ᠵᠠᠮ ᠤᠨ ᠮᠥᠰᠥᠳᠥᠯ ᠭᠡᠳᠡᠭ ᠢ ᠮᠡᠳᠡᠨ᠎ᠡ ᠤᠤ
ᠨᠡᠶᠢᠲᠡᠯᠡᠭᠰᠡᠨ ᠴᠠᠭ᠄
2015/1/30

     ᠵᠠᠮ ᠤᠨ ᠮᠥᠰᠥᠳᠥᠯ ᠢ ᠬᠤᠶᠠᠷ ᠵᠥᠢᠯ ᠳᠤ ᠬᠤᠪᠢᠶᠠᠳᠠᠭ᠂ ᠨᠢᠭᠡ ᠨᠢ ᠪᠤᠯ ᠴᠠᠰᠤ ᠤᠷᠤᠭᠰᠠᠨ ᠤ ᠲᠠᠷᠠᠭ᠎ᠠ  ᠲᠡᠷᠡ ᠲᠡᠷᠦ᠋ᠢᠬᠠᠨ ᠴᠡᠷᠴᠠᠵᠤ ᠬᠥᠯᠳᠡᠭᠡᠳ ᠵᠠᠮ ᠮᠥᠰᠥᠳᠥᠯ ᠲᠠᠢ ᠪᠤᠯᠤᠨ᠎ᠠ︔ ᠨᠥᠬᠦᠭᠡ ᠨᠢ ᠪᠤᠯ ᠬᠤᠷᠠᠭᠰᠠᠨ ᠴᠠᠰᠤ  ᠬᠠᠶᠢᠯᠵᠤ ᠡᠬᠢᠯᠡᠭᠰᠡᠨ ᠤ ᠲᠡᠷᠠᠭ᠎ᠠ᠂ ᠠᠭᠠᠷ ᠤᠨ ᠲᠤᠯᠠᠭᠠᠨ ᠪᠠᠭᠤᠷᠠᠭᠰᠠᠨ ᠠᠴᠠ ᠪᠤᠯᠵᠤ ᠵᠠᠮ ᠮᠥᠰᠥᠳᠥᠯ ᠲᠠᠢ ᠪᠤᠯᠤᠨ᠎ᠠ᠃ ᠵᠠᠮ ᠤᠨ ᠮᠥᠰᠥᠳᠥᠯ ᠨᠢ ᠵᠠᠮ ᠬᠠᠷᠢᠯᠴᠠᠭᠠᠨ ᠤ ᠠᠳᠡᠯ ᠤᠨ ᠬᠠᠮᠤᠭ ᠤᠨ ᠠᠶᠤᠯ ᠲᠠᠢ ᠰᠢᠯᠳᠠᠭᠠᠨ ᠪᠤᠯᠵᠤ ᠪᠠᠶᠢᠨ᠎ᠠ᠃

     ※ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ        
     ● ᠮᠠᠰᠢᠨᠳᠤ ᠲᠡᠷᠭᠡᠨ ᠤ ᠵᠢᠯᠤᠭᠤᠴᠢᠳ ᠲᠡᠷᠭᠡᠨ ᠤ ᠬᠥᠷᠳᠥᠨ ᠤ ᠭᠡᠢ ᠪᠠᠨ ᠪᠠᠭ᠎ᠠ ᠰᠢᠬ ᠲᠠᠯᠪᠢᠵᠤ᠂ ᠬᠥᠷᠳᠤ  ᠬᠢᠭᠡᠳ ᠭᠠᠵᠠᠷ ᠤᠨ ᠥᠷᠥᠯᠳᠡ ᠶᠢᠨ ᠬᠥᠴᠤ ᠶᠢ  ᠨᠡᠮᠡᠭᠳᠡᠭᠦᠯᠦᠨ᠂ ᠴᠢᠬᠤᠯᠠ ᠲᠠᠢ ᠥᠶ᠎ᠡ ᠳᠡᠭᠡᠨ ᠭᠤᠯᠭᠤᠬᠤ ᠠᠴᠠ  ᠰᠡᠷᠭᠡᠶᠢᠯᠡᠬᠦ ᠭᠢᠨᠵᠢ  ᠲᠠᠭᠠᠷᠠᠭᠤᠯᠤᠨ᠎ᠠ᠃        
     ● ᠵᠠᠮ ᠬᠠᠷᠢᠯᠴᠠᠭ᠎ᠠ᠂ ᠲᠤᠳᠤᠭᠠᠳᠤ ᠶᠢ ᠬᠠᠮᠠᠭᠠᠯᠠᠬᠤ ᠵᠡᠷᠭᠡ ᠰᠠᠯᠠᠭ᠎ᠠ ᠮᠥᠴᠢᠷ ᠤᠳ ᠵᠠᠮ ᠤᠨ ᠲᠡᠷᠭᠡ ᠬᠥᠰᠭᠡ   ᠶᠢ ᠵᠠᠬᠢᠷᠴᠤ ᠵᠢᠯᠤᠭᠤᠳᠤᠨ ᠲᠠᠭᠠᠭᠤᠯᠬᠤ ᠪᠠᠨ ᠠᠩᠬᠠᠷᠬᠤ ᠭᠡᠷᠡᠭᠳᠡᠢ᠂ ᠴᠢᠬᠤᠯᠠ ᠲᠠᠢ ᠥᠶ᠎ᠡ ᠳᠤ ᠮᠥᠰᠥᠳᠥᠭᠰᠡᠨ ᠵᠠᠮ ᠢ  ᠪᠢᠳᠡᠬᠦᠮᠵᠢᠯᠡᠨ ᠵᠠᠮ ᠬᠠᠷᠢᠯᠴᠠᠭ᠎ᠠ ᠶᠢ  ᠵᠤᠭᠰᠤᠭᠠᠨ᠎ᠠ᠃        
     ● ᠮᠠᠰᠢᠨᠳᠤ ᠲᠡᠷᠭᠡᠨ ᠤ ᠵᠢᠯᠤᠭᠤᠴᠢᠳ ᠵᠠᠰᠠᠮᠠᠯ ᠵᠠᠮ ᠤᠨ ᠬᠠᠮᠢᠶᠠᠷᠤᠯᠳᠠ ᠶᠢᠨ ᠰᠠᠯᠠᠭ᠎ᠠ ᠮᠥᠴᠢᠷ ᠤᠨ ᠬᠢᠨ ᠤ  ᠰᠤᠨᠢᠨ ᠮᠡᠳᠡᠭᠡᠨ ᠤ ᠵᠠᠭᠤᠴᠢᠯᠠᠭᠤᠷ ᠢᠶᠠᠷ ᠲᠠᠮᠵᠢᠵᠤ ᠨᠡᠶᠢᠳᠡᠯᠡᠭᠰᠡᠨ ᠵᠠᠮ ᠤᠨ ᠮᠡᠳᠡᠭᠡ ᠵᠠᠩᠬᠢ ᠶᠢ ᠴᠠᠭ ᠢᠮᠠᠭᠳᠠ  ᠠᠩᠬᠠᠷᠴᠤ  ᠪᠠᠶᠢᠭᠠᠷᠠᠢ᠃        
     & ᠲᠤᠰᠬᠠᠢ ᠮᠡᠷᠭᠡᠵᠢᠯᠳᠡᠨ ᠤ ᠰᠠᠨᠠᠭᠤᠯᠤᠮᠵᠢ        
     ◆ᠬᠥᠮᠥᠰ ᠭᠠᠳᠠᠭᠤᠷ ᠶᠠᠪᠤᠬᠤ ᠳᠠᠭᠠᠨ ᠬᠠᠯᠳᠤᠷᠢᠬᠤ ᠠᠴᠠ ᠰᠡᠷᠭᠡᠶᠢᠯᠡᠬᠦ ᠶᠢᠨ ᠲᠠᠭᠠᠤ ᠴᠢᠳᠠᠬᠤ ᠶᠢᠨ ᠲᠤᠳᠤᠷ᠎ᠠ  ᠲᠤᠭᠤᠢ ᠲᠡᠷᠭᠡ ᠤᠨᠤᠬᠤ ᠥᠭᠡᠢ ᠪᠠᠶᠢᠪᠠᠯ ᠵᠤᠬᠢᠨ᠎ᠠ᠃        
     ◆ᠵᠢᠯᠤᠭᠤᠴᠢᠳ ᠲᠡᠷᠭᠡ ᠬᠥᠰᠭᠡᠨ ᠳᠡᠭᠡᠨ ᠭᠤᠯᠭᠤᠬᠤ ᠠᠴᠠ ᠰᠡᠷᠭᠡᠶᠢᠯᠡᠬᠦ ᠠᠷᠭ᠎ᠠ ᠭᠡᠮᠵᠢᠶ᠎ᠡ ᠠᠪᠴᠤ᠂  ᠵᠢᠯᠤᠭᠤᠳᠤᠯᠭ᠎ᠠ ᠶᠢ ᠲᠠᠭᠠᠵᠤ ᠲᠡᠷᠭᠡ ᠬᠥᠰᠭᠡ ᠪᠠᠨ ᠠᠯᠭᠤᠷ ᠵᠢᠯᠤᠭᠤᠳᠬᠤ ᠭᠡᠷᠡᠭᠳᠡᠢ᠃        
     ◆50 ᠮᠧᠲᠷ ᠤᠨ ᠲᠤᠳᠤᠷ᠎ᠠ ᠯᠠ ᠥᠵᠡᠭᠳᠡᠴᠡ ᠲᠠᠢ ᠥᠶ᠎ᠡ ᠳᠤ᠂ ᠮᠠᠰᠢᠨ ᠲᠡᠷᠭᠡ ᠵᠢᠯᠤᠭᠤᠳᠬᠤ ᠬᠤᠷᠳᠤᠴᠠ   ᠪᠠᠨ ᠴᠠᠭ ᠪᠥᠷᠢ ᠳᠤ 30 ᠺᠢᠯᠤᠮᠧᠲᠷ ᠠᠴᠠ ᠤᠳᠠᠭᠠᠨ ᠪᠠᠶᠢᠯᠭᠠᠬᠤ ᠶᠢᠨ ᠬᠠᠮᠳᠤ᠂ ᠲᠡᠷᠭᠡ ᠬᠥᠰᠭᠡᠨ ᠤ  ᠬᠤᠭᠤᠷᠤᠨᠳᠤᠬᠢ ᠵᠠᠢ ᠪᠠᠨ ᠪᠠᠳᠤᠯᠠᠬᠤ ᠭᠡᠷᠡᠭᠳᠡᠢ᠃

ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ
Baidu
map