠪᠠᠰᠤᠷᠠᠯ ᠢ ᠲᠡᠭᠡᠭᠰᠢᠯᠡᠭᠦᠯᠵᠤ᠂ ᠲᠡᠳᠡᠨ ᠤ ᠦᠵᠡᠯᠳᠡ ᠲᠠᠨᠢᠯᠳᠡ ᠶᠢᠨ ᠠᠰᠠᠭᠤᠳᠠᠯ ᠢ ᠰᠢᠢᠳᠪᠦᠷᠢᠯᠡᠵᠤ᠂ ᠲᠡᠳᠡᠨ ᠤ ᠠᠵᠢᠯ ᠤᠨ ᠴᠢᠳᠡᠪᠤᠷᠢ ᠶᠢ ᠨᠢ ᠲᠡᠭᠡᠭᠰᠢᠯᠡᠬᠦᠯᠬᠦ ᠪᠤᠯ ᠨᠢᠭᠡᠨ ᠲᠤᠩ ᠴᠢᠬᠤᠯᠠ ᠶᠠᠪᠤᠳᠠᠯ ᠪᠤᠯᠤᠨ᠎ᠠ᠃ ᠶᠠᠭᠤ ᠶᠢ ᠭᠠᠴᠠᠭᠠᠨ ᠲᠠᠷᠤᠭ᠎ᠠ ᠭᠡᠬᠦ ᠪᠤᠢ︖ ᠲᠡᠷᠡ ᠨᠢ ᠶᠠᠮᠠᠷ ᠲᠦᠷᠢ ᠶᠢ ᠲᠤᠭᠯᠠᠳᠠᠭ ᠪᠤᠢ︖ ᠭᠠᠴᠠᠭᠠᠨ ᠲᠠᠷᠤᠭ᠎ᠠ ᠭᠡᠳᠡᠭ ᠪᠤᠯ ᠮᠠᠨ ᠤ ᠤᠯᠤᠰ ᠤᠨ ᠵᠠᠰᠠᠭ ᠵᠠᠬᠢᠷᠭᠠᠨ ᠤ ᠭᠠᠴᠠᠭ᠎ᠠ ᠱᠠᠳᠤᠨ ᠳᠤ ᠨᠠᠮ ᠤᠨ ᠶᠠᠪᠤᠳᠠᠯ᠂ ᠵᠠᠰᠠᠭ ᠵᠠᠬᠢᠷᠭ᠎ᠠ ᠵᠢᠴᠢ ᠠᠵᠤ ᠠᠬᠤᠢ ᠪᠤᠯᠤᠨ ᠨᠡᠶᠢᠬᠡᠮ ᠤᠨ ᠠᠵᠢᠯ ᠳᠠᠬᠢ ᠬᠠᠮᠢᠶᠠᠷᠤᠯᠳᠠ ᠶᠢᠨ ᠠᠵᠢᠯᠳᠡᠠ ᠢ ᠵᠢᠭᠠᠵᠤ ᠪᠠᠶᠢᠨ᠎ᠠ᠃ ᠮᠠᠨ ᠤ ᠤᠯᠤᠰ ᠤᠨ ᠵᠠᠰᠠᠭ ᠵᠠᠬᠢᠷᠭᠠᠨ ᠤ ᠭᠠᠴᠠᠭ᠎ᠠ ᠨᠢ ᠨᠠᠮ ᠤᠨ ᠬᠡᠰᠢᠬᠦᠳ ᠤᠨ ᠤᠯᠠᠨ ᠴᠦᠬᠡᠨ ᠢ ᠦᠨᠳᠦᠰᠦᠯᠡᠵᠤ᠂ ᠨᠠᠮ ᠤᠨ ᠡᠬᠦᠷ ᠪᠤᠶᠤ ᠨᠠᠮ ᠤᠨ ᠶᠡᠷᠤᠩᠭᠡᠢ ᠡᠭᠦᠷ ᠢ ᠪᠠᠶᠢᠭᠤᠯᠤᠭᠰᠠᠨ ᠪᠠᠶᠢᠳᠠᠭ᠃ ᠭᠠᠴᠠᠭᠠᠨ ᠤ ᠨᠠᠮ ᠤᠨ ᠵᠤᠬᠢᠶᠠᠨ ᠪᠠᠶᠢᠭᠤᠯᠤᠯᠳᠠ ᠶᠢᠨ ᠬᠠᠷᠢᠭᠤᠴᠠᠯᠭᠠᠳᠠᠨ ᠢ ᠭᠠᠴᠠᠭᠠᠨ ᠤ ᠪᠦᠬᠦ ᠬᠡᠰᠢᠬᠦᠳ ᠠᠷᠠᠳᠴᠢᠯᠠᠯ ᠢᠶᠠᠷ ᠰᠤᠩᠭᠤᠳᠠᠭ ᠪᠦᠭᠡᠳ ᠲᠡᠭᠡᠳᠤ ᠱᠠᠳᠤᠨ ᠤ ᠨᠠᠮ ᠤᠨ ᠵᠤᠬᠢᠶᠠᠨ ᠪᠠᠶᠢᠭᠤᠯᠤᠯᠳᠠ ᠳᠤ ᠮᠡᠳᠡᠭᠦᠯᠦᠨ ᠵᠦᠪᠰᠢᠶᠠᠷᠡᠭᠦᠯᠳᠡᠭ᠃ ᠡᠬᠦᠨ ᠤ ᠬᠠᠮᠳᠤ ᠮᠠᠨ ᠤ ᠤᠯᠤᠰ ᠤᠨ ᠬᠦᠳᠡᠭᠡ ᠲᠤᠰᠬᠤᠨ ᠳᠤ ᠪᠠᠰᠠ ᠭᠠᠴᠠᠭᠠᠨ ᠤ ᠠᠷᠠᠳ ᠤᠨ ᠵᠦᠪᠯᠡᠯ ᠪᠠᠶᠢᠭᠤᠯᠵᠤ᠂ ︽ᠪᠦᠭᠦᠳᠠ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠭᠠᠴᠠᠭᠠᠨ ᠤ ᠠᠷᠠᠳ ᠤᠨ ᠵᠦᠪᠯᠡᠯ ᠤᠨ ᠵᠤᠬᠢᠶᠠᠨ ᠪᠠᠶᠢᠭᠤᠯᠤᠯᠳᠠ ᠶᠢᠨ ᠬᠠᠤᠯᠢ ︾ ᠶᠢ ᠦᠨᠳᠦᠰᠦᠯᠡᠵᠤ᠂ ᠭᠠᠴᠠᠭᠠᠨ ᠤ ᠠᠷᠠᠳ ᠤᠨ ᠵᠦᠪᠯᠡᠯ ᠤᠨ ᠡᠷᠬᠢᠯᠡᠭᠴᠢ ᠶᠢ ᠭᠠᠴᠠᠭᠠᠨ ᠤ ᠪᠦᠬᠦ ᠠᠷᠠᠳ ᠰᠤᠩᠭᠤᠵᠤ᠂ ᠰᠤᠮᠤ ᠪᠠᠯᠭᠠᠰᠤᠨ ᠤ ᠵᠠᠰᠠᠭ ᠤᠨ ᠤᠷᠳᠤᠨ ᠳᠤ ᠮᠡᠳᠡᠭᠦᠯᠦᠨ ᠵᠦᠪᠰᠢᠶᠠᠷᠠᠭᠦᠯᠳᠡᠭ᠃ ᠨᠠᠮ ᠤᠨ ᠵᠤᠬᠢᠶᠠᠨ ᠪᠠᠶᠢᠭᠤᠯᠤᠯᠳᠠ ᠪᠤᠯᠤᠨ ᠭᠠᠴᠠᠭᠠᠨ ᠤ ᠠᠷᠠᠳ ᠤᠨ ᠵᠦᠪᠯᠡᠯ ᠪᠤᠯ ᠵᠠᠰᠠᠭ ᠵᠠᠬᠢᠷᠭᠠᠨ ᠤ ᠭᠠᠴᠠᠭ᠎ᠠ ᠶᠢᠨ ᠬᠤᠶᠠᠷ ᠵᠤᠬᠢᠶᠠᠨ ᠪᠠᠶᠢᠭᠤᠯᠤᠯᠳᠠ ᠪᠤᠯᠬᠤ ᠪᠦᠭᠡᠳ ᠬᠦᠳᠡᠭᠡ ᠲᠤᠰᠬᠤᠨ ᠤ ᠬᠦᠭᠵᠢᠯᠳᠡ ᠶᠢᠨ ᠴᠢᠭᠯᠡᠯ᠂ ᠴᠢᠭᠯᠡᠯᠳᠡ᠂ ᠲᠦᠷᠦ ᠶᠢᠨ ᠪᠤᠳᠤᠯᠭ᠎ᠠ ᠪᠤᠯᠤᠨ ᠪᠤᠳᠠᠳᠠᠢ ᠬᠡᠷᠡᠭ ᠶᠠᠪᠤᠳᠠᠯ ᠢ ᠠᠵᠢᠯ ᠬᠤᠪᠢᠶᠠᠨ ᠬᠠᠷᠢᠭᠤᠴᠠᠳᠠᠭ᠃ ᠨᠠᠮ ᠤᠨ ᠵᠤᠬᠢᠶᠠᠨ ᠪᠠᠶᠢᠭᠤᠯᠤᠯᠳᠠ ᠶᠢᠨ ᠬᠠᠷᠢᠭᠤᠴᠠᠯᠭᠠᠳᠠᠨ ᠪᠤᠯᠤᠨ ᠭᠠᠴᠠᠭ᠎ᠠ ᠶᠢᠨ ᠠᠷᠠᠳ ᠤᠨ ᠵᠦᠪᠯᠡᠯ ᠤᠨ ᠡᠷᠬᠢᠯᠡᠭᠴᠢ ᠪᠤᠯ ᠭᠠᠴᠠᠭᠠᠨ ᠲᠠᠷᠤᠭ᠎ᠠ ᠨᠡᠷ ᠤᠨ ᠬᠠᠮᠤᠭ ᠤᠨ ᠭᠤᠤᠯ ᠪᠦᠷᠢᠯᠳᠦᠬᠦᠨ ᠪᠤᠯᠤᠨ᠎ᠠ᠃ ᠮᠠᠨ ᠤ ᠤᠯᠤᠰ ᠤᠨ ᠵᠠᠰᠠᠭ ᠵᠠᠬᠢᠷᠭᠠᠨ ᠤ ᠭᠠᠴᠠᠭ᠎ᠠ ᠳᠤ ᠴᠦᠮ ᠡᠳ᠋ ᠤᠨ ᠶᠠᠪᠤᠳᠠᠯ ᠤᠨ ᠠᠵᠢᠯ ᠲᠠᠢ ᠪᠠᠶᠢᠵᠤ᠂ ᠠᠯᠢ ᠴᠦᠬᠡᠨ ᠳᠡᠭᠡᠨ ᠨᠢᠭᠡ ᠨᠢᠭᠳᠠᠯᠠᠨ ᠪᠤᠳᠤᠭᠴᠢ ᠲᠠᠢ ᠪᠠᠶᠢᠳᠠᠭ ᠪᠦᠭᠡᠳ ᠬᠡᠪᠴᠢᠶ᠎ᠠ ᠪᠠᠷ ᠨᠡᠯᠢᠶᠡᠳ ᠲᠤᠮᠤ᠂ ᠬᠦᠮᠦᠨ ᠠᠮᠠ ᠪᠠᠷ ᠨᠡᠯᠢᠶᠠᠳ ᠤᠯᠠᠨ ᠵᠠᠷᠢᠮ ᠵᠠᠰᠠᠭ ᠵᠠᠬᠢᠷᠭᠠᠨ ᠤ ᠭᠠᠴᠠᠭ᠎ᠠ ᠳᠤ ᠪᠠᠰᠠ ᠵᠠᠯᠠᠭᠤᠴᠤᠳ ᠤᠨ ᠡᠪᠯᠡᠯ᠂ ᠲᠦᠯᠦᠪᠯᠡᠬᠡᠳᠤ ᠦᠷᠡᠵᠢᠯ᠂ ᠠᠮᠤᠷ ᠢ ᠬᠠᠮᠠᠭᠠᠯᠠᠬᠤ᠂ ᠤᠷᠴᠢᠨ ᠲᠤᠭᠤᠷᠢᠨ ᠤ ᠵᠠᠰᠠᠯᠳᠠ ᠵᠡᠷᠭᠡ ᠠᠵᠢᠯ ᠢ ᠪᠤᠳᠠᠳᠠᠢ ᠬᠠᠷᠢᠭᠤᠴᠠᠬᠤ ᠬᠦᠮᠦᠨ ᠲᠠᠢ ᠪᠠᠶᠢᠳᠠᠭ᠃ ᠵᠠᠰᠠᠭ ᠵᠠᠬᠢᠷᠭᠠᠨ ᠤ ᠭᠠᠴᠠᠭᠠᠨ ᠤ ᠶᠠᠮᠠᠷ ᠨᠢᠭᠡᠨ ᠬᠠᠮᠢᠶᠠᠷᠤᠯᠳᠠ ᠶᠢᠨ ᠠᠵᠢᠯ ᠢ ᠬᠤᠪᠢᠶᠠᠨ ᠬᠠᠷᠢᠭᠤᠴᠠᠳᠠᠭ ᠬᠦᠮᠦᠰ ᠢ ᠨᠠᠮ ᠤᠨ ᠵᠤᠬᠢᠶᠠᠨ ᠪᠠᠶᠢᠭᠤᠯᠤᠯᠳᠠ ᠶᠢᠨ ᠬᠠᠷᠢᠭᠤᠴᠠᠯᠭᠠᠳᠠᠨ ᠪᠤᠶᠤ ᠭᠠᠴᠠᠭᠠᠨ ᠤ ᠠᠷᠠᠳ ᠤᠨ ᠵᠦᠪᠯᠡᠯ ᠤᠨ ᠡᠷᠬᠢᠯᠡᠭᠴᠢ ᠨᠢ ᠨᠡᠷ᠎ᠡ ᠲᠤᠷᠠᠳᠴᠤ᠂ ᠨᠠᠮ ᠤᠨ ᠵᠤᠬᠢᠶᠠᠨ ᠪᠠᠶᠢᠭᠤᠯᠤᠯᠳᠠ ᠪᠤᠶᠤ ᠭᠠᠴᠠᠭᠠᠨ ᠤ ᠠᠷᠠᠳ ᠤᠨ ᠵᠦᠪᠯᠡᠯ ᠢᠶᠠᠷ ᠵᠦᠪᠰᠢᠶᠡᠷᠡᠭᠦᠯᠦᠭᠰᠡᠨ ᠤ ᠬᠤᠶᠢᠨ᠎ᠠ ᠲᠤᠰᠢᠶᠠᠯ ᠳᠤ ᠲᠤᠮᠢᠯᠠᠳᠠᠭ᠃ ᠲᠡᠳᠡ ᠨᠠᠷ ᠨᠢ ᠮᠦᠨ ᠴᠦ ᠭᠠᠴᠠᠭᠠᠨ ᠲᠠᠷᠤᠭ᠎ᠠ ᠨᠡᠷ ᠤᠨ ᠪᠦᠷᠢᠯᠳᠤᠭᠦᠨ ᠪᠤᠯᠤᠨ᠎ᠠ᠃ ᠦᠨᠦ ᠶᠢᠨ ᠵᠠᠬ᠎ᠠ ᠲᠡᠯᠭᠡᠭᠦᠷ ᠤᠨ ᠠᠵᠤ ᠠᠬᠤᠢ ᠶᠢᠨ ᠨᠦᠬᠦᠴᠡᠯ ᠲᠤᠤᠷ᠎ᠠ ᠬᠦᠳᠡᠭᠡ ᠲᠤᠰᠬᠤᠨ ᠳᠤ ᠪᠠᠰᠠ ᠶᠡᠭᠡ ᠬᠡᠮᠵᠢᠶᠠᠨ ᠤ ᠰᠢᠨ᠎ᠠ ᠠᠰᠠᠭᠤᠯᠳᠠ ᠶᠢ ᠰᠢᠢᠳᠪᠤᠷᠢᠯᠡᠬᠦ ᠴᠢᠬᠤᠯᠠ ᠲᠠᠢ ᠪᠠᠶᠢᠬᠤ ᠠᠴᠠ ᠪᠤᠯᠤᠭᠠᠳ ᠮᠠᠨ ᠤ ᠤᠯᠤᠰ ᠤᠨ ᠬᠦᠳᠡᠭᠡ ᠲᠤᠰᠬᠤᠨ ᠳᠤ ᠪᠠᠰᠠ ᠤᠨᠴᠠ ᠤᠷᠢᠭᠰᠠᠨ ᠲᠤᠰᠠᠯᠠᠭᠴᠢ ᠲᠠᠢ ᠪᠠᠶᠢᠳᠠᠭ᠃ ᠡᠳᠡᠭᠡᠷ ᠲᠤᠰᠠᠯᠠᠭᠴᠢ ᠶᠢᠨ ᠲᠤᠲᠤᠷ᠎ᠠ ᠶᠠᠮᠠᠷ ᠨᠢᠭᠡ ᠲᠠᠯ᠎ᠠ ᠶᠢᠨ ᠮᠡᠷᠭᠡᠵᠢᠯᠳᠡᠨ ᠪᠠᠶᠢᠬᠤ ᠪᠦᠭᠡᠳ ᠪᠠᠰᠠ ᠡᠯᠪᠡᠭ ᠪᠠᠶᠠᠨ ᠰᠤᠶᠤᠯ ᠮᠡᠳᠡᠯᠭᠡ ᠲᠠᠢ ᠶᠡᠭᠡ ᠰᠤᠷᠭᠠᠭᠤᠯᠢ ᠶᠢᠨ ᠰᠤᠷᠤᠭᠴᠢ ᠪᠤᠢ᠃ ᠤᠷᠢᠨ ᠬᠡᠷᠡᠭᠯᠡᠭᠰᠡᠨ ᠡᠳᠡᠭᠡᠷ ᠬᠦᠮᠦᠰ ᠨᠢ ᠬᠦᠳᠡᠭᠡ ᠲᠤᠰᠬᠤᠨ ᠤ ᠬᠦᠭᠵᠢᠯᠳᠡ ᠶᠢᠨ ᠲᠤᠮᠳᠠᠬᠢ ᠪᠤᠳᠠᠳᠠᠢ ᠠᠰᠠᠭᠤᠳᠠᠯ ᠢ ᠰᠢᠢᠳᠪᠤᠷᠢᠯᠡᠵᠦ ᠪᠤᠯᠤᠨ᠎ᠠ᠃ ᠡᠳᠡᠭᠡᠷ ᠬᠦᠮᠦᠰ ᠨᠢ ᠨᠠᠮ ᠤᠨ ᠵᠤᠬᠢᠶᠠᠨ ᠪᠠᠶᠢᠭᠤᠯᠤᠯᠳᠠ ᠪᠤᠶᠤ ᠭᠠᠴᠠᠭᠠᠨ ᠤ ᠠᠷᠠᠳ ᠤᠨ ᠵᠦᠪᠯᠡᠯ ᠤᠨ ᠤᠳᠤᠷᠢᠳᠤᠯᠭ᠎ᠠ ᠶᠢᠨ ᠲᠤᠤᠷ᠎ᠠ ᠬᠦᠳᠡᠭᠡ ᠲᠤᠰᠬᠤᠨ ᠤ ᠶᠠᠮᠠᠷ ᠨᠢᠭᠡ ᠲᠠᠯ᠎ᠠ ᠶᠢᠨ ᠬᠠᠮᠢᠶᠠᠷᠤᠯᠳᠠ ᠶᠢᠨ ᠠᠵᠢᠯ ᠢ ᠬᠠᠷᠢᠭᠤᠴᠠᠵᠤ ᠪᠠᠶᠢᠬᠤ ᠪᠤᠯᠬᠤᠷ ᠮᠦᠨ ᠴᠦ ᠭᠠᠴᠠᠭᠠᠨ ᠲᠠᠷᠤᠭ᠎ᠠ ᠨᠡᠷ ᠤᠨ ᠡᠩᠨᠡᠭᠡᠨ ᠤ ᠴᠢᠬᠤᠯᠠ ᠪᠦᠷᠢᠯᠳᠦᠭᠦᠨ ᠪᠤᠯᠤᠨ᠎ᠠ᠃ ᠭᠠᠴᠠᠭᠠᠨ ᠲᠠᠷᠤᠭ᠎ᠠ ᠨᠠᠷ ᠶᠠᠮᠠᠷ ᠶᠠᠮᠠᠷ ᠡᠷᠬᠡ ᠮᠡᠳᠡᠯ ᠲᠠᠢ ᠪᠤᠢ︖ ᠦᠯᠡᠮᠵᠢ ᠤᠯᠠᠨ ᠬᠡᠷᠡᠭ ᠶᠠᠪᠤᠳᠠᠯ ᠤᠨ ᠲᠤᠮᠳᠠ ᠲᠡᠳᠡ ᠭᠠᠭᠴᠠᠭᠠᠷ ᠢᠶᠠᠨ ᠡᠵᠡᠨ ᠮᠡᠳᠡᠵᠤ ᠪᠤᠯᠤᠨ᠎ᠠ ᠤᠤ︖ ᠤᠯᠠᠩᠬᠢ ᠲᠤᠭᠠᠨ ᠤ ᠭᠠᠴᠠᠭᠠᠨ ᠤ ᠠᠷᠠᠳ ᠤᠯᠠᠨ ᠪᠤᠯᠤᠨ ᠲᠡᠭᠡᠳᠤ ᠱᠠᠳᠤᠨ ᠤ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ ᠤᠳ ᠭᠠᠴᠠᠭᠠᠨ ᠲᠠᠷᠤᠭ᠎ᠠ ᠨᠡᠷ ᠲᠤ ᠬᠦᠳᠡᠭᠡ ᠲᠤᠰᠬᠤᠨ ᠢ ᠬᠠᠮᠢᠶᠠᠷᠬᠤ ᠡᠷᠬᠡ ᠮᠡᠳᠡᠯ ᠢ ᠤᠯᠭᠤᠳᠠᠭ ᠤᠨ ᠰᠢᠯᠳᠠᠭᠠᠨ ᠨᠢ ᠬᠡᠪᠡᠯ ᠲᠤᠤᠷᠠᠬᠢ ᠭᠡᠳᠦᠨ ᠲᠠᠯ᠎ᠠ ᠪᠠᠷ ᠰᠠᠭᠤᠷᠢᠯᠠᠭᠳᠠᠭᠰᠠᠨ ᠶᠤᠮ᠃ ᠡᠩ ᠲᠡᠷᠢᠬᠦᠨ ᠳᠤ ᠭᠠᠴᠠᠭᠠᠨ ᠲᠠᠷᠤᠭ᠎ᠠ ᠨᠡᠷ ᠨᠢ ᠨᠢᠭᠡ ᠭᠠᠴᠠᠭᠠᠨ ᠤ ᠤᠯᠠᠩᠬᠢ ᠬᠦᠮᠦᠰ ᠤᠨ ᠬᠦᠰᠡᠯ ᠵᠤᠷᠢᠭ ᠢ ᠲᠦᠯᠦᠭᠡᠯᠡᠵᠤ᠂ ᠭᠠᠴᠠᠭᠠᠨ ᠤ ᠤᠯᠠᠨ ᠲᠦᠮᠡᠨ ᠤ ᠦᠨᠳᠦᠰᠦᠨ ᠰᠠᠨᠠᠯ ᠱᠠᠭᠠᠷᠳᠠᠯᠭ᠎ᠠ ᠶᠢ ᠲᠤᠰᠬᠠᠵᠤ ᠴᠢᠳᠡᠨ᠎ᠡ ᠬᠡᠵᠤ ᠦᠵᠡᠵᠡᠢ᠃ ᠭᠠᠴᠠᠭᠠᠨ ᠤ ᠤᠯᠠᠩᠬᠢ ᠠᠷᠠᠳ ᠲᠤ ᠠᠪᠴᠤ ᠬᠡᠯᠡᠪᠡᠯ ᠲᠡᠳᠡ ᠲᠤᠰ ᠭᠠᠴᠠᠭ᠎ᠠ ᠶᠢᠨ ᠨᠡᠶᠢᠬᠡᠮ ᠨᠢ ᠡᠮᠬᠢ ᠳᠢᠭᠯᠢᠮ ᠲᠠᠢ᠂ ᠠᠮᠢᠳᠤᠷᠠᠯ ᠨᠢ ᠲᠤᠭᠳᠠᠭᠤᠨ ᠪᠠᠶᠢᠬᠤ ᠶᠢ ᠬᠦᠰᠡᠵᠤ᠂ ᠦᠢᠯᠡᠳᠪᠤᠷᠢᠯᠡᠯ ᠨᠢ ᠦᠷᠭᠦᠯᠵᠢᠯᠡᠨ ᠬᠦᠭᠵᠢᠵᠤ᠂ ᠠᠮᠢᠳᠤᠷᠠᠯ ᠨᠢ ᠲᠠᠰᠤᠷᠠᠯᠳᠠ ᠦᠬᠡᠢ ᠰᠠᠶᠢᠵᠢᠷᠡᠵᠤ᠂ ᠤᠷᠴᠢᠨ ᠠᠬᠤᠢ ᠨᠢ ᠪᠦᠷᠢᠨ ᠬᠠᠮᠠᠭᠠᠯᠠᠯᠳᠡ ᠲᠠᠢ ᠪᠠᠶᠢᠬᠤ ᠶᠢ ᠬᠦᠰᠡᠳᠡᠭ᠃ ᠭᠠᠴᠠᠭᠠᠨ ᠤ ᠠᠷᠠᠳ ᠤᠯᠠᠨ ᠭᠠᠴᠠᠭᠠᠨ ᠲᠠᠷᠤᠭ᠎ᠠ ᠨᠡᠷ ᠲᠤ ᠡᠷᠬᠡ ᠤᠯᠭᠤᠭᠰᠠᠨ ᠶᠠᠪᠤᠳᠠᠯ ᠪᠤᠯ ᠭᠠᠴᠠᠭᠠᠨ ᠲᠠᠷᠤᠭ᠎ᠠ ᠨᠡᠷ ᠤᠯᠠᠨ ᠲᠦᠮᠡᠨ ᠢ ᠲᠠᠶᠢᠴᠢᠯᠡᠨ ᠭᠠᠴᠠᠭᠠᠨ ᠤ ᠠᠷᠠᠳ ᠤᠯᠠᠨ ᠤ ᠦᠨᠳᠦᠰᠦᠨ ᠬᠦᠰᠡᠯ ᠵᠤᠷᠢᠭ ᠪᠠ ᠱᠠᠭᠠᠷᠳᠠᠯᠭ᠎ᠠ ᠶᠢ ᠪᠡᠶᠡᠯᠡᠬᠦᠯᠵᠤ ᠴᠢᠳᠡᠨ᠎ᠡ ᠬᠡᠵᠤ ᠢᠳᠡᠬᠡᠭᠰᠡᠨ ᠶᠠᠪᠤᠳᠠᠯ ᠮᠦᠨ᠃ ᠲᠡᠭᠡᠳᠤ ᠱᠠᠳᠤᠨ ᠤ ᠵᠠᠰᠠᠭ ᠤᠨ ᠤᠷᠳᠤᠨ ᠠᠴᠠ ᠭᠠᠴᠠᠭᠠᠨ ᠤ ᠠᠷᠠᠳ ᠤᠨ ᠰᠠᠨᠠᠯ ᠢ ᠵᠦᠪᠰᠢᠶᠠᠷᠠᠵᠤ᠂ ᠭᠠᠴᠠᠭᠠᠨ ᠲᠠᠷᠤᠭ᠎ᠠ ᠪᠠᠷ ᠲᠤᠰᠢᠶᠠᠯ ᠳᠤ ᠲᠤᠮᠢᠯᠠᠭᠰᠠᠨ ᠶᠠᠪᠤᠳᠠᠯ ᠪᠤᠯ ᠭᠠᠴᠠᠭᠠᠨ ᠤ ᠠᠷᠠᠳ ᠤᠯᠠᠨ ᠤ ᠰᠤᠩᠭᠤᠭᠰᠠᠨ ᠲᠠᠷᠤᠭ᠎ᠠ ᠨᠡᠷ ᠨᠢ ᠭᠠᠴᠠᠭᠠᠨ ᠲᠠᠷᠤᠭ᠎ᠠ ᠶᠢᠨ ᠡᠭᠦᠷᠭᠡ ᠬᠠᠷᠢᠭᠤᠴᠠᠯᠭ᠎ᠠ ᠪᠠᠨ ᠪᠦᠷᠢᠨ ᠬᠦᠢᠴᠡᠳᠬᠡᠵᠤ ᠴᠢᠳᠡᠨ᠎ᠡ ᠬᠡᠵᠤ ᠦᠵᠡᠭᠰᠡᠨ ᠳᠤ ᠪᠠᠶᠢᠨ᠎ᠠ᠃ ᠡᠶᠢᠮᠤ ᠪᠤᠯᠬᠤᠷ ᠭᠠᠴᠠᠭᠠᠨ ᠤ ᠠᠷᠠᠳ ᠤᠯᠠᠨ ᠪᠤᠯᠤᠨ ᠳᠡᠭᠡᠳᠤ ᠱᠠᠳᠤᠨ ᠤ ᠵᠠᠰᠠᠭ ᠤᠨ ᠤᠷᠳᠤᠨ ᠠᠴᠠ ᠭᠠᠴᠠᠭᠠᠨ ᠲᠠᠷᠤᠭ᠎ᠠ ᠨᠡᠷ ᠲᠤ ᠡᠷᠬᠡ ᠮᠡᠳᠡᠯ ᠤᠯᠭᠤᠭᠰᠠᠨ ᠤ ᠬᠠᠮᠳᠤ ᠪᠠᠰᠠ ᠲᠡᠳᠡᠨ ᠳᠤ ᠬᠠᠷᠢᠭᠤᠴᠠᠯᠭ᠎ᠠ ᠪᠡ ᠡᠭᠦᠷᠭᠡ ᠲᠤᠰᠢᠶᠠᠯ ᠲᠤᠰᠢᠶᠠᠵᠡᠢ ᠬᠡᠵᠤ ᠬᠡᠯᠡᠵᠤ ᠪᠤᠯᠤᠨ᠎ᠠ᠃ ᠪᠢᠳᠡᠨ ᠤ ᠮᠡᠳᠡᠭᠡᠵᠢ ᠪᠠᠷ ᠡᠷᠬᠡ ᠬᠠᠷᠢᠭᠤᠴᠠᠯᠭ᠎ᠠ ᠪᠤᠯ ᠨᠢᠭᠡ ᠬᠡᠷᠡᠭ ᠶᠠᠪᠤᠳᠠᠯ ᠤᠨ ᠬᠤᠶᠠᠷ ᠲᠠᠯ᠎ᠠ ᠮᠦᠨ᠃ ᠦᠭᠡᠷ᠎ᠡ ᠪᠠᠷ ᠬᠡᠯᠡᠪᠡᠯ ᠡᠷᠬᠡ ᠮᠡᠳᠡᠯ ᠲᠠᠢ ᠪᠤᠯᠤᠭᠰᠠᠨ ᠤ ᠬᠠᠮᠳᠤ ᠬᠠᠷᠢᠴᠠᠩᠭᠤᠢ ᠪᠦᠬᠦᠢ ᠡᠭᠦᠷᠭᠡ ᠬᠠᠷᠢᠭᠤᠴᠠᠯᠭ᠎ᠠ ᠲᠠᠢ ᠪᠤᠯᠵᠡᠢ᠃ ᠵᠠᠰᠠᠭ ᠵᠠᠬᠢᠷᠭᠠᠨ ᠤ ᠭᠠᠴᠠᠭ᠎ᠠ ᠨᠢᠭᠡᠪᠤᠷᠢ ᠶᠢᠨ ᠬᠦᠮᠦᠨ ᠠᠮᠠ ᠨᠢ ᠬᠡᠳᠦ᠋ᠢᠪᠡᠷ ᠴᠦᠬᠡᠨ ᠪᠤᠯᠪᠠᠴᠤ ᠡᠷᠳᠡᠨ ᠤ ᠦᠭᠡᠨ ᠳᠤ ︽ᠪᠢᠯᠵᠤᠤᠬᠠᠢ ᠪᠢᠴᠢᠬᠠᠨ ᠪᠤᠯᠪᠠᠴᠤ ᠲᠠᠪᠤᠨ ᠴᠤᠯᠤ ᠬᠦᠢᠴᠡᠳ︾ ᠬᠡᠳᠡᠭ ᠢᠶᠠᠷ ᠵᠠᠰᠠᠭ ᠵᠠᠬᠢᠷᠭᠠᠨ ᠤ ᠭᠠᠴᠠᠭ᠎ᠠ ᠨᠢᠭᠡᠪᠤᠷᠢ ᠨᠢ ᠴᠦᠮ ᠨᠢᠭᠡᠨ ᠪᠦᠷᠢᠨ ᠪᠦᠳᠦᠨ ᠨᠡᠶᠢᠬᠡᠮ ᠮᠦᠨ᠃ ᠭᠠᠴᠠᠭᠠᠨ ᠤ ᠠᠵᠢᠯ ᠨᠢ ᠪᠤᠳᠠᠳᠠᠢ ᠮᠦᠷᠳᠡᠭᠡᠨ ᠨᠠᠷᠢᠨ ᠪᠤᠳᠤᠯᠢᠶᠠᠨᠳᠠᠢ ᠪᠠᠶᠢᠵᠤ ᠠᠵᠤ ᠠᠬᠤᠢ᠂ ᠠᠮᠤᠷ ᠬᠠᠮᠠᠭᠠᠯᠠᠯᠳᠠ᠂ ᠤᠶᠤᠨ ᠤ ᠪᠤᠯᠪᠠᠰᠤᠨ᠂ ᠭᠠᠴᠠᠭᠠᠨ ᠤ ᠪᠦᠳᠦᠭᠡᠨ ᠪᠠᠶᠢᠭᠤᠯᠤᠯᠳᠠ ᠵᠢᠴᠢ ᠲᠦᠯᠦᠪᠯᠡᠭᠡᠲᠤ ᠦᠷᠡᠵᠢᠯ᠂ ᠤᠯᠤᠰ ᠤᠨ ᠨᠤᠳᠤᠭ ᠤᠰᠤ᠂ ᠲᠠᠷᠢᠶᠠᠨ ᠭᠠᠵᠠᠷ ᠤᠨ ᠤᠰᠤᠨ ᠠᠰᠢᠭᠯᠠᠯᠳᠠ᠂ ᠰᠤᠷᠭᠠᠨ ᠬᠦᠮᠦᠵᠢᠯ᠂ ᠠᠷᠠᠳ ᠤᠨ ᠶᠠᠪᠤᠳᠠᠯ ᠵᠡᠷᠭᠡ ᠤᠯᠠᠨ ᠲᠠᠯ᠎ᠠ ᠳᠤ ᠬᠤᠯᠪᠤᠭᠳᠠᠵᠤ ᠪᠠᠶᠢᠳᠠᠭ ᠪᠤᠯᠬᠤᠷ ᠦᠴᠦᠬᠡᠨ ᠴᠤ ᠬᠠᠭᠤᠮᠠᠭᠠᠢ ᠪᠠᠶᠢᠵᠤ ᠪᠤᠯᠬᠤ ᠦᠬᠡᠢ ᠶᠤᠮ᠃ ᠡᠳᠡᠬᠡᠷ ᠲᠠᠯ᠎ᠠ ᠲᠠᠯ᠎ᠠ ᠶᠢᠨ ᠠᠵᠢᠯ ᠢ ᠬᠡᠷᠬᠢᠨ ᠤᠷᠭᠠᠨᠢᠭ ᠢᠶᠠᠷ ᠤᠶᠠᠯᠳᠤᠭᠤᠯᠬᠤ ᠪᠤᠯ ᠭᠠᠴᠠᠭᠠᠨ ᠲᠠᠷᠤᠭ᠎ᠠ ᠨᠡᠷ ᠤᠨ ᠡᠷᠬᠡᠪᠰᠢ ᠪᠡᠶᠡᠯᠡᠬᠦᠯᠬᠦ ᠬᠡᠷᠡᠭᠳᠡᠢ ᠦᠨᠳᠦᠰᠦᠨ ᠠᠵᠢᠯ ᠪᠤᠯᠤᠨ᠎ᠠ᠃ ᠭᠠᠴᠠᠭᠠᠨ ᠲᠠᠷᠤᠭ᠎ᠠ ᠡᠷᠭᠡ ᠮᠡᠳᠡᠯ ᠢᠶᠠᠨ ᠬᠡᠷᠡᠭᠵᠢᠬᠦᠯᠬᠦ ᠶᠢᠨ ᠬᠠᠮᠳᠤ ᠦᠪᠡᠷ ᠤᠨ ᠡᠭᠦᠷᠭᠡ ᠬᠠᠷᠢᠭᠤᠴᠠᠯᠭ᠎ᠠ ᠪᠠᠨ ᠲᠡᠭᠦᠰ ᠬᠦᠢᠴᠡᠳᠭᠡᠬᠦ ᠶᠢ ᠬᠡᠵᠢᠶᠠᠳᠠ ᠪᠤᠳᠤᠯᠬᠢᠯᠡᠬᠤ ᠭᠡᠷᠡᠭᠳᠡᠢ᠃ ᠲᠤᠰᠢᠶᠠᠯ ᠬᠦᠢᠴᠡᠳᠭᠡᠬᠦ ᠬᠤᠭᠤᠴᠠᠭᠠᠨ ᠳᠠᠭᠠᠨ ᠠᠷᠠᠳ ᠤᠯᠠᠨ ᠤ ᠢᠳᠡᠬᠡᠯ ᠬᠦᠰᠡᠯ ᠢ ᠬᠦᠰᠡᠷᠳᠡᠬᠦᠯᠬᠦ ᠦᠬᠡᠢ ᠪᠠᠶᠢᠬᠤ ᠶᠢ ᠪᠤᠳᠤᠵᠤ᠂ ᠭᠠᠴᠠᠭ᠎ᠠ ᠶᠢᠨ ᠤᠯᠠᠩᠬᠢ ᠬᠦᠮᠦᠰ ᠤᠨ ᠠᠰᠢᠭ ᠲᠤᠰᠠ ᠶᠢ ᠲᠦᠯᠦᠭᠡᠯᠡᠬᠦ ᠶᠢ ᠰᠠᠨᠠᠵᠤ᠂ ᠲᠡᠭᠡᠳᠤ ᠱᠠᠳᠤᠨ ᠤ ᠵᠠᠰᠠᠭ ᠤᠨ ᠤᠷᠳᠤᠨ ᠤ ᠱᠠᠭᠠᠷᠳᠠᠯᠭ᠎ᠠ ᠪᠤᠯᠤᠨ ᠭᠠᠴᠠᠭᠠᠨ ᠤ ᠠᠷᠠᠳ ᠤᠯᠠᠨ ᠤ ᠦᠨᠳᠦᠰᠦᠨ ᠬᠦᠰᠡᠯ ᠵᠤᠷᠢᠭ ᠢᠶᠠᠷ ᠭᠠᠴᠠᠭᠠᠨ ᠤ ᠪᠠᠨ ᠠᠵᠢᠯ ᠢ ᠰᠠᠶᠢᠨ ᠬᠢᠬᠦ ᠬᠡᠷᠡᠭᠳᠡᠢ᠃ ᠶᠠᠮᠠᠷ ᠬᠦᠮᠦᠨ ᠭᠠᠴᠠᠭᠠᠨ ᠲᠠᠷᠤᠭ᠎ᠠ ᠪᠤᠯᠬᠤ ᠳᠤ ᠲᠤᠬᠢᠷᠠᠬᠤ ᠪᠤᠢ︖ ᠮᠠᠨ ᠤ ᠤᠯᠤᠰ ᠤᠨ ᠵᠤᠩᠭᠢᠯᠠᠬᠤ ᠲᠤᠭᠠᠨ ᠤ ᠪᠠᠶᠠᠨ ᠴᠢᠨᠡᠭᠡᠯᠢᠭ ᠭᠠᠴᠠᠭ᠎ᠠ ᠲᠤᠰᠬᠤᠨ ᠤ ᠲᠦᠬᠡᠮᠡᠯ ᠲᠤᠷᠰᠢᠯᠭ᠎ᠠ ᠶᠢᠨ ᠨᠢᠭᠡ ᠨᠢ ᠬᠡᠪᠡᠯ᠂ ᠡᠳᠡᠭᠡᠷ ᠭᠠᠴᠠᠭᠠᠨ ᠳᠤ ᠨᠢᠭᠡᠨ ᠲᠤᠭᠳᠠᠪᠤᠷᠢᠳᠠᠢ ᠤᠳᠤᠷᠢᠳᠬᠤ ᠪᠠᠭ ᠲᠠᠢ᠂ ᠨᠢᠭᠡᠨ ᠰᠠᠶᠢᠨ ᠲᠠᠭᠠᠭᠤᠯᠤᠭᠴᠢ ᠬᠦᠮᠦᠨ ᠲᠠᠢ ᠪᠠᠶᠢᠳᠠᠭ᠃ ᠮᠠᠨ ᠤ ᠤᠯᠤᠰ ᠤᠨ ᠪᠠᠶᠠᠨ ᠴᠢᠨᠡᠭᠡᠯᠢᠭ ᠭᠠᠴᠠᠭ᠎ᠠ ᠲᠤᠰᠬᠤᠨ ᠨᠤᠭᠤᠳ ᠤᠨ ᠲᠤᠷᠰᠢᠯᠭ᠎ᠠ ᠪᠠᠷ ᠠᠪᠴᠤ ᠦᠵᠡᠪᠡᠯ᠂ ᠲᠤᠰ ᠭᠠᠴᠠᠭᠠᠨ ᠤ ᠬᠦᠮᠤᠰ ᠪᠦᠷᠢᠮᠤᠰᠤᠨ ᠰᠠᠶᠢᠨ ᠭᠠᠴᠠᠭᠠᠨ ᠲᠠᠷᠤᠭ᠎ᠠ ᠪᠤᠯᠵᠦ ᠴᠢᠳᠠᠬᠤ ᠪᠦᠭᠡᠳ ᠭᠠᠴᠠᠭᠠᠨ ᠲᠠᠷᠤᠭ᠎ᠠ ᠪᠤᠯᠬᠤ ᠳᠤ ᠴᠤ ᠲᠤᠬᠢᠷᠠᠨ᠎ᠠ᠃ ᠡᠬᠦᠨ ᠤ ᠬᠠᠮᠳᠤ ︽ᠭᠠᠴᠠᠭᠠᠨ ᠤ ᠠᠷᠠᠳ ᠤᠨ ᠵᠦᠪᠯᠡᠯ ᠤᠨ ᠵᠤᠬᠢᠶᠠᠨ ᠪᠠᠶᠢᠭᠤᠯᠤᠯᠳᠠ ᠶᠢᠨ ᠬᠠᠤᠯᠢ︾ ᠶᠢᠨ ᠲᠤᠭᠳᠠᠭᠠᠯ ᠢ ᠦᠨᠳᠦᠰᠦᠯᠡᠪᠡᠯ᠂ ᠭᠠᠴᠠᠭᠠᠨ ᠤ ᠠᠷᠠᠳ ᠤᠨ ᠵᠦᠪᠯᠡᠯ ᠤᠨ ᠡᠷᠬᠢᠯᠡᠭᠴᠢ ᠶᠢ ᠡᠷᠬᠡᠪᠰᠢ ᠡᠷᠦᠬᠡ ᠠᠮᠠ ᠨᠢ ᠲᠤᠰ ᠭᠠᠴᠠᠭᠠᠨ ᠳᠤ ᠪᠠᠶᠢᠭ᠎ᠠ ᠠᠷᠠᠳ ᠠᠴᠠ ᠰᠤᠩᠭᠤᠬᠤ ᠭᠡᠷᠡᠭᠳᠡᠢ ᠬᠡᠵᠤ ᠲᠤᠭᠳᠠᠭᠠᠵᠡᠢ᠃ ᠡᠨᠡ ᠬᠦ ᠲᠤᠭᠳᠠᠭᠠᠯ ᠨᠢ ᠭᠠᠴᠠᠭᠠᠨ ᠤ ᠠᠷᠠᠳ ᠤᠨ ᠵᠦᠪᠯᠡᠯ ᠤᠨ ᠡᠷᠬᠢᠯᠡᠭᠴᠢ ᠶᠢᠨ ᠲᠤᠰᠢᠶᠠᠯ ᠡᠬᠦᠷᠭᠡᠯᠡᠬᠦ ᠰᠤᠩᠭᠤᠭᠳᠠᠭᠴᠢ ᠨᠢ ᠲᠤᠰ ᠭᠠᠴᠠᠭᠠᠨ ᠤ ᠬᠦᠮᠦᠨ ᠪᠠᠶᠢᠬᠤ ᠬᠡᠷᠡᠭᠳᠡᠢ ᠬᠡᠵᠤ ᠬᠢᠵᠠᠭᠠᠷᠯᠠᠵᠠᠢ᠃ ᠨᠦᠬᠦᠭᠡ ᠲᠠᠯ᠎ᠠ ᠪᠠᠷ ᠤᠳᠤᠬᠠᠨ ᠳᠤ ᠮᠠᠨ ᠤ ᠤᠯᠤᠰ ᠤᠨ ᠬᠦᠳᠡᠭᠡ ᠲᠤᠰᠬᠤᠨ ᠨᠢᠭᠡᠨᠳᠡ ᠲᠠᠸᠠᠷ ᠤᠨ ᠠᠵᠤ ᠠᠬᠤᠢ ᠳᠤ ᠰᠢᠯᠵᠢᠨ ᠤᠷᠤᠪᠠ᠃ ᠬᠡᠰᠡᠭ ᠬᠦᠳᠡᠭᠡ ᠲᠤᠰᠬᠤᠨ ᠳᠤ ᠲᠠᠸᠠᠷ ᠤᠨ ᠠᠵᠤ ᠠᠬᠤᠢ ᠶᠢᠨ ᠨᠦᠬᠦᠴᠡᠯ ᠲᠤᠤᠷ᠎ᠠ ᠠᠵᠤ ᠠᠬᠤᠢ ᠶᠢ ᠬᠡᠷᠬᠢᠨ ᠬᠦᠭᠵᠢᠬᠦᠯᠬᠦ ᠶᠢ ᠦᠢᠯᠠᠭᠠᠳᠠᠭ ᠴᠢᠳᠡᠪᠤᠷᠢᠳᠡᠨ ᠬᠤᠪᠤᠷᠳᠠᠵᠤ ᠪᠠᠶᠢᠬᠤ ᠠᠴᠠ ᠪᠤᠯᠤᠭᠠᠳ᠂ ᠡᠷᠳᠡᠮ ᠰᠤᠶᠤᠯ ᠲᠠᠢ᠂ ᠴᠤᠭ ᠵᠤᠷᠢᠭ ᠲᠠᠢ᠂ ᠡᠷᠢᠯ ᠬᠦᠰᠡᠯᠡᠩ ᠲᠠᠢ ᠨᠡᠯᠢᠶᠠᠳ ᠤᠯᠠᠨ ᠭᠠᠳᠠᠨᠠᠬᠢ ᠶᠢᠨ ᠬᠦᠮᠦᠰ ᠬᠦᠳᠡᠭᠡ ᠲᠤᠰᠬᠤᠨ ᠳᠤ ᠤᠷᠢᠭᠳᠠᠨ ᠭᠠᠴᠠᠭᠠᠨ ᠲᠠᠷᠤᠭ᠎ᠠ ᠪᠤᠯᠤᠭᠰᠠᠨ ᠪᠠᠶᠢᠳᠠᠭ᠃ ᠡᠳᠡᠭᠡᠷ ᠬᠦᠮᠦᠰ ᠬᠡᠳᠦ᠋ᠢᠪᠡᠷ ᠲᠤᠰ ᠨᠤᠳᠤᠭ ᠤᠷᠤᠨ ᠳᠤ ᠤᠷᠳᠤ ᠬᠤᠭᠤᠴᠠᠭ᠎ᠠ ᠪᠠᠷ ᠠᠵᠢᠯᠯᠠᠵᠦ ᠠᠮᠢᠳᠤᠷᠠᠭᠰᠠᠨ ᠲᠡᠤᠬᠡ ᠦᠬᠡᠢ᠂ ᠲᠤᠰ ᠭᠠᠴᠠᠭᠠᠨ ᠤ ᠪᠠᠶᠢᠳᠠᠯ ᠢ ᠴᠤ ᠲᠡᠶᠢᠮᠤ ᠰᠠᠶᠢᠨ ᠤᠶᠢᠯᠠᠭᠠᠳᠠᠭ ᠦᠭᠡᠢ ᠪᠤᠯᠪᠠᠴᠤ ᠲᠡᠳᠡ ᠡᠷᠳᠡᠮ ᠰᠤᠶᠤᠯ ᠲᠠᠢ᠂ ᠴᠤᠭ ᠵᠤᠷᠢᠭ ᠲᠠᠢ᠂ ᠠᠵᠢᠯᠯᠠᠬᠤ ᠡᠷᠴᠢᠮ ᠬᠦᠴᠤ ᠲᠠᠢ᠂ ᠠᠷᠭ᠎ᠠ ᠲᠠᠮ ᠲᠠᠢ ᠪᠤᠯᠬᠤᠷ ᠤᠯᠠᠩᠬᠢ ᠬᠦᠮᠦᠰ ᠤᠨ ᠠᠵᠢᠯ ᠨᠢ ᠪᠦᠬᠦ ᠭᠠᠴᠠᠭᠠᠨ ᠤ ᠬᠢᠨ ᠤ ᠦᠨᠠᠯᠡᠯᠳᠡ ᠶᠢ ᠤᠯᠵᠡᠢ᠃ ᠵᠠᠷᠢᠮ ᠨᠢ ᠪᠠᠰᠠ ᠬᠦᠳᠡᠭᠡ ᠲᠤᠰᠬᠤᠨ ᠳᠤ ᠤᠷᠳᠤ ᠬᠤᠭᠤᠴᠠᠭ᠎ᠠ ᠪᠠᠷ ᠤᠷᠤᠰᠢᠨ ᠰᠠᠭᠤᠷᠢᠰᠢᠭᠠᠳ ᠭᠢᠯᠡᠯᠵᠡᠳᠡᠯᠡ ᠠᠵᠢᠯᠯᠠᠵᠠᠢ᠃ ᠵᠢᠱᠢᠶᠠᠯᠠᠪᠠᠯ ᠮᠠᠨ ᠤ ᠤᠯᠤᠰ ᠤᠨ ᠰᠢᠨᠵᠢᠶᠠᠩ ᠤᠨ ᠤᠶᠢᠭᠤᠷ ᠦᠨᠳᠤᠰᠦᠳᠡᠨ ᠤ ᠦᠪᠡᠷᠳᠡᠭᠡᠨ ᠵᠠᠰᠠᠬᠤ ᠤᠷᠤᠨ ᠤ ᠢᠳᠡᠰᠢᠨ ᠨᠤᠭᠤᠭ᠎ᠠ ᠲᠠᠷᠢᠬᠤ ᠶᠢ ᠬᠦᠭᠵᠢᠬᠦᠯᠬᠦ ᠶᠢᠨ ᠲᠤᠰᠠᠳᠠ ᠵᠠᠷᠢᠮ ᠭᠠᠴᠠᠭ᠎ᠠ ᠨᠢ ᠡᠾᠧᠨᠠᠨ᠂ ᠱᠠᠨᠳᠦ᠋ᠩ ᠵᠡᠷᠭᠡ ᠤᠷᠤᠨ ᠠᠴᠠ ᠨᠤᠭᠤᠭ᠎ᠠ ᠲᠠᠷᠢᠬᠤ ᠴᠢᠳᠡᠪᠤᠷᠢᠳᠡᠨ ᠢ ᠤᠷᠢᠨ ᠵᠠᠯᠠᠵᠤ ᠵᠤᠬᠢᠬᠤ ᠲᠤᠰᠢᠶᠠᠯ ᠡᠭᠦᠷᠭᠡᠯᠡᠬᠦᠯᠦᠭᠰᠡᠨ ᠠᠴᠠ ᠢᠳᠡᠰᠢᠨ ᠨᠤᠭᠤᠭ᠎ᠠ ᠶᠢᠨ ᠦᠢᠯᠡᠳᠪᠤᠷᠢᠯᠡᠯ ᠨᠢ ᠦᠳᠲᠡᠷ ᠲᠦᠷᠭᠡᠨ ᠬᠦᠭᠵᠢᠵᠡᠢ᠃ ᠤᠳᠤᠬᠠᠨ ᠤ ᠲᠤᠷᠰᠢᠯᠭ᠎ᠠ ᠠᠴᠠ ᠠᠪᠴᠤ ᠦᠵᠡᠪᠡᠯ ᠭᠠᠳᠠᠨᠠᠬᠢ ᠶᠢᠨ ᠬᠦᠮᠦᠰ ᠭᠠᠴᠠᠭᠠᠨ ᠲᠠᠷᠤᠭ᠎ᠠ ᠨᠡᠷ ᠤᠨ ᠲᠤᠰᠢᠶᠠᠯ ᠡᠭᠦᠷᠭᠡᠯᠡᠪᠡᠴᠤ ᠮᠦᠨ ᠬᠦ ᠭᠢᠯᠠᠯᠵᠠᠭᠰᠠᠨ ᠠᠮᠵᠢᠯᠳᠠ ᠪᠦᠳᠦᠭᠡᠯ ᠤᠯᠵᠤ ᠴᠢᠳᠡᠨ᠎ᠡ᠃ ᠢᠯᠠᠩᠭᠤᠶ᠎ᠠ ᠶᠠᠮᠠᠷ ᠨᠢᠭᠡᠨ ᠭᠠᠴᠠᠭᠠᠨ ᠤ ᠠᠵᠢᠯ ᠨᠢ ᠤᠷᠳᠤ ᠬᠤᠭᠤᠴᠠᠭ᠎ᠠ ᠪᠠᠷ ᠦᠭᠡᠳᠡ ᠦᠬᠡᠢ ᠪᠠᠶᠢᠬᠤ ᠪᠠᠶᠢᠳᠠᠯ ᠲᠤᠤᠷ᠎ᠠ ᠭᠠᠴᠠᠭ᠎ᠠ ᠠᠴᠠ ᠪᠠᠨ ᠤᠯᠠᠨ ᠤ ᠢᠳᠡᠬᠡᠵᠤ ᠪᠢᠰᠢᠷᠡᠬᠦ ᠬᠠᠮᠢᠶᠠᠷᠤᠭᠴᠢ ᠶᠢ ᠰᠤᠩᠭᠤᠬᠤ ᠳᠤ ᠪᠡᠷᠬᠡ ᠲᠠᠢ ᠦᠶᠠᠰ ᠭᠠᠳᠠᠨ᠎ᠠ ᠠᠴᠠ ᠤᠷᠢᠭᠰᠠᠨ ᠭᠠᠴᠠᠭᠠᠨ ᠲᠠᠷᠤᠭ᠎ᠠ ᠨᠢ ᠵᠠᠷᠢᠮ ᠦᠶ᠎ᠠ ᠳᠤ ᠭᠠᠴᠠᠭᠠᠨ ᠲᠠᠷᠤᠭ᠎ᠠ ᠶᠢᠨ ᠲᠤᠰᠢᠶᠠᠯ ᠢ ᠮᠠᠰᠢ ᠰᠠᠶᠢᠨ ᠬᠦᠢᠴᠡᠳᠬᠡᠵᠤ ᠴᠢᠳᠡᠨ᠎ᠡ᠃ ᠭᠠᠴᠠᠭᠠᠨ ᠲᠠᠷᠤᠭ᠎ᠠ ᠶᠢᠨ ᠲᠤᠰᠢᠶᠠᠯ ᠢ ᠬᠡᠳᠦᠢ ᠨᠠᠰᠤᠨ ᠤ ᠬᠦᠮᠦᠨ ᠡᠭᠦᠷᠭᠡᠯᠡᠪᠡᠯ ᠲᠤᠬᠢᠷᠠᠬᠤ ᠪᠤᠢ︖ ᠬᠠᠮᠢᠶᠠᠷᠤᠭᠴᠢᠳ ᠤᠨ ᠤᠨᠴᠠᠯᠢᠭ ᠠᠴᠠ ᠰᠢᠨᠵᠢᠨ ᠵᠠᠳᠠᠯᠪᠠᠯ ᠵᠠᠯᠠᠭᠤ ᠬᠦᠮᠦᠰ ᠨᠢ ᠴᠤᠭ ᠵᠤᠯᠪᠤᠭ᠎ᠠ ᠲᠠᠢ᠂ ᠡᠷᠴᠢ ᠵᠤᠷᠢᠭ ᠲᠠᠢ᠂ ᠰᠢᠨ᠎ᠠ ᠬᠡᠷᠡᠭ ᠪᠤᠳᠠᠰ ᠢ ᠬᠦᠯᠢᠶᠠᠨ ᠠᠪᠬᠤ ᠨᠢ ᠲᠦᠷᠭᠡᠨ᠂ ᠰᠢᠨ᠎ᠠ ᠪᠠᠶᠢᠳᠠᠯ ᠢ ᠪᠤᠢ ᠪᠤᠯᠭᠠᠵᠤ᠂ ᠰᠢᠨ᠎ᠠ ᠠᠷᠭ᠎ᠠ ᠵᠠᠮ ᠢ ᠡᠬᠦᠳᠬᠦ ᠳᠤ ᠲᠤᠬᠢᠷᠠᠮᠵᠢᠳᠡᠢ ᠪᠠᠶᠢᠳᠠᠭ᠃ ᠨᠠᠰᠤᠳᠠᠢ ᠲᠤᠮᠤᠭᠠᠳᠠᠢ ᠬᠦᠮᠦᠰ ᠪᠠᠶᠠᠯᠢᠭ ᠲᠤᠷᠰᠢᠯᠭ᠎ᠠ ᠲᠠᠢ ᠲᠤᠯᠠ ᠠᠵᠢᠯ ᠶᠠᠪᠤᠳᠠᠯ ᠢ ᠬᠢᠬᠦ ᠳᠤ ᠯᠠᠪᠳᠠᠭᠤᠨ᠂ ᠤᠯᠠᠩᠬᠢ ᠨᠢ ᠢᠳᠡᠬᠡᠯ ᠬᠦᠨᠳᠤ ᠲᠠᠢ ᠪᠠᠶᠢᠳᠠᠭ ᠪᠦᠭᠡᠳ ᠭᠠᠴᠠᠭᠠᠨ ᠤ ᠪᠠᠶᠢᠳᠠᠯ ᠢ ᠨᠡᠯᠢᠶᠠᠳ ᠰᠠᠶᠢᠨ ᠤᠶᠢᠯᠠᠭᠠᠲᠠᠭ ᠪᠤᠯᠬᠤᠷ ᠭᠠᠴᠠᠭᠠᠨ ᠤ ᠵᠦᠷᠢᠴᠡᠯ ᠮᠦᠷᠭᠦᠯᠳᠦᠭᠡᠨ ᠢ ᠰᠢᠢᠳᠪᠤᠷᠢᠯᠠᠵᠦ᠂ ᠤᠯᠠᠨ ᠤ ᠦᠵᠡᠯ ᠲᠠᠨᠢᠯᠳᠠ ᠶᠢ ᠨᠢᠭᠡᠳᠬᠡᠬᠦ ᠳᠤ ᠲᠤᠬᠢᠷᠠᠮᠵᠢᠳᠠᠢ ᠪᠠᠶᠢᠳᠠᠭ᠃ ᠮᠠᠨ ᠤ ᠤᠯᠤᠰ ᠤᠨ ᠬᠦᠳᠡᠭᠡ ᠲᠤᠰᠬᠤᠨ ᠤ ᠪᠤᠳᠠᠳᠤ ᠵᠢᠱᠢᠶ᠎ᠠ ᠠᠴᠠ ᠠᠪᠴᠤ ᠦᠵᠡᠪᠡᠯ ᠦᠳᠡᠯᠦᠭᠰᠡᠨ ᠵᠠᠯᠠᠭᠤ ᠬᠡᠰᠡᠨ ᠦᠭᠡᠢ ᠴᠦᠮ ᠰᠠᠶᠢᠨ ᠭᠠᠴᠠᠭᠠᠨ ᠲᠠᠷᠤᠭ᠎ᠠ ᠪᠤᠯᠵᠤ ᠴᠢᠳᠡᠨ᠎ᠡ᠃ ᠡᠬᠦᠨ ᠤ ᠬᠠᠮᠳᠤ ᠤᠳᠤᠬᠠᠨ ᠴᠦᠬᠡᠨ ᠪᠤᠰᠤ ᠭᠠᠵᠠᠷ ᠤᠷᠤᠨ ᠳᠤ ᠶᠡᠭᠡ ᠰᠤᠷᠭᠠᠭᠤᠯᠢ ᠲᠡᠭᠦᠰᠦᠭᠰᠡᠨ ᠰᠤᠷᠤᠭᠴᠢ᠂ ᠴᠢᠨᠠᠭᠰᠢᠯᠠᠪᠠᠯ ᠰᠤᠳᠤᠯᠬᠤ ᠰᠤᠷᠤᠭᠴᠢ ᠭᠠᠴᠠᠭᠠᠨ ᠤ ᠲᠠᠷᠤᠭ᠎ᠠ ᠶᠢᠨ ᠲᠤᠰᠢᠶᠠᠯ ᠢ ᠡᠭᠦᠷᠭᠡᠯᠡᠭᠰᠡᠨ ᠵᠢᠱᠢᠶ᠎ᠠ ᠨᠦᠭᠦᠳ ᠪᠤᠢ᠃ ᠡᠳᠡᠭᠡᠷ ᠬᠦᠮᠦᠰ ᠡᠷᠳᠡᠮ ᠮᠡᠳᠡᠯᠭᠡ ᠲᠠᠢ᠂ ᠡᠷᠴᠢ ᠵᠤᠷᠢᠭ ᠲᠠᠢ᠂ ᠵᠠᠷᠢᠮ ᠨᠢ ᠪᠠᠰᠠ ᠵᠤᠬᠢᠬᠤ ᠨᠡᠶᠢᠬᠡᠮ ᠤᠨ ᠬᠠᠷᠢᠴᠠᠭ᠎ᠠ ᠬᠤᠯᠪᠤᠭ᠎ᠠ ᠲᠠᠢ᠂ ᠭᠠᠳᠠᠭᠠᠳᠤ ᠡᠳᠡᠭᠡᠳ ᠲᠠᠢ ᠦᠷᠭᠡᠨ ᠢᠶᠠᠷ ᠬᠠᠷᠢᠴᠠᠵᠤ ᠴᠢᠳᠠᠳᠠᠭ ᠪᠤᠯᠬᠤᠷ ᠨᠢᠭᠡ ᠪᠦᠯᠦᠭ ᠶᠡᠭᠡ ᠰᠤᠷᠭᠠᠭᠤᠯᠢ ᠲᠡᠭᠦᠰᠦᠭᠴᠢᠳ ᠤᠬᠤᠷᠬᠠᠨ ᠬᠤᠭᠤᠴᠠᠭᠠᠨ ᠲᠤᠳᠤᠷ᠎ᠠ ᠬᠦᠳᠡᠭᠡ ᠲᠤᠰᠬᠤᠨ ᠤ ᠠᠵᠤ ᠠᠬᠤᠢ ᠶᠢᠨ ᠠᠷᠭ᠎ᠠ ᠵᠠᠮ ᠢ ᠨᠡᠭᠡᠭᠡᠵᠤ᠂ ᠢᠯᠡᠤᠨᠳᠡ ᠠᠮᠵᠢᠯᠳᠠ ᠪᠦᠳᠦᠭᠡᠯ ᠤᠯᠵᠡᠢ᠃ ᠪᠠᠰᠠ ᠵᠠᠷᠢᠮ ᠭᠠᠵᠠᠷ ᠤᠷᠤᠨ ᠨᠢ ᠠᠵᠤ ᠠᠬᠤᠶᠢᠯᠠᠯ ᠡᠷᠬᠢᠯᠡᠭᠡᠳ ᠵᠤᠭᠤᠰ ᠮᠦᠩᠭᠦ ᠤᠯᠵᠦ ᠴᠢᠳᠠᠭᠰᠠᠨ ᠪᠠᠶᠢᠨ᠎ᠠ᠃ ᠠᠵᠢᠯ ᠦᠢᠯᠡᠰ ᠲᠡᠭᠡᠨ ᠠᠮᠵᠢᠯᠳᠠ ᠪᠦᠲᠦᠭᠡᠯ ᠤᠯᠤᠭᠰᠠᠨ ᠴᠢᠳᠡᠪᠤᠷᠢᠳᠡᠨ ᠢ ᠤᠷᠢᠨ ᠵᠠᠯᠠᠵᠤ ᠭᠠᠴᠠᠭᠠᠨ ᠲᠠᠷᠤᠭ᠎ᠠ ᠶᠢᠨ ᠡᠭᠦᠷᠭᠡ ᠶᠢ ᠡᠭᠦᠷᠭᠡᠯᠡᠬᠦᠯᠦᠭᠰᠡᠨ ᠪᠠᠶᠢᠳᠠᠭ᠃ ᠤᠳᠤᠷᠢᠳᠬᠤ ᠲᠤᠰᠢᠶᠠᠯ ᠡᠭᠦᠷᠭᠡᠯᠡᠵᠤ ᠦᠩᠭᠡᠷᠡᠭᠰᠡᠨ ᠡᠳᠡᠭᠡᠷ ᠬᠠᠮᠢᠶᠠᠷᠤᠯᠳᠠ ᠶᠢᠨ ᠬᠦᠮᠦᠰ ᠨᠢ ᠴᠢᠳᠡᠪᠤᠷᠢ ᠲᠠᠢ᠂ ᠲᠤᠷᠰᠢᠯᠭ᠎ᠠ ᠲᠠᠢ᠂ ᠦᠷᠭᠡᠨ ᠲᠡᠯᠭᠡᠷ ᠨᠡᠶᠢᠬᠡᠮ ᠤᠨ ᠬᠠᠷᠢᠴᠠᠭ᠎ᠠ ᠲᠠᠢ ᠪᠤᠯᠬᠤᠷ ᠬᠦᠳᠡᠭᠡ ᠲᠤᠰᠬᠤᠨ ᠤ ᠤᠷᠳᠤ ᠬᠤᠭᠤᠴᠠᠭ᠎ᠠ ᠪᠠᠷ ᠰᠢᠢᠳᠪᠤᠷᠢᠯᠠᠵᠦ ᠴᠢᠳᠠᠭᠠᠳᠤᠢ ᠪᠡᠷᠬᠡ ᠠᠰᠠᠭᠤᠳᠠᠯ ᠢ ᠤᠬᠤᠷᠬᠠᠨ ᠬᠤᠭᠤᠴᠠᠭ᠎ᠠ ᠲᠤᠳᠤᠷ᠎ᠠ ᠰᠢᠢᠳᠪᠤᠷᠢᠯᠠᠬᠡᠳ ᠬᠦᠳᠡᠭᠡ ᠲᠤᠰᠬᠤᠨ ᠢ ᠤᠳᠤᠷᠢᠳᠤᠨ ᠦᠢᠯᠡᠳᠪᠤᠷᠢᠯᠡᠯ ᠤᠨ ᠬᠦᠭᠵᠢᠯᠳᠡ ᠪᠤᠯᠤᠨ ᠭᠠᠴᠠᠭ᠎ᠠ ᠲᠤᠰᠬᠤᠨ ᠤ ᠪᠦᠳᠦᠭᠡᠨ ᠪᠠᠶᠢᠭᠤᠯᠤᠯᠳᠠ ᠶᠢᠨ ᠲᠤᠮᠳᠠ ᠲᠤᠪᠤᠶᠢᠮ᠎ᠠ ᠠᠮᠵᠢᠯᠳᠠ ᠤᠯᠵᠤ ᠴᠢᠳᠡᠨ᠎ᠡ᠃ ᠦᠢᠷ᠎ᠡ ᠶᠢᠨ ᠬᠡᠳᠦᠨ ᠵᠢᠯ ᠤᠨ ᠮᠠᠨ ᠤ ᠤᠯᠤᠰ ᠤᠨ ᠬᠦᠳᠡᠭᠡ ᠲᠤᠰᠬᠤᠨ ᠤ ᠭᠦᠭᠵᠢᠯᠳᠡ ᠶᠢᠨ ᠪᠤᠳᠠᠳᠠᠢ ᠪᠠᠶᠢᠳᠠᠯ ᠠᠴᠠ ᠦᠵᠡᠪᠡᠯ ᠶᠡᠭᠡ ᠰᠤᠷᠭᠠᠭᠤᠯᠢ ᠲᠡᠭᠦᠰᠦᠭᠴᠢᠳ ᠴᠤ ᠲᠡᠷᠡ᠂ ᠬᠠᠰᠢᠷ ᠲᠤᠷᠰᠢᠯᠭ᠎ᠠ ᠲᠠᠢ ᠬᠠᠮᠢᠶᠠᠷᠤᠭᠴᠢᠳ ᠴᠤ ᠲᠡᠷᠡ᠂ ᠲᠡᠳᠡ ᠴᠦᠮ ᠰᠠᠶᠢᠨ ᠭᠠᠴᠠᠭᠠᠨ ᠲᠠᠷᠤᠭ᠎ᠠ ᠪᠤᠯᠵᠤ ᠴᠢᠳᠡᠨ᠎ᠡ᠃ ᠰᠠᠶᠢᠨ ᠭᠠᠴᠠᠭᠠᠨ ᠲᠠᠷᠤᠭ᠎ᠠ ᠪᠤᠯᠬᠤ ᠳᠤ ᠶᠠᠮᠠᠷ ᠨᠦᠬᠦᠴᠡᠯ ᠢ ᠪᠦᠷᠢᠳᠦᠬᠦᠯᠬᠦ ᠪᠤᠢ︖ ᠭᠠᠴᠠᠭᠠᠨ ᠲᠠᠷᠤᠭ᠎ᠠ ᠪᠤᠯᠤᠭᠰᠠᠳ ᠡᠷᠬᠡᠪᠡᠰᠢ ᠦᠪᠡᠷ ᠤᠨ ᠨᠤᠳᠤᠭ ᠤᠰᠤ ᠪᠠᠨ ᠬᠠᠶᠢᠷᠠᠯᠠᠬᠤ᠂ ᠭᠠᠴᠠᠭᠠᠨ ᠤ ᠠᠷᠠᠳ ᠤᠯᠠᠨ ᠢᠶᠠᠨ ᠦᠷᠦ ᠡᠪᠡᠳᠬᠦ᠂ ᠭᠠᠴᠠᠭᠠᠨ ᠤ ᠤᠯᠠᠨ ᠳᠠᠭᠠᠨ ᠦᠢᠯᠡᠴᠢᠯᠡᠬᠦ ᠵᠤᠷᠢᠭ ᠰᠠᠨᠠᠭ᠎ᠠ ᠲᠠᠢ ᠪᠠᠶᠢᠬᠤ᠂ ᠭᠠᠴᠠᠭᠠᠨ ᠤ ᠤᠯᠠᠨ ᠲᠠᠢ ᠪᠠᠨ ᠰᠡᠳᠭᠢᠯ ᠢᠶᠠᠨ ᠮᠡᠳᠡᠯᠴᠡᠭᠰᠡᠨ ᠪᠤᠯᠬᠤ ᠬᠡᠷᠡᠭᠳᠡᠢ᠃ ᠡᠨᠡ ᠳᠦᠷᠪᠡᠨ ᠨᠦᠬᠦᠴᠡᠯ ᠢ ᠪᠦᠷᠢᠯᠳᠦᠬᠦᠯᠬᠦ ᠦᠬᠡᠢ ᠪᠤᠯ ᠰᠠᠶᠢᠨ ᠭᠠᠴᠠᠭᠠᠨ ᠲᠠᠷᠤᠭ᠎ᠠ ᠪᠤᠯᠵᠤ ᠴᠢᠳᠠᠬᠤ ᠦᠬᠡᠢ᠃ ᠦᠭᠡᠷ᠎ᠡ ᠪᠠᠷ ᠬᠡᠯᠡᠪᠡᠯ ᠡᠷᠡᠰ ᠴᠢᠩᠭ᠎ᠠ ᠦᠢᠯᠡᠰᠴᠢ ᠰᠡᠳᠬᠢᠯᠭᠡ ᠪᠠ ᠬᠠᠷᠢᠭᠤᠴᠠᠯᠭᠠᠳᠤ ᠰᠡᠳᠬᠢᠯᠬᠡ ᠲᠠᠢ ᠪᠠᠶᠢᠬᠤ ᠪᠤᠯ ᠰᠠᠶᠢᠨ ᠺᠠᠳ᠋ᠷ ᠪᠤᠯᠬᠤ ᠰᠠᠭᠤᠷᠢ ᠪᠤᠯᠤᠨ᠎ᠠ᠃ ᠦᠢᠯᠡᠰᠴᠢ ᠰᠡᠳᠬᠢᠯᠬᠡ ᠬᠡᠳᠡᠭ ᠨᠢ ᠠᠷᠠᠳ ᠤᠯᠠᠨ ᠳᠤ ᠰᠠᠶᠢᠨ ᠶᠠᠪᠤᠳᠠᠯ᠂ ᠪᠤᠳᠠᠳᠠᠢ ᠶᠠᠪᠤᠳᠠᠯ ᠬᠢᠵᠤ ᠦᠭᠴᠤ᠂ ᠤᠯᠠᠨ ᠢ ᠲᠠᠭᠠᠭᠤᠯᠵᠤ ᠠᠵᠤ ᠠᠬᠤᠢ ᠶᠢ ᠨᠢ ᠬᠦᠭᠵᠢᠬᠦᠯᠵᠤ᠂ ᠭᠠᠴᠠᠭᠠᠨ ᠤ ᠲᠦᠷᠰᠤ ᠪᠠᠶᠢᠳᠠᠯ ᠪᠤᠯᠤᠨ ᠤᠯᠠᠨ ᠨᠡᠶᠢᠳᠡ ᠶᠢᠨ ᠦᠢᠯᠡᠰ ᠢ ᠰᠠᠶᠢᠳᠤᠷ ᠬᠢᠵᠤ᠂ ᠠᠷᠠᠳ ᠤᠯᠠᠨ ᠳᠤ ᠵᠢᠷᠭᠠᠯ ᠡᠳ᠋ᠯᠡᠬᠦᠯᠵᠤ᠂ ᠦᠷ᠎ᠡ ᠬᠤᠶᠢᠴᠢᠰ ᠲᠠᠭᠠᠨ ᠪᠤᠶᠠᠨ ᠦᠢᠯᠡᠳᠬᠦ ᠶᠢ ᠵᠢᠭᠠᠵᠤ ᠪᠠᠶᠢᠨ᠎ᠠ᠃ ᠬᠠᠷᠢᠭᠤᠴᠠᠯᠭᠠᠲᠤ ᠰᠡᠳᠬᠢᠯᠭᠡ ᠭᠡᠳᠡᠭ ᠨᠢ ᠲᠡᠭᠡᠳᠤ ᠱᠠᠳᠤᠨ ᠤ ᠨᠠᠮ ᠤᠨ ᠬᠤᠷᠢᠶ᠎ᠠ ᠵᠠᠰᠠᠭ ᠤᠨ ᠤᠷᠳᠤᠨ ᠳᠤ ᠬᠠᠷᠢᠭᠤᠴᠠᠵᠤ᠂ ᠲᠡᠭᠡᠳᠤ ᠱᠠᠳᠤᠨ ᠠᠴᠠ ᠪᠠᠶᠢᠷᠢᠯᠠᠭᠤᠯᠤᠭᠰᠠᠨ ᠠᠵᠢᠯ ᠢ ᠢᠳᠡᠪᠭᠢᠳᠡᠢ ᠪᠡᠶᠡᠯᠡᠬᠦᠯᠵᠤ᠂ ᠨᠠᠮ ᠤᠨ ᠱᠤᠭᠤᠮ ᠴᠢᠭᠯᠡᠯᠳᠡ ᠲᠦᠷᠦ ᠶᠢᠨ ᠪᠤᠳᠤᠯᠭ᠎ᠠ ᠶᠢ ᠨᠠᠶᠢᠳᠠᠪᠤᠷᠢᠵᠢᠭᠤᠯᠵᠤ᠂ ᠵᠠᠰᠠᠭ ᠤᠨ ᠤᠷᠳᠤᠨ ᠤ ᠰᠠᠯᠠᠭ᠎ᠠ ᠮᠦᠴᠢᠷ ᠤᠨ ᠪᠠᠳᠤᠯᠠᠭᠰᠠᠨ ᠰᠢᠢᠳᠪᠤᠷᠢ᠂ ᠲᠤᠭᠳᠠᠭᠠᠯ ᠵᠢᠴᠢ ᠲᠤᠭᠳᠠᠭᠠᠭᠰᠠᠨ ᠠᠷᠭ᠎ᠠ ᠬᠡᠮᠵᠢᠶ᠎ᠠ ᠶᠢ ᠬᠡᠷᠡᠭᠵᠢᠬᠦᠯᠬᠦ ᠶᠢ ᠵᠢᠭᠠᠵᠤ ᠪᠠᠶᠢᠬᠤ ᠮᠦᠷᠳᠡᠬᠡᠨ ᠪᠠᠰᠠ ᠠᠵᠢᠯ ᠶᠠᠪᠤᠳᠠᠯ ᠨᠢᠭᠡᠪᠤᠷᠢ ᠶᠢ ᠬᠢᠬᠦ ᠳᠡᠭᠡᠨ ᠭᠠᠴᠠᠭᠠᠨ ᠤ ᠤᠯᠠᠨ ᠲᠦᠮᠡᠨ ᠤ ᠠᠰᠢᠭ ᠲᠤᠰᠠ ᠶᠢ ᠭᠢᠨᠠᠮᠠᠭᠠᠢ ᠪᠤᠳᠤᠯᠬᠢᠯᠠᠵᠤ᠂ ᠠᠵᠢᠯ ᠶᠠᠪᠤᠳᠠᠯ ᠨᠢᠭᠡᠪᠤᠷᠢ ᠶᠢᠨ ᠦᠷ᠎ᠡ ᠳ᠋ᠦᠩ ᠢ ᠪᠤᠳᠤᠯᠬᠢᠯᠡᠵᠤ᠂ ᠲᠡᠭᠡᠳᠤ ᠱᠠᠳᠤᠨ ᠤ ᠱᠠᠭᠠᠷᠳᠠᠯᠭ᠎ᠠ ᠶᠢ ᠪᠡᠶᠡᠯᠡᠬᠦᠯᠦᠭᠰᠡᠨ ᠤᠷᠢᠳᠠᠯ ᠲᠤᠤᠷ᠎ᠠ ᠭᠠᠴᠠᠭᠠᠨ ᠤ ᠤᠯᠠᠨ ᠳᠠᠭᠠᠨ ᠠᠰᠢᠭ ᠲᠤᠰᠠ ᠤᠯᠭᠤᠬᠤ ᠬᠡᠷᠡᠭᠳᠡᠢ ᠭᠡᠳᠡᠭ ᠢ ᠵᠢᠭᠠᠵᠤ ᠪᠠᠶᠢᠨ᠎ᠠ᠃ ᠶᠠᠭᠠᠭᠢᠪᠠᠯ ᠰᠠᠶ᠋ᠢ ᠰᠠᠶᠢᠨ ᠭᠠᠴᠠᠭᠠᠨ ᠲᠠᠷᠤᠭ᠎ᠠ ᠪᠤᠯᠵᠤ ᠴᠢᠳᠠᠬᠤ ᠪᠤᠢ︖ ᠬᠦᠳᠡᠭᠡ ᠲᠤᠰᠬᠤᠨ ᠤ ᠠᠵᠢᠯ ᠲᠤᠭᠠᠯᠠᠰᠢ ᠦᠬᠡᠢ ᠤᠯᠠᠨ ᠪᠠᠶᠢᠳᠠᠭ᠃ ᠬᠡᠬᠦ ᠳᠡᠭᠡᠨ ᠦᠢᠯᠡᠳᠪᠤᠷᠢᠯᠡᠯ ᠤᠨ ᠬᠦᠭᠵᠢᠯᠳᠡ ᠶᠢ ᠠᠳᠬᠤᠬᠤ ᠪᠤᠯ ᠡᠯ᠎ᠡ ᠲᠦᠷᠦᠯ ᠤᠨ ᠠᠵᠢᠯ ᠤᠨ ᠭᠤᠤᠯ ᠱᠤᠭᠤᠮ ᠮᠦᠨ᠃ ᠮᠠᠨ ᠤ ᠤᠯᠤᠰ ᠤᠨ ᠰᠢᠨ᠎ᠠ ᠬᠦᠳᠡᠭᠡ ᠲᠤᠰᠬᠤᠨ ᠤ ᠪᠦᠳᠦᠭᠡᠨ ᠪᠠᠶᠢᠭᠤᠯᠤᠯᠳᠠ ᠶᠢᠨ ᠨᠡᠶᠢᠳᠡᠯᠢᠭ ᠲᠤᠷᠰᠢᠯᠭ᠎ᠠ ᠠᠴᠠ ᠦᠵᠡᠪᠡᠯ᠂ ᠬᠦᠳᠡᠭᠡ ᠲᠤᠰᠬᠤᠨ ᠤ ᠭᠤᠤᠯᠯᠠᠭᠴᠢ ᠠᠵᠤ ᠦᠢᠯᠡᠰ ᠤᠨ ᠬᠦᠭᠵᠢᠯᠳᠡ ᠶᠢ ᠠᠳᠬᠤᠭᠰᠠᠨ ᠭᠠᠴᠠᠭ᠎ᠠ ᠨᠤᠭᠤᠳ ᠤᠨ ᠠᠷᠠᠳ ᠲᠦᠮᠡᠨ ᠨᠢ ᠪᠠᠶᠠᠵᠢᠭᠰᠠᠨ ᠢᠶᠠᠷ ᠪᠠᠷᠠᠬᠤ ᠦᠬᠡᠢ ᠰᠠᠶᠢᠨ ᠰᠠᠶᠢᠬᠠᠨ ᠬᠡᠪ ᠰᠤᠷᠳᠠᠯ ᠪᠠ ᠨᠡᠶᠢᠬᠡᠮ ᠤᠨ ᠡᠮᠬᠢ ᠲᠢᠭᠯᠢᠮ ᠲᠠᠢ ᠪᠠᠶᠢᠵᠤ᠂ ᠨᠠᠰᠤᠳᠠᠨ ᠢᠶᠠᠨ ᠬᠦᠨᠳᠦᠯᠡᠵᠤ ᠨᠢᠯᠬᠠᠰ ᠢᠶᠠᠨ ᠬᠠᠶᠢᠷᠠᠯᠠᠳᠠᠭ᠂ ᠭᠠᠴᠠᠭᠠᠨ ᠤ ᠲᠦᠷᠰᠤ ᠪᠠᠶᠢᠳᠠᠯ ᠨᠢ ᠲᠡᠷᠢ ᠲᠡᠭᠰᠢ᠂ ᠰᠤᠶᠤᠯ ᠤᠨ ᠪᠤᠯᠪᠠᠰᠤᠷᠠᠯ ᠢᠶᠠᠷ ᠦᠨᠳᠦᠷ᠂ ᠰᠤᠷᠭᠠᠨ ᠬᠦᠮᠦᠵᠢᠯ ᠤᠨ ᠨᠦᠬᠦᠴᠡᠯ ᠨᠢ ᠰᠠᠶᠢᠨ᠂ ᠭᠠᠴᠠᠭᠠᠨ ᠤ ᠤᠯᠠᠨ ᠨᠢ ᠴᠤᠭ ᠪᠠᠳᠠᠷᠠᠩᠭᠤᠢ ᠵᠤᠷᠢᠭ ᠰᠠᠨᠠᠭ᠎ᠠ ᠲᠠᠢ ᠪᠠᠶᠢᠳᠠᠭ᠃ ᠬᠠᠷᠢᠨ ᠬᠡᠰᠡᠭ ᠵᠠᠷᠢᠮ ᠬᠦᠳᠡᠭᠡ ᠲᠤᠰᠬᠤᠨ ᠳᠤ ᠡᠶᠢᠮᠤ ᠪᠤᠶᠤ ᠲᠡᠶᠢᠮᠤ ᠠᠰᠠᠭᠤᠳᠠᠯ ᠪᠠᠭ᠎ᠠ ᠪᠤᠰᠤ ᠤᠷᠤᠰᠢᠵᠤ ᠪᠠᠶᠢᠬᠤ ᠶᠢᠨ ᠤᠴᠢᠷ ᠰᠢᠯᠳᠠᠭᠠᠨ ᠢ ᠬᠦᠭᠡᠭᠡᠴᠡᠯᠳᠤᠬᠦ ᠳᠤ ᠭᠤᠤᠯ ᠨᠢ ᠬᠦᠭᠵᠢᠯᠳᠡ ᠶᠢᠨ ᠠᠰᠠᠭᠤᠳᠠᠯ ᠢ ᠰᠠᠶᠢᠳᠤᠷ ᠰᠢᠢᠳᠪᠤᠷᠢᠯᠡᠭᠰᠡᠨ ᠦᠬᠡᠢ ᠳᠤ ᠪᠠᠶᠢᠨ᠎ᠠ᠃ ᠬᠦᠳᠡᠭᠡ ᠲᠤᠰᠬᠤᠨ ᠭᠦᠭᠵᠢᠬᠡᠳ ᠬᠦᠳᠡᠯᠮᠦᠷᠢᠴᠢᠨ ᠲᠦᠮᠡᠨ ᠪᠠᠶᠠᠵᠢᠴᠢᠬᠠᠪᠠᠯ ᠪᠤᠰᠤᠳ ᠠᠰᠠᠭᠤᠳᠠᠯ ᠢ ᠰᠢᠢᠳᠪᠤᠷᠢᠯᠡᠬᠦ ᠰᠠᠭᠤᠷᠢ ᠲᠠᠢ ᠪᠤᠯᠵᠤ᠂ ᠺᠠᠳ᠋ᠷ ᠨᠡᠷ ᠴᠤ ᠠᠵᠢᠯ ᠢᠶᠠᠨ ᠰᠠᠶᠢᠨ ᠬᠢᠬᠦ ᠨᠦᠬᠦᠴᠡᠯ ᠲᠠᠢ ᠪᠤᠯᠴᠢᠬᠠᠨ᠎ᠠ᠃ ᠭᠠᠴᠠᠭᠠᠨ ᠲᠠᠷᠤᠭ᠎ᠠ ᠨᠡᠷ ᠭᠡᠳᠦᠨ ᠵᠢᠯ ᠢ ᠨᠢᠬᠡ ᠯᠡ ᠡᠳᠦᠷ ᠮᠡᠳᠦ ᠦᠩᠭᠡᠷᠡᠭᠦᠯᠵᠤ᠂ ᠬᠡᠳᠦ᠋ᠢᠪᠡᠷ ᠡᠷᠳᠡᠯᠡᠵᠤ ᠤᠷᠦ᠋ᠢᠯᠠᠨ᠂ ᠰᠢᠷᠭᠠᠭᠤ ᠬᠠᠳᠠᠭᠤᠵᠢᠯᠳᠡᠢ ᠠᠵᠢᠯᠯᠠᠬᠤ ᠪᠤᠯᠪᠠᠴᠤ ᠭᠠᠴᠠᠭ᠎ᠠ ᠶᠢᠨ ᠲᠦᠷᠰᠦ ᠪᠠᠶᠢᠳᠠᠯ ᠨᠢ ᠬᠠᠭᠤᠴᠢᠨ ᠬᠡᠪ ᠢᠶᠠᠷ ᠢᠶᠠᠨ ᠪᠠᠶᠢᠵᠤ᠂ ᠠᠷᠠᠳ ᠤᠯᠠᠨ ᠨᠢ ᠶᠠᠳᠠᠭᠤ ᠵᠦᠳᠡᠬᠦᠦ ᠪᠠᠷ ᠢᠶᠠᠨ ᠪᠠᠶᠢᠬᠤ ᠳᠤ ᠬᠦᠷᠪᠡᠯ ᠲᠠᠷᠤᠢ ᠠᠷᠠᠳ ᠤᠨ ᠰᠡᠳᠬᠢᠯ ᠢ ᠠᠯᠳᠠᠬᠤ ᠪᠤᠯᠤᠨ᠎ᠠ᠃ ᠡᠶᠢᠮᠤ ᠠᠴᠠ ᠭᠠᠴᠠᠭᠠᠨ ᠲᠠᠷᠤᠭ᠎ᠠ ᠶᠢᠨ ᠠᠵᠢᠯ ᠲᠦᠮᠠ ᠮᠢᠩᠭᠠᠨ ᠵᠦᠢᠯ ᠤᠨ ᠪᠠᠶᠢᠯ᠎ᠠ ᠴᠤ ᠭᠡᠰᠡᠨ ᠲᠡᠷᠢᠬᠦᠨ ᠴᠢᠬᠤᠯᠠ ᠶᠠᠪᠤᠳᠠᠯ ᠪᠤᠯ ᠠᠷᠠᠳ ᠢᠶᠠᠨ ᠳᠠᠶᠢᠴᠢᠯᠠᠨ ᠪᠠᠶᠠᠵᠢᠯ ᠤᠨ ᠵᠠᠮ ᠢᠶᠠᠷ ᠵᠠᠮᠨᠠᠭᠤᠯᠬᠤ ᠶᠠᠪᠤᠳᠠᠯ ᠪᠤᠯᠤᠨ᠎ᠠ᠃ ᠭᠠᠴᠠᠭᠠᠨ ᠲᠠᠷᠤᠭ᠎ᠠ ᠨᠡᠷ ᠬᠦᠳᠡᠭᠡ ᠲᠤᠰᠬᠤᠨ ᠤ ᠠᠵᠤ ᠠᠬᠤᠢ ᠶᠢᠨ ᠪᠦᠲᠦᠭᠡᠨ ᠪᠠᠶᠢᠭᠤᠯᠤᠯᠳᠠ ᠶᠢᠨ ᠲᠤᠮᠳᠠ ᠶᠠᠮᠠᠷ ᠴᠤ ᠪᠦᠳᠦᠭᠡᠯ ᠦᠬᠡᠢ ᠶᠤᠮ ᠪᠤᠯ ᠠᠷᠠᠳ ᠤᠯᠠᠨ ᠤ ᠰᠡᠳᠬᠢᠯ ᠳᠤ ᠦᠴᠦᠭᠡᠨ ᠴᠤ ᠪᠠᠶᠢᠷᠢ ᠰᠠᠭᠤᠷᠢ ᠦᠬᠡᠢ ᠶᠤᠮ᠃ ᠭᠠᠴᠠᠭ᠎ᠠ ᠱᠠᠳᠤᠨ ᠤ ᠬᠠᠮᠳᠤ ᠶᠢᠨ ᠠᠵᠤ ᠠᠬᠤᠢ ᠨᠢ ᠪᠤᠳᠠᠳᠤ ᠬᠦᠴᠤᠨ ᠦᠭᠡᠢ ᠶᠤᠮ ᠪᠤᠯ ᠲᠠᠷᠤᠢ ᠤᠯᠠᠨ ᠲᠦᠮᠡᠨ ᠳᠤ ᠨᠢᠭ᠌ᠳᠡᠷᠡᠯ ᠤᠨ ᠬᠦᠴᠦᠨ ᠪᠠ ᠤᠷᠢᠶᠠᠯᠠᠭ᠎ᠠ ᠶᠢᠨ ᠬᠦᠴᠦᠨ ᠦᠬᠡᠢ ᠪᠤᠯᠵᠤ ᠡᠯ᠎ᠡ ᠲᠦᠷᠦᠯ ᠤᠨ ᠠᠵᠢᠯ ᠴᠤ ᠠᠵᠢᠯᠯᠠᠭᠠᠨ ᠤ ᠨᠦᠭᠦᠴᠡᠯ ᠢᠶᠠᠷ ᠬᠤᠮᠰᠠᠳᠠᠨᠠ᠃ ᠬᠦᠳᠡᠭᠡ ᠲᠤᠰᠬᠤᠨ ᠤ ᠠᠵᠤ ᠠᠬᠤᠢ ᠶᠢ ᠬᠦᠭᠵᠢᠭᠦᠯᠵᠤ ᠠᠷᠠᠳ ᠤᠯᠠᠨ ᠤ ᠤᠷᠤᠯᠭ᠎ᠠ ᠶᠢ ᠨᠡᠮᠡᠭᠳᠡᠬᠦᠯᠵᠤ ᠬᠠᠮᠳᠤ ᠪᠠᠷ ᠢᠶᠠᠨ ᠪᠠᠶᠠᠵᠢᠬᠤ ᠵᠠᠮ ᠢᠶᠠᠷ ᠵᠠᠮᠨᠠᠬᠤ ᠶᠠᠪᠤᠳᠠᠯ ᠪᠤᠯ ᠭᠠᠴᠠᠭᠠᠨ ᠤ ᠠᠷᠠᠳ ᠤᠯᠠᠨ ᠤ ᠦᠨᠳᠦᠰᠦᠨ ᠠᠰᠢᠭ ᠲᠤᠰᠠ ᠪᠠ ᠬᠠᠮᠳᠤ ᠶᠢᠨ ᠡᠷᠢᠯ ᠬᠦᠰᠡᠯ ᠮᠦᠨ᠃ ᠮᠦᠨ ᠴᠦ ᠭᠠᠴᠠᠭᠠᠨ ᠲᠠᠷᠤᠭ᠎ᠠ ᠨᠡᠷ ᠤᠨ ᠬᠦᠳᠡᠭᠡ ᠲᠤᠰᠬᠤᠨ ᠤ ᠨᠢᠭᠳᠠᠷᠠᠯ ᠤᠨ ᠬᠦᠴᠦᠨ ᠪᠠ ᠤᠷᠢᠶᠠᠯᠠᠭ᠎ᠠ ᠶᠢᠨ ᠬᠦᠴᠦᠨ ᠢ ᠨᠡᠮᠡᠭᠳᠡᠬᠦᠯᠬᠦ ᠪᠤᠳᠠᠰ ᠤᠨ ᠰᠠᠭᠤᠷᠢ ᠮᠦᠨ᠃ ᠮᠠᠨ ᠤ ᠤᠯᠤᠰ ᠤᠨ ᠬᠦᠳᠡᠭᠡ ᠲᠤᠰᠬᠤᠨ ᠤ ᠲᠤᠷᠰᠢᠯᠭ᠎ᠠ ᠭᠡᠷᠡᠴᠢᠯᠡᠵᠦ ᠪᠠᠶᠢᠬᠤ ᠪᠠᠷ ᠬᠦᠳᠡᠭᠡ ᠲᠤᠰᠬᠤᠨ ᠤ ᠭᠠᠴᠠᠭᠠᠨ ᠤ ᠠᠷᠠᠳ ᠤᠨ ᠵᠦᠪᠯᠡᠯ ᠤᠨ ᠲᠡᠷᠢᠬᠦᠨ ᠤ ᠤᠳᠤᠷᠢᠳᠬᠤ ᠪᠠᠭ ᠪᠦᠬᠦᠨ ᠤ ᠴᠢᠬᠤᠯᠠ ᠨᠢᠭᠡ ᠵᠦᠢᠯ ᠬᠡᠪᠡᠯ ᠲᠠᠷᠤᠢ ᠡᠨᠡ ᠬᠦ ᠠᠷᠠᠳ ᠤᠨ ᠵᠦᠪᠯᠡᠯ ᠤᠨ ᠪᠠᠭ ᠨᠢ ᠪᠦᠬᠦ ᠭᠠᠴᠠᠭ᠎ᠠ ᠪᠠᠨ ᠲᠠᠶᠢᠴᠢᠯᠡᠨ᠂ ᠠᠵᠤ ᠠᠬᠤᠢ ᠪᠠᠨ ᠭᠦᠭᠵᠢᠬᠦᠯᠬᠦ ᠴᠢᠳᠡᠪᠤᠷᠢ ᠲᠠᠢ ᠪᠠᠶᠢᠵᠤ᠂ ᠠᠵᠤ ᠠᠬᠤᠢ ᠪᠠᠨ ᠬᠦᠭᠵᠢᠬᠦᠯᠬᠦ ᠪᠠᠷ ᠲᠠᠮᠵᠢᠭᠤᠯᠤᠨ ᠠᠷᠠᠳ ᠤᠯᠠᠨ ᠤ ᠰᠠᠨᠠᠭ᠎ᠠ ᠰᠡᠳᠬᠢᠯ ᠢ ᠬᠤᠯᠪᠤᠭᠠᠳ᠂ ᠡᠭᠦᠨ ᠢᠶᠠᠷ ᠲᠠᠮᠵᠢᠨ ᠦᠷᠭᠡᠨ ᠤᠯᠠᠨ ᠲᠦᠮᠡᠨ ᠤ ᠢᠳᠡᠪᠬᠢᠵᠢᠯ ᠢ ᠲᠠᠶᠢᠴᠢᠯᠠᠵᠤ᠂ ᠬᠦᠳᠡᠭᠡ ᠲᠤᠰᠬᠤᠨ ᠢ ᠦᠷᠭᠦᠯᠵᠢᠯᠡᠨ ᠬᠦᠭᠵᠢᠬᠦ ᠵᠠᠮ ᠢᠶᠠᠷ ᠵᠠᠮᠨᠠᠭᠤᠯᠬᠤ ᠶᠠᠪᠤᠳᠠᠯ ᠪᠤᠯᠤᠨ᠎ᠠ᠃ ᠶᠠᠮᠠᠷ ᠬᠦᠮᠦᠨ ᠰᠠᠶ᠋ᠢ ᠬᠦᠳᠡᠭᠡ ᠲᠤᠰᠬᠤᠨ ᠤ ᠪᠠᠶᠠᠵᠢᠯ ᠤᠨ ᠰᠠᠶᠢᠨ ᠲᠠᠭᠠᠭᠤᠯᠤᠭᠴᠢ ᠪᠤᠯᠵᠤ ᠴᠢᠳᠡᠬᠤ ᠪᠣᠢ︖ 21 ᠳ᠋ᠤᠭᠡᠷ ᠵᠠᠭᠤᠨ ᠳᠤ ᠳᠠᠪᠰᠢᠭᠰᠠᠨ ᠠᠴᠠ ᠬᠤᠶᠢᠰᠢ ᠮᠠᠨ ᠤ ᠤᠯᠤᠰ ᠤᠨ ᠵᠠᠷᠢᠮ ᠭᠠᠵᠠᠷ ᠤᠷᠤᠨ ᠳᠤ ᠴᠢᠳᠠᠪᠤᠷᠢᠳᠠᠳ ᠭᠠᠴᠠᠭᠠᠨ ᠤ ᠲᠠᠷᠤᠭ᠎ᠠ ᠪᠤᠯᠬᠤ ᠦᠵᠡᠭᠳᠡᠯ ᠢᠯᠡᠷᠡᠯ᠎ᠡ᠃ ᠬᠤᠳᠠᠯᠳᠤᠭ᠎ᠠ ᠬᠢᠵᠤ ᠠᠵᠤ ᠠᠬᠤᠢ ᠡᠷᠬᠢᠯᠡᠨ ᠠᠮᠵᠢᠯᠳᠠ ᠤᠯᠤᠭᠰᠠᠨ ᠬᠦᠳᠡᠭᠡ ᠶᠢᠨ ᠴᠢᠳᠡᠪᠤᠷᠢᠳᠡᠨ ᠰᠠᠨᠠᠭᠠᠴᠢᠯᠠᠭ᠎ᠠ ᠠᠴᠠ ᠪᠠᠨ ᠨᠤᠳᠤᠭ ᠲᠠᠭᠠᠨ ᠪᠤᠴᠠᠵᠤ᠂ ᠰᠤᠩᠭᠤᠭᠤᠯᠢ ᠪᠠᠷ ᠲᠠᠮᠵᠢᠨ ᠭᠠᠴᠠᠭᠠᠨ ᠲᠠᠷᠤᠭ᠎ᠠ ᠪᠤᠯᠤᠭᠰᠠᠨ ᠤ ᠬᠠᠮᠳᠤ ᠵᠠᠷᠢᠮ ᠭᠠᠵᠠᠷ ᠤᠷᠤᠨ ᠤ ᠵᠠᠰᠠᠭ ᠤᠨ ᠤᠷᠳᠤᠨ ᠨᠢ ᠬᠦᠳᠡᠭᠡ ᠲᠤᠰᠬᠤᠨ ᠤ ᠠᠵᠤ ᠠᠬᠤᠢ ᠶᠢᠨ ᠬᠦᠭᠵᠢᠯᠳᠡ ᠶᠢ ᠲᠦᠷᠭᠡᠳᠬᠡᠬᠦ ᠶᠢᠨ ᠲᠤᠰᠠᠳᠠ ᠬᠦᠳᠡᠭᠡ ᠶᠢᠨ ᠴᠢᠳᠡᠪᠤᠷᠢᠳᠡᠨ ᠢ ᠤᠷᠢᠨ ᠳᠠᠳᠠᠵᠤ᠂ ᠨᠤᠳᠤᠭ ᠲᠠᠭᠠᠨ ᠪᠤᠴᠠᠨ ᠭᠠᠴᠠᠭᠠᠨ ᠲᠠᠷᠤᠭ᠎ᠠ ᠪᠤᠯᠬᠤ ᠶᠢᠨ ᠬᠠᠷᠠᠭᠠᠯᠵᠠᠯ ᠤᠨ ᠲᠦᠷᠦ ᠶᠢᠨ ᠪᠤᠳᠤᠯᠭ᠎ᠠ ᠶᠢ ᠲᠤᠭᠳᠠᠭᠠᠵᠡᠢ᠃ ᠮᠠᠨ ᠤ ᠤᠯᠤᠰ ᠤᠨ ᠦᠷᠭᠡᠨ ᠠᠭᠤᠳᠠᠮ ᠬᠦᠳᠡᠭᠡ ᠲᠤᠰᠬᠤᠨ ᠳᠤ ᠠᠪᠴᠤ ᠬᠡᠯᠡᠪᠡᠯ ᠦᠷᠭᠡᠨ ᠤᠯᠠᠨ ᠤ ᠬᠠᠮᠤᠭ ᠤᠨ ᠲᠤᠯᠭᠠᠮ᠎ᠠ ᠡᠷᠢᠯ ᠬᠦᠰᠡᠯ ᠪᠤᠯ ᠪᠠᠶᠠᠵᠢᠯ ᠤᠨ ᠵᠠᠮ ᠢᠶᠠᠷ ᠵᠠᠮᠨᠠᠬᠤ ᠶᠠᠪᠤᠳᠠᠯ ᠪᠤᠯᠤᠨ᠎ᠠ᠃ ᠦᠭᠡᠷ᠎ᠡ ᠪᠠᠷ ᠬᠡᠯᠡᠪᠡᠯ᠂ ᠬᠡᠨ ᠬᠦᠮᠦᠨ ᠤᠯᠠᠨ ᠢ ᠳᠠᠶᠢᠴᠢᠯᠠᠨ ᠪᠠᠶᠠᠵᠢᠯ ᠤᠨ ᠵᠠᠮ ᠢᠶᠠᠷ ᠵᠠᠮᠨᠠᠭᠤᠯᠵᠤ᠂ ᠬᠡᠨ ᠬᠦᠮᠦᠨ ᠪᠦᠬᠦ ᠭᠠᠴᠠᠭ᠎ᠠ ᠪᠠᠨ ᠤᠳᠤᠷᠢᠳᠤᠨ ᠦᠢᠯᠡᠳᠪᠤᠷᠢᠯᠡᠯ ᠢᠶᠠᠨ ᠲᠦᠷᠭᠡᠨ ᠬᠦᠭᠵᠢᠬᠦᠯᠪᠡᠯ ᠲᠡᠷᠡ ᠬᠦᠮᠦᠨ ᠰᠠᠶ᠋ᠢ ᠦᠷᠭᠡᠨ ᠤᠯᠠᠨ ᠲᠦᠮᠡᠨ ᠤ ᠲᠡᠮᠵᠢᠯᠬᠡ ᠪᠠ ᠬᠦᠷᠢᠶᠠᠯᠠᠯ ᠢ ᠤᠯᠵᠤ ᠴᠢᠳᠡᠨ᠎ᠡ᠃ ᠰᠢᠨ᠎ᠠ ᠪᠠᠶᠢᠳᠠᠯ ᠲᠤᠤᠷ᠎ᠠ᠂ ᠭᠠᠴᠠᠭᠠᠨ ᠲᠠᠷᠤᠭ᠎ᠠ ᠨᠢ ᠶᠠᠭᠠᠭᠢᠪᠠᠯ ᠰᠠᠶ᠋ᠢ ᠰᠢᠨ᠎ᠠ ᠱᠠᠭᠠᠷᠳᠠᠯᠭ᠎ᠠ ᠳᠤ ᠵᠤᠬᠢᠴᠠᠵᠤ ᠴᠢᠳᠠᠬᠤ ᠪᠤᠢ︖ 21 ᠳ᠋ᠤᠭᠡᠷ ᠵᠠᠭᠤᠨ ᠤ ᠬᠦᠳᠡᠭᠡ ᠲᠤᠰᠬᠤᠨ ᠤ ᠬᠠᠮᠢᠶᠠᠷᠤᠯᠳᠠ ᠶᠢᠨ ᠠᠵᠢᠯ ᠨᠢ ᠮᠠᠨ ᠤ ᠤᠯᠤᠰ ᠤᠨ ᠬᠦᠳᠡᠭᠡ ᠲᠤᠰᠬᠤᠨ ᠤ ᠤᠯᠠᠮᠵᠢᠯᠠᠯᠳᠤ ᠬᠠᠮᠢᠶᠠᠷᠤᠯᠳᠠ ᠲᠠᠢ ᠠᠳᠠᠯᠢ ᠦᠭᠡᠢ ᠪᠤᠯᠵᠤ᠂ ᠴᠢᠨᠠᠭᠰᠢᠯᠠᠪᠠᠯ 20 ᠳ᠋ᠤᠭᠠᠷ ᠵᠠᠭᠤᠨ ᠤ ᠶᠡᠷᠡᠭᠡᠳ ᠤᠨ ᠤ ᠬᠦᠳᠡᠭᠡ ᠲᠤᠰᠬᠤᠨ ᠤ ᠬᠠᠮᠢᠶᠠᠷᠤᠯᠳᠠ ᠲᠠᠢ ᠴᠤ ᠠᠳᠠᠯᠢ ᠦᠭᠡᠢ ᠪᠤᠯᠵᠡᠢ᠃ ᠰᠢᠨ᠎ᠠ ᠵᠠᠭᠤᠨ ᠳᠤ ᠳᠠᠪᠰᠢᠭᠰᠠᠨ ᠠᠴᠠ ᠬᠤᠶᠢᠰᠢ ᠮᠠᠨ ᠤ ᠤᠯᠤᠰ ᠤᠨ ᠬᠦᠳᠡᠭᠡ ᠲᠤᠰᠬᠤᠨ ᠤ ᠬᠠᠮᠢᠶᠠᠷᠤᠯᠳᠠ ᠳᠤ ᠮᠠᠰᠢ ᠤᠯᠠᠨ ᠰᠢᠨ᠎ᠠ ᠪᠠᠶᠢᠳᠠᠯ᠂ ᠰᠢᠨ᠎ᠠ ᠠᠰᠠᠭᠤᠳᠠᠯ ᠢᠯᠡᠷᠡᠭᠰᠡᠨ ᠪᠠᠶᠢᠨ᠎ᠠ᠃ ᠡᠩ ᠲᠡᠷᠢᠬᠦᠨ ᠳᠤ᠂ ᠲᠡᠤᠭᠡᠨ ᠲᠡᠭᠡᠷ᠎ᠡ ᠮᠠᠨ ᠤ ᠤᠯᠤᠰ ᠤᠨ ᠬᠦᠳᠡᠭᠡ ᠲᠤᠰᠬᠤᠨ ᠤ ᠠᠵᠤ ᠠᠬᠤᠢ ᠭᠤᠤᠯ ᠨᠢ ᠲᠠᠷᠢᠶᠠᠯᠠᠩ ᠢᠶᠠᠷ ᠭᠤᠤᠯ ᠪᠤᠯᠭᠠᠵᠤ ᠪᠠᠶᠢᠪᠠ᠃ ᠤᠳᠤ ᠬᠦᠳᠡᠭᠡ ᠲᠤᠰᠬᠤᠨ ᠤ ᠠᠵᠤ ᠠᠬᠤᠢ ᠨᠢ ᠭᠤᠷᠪᠠᠨ ᠠᠵᠤ ᠦᠢᠯᠡᠰ ᠢ ᠬᠠᠮᠳᠤ ᠪᠠᠷ ᠬᠦᠭᠵᠢᠬᠦᠯᠬᠦ ᠪᠤᠯᠵᠡᠢ᠃ ᠤᠳᠤᠬᠠᠨ ᠳᠤ ᠲᠠᠷᠢᠶᠠᠯᠠᠩ ᠢ ᠰᠠᠶᠢᠳᠤᠷ ᠡᠷᠬᠢᠯᠡᠵᠤ ᠪᠠᠶᠢᠬᠤ ᠮᠦᠷᠳᠡᠭᠡᠨ ᠪᠠᠰᠠ ᠴᠦᠬᠡᠨ ᠪᠤᠰᠤ ᠬᠦᠳᠡᠭᠡ ᠲᠤᠰᠬᠤᠨ ᠠᠵᠤ ᠦᠢᠯᠡᠳᠪᠤᠷᠢ ᠪᠤᠯᠤᠨ ᠦᠢᠯᠡᠴᠢᠯᠡᠬᠡᠨ ᠤ ᠠᠵᠤ ᠦᠢᠯᠡᠰ ᠢ ᠡᠷᠬᠢᠯᠡᠵᠤ᠂ ᠬᠡᠰᠡᠭ ᠬᠦᠳᠡᠭᠡ ᠲᠤᠰᠬᠤᠨ ᠨᠢ ᠦᠢᠯᠡᠴᠢᠯᠡᠭᠡᠨ ᠤ ᠠᠵᠤ ᠦᠢᠯᠡᠰ ᠢ ᠰᠠᠶᠢᠳᠤᠷ ᠡᠷᠬᠢᠯᠡᠬᠦ ᠪᠠᠷ ᠭᠤᠤᠯ ᠪᠤᠯᠭᠠᠵᠤ ᠪᠠᠶᠢᠨ᠎ᠠ᠃ ᠲᠠᠷᠠᠭ᠎ᠠ ᠳᠤᠨᠢ᠂ ᠲᠡᠤᠬᠡᠨ ᠳᠠᠬᠢ ᠬᠦᠳᠡᠭᠡ ᠲᠤᠰᠬᠤᠨ ᠨᠢ ᠪᠢᠳᠡᠭᠦᠦ ᠪᠦᠭᠯᠡᠬᠦᠦ ᠨᠦᠬᠦᠴᠡᠯ ᠲᠤᠤᠷ᠎ᠠ ᠤᠷᠤᠰᠢᠵᠤ᠂ ᠵᠠᠮ ᠲᠡᠭᠡᠭᠡᠪᠤᠷᠢ ᠶᠢᠨ ᠰᠠᠶᠢᠨ ᠤᠷᠴᠢᠨ ᠨᠦᠬᠦᠴᠡᠯ ᠦᠬᠡᠢ ᠮᠦᠷᠳᠡᠬᠡᠨ ᠪᠠᠰᠠ ᠮᠡᠳᠡᠭᠡ ᠵᠠᠩᠭᠢ ᠶᠢᠨ ᠲᠦᠬᠦᠮ ᠨᠦᠬᠦᠴᠡᠯ ᠴᠤ ᠦᠬᠡᠢ ᠪᠠᠶᠢᠪᠠ᠃ ᠭᠤᠷᠪᠠ ᠳᠤ᠂ ᠰᠢᠨ᠎ᠠ ᠴᠠᠭ ᠦᠶ᠎ᠠ ᠳᠤ ᠮᠠᠨ ᠤ ᠤᠯᠤᠰ ᠤᠨ ᠬᠦᠳᠡᠭᠡ ᠠᠵᠤ ᠠᠬᠤᠢ᠂ ᠬᠦᠳᠡᠭᠡ ᠲᠤᠰᠬᠤᠨ᠂ ᠲᠠᠷᠢᠶᠠᠴᠢᠨ ᠮᠠᠯᠴᠢᠨ ᠤ ᠠᠵᠢᠯ ᠨᠢ ᠪᠦᠬᠦ ᠠᠵᠢᠯ ᠤᠨ ᠴᠢᠬᠤᠯᠠ ᠠᠴᠠ ᠴᠢᠬᠤᠯᠠ ᠪᠠᠶᠢᠷᠢᠨ ᠳᠤ ᠲᠠᠯᠪᠢᠭᠳᠠᠵᠤ᠂ ᠨᠠᠮ ᠪᠤᠯᠤᠨ ᠵᠠᠰᠠᠭ ᠠᠴᠠ ᠬᠦᠳᠡᠭᠡ ᠲᠤᠰᠬᠤᠨ ᠤ ᠠᠵᠢᠯ ᠢ ᠤᠨᠴᠠᠭᠠᠢ ᠬᠦᠨᠳᠦᠳᠭᠡᠨ ᠦᠵᠡᠵᠤ᠂ ᠬᠦᠳᠡᠭᠡ ᠠᠵᠤ ᠠᠬᠤᠢ᠂ ᠬᠦᠳᠡᠭᠡ ᠲᠤᠰᠬᠤᠨ᠂ ᠲᠠᠷᠢᠶᠠᠴᠢᠨ ᠮᠠᠯᠴᠢᠨ ᠤ ᠠᠰᠠᠭᠤᠳᠠᠯ ᠢ ᠴᠢᠬᠤᠯᠠᠴᠢᠯᠠᠨ ᠰᠢᠢᠳᠪᠦᠷᠢᠯᠡᠵᠤ᠂ ᠰᠢᠨ᠎ᠠ ᠬᠦᠳᠡᠭᠡ ᠲᠤᠰᠬᠤᠨ ᠢ ᠪᠦᠳᠦᠭᠡᠨ ᠪᠠᠶᠢᠭᠤᠯᠬᠤ ᠨᠢ ᠬᠦᠳᠡᠭᠡ ᠲᠤᠰᠬᠤᠨ ᠤ ᠬᠦᠭᠵᠢᠯᠳᠡ ᠶᠢᠨ ᠭᠤᠤᠯ ᠱᠤᠭᠤᠮ ᠪᠤᠯᠵᠡᠢ᠃ ᠲᠦᠷᠪᠡ ᠳᠤ᠂ ᠰᠢᠨ᠎ᠠ ᠴᠠᠭ ᠡᠷᠡᠨ ᠤ ᠬᠦᠳᠡᠭᠡ ᠲᠤᠰᠬᠤᠨ ᠤ ᠬᠦᠭᠵᠢᠯᠳᠡ ᠨᠢ ᠵᠦᠪᠬᠡᠨ ᠬᠦᠳᠡᠭᠡ ᠲᠤᠰᠬᠤᠨ ᠤ ᠲᠤᠰ ᠪᠡᠶ᠎ᠡ ᠶᠢᠨ ᠬᠦᠴᠦᠨ ᠳᠡᠭᠡᠨ ᠯᠡ ᠲᠦᠰᠢᠭᠯᠡᠬᠦ ᠪᠠᠨ ᠪᠤᠯᠢᠵᠤ᠂ ᠬᠠᠷᠢᠨ ᠬᠤᠳᠠ ᠬᠦᠳᠡᠭᠡ ᠶᠢ ᠨᠢᠭᠡᠳᠤᠯᠳᠡᠢ ᠲᠦᠯᠦᠪᠯᠡᠬᠦ ᠵᠢᠯᠤᠭᠤᠳᠤᠯᠭ᠎ᠠ ᠶᠢᠨ ᠲᠤᠤᠷ᠎ᠠ ᠠᠵᠤ ᠦᠢᠯᠡᠳᠪᠤᠷᠢ ᠨᠢ ᠬᠦᠳᠡᠭᠡ ᠠᠵᠤ ᠠᠬᠤᠢ ᠶᠢ ᠲᠡᠮᠵᠢᠬᠦ᠂ ᠬᠤᠳᠠ ᠨᠢ ᠬᠦᠳᠡᠭᠡ ᠲᠤᠰᠬᠤᠨ ᠢ ᠲᠡᠮᠵᠢᠬᠦ ᠰᠢᠨ᠎ᠡ ᠨᠦᠬᠦᠴᠡᠯ ᠢ ᠪᠤᠢ ᠪᠤᠯᠭᠠᠭᠰᠠᠨ ᠪᠠᠶᠢᠨ᠎ᠠ᠃ ᠦᠨᠦᠬᠡᠨ ᠡᠬᠢᠯᠡᠭᠰᠡᠨ ᠨᠡᠶᠢᠬᠡᠮ ᠵᠢᠷᠤᠮᠳᠤ ᠰᠢᠨ᠎ᠠ ᠬᠦᠳᠡᠭᠡ ᠲᠤᠰᠬᠤᠨ ᠢ ᠪᠦᠳᠦᠭᠡᠨ ᠪᠠᠶᠢᠭᠤᠯᠬᠤ ᠲᠤᠮᠳᠠ ᠤᠯᠤᠰ ᠠᠴᠠ ᠠᠷᠪᠠᠨ ᠭᠡᠳᠤᠨ ᠵᠢᠯ ᠳᠤ ᠬᠡᠳᠤᠨ ᠲᠦᠮᠡᠨ ᠳ᠋ᠦᠩᠰᠢᠭᠤᠷ ᠲᠦᠭᠦᠷᠢᠭ ᠤᠨ ᠪᠡᠯᠨ ᠤᠷᠤᠭᠤᠯᠤᠯᠳᠠ ᠬᠢᠵᠤ᠂ ᠬᠦᠳᠡᠭᠡ ᠲᠤᠰᠬᠤᠨ ᠤ ᠬᠤᠴᠤᠷᠤᠩᠭᠤᠢ ᠲᠦᠷᠰᠤ ᠪᠠᠶᠢᠳᠠᠯ ᠢ ᠢᠳᠡᠭ ᠢᠳᠡᠭ ᠢᠶᠠᠷ ᠬᠤᠪᠢᠷᠠᠭᠤᠯᠬᠤ ᠪᠠᠷ ᠲᠦᠯᠦᠪᠯᠡᠵᠡᠢ᠃ 21 ᠳ᠋ᠤᠭᠡᠷ ᠰᠢᠨ᠎ᠠ ᠵᠠᠭᠤᠨ ᠡᠬᠢᠯᠡᠮᠡᠭᠴᠡ ᠮᠠᠨ ᠤ ᠤᠯᠤᠰ ᠲᠠᠷᠢᠶᠠᠯᠠᠩ ᠤᠨ ᠭᠠᠶᠢᠯᠢ ᠶᠢ ᠦᠭᠡᠶᠢᠰᠬᠡᠵᠤ᠂ ᠬᠦᠳᠡᠭᠡ ᠲᠤᠰᠬᠤᠨ ᠤ ᠠᠯᠪᠠᠨ ᠵᠢᠷᠤᠮ ᠤᠨ ᠰᠤᠷᠭᠠᠨ ᠬᠦᠮᠦᠵᠢᠯ ᠤᠨ ᠰᠦᠢᠳᠭᠡᠯ ᠢ ᠬᠡᠯᠳᠦᠷᠢᠬᠦᠯᠵᠤ᠂ ᠲᠠᠷᠢᠶᠠᠴᠢᠨ ᠮᠠᠯᠴᠢᠳ ᠤᠨ ᠲᠠᠷᠤᠭᠠᠰᠦ ᠶᠢ ᠬᠦᠩᠭᠡᠯᠡᠵᠤ᠂ ᠬᠦᠳᠡᠭᠡ ᠲᠤᠰᠬᠤᠨ ᠤ ᠦᠨᠳᠦᠰᠦᠨ ᠪᠦᠳᠦᠭᠡᠨ ᠪᠠᠶᠢᠭᠤᠯᠤᠯᠳᠠ ᠳᠠᠬᠢ ᠪᠡᠯᠨ ᠤᠷᠤᠭᠤᠯᠤᠯᠳᠠ ᠶᠢ ᠨᠡᠮᠡᠭᠳᠡᠬᠦᠯᠵᠤ᠂ ᠬᠦᠳᠡᠭᠡ ᠲᠤᠰᠬᠤᠨ ᠤ ᠬᠦᠭᠵᠢᠯᠳᠡ ᠳᠤ ᠤᠷᠢᠳᠤ ᠡᠮᠤᠨ᠎ᠠ ᠭᠠᠷᠤᠭᠠᠳᠤᠢ ᠰᠠᠶᠢᠨ ᠰᠠᠶᠢᠬᠠᠨ ᠨᠦᠬᠦᠴᠡᠯ ᠪᠠ ᠴᠠᠭ ᠲᠤᠬᠢᠶᠠᠯ ᠢ ᠤᠯᠭᠤᠨ ᠦᠭᠬᠦᠭᠰᠡᠨ ᠪᠠᠶᠢᠨ᠎ᠠ᠃ ᠰᠢᠨ᠎ᠠ ᠴᠠᠭ ᠡᠷᠡᠨ ᠳᠤ ᠬᠦᠳᠡᠭᠡ ᠲᠤᠰᠬᠤᠨ ᠤ ᠠᠵᠢᠯ ᠢ ᠰᠠᠶᠢᠨ ᠬᠢᠬᠦ ᠳᠤ ᠡᠩ ᠲᠡᠷᠢᠬᠦᠨ ᠳᠤ ᠰᠢᠨ᠎ᠠ ᠪᠠᠶᠢᠳᠠᠯ ᠢ ᠤᠶᠢᠯᠠᠭᠠᠵᠦ᠂ ᠰᠢᠨ᠎ᠠ ᠠᠰᠠᠭᠤᠳᠠᠯ ᠢ ᠲᠠᠨᠢᠵᠤ᠂ ᠰᠢᠨ᠎ᠠ ᠲᠦᠷᠦ ᠶᠢᠨ ᠪᠤᠳᠤᠯᠭ᠎ᠠ ᠶᠢ ᠡᠵᠡᠮᠰᠢᠵᠤ᠂ ᠰᠢᠨ᠎ᠠ ᠵᠤᠷᠢᠭ ᠰᠠᠨᠠᠭ᠎ᠠ ᠶᠢ ᠤᠶᠢᠯᠠᠭᠠᠬᠤ ᠬᠡᠷᠡᠭᠳᠡᠢ᠃ ᠡᠳᠡᠭᠡᠷ ᠨᠢ ᠴᠦᠮ ᠭᠠᠴᠠᠭᠠᠨ ᠲᠠᠷᠤᠭ᠎ᠠ ᠨᠠᠷ ᠲᠤ ᠰᠤᠷᠤᠯᠴᠠᠯᠭ᠎ᠠ ᠶᠢᠨ ᠲᠠᠯ᠎ᠠ ᠪᠠᠷ ᠨᠠᠩ ᠦᠨᠳᠦᠷ ᠱᠠᠭᠠᠷᠳᠠᠯᠭ᠎ᠠ ᠲᠠᠯᠪᠢᠭᠰᠠᠨ ᠪᠠᠶᠢᠨ᠎ᠠ᠃ ᠠᠵᠢᠯ ᠶᠠᠪᠤᠳᠠᠯ ᠮᠠᠰᠢ ᠶᠠᠭᠠᠷᠠᠯᠳᠠᠢ ᠠᠴᠠ ᠪᠤᠯᠤᠭᠠᠳ ᠰᠤᠷᠤᠯᠴᠠᠯᠭ᠎ᠠ ᠳᠤ ᠬᠡᠷᠡᠭᠯᠡᠬᠦ ᠴᠠᠭ ᠨᠢ ᠮᠠᠰᠢ ᠤᠬᠤᠷ ᠪᠠᠶᠢᠳᠠᠭ᠃ ᠡᠨᠡ ᠨᠢ ᠰᠤᠷᠤᠯᠴᠠᠯᠭ᠎ᠠ ᠶᠢᠨ ᠲᠤᠮᠳᠠ ᠪᠠᠨ ᠭᠤᠤᠯᠳᠠᠯᠭ᠎ᠠ ᠶᠢ ᠠᠳᠬᠤᠵᠤ᠂ ᠤᠶᠤᠨ ᠬᠦᠴᠦ ᠪᠠᠨ ᠲᠦᠪᠯᠡᠷᠡᠭᠦᠯᠦᠨ᠂ ᠰᠢᠨ᠎ᠠ ᠴᠠᠭ ᠦᠶ᠎ᠠ ᠶᠢᠨ ᠰᠤᠷᠤᠯᠴᠠᠬᠤ ᠭᠤᠤᠯ ᠠᠭᠤᠯᠭ᠎ᠠ ᠶᠢ ᠲᠤᠲᠤᠷᠬᠠᠢ ᠡᠵᠡᠮᠰᠢᠬᠦ ᠬᠡᠷᠡᠭᠳᠡᠢ ᠭᠡᠳᠡᠭ ᠢ ᠱᠠᠭᠠᠷᠳᠠᠵᠤ ᠪᠠᠶᠢᠨ᠎ᠠ᠃ ᠨᠢᠭᠡ ᠳᠤ᠂ ᠴᠢᠭᠯᠡᠯᠳᠡ ᠲᠦᠷᠦ ᠶᠢᠨ ᠪᠤᠳᠤᠯᠭ᠎ᠠ ᠶᠢ ᠰᠤᠷᠤᠯᠴᠠᠬᠤ᠃ ᠭᠠᠴᠠᠭᠠᠨ ᠲᠠᠷᠤᠭ᠎ᠠ ᠨᠡᠷ ᠨᠠᠮ ᠤᠨ ᠴᠢᠭᠯᠡᠯᠳᠡ ᠲᠦᠷᠦ ᠶᠢᠨ ᠪᠤᠳᠤᠯᠭ᠎ᠠ ᠶᠢ ᠬᠡᠷᠡᠭᠵᠢᠬᠦᠯᠬᠦ ᠵᠢᠱᠢᠶᠠᠴᠢ ᠲᠠᠭᠠᠭᠤᠯᠤᠭᠴᠢ ᠪᠤᠯᠬᠤ ᠬᠡᠷᠡᠭᠳᠡᠢ᠃ ᠡᠶᠢᠮᠤ ᠠᠴᠠ ᠨᠢᠭᠡᠨ ᠭᠠᠴᠠᠭᠠᠨ ᠲᠠᠷᠤᠭ᠎ᠠ ᠪᠤᠯᠤᠭᠰᠠᠨ ᠤ ᠬᠤᠪᠢ ᠳᠤ ᠨᠠᠮ ᠤᠨ ᠪᠤᠳᠤᠯᠭ᠎ᠠ ᠴᠢᠭᠯᠡᠯᠳᠡ ᠶᠢ ᠴᠦᠬᠦᠷᠡᠰᠢ ᠦᠬᠡᠢ ᠰᠤᠷᠤᠯᠴᠠᠵᠤ᠂ ᠨᠠᠮ ᠵᠠᠰᠠᠭ ᠤᠨ ᠰᠢᠢᠳᠪᠤᠷᠢ᠂ ᠲᠤᠭᠳᠠᠭᠠᠯ ᠪᠤᠯᠤᠨ ᠬᠠᠮᠢᠶ᠎ᠠ ᠪᠦᠬᠦᠢ ᠪᠢᠴᠢᠭ ᠮᠠᠲ᠋ᠧᠷᠢᠶᠠᠯ ᠢ ᠰᠤᠷᠤᠯᠴᠠᠵᠤ᠂ ᠬᠦᠳᠡᠭᠡ ᠲᠤᠰᠬᠤᠨ ᠤ ᠲᠤᠬᠠᠢ ᠡᠯ᠎ᠡ ᠵᠦᠢᠯ ᠤᠨ ᠲᠦᠷᠦ ᠶᠢᠨ ᠪᠤᠳᠤᠯᠭ᠎ᠠ ᠶᠢᠨ ᠪᠤᠳᠠᠳᠤ ᠠᠭᠤᠯᠭ᠎ᠠ ᠶᠢ ᠪᠠᠳᠤ ᠡᠵᠡᠮᠰᠢᠬᠦ ᠬᠡᠷᠡᠭᠳᠡᠢ᠃ ᠬᠤᠶᠠᠷ ᠲᠤ᠂ ᠬᠠᠤᠯᠢ ᠴᠠᠭᠠᠵᠠ ᠶᠢᠨ ᠮᠡᠳᠡᠯᠭᠡ ᠶᠢ ᠰᠤᠷᠤᠯᠴᠠᠬᠤ᠃ ᠤᠳᠤ ᠶᠢᠨ ᠨᠡᠶᠢᠬᠡᠮ ᠪᠤᠯ ᠬᠠᠤᠯᠢᠳᠤ ᠨᠡᠶᠢᠬᠡᠮ ᠮᠦᠨ᠃ ᠬᠠᠤᠯᠢ ᠶᠤᠰᠤᠭᠠᠷ ᠠᠵᠢᠯ ᠶᠠᠪᠤᠳᠠᠯ ᠢᠶᠠᠨ ᠬᠦᠢᠴᠡᠳᠬᠡᠬᠦ ᠬᠡᠷᠡᠭᠳᠡᠢ ᠶᠤᠮ᠃ ᠭᠠᠴᠠᠭᠠᠨ ᠲᠠᠷᠤᠭ᠎ᠠ ᠡᠷᠬᠡᠪᠡᠰᠢ ᠬᠠᠤᠯᠢ ᠶᠢ ᠮᠡᠳᠡᠵᠤ᠂ ᠬᠠᠤᠯᠢ ᠶᠢ ᠤᠶᠢᠯᠠᠭᠠᠵᠦ᠂ ᠬᠠᠤᠯᠢ ᠶᠢ ᠬᠡᠷᠡᠭᠯᠡᠬᠦ ᠬᠡᠷᠡᠭᠳᠡᠢ᠃ ᠡᠯ᠎ᠡ ᠲᠦᠷᠦᠯ ᠤᠨ ᠠᠵᠢᠯ ᠢᠶᠠᠨ ᠬᠠᠤᠯᠢ ᠴᠠᠭᠠᠵᠠ ᠬᠠᠤᠯᠢ ᠲᠦᠷᠢᠮ ᠤᠨ ᠵᠦᠪᠰᠢᠶᠠᠷᠡᠬᠦ ᠬᠡᠪᠴᠢᠶᠠᠨ ᠲᠤᠳᠤᠷ᠎ᠠ ᠬᠦᠢᠴᠡᠳᠬᠡᠬᠦ ᠬᠡᠷᠡᠭᠳᠡᠢ᠃ ᠡᠰᠡ ᠲᠡᠶᠢᠮᠤ ᠪᠤᠯ ᠵᠠᠷᠢᠮ ᠠᠵᠢᠯ ᠢ ᠦᠷᠨᠢᠬᠦᠯᠬᠦ ᠶᠢᠨ ᠠᠷᠭ᠎ᠠ ᠦᠬᠡᠢ ᠪᠤᠯᠬᠤ ᠮᠦᠷᠳᠡᠭᠡᠨ ᠬᠠᠯᠳᠤᠰᠬᠢᠪᠠᠯ ᠪᠤᠰᠤᠳ ᠲᠤ ᠵᠠᠭᠠᠯᠳᠤᠭᠳᠠᠵᠤ᠂ ᠬᠠᠤᠯᠢ ᠶᠢᠨ ᠲᠢᠩᠬᠢᠮ ᠳᠤ ᠬᠦᠷᠴᠦ ᠮᠡᠳᠡᠨ᠎ᠡ᠃ ᠬᠡᠷᠪᠡ ᠬᠠᠤᠯᠢ ᠶᠢ ᠮᠡᠳᠡᠵᠤ ᠬᠠᠤᠯᠢ ᠶᠢ ᠤᠶᠢᠯᠠᠭᠠᠬᠤ ᠳᠤ ᠬᠦᠷᠪᠡᠯ ᠬᠠᠤᠯᠢ ᠴᠠᠭᠠᠵᠠ ᠬᠠᠤᠯᠢ ᠲᠦᠷᠢᠮ ᠨᠢ ᠠᠵᠢᠯ ᠶᠠᠪᠤᠳᠠᠯ ᠦᠷᠨᠢᠬᠦᠯᠬᠦ ᠶᠢᠨ ᠴᠢᠨᠢ ᠬᠦᠴᠦᠳᠡᠢ ᠵᠡᠪᠰᠡᠭ ᠪᠤᠯᠵᠤ᠂ ᠲᠠᠨ ᠳᠤ ᠲᠤᠰᠠᠯᠠᠮᠵᠢ ᠪᠤᠯᠵᠤ᠂ ᠶᠡᠷᠤᠳᠡ ᠶᠢᠨ ᠠᠷᠭ᠎ᠠ ᠪᠠᠷᠢᠯ ᠢᠶᠠᠷ ᠰᠢᠢᠳᠪᠤᠷᠢᠯᠡᠵᠦ ᠲᠡᠶᠢᠯᠬᠦ ᠦᠬᠡᠢ ᠵᠠᠷᠢᠮ ᠵᠢᠭᠤᠷᠠᠯᠳᠤᠭᠠᠨ ᠢ ᠰᠢᠢᠳᠪᠤᠷᠢᠯᠡᠨ ᠦᠭᠴᠤ ᠴᠢᠳᠡᠨ᠎ᠡ᠃ ᠭᠤᠷᠪᠠ ᠳᠤ᠂ ᠰᠢᠨᠵᠢᠯᠡᠬᠦ ᠤᠬᠠᠭᠠᠨ ᠤ ᠮᠡᠳᠡᠯᠭᠡ ᠶᠢ ᠰᠤᠷᠤᠯᠴᠠᠬᠤ᠃ ᠬᠦᠳᠡᠭᠡ ᠲᠤᠰᠬᠤᠨ ᠢ ᠪᠠᠶᠠᠵᠢᠭᠤᠯᠬᠤ ᠳᠤ ᠨᠢᠭᠡ ᠳᠤ ᠲᠦᠷᠦ ᠶᠢᠨ ᠪᠤᠳᠤᠯᠭ᠎ᠠ ᠳᠤ ᠲᠦᠰᠢᠭᠯᠡᠵᠤ᠂ ᠬᠤᠶᠠᠷ ᠲᠤ ᠰᠢᠨᠵᠢᠯᠡᠬᠦ ᠤᠬᠠᠭᠠᠨ ᠮᠡᠷᠭᠡᠵᠢᠯ ᠳᠤ ᠲᠦᠰᠢᠭᠯᠡᠨ᠎ᠡ᠃ ᠭᠠᠴᠠᠭᠠᠨ ᠲᠠᠷᠤᠭ᠎ᠠ ᠨᠢ ᠪᠦᠬᠦ ᠭᠠᠴᠠᠭ᠎ᠠ ᠶᠢᠨ ᠬᠦᠭᠵᠢᠯᠳᠡ ᠶᠢ ᠤᠳᠤᠷᠢᠳᠬᠤ ᠲᠤᠮᠤ ᠡᠭᠦᠷᠭᠡ ᠶᠢ ᠡᠬᠦᠷᠭᠡᠯᠡᠵᠤ ᠪᠠᠶᠢᠬᠤ ᠪᠤᠯᠬᠤᠷ ᠵᠤᠬᠢᠬᠤ ᠰᠢᠨᠵᠢᠯᠡᠬᠦ ᠤᠬᠠᠭᠠᠨ ᠤ ᠮᠡᠳᠡᠯᠭᠡ ᠦᠬᠡᠢ ᠶᠤᠮ ᠪᠤᠯ ᠠᠵᠢᠯ ᠢᠶᠠᠨ ᠰᠠᠶᠢᠨ ᠬᠢᠶ᠎ᠠ ᠬᠡᠵᠤ ᠪᠤᠳᠤᠭᠰᠠᠨ ᠴᠤ ᠭᠤᠷᠢ ᠦᠭᠡᠢ ᠶᠤᠮ᠃ ᠡᠶᠢᠮᠤ ᠠᠴᠠ ᠭᠠᠴᠠᠭᠠᠨ ᠲᠠᠷᠤᠭ᠎ᠠ ᠨᠡᠷ ᠰᠢᠨᠵᠢᠯᠡᠬᠦ ᠤᠬᠠᠭᠠᠨ ᠤ ᠦᠵᠡᠯᠳᠡ ᠪᠠᠨ ᠦᠨᠳᠦᠷᠵᠢᠬᠦᠯᠵᠤ᠂ ᠰᠢᠨᠵᠢᠯᠡᠬᠦ ᠤᠬᠠᠭᠠᠨ ᠤ ᠮᠡᠳᠡᠯᠭᠡ ᠶᠢ ᠴᠢᠷᠮᠡᠶᠢᠨ ᠰᠤᠷᠤᠯᠴᠠᠵᠤ᠂ ᠤᠳᠤ ᠦᠶ᠎ᠡ ᠶᠢᠨ ᠰᠢᠨᠵᠢᠯᠡᠬᠦ ᠤᠬᠠᠭᠠᠨ ᠮᠡᠷᠭᠡᠵᠢᠯ ᠤᠨ ᠦᠨᠳᠦᠰᠦᠨ ᠮᠡᠳᠡᠯᠭᠡ ᠨᠦᠭᠦᠳ ᠢ ᠤᠶᠢᠯᠠᠭᠠᠬᠤ ᠪᠠᠷ ᠪᠠᠷᠠᠬᠤ ᠦᠭᠡᠢ ᠪᠠᠰᠠ ᠬᠡᠷᠡᠭᠯᠡᠬᠡᠨ ᠤ ᠰᠢᠨᠵᠢᠯᠡᠬᠦ ᠤᠬᠠᠭᠠᠨ ᠮᠡᠷᠬᠡᠵᠢᠯ ᠪᠤᠯᠤᠨ ᠵᠤᠬᠢᠬᠤ ᠤᠷ᠎ᠠ ᠮᠡᠷᠬᠡᠰᠢᠯ ᠢ ᠤᠶᠢᠯᠠᠭᠠᠨ ᠡᠵᠡᠮᠰᠢᠪᠡᠯ ᠵᠤᠬᠢᠨ᠎ᠠ᠃ ᠲᠦᠷᠪᠡ ᠳᠤ᠂ ᠬᠠᠮᠢᠶᠠᠷᠤᠯᠳᠠ ᠶᠢᠨ ᠮᠡᠳᠡᠯᠭᠡ ᠶᠢ ᠰᠤᠷᠤᠯᠴᠠᠬᠤ᠃ ᠬᠠᠮᠢᠶᠠᠷᠤᠯᠳᠠ ᠶᠢᠨ ᠦᠨᠳᠦᠰᠦᠨ ᠤᠨᠤᠯ ᠢ ᠡᠯ᠎ᠡ ᠲᠦᠷᠦᠯ ᠤᠨ ᠵᠤᠬᠢᠶᠠᠨ ᠪᠠᠶᠢᠭᠤᠯᠤᠯᠳᠠ ᠳᠤ ᠬᠡᠷᠡᠭᠯᠡᠵᠤ ᠪᠤᠯᠳᠠᠭ᠃ ᠪᠠᠭ᠎ᠠ ᠳᠠᠭᠠᠨ ᠪᠠᠭ ᠲᠤᠭᠤᠶᠢᠯᠠᠩ᠂ ᠶᠡᠭᠡ ᠳᠡᠭᠡᠨ ᠤᠯᠤᠰ ᠤᠷᠤᠨ ᠳᠤ ᠬᠠᠮᠢᠶᠠᠷᠤᠯᠳᠠ ᠶᠢᠨ ᠦᠨᠳᠦᠰᠦᠨ ᠵᠦᠢᠯ ᠢᠶᠠᠷ ᠴᠦᠮ ᠠᠳᠠᠯᠢ ᠪᠠᠶᠢᠳᠠᠭ᠃ ᠬᠠᠮᠢᠶᠠᠷᠤᠯᠳᠠ ᠶᠢᠨ ᠤᠨᠤᠯ ᠤᠨ ᠮᠡᠳᠡᠯᠭᠡ ᠶᠢ ᠰᠠᠶᠢᠨ ᠰᠤᠷᠴᠤ᠂ ᠪᠤᠰᠤᠳ ᠬᠦᠳᠡᠭᠡ ᠲᠤᠰᠬᠤᠨ ᠪᠤᠯᠤᠨ ᠵᠤᠬᠢᠶᠠᠨ ᠪᠠᠶᠢᠭᠤᠯᠤᠯᠳᠠ ᠶᠢᠨ ᠬᠠᠮᠢᠶᠠᠷᠤᠯᠳᠠ ᠶᠢᠨ ᠲᠤᠷᠰᠢᠯᠭ᠎ᠠ ᠠᠴᠠ ᠨᠢ ᠰᠤᠷᠤᠯᠴᠠᠵᠤ᠂ ᠬᠠᠮᠢᠶ᠎ᠠ ᠪᠦᠬᠦᠢ ᠬᠠᠮᠢᠶᠠᠷᠤᠯᠳᠠ ᠶᠢᠨ ᠤᠷ᠎ᠠ ᠲᠠᠮ ᠢ ᠡᠵᠡᠮᠰᠢᠵᠤ᠂ ᠬᠠᠮᠢᠶᠠᠷᠤᠭᠳᠠᠭᠴᠢᠳ ᠤᠨ ᠰᠠᠨᠠᠭ᠎ᠠ ᠰᠡᠳᠬᠢᠯ ᠢ ᠤᠶᠢᠯᠠᠭᠠᠬᠤ ᠨᠢ ᠴᠦᠮ ᠭᠠᠴᠠᠭᠠᠨ ᠲᠠᠷᠤᠭ᠎ᠠ ᠶᠢᠨ ᠬᠠᠮᠢᠶᠠᠷᠤᠯᠳᠠ ᠶᠢᠨ ᠠᠵᠢᠯ ᠢᠶᠠᠨ ᠰᠠᠶᠢᠨ ᠬᠢᠬᠦ ᠳᠤ ᠲᠤᠰᠠᠲᠠᠢ ᠶᠤᠮ᠃ ᠰᠢᠨ᠎ᠠ ᠴᠠᠭ ᠦᠶ᠎ᠠ ᠶᠢᠨ ᠬᠠᠮᠢᠶᠠᠷᠤᠯᠳᠠ ᠶᠢᠨ ᠠᠷᠭ᠎ᠠ ᠶᠢ ᠡᠵᠡᠮᠰᠢᠬᠦ ᠦᠭᠡᠢ ᠪᠤᠯ ᠬᠦᠳᠡᠭᠡ ᠲᠤᠰᠬᠤᠨ ᠤ ᠠᠵᠢᠯ ᠤᠨ ᠲᠠᠯ᠎ᠠ ᠪᠠᠷ ᠦᠴᠦᠬᠡᠨ ᠠᠮᠵᠢᠯᠳᠠ ᠤᠯᠬᠤ ᠪᠤᠶᠤ ᠴᠢᠨᠠᠭᠰᠢᠯᠠᠪᠠᠯ ᠶᠠᠮᠠᠷᠴᠤ ᠠᠮᠵᠢᠯᠳᠠ ᠤᠯᠵᠤ ᠴᠢᠳᠠᠬᠤ ᠦᠬᠡᠢ ᠶᠤᠮ᠃ ᠭᠠᠴᠠᠭᠠᠨ ᠲᠠᠷᠤᠭ᠎ᠠ ᠨᠡᠷ ᠤᠨ ᠡᠳᠦᠷ ᠲᠤᠳᠤᠮ ᠤᠨ ᠠᠵᠢᠯ ᠨᠢ ᠮᠠᠰᠢ ᠶᠠᠭᠠᠷᠠᠤ ᠪᠠᠶᠢᠵᠤ᠂ ᠰᠤᠷᠤᠯᠴᠠᠯᠭ᠎ᠠ ᠳᠤ ᠬᠡᠷᠡᠭᠯᠡᠬᠦ ᠴᠠᠭ ᠨᠢ ᠤᠬᠤᠷ ᠪᠠᠶᠢᠳᠠᠭ ᠪᠤᠯᠬᠤᠷ ᠪᠦᠳᠦᠮᠵᠢᠳᠡᠢ ᠰᠤᠷᠤᠯᠴᠠᠯᠭ᠎ᠠ ᠶᠢᠨ ᠠᠷᠭ᠎ᠠ ᠶᠢ ᠡᠵᠡᠮᠰᠢᠬᠦ ᠴᠢᠬᠤᠯᠠ ᠲᠠᠢ᠃ ᠡᠬᠦᠨ ᠳᠤ ᠭᠤᠤᠯ ᠨᠢ ᠲᠤᠤᠷᠠᠬᠢ ᠬᠤᠶᠠᠷ ᠲᠠᠯ᠎ᠠ ᠶᠢ ᠡᠵᠡᠮᠰᠢᠬᠦ ᠴᠢᠬᠤᠯᠠ ᠲᠠᠢ᠃ ᠨᠢᠬᠡᠳᠤᠭᠡᠷ ᠲᠤ᠂ ᠰᠤᠷᠤᠯᠴᠠᠬᠤ ᠰᠡᠳᠬᠢᠬᠦᠢ ᠪᠠᠨ ᠦᠷᠭᠡᠳᠭᠡᠬᠦ ᠬᠡᠷᠡᠭᠳᠡᠢ᠃ ᠰᠤᠷᠤᠯᠴᠠᠬᠤ ᠨᠢ ᠵᠦᠪᠬᠡᠨ ᠨᠤᠮ ᠪᠢᠴᠢᠭ ᠠᠴᠠ ᠰᠤᠷᠬᠤ ᠶᠠᠪᠤᠳᠠᠯ ᠪᠢᠰᠢ ᠮᠦᠷᠳᠡᠬᠡᠨ ᠭᠤᠤᠯ ᠨᠢ ᠪᠠᠰᠠ ᠨᠤᠮ ᠪᠢᠴᠢᠭ ᠠᠴᠠ ᠰᠤᠷᠬᠤ ᠶᠠᠪᠤᠳᠠᠯ ᠴᠤ ᠪᠢᠰᠢ ᠶᠤᠮ᠃ ᠭᠠᠴᠠᠭᠠᠨ ᠲᠠᠷᠤᠭ᠎ᠠ ᠶᠢᠨ ᠰᠤᠷᠤᠯᠴᠠᠯᠭ᠎ᠠ ᠶᠢᠨ ᠠᠷᠭ᠎ᠠ ᠬᠡᠯᠪᠡᠷᠢ ᠲᠠᠪᠤᠨ ᠵᠦᠢᠯ ᠪᠠᠶᠢᠨ᠎ᠠ᠃ ᠨᠢᠬᠡ᠂ ᠦᠢᠯᠡᠳᠪᠤᠷᠢᠯᠡᠯ ᠠᠴᠠ ᠰᠠᠯᠵᠤ ᠰᠤᠷᠤᠯᠴᠠᠬᠤ᠂ ᠵᠢᠱᠢᠶᠠᠯᠠᠪᠠᠯ ᠰᠢᠨ᠎ᠠ ᠬᠦᠳᠡᠭᠡ ᠲᠤᠰᠬᠤᠨ ᠢ ᠪᠦᠳᠦᠬᠡᠨ ᠪᠠᠶᠢᠭᠤᠯᠬᠤ ᠲᠦᠷᠦ ᠶᠢᠨ ᠪᠤᠳᠤᠯᠭ᠎ᠠ ᠪᠤᠯᠤᠨ ᠰᠢᠨ᠎ᠠ ᠵᠤᠷᠢᠭ ᠰᠠᠨᠠᠭᠠᠨ ᠤ ᠲᠠᠯ᠎ᠠ ᠪᠠᠷ ᠲᠡᠭᠡᠳᠤ ᠱᠠᠳᠤᠨ ᠠᠴᠠ ᠦᠢᠯᠡᠳᠪᠤᠷᠢᠯᠠᠯ ᠠᠴᠠ ᠰᠠᠯᠭᠠᠨ ᠰᠤᠷᠤᠯᠴᠠᠭᠤᠯᠬᠤ ᠪᠠᠷ ᠪᠠᠶᠢᠷᠢᠯᠠᠭᠤᠯᠤᠭᠰᠠᠨ ᠦᠶᠡᠰ᠂ ᠡᠷᠬᠡᠪᠡᠰᠢ ᠠᠵᠢᠯ ᠪᠤᠯᠤᠨ ᠰᠤᠷᠤᠯᠴᠠᠯᠭ᠎ᠠ ᠶᠢᠨ ᠬᠠᠷᠢᠴᠠᠭ᠎ᠠ ᠶᠢ ᠲᠤᠬᠢᠳᠠᠢ ᠰᠢᠢᠳᠪᠤᠷᠢᠯᠠᠵᠦ᠂ ᠰᠡᠳᠬᠢᠯ ᠰᠠᠨᠠᠭ᠎ᠠ ᠲᠤᠭᠳᠠᠭᠤᠨ ᠢᠶᠠᠷ ᠰᠤᠷᠤᠯᠴᠠᠬᠤ ᠭᠡᠷᠡᠭᠳᠡᠢ᠃ ᠬᠤᠶᠠᠷ᠂ ᠨᠤᠮ ᠪᠢᠴᠢᠭ ᠠᠴᠠ ᠰᠤᠷᠬᠤ᠂ ᠴᠢᠯᠦᠭᠡ ᠵᠠᠪ ᠭᠠᠷᠭᠠᠨ ᠲᠡᠭᠡᠳᠤ ᠱᠠᠳᠤᠨ ᠠᠴᠠ ᠪᠠᠭᠤᠯᠭᠠᠭᠰᠠᠨ ᠰᠤᠷᠤᠯᠴᠠᠬᠤ ᠮᠠᠲ᠋ᠧᠷᠢᠶᠠᠯ ᠢ ᠤᠩᠰᠢᠵᠤ᠂ ᠡᠳᠦᠷ ᠪᠦᠷᠢ ᠨᠤᠮ ᠤᠩᠰᠢᠬᠤ ᠲᠠᠳᠬᠠᠯ ᠲᠠᠢ ᠪᠤᠯᠬᠤ ᠬᠡᠷᠡᠭᠳᠡᠢ᠃ ᠭᠤᠷᠪᠠ᠂ ᠦᠢᠯᠡᠳᠦᠯᠬᠡ ᠠᠴᠠ ᠰᠤᠷᠬᠤ᠂ ᠵᠢᠱᠢᠶᠠᠯᠠᠪᠠᠯ ᠪᠤᠰᠤᠳ ᠭᠠᠴᠠᠭᠠᠨ ᠲᠠᠷᠤᠭ᠎ᠠ ᠨᠡᠷ ᠲᠠᠢ ᠢᠯᠡᠬᠦᠬᠡᠨ ᠬᠠᠷᠢᠯᠴᠠᠵᠤ᠂ ᠲᠡᠳᠡᠨ ᠤ ᠠᠵᠤ ᠠᠬᠤᠢ ᠪᠠᠨ ᠬᠦᠭᠵᠢᠬᠦᠯᠦᠭᠰᠡᠨ ᠪᠦᠳᠦᠮᠵᠢᠳᠡᠢ ᠦᠯᠢᠭᠡᠷ ᠬᠡᠪ᠂ ᠤᠯᠠᠨ ᠲᠦᠮᠡᠨ ᠤ ᠵᠢᠭᠤᠷᠠᠯᠳᠤᠭᠠᠨ ᠢ ᠰᠢᠢᠳᠪᠤᠷᠢᠯᠡᠭᠰᠡᠨ ᠪᠦᠲᠦᠮᠵᠢᠳᠡᠢ ᠲᠤᠷᠰᠢᠯᠭ᠎ᠠ ᠵᠡᠷᠭᠡ ᠶᠢ ᠨᠢ ᠰᠤᠷᠤᠯᠴᠠᠵᠤ᠂ ᠪᠠᠰᠠ ᠲᠤᠰ ᠭᠠᠴᠠᠭᠠᠨ ᠤ ᠤᠯᠠᠨ ᠲᠦᠮᠡᠨ ᠤ ᠦᠢᠯᠡᠳᠪᠤᠷᠢᠯᠡᠯ ᠢ ᠬᠦᠭᠵᠢᠬᠦᠯᠦᠭᠰᠡᠨ ᠲᠤᠷᠰᠢᠯᠭ᠎ᠠ ᠵᠡᠷᠭᠡ ᠶᠢ ᠰᠤᠷᠤᠯᠴᠠᠨ ᠳ᠋ᠦᠩᠨᠡᠬᠦ ᠬᠡᠷᠡᠭᠳᠡᠢ᠃ ᠲᠦᠷᠪᠡ᠂ ᠤᠯᠠᠨ ᠵᠦᠢᠯ ᠤᠨ ᠵᠠᠭᠤᠴᠢᠯᠠᠭᠤᠷ ᠢ ᠠᠰᠢᠭᠯᠠᠨ ᠰᠤᠷᠤᠯᠴᠠᠬᠤ ᠬᠡᠷᠡᠭᠳᠡᠢ᠃ ᠤᠳᠤᠬᠠᠨ ᠷᠠᠳᠢᠤ᠋ ᠨᠡᠪᠳᠡᠷᠡᠭᠦᠯᠭᠡ᠂ ᠲᠧᠯᠸᠢᠰ ᠵᠡᠷᠭᠡ ᠨᠢ ᠬᠦᠳᠡᠭᠡ ᠲᠤᠰᠬᠤᠨ ᠤ ᠪᠦᠳᠦᠭᠡᠨ ᠪᠠᠶᠢᠭᠤᠯᠤᠯᠳᠠ ᠶᠢᠨ ᠬᠠᠮᠢᠶ᠎ᠠ ᠲᠠᠢ ᠲᠤᠷᠰᠢᠯᠭ᠎ᠠ ᠪᠠ ᠮᠡᠳᠡᠭᠡᠯᠡᠯ᠂ ᠲᠦᠷᠦ ᠶᠢᠨ ᠪᠤᠳᠤᠯᠭ᠎ᠠ᠂ ᠴᠠᠭ ᠤᠨ ᠪᠠᠶᠢᠳᠠᠯ᠂ ᠬᠦᠳᠡᠭᠡ ᠲᠤᠰᠬᠤᠨ ᠤ ᠪᠠᠶᠠᠵᠢᠭᠰᠠᠨ ᠲᠤᠷᠰᠢᠯᠭ᠎ᠠ ᠵᠡᠷᠭᠡ ᠶᠢ ᠶᠡᠭᠡ ᠬᠡᠮᠵᠢᠶ᠎ᠠ ᠪᠠᠷ ᠮᠡᠳᠡᠭᠡᠯᠡᠵᠤ ᠪᠠᠶᠢᠨ᠎ᠠ᠃ ᠡᠳᠡᠭᠡᠷ ᠫᠷᠦᠭᠷᠡᠮ ᠢ ᠦᠵᠡᠵᠤ ᠰᠤᠨᠤᠰᠬᠤ ᠶᠢ ᠪᠠᠷᠢᠮᠳᠠᠯᠠᠪᠠᠯ ᠮᠦᠨ ᠬᠦ ᠦᠪᠡᠷ ᠤᠨ ᠴᠢᠳᠡᠪᠤᠷᠢ ᠪᠠᠨ ᠲᠡᠭᠡᠭᠰᠢᠯᠡᠭᠦᠯᠵᠤ ᠴᠢᠳᠡᠨ᠎ᠡ᠃ ᠲᠠᠪᠤ᠂ ᠦᠯᠢᠭᠡᠷ ᠲᠠᠭᠤᠷᠢᠶᠠᠯ ᠠᠴᠠ ᠰᠤᠷᠤᠯᠴᠠᠬᠤ ᠭᠡᠷᠡᠭᠳᠡᠢ᠃ ᠮᠠᠨ ᠤ ᠤᠯᠤᠰ ᠤᠨ ᠬᠦᠳᠡᠭᠡ ᠲᠤᠰᠬᠤᠨ ᠤ ᠦᠯᠢᠭᠡᠷ ᠲᠠᠭᠤᠷᠢᠶᠠᠯ ᠪᠠᠶᠢᠬᠤ ᠯᠡ ᠪᠤᠶᠠᠨ᠂ ᠤᠳᠤᠬᠠᠨ ᠤ ᠰᠢᠨ᠎ᠠ ᠬᠦᠳᠡᠭᠡ ᠲᠤᠰᠬᠤᠨ ᠤ ᠪᠦᠳᠦᠬᠡᠨ ᠪᠠᠶᠢᠭᠤᠯᠬᠤ ᠲᠤᠮᠳᠠ ᠪᠠᠰᠠ ᠲᠡᠷᠢᠬᠦᠨ ᠤ ᠦᠯᠢᠭᠡᠷ ᠲᠠᠭᠤᠷᠢᠶᠠᠯ ᠪᠠ ᠲᠤᠷᠰᠢᠯᠭ᠎ᠠ ᠲᠠᠰᠤᠷᠠᠯᠳᠠ ᠦᠭᠡᠢ ᠴᠤᠯᠭᠤᠷᠠᠨ ᠭᠠᠷᠴᠤ ᠪᠠᠶᠢᠨ᠎ᠠ᠃ ᠤᠳᠤᠬᠠᠨ ᠳᠤ ᠤᠯᠠᠩᠬᠢ ᠬᠦᠳᠡᠭᠡ ᠲᠤᠰᠬᠤᠨ ᠳᠤ ᠴᠦᠮ ᠭᠠᠳᠠᠭᠰᠢ ᠭᠠᠷᠬᠤ ᠨᠦᠬᠦᠴᠡᠯ ᠲᠠᠢ ᠪᠤᠯᠵᠡᠢ᠃ ᠡᠳᠡᠭᠡᠷ ᠲᠡᠷᠢᠬᠦᠨ ᠤ ᠦᠯᠢᠭᠡᠷ ᠲᠠᠭᠤᠷᠢᠶᠠᠯ ᠤᠨ ᠤᠷᠤᠨ ᠳᠤ ᠬᠦᠷᠴᠤ᠂ ᠨᠢᠳᠤ ᠪᠠᠷ ᠦᠵᠡᠨ ᠴᠢᠬᠢ ᠪᠠᠷ ᠰᠤᠨᠤᠰᠴᠤ᠂ ᠨᠢᠭᠤᠷᠳᠠᠨ ᠶᠠᠷᠢᠯᠴᠠᠪᠠᠯ ᠪᠠᠭ᠎ᠠ ᠪᠤᠰᠤ ᠶᠠᠭᠤᠮ᠎ᠠ ᠰᠤᠷᠴᠤ ᠪᠤᠯᠤᠨ᠎ᠠ᠃ ᠬᠤᠶᠠᠳᠤᠭᠠᠷ ᠲᠤ᠂ ᠰᠤᠷᠤᠯᠴᠠᠬᠤ ᠲᠠᠳᠬᠠᠯ ᠲᠠᠢ ᠪᠤᠯᠬᠤ ᠬᠡᠷᠡᠭᠳᠡᠢ᠃ ᠮᠠᠨ ᠤ ᠤᠯᠤᠰ ᠤᠨ ᠭᠠᠴᠠᠭᠠᠨ ᠲᠠᠷᠤᠭ᠎ᠠ ᠨᠡᠷ ᠤᠨ ᠤᠯᠠᠩᠬᠢ ᠨᠢ ᠤᠷᠳᠤ ᠬᠤᠭᠤᠴᠠᠭ᠎ᠠ ᠪᠠᠷ ᠰᠤᠷᠤᠯᠴᠠᠬᠤ ᠪᠠᠷ ᠲᠠᠮᠵᠢᠨ᠂ ᠦᠪᠡᠷ ᠤᠨ ᠠᠵᠢᠯ ᠤᠨ ᠴᠢᠳᠡᠪᠤᠷᠢ ᠪᠤᠯᠤᠨ ᠬᠢᠷᠢ ᠲᠦᠪᠰᠢᠨ ᠢᠶᠠᠨ ᠠᠯᠬᠤᠮ ᠠᠯᠬᠤᠮ ᠢᠶᠠᠷ ᠳᠡᠭᠡᠭᠰᠢᠯᠡᠭᠦᠯᠦᠭᠰᠡᠨ ᠪᠠᠶᠢᠳᠠᠭ᠃ |
|
|
|
ᠢᠷᠡᠯᠲᠡ᠄
ᠦᠪᠦᠷ ᠮᠣᠩᠭᠤᠯ ᠤᠨ ᠵᠠᠰᠠᠭ ᠤᠨ ᠣᠷᠳᠤᠨ
|